ᠪᠡᠷᠢ ᠪᠢᠰᠢ ︽ᠪᠠᠷᠰ︾
ᠨᠡᠶᠢᠲᠡᠯᠡᠭᠰᠡᠨ ᠴᠠᠭ᠄
2021/2/5
 ᠪᠠᠳᠤᠴᠠᠭᠠᠨ            ᠦᠷ ᠤᠨ ᠭᠡᠭᠡ ᠲᠠᠢ ᠤᠷᠤᠯᠳᠤᠨ ᠪᠤᠰᠤᠭᠰᠠᠨ ᠵᠢᠨᠰᠡᠷᠮ᠎ᠠ ᠡᠵᠢ ᠭᠡᠷ ᠭᠠᠳᠠᠨᠠᠬᠢ ᠠᠵᠢᠯ ᠭᠡᠵᠤ ᠮᠤᠩᠭᠠᠨᠢᠭᠰᠠᠭᠠᠷ ᠪᠠᠶᠢᠵᠤ᠂ ᠶᠠᠭᠤ ᠴᠤ ᠭᠡᠰᠡᠨ ᠡᠷᠳᠡ ᠶᠢᠨ ᠬᠤᠭᠤᠯᠠ ᠭᠡᠳᠡᠭ ᠢ ᠰᠢᠷᠡᠭᠡ ᠳᠦᠭᠦᠷᠡᠩ ᠦᠷᠤᠭᠡᠳ ᠰᠠᠪᠬ᠎ᠠ ᠪᠠᠨ ᠠᠳᠬᠤᠭᠰᠠᠭᠠᠷ ᠠᠮᠠᠨ ᠳᠤ ᠨᠢ ᠤᠷᠤᠮᠠᠷ ᠪᠡᠯᠡᠭᠡᠨ ᠪᠤᠯᠭᠠᠯ᠎ᠠ᠃ ᠭᠡᠪᠡᠴᠤ ᠬᠠᠭᠠᠯᠭ᠎ᠠ ᠡᠭᠦᠳᠡ ᠪᠠᠨ ᠪᠠᠬᠢᠯᠡᠨ ᠳᠠᠷᠤᠵᠤ᠂ ᠬᠠᠮᠠᠷ ᠳᠠᠳᠠᠨ ᠮᠠᠩᠰᠢᠭᠤᠷᠠᠵᠤ ᠪᠠᠶᠢᠭ᠎ᠠ ᠬᠦᠤ᠂ ᠬᠦᠤ ᠪᠡᠷᠢ ᠨᠢ ᠪᠤᠰᠴᠤ ᠢᠷᠡᠬᠦ ᠦᠭᠡᠢ ᠨᠢ ᠡᠪᠤᠭᠡᠨ ᠬᠦᠭᠰᠢᠨ ᠬᠤᠶᠠᠭᠤᠯᠠ ᠢ ᠳᠡᠰᠭᠢ ᠠᠯᠳᠠᠷᠠᠭᠤᠯᠤᠨ᠎ᠠ᠃ ᠬᠠᠰᠢᠶ᠎ᠠ ᠬᠦᠷᠢᠶ᠎ᠠ ᠪᠠᠨ ᠴᠡᠪᠡᠷᠯᠡᠨ ᠬᠠᠷᠠᠳᠡᠢ ᠶᠠᠳᠠᠷᠠᠭᠰᠠᠨ ᠡᠪᠤᠭᠡᠨ ᠬᠠᠯᠠᠭᠤᠨ ᠬᠤᠭᠤᠯᠠ ᠢᠳᠡᠪᠡᠯ ᠶᠠᠳᠠᠷᠠᠭ᠎ᠠ ᠪᠠᠨ ᠳᠠᠶᠢᠯᠬᠤ ᠪᠠᠶᠢᠯᠭᠦᠢ ᠭᠡᠵᠤ ᠬᠦᠯᠢᠶᠡᠵᠤ ᠳᠡᠰᠬᠦ ᠦᠭᠡᠢ ᠪᠤᠯᠵᠤ ᠰᠠᠪᠬ᠎ᠠ ᠠᠳᠬᠤᠵᠤ ᠫᠢᠯᠠ ᠲᠠᠢ ᠨᠤᠭᠤᠭ᠎ᠠ ᠶᠢ ᠰᠠᠪᠬᠠᠯᠠᠬᠤ ᠭᠡᠬᠦ ᠳᠤ ᠬᠦᠭᠰᠢᠨ ᠨᠢ ᠭᠦᠩᠭᠡᠨ ᠳᠠᠭᠤ  ᠪᠠᠷ᠄ ︽ᠬᠦᠶ᠋ᠢ᠂ ᠡᠪᠤᠭᠡᠨ ᠡ︕ ᠬᠦᠯᠢᠶᠠᠵᠤ ᠪᠠᠢ︾ ᠭᠡᠪᠡ᠃ ᠠᠮᠠᠨ ᠳᠠᠭᠠᠨ ᠬᠢᠬᠦ ᠪᠠᠷ ᠪᠤᠯᠤᠭᠰᠠᠨ ᠠᠭᠰᠢᠷᠠᠭ᠎ᠠ ᠡᠪᠤᠭᠡᠨ ᠰᠠᠪᠬ᠎ᠠ ᠪᠠᠨ ᠳᠠᠯᠪᠢᠨ ᠪᠤᠳᠤᠯ ᠪᠤᠯᠤᠨ ᠰᠠᠭᠤᠯ᠎ᠠ᠃          ᠬᠤᠷᠢᠨ ᠨᠠᠰᠤ ᠶᠢ ᠬᠦᠷᠬᠦ ᠭᠡᠳᠡᠯ᠎ᠡ ᠬᠦᠤ᠂ ᠬᠡᠤᠬᠡᠨ ᠤ ᠪᠠᠨ ᠪᠡᠶ᠎ᠡ ᠶᠢ ᠪᠦᠳᠤᠭᠡᠬᠦ ᠭᠡᠵᠤ ᠶᠠᠭᠠᠷᠠᠳᠠᠭ ᠨᠢ ᠬᠦᠳᠡᠭᠡ ᠶᠢᠨ ᠬᠦᠮᠤᠰ ᠤᠨ ᠨᠡᠶᠢᠳᠡ ᠶᠢᠨ ᠵᠠᠩ ᠪᠤᠶᠤ︕ ᠬᠤᠷᠢᠨ ᠨᠠᠰᠤ ᠬᠦᠷᠥᠭᠰᠡᠨ ᠬᠦᠤ ᠳᠡᠭᠡᠨ ᠪᠡᠷᠢ ᠭᠤᠶᠤᠵᠤ ᠪᠡᠶ᠎ᠡ ᠶᠢ ᠨᠢ ᠪᠦᠳᠤᠭᠡᠬᠦ ᠭᠡᠵᠤ ᠡᠪᠤᠭᠡᠨ ᠬᠦᠭᠰᠢᠨ ᠬᠤᠶᠠᠷ ᠦᠨᠡᠭᠡᠷ ᠦᠰᠤ ᠪᠠᠨ ᠳᠡᠭᠦᠵᠤ ᠤᠶᠢᠯᠡ ᠪᠠᠨ ᠪᠠᠷᠠᠵᠠᠢ᠃ ᠬᠤᠳᠠ ᠤᠰᠤ ᠶᠢᠨ ᠬᠦᠮᠤᠨ ᠤ ᠳᠡᠮᠵᠢᠯᠭᠡ᠂ ᠰᠠᠳᠤᠨ ᠳᠦᠷᠤᠯ ᠤᠨ ᠬᠠᠪᠰᠤᠷᠤᠯᠭ᠎ᠠ ᠪᠠᠷ ᠠᠷᠤ ᠶᠢᠨ ᠠᠶᠢᠯ ᠤᠨ ᠠᠰᠢᠮ᠎ᠠ ᠶᠢᠨ ᠬᠡᠤᠬᠡᠨ ᠢ ᠠᠷᠪᠠᠨ ᠳᠠᠪᠤᠨ ᠳᠦᠮᠡᠨ ᠳᠦᠭᠦᠷᠢᠭ ᠤᠨ ᠪᠡᠯᠡᠭ ᠳᠠᠯᠪᠢᠵᠤ ᠪᠠᠶᠢᠭᠠᠳ ᠤᠷᠤᠭ ᠳᠤᠭᠳᠠᠵᠤ᠂ ᠢᠮᠠᠭᠠᠨ ᠮᠢᠬ᠎ᠠ ᠬᠠᠯᠠᠭᠤᠨ ᠳᠠᠭᠠᠨ ᠳᠡᠭᠡᠷ᠎ᠡ ᠭᠡᠵᠤ ᠪᠠᠷᠢᠨ ᠳᠤᠤᠷ᠎ᠠ ᠨᠢ ᠬᠤᠷᠢᠮ ᠬᠢᠵᠤ ᠬᠦᠷ ᠨᠠᠷᠭᠢᠶᠠᠨ ᠪᠤᠯᠤᠭᠰᠠᠨ ᠨᠢ ᠳᠡᠷᠡ ᠡᠳᠤᠷ ᠤᠨ ᠤᠴᠢᠷ ᠪᠢᠯᠡ᠃ ︽ᠡᠯᠵᠢᠭᠡ ᠠᠪᠬᠤ ᠬᠦᠮᠤᠨ ᠳᠤᠭᠤᠷᠠᠢ ᠶᠢ ᠨᠢ ᠦᠵᠡ᠂ ᠦᠬᠢᠨ ᠠᠪᠬᠤ ᠬᠦᠮᠤᠨ ᠡᠶ᠋ᠢ ᠶᠢ ᠨᠢ ᠦᠵᠡ︾ ᠭᠡᠵᠤ ᠠᠶᠢᠯ ᠰᠠᠭᠠᠬᠠᠯᠳᠠ ᠶᠢᠨ ᠰᠠᠨᠠᠭᠤᠯᠤᠭᠰᠠᠨ ᠳᠤ᠂ ᠬᠡᠤᠬᠡᠨ ᠬᠦᠮᠤᠨ ᠭᠡᠰᠡᠨ ᠴᠢᠨᠢ ︽ᠮᠤᠳᠤ ᠲᠠᠢ ᠬᠤᠯᠪᠤᠪᠠᠯ ᠵᠤᠭᠰᠤᠵᠤ ᠮᠤᠷᠢ ᠲᠠᠢ ᠬᠤᠯᠪᠤᠪᠠᠯ ᠱᠤᠭᠰᠢᠨ᠎ᠠ᠂ ᠶᠠᠭᠠᠬᠢᠵᠤ ᠠᠪᠴᠤ ᠶᠠᠪᠤᠬᠤ ᠨᠢ ᠪᠢᠳᠡᠨ ᠤ ᠳᠤᠳᠤᠷ᠎ᠠ ᠪᠠᠶᠢᠬᠤ ᠶᠤᠮ︾ ᠭᠡᠵᠤ ᠡᠷᠡᠬᠡᠢ ᠬᠤᠷᠤᠭᠤ ᠬᠠᠮᠠᠷ ᠳᠠᠭᠠᠨ ᠰᠢᠭᠠᠵᠤ ᠪᠠᠶᠢᠭᠰᠠᠨ ᠪᠢᠯᠡ᠃ ︽ᠵᠢᠳᠠ ᠦᠭᠡᠢ ᠯᠠᠶᠢᠴᠢᠩ︾ ᠵᠢᠪᠡᠬᠦᠨ ᠠᠰᠢᠮ᠎ᠠ ᠶᠢᠨ ᠬᠡᠤᠬᠡᠨ ᠪᠤᠯᠪᠠᠴᠤ ᠬᠠᠳᠠᠮ ᠤᠨ ᠭᠠᠵᠠᠷ  ᠤᠨ ᠬᠠᠳᠠᠭᠤ ᠶᠤᠰᠤ ᠶᠢ ᠳᠠᠭᠠᠬᠤ ᠯᠠ ᠪᠠᠶᠢᠯᠭᠦᠢ ᠭᠡᠵᠤ ᠢᠨᠢᠶᠡᠳᠤᠮ ᠱᠤᠭ ᠪᠤᠯᠭᠠᠨ ᠶᠠᠷᠢᠵᠤ ᠪᠠᠶᠢᠭᠰᠠᠨ ᠨᠢ ᠦᠨᠡᠨᠳᠡᠢ᠃ ᠶᠠᠭᠤ ᠴᠤ ᠭᠡᠰᠡᠨ ᠬᠦᠤ ᠶᠢᠨ ᠢᠶᠠᠨ ᠪᠡᠶ᠎ᠡ ᠶᠢ ᠪᠦᠳᠤᠭᠡᠭᠰᠡᠨ ᠬᠤᠶᠠᠷ ᠬᠦᠭᠰᠢᠨ ᠬᠦᠯ ᠭᠠᠵᠠᠷ ᠬᠦᠷᠬᠦ ᠦᠭᠡᠢ ᠪᠤᠯᠵᠤ ︽ᠶᠠᠪᠤᠭᠰᠠᠭᠠᠷ ᠪᠠᠶᠢᠪᠠᠯ ᠨᠠᠶᠢᠨᠠᠢ ᠰᠠᠭᠤᠬᠤ ᠴᠢᠨᠢ ᠠᠳᠡ︾ ᠭᠡᠵᠤ ᠪᠠᠶᠠᠷᠯᠠᠵᠤ ᠪᠠᠶᠢᠯ᠎ᠠ᠃        ᠰᠢᠨᠡᠬᠡᠨ ᠪᠠᠭᠤᠯᠭᠠᠭᠰᠠᠨ ᠪᠡᠷᠢ ᠨᠢ ᠰᠢᠨ᠎ᠡ ᠶᠢᠨ ᠭᠤᠷᠪᠠᠨ ᠡᠳᠤᠷ ᠢᠶᠠᠨ ᠡᠶᠡᠯᠳᠡᠭ ᠵᠦᠭᠡᠯᠡᠨ ᠨᠢ ᠶᠠᠭᠠᠬᠢᠨ᠎ᠠ᠂ ︽ᠠᠪᠤ ᠡ︕︾ ᠭᠡᠳᠡᠯ᠎ᠡ ︽ᠮᠦᠮᠤ ᠡ︕︾ ᠭᠡᠳ ᠠᠶ᠎ᠠ ᠶᠢ ᠨᠢ ᠳᠠᠭᠠᠷᠠᠭᠤᠯᠬᠤ ᠨᠢ ᠭᠠᠶᠢᠬᠠᠯᠳᠠᠢ᠃ ᠰᠠᠨᠠᠭᠰᠠᠨ  ᠳᠠᠭᠠᠨ ᠬᠦᠷᠥᠭᠰᠡᠨ ᠡᠪᠤᠭᠡᠨ ᠬᠦᠭᠰᠢᠨ ᠬᠤᠶᠠᠷ ︽ᠠᠢ︕ ᠵᠢᠷᠭᠠᠯ ᠭᠡᠳᠡᠭ ᠴᠢᠨᠢ ᠡᠶᠢᠮᠤ ᠯᠠ ᠰᠢ ᠳ᠋ᠧ︾ ᠭᠡᠵᠤ ᠪᠠᠶᠠᠷᠯᠠᠵᠤ ᠪᠠᠶᠢᠭᠰᠠᠨ ᠢ ᠦᠭᠦᠯᠡᠬᠦ ᠦᠭᠡᠢ᠃ ︽ᠭᠠᠢ ᠭᠠᠵᠠᠷ ᠳᠤᠤᠷ᠎ᠠ ᠠᠴᠠ ᠭᠠᠭ᠋ᠠᠢ ᠮᠤᠳᠤᠨ ᠳᠤᠤᠷ᠎ᠠ ᠠᠴᠠ︾ ᠭᠡᠳᠡᠭ ᠢᠶᠠᠷ ᠭᠠᠯᠵᠠᠭᠤ ᠬᠡᠷᠡᠭᠦᠯ ᠬᠠᠷᠢᠨ ᠨᠢᠭᠡᠨ ᠡᠷᠳᠡ ᠶᠢᠨ ᠰᠢᠷᠡᠭᠡᠨ ᠳᠡᠭᠡᠷ᠎ᠡ ᠠᠴᠠ ᠪᠤᠯᠤᠯ᠎ᠠ᠃ ᠰᠢᠨ᠎ᠡ ᠪᠡᠷᠢ ᠬᠤᠷᠢᠮᠯᠠᠭᠰᠠᠨ ᠭᠤᠷᠪᠠᠨ ᠡᠳᠤᠷ ᠢᠶᠠᠨ ᠬᠤᠭᠤᠯᠠ ᠪᠤᠳᠠᠭ᠎ᠠ ᠬᠦᠷᠭᠡᠬᠦᠯᠬᠦ ᠨᠢ ᠶᠤᠰᠤ ᠪᠠᠶᠢᠭᠰᠠᠨ ᠤᠴᠢᠷ ᠠᠴᠠ ᠭᠤᠷᠪᠠᠨ ᠡᠳᠤᠷ ᠬᠤᠭᠤᠯᠠ ᠬᠦᠷᠭᠡᠵᠤ ᠦᠭᠭᠦᠭᠰᠡᠨ ᠬᠠᠳᠠᠮ ᠡᠵᠢ ᠨᠢ ᠳᠦᠷᠪᠡᠳᠤᠭᠡᠷ ᠡᠳᠤᠷ ᠠᠴᠠ ᠪᠡᠷᠢ ᠪᠤᠯᠤᠭᠰᠠᠨ ᠬᠦᠮᠤᠨ ᠦᠪᠡᠷ ᠢᠶᠠᠨ ᠭᠠᠷᠴᠤ ᠢᠷᠡᠭᠡᠳ ᠢᠳᠡᠬᠦ ᠨᠢ ᠶᠤᠰᠤ ᠭᠡᠵᠤ ᠬᠦᠷᠭᠡᠭᠰᠡᠨ ᠦᠭᠡᠢ ᠮᠦᠷᠳᠡᠭᠡᠨ ᠪᠡᠯᠡᠭᠡᠨ ᠪᠤᠯᠤᠭᠰᠠᠨ ᠬᠤᠭᠤᠯᠠ ᠪᠠᠨ ᠠᠵᠢᠯ ᠳᠤ ᠭᠠᠷᠬᠤ ᠪᠠᠷ ᠶᠠᠭᠠᠷᠠᠨ ᠡᠪᠤᠭᠡᠨ ᠲᠠᠢ ᠪᠠᠨ ᠬᠤᠶᠠᠭᠤᠯᠠ ᠢᠳᠡᠵᠤ ᠪᠠᠶᠢᠪᠠ᠃ ᠬᠡᠳᠤ ᠡᠮᠬᠦᠬᠦ ᠠᠴᠠ ᠡᠮᠤᠨ᠎ᠡ᠂ ᠨᠤᠶᠢᠷ ᠠᠴᠠ ᠪᠠᠨ ᠠᠷᠠᠢ ᠰᠡᠷᠡᠭᠰᠡᠨ ᠪᠡᠷᠢ ᠨᠢ ᠭᠠᠳᠠᠨ᠎ᠠ ᠭᠠᠷᠬᠤ ᠶᠢᠨ ᠳᠠᠰᠢᠷᠠᠮ  ᠢᠶᠠᠷ ᠬᠠᠳᠠᠮ ᠡᠵᠢ ᠠᠪᠤ ᠶᠢᠨ ᠢᠶᠠᠨ ᠬᠤᠭᠤᠯᠠ ᠢᠳᠡᠵᠤ ᠪᠠᠶᠢᠬᠤ ᠶᠢ ᠨᠢ ᠦᠵᠡᠮᠡᠭᠴᠡ ᠬᠤᠶᠠᠷ ᠨᠢᠳᠤ ᠤᠳᠤ ᠪᠤᠯᠵᠤ ᠂ ᠬᠤᠶᠠᠷ ᠬᠤᠷᠤᠭᠤ ᠵᠢᠳᠠ ᠪᠤᠯᠵᠤ᠄ ︽ᠰᠡᠷᠡᠭᠡᠭᠰᠡᠨ ᠦᠭᠡᠢ ᠪᠠᠷ ᠴᠠᠭ ᠤᠨ ᠬᠤᠭᠤᠯᠠ ᠪᠠᠨ ᠬᠤᠯᠠᠭᠠᠶᠢᠯᠠᠨ ᠢᠳᠡᠵᠤ ᠦᠯᠡᠳᠡᠵᠤ ᠳᠤᠳᠠᠭᠰᠠᠨ ᠢᠶᠠᠨ ᠨᠠᠳᠠ ᠳᠤ ᠢᠳᠡᠬᠦᠯᠬᠦ ᠭᠡᠵᠤ᠂ ᠬᠦᠤ ᠳᠡᠭᠡᠨ ᠠᠪᠤᠭᠰᠠᠨ ᠪᠡᠷᠢ ᠪᠠᠨ ᠬᠠᠷᠢᠨ ᠬᠦᠪᠳᠤ ᠪᠤᠭᠤᠯ ᠢᠶᠠᠷ ᠦᠵᠡᠬᠦ ᠰᠠᠨᠠᠭ᠎ᠠ ᠲᠠᠢ ᠤᠤ︖︾ ᠭᠡᠵᠤ ᠬᠤᠭᠤᠯᠠᠢ ᠶᠢᠨ ᠴᠢᠨᠡᠭᠡ ᠪᠠᠷ ᠢᠶᠠᠨ ᠪᠠᠷᠬᠢᠷᠪᠠ᠃ ᠡᠭᠦᠨ ᠢ ᠰᠤᠨᠤᠰᠤᠭᠠᠳ ᠬᠠᠳᠠᠮ ᠡᠵᠢ ᠶᠢᠨ ᠬᠠᠯᠠ ᠶᠢ ᠮᠡᠳᠡᠭᠦᠯᠬᠦ ᠭᠡᠰᠡᠨ ᠪᠤᠳᠤᠯᠭ᠎ᠠ ᠲᠠᠢ ᠪᠠᠶᠢᠭᠰᠠᠨ ᠵᠢᠨᠰᠡᠷᠮ᠎ᠠ ᠬᠦᠭᠰᠢᠨ ᠡᠪᠤᠭᠡᠨ ᠢᠶᠠᠨ ᠵᠠᠩᠨᠠᠵᠤ ᠪᠠᠶᠢᠭᠰᠠᠨ ᠵᠠᠩ ᠢᠶᠠᠷ ᠢᠶᠠᠨ᠄ ︽ᠠᠮᠠᠨ ᠳᠤ ᠤᠷᠤᠮᠠᠷ ᠪᠤᠯᠤᠭᠰᠠᠨ ᠪᠤᠳᠠᠭ᠎ᠠ ᠶᠢ ᠦᠪᠡᠷ  ᠢᠶᠠᠨ ᠭᠠᠷᠴᠤ ᠢᠷᠡᠵᠤ ᠢᠳᠡᠬᠦ ᠦᠭᠡᠢ᠂ ᠠᠮᠠᠨ ᠳᠤ ᠪᠠᠨ ᠬᠢᠯᠭᠡᠬᠦ ᠰᠠᠨᠠᠭ᠎ᠠ ᠲᠠᠢ ᠤᠤ︖︾ ᠭᠡᠪᠡ᠃ ᠰᠢᠳᠡᠵᠤ ᠪᠠᠶᠢᠭᠰᠠᠨ ᠳᠠᠷᠢ ᠶᠢᠨ ᠰᠢᠵᠢᠮ ᠳᠡᠯᠪᠡᠷᠡᠬᠦ ᠳᠤ ᠪᠡᠯᠡᠭᠡᠨ ᠪᠤᠯᠪᠠ᠃ ᠬᠠᠷ᠎ᠠ ᠡᠷᠳᠡ ᠶᠢᠨ ᠬᠠᠯᠠᠭᠤᠨ ᠪᠤᠳᠠᠭ᠎ᠠ ᠤᠯᠵᠤ ᠢᠳᠡᠭᠰᠡᠨ ᠦᠭᠡᠢ ᠶᠢᠨ ᠳᠡᠭᠡᠷ᠎ᠡ ᠠᠴᠠ ᠬᠠᠳᠠᠮ ᠡᠵᠢ ᠶᠢᠨ ᠢᠶᠠᠨ ᠬᠡᠯᠡᠭᠰᠡᠨ ᠦᠭᠡᠨ ᠳᠤ ᠡᠪᠤᠭᠡᠨ ᠬᠦᠭᠰᠢᠨ ᠬᠦᠤ ᠭᠤᠷᠪᠠᠭᠤᠯᠠ ᠶᠢ ᠬᠡᠤᠬᠡᠳ ᠢᠶᠠᠨ ᠭᠡᠮᠡᠷ ᠬᠠᠷᠢᠶᠠᠵᠤ ᠪᠠᠶᠢᠭᠰᠠᠨ ᠢ ᠬᠡᠯᠡᠬᠦ ᠦᠭᠡ ᠦᠭᠡᠢ᠃ ᠰᠢᠨᠡᠬᠡᠨ ᠬᠤᠷᠢᠮᠯᠠᠭᠰᠠᠨ ᠪᠡᠷᠢ ᠢᠶᠠᠨ ᠢᠩᠭᠢᠵᠤ ᠠᠭᠠᠰᠢᠯᠠᠨ᠎ᠠ ᠭᠡᠵᠤ ᠰᠠᠨᠠᠭᠠᠨ ᠳᠤ ᠦᠭᠡᠢ ᠪᠠᠶᠢᠭᠰᠠᠨ ᠬᠦᠤ ᠨᠢ ᠡᠷ᠎ᠡ ᠶᠢᠨ ᠵᠤᠷᠢᠭ ᠭᠠᠷᠭᠠᠵᠤ ᠦᠭᠡ ᠤᠷᠤᠬᠤ ᠦᠭᠡᠢ ᠳᠤ ᠬᠤᠶᠠᠷ ᠳᠦᠭᠦᠰᠢ ᠦᠭᠭᠦᠯ᠎ᠡ᠃ ᠬᠡᠯᠡᠭᠳᠡᠭᠡᠳ ᠬᠦᠯᠢᠶᠡᠬᠦ ᠦᠭᠡᠢ ᠬᠦᠮᠤᠨ ᠴᠤᠬᠢᠭᠳᠠᠭᠠᠳ ᠵᠤᠭᠰᠤᠬᠤ ᠶᠤᠰᠤ ᠪᠤᠢ ᠤᠤ︖ ᠬᠠᠷᠠᠮᠠᠨ ᠳᠠᠭᠠᠨ ᠭᠢᠵᠤ ᠪᠠᠶᠢᠭᠰᠠᠨ ᠠᠯᠮᠤᠷᠠᠳ 6 ᠶᠢ ᠠᠳᠬᠤᠵᠤ ᠠᠪᠤᠨᠠᠷᠠᠨ ᠠᠪᠤ ᠡᠵᠢ ᠳᠤ ᠪᠠᠨ ᠤᠳᠠᠰᠤᠳᠠᠵᠤ᠄ ︽ᠬᠦᠮᠤᠨ ᠤ ᠭᠠᠵᠠᠷ ᠦᠭᠭᠦᠭᠡᠳ ᠨᠠᠮ᠎ᠠ ᠶᠢ ᠤᠶᠢᠯᠡ ᠶᠢ ᠪᠠᠷᠠᠵᠤ᠂ ᠬᠦᠮᠤᠨ ᠢᠶᠠᠷ ᠳᠠᠷᠤᠯᠠᠭᠤᠯᠤᠨ ᠴᠤᠬᠢᠭᠤᠯᠬᠤ ᠴᠢᠨᠢ ᠶᠠᠭᠤ ᠶᠤᠮ︖ ᠳᠠᠨᠤᠰ ᠠᠪᠬᠤ ᠪᠠᠷ ᠢᠷᠡᠬᠦ ᠦᠭᠡᠢ ᠪᠤᠯ ᠪᠢ ᠦᠪᠡᠷ ᠢᠶᠠᠨ ᠶᠠᠪᠤᠨ᠎ᠠ︾ ᠭᠡᠪᠡ᠃ ᠬᠡᠷᠡᠭ ᠨᠢᠭᠡᠮᠤᠰᠤᠨ ᠪᠢᠰᠢᠳᠡᠵᠤ ᠳᠡᠭᠷᠢ ᠳᠤᠯᠤᠭᠰᠠᠨ ᠢ ᠮᠡᠳᠡᠭᠰᠡᠨ ᠡᠪᠤᠭᠡᠨ ᠬᠦᠭᠰᠢᠨ ᠬᠤᠶᠠᠷ ᠤᠨ ᠬᠤᠶᠠᠷ ᠨᠢᠳᠤ ᠨᠢ ᠤᠷᠤᠢ ᠳᠤ ᠪᠠᠨ ᠳᠤᠯᠵᠤ᠂ ᠶᠠᠭᠠᠬᠢᠬᠤ ᠪᠠᠨ ᠤᠯᠬᠤ ᠦᠭᠡᠢ ᠪᠠᠶᠢᠳᠠᠯ᠎ᠠ᠂ ᠬᠠᠷ᠎ᠠ ᠦᠩᠭᠡ ᠲᠠᠢ ︽BYD︾ ᠳᠡᠮᠳᠡᠭᠳᠤ ᠮᠠᠰᠢᠨ ᠢᠶᠠᠷ ᠬᠡᠳᠤᠨ ᠬᠦᠮᠤᠨ ᠢᠷᠡᠵᠤ ᠭᠠᠳᠠᠨ᠎ᠠ ᠠᠴᠠ ᠳᠤᠳᠤᠭᠰᠢ ᠭᠠᠯᠵᠠᠭᠤᠷᠠᠨ ᠪᠡᠷᠬᠢᠷᠠᠭᠰᠠᠭᠠᠷ ᠤᠷᠤᠵᠤ ᠢᠷᠡᠯ᠎ᠡ᠃ ᠡᠵᠡᠨ ᠲᠠᠢ ᠨᠤᠬᠠᠢ ᠶᠢᠨ ᠰᠡᠭᠦᠯ ᠨᠢ ᠡᠷᠳᠡᠭᠡᠷ ᠭᠡᠳᠡᠭ ᠢᠶᠠᠷ ᠭᠡᠷ  ᠤᠨ ᠬᠦᠮᠤᠨ ᠢᠶᠠᠨ ᠦᠵᠡᠭᠰᠡᠨ ᠪᠡᠷᠢ ᠨᠢ ᠤᠯᠠᠮ ᠳᠤᠭᠰᠢᠷᠠᠵᠤ᠂ ᠭᠦᠭᠰᠢᠨ ᠬᠤᠶᠠᠷ ᠬᠦᠤ ᠲᠠᠢ ᠨᠢ ᠭᠤᠷᠪᠠᠭᠤᠯᠠ ᠶᠢ ᠨᠢᠳᠤᠨ ᠳᠤ ᠨᠢ ᠬᠤᠷᠤᠭᠤ ᠬᠢᠵᠤ᠂ ᠬᠠᠷᠢᠶᠠᠬᠤ ᠭᠡᠳᠡᠭ ᠭᠡᠴᠡᠭᠦᠤ᠃ ᠰᠡᠭᠦᠯᠳᠡᠵᠤ ᠢᠷᠡᠭᠡᠳ ᠬᠤᠶᠠᠷ ᠬᠦᠭᠰᠢᠨ ᠢ ᠭᠡᠷ ᠠᠴᠠ ᠨᠢ ᠬᠦᠭᠡᠭᠡᠨ ᠭᠠᠷᠭᠠᠵᠤ᠂ ᠠᠰᠳᠠᠭᠠᠨ ᠰᠠᠭᠤᠬᠤ ᠪᠠᠷ ᠪᠤᠯᠪᠠ᠃ ︽ᠦᠬᠦᠳᠡᠯ᠎ᠡ ᠠᠮᠢ ᠬᠠᠶᠢᠷᠠᠨ᠂ ᠦᠭᠡᠶᠢᠷᠡᠳᠡᠯ᠎ᠡ ᠡᠳ᠋ ᠬᠠᠶᠢᠷᠠᠨ︾ ᠭᠡᠳᠡᠭ ᠢᠶᠠᠷ ᠤᠯᠤᠭᠰᠠᠨ ᠡᠳ᠋ ᠤᠨ ᠢᠶᠠᠨ ᠬᠠᠭᠠᠰ ᠢ ᠴᠤ ᠤᠯᠬᠤ ᠭᠡᠰᠡᠨ ᠡᠪᠤᠭᠡᠨ ᠰᠠᠨᠠᠭ᠎ᠠ ᠪᠠᠨ ᠬᠡᠯᠡᠬᠦ ᠳᠤ ︽ᠪᠦᠭᠦᠳᠡ ᠶᠢ ᠦᠭᠬᠦ ᠦᠭᠡᠢ ᠪᠤᠯ ᠤᠷᠤᠭ ᠰᠠᠯᠤᠨ᠎ᠠ︾ ᠭᠡᠨ᠎ᠡ᠃ ᠶᠡᠭᠠᠬᠢᠬᠤ ᠪᠠᠨ ᠤᠯᠬᠤ ᠦᠭᠡᠢ ᠪᠠᠶᠢᠳᠠᠯ᠎ᠠ ᠰᠠᠳᠤᠨ ᠳᠦᠷᠤᠯ ᠪᠠ ᠭᠠᠴᠠᠭᠠᠨ ᠳᠠᠷᠤᠭ᠎ᠠ ᠶᠢᠨ ᠢᠳᠬᠠᠯᠭ᠎ᠠ ᠭᠤᠶᠤᠴᠢᠯᠠᠭ᠎ᠠ ᠳᠤᠤᠷ᠎ᠠ ᠭᠡᠷ ᠠᠴᠠ ᠪᠠᠨ ᠭᠠᠷᠭᠠᠬᠤ ᠦᠭᠡᠢ ᠬᠠᠷᠢᠨ ᠳᠠᠩᠵᠢᠶᠠᠳ ᠢᠶᠠᠨ ᠳᠤᠰᠢᠶᠠᠬᠤ ᠪᠠᠷ ᠪᠤᠯᠪᠠ᠃ ᠭᠡᠳᠡᠯ᠎ᠡ ᠡᠪᠤᠭᠡᠨ ᠬᠦᠭᠰᠢᠨ ᠬᠤᠶᠠᠷ ᠨᠢᠭᠡᠮᠤᠰᠤᠨ ᠬᠦᠳᠡᠯᠥᠩᠭᠦᠢ ᠪᠤᠰᠤ ᠪᠠᠶᠢᠷᠠᠨ ᠳᠤ ᠤᠷᠤᠪᠠ᠃ ᠬᠠᠷᠢᠶᠠᠪᠠᠴᠤ ᠳᠤᠤᠭᠠᠷᠬᠤ ᠦᠭᠡᠢ ᠢᠨᠢᠶᠡᠳᠤ ᠬᠦᠷᠬᠦ ᠦᠭᠡᠢ ᠪᠤᠯᠪᠠᠴᠤ ᠮᠠᠶ᠋ᠢᠭᠯᠠᠵᠤ ᠦᠭᠬᠦ ᠪᠤᠯᠪᠠ᠃ ︽ᠠᠢ︕︾ ᠠᠷᠭ᠎ᠠ ᠴᠤ ᠦᠭᠡᠢ᠂ ᠠᠶ᠎ᠠ ᠪᠠᠷ  ᠨᠢ ᠤᠷᠤᠬᠤ ᠦᠭᠡᠢ ᠪᠤᠯ ᠰᠠᠯᠬᠤ ᠪᠠᠷ ᠢᠶᠠᠨ ᠠᠶᠤᠯᠭᠠᠨ᠎ᠠ᠃ ᠰᠠᠯᠬᠤ ᠶᠢᠨ ᠤᠷᠤᠨ ᠳᠤ ᠰᠠᠭᠤᠯᠭᠠᠵᠤ ᠪᠠᠶᠢᠶ᠎ᠠ ᠬᠦᠤ  ᠳᠤ ᠮᠢᠨᠢ ᠬᠠᠨᠢ ᠪᠢᠰᠢ ᠤᠤ︖ ᠳᠠᠪᠢ ᠬᠦᠷᠴᠤ ᠳᠠᠬᠢᠶ᠎ᠠ ᠨᠢ ᠳᠤᠤᠭᠠᠷᠤᠭᠰᠠᠨ ᠪᠢᠳᠡ ᠬᠤᠶᠠᠭᠤᠯᠠ ᠤᠳᠤ ᠬᠡᠳᠤᠢ ᠯᠠ ᠶᠠᠪᠤᠨ᠎ᠠ᠂ ᠠᠷᠭᠠᠯᠠᠵᠤ ᠪᠠᠶᠢᠶ᠎ᠠ᠃ ︽ᠠᠢ︕︾ ᠭᠡᠵᠤ ᠤᠷᠳᠤ ᠰᠠᠨᠠᠭ᠎ᠠ ᠠᠯᠳᠠᠬᠤ ᠳᠤ ︽ᠠᠪᠤ ᠡ︕ ᠶᠠᠭᠤᠨ ᠤ ᠰᠠᠨᠠᠭ᠎ᠠ ᠠᠯᠳᠠᠭᠠᠳ ᠪᠠᠶᠢᠬᠤ ᠶᠤᠮ᠂ ᠬᠤᠭᠤᠯᠠ ᠪᠠᠨ ᠢᠳᠡᠬᠦ ᠦᠭᠡᠢ ᠤᠤ︖︾ ᠭᠡᠮᠡᠨ ᠪᠡᠷᠢ ᠨᠢ ᠬᠡᠯᠡᠬᠦ  ᠳᠤ ︽ᠵᠢᠭ︕︾ ᠭᠡᠵᠤ ᠠᠶᠤᠩᠭᠤᠷᠢ ᠬᠦᠷᠥᠭᠰᠡᠨ ᠡᠪᠤᠭᠡᠨ ᠪᠡᠷᠢ ᠶᠢᠨ ᠢᠶᠠᠨ ᠢᠷᠡᠭᠡᠳ ᠬᠤᠭᠤᠯᠠ ᠢᠳᠡᠵᠤ ᠪᠠᠶᠢᠭᠰᠠᠨ ᠢ ᠰᠠᠶ᠋ᠢ ᠮᠡᠳᠡᠯ᠎ᠡ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备07002090号