ᠤᠶᠠᠩᠭ᠎ᠠ ᠶᠢᠨ ᠲᠤᠯᠤᠭᠠᠨ ᠡᠭᠡᠰᠢᠭ
ᠨᠡᠶᠢᠲᠡᠯᠡᠭᠰᠡᠨ ᠴᠠᠭ᠄
2021/2/5
  ᠰ᠊᠂ ᠪᠦᠬᠡᠴᠢᠯᠠᠭᠤ ᠰᠦᠨᠢ ᠶᠢᠨ ᠨᠤᠶᠢᠷ ᠢ ᠦᠤᠷ ᠤᠭᠢᠶᠠᠬᠤ ᠳᠤ ᠭᠡᠷᠡᠯ ᠤᠨ ᠰᠦ ᠠᠮᠳᠠᠯᠠᠭᠳᠠᠨ᠎ᠠ ᠰᠡᠳᠭᠢᠯ ᠢ ᠭᠡᠶᠢᠬᠦᠯᠵᠦ ᠨᠠᠷᠠ ᠤᠷᠭᠤᠬᠤ ᠪᠠᠷ ᠡᠵᠢ ᠶᠢᠨ ᠬᠠᠶᠢᠷ᠎ᠠ ᠪᠤᠳᠤᠭᠳᠠᠨ᠎ᠠ ᠰᠠᠨᠰᠠᠷ ᠵᠦᠭ ᠰᠢᠪᠠᠭᠤᠳ ᠨᠢᠰᠦᠯᠴᠡᠬᠦ ᠳᠤ ᠦᠨᠳᠦᠰᠦ ᠤᠭᠰᠠᠭ᠎ᠠ ᠦᠭᠡᠶᠢᠯᠡᠭᠳᠡᠨ᠎ᠡ ᠰᠡᠪᠡᠯᠵᠡᠭᠰᠡᠨ ᠰᠠᠯᠭᠢᠨ ᠠᠭᠠᠷ ᠰᠦᠯᠡᠬᠦ ᠪᠠᠷ ᠴᠡᠴᠡᠭ ᠤᠨ ᠦᠨᠦᠷ ᠬᠠᠩᠬᠤᠯᠤᠨ᠎ᠠ ᠰᠠᠷᠠᠭᠤᠯ ᠲᠠᠯ᠎ᠠ ᠶᠢᠨ ᠡᠪᠡᠰᠦ ᠬᠠᠯᠭᠢᠯᠠᠬᠤ ᠳᠤ ᠲᠠᠯᠠᠢ ᠶᠢᠨ ᠲᠠᠪᠠᠯᠭᠠᠨ ᠰᠢᠷᠦᠬᠦᠰᠦᠨ᠎ᠡ ᠰᠡᠭᠦᠶᠢᠭᠰᠡᠨ ᠠᠭᠤᠯᠠᠰ ᠤᠨ ᠴᠤᠤᠷᠢᠶ᠎ᠠ ᠬᠦᠩᠭᠢᠨᠡᠬᠦ ᠪᠠᠷ ᠰᠡᠷᠡᠮᠵᠢ ᠶᠢᠨ ᠲᠤᠭᠢᠶ᠎ᠠ ᠲᠤᠭᠤᠯᠳᠠᠨ᠎ᠠ ᠰᠡᠮᠡᠷᠡᠬᠦ ᠡᠭᠦᠯᠡᠨ ᠤ ᠰᠡᠭᠦᠳᠡᠷ ᠢ ᠬᠠᠷᠠᠬᠤ ᠳᠤ ᠬᠦᠮᠦᠨ ᠤ ᠡᠷᠢᠶᠡᠨ ᠦᠵᠡᠭᠳᠡᠨ᠎ᠡ ᠱᠤᠤᠭᠢᠬᠤ ᠭᠤᠤᠯ ᠤᠨ ᠲᠦᠷᠢᠯᠭᠡ ᠶᠢ ᠴᠢᠩᠨᠠᠬᠤ ᠳᠤ ᠬᠦᠰᠡᠯ ᠢᠳᠡᠭᠡᠯ ᠤᠷᠭᠤᠨ᠎ᠠ ᠪᠡᠯᠴᠢᠭᠡᠷ ᠤᠨ ᠴᠢᠯᠠᠭᠤᠳ ᠠᠩᠭᠢᠯᠠᠵᠦ ᠲᠡᠯᠭᠡᠷᠡᠬᠦ ᠳᠤ ᠤᠶᠢᠯᠡᠰ ᠤᠨ ᠭᠡᠶᠢᠮᠤᠷᠢ ᠰᠡᠷᠭᠦᠨ᠎ᠡ ᠪᠤᠰᠤᠭ᠎ᠠ ᠲᠡᠭᠷᠢ ᠳᠤ ᠪᠦᠷᠬᠦᠳ ᠴᠤᠶᠢᠯᠠᠬᠤ ᠪᠠᠷ ᠪᠤᠳᠤᠯ ᠲᠠᠭᠠᠭᠠᠳ ᠨᠢᠰᠦᠨ᠎ᠡ ᠪᠤᠭᠤ ᠤᠷᠤᠮᠳᠠᠵᠦ ᠠᠭᠤᠯᠠᠰ ᠵᠢᠷᠭᠠᠬᠤ ᠳᠤ ᠤᠰᠤᠨ ᠤ ᠵᠢᠭᠠᠰᠤ ᠴᠤᠯᠭᠢᠨ᠎ᠠ ᠪᠠᠭᠠᠳᠤᠷ ᠲᠡᠭᠡᠳᠦᠰ ᠤᠨ ᠮᠦᠷ ᠢ ᠬᠠᠶᠢᠬᠤ ᠪᠠᠷ ᠠᠮᠢᠳᠤᠷᠠᠯ ᠤᠨ ᠵᠠᠮ ᠲᠤᠷᠠᠶᠢᠨ᠎ᠠ ᠨᠠᠷᠠᠨ ᠤ ᠲᠤᠤᠷ᠎ᠠ ᠵᠡᠭᠦᠳᠦ ᠪᠠᠨ ᠰᠤᠪᠢᠬᠤ ᠳᠤ ᠬᠦᠮᠦᠨ ᠴᠢᠯᠠᠭᠤ ᠬᠠᠷᠠᠭᠳᠠᠨ᠎ᠠ ᠨᠤᠮ ᠤᠨ ᠬᠠᠭᠤᠳᠠᠰᠤᠨ ᠠᠴᠠ ᠦᠪᠡᠷ ᠢ ᠪᠠᠨ ᠡᠷᠢᠬᠦ ᠪᠠᠷ ᠲᠡᠦᠭᠡ ᠶᠢᠨ ᠨᠢᠭᠤᠴᠠ ᠵᠠᠳᠠᠷᠠᠨ᠎ᠠ ᠨᠠᠢᠮᠠᠨ ᠵᠠᠭᠤᠨ ᠢ ᠡᠷᠭᠢᠴᠡᠭᠦᠯᠦᠨ ᠲᠤᠩᠭᠠᠬᠠᠤ ᠳᠤ ᠠᠳᠤᠭᠤᠳ ᠤᠨ ᠦᠤᠷᠰᠡᠭᠡ ᠬᠠᠩᠭᠢᠨᠠᠨ᠎ᠠ ᠨᠠᠪᠴᠢᠨ ᠤ ᠨᠢᠯᠪᠦᠰᠦ ᠭᠠᠵᠠᠷ ᠬᠦᠨᠳᠡᠭᠦ ᠳᠤ ᠵᠢᠷᠦᠭᠡᠨ ᠲᠤᠳᠤᠷ᠎ᠠ ᠪᠤᠷᠤᠭᠠᠯᠠᠨ᠎ᠠ ᠤᠷᠠᠨ ᠬᠠᠵᠢᠨ ᠨᠠᠭᠤᠷ ᠲᠠᠭᠠᠨ ᠡᠷᠭᠡᠯᠡᠬᠦ ᠠᠴᠠ ᠢᠨᠠᠭ ᠤᠨ ᠲᠠᠭᠤᠤ ᠰᠢᠷᠤᠩᠬᠠᠶᠢᠯᠠᠨ᠎ᠠᠡᠵᠢ ᠶᠢᠨ ᠴᠢᠨᠠᠭᠰᠠᠨ ᠰᠦ ᠲᠠᠢ ᠴᠠᠢ ᠠᠴᠠ ᠠᠮᠢᠳᠤᠷᠠᠯ ᠤᠨ ᠢᠨᠢᠶᠡᠳᠦ ᠪᠢᠯᠬᠠᠨ᠎ᠠᠡᠴᠢᠭᠡ ᠶᠢᠨ ᠶᠠᠷᠢᠭᠰᠠᠨ ᠰᠡᠳᠭᠢᠯ ᠤᠨ ᠦᠭᠡᠨ ᠠᠴᠠ ᠦᠨᠡᠨ ᠤ ᠭᠡᠭᠡ ᠰᠠᠴᠤᠷᠠᠨ᠎ᠠᠡᠴᠢᠨ᠎ᠡ ᠨᠢᠭᠤᠴᠠᠭᠠᠢ ᠡᠷᠳᠡᠨ ᠤ ᠵᠢᠷᠤᠭ ᠠᠴᠠ ᠴᠢᠩᠭᠢᠰ ᠪᠤᠳᠤᠯ ᠤᠷᠭᠤᠨ᠎ᠠᠬᠠᠷᠠᠩᠭᠤᠢ ᠶᠢ ᠦᠷᠭᠦᠳᠡᠯ᠎ᠡ ᠴᠢᠨ᠋ᠸ᠎ᠠ ᠤᠶᠢᠯᠠᠬᠤ ᠳᠤ ᠲᠡᠭᠷᠢ ᠴᠠᠭᠠᠨ᠎ᠠ ᠠᠴᠠ ᠪᠠᠨ ᠲᠤᠶᠠᠭᠠᠷᠠᠨ᠎ᠠᠬᠠᠭᠠᠨ ᠬᠦᠭᠵᠢᠮ ᠤᠭᠳᠠᠷᠭᠤᠢ ᠳᠤ ᠤᠶᠠᠩᠭᠠᠷᠠᠬᠤ ᠪᠠᠷ ᠨᠠᠶᠢᠷᠠᠭ ᠤᠨ ᠤᠩᠭᠤᠳ ᠪᠠᠭᠤᠨ᠎ᠠᠬᠠᠯᠢᠨ ᠨᠢᠰᠴᠦ ᠰᠤᠯᠢᠷ ᠤᠨᠠᠬᠤ ᠳᠤ ᠭᠡᠷᠡᠯ ᠨᠢ ᠲᠡᠭᠷᠢ ᠳᠡᠭᠡᠨ ᠰᠢᠩᠭᠡᠨ᠎ᠡᠬᠠᠪᠢᠷᠠᠭᠠᠨ ᠰᠠᠷᠠᠨ ᠲᠡᠷᠭᠡᠯᠰᠢᠬᠦ ᠶᠢ ᠬᠦᠯᠢᠶᠡᠬᠦ ᠪᠠᠷ ᠴᠠᠭ ᠤᠳᠠᠭᠠᠨ ᠰᠠᠨᠠᠭᠳᠠᠨ᠎ᠠᠬᠤᠯᠠ ᠶᠢᠨ ᠴᠢᠮ᠎ᠠ ᠪᠠᠨ ᠡᠩᠰᠡᠷᠡᠳᠡᠯ᠎ᠡ ᠰᠠᠨᠠᠬᠤ ᠳᠤ ᠰᠦᠨᠢ ᠨᠤᠶᠢᠷ ᠦᠭᠡᠢ ᠬᠤᠪᠢ ᠵᠠᠶᠠᠭ᠎ᠠ ᠶᠢ ᠵᠡᠭᠦᠳᠦ ᠬᠦᠷᠳᠡᠯ᠎ᠡ ᠭᠡᠵᠢᠶᠡᠳᠡ ᠢᠳᠡᠭᠡᠬᠦ ᠦᠭᠡᠢᠭᠢᠯᠢ ᠦᠭᠡᠢ ᠰᠢᠪᠠᠭᠤᠳ ᠮᠢᠨᠦ ᠡᠷᠭᠡ ᠴᠢᠯᠦᠭᠡ ᠪᠠᠶᠢᠨᠠᠮᠭᠢᠵᠠᠭᠠᠷ ᠦᠭᠡᠢ ᠤᠷᠤᠨ ᠵᠠᠢ ᠮᠢᠨᠦ ᠤᠷᠤᠰᠢᠬᠤᠢ ᠪᠠᠶᠢᠨᠠᠮᠮᠢᠨᠦ ᠬᠠᠷᠠᠭᠠᠨ ᠳᠤ ᠮᠦᠬᠦᠯᠢᠭ ᠰᠢᠷᠤᠢ ᠮᠤᠨᠢ ᠠᠭᠤᠯᠠ ᠰᠢᠭ᠋ ᠦᠵᠡᠭᠳᠡᠨ᠎ᠡᠮᠦᠯᠬᠦᠵᠦ ᠦᠰᠦᠭᠰᠡᠨ ᠨᠤᠳᠤᠭ ᠮᠢᠨᠢ ᠠᠮᠢ ᠨᠠᠰᠤ ᠰᠢᠭ᠋ ᠬᠠᠶᠢᠷᠠᠯᠠᠭᠳᠠᠨ᠎ᠠᠮᠢᠨᠦ ᠰᠡᠳᠭᠢᠯ ᠳᠤ ᠤᠩᠭᠤᠨ ᠰᠦᠭ ᠲᠠᠢ ᠡᠪᠡᠰᠦ ᠨᠢ ᠡᠷᠳᠡᠨᠢ ᠪᠠᠶᠢᠨᠠᠮᠮᠦᠭᠡᠷᠡᠵᠦ ᠲᠤᠭᠯᠠᠬᠤ ᠲᠤᠭᠤᠯ ᠨᠢ ᠦᠨᠢᠳᠡ ᠶᠢᠨ ᠪᠠᠶᠠᠷ ᠪᠠᠶᠠᠰᠤᠯ ᠪᠠᠶᠢᠨᠠᠮᠲᠡᠭᠷᠢ ᠶᠢᠨ ᠪᠤᠳᠤᠭ ᠴᠢᠯᠠᠭᠤᠨ ᠳᠤ ᠨᠢ ᠰᠢᠩᠭᠡᠭᠰᠡᠨ ᠠᠭᠤᠯᠠᠰ ᠮᠢᠨᠢ ᠮᠦᠩᠭᠡᠷᠡᠨ᠎ᠡᠲᠤᠤᠯᠢ ᠶᠢᠨ ᠬᠠᠶᠢᠯᠠᠭᠠᠨ ᠲᠠᠢ ᠭᠡᠭᠡᠷ᠎ᠡ ᠶᠢᠨ ᠵᠢᠪᠠᠷ ᠠᠴᠠ ᠲᠠᠭᠠᠨ᠎ᠠ ᠶᠢᠨ ᠦᠨᠦᠷ ᠰᠡᠩᠭᠢᠨᠡᠨ᠎ᠡᠲᠡᠷᠡ ᠬᠤᠯᠠ ᠶᠢᠨ ᠲᠠᠩᠭᠢᠰ ᠤᠨ ᠲᠠᠪᠠᠯᠭᠠᠨ ᠪᠤᠳᠤᠯ ᠢ ᠲᠠᠭᠠᠵᠦ ᠤᠶᠢᠯᠰᠤᠨ᠎ᠠᠲᠡᠮᠦᠵᠢᠨ ᠴᠢᠩᠭᠢᠰ ᠤᠨ ᠮᠡᠷᠭᠡᠨ ᠰᠤᠷᠭᠠᠯ ᠭᠡᠦᠭᠡᠳ ᠤᠨ ᠤᠶᠤᠨ ᠢ ᠭᠡᠶᠢᠬᠦᠯᠦᠨ᠎ᠡ ᠰᠦᠨᠢ ᠶᠢᠨ ᠨᠤᠶᠢᠷ ᠢ ᠦᠤᠷ ᠤᠭᠢᠶᠠᠬᠤ ᠳᠤ ᠭᠡᠷᠡᠯ ᠤᠨ ᠰᠦ ᠠᠮᠳᠠᠯᠠᠭᠳᠠᠨ᠎ᠠ ᠰᠡᠳᠭᠢᠯ ᠢ ᠭᠡᠶᠢᠬᠦᠯᠵᠦ ᠨᠠᠷᠠ ᠤᠷᠭᠤᠬᠤ ᠪᠠᠷ ᠡᠵᠢ ᠶᠢᠨ ᠬᠠᠶᠢᠷ᠎ᠠ ᠪᠤᠳᠤᠭᠳᠠᠨ᠎ᠠ ᠰᠠᠨᠰᠠᠷ ᠵᠦᠭ ᠰᠢᠪᠠᠭᠤᠳ ᠨᠢᠰᠦᠯᠴᠡᠬᠦ ᠳᠤ ᠦᠨᠳᠦᠰᠦ ᠤᠭᠰᠠᠭ᠎ᠠ ᠦᠭᠡᠶᠢᠯᠡᠭᠳᠡᠨ᠎ᠡ ᠰᠡᠪᠡᠯᠵᠡᠭᠰᠡᠨ ᠰᠠᠯᠭᠢᠨ ᠠᠭᠠᠷ ᠰᠦᠯᠡᠬᠦ ᠪᠠᠷ ᠴᠡᠴᠡᠭ ᠤᠨ ᠦᠨᠦᠷ ᠬᠠᠩᠬᠤᠯᠤᠨ᠎ᠠ *    ᠬᠠᠶ᠋ᠢᠭ᠄ ᠲᠤᠩᠯᠢᠶᠤᠤ ᠬᠤᠳᠠ ᠶᠢᠨ ᠬᠤᠷᠴᠢᠨ ᠵᠡᠭᠦᠨ ᠭᠠᠷᠤᠨ ᠬᠤᠶᠢᠳᠦ ᠬᠤᠰᠢᠭᠤᠨ ᠤ ᠭᠠᠨᠵᠤᠭ᠎ᠠ ᠨᠢᠭᠡᠳᠦᠭᠡᠷ ᠲᠤᠮᠳᠠᠳᠤ ᠰᠤᠷᠭᠠᠭᠤᠯᠢ ᠶᠢᠨ ᠠᠩᠭ᠍ᠯᠢ ᠭᠡᠯᠡᠨ ᠤ ᠲᠠᠰᠤᠭ       ᠤᠳᠠᠰᠤ᠄ 15248335742        ᠬᠠᠷᠢᠯᠴᠠᠬᠤ ᠬᠦᠮᠦᠨ᠄王学敏通辽市科左后旗甘旗 卡一中英语组 邮编:028100      
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备07002090号