ᠦᠭᠡᠯᠡᠳ ᠡᠷᠳᠡᠨᠢᠪᠠᠶᠠᠷ | | ᠪᠤᠷᠤᠭᠠᠨ ᠲᠠᠲᠠᠷᠠᠭᠰᠠᠨ ᠬᠤᠩᠭᠤᠷ ᠨᠠᠮᠤᠷ ᠤᠨ | ᠪᠤᠯᠵᠤᠮᠤᠷ ᠤᠨ ᠵᠢᠷᠭᠢᠭᠡᠨ ᠨᠢ ᠬᠦᠭᠵᠢᠶᠡᠨ ᠲᠠᠢ | ᠪᠦᠯᠢᠶᠡᠨ ᠰᠠᠯᠬᠢ ᠬᠠᠴᠠᠷ ᠢ ᠦᠨᠦᠰᠬᠦ ᠨᠢ | ᠪᠤᠭᠤᠷᠤᠯ ᠡᠵᠢ ᠶᠢᠨ ᠮᠢᠨᠢ ᠬᠠᠶᠢᠷ᠎ᠠ ᠲᠠᠢ ᠃ | | | ᠪᠤᠷᠤᠭᠠᠨ ᠬᠤᠯᠠᠳᠠᠭᠰᠠᠨ ᠨᠠᠯᠠᠭᠠᠷ ᠨᠠᠮᠤᠷ ᠤᠨ | ᠪᠤᠴᠠᠬᠤ ᠭᠠᠯᠠᠭᠤᠳ ᠨᠢ ᠤᠶᠠᠷᠠᠯ ᠲᠠᠢ | ᠪᠦᠷᠲᠣᠶᠢᠨ ᠪᠦᠷᠲᠣᠶᠢᠨ ᠰᠦᠨᠳᠡᠷᠯᠡᠬᠦ ᠠᠭᠤᠯᠠᠰ ᠨᠢ | ᠪᠤᠶᠠᠨᠲᠤ ᠠᠪᠤ ᠶᠢᠨ ᠮᠢᠨᠢ ᠪᠠᠷ᠎ᠠ ᠲᠠᠢ ᠃ | | | ᠬᠤᠷ᠎ᠠ ᠲᠡᠩᠴᠡᠭᠰᠡᠨ ᠨᠠᠮᠤᠷ ᠤᠨ | ᠬᠤᠷᠸ᠎ᠠ ᠬᠡᠰᠢᠭ ᠨᠢ ᠤᠨᠳᠤᠷᠤᠯ ᠲᠠᠢ | ᠪᠤᠷᠬᠠᠨ ᠰᠡᠳᠭᠢᠯᠳᠤ ᠮᠠᠯᠴᠢᠳ ᠤᠨ | ᠪᠤᠶᠡᠨ ᠵᠠᠶᠠᠭ᠎ᠠ ᠨᠢ ᠦᠭᠡᠳᠡ ᠲᠠᠢ ᠃ | | 2018.8.29 | ᠵᠤᠭᠢᠶᠠᠭᠴᠢ᠄ ᠵᠢᠷᠢᠮ ᠠᠶᠢᠮᠠᠭ᠂ ᠵᠠᠷᠤᠳ ᠬᠤᠰᠢᠭᠤ᠂ | ᠭᠡᠷᠴᠢᠯᠠᠭᠤ ᠰᠣᠮᠣ᠂ ᠨᠤᠤᠳᠤᠮ ᠭᠠᠴᠠᠭ᠎ᠠ | |