ᠪᠢ ᠨᠠᠮᠤᠷ ᠤᠨ ᠬᠦᠨ ᠳᠤ ᠤᠴᠢᠨᠠᠮ
ᠨᠡᠶᠢᠲᠡᠯᠡᠭᠰᠡᠨ ᠴᠠᠭ᠄
2021/2/5
  ︵ ᠭᠠᠲᠠᠨ᠎ᠠ ᠬᠤᠶᠠᠷ︶                                                              ᠲᠡᠮᠦᠷᠪᠠᠭᠠᠨ᠎ᠠᠤᠲᠠᠯ ᠦᠭᠡᠢ ᠤᠨᠠᠮᠠᠷ ᠪᠠᠶᠢᠭ᠎ᠠ ᠭᠤᠨᠢᠭᠲᠦ ᠰᠢᠷᠭᠠᠯ ᠨᠠᠪᠴᠢᠰ ᠢᠠᠯᠠᠭᠠᠨ ᠳᠤ ᠪᠠᠨ ᠬᠦᠡᠭᠭᠡᠬᠡᠨ ᠲᠤᠰᠴᠦ ᠡᠩᠬᠦᠷᠡᠶᠢᠯᠡᠶᠦ ᠬᠡᠮᠡᠨ ᠨᠠᠮᠤᠷ ᠵᠦᠭ ᠶᠠᠪᠤᠨᠠᠮ᠂ᠤᠷᠤᠭᠰᠢ ᠪᠠᠨ ᠨᠡᠭᠦᠮᠡᠷ ᠪᠠᠶᠢᠭ᠎ᠠ ᠬᠦᠭᠡᠷᠦᠬᠦᠨ ᠠᠩᠭᠢᠷ ᠭᠠᠯᠠᠭᠤ ᠶᠢᠨᠠᠶᠠᠷᠯᠠᠵᠦ ᠶᠠᠲᠠᠭᠰᠠᠨ ᠭᠠᠨᠭ᠍ᠭᠠᠨᠠᠯ ᠢ ᠠᠷᠭᠠᠲᠠᠶᠦ ᠬᠡᠮᠡᠨ ᠨᠠᠮᠤᠷ ᠵᠦᠭ ᠶᠠᠪᠤᠨᠠᠮ︕ᠦᠵᠦᠭᠦᠷ ᠠᠴᠠ ᠪᠠᠨ ᠴᠠᠶᠢᠷᠠᠨ ᠰᠢᠭᠤᠭᠲᠠᠬᠤ ᠬᠦᠬᠡ ᠡᠪᠡᠰᠤᠨ ᠤᠠᠮᠢᠵᠢᠷᠡᠯᠲᠦ ᠦᠷ᠎ᠡ ᠶᠢ ᠨᠢ ᠲᠡᠭᠦᠵᠦ ᠬᠠᠲᠠᠭᠠᠯᠠᠶᠤ ᠬᠡᠮᠡᠨ ᠨᠠᠮᠤᠷ ᠵᠦᠭ ᠶᠠᠪᠤᠨᠠᠮ᠂ᠤᠷᠤᠢ ᠠᠴᠠ ᠪᠠᠨ ᠰᠡᠮᠬᠡᠨ ᠪᠤᠭᠤᠷᠤᠯᠲᠠᠬᠤ ᠠᠭᠤᠯᠠ ᠲᠤᠯᠤᠭᠠᠳ ᠤᠨᠠᠷᠭ᠎ᠠ ᠦᠭᠡᠢ ᠵᠢᠩᠲᠡᠯ ᠢ ᠨᠢ ᠲᠦᠷᠭᠡᠨ ᠪᠦᠯᠢᠶᠡᠰᠭᠡᠶᠤ ᠬᠡᠮᠡᠨ ᠨᠠᠮᠤᠷ ᠵᠦᠭ ᠶᠠᠪᠤᠨᠠᠮ︕ᠮᠠᠯᠲᠡᠶᠢᠨ ᠵᠠᠶᠢᠷᠯᠠᠬᠤ ᠨᠠᠮ ᠲᠤᠭᠤᠷᠢᠮ ᠨᠠᠭᠤᠷ ᠤᠨᠰᠡᠯᠡᠭᠦᠤ ᠤᠶᠢᠲᠦᠯ ᠢ ᠨᠢ ᠵᠢᠭᠠᠬᠠᠨ ᠴᠤ ᠰᠡᠷᠭᠦᠭᠡᠶᠦ ᠬᠡᠮᠡᠨ ᠨᠠᠮᠤᠷ ᠵᠦᠭ ᠶᠠᠪᠤᠨᠠᠮ᠂ᠮᠡᠴᠢᠳ ᠭᠢᠯᠠᠯᠵᠠᠭᠰᠠᠨ ᠤᠷᠲᠤᠳᠬᠤ ᠰᠡᠷᠢᠭᠦᠨ ᠰᠦᠨᠢ ᠶᠢᠨᠰᠡᠷᠴᠢᠭᠢᠨᠡᠬᠦ ᠵᠢᠪᠡᠷ ᠢ ᠨᠢ ᠬᠤᠷᠤᠮᠬᠠᠨ ᠴᠦ ᠬᠠᠯᠬᠠᠯᠠᠶᠤ ᠬᠡᠮᠡᠨ ᠨᠠᠮᠤᠷ ᠵᠦᠭ ᠶᠠᠪᠤᠨᠠᠮ︕ᠤᠶᠠᠭᠠᠨ ᠳᠤ ᠦᠤᠷᠰᠡᠬᠦ ᠬᠠᠶᠢᠷᠠᠲᠦ ᠬᠦᠯᠦᠭ ᠮᠤᠷᠢ ᠪᠠᠨᠢᠵᠢᠯᠢ ᠰᠦᠷᠦᠭ ᠳᠤ ᠨᠢ ᠬᠤᠷᠲᠤᠬᠠᠨ ᠲᠦᠭᠦᠭᠦᠯᠦᠶᠤ ᠬᠡᠮᠡᠨ ᠨᠠᠮᠤᠷ ᠵᠦᠭ ᠶᠠᠪᠤᠨᠠᠮ᠂ᠤᠰᠤ ᠲᠠᠢ ᠤᠶᠢᠷ᠎ᠠ ᠪᠠᠭᠤᠭᠰᠠᠨ ᠲᠠᠩᠰᠤᠭ ᠨᠠᠮᠤᠷᠵᠢᠶ᠎ᠠ ᠪᠠᠨᠢᠯᠴᠢᠲᠦ ᠨᠠᠷᠠᠨ ᠳᠤ ᠨᠢ ᠠᠮᠵᠢᠨ ᠨᠡᠭᠦᠯᠭᠡᠶᠤ ᠬᠡᠮᠡᠨ ᠨᠠᠮᠤᠷ ᠵᠦᠭ ᠶᠠᠪᠤᠨᠠᠮ︕᠁ ᠁               ᠨᠠᠮᠤᠷ ᠤᠨ ᠨᠠᠪᠴᠢᠰ                                 ᠦᠯᠢᠭᠡᠷᠲᠦ ᠬᠤᠷᠸ᠎ᠠ ᠶᠢᠨ ᠲᠦᠮᠡᠨ ᠭᠤᠤᠯᠲᠠᠳ ᠤᠨᠭᠤᠨᠢᠭ ᠪᠦᠬᠦᠨ ᠢ ᠪᠠᠶ᠎ᠠ ᠳᠤ ᠪᠠᠨ ᠠᠭᠤᠰᠬᠠᠭᠰᠠᠨ ᠬᠡᠮᠡᠷ᠂ᠡᠬᠡ ᠮᠤᠲᠤᠨ ᠤ ᠪᠠᠨ ᠲᠠᠭᠠᠭᠠᠴᠠ ᠶᠢ ᠬᠦᠡᠭᠭᠡᠯᠡᠬᠦ ᠰᠠᠨ ᠭᠡᠵᠦᠭᠠᠵᠠᠷ ᠲᠤ ᠠᠶᠠᠷ ᠪᠠᠭᠤᠬᠤ ᠨᠠᠪᠴᠢᠰ ᠲᠠᠩᠲᠡᠭᠦᠣ ᠦᠷᠦᠪᠴᠢᠬᠡᠨ︕ᠲᠤᠮᠤᠭᠲᠦ ᠨᠠᠷᠠᠨ ᠤ ᠠᠯᠲᠠᠨ ᠭᠡᠷᠡᠯ ᠤᠨᠬᠦᠨ ᠪᠤᠲᠤᠭ ᠢᠶᠠᠷ ᠴᠤᠭᠴᠠᠰ ᠢᠶᠠᠨ ᠴᠢᠮᠡᠭᠯᠡᠯ᠎ᠡ ᠬᠡᠮᠡᠷ᠂ᠲᠠᠭᠤᠯᠠᠨ ᠪᠦᠵᠢᠵᠦ ᠮᠤᠲᠤᠳ ᠢᠶᠠᠨ ᠪᠠᠭ᠋ᠠᠷᠬᠠᠭᠤᠯᠬᠤ ᠰᠠᠨ ᠭᠡᠵᠦᠭᠡᠷ ᠬᠦᠷᠦᠰᠦᠨ ᠳᠤ ᠪᠠᠨ ᠰᠠᠭᠠᠲᠠᠬᠤ ᠨᠠᠪᠴᠢᠰ ᠲᠠᠩᠴᠢ ᠤᠶᠠᠬᠠᠨ︕ᠬᠤᠪᠢᠰᠤᠯᠲᠦ ᠲᠡᠯᠡᠬᠡᠢ ᠶᠢᠨ ᠤᠯᠠᠷᠢᠯ ᠵᠢᠮ᠎ᠡ ᠪᠠᠷᠬᠦᠭᠡᠷᠦᠬᠦᠨ ᠠᠮᠢ ᠪᠠᠨ ᠲᠤᠷᠠᠲᠠᠢ ᠨᠦᠭᠴᠢᠭᠡᠬᠦ ᠤᠬᠠᠭ᠎ᠠ ᠬᠡᠮᠡᠷ᠂ᠰᠠᠯᠪᠤᠷᠢᠯᠠᠭᠰᠠᠨ ᠦᠨᠲᠦᠰᠦ ᠪᠠᠨ ᠲᠤᠯᠠᠭᠠᠬᠠᠨ ᠡᠪᠤᠯᠵᠢᠭᠦᠯᠬᠦ ᠰᠠᠨ ᠭᠡᠵᠦᠰᠢᠬᠠᠯᠲᠤᠭᠰᠠᠨ ᠨᠠᠪᠴᠢᠰ ᠵᠤᠵᠠᠭᠠᠷᠠᠬᠤ ᠨᠢ ᠦᠨᠡᠭᠡᠷ ᠦᠵᠡᠰᠭᠦᠯᠡᠩᠲᠡᠢ︕    ᠨᠠᠮᠤᠷ ᠤᠨ ᠲᠠᠷᠢᠭᠦᠨ ᠰᠠᠷ᠎ᠠ ᠶᠢᠨ ᠰᠠᠯᠬᠢ    ᠨᠠᠷᠠᠨ ᠤ ᠠᠯᠲᠠᠨ ᠲᠤᠶᠠᠭ᠎ᠠ ᠶᠢ    ᠨᠠᠪᠴᠢ ᠴᠡᠴᠡᠭ ᠲᠤ ᠰᠢᠩᠭᠡᠭᠡᠬᠦ ᠮᠡᠲᠦ    ᠨᠠᠮᠤᠷ ᠤᠨ ᠡᠬᠢᠨ ᠤ ᠰᠠᠯᠬᠢ    ᠨᠠᠮ ᠨᠠᠮᠤᠭᠤᠬᠠᠨ ᠰᠠᠯᠬᠢᠯᠠᠨ᠎ᠠ ᠁    ᠠᠭᠤᠯᠠ ᠨᠠᠷᠠᠨ ᠤ ᠵᠠᠢ ᠶᠢ    ᠠᠪ ᠠᠭᠠᠵᠢᠮ ᠤᠶᠢᠷᠠᠲᠤᠭᠤᠯᠵᠦ    ᠵᠤᠨ ᠠᠴᠠ ᠢᠷᠡᠭᠰᠡᠨ ᠰᠠᠯᠬᠢ    ᠵᠤᠤᠮᠠᠰ ᠵᠤᠤᠮᠠᠰ ᠪᠦᠱᠦᠭᠦᠷᠬᠡᠯ ᠲᠠᠢ᠃        ᠴᠡᠯᠭᠡᠷᠲᠡᠭᠰᠡᠨ ᠨᠤᠮᠢᠨ ᠪᠠᠶᠢᠭᠠᠯᠢ    ᠨᠠᠷᠠᠨ ᠤ ᠦᠡᠭᠭᠡ ᠪᠠᠷ ᠪᠤᠲᠤᠭᠰᠢᠨ    ᠴᠡᠭᠡᠯ ᠵᠦᠭ ᠢᠶᠠᠨ ᠰᠢᠷᠭᠠᠯᠲᠤᠬᠤ ᠨᠠᠮᠤᠷ    ᠨᠠᠮᠢᠰ ᠨᠠᠮᠢᠰ ᠰᠠᠯᠬᠢ ᠲᠠᠢ᠂    ᠴᠢᠨᠦ ᠮᠢᠨᠦ ᠪᠤᠯᠵᠤᠯ ᠡᠲᠦᠷ ᠢ    ᠴᠢᠪ ᠴᠢᠮᠡᠭᠡ ᠦᠭᠡᠢ ᠪᠤᠭᠤᠨᠢᠰᠬᠠᠵᠦ    ᠬᠠᠯᠢᠭᠤᠨ ᠨᠠᠮᠤᠷ ᠤᠨ ᠰᠠᠯᠬᠢ    ᠬᠠᠪ ᠬᠠᠯᠠᠭᠤᠬᠠᠨ ᠰᠠᠯᠬᠢᠯᠠᠨ᠎ᠠ  ᠁         特木热巴根           手机: 13804766924             赤峰市巴林右旗大板镇政府
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备07002090号