ᠳᠤᠷᠠᠰᠤᠮᠵᠢ  ᠳᠥᠭᠦᠷᠡᠩ  ᠠᠶᠠᠯᠭᠤ
ᠨᠡᠶᠢᠲᠡᠯᠡᠭᠰᠡᠨ ᠴᠠᠭ᠄
2021/2/11
ᠮᠢᠩᠭᠠᠳ᠂ ᠡᠷᠳᠡᠨᠢᠴᠣᠭᠲᠤ         ᠳᠤᠷᠠᠰᠤᠮᠵᠢ  ᠳᠥᠭᠦᠷᠡᠩ  ᠠᠶᠠᠯᠭᠤ     -1989-1992   ᠳᠤᠤᠲᠠᠨ ᠳᠤᠮᠳᠠᠳᠤ  ᠰᠤᠷᠭᠠᠭᠤᠯᠢ  ᠳᠤ ᠬᠠᠮᠲᠤ  ᠰᠤᠷᠤᠯᠴᠠᠭᠰᠠᠨ ᠨᠠᠶᠢᠵᠠ  ᠨᠠᠷ  ᠲᠤ   ᠪᠠᠨ  ᠵᠤᠷᠢᠭᠤᠯᠤᠭᠰᠠᠨ  ᠨᠠᠷᠭᠢᠶ᠎ᠠᠢᠯᠥᠭᠠᠯᠢᠶᠠᠬᠠᠨ  ᠨᠠᠰᠤᠨ  ᠤ ᠴᠢᠮᠡᠭᠲᠦ   ᠳᠤᠷᠠᠰᠤᠯ  ᠡᠷᠬᠡᠯᠡᠭᠦᠯᠬᠦ ᠠᠩᠭᠢᠷ  ᠬᠤᠨ  ᠰᠢᠭ᠋  ᠪᠤᠳᠤᠯ  ᠤᠨ  ᠨᠠᠭᠤᠷ  ᠲᠤ  ᠨᠤᠷᠭᠢᠯᠳᠤᠬᠤᠢ  ᠠᠯᠤᠰ  ᠴᠤᠤᠷᠢᠶᠠᠳᠤᠬᠤ   ᠠᠶᠠᠯᠭᠤᠲᠤ  ᠠᠶᠢᠵᠠᠮ  ᠡᠭᠡᠰᠢᠭᠯᠡᠭᠦᠯᠬᠦ ᠠᠨᠳᠠ   ᠨᠠᠶᠢᠵᠠ  ᠶᠢᠨ  ᠪᠠᠶᠠᠰᠤᠯᠳᠤ  ᠬᠤᠷᠤᠮ  ᠢᠶᠠᠨ  ᠳᠤᠷᠠᠰᠬᠤᠢ ᠠᠯᠳᠠᠷᠠᠢ  ᠪᠠᠭ᠎ᠠ  ᠶᠢᠨ  ᠡᠷᠬᠡᠲᠦ  ᠤᠯᠠᠷᠢᠯ  ᠰᠠᠨᠠᠭᠳᠠᠬᠤ ᠠᠵᠠ ᠶᠢᠨ  ᠬᠡᠶᠢᠮᠤᠷᠢᠲᠥ  ᠪᠠᠶᠠᠷᠲᠤ  ᠮᠥᠴᠡ  ᠪᠠᠨ  ᠵᠢᠷᠤᠭᠯᠬᠤᠢ ᠠᠯᠤᠰᠷᠠᠨ  ᠤᠳᠤᠭᠰᠠᠨ  ᠴᠤ  ᠴᠠᠭ  ᠬᠤᠭᠤᠴᠠᠭᠠᠨ   ᠳᠤ   ᠮᠡᠳᠡᠷᠡᠭᠳᠡᠬᠦ ᠠᠯᠠᠭᠠᠨ  ᠵᠢᠷᠤᠭᠠᠰᠤ  ᠮᠡᠲᠥ  ᠰᠡᠳᠬᠢᠯ  ᠢᠶᠠᠨ  ᠦᠭᠡᠶᠢᠯᠡᠨ  ᠳᠡᠯᠭᠡᠬᠦᠢ ᠤᠶᠤᠨ  ᠤ   ᠲᠡᠵᠢᠭᠡᠯ  ᠂ ᠤᠬᠠᠭᠠᠨ  ᠤ  ᠰᠢᠮ᠎ᠡ  ᠪᠠᠷ  ᠠᠮᠲᠠᠷᠬᠠᠭᠰᠠᠨᠤᠡ ᠵᠢᠯ᠂  ᠡᠳᠦᠷ  ᠬᠤᠨᠤᠭ  ᠨᠢᠳᠦ  ᠢᠷᠮᠡᠬᠦ  ᠶᠢᠨ  ᠵᠠᠭᠤᠷ᠎ᠠ  ᠥᠩᠭᠡᠷᠡᠬᠦᠢ ᠬᠠᠯᠳᠠᠷ  ᠴᠢᠷᠠᠢ  ᠂  ᠬᠠᠯᠠᠭᠤᠨ  ᠰᠡᠳᠬᠢᠯ  ᠢᠶᠠᠷ  ᠤᠷᠭᠢᠯᠤᠭᠰᠠᠨ ᠬᠠᠮᠲᠤ  ᠶᠢᠨ  ᠪᠠᠶᠠᠰᠤᠯ  ᠂  ᠬᠤᠷ᠎ᠠ  ᠶᠢᠨ  ᠳᠤᠰᠤᠯ  ᠮᠡᠲᠦ  ᠵᠦᠰᠡᠷᠡᠬᠦᠢ  ᠂᠂᠂᠂ ᠰᠡᠳᠬᠢᠯ  ᠴᠠᠶᠢᠯᠭᠠᠨ  ᠂ ᠨᠥᠮᠵᠥᠭ   ᠨᠢ  ᠠᠷᠭ᠎ᠠ  ᠦᠭᠡᠢ  ᠬᠠᠷᠠᠴᠠ   ᠲᠠᠢ   ᠰᠠᠶᠢᠬᠠᠨᠴᠡᠴᠡᠭ  ᠭᠡᠳᠡᠭ  ᠠᠩᠭᠢ  ᠡᠷᠬᠢᠯᠡᠭᠴᠢ  ᠪᠠᠭᠰᠢ  ᠮᠢᠨᠢ  ᠡᠵᠢ  ᠶᠢᠨ  ᠬᠠᠶᠢᠷ᠎ᠠ   ᠪᠠᠷ  ᠡᠩᠬᠦᠷᠡᠶᠢᠯᠡᠨ  ᠮᠠᠨᠤᠰ   ᠢ   ᠪᠠᠨ  ᠤᠭᠲᠤᠭᠰᠠᠨ ᠡᠯᠢᠭᠡ  ᠵᠢᠷᠥᠬᠡᠨ  ᠳᠤ  ᠵᠢᠷᠭᠠᠭᠠᠨ  ᠪᠢᠳᠡᠨᠦᠰ  ᠢ  ᠪᠠᠨ  ᠪᠥᠪᠡᠶᠢᠯᠡᠭᠰᠡᠨ︕ ᠰᠢᠷ   ᠨᠢ  ᠬᠤᠭᠵᠢᠷᠠᠭᠰᠠᠨ  ᠰᠠᠮᠪᠠᠷ᠎ᠠ᠂  ᠰᠢᠯ   ᠨᠢ  ᠬᠠᠭᠠᠷᠠᠭᠰᠠᠨ  ᠴᠤᠩᠬᠤ᠂᠂᠂᠂ ᠰᠡᠳᠬᠢᠯ  ᠢᠶᠠᠨ  ᠮᠡᠳᠡᠯᠴᠡᠭᠰᠡᠨ  ᠨᠥᠬᠦᠳ  ᠲᠤ  ᠰᠠᠭᠠᠳ  ᠶᠡᠷᠦ  ᠪᠤᠯᠤᠭ᠎ᠠ ᠦᠭᠡᠢ ᠰᠠᠯᠬᠢ  ᠰᠡᠷᠴᠢᠭᠢᠨᠡᠭᠰᠡᠨ  ᠪᠠᠶᠢᠷᠢ  ᠂  ᠰᠡᠶᠢᠮᠡᠬᠡᠢ  ᠨᠢᠮᠭᠡᠨ ᠤᠯᠤᠩᠳᠠᠢ᠂᠂᠂᠂ᠰᠠᠨᠠᠭ᠎ᠠ ᠴᠠᠭᠠᠨ  ᠦᠶᠡᠷᠬᠡᠯ   ᠳᠤ  ᠬᠠᠷᠰᠢ  ᠶᠡᠷᠦ  ᠠᠪᠴᠢᠷᠠᠭ᠎ᠠ ᠦᠭᠡᠢ ᠤᠯᠠᠨ ᠵᠢᠯ ᠤᠨ ᠳᠠᠷᠠᠭ᠎ᠠ᠂ ᠦᠨᠥ  ᠭᠡᠨᠡᠳᠲᠡ ᠡᠷᠭᠢᠴᠡᠭᠦᠯᠬᠦ  ᠪᠠᠷ ᠤᠤᠯᠭ᠎ᠠ  ᠠᠯᠳᠠᠭᠤᠯᠤᠮᠠᠷ  ᠂ ᠤᠬᠠᠭᠠᠨ  ᠪᠠᠯᠠᠷᠠᠮᠠᠷ  ᠰᠠᠶᠢᠬᠠᠨ  ᠪᠠᠶᠢᠨ᠎ᠠ ᠤᠳᠤᠳ  ᠰᠢᠭ᠋᠂ ᠨᠤᠶᠠᠳ  ᠰᠢᠭ᠋  ᠤᠷᠭᠢᠯ  ᠳᠤ  ᠬᠥᠷᠥᠭᠡ  ᠦᠭᠡᠢ ᠴᠦ ᠡᠭᠡᠯ ᠶᠡᠷᠦᠮᠳᠡᠭ᠂ ᠦᠩᠭᠡ  ᠭᠡᠷᠡᠯᠲᠦ  ᠠᠮᠢᠳᠤᠷᠠᠯ  ᠢ   ᠨᠢ  ᠳᠠᠭᠤᠯᠠᠮᠠᠷ ᠪᠠᠶᠢᠨ᠎ᠠ    ᠠᠯᠠᠭ ᠵᠠᠩᠭᠢᠶ᠎ᠠ  ᠬᠥᠵᠥᠭᠦᠨ   ᠳᠤ  ᠪᠠᠨ  ᠮᠢᠷᠠᠯᠵᠠᠭᠤᠯᠤᠭᠰᠠᠨ  ᠦᠭᠡᠢ  ᠴᠤᠠᠷᠠᠰᠤᠨ  ᠵᠤᠳᠤᠭ  ᠢ   ᠨᠢ  ᠮᠥᠷᠥᠨ  ᠳᠤ  ᠪᠠᠨ  ᠡᠯᠭᠦᠭᠰᠡᠨᠠᠷᠠᠳ  ᠤᠨ  ᠨᠠᠭᠠᠳᠤᠮ   ᠢᠶᠠᠷ  ᠳᠡᠪᠢᠵᠦ  ᠪᠠᠷᠢᠯᠳᠤᠵᠤ  ᠪᠠᠶᠢᠭᠰᠠᠨᠠᠩᠭᠢ  ᠶᠢᠨ  ᠠᠪᠤᠷᠭᠤ  ᠪᠤᠶᠠᠨᠳᠠᠯᠠᠢ᠂  ᠡᠷᠳᠡᠨᠢᠵᠢᠷᠥᠬᠡ  ᠬᠤᠶᠠᠷ  ᠮᠢᠨᠢᠮᠤᠷᠢᠨ  ᠸᠠᠩ  ᠤᠨ  ᠨᠤᠲᠤᠭ  ᠢᠶᠠᠷ  ᠥᠪᠡᠷ  ᠤᠨ  ᠠᠯᠳᠠᠷ  ᠢ  ᠮᠠᠨᠳᠤᠭᠤᠯᠵᠤ ᠮᠤᠩᠭᠤᠯ  ᠪᠤᠰᠤᠭ᠎ᠠ  ᠬᠡᠶᠢᠮᠣᠷᠢ  ᠶᠢ  ᠠᠳᠤᠭᠤᠨ  ᠳᠡᠯ  ᠳᠡᠭᠡᠷ᠎ᠡ  ᠠᠰᠠᠭᠠᠭᠰᠠᠨ ᠬᠤᠷᠳᠤᠨ  ᠬᠠᠷ᠎ᠠ  ᠂  ᠰᠠᠯᠬᠢᠨ  ᠬᠤᠸᠠ   ᠪᠠᠷ   ᠢᠶᠠᠨ ᠠᠯᠳᠠᠷᠰᠢᠭᠰᠠᠨ ᠬᠠᠰᠢᠷ  ᠤᠶᠠᠭᠠᠴᠢ  ᠬᠠᠰᠡᠷᠳᠡᠨᠢ᠂  ᠠᠯᠲᠠᠨᠪᠠᠭᠠᠨ᠎ᠠ  ᠬᠤᠶᠠᠷ  ᠮᠢᠨᠢᠤᠨᠠᠭᠰᠠᠨ  ᠡᠬᠡ  ᠨᠤᠲᠤᠭ   ᠠᠴᠠ  ᠪᠠᠨ  ᠠᠯᠤᠰ  ᠤᠨ  ᠶᠠᠫᠤᠨ  ᠬᠥᠷᠲᠡᠯ᠎ᠡ ᠠᠷᠠᠯᠵᠢᠶ᠎ᠠ  ᠮᠠᠶᠢᠮᠠᠢ᠂  ᠵᠠᠬ᠎ᠠ  ᠵᠡᠭᠡᠯᠢ   ᠪᠠᠷ  ᠦᠷᠢᠰᠥᠯᠳᠥᠨᠤᠬᠠᠭᠠᠨ   ᠤ  ᠰᠡᠷᠭᠦᠯᠡᠩ᠂  ᠤᠶᠤᠨ ᠤ  ᠮᠡᠳᠡᠷᠡᠮᠵᠢ  ᠪᠠᠷ  ᠢᠶᠠᠨ  ᠡᠷᠡᠮᠡᠬᠡᠶᠢᠯᠡᠭᠰᠡᠨᠶᠡᠭᠡ  ᠡᠵᠡᠨᠲᠡᠨ  ᠡᠷᠬᠢᠮᠵᠢᠷᠭᠠᠯ᠂  ᠰᠠᠷᠠᠨᠴᠢᠮᠡᠭ  ᠬᠤᠶᠠᠷ  ᠮᠢᠨᠢ ᠪᠠᠭᠰᠢ  ᠭᠡᠳᠡᠭ  ᠡᠷᠬᠢᠮ  ᠲᠢᠲᠢᠮ  ᠢ  ᠠᠶᠤᠤᠯᠢᠬᠠᠢ  ᠳᠤ  ᠪᠠᠨ  ᠰᠢᠪᠰᠢᠵᠦᠪᠢᠴᠢᠬᠠᠨ  ᠬᠡᠥᠬᠡᠳ  ᠤᠳ  ᠲᠤ  ᠡᠷᠳᠡᠮ  ᠢᠶᠠᠨ  ᠬᠠᠷᠠᠮ  ᠦᠭᠡᠢ  ᠶᠡᠭᠦᠯᠡᠭᠰᠡᠨᠪᠠᠯᠴᠢᠷ  ᠲᠠᠷᠢᠬᠢᠨ  ᠳᠤ   ᠨᠢ  ᠤᠶᠤᠨ  ᠤ  ᠰᠢᠮ᠎ᠡ  ᠬᠥᠷᠲᠡᠭᠡᠭᠰᠡᠨᠪᠢᠯᠢᠭ ᠤᠨ  ᠡᠯᠴᠢ  ᠤᠷᠠᠭᠬᠤᠸᠠᠷ᠂  ᠤᠶᠤᠩᠭᠤᠸ᠎ᠠ᠂  ᠤᠳᠤᠨᠬᠦᠥ᠂  ᠬᠤᠨᠭ᠌  ᠰᠢᠩ  ᠮᠢᠨᠢᠲᠥᠮᠡᠨ  ᠪᠤᠵᠢᠭᠢᠨᠠᠭᠰᠠᠨ  ᠴᠢᠪᠠᠭ᠎ᠠ  ᠶᠢᠨ  ᠥᠢᠮᠡᠭᠡᠨᠲᠥ  ᠵᠡᠭᠡᠯᠢ  ᠳᠤ  ︿︿ᠲᠡᠮᠥᠯᠥᠨ  ﹀﹀ ᠮᠠᠯᠠᠭᠠᠢ  ᠪᠠᠨ  ᠬᠥᠷᠥᠭᠰᠡᠨ  ᠪᠥᠬᠦᠨ  ᠳᠤ  ᠵᠡᠭᠦᠯᠭᠡᠭᠰᠡᠨᠠᠩᠭᠢ  ᠶᠢᠨ  ᠮᠢᠨᠢ  ᠬᠤᠸᠠᠷ  ᠪᠠᠶᠢᠭᠰᠠᠨ᠂  ᠬᠠᠶᠢᠷ᠎ᠠ  ᠭᠡᠵᠢᠭᠡᠳᠡᠭᠰᠡᠨᠢᠲᠡᠭᠡᠯ  ᠰᠡᠳᠬᠢᠯ  ᠳᠤ  ᠤᠶᠠᠭᠠᠲᠠᠢ  ᠰᠡᠴᠡᠩᠭᠤᠸ᠎ᠠ᠂  ᠬᠥᠳᠠᠭᠤᠯ᠎ᠠ  ᠬᠤᠶᠠᠷ  ᠮᠢᠨᠢᠤᠯᠠᠨ  ᠨᠥᠬᠦᠳ  ᠤᠨ  ᠳᠤᠮᠳᠠ  ᠠᠴᠠ  ᠤᠷᠤᠶᠢᠯᠠᠵᠤ  ᠭᠠᠭᠴᠠᠭᠠᠷ  ᠨᠢᠰᠥᠭᠰᠡᠨᠤᠷᠤᠨ  ᠤ  ᠡᠳᠥᠷ  ᠤᠨ  ᠰᠤᠨᠢᠨ  ᠤ  ᠰᠤᠷᠪᠤᠯᠵᠢᠯᠠᠭᠴᠢ  ᠠᠯᠳᠠᠷ  ᠢ  ᠡᠷᠭᠦᠭᠰᠡᠨᠠᠩᠭᠢ  ᠶᠢᠨ  ᠳᠠᠷᠤᠭ᠎ᠠ  ᠶᠢᠨ  ᠲᠤᠰᠢᠶᠠᠯ  ᠳᠤ  ᠤᠡ  ᠳᠠᠷᠠᠭᠠᠯᠠᠨ  ᠰᠠᠭᠠᠲᠠᠭᠰᠠᠨ ᠠᠶᠢᠯ ᠤᠨ  ᠬᠡᠬᠡᠨᠴᠢᠷ  ᠪᠥᠰᠡᠭᠦᠢ  ᠂  ᠦᠵᠡᠰᠬᠦᠯᠡᠩᠲᠥ  ᠭᠤᠪᠠᠢ  ᠨᠠᠷᠠᠰᠤ  ᠮᠢᠨᠢᠡᠷᠳᠡᠨᠢ  ᠶᠢᠨ  ᠪᠤᠷᠥ  ᠡᠷᠢᠬᠡ  ᠶᠢ  ᠬᠥᠵᠥᠭᠦᠨ  ᠳᠤ   ᠪᠠᠨ  ᠨᠠᠮᠪᠠᠭᠠᠯᠢᠭ  ᠵᠡᠭᠦᠵᠥᠡᠷᠬᠢᠮ  ᠳᠤᠤᠷᠠᠲᠤ  ᠬᠤᠶᠠᠷ  ᠢ  ᠠᠳᠠᠯᠢᠬᠠᠨ  ᠬᠠᠷᠠᠴᠠ  ᠪᠠᠷ  ᠰᠢᠷᠲᠡᠵᠦ ᠡᠷᠢᠵᠥ  ᠰᠤᠷᠠᠵᠤ  ᠬᠥᠷᠥᠭᠰᠡᠨ  ᠂  ᠢᠲᠡᠭᠡᠯ  ᠪᠢᠰᠢᠷᠡᠯ   ᠲᠠᠢ  ᠲᠥᠮᠡᠨ  ᠢᠶᠠᠨᠠᠯᠠᠭ᠎ᠠ  ᠬᠠᠪᠰᠤᠷᠤᠨ  ᠵᠠᠯᠪᠠᠷᠢᠭᠰᠠᠨ  ᠪᠥᠷᠢᠨᠵᠢᠷᠭᠠᠯ᠂  ᠬᠢᠴᠢᠶᠡᠯᠲᠦ  ᠬᠤᠶᠠᠷ  ᠮᠠᠮᠠ  ᠮᠢᠨᠢᠤᠰᠤ ᠨᠤᠲᠤᠭ  ᠤᠨ   ᠢᠶᠠᠨ  ᠳᠤᠮᠳᠠ  ᠠᠮᠢᠳᠤᠷᠠᠯ  ᠤᠨ  ᠥᠭᠡᠳᠡ   ᠪᠠᠷ  ᠢᠶᠠᠨ  ᠱᠠᠭᠱᠢᠭᠳᠠᠵᠤ ᠦᠬᠡᠷ   ᠬᠤᠨᠢ  ᠬᠤᠶᠠᠷ  ᠢᠶᠠᠷ  ᠢᠶᠠᠨ  ᠬᠤᠲᠠ   ᠪᠠᠨ  ᠪᠠᠷᠳᠠᠮ  ᠳᠥᠭᠦᠷᠭᠡᠵᠥᠠᠶᠢᠷᠠᠭ᠂  ᠠᠷᠠᠵᠠ  ᠬᠤᠶᠠᠷ  ᠲᠤ   ᠪᠠᠨ  ᠠᠳᠠᠯᠢᠬᠠᠨ ᠰᠤᠭᠲᠤᠵᠤ  ᠶᠠᠪᠤᠭᠰᠠᠨᠤᠳᠬᠤᠨᠪᠠᠶᠠᠷ᠂  ᠰᠡᠴᠡᠨᠪᠠᠶᠠᠷ᠂  ᠬᠤᠪᠢᠰᠬᠠᠯᠲᠤ᠂  ᠠᠯᠲᠠᠨᠰᠠᠩ᠂  ᠠᠮᠢᠨᠳᠠᠢ  ᠮᠢᠨᠢ  ︿︿ ᠬᠥᠬᠡ  ᠮᠤᠩᠭᠤᠯ   ᠳᠡᠯᠭᠡᠭᠦᠷ  ﹀﹀  ᠢᠶᠠᠨ  ᠬᠥᠭᠵᠢᠶᠡᠨᠲᠦ  ᠪᠠᠯᠭᠠᠰᠤᠨ  ᠳᠤ  ᠠᠵᠢᠯᠯᠠᠭᠤᠯᠤᠨ ᠬᠥᠮᠥᠨ  ᠠᠷᠠᠳ  ᠤᠯᠠᠨ    ᠳᠤ   ᠪᠠᠨ  ᠲᠤᠰᠠ  ᠪᠤᠯᠵᠤ  ᠮᠡᠷᠡᠶᠢᠭᠰᠡᠨ ᠬᠥᠳᠡᠭᠡ  ᠶᠢᠨ  ᠪᠤᠷᠥ  ᠦᠬᠢᠨ   ᠠᠴᠠ ᠪᠠᠨ  ᠵᠠᠬᠢᠷᠤᠯ  ᠪᠤᠯᠵᠤ  ᠭᠡᠳᠡᠶᠢᠭᠰᠡᠨᠬᠦᠰᠡᠯ   ᠲᠡᠷᠭᠡᠯᠰᠢᠯᠡᠭᠦᠯᠥᠨ  ᠶᠠᠪᠤᠭ᠎ᠠ  ᠪᠠᠳᠮ᠎ᠠ  ᠲᠤᠮᠤ  ᠲᠠᠭᠠᠭᠠᠮᠯ  ᠮᠢᠨᠢᠲᠠᠪᠤᠨ  ᠠᠮᠢᠳᠤ  ᠡᠷᠳᠡᠨᠢ  ᠶᠢᠨ  ᠢᠶᠠᠨ  ᠨᠢᠭᠡ  ᠪᠤᠯᠤᠭᠰᠠᠨ  ᠬᠤᠨᠢ  ᠪᠠᠨ ᠲᠠᠯ᠎ᠠ  ᠂ ᠬᠠᠩᠭᠠᠢ  ᠂ ᠬᠤᠸᠠ   ᠳᠤ   ᠪᠠᠨ  ᠨᠡᠯᠥᠶᠢᠲᠡᠯ᠎ᠡ  ᠪᠡᠯᠴᠢᠭᠡᠵᠥ ᠲᠠᠩᠰᠤᠭ  ᠰᠥᠷᠥᠭ  ᠢᠶᠠᠷ ᠢᠶᠠᠨ  ᠪᠠᠭ᠋ᠠᠷᠬᠠᠨ  ᠨᠢᠷᠤᠭᠤ  ᠭᠡᠳᠡᠭᠡᠷ ᠵᠠᠪᠢᠯᠠᠭᠰᠠᠨ ᠲᠠ  ᠪᠢᠳᠡᠨ  ᠤ  ᠲᠠᠭᠤᠷᠢᠶᠠᠯ  ᠰᠡᠷᠭᠦᠯᠡᠩ᠂  ᠪᠤᠶᠠᠨᠳᠡᠯᠭᠡᠷ  ᠬᠤᠶᠠᠷ  ᠮᠢᠨᠢ ᠰᠢᠷᠠᠮᠠᠯ᠂ ᠱᠠᠯᠪᠢᠩ  ᠤᠨ  ᠠᠮᠲᠠ   ᠶᠢ  ᠰᠠᠨᠠᠭᠰᠠᠨ  ᠪᠥᠬᠦᠨ  ᠳᠤ  ᠬᠥᠷᠭᠡᠵᠥ ᠰᠢᠯ  ᠯᠤᠩᠬᠤ   ᠲᠠᠢ  ᠨᠡᠷᠡᠮᠡᠯ   ᠢ  ᠬᠠᠷᠠᠭᠰᠠᠨ  ᠪᠥᠬᠦᠨ  ᠳᠤ  ᠠᠮᠰᠠᠭᠤᠯᠵᠤᠰᠥᠯᠳᠡ  ᠬᠡᠶᠢᠮᠣᠷᠢ   ᠪᠠᠨ  ᠪᠠᠳᠠᠷᠠᠭᠠᠨ  ᠂  ᠵᠤᠷᠢᠭ  ᠲᠡᠭᠦᠯᠳᠡᠷ  ᠵᠠᠮᠨᠠᠭᠰᠠᠨᠰᠢᠯᠤᠭᠤᠨ  ᠴᠢᠭᠴᠢ  ᠡᠵᠡᠨᠲᠡᠨ  ᠲᠥᠮᠡᠨᠪᠠᠶᠠᠷ᠂  ᠬᠠᠢ  ᠬᠤᠸᠠ  ᠬᠤᠶᠠᠷ   ᠮᠢᠨᠢᠭᠠᠳᠠᠨᠠᠬᠢ  ᠠᠷᠠᠯᠵᠢᠶᠠᠴᠢᠨ   ᠢ  ᠤᠷᠢᠨ  ᠭᠠᠶᠢᠭᠤᠢ ᠴᠢᠷᠮᠠᠶᠢᠨ  ᠶᠠᠭᠠᠷᠠᠵᠤ ᠭᠠᠩᠭᠠᠩ  ᠵᠠᠯᠠᠭᠤ  ᠨᠠᠰᠤ    ᠪᠠᠨ  ᠭᠠᠭᠴᠠ  ᠡᠭᠦᠨ  ᠳᠡᠭᠡᠷ᠎ᠡ  ᠯᠡ  ᠵᠤᠷᠢᠭᠤᠯᠤᠨ ᠳᠠᠪᠬᠤᠷ  ᠠᠯᠠᠭ  ᠨᠢᠳᠦ    ᠪᠠᠷ   ᠢᠶᠠᠨ  ᠬᠠᠶᠢᠷᠠᠲᠠᠢ  ᠭᠡᠷᠭᠡᠢ   ᠪᠠᠨ  ᠤᠶᠠᠰᠬᠠᠭᠰᠠᠨ ᠲᠤᠮᠤ  ᠬᠥᠷᠥᠩᠭᠡᠲᠡᠨ  ᠶᠠᠪᠤᠭ᠎ᠠ   ᠪᠦᠦ  ᠢᠤᠢ  ᠭᠡᠳᠡᠭ  ᠨᠥᠬᠦᠷ  ᠮᠢᠨᠢ ᠰᠤᠷᠮᠠᠭᠠᠢ  ᠦᠰᠥᠴᠢᠨ ᠨᠠᠪᠴᠢ᠂  ᠰᠤᠷᠴᠢᠨ  ᠤ  ᠭᠡᠷᠭᠡᠢ  ᠨᠠᠷᠠᠨᠭᠤᠸ᠎ᠠ  ᠭᠡᠵᠦ  ᠪᠤᠢᠰᠢᠯᠢᠳᠡᠭ  ᠮᠠᠯᠴᠢᠨ  ᠬᠠᠰᠲᠤᠶᠠᠭ᠎ᠠ᠂  ᠰᠤᠳᠤᠨ  ᠳᠡᠯᠭᠡᠭᠦᠷᠴᠢ  ᠰᠠᠷᠠᠨᠭᠡᠷᠡᠯ  ᠭᠡᠵᠦ  ᠪᠤᠢ ᠶᠠᠭᠠᠷᠠᠬᠤ  ᠶᠢ  ᠮᠡᠳᠡᠳᠡᠭ   ᠦᠭᠡᠢ  ᠴᠤᠭᠵᠢᠯᠲᠤ᠂  ︿︿ ᠶᠠᠭᠵᠢᠭ  ᠬᠤᠷᠤᠭᠤᠲᠤ  ﹀﹀  ᠡᠷᠳᠡᠨᠢᠲᠤᠩᠭᠠᠯᠠᠭ  ᠭᠡᠵᠦ  ᠪᠤᠢᠶᠠᠩᠰᠢᠶ᠎ᠠ  ︿︿ ᠡᠮ᠎ᠡ  ﹀﹀  ᠶᠥᠩ  ᠴᠢᠩ  ᠂  ᠶᠠᠰᠤᠯᠢᠭ  ᠡᠷ᠎ᠠ  ᠭᠡᠷᠡᠯᠲᠦ  ᠭᠡᠵᠦ  ᠪᠤᠢᠭᠠᠩᠭᠠᠩ  ᠵᠠᠯᠠᠭᠤ  ᠰᠠᠶᠢᠰᠢᠶᠠᠯᠲᠤ᠂  ᠭᠠᠷ ᠬᠡᠭᠡᠯᠳᠥᠭᠦᠯᠥᠭᠴᠢ  ᠡᠷᠳᠡᠮᠲᠦ  ᠭᠡᠵᠦ  ᠪᠤᠢ ᠭᠠᠴᠠᠭᠠᠨ   ᠳᠤ  ᠠᠯᠪᠠ   ᠲᠠᠢ  ᠠᠯᠲᠠᠨᠵᠢᠷᠥᠬᠡ᠂  ᠭᠠᠷ  ᠤᠨ  ᠲᠢᠭ  ᠭᠤᠶᠤ   ᠪᠦᠦ   ᠶᠢᠨ  ᠯᠥᠩ  ᠭᠡᠵᠦ  ᠪᠤᠢᠲᠠᠭᠤᠴᠢᠨ  ᠶᠠᠪᠤᠭᠰᠠᠨ  ᠲᠡᠮᠥᠷᠪᠠᠭᠠᠨ᠎ᠠ  ᠂ ᠲᠤᠭᠤᠷᠢᠨ  ᠴᠠᠭᠳᠠᠭᠴᠢ  ᠠᠯᠲᠠᠨᠪᠠᠭᠠᠨ᠎ᠠ  ᠭᠡᠵᠦ   ᠪᠤᠢᠲᠤᠮᠤ  ᠪᠠᠶᠠᠨ  ᠢᠤᠢ  ᠯᠥᠩ᠂  ᠳᠡᠯᠡᠬᠡᠢ  ᠲᠤᠭᠤᠷᠢᠭᠰᠠᠨ  ᠪᠥᠷᠢᠨᠮᠠᠨᠳᠤᠬᠤ  ᠭᠡᠵᠦ  ᠪᠤᠢ ᠬᠦᠭᠡᠷᠦᠬᠦᠨ  ᠵᠢᠭᠵᠢᠭᠡᠷ  ᠤᠷᠠᠩᠭᠤᠸ᠎ᠠ  ᠂ ᠬᠥᠥ ᠰᠢᠭ  ᠠᠯᠢᠶ᠎ᠠ  ᠤᠳᠤᠩᠭᠡᠷᠡᠯ  ᠭᠡᠵᠦ  ᠪᠤᠢ ᠨᠢᠭᠤᠴᠠᠬᠠᠢ  ᠲᠥᠯᠭᠡᠴᠢ  ᠰᠡᠴᠡᠨᠪᠠᠭᠠᠲᠤᠷ᠂  ᠨᠡᠷ᠎ᠡ   ᠲᠠᠢ  ᠪᠠᠶᠠᠨ  ᠰᠠᠷᠠᠨᠳᠥᠭᠦᠷᠡᠩ  ᠭᠡᠵᠦ  ᠪᠤᠢ ᠤᠷᠲᠤ  ᠰᠤᠷᠮᠤᠤᠰᠤ   ᠲᠠᠢ  ᠨᠠᠷᠠ  ᠂  ᠤᠳᠤᠮ  ᠤᠨ  ᠮᠡᠷᠭᠡᠨ   ᠤᠷᠲᠤ  ᠭᠡᠵᠦ  ᠪᠤᠢ ᠨᠠᠮᠤᠭᠤᠬᠠᠨ  ᠳᠥᠯᠭᠡᠨ  ᠬᠥᠥᠳᠡᠯᠭᠡᠷ᠂  ᠨᠠᠷᠢᠯᠢᠭ  ᠨᠢᠮᠪᠠᠢ  ᠪᠠᠶᠠᠨᠮᠠᠨᠳᠤᠬᠤ  ᠭᠡᠵᠦ ᠪᠤᠢᠠᠷᠢᠬᠢ ᠦᠨᠦᠷᠲᠦᠳᠡᠭ  ᠦᠭᠡᠢ  ᠪᠦᠦ  ᠴᠢᠤᠸᠠᠨ᠂  ᠤᠯᠠᠨ  ᠤ  ᠠᠬ᠎ᠠ  ᠰᠡᠴᠡᠨᠬᠦᠦ  ᠭᠡᠵᠦ  ᠪᠤᠢ ᠦᠬᠡᠷ  ᠤᠨ  ᠮᠠᠶᠢᠮᠠᠶᠢᠴᠢᠨ  ᠰᠤᠷᠲᠠᠯᠲᠤ᠂  ᠤᠯᠠᠨ ᠵᠤᠭᠤᠭ   ᠲᠠᠢ   ᠹᠠᠩ   ᠵᠡᠠ    ᠭᠡᠵᠦ  ᠪᠤᠢ ᠪᠠᠭᠠᠲᠤᠷ  ᠢᠳᠡᠲᠡᠨ  ᠰᠢᠭ  ᠨᠠᠷᠠᠨᠴᠢᠮᠡᠭ᠂  ᠪᠡᠶ᠎ᠡ  ᠪᠤᠭᠤᠨᠢᠬᠠᠨ   ᠲᠡᠮᠥᠷᠪᠦᠭᠡ  ᠭᠡᠵᠦ  ᠪᠤᠢ ᠲᠠᠪᠠᠭᠤ  ᠴᠤ  ᠠᠯᠢᠶ᠎ᠠ  ᠦᠯᠵᠡᠶᠢᠳᠡᠯᠭᠡᠷ᠂  ᠲᠠᠮᠢᠷ  ᠬᠦᠴᠦ   ᠲᠠᠢ  ᠠᠯᠲᠠᠨᠬᠦᠥ  ᠭᠡᠵᠦ  ᠪᠤᠢᠬᠠᠮᠤᠭ  ᠲᠠᠷᠤᠤ ᠪᠠᠳᠮᠠᠯᠢᠩᠬᠤᠸ᠎ᠠ  ᠂  ᠬᠡᠰᠢᠭᠲᠡᠨ  ᠳᠤ  ᠬᠠᠷᠢᠯᠠᠭᠰᠠᠨ  ᠨᠠᠪᠴᠢᠨᠭᠡᠷᠡᠯ  ᠭᠡᠵᠦ  ᠪᠤᠢ ᠰᠢᠯᠤᠭᠤᠨ  ᠬᠥᠬᠡ   ᠳᠤ  ᠠᠵᠢᠯᠯᠠᠳᠠᠭ  ᠯᠢᠩᠬᠤᠸ᠎ᠠ  ᠂ ᠰᠡᠮᠬᠡᠨ  ᠳᠠᠭᠤ   ᠲᠠᠢ  ᠰᠠᠷᠠᠭᠤᠯ  ᠭᠡᠵᠦ ᠪᠤᠢ ᠰᠢᠳᠤᠷᠭᠤ  ᠨᠤᠮᠤᠢ  ᠳ᠋ᠦᠩ  ᠵᠢᠶᠧ  ᠂ ᠰᠢᠭᠤᠳ ᠰᠢᠯᠤᠭᠤᠨ  ᠦᠷᠡᠴᠡᠴᠡᠭ  ᠭᠡᠵᠦ ᠪᠤᠢ   ᠦᠭᠡ  ᠴᠦᠭᠡᠨᠲᠡᠢ  ᠲᠡᠮᠦᠷ᠎ᠡ  ᠂  ᠦᠪᠡᠷ  ᠤᠨ  ᠡᠬᠡᠨᠠᠷ ᠶᠢᠨ  ᠬᠤᠸᠠ  ᠭᠡᠵᠦ  ᠪᠤᠢᠤᠯᠠᠨ  ᠤᠯᠠᠨ  ᠨᠦᠬᠦᠳ   ᠢᠶᠠᠨ ᠠᠯᠢ   ᠶᠢ   ᠨᠢ  ᠬᠤᠯᠪᠤᠭᠠᠳ  ᠪᠠᠷᠠᠨ᠎ᠠ  ᠪᠤᠢ  ︖ ᠤᠷᠬᠢᠭᠳᠠᠵᠤ  ᠬᠤᠴᠤᠷᠤᠭᠰᠠᠨ  ᠮᠠᠭᠠᠳ  ᠦᠭᠡᠢ  ᠤᠨᠳᠤᠭᠤᠴᠠᠵᠤ ᠪᠢᠲᠡᠭᠡᠢ  ᠠᠭᠤᠷᠯᠠᠭᠠᠷᠠᠢᠤᠭᠤᠰᠤᠷ  ᠪᠥᠴᠡ  ᠦᠭᠡᠢ  ᠤᠷᠴᠢᠯᠠᠩ ᠳᠤ  ᠮᠠᠷᠭᠠᠰᠢ  ᠪᠠᠰᠠ  ᠢᠷᠡᠳᠡᠭ  ᠲᠤᠯᠠ ᠤᠷᠤᠶᠢᠲᠠᠵᠤ   ᠬᠤᠵᠢᠮ  ᠵᠠᠯᠭᠠᠬᠤ   ᠶᠢ  ᠠᠳᠡ  ᠴᠤᠬᠤᠰ  ᠳᠤᠷᠠᠳᠤᠶ᠎ᠠ ᠬᠢᠵᠢᠭ  ᠲᠠᠬᠤᠯ  ᠤᠨ  ᠨᠥᠯᠥᠭᠡ    ᠪᠠᠷ  ᠬᠢᠳᠡᠯ  ᠠᠯᠳᠠᠨ  ᠰᠠᠭᠤᠬᠤ   ᠳᠤ  ᠪᠠᠨ ᠬᠡᠷᠡᠭ ᠴᠤ ᠦᠭᠡᠢ  ᠶᠠᠭᠤᠮ᠎ᠠ  ᠭᠡᠮᠡᠷ  ᠂ ᠬᠡᠳᠦᠨ ᠪᠠᠳᠠᠭ  ᠬᠡᠯᠬᠢᠭᠰᠡᠨ  ᠶᠤᠮᠬᠡᠷᠡᠭ  ᠲᠤ  ᠲᠤᠷᠠᠲᠠᠢ  ᠨᠠᠶᠢᠵᠠ  ᠶᠢᠨ  ᠬᠢᠨᠢ  ᠰᠤᠶᠤᠯ  ᠭᠦᠢᠬᠡᠨ   ᠤ  ᠬᠠᠷᠠᠭ᠎ᠠ    ᠪᠠᠷ ᠬᠡᠳᠥᠷᠡᠭᠦᠯᠵᠥ  ᠪᠠᠭᠠᠳᠠᠭᠤᠯᠤᠭᠰᠠᠨ  ᠤᠴᠢᠷ  ᠪᠤᠢ  ᠂  ᠬᠢᠴᠢᠶᠡᠨ  ᠪᠤᠯᠭᠤᠮᠵᠢᠯᠠᠵᠤ  ᠤᠩᠰᠢᠮᠤ ᠦ  ᠰᠡᠪ  ᠦᠭᠡᠢ  ᠤᠴᠢᠷ  ᠭᠡᠵᠦ   ᠤᠤᠯ  ᠠᠴᠠ  ᠪᠠᠨ  ᠶᠡᠷᠦ  ᠪᠠᠶᠢᠳᠠᠭ  ᠦᠭᠡᠢᠦᠵᠡᠬᠦ  ᠤᠯᠠᠨ  ᠮᠡᠷᠭᠡᠳ ᠮᠢᠨᠢ  ᠡᠷᠢᠶᠡᠯᠡᠯ  ᠦᠭᠡᠢ  ᠰᠢᠭᠦᠮᠵᠢᠯᠡ ᠡᠷᠬᠢᠮ  ᠲᠠᠨ   ᠤ  ᠬᠠᠷᠠᠭᠠᠨ   ᠳᠤ  ᠂ ᠦᠷᠲᠦᠵᠤ  ᠬᠡᠷᠪᠡ  ᠪᠠᠭᠲᠠᠪᠠᠰᠤ ᠦᠪᠡᠷ  ᠪᠡᠶ᠎ᠡ  ᠳᠤ   ᠮᠢᠨᠢ  ᠬᠠᠷᠢᠨ  ᠤᠮᠤᠭᠰᠢᠯ  ᠪᠤᠯᠬᠤ  ᠪᠢᠵᠡ  ︖︕                          
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备07002090号