︵ᠭᠠᠳᠠᠨ᠎ᠠ ᠬᠤᠶᠠᠷ︶ | ᠡᠵᠢ ᠶᠢᠨ ᠬᠡᠳᠡᠰᠤᠨ ᠠᠴᠠ ᠤᠨᠠᠬᠤ ᠳᠤ | ᠡᠯᠢᠬᠡ ᠪᠠᠷ ᠢᠶᠠᠨ ᠨᠠᠮ᠎ᠠ ᠶᠢ ᠳᠤᠰᠤᠭᠰᠠᠨ | ᠡᠬᠡᠷ ᠳᠠᠳᠠᠨ ᠤᠬᠢᠯᠠᠬᠤ ᠳᠤ | ᠡᠩᠬᠡᠷ ᠢ ᠮᠢᠨᠢ ᠠᠷᠴᠢᠵᠤ ᠦᠭᠬᠦᠭᠰᠡᠨ | | | ᠤᠨᠠᠨ ᠪᠤᠰᠤᠨ ᠠᠯᠬᠤᠯᠠᠬᠤ ᠳᠤ | ᠤᠷᠤᠭᠤᠯ ᠢ ᠮᠢᠨᠢ ᠦᠨᠦᠰᠴᠤ ᠪᠠᠶᠢᠭᠰᠠᠨ | ᠡᠳᠤᠷ ᠠᠴᠠ ᠡᠳᠤᠷ ᠦᠰᠬᠦ ᠳᠤ | ᠦᠰᠦᠬᠡᠢ ᠶᠢ ᠮᠢᠨᠢ ᠡᠷᠬᠦᠵᠤ ᠪᠠᠶᠢᠭᠰᠠᠨ | | | ᠡᠷᠳᠡᠮ ᠤᠨ ᠰᠢᠳᠡᠢ ᠶᠢ ᠡᠪᠤᠷᠯᠡᠬᠦ ᠳᠤ | ᠡᠷᠬᠢᠮ ᠨᠠᠨᠳᠢᠨ ᠵᠠᠬᠢᠶ᠎ᠠ ᠪᠠᠶᠢᠭᠰᠠᠨ | ᠡᠷ᠎ᠡ ᠶᠢᠨ ᠮᠤᠩ ᠲᠠᠢ ᠶᠠᠪᠤᠬᠤ ᠳᠤ | ᠡᠨᠡᠷᠢᠯ ᠤᠨ ᠬᠠᠯᠠᠭᠤᠨ ᠬᠠᠶᠢᠷ᠎ᠠ ᠪᠠᠶᠢᠭᠰᠠᠨ | | | ᠡᠷᠢᠯ ᠰᠤᠷᠠᠭ ᠤᠨ ᠮᠦᠷ ᠬᠦᠬᠡᠬᠡᠬᠦ ᠳᠤ | ᠢᠳᠡᠬᠡᠯ ᠤᠨ ᠮᠦᠩᠬᠦᠨ ᠳᠠᠶᠠᠭ ᠪᠠᠶᠢᠭᠰᠠᠨ | ᠦᠢᠯᠡᠰ ᠤᠨ ᠰᠠᠶᠢᠬᠠᠨ ᠢ ᠳᠤᠰᠬᠤ ᠳᠤ | ᠢᠷᠦᠬᠡᠯ ᠤᠨ ᠴᠠᠭᠠᠨ ᠬᠠᠳᠠᠭ ᠪᠠᠶᠢᠭᠰᠠᠨ | | | ᠠᠳᠬᠤᠵᠤ ᠦᠵᠡᠪᠡᠯ ᠠᠯᠳᠠ ᠬᠠᠷᠠᠭᠳᠠᠨ᠎ᠠ | ᠠᠮᠳᠠᠯᠠᠵᠤ ᠰᠢᠮᠡᠪᠡᠯ ᠰᠦ ᠤᠨᠳᠤᠷᠤᠨ᠎ᠠ | ᠠᠮᠢᠨᠴᠢᠷᠬᠠᠨ ᠬᠠᠶᠢᠷᠠᠯᠠᠪᠠᠯ ᠠᠮᠠᠷᠠᠭ ᠰᠠᠨᠠᠭᠳᠠᠨ᠎ᠠ | ᠠᠯᠢ ᠨᠢ ᠴᠤ ᠪᠦᠷ ᠨᠤᠳᠤᠭ ᠤᠨ ᠮᠢᠨᠢ ᠰᠢᠷᠤᠢ | | | ᠤᠨᠠᠭᠠᠨ ᠳᠤᠷᠠᠰᠤᠯ | | | ᠠᠳᠤᠭᠤ ᠦᠤᠷᠰᠡᠭᠰᠡᠨ ᠳᠠᠯ᠎ᠠ ᠳᠤ ᠪᠠᠨ | ᠠᠬᠢ ᠰᠢᠤᠬᠠᠨ ᠨᠢᠳᠦᠯᠡᠭᠰᠡᠨ ᠶᠤᠮ | ᠠᠷᠴᠠ ᠶᠠᠰᠢᠯ ᠲᠠᠢ ᠮᠦᠴᠡᠬᠡᠷᠬᠡᠨ | ᠠᠮᠢᠨ ᠰᠠᠬᠢᠶ᠎ᠠ ᠲᠠᠢ ᠵᠠᠶᠠᠭᠠᠭᠳᠠᠭᠰᠠᠨ ᠶᠤᠮ | | | ᠢᠨᠵᠠᠭ᠎ᠠ ᠳᠡᠪᠡᠷᠢᠭᠰᠡᠨ ᠬᠦᠳᠡᠭᠡ ᠳᠤ ᠪᠠᠨ | ᠢᠰᠢᠬᠡ ᠰᠢᠤᠬᠠᠨ ᠦᠰᠦᠭᠰᠡᠨ ᠶᠤᠮ | ᠬᠤᠷᠠᠭ᠎ᠠ ᠳᠤᠭᠤᠯ ᠲᠠᠢ ᠪᠠᠨ ᠬᠠᠨᠢᠰᠤᠭᠠᠳ | ᠬᠤᠷᠭᠤᠯ ᠠᠷᠭᠠᠯ ᠢᠶᠠᠷ ᠨᠠᠭᠠᠳᠤᠭᠰᠠᠨ ᠶᠤᠮ | | | ᠪᠤᠭᠤ ᠤᠷᠤᠩᠨᠠᠭᠰᠠᠨ ᠨᠤᠳᠤᠭ ᠲᠤ ᠪᠠᠨ | ᠪᠤᠳᠤᠭᠤ ᠰᠢᠤᠬᠠᠨ ᠡᠷᠬᠡᠯᠡᠭᠰᠡᠨ ᠶᠤᠮ | ᠪᠤᠳᠠ ᠰᠦᠬᠡᠭ ᠤᠨ ᠳᠤᠮᠳᠠᠭᠤᠷ | ᠪᠤᠷᠭᠠᠰᠤᠨ ᠳᠠᠭ᠎ᠠ ᠬᠦᠯᠦᠭᠯᠡᠭᠰᠡᠨ ᠶᠤᠮ | | | ᠬᠠᠷᠭᠠᠨ᠎ᠠ ᠴᠡᠴᠡᠭᠯᠡᠭᠰᠡᠨ ᠰᠢᠯᠢ ᠳᠤ ᠪᠠᠨ | ᠬᠠᠰᠠᠭ ᠰᠢᠤᠬᠠᠨ ᠬᠢᠬᠤᠨᠠᠭᠰᠠᠨ ᠶᠤᠮ | ᠬᠠᠯᠠ ᠵᠤᠪᠠᠯᠠᠩ ᠢ ᠠᠮᠳᠠᠯᠠᠭᠠᠳ | ᠬᠠᠳᠠᠨ ᠰᠢᠷᠪᠦᠰᠦ ᠪᠠᠨ ᠵᠠᠩᠬᠢᠷᠠᠭᠤᠯᠤᠭᠰᠠᠨ ᠶᠤᠮ | | | ᠬᠤᠯᠤᠰᠤ ᠨᠠᠶᠢᠭᠤᠭᠰᠠᠨ ᠨᠠᠭᠤᠷ ᠲᠤ ᠪᠠᠨ | ᠬᠤᠨᠴᠢᠨ ᠰᠢᠤᠬᠠᠨ ᠳᠡᠷᠪᠡᠭᠰᠡᠨ ᠶᠤᠮ | ᠬᠤᠯᠠ ᠶᠢᠨ ᠬᠦᠰᠡᠯ ᠢᠶᠠᠨ ᠵᠢᠬᠦᠷᠯᠡᠬᠡᠳ | ᠬᠤᠷᠢᠨ ᠨᠠᠰᠤ ᠪᠠᠨ ᠬᠦᠯᠢᠶᠡᠭᠰᠡᠨ ᠶᠤᠮ | | | ᠡᠷᠢᠶᠡᠨ ᠬᠤᠷᠸ᠎ᠠ ᠳᠤ | | | ᠳᠤᠷᠠᠯᠠᠯ ᠤᠨ ᠭᠠᠯ ᠢ ᠤᠨᠳᠠᠷᠠᠭᠠᠳᠠᠭ | ᠬᠦᠢᠳᠡᠨ ᠤᠰᠤ ᠪᠠᠶᠢᠳᠠᠭ ᠤᠤ | ᠳᠤᠭᠳᠤᠯᠤᠭᠰᠠᠨ ᠰᠡᠳᠬᠢᠯ ᠢ ᠪᠠᠵᠠᠳᠠᠭ | ᠬᠠᠷ᠎ᠠ ᠰᠠᠪᠠᠷ ᠪᠠᠶᠢᠳᠠᠭ ᠤᠤ | | | ᠡᠮᠵᠡᠭᠬᠡᠨ ᠰᠢᠷᠬ᠎ᠠ ᠶᠢ ᠠᠨᠠᠭᠠᠳᠠᠭ | ᠰᠡᠳᠬᠢᠯ ᠤᠨ ᠰᠠᠷ᠎ᠠ ᠭᠠᠷᠪᠠ ᠤᠤ | ᠡᠮᠳᠡᠷᠬᠡᠢ ᠪᠤᠳᠤᠯ ᠢ ᠭᠠᠩᠨᠠᠳᠠᠭ | ᠰᠠᠨᠠᠭᠠᠨ ᠤ ᠨᠠᠷᠠ ᠮᠠᠨᠳᠤᠪᠠ ᠤᠤ | | | ᠡᠳᠤᠷ ᠰᠦᠨᠢ ᠶᠢᠨ ᠵᠠᠢ ᠳᠤ | ᠰᠠᠷ᠎ᠠ ᠨᠠᠷᠠ ᠪᠠᠨ ᠬᠦᠯᠢᠶᠡᠨ᠎ᠡ | ᠡᠪᠤᠷ ᠬᠤᠭᠤᠰᠤᠨ ᠬᠦᠨᠳᠡᠢ ᠳᠤ | ᠰᠠᠨᠴᠢᠭ ᠴᠠᠶᠢᠳᠠᠯ᠎ᠠ ᠵᠡᠬᠦᠳᠦᠯᠡᠨᠡ | | | ᠳᠤᠭᠴᠢ ᠯᠤᠪᠰᠠᠩ ︵鲁布森︶᠂ ᠬᠠᠷᠢᠯᠴᠠᠬᠤ ᠤᠳᠠᠰᠤ᠄ 136 1487 6979᠂ | ᠬᠠᠶ᠋ᠢᠭ᠄ ᠦᠪᠦᠷ ᠮᠤᠩᠭᠤᠯ ᠤᠨ ᠤᠷᠳᠤᠰ ᠬᠤᠳᠠ ᠶᠢᠨ ᠦᠤᠰᠢᠨ ᠬᠤᠰᠢᠭᠤᠨ ᠤ ᠮᠤᠩᠭᠤᠯ ᠳᠤᠷᠰᠢᠯᠳᠠ | ᠶᠢᠨ ᠪᠠᠭ᠎ᠠ ᠰᠤᠷᠭᠠᠭᠤᠯᠢ ︵内蒙古鄂尔多斯市乌审旗蒙古族实验小 | 学︶ | | | |