ᠠᠯᠳ᠋ᠭᠭᠠᠷᠣᠳᠢ | ᠦᠬᠡᠷ ᠴᠢᠯᠠᠭᠤ | — ᠲᠦᠷᠦᠭᠰᠠᠨ ᠨᠣᠳᠤᠭ ᠤᠨ ᠮᠢᠨᠢ ᠪᠠᠭᠤᠷᠢ ᠲᠡᠭᠡᠷ᠎ᠡ | ᠦᠬᠡᠷ ᠴᠢᠯᠠᠭᠤ ᠪᠠᠶᠢᠳᠠᠭ᠂ ᠲᠦᠮᠡᠨ ᠣᠳᠣᠨ ᠤ | ᠣᠳᠣᠮ ᠦᠮᠪᠣᠦ ᠴᠢᠯᠠᠭᠤ ᠪᠠᠶᠢᠳᠠᠭ᠃ | ᠪᠠᠷᠠᠭᠤᠨ ᠬᠠᠰᠢᠶᠠᠨ ᠳᠤ ᠮᠢᠨᠢ ᠦᠬᠡᠷ ᠴᠢᠯᠠᠭᠤ ᠪᠠᠶᠢᠭᠰᠠᠨ ᠶᠣᠮ | ᠪᠢᠷᠠᠭᠤᠳ ᠲᠣᠭᠤᠯ ᠤᠳ ᠮᠢᠨᠢ ᠮᠦᠷᠭᠦᠯᠳᠦᠨ ᠨᠠᠭᠠᠳᠣᠳᠠᠭ ᠪᠠᠶᠢᠭᠰᠠᠨ ᠶᠣᠮ | ᠪᠠᠭ᠎ᠠ ᠶᠢᠨ ᠨᠣᠳᠤᠭ ᠠᠴᠠ ᠪᠢᠳᠡ ᠨᠢᠭᠡ ᠡᠳᠦᠷ ᠨᠡᠭᠦᠭᠰᠡᠨ ᠶᠣᠮ | ᠪᠠᠭ᠋ᠠᠨ ᠵᠠᠯᠬᠠᠭᠤᠷᠠᠭᠰᠠᠨ ᠮᠡᠳᠦ ᠦᠬᠡᠷ ᠴᠢᠯᠠᠭᠤ ᠮᠢᠨᠢ ᠬᠤᠴᠣᠷᠠᠭᠰᠠᠨ ᠶᠣᠮ᠂᠂᠂᠂ | ᠰᠣᠯᠢᠷ ᠣᠳᠣᠨ ᠤ ᠬᠡᠯᠳᠡᠷᠬᠡᠢ ᠶᠣᠮ ᠬᠡᠵᠣ ᠠᠪᠤ ᠮᠢᠨᠢ | ᠰᠣᠯᠵᠢᠷ᠂ ᠲᠣᠩᠭᠠ ᠦᠬᠡᠷ ᠤᠳ ᠲᠠᠢ ᠪᠠᠨ ᠬᠤᠷᠣᠭᠠᠯᠠᠵᠣ ᠠᠪᠣᠭᠰᠠᠨ ᠶᠣᠮ | ᠰᠣᠪᠣᠳ ᠴᠡᠩᠬᠡᠷ ᠠᠮᠢᠳᠣᠷᠠᠯ ᠤᠨ ᠲᠡᠭᠷᠢ ᠲᠣᠣᠭᠠᠷᠬᠤ ᠳᠤ | ᠰᠣᠨᠢᠨ ᠰᠠᠶᠢᠬᠠᠨ ᠰᠠᠨᠰᠠᠷ ᠲᠤ ᠰᠠᠴᠣᠭᠳᠠᠬᠤ ᠪᠣᠯᠣᠭᠰᠠᠨ ᠶᠣᠮ | ᠴᠠᠭᠠᠨ ᠢᠳᠡᠭᠡᠨ ᠢᠶᠠᠷ ᠢᠶᠠᠨ ᠢᠵᠢᠢ ᠮᠢᠨᠢ ᠲᠠᠭᠢᠳᠠᠭ ᠴᠢᠯᠠᠭᠤ ᠶᠣᠮ | ᠴᠠᠭᠠᠨ᠎ᠠ ᠲᠡᠭᠷᠢ ᠲᠠᠢ ᠶᠠᠷᠢᠵᠣ ᠪᠠᠶᠠᠰᠳᠠᠭ ᠴᠢᠯᠠᠭᠤ ᠶᠣᠮ | ᠴᠠᠭ ᠬᠡᠪᠢᠵᠣ ᠬᠠᠶᠠ ᠲᠦᠩᠭᠢᠨᠡᠳᠡᠯᠡ ᠮᠦᠭᠡᠷᠡᠳᠡᠭ ᠶᠣᠮ | ᠴᠠᠭᠢᠯᠭᠠᠨ ᠭᠢᠯᠪᠡᠭᠡᠯᠡᠵᠣ ᠣᠭᠳᠠᠷᠭᠤᠢ ᠲᠠᠭᠤ ᠶᠢ ᠨᠢ ᠮᠦᠩᠭᠡᠯᠡᠳᠡᠭ ᠶᠣᠮ | ᠪᠣᠷᠤᠭ᠎ᠠ ᠣᠷᠣᠵᠣ ᠲᠡᠭᠷᠢ ᠲᠣᠣᠭᠠᠷᠬᠤ ᠪᠦᠷᠢ | ᠪᠣᠬ᠎ᠠ ᠮᠡᠳᠦ ᠴᠢᠯᠠᠭᠤ ᠪᠠᠨ ᠮᠦᠭᠡᠷᠡᠪᠡ ᠬᠡᠮᠡᠨ ᠰᠠᠨᠠᠳᠠᠭ ᠰᠠᠨ | ᠰᠢᠷᠣᠢ ᠰᠠᠴᠣᠵᠣ ᠲᠡᠭᠷᠢ ᠶᠢᠨ ᠵᠣᠪᠭᠢ ᠣᠯᠠᠶᠢᠭᠰᠠᠭᠠᠷ | ᠰᠢᠷ᠎ᠠ ᠮᠦᠷᠡᠨ ᠤ ᠰᠠᠪᠠ ᠭᠠᠵᠠᠷ ᠲᠠᠷᠭᠢᠳᠠᠭ ᠶᠣᠮ | ᠰᠠᠭᠠᠯᠢ ᠶᠢᠨ ᠵᠣᠨ ᠦᠬᠡᠷ ᠴᠢᠯᠠᠭᠤᠨ ᠠᠴᠠ ᠮᠢᠨᠢ ᠡᠭᠢᠯᠡᠳᠡᠭ ᠶᠣᠮ | ᠰᠠᠪᠠ ᠪᠠᠨ ᠴᠠᠯᠭᠢᠭᠤᠯᠠᠭᠰᠠᠭᠠᠷ ᠪᠠᠶᠠᠨ ᠨᠠᠮᠣᠷ ᠲᠤ ᠬᠦᠷᠳᠡᠭ ᠶᠣᠮ | ᠮᠠᠩᠨᠠᠢ ᠳᠠᠭᠠᠨ ᠰᠠᠷ᠎ᠠ ᠲᠠᠢ ᠨᠠᠢᠮᠠᠨ ᠰᠠᠷ᠎ᠠ ᠶᠢᠨ ᠠᠷᠪᠠᠳ ᠢᠶᠠᠷ | ᠮᠠᠯᠴᠢᠨ ᠠᠶᠢᠯ ᠤᠨ ᠬᠢᠨ ᠲᠣᠭᠤᠯ ᠢᠶᠠᠨ ︽ᠲᠠᠭᠠᠭᠤᠯᠵᠣ︾ ᠬᠦᠭᠵᠢᠯᠳᠦᠳᠡᠭ ᠶᠣᠮ | ᠰᠣᠯᠢᠷ ᠦᠬᠡᠷ ᠮᠢᠨᠢ ᠣᠳᠣᠳ ᠤᠨ ᠪᠠᠷ᠎ᠠ ᠬᠠᠷᠠᠵᠣ | ᠰᠣᠪᠠᠢ ᠴᠠᠭᠠᠨ ᠮᠡᠴᠢᠳ ᠣᠷᠣᠭᠤ ︽ᠮᠦᠭᠡᠷᠡᠬᠦ︾ ᠶᠣᠮ | ᠰᠣᠨᠢᠶᠠᠨ ᠠᠶᠢᠰᠣᠢ ᠠᠷᠢᠭᠤᠨ ᠭᠡᠷᠡᠯ ᠤᠨ ᠰᠦᠷᠦᠭ ᠲᠤ | ᠰᠣᠪᠢᠩ ᠨᠡᠶᠢᠯᠡᠵᠣ ᠣᠷᠴᠢᠯᠠᠩ ᠲᠦᠭᠦᠷᠡᠩ ᠪᠡᠯᠴᠢᠬᠦ ᠶᠣᠮ | ᠭᠡᠭᠡ ᠣᠷᠣᠬᠤ ᠪᠠᠷ ᠰᠣᠯᠢᠷ ᠮᠢᠨᠢ ᠢᠵᠢᠯᠢ ᠳᠡᠭᠡᠨ ᠢᠷᠡᠳᠡᠭ ᠶᠣᠮ | ᠭᠡᠷᠡᠯ ᠢᠶᠠᠨ ᠬᠤᠷᠢᠶᠠᠵᠣ ᠣᠳᠣᠨ ᠰᠦᠷᠦᠭ ᠡᠷᠭᠢᠳᠡᠭ ᠶᠣᠮ | ᠭᠡᠷ᠂ ᠣᠰᠣᠨ ᠳᠤ ᠦᠬᠡᠷ ᠱᠠᠷ ᠤᠳ ᠢᠷᠡᠭᠡᠳ ᠯᠡ | ᠭᠡᠭᠡᠨ ᠴᠢᠯᠠᠭᠤ ᠶᠢ ᠬᠦᠷᠢᠶᠡᠯᠡᠨ ᠲᠣᠯᠢᠶᠠᠨ ᠦᠨᠦᠷᠳᠡᠳᠡᠭ ᠡ | ᠪᠣᠶᠠᠨ ᠤ ᠮᠢᠨᠢ ᠨᠡᠷᠡᠳᠠᠢ ᠦᠮᠪᠦᠦ ᠴᠢᠯᠠᠭᠤ ᠪᠣᠯᠬᠤᠷ | ᠪᠣᠮᠠᠨ ᠦᠬᠡᠷ ᠤᠳ ᠲᠠᠨᠢᠨ ᠵᠢᠰᠦᠯᠡᠳᠡᠭ ᠴᠦ ᠶᠣᠮ ᠦᠦ ᠳ᠋ᠠ︖ | ᠪᠣᠷᠬᠠᠨ ︽ᠡᠵᠢ︾ ᠶᠢᠨ ᠬᠦᠬᠡ ᠲᠠᠪᠣᠰᠣ ᠶᠢ ᠪᠣᠯᠬᠤᠷ | ᠪᠣᠷᠣᠭᠠᠨ ᠳᠤ ᠦᠭᠬᠦ ᠪᠠᠷ ᠲᠡᠷᠡ ᠭᠠᠭᠴᠠᠭᠠᠷ ᠢᠶᠠᠨ ᠢᠳᠡᠴᠢᠬᠡᠳᠡᠭ ᠡ | ᠪᠠᠯᠴᠢᠷ ᠪᠠᠭ᠎ᠠ ᠳᠠᠭᠠᠨ ᠦᠬᠡᠷ ᠭᠡᠵᠣ ᠴᠢᠮ᠎ᠠ ᠶᠢ ᠬᠠᠷᠠᠳᠠᠭ | ᠪᠠᠯ ᠰᠢᠭᠢᠷ᠂ ᠬᠤᠵᠢᠷ᠂ ᠪᠣᠷᠠᠮ ᠠᠴᠠ ᠪᠠᠨ ᠬᠠᠶᠢᠷᠠᠯᠠᠳᠠᠭ | ᠨᠣᠳᠤᠭ ᠨᠡᠬᠦᠬᠦ ᠪᠠᠷ ᠦᠦᠪ ᠦᠦᠪ ᠲᠣᠷᠠᠰᠣᠩᠬᠠᠨ ᠪᠠᠶᠢᠨ᠎ᠠ | ᠨᠣᠭᠤᠨ ᠦᠷ᠎ᠡ ᠶᠢᠨ ᠢᠶᠠᠨ ᠦᠪ ᠦᠪ ᠭᠡᠵᠣ ᠲᠠᠭᠤᠯᠠᠮᠠᠷᠬᠠᠨ ᠪᠠᠶᠢᠨ᠎ᠠ︕ | | ᠬᠠᠷᠢᠯᠴᠠᠬᠤ ᠬᠠᠶ᠋ᠢᠭ᠄ ᠣᠯᠠᠭᠠᠨᠬᠠᠳᠠ ᠬᠤᠳᠠ ᠶᠢᠨ ᠪᠠᠭᠠᠷᠢᠨ ᠪᠠᠷᠠᠭᠤᠨ ᠬᠤᠰᠢᠭᠤ | ᠳ᠋ᠠᠪᠠᠨ ᠪᠠᠯᠭᠠᠰᠣ᠂ ᠪᠠᠶᠠᠨᠬᠠᠨ ᠭᠠᠴᠠᠭ᠎ᠠ | ᠬᠠᠷᠢᠯᠴᠠᠬᠤ ᠣᠳᠠᠰᠣ᠄ 17647698505 | | |