ᠬᠠᠪᠣᠷ ᠤᠨ ᠣᠶᠠᠩᠭ᠎ᠠ
ᠨᠡᠶᠢᠲᠡᠯᠡᠭᠰᠡᠨ ᠴᠠᠭ᠄
2021/2/11
 ᠬᠠᠪᠣᠷ ᠤᠨ ᠣᠶᠠᠩᠭ᠎ᠠ                                       —  ᠲᠣᠯᠣᠳ  ᠰᠠ᠊  ᠂  ᠬᠠᠰᠴᠢᠮᠡᠭ ᠬᠠᠬᠢᠷ ᠤᠨ ᠭᠤᠣᠯ ᠤᠨ ᠲᠡᠯᠡᠬᠡᠨ ᠤ ᠣᠰᠣ᠂ ᠪᠣᠯᠠᠭ ᠲᠠᠢ ᠣᠷᠣᠰᠬᠠᠯ ᠵᠠᠯᠭᠠᠯᠳᠣᠵᠣ ᠬᠠᠳᠠᠭ ᠮᠡᠳᠦ ᠡᠮᠵᠢᠶᠡᠷᠯᠡᠨ᠂ ᠬᠦᠷᠦᠰᠦᠨ ᠳᠤᠨᠢ ᠰᠢᠮᠡᠳᠴᠦ ᠴᠢᠨᠠᠭᠰᠢ ᠰᠣᠨᠣᠯᠵᠠᠨᠠᠮ ᠬᠠᠶᠠᠭᠠᠷᠠᠬᠤ ᠲᠣᠶᠠᠭᠠᠨ ᠳᠤᠷ ᠨᠢᠰᠦᠯᠳᠦᠬᠦ ᠠᠨᠤ ᠣᠩᠭᠠᠷᠢᠯ ᠪᠣᠶᠣ ᠬᠡᠮᠡᠨ ᠠᠵᠢᠶᠠᠷᠠᠬᠤᠶ᠎ᠠ ᠬᠢᠯᠠᠯᠠᠬᠤ ᠴᠠᠰᠣᠨ ᠡᠷᠬᠡᠯᠡᠨ ᠪᠦᠵᠢᠵᠦ᠂ ᠬᠤᠷᠸ᠎ᠠ ᠶᠢ ᠮᠦᠩᠬᠦᠯᠡᠬᠦ ᠠᠵᠣᠭᠤ ᠲᠦᠭᠡᠮᠡᠯ ᠲᠣᠶᠠᠭᠠᠳᠣ ᠣᠰᠣᠨ ᠤ ᠠᠷ ᠲᠦᠯᠬᠢᠬᠦᠦ ᠠᠯᠣᠰ ᠦᠷᠭᠦᠯᠵᠢᠯᠡᠵᠦ ᠲᠡᠷᠬᠡᠯ ᠰᠠᠷᠠᠨ ᠦᠩᠬᠡᠶᠢᠨ ᠲᠣᠯᠢᠳᠠᠬᠤᠢ ᠳᠤ ᠭᠠᠯᠠᠭᠤᠳ ᠬᠦᠭᠵᠢᠮ ᠬᠠᠪᠰᠣᠷᠣᠨᠠᠮ ᠲᠣᠩᠭᠠᠯᠠᠭ ᠰᠠᠷᠠᠨ ᠤ ᠲᠠᠯᠢᠶᠠᠮᠠᠷᠠᠬᠤ ᠬᠠᠷᠠᠴᠠᠨ ᠳᠤ ᠣᠰᠣᠨ ᠬᠤᠷᠭᠤᠳᠠᠨ ᠲᠣᠨᠣᠰᠬᠢᠵᠦ ᠲᠣᠵᠢ ᠳᠠᠭᠠᠨ ᠮᠡᠯᠮᠡᠯᠵᠡᠨ᠂ ᠰᠠᠷᠠ ᠶᠢ ᠲᠡᠭᠡᠭᠡᠵᠦ ᠵᠣᠭᠠᠯᠠᠨ ᠵᠠᠮᠨᠠᠬᠤ ᠶᠢ ᠬᠦᠰᠡᠨᠡᠮ ᠰᠠᠷᠠ ᠴᠢ ᠬᠡᠷᠡᠯ ᠵᠢᠬᠡᠯᠡᠵᠦ᠂ ᠬᠤᠷᠸ᠎ᠠ ᠶᠢ ᠬᠡᠶᠢᠭᠦᠯᠡᠬᠦ ᠠᠨᠣ ᠡᠷᠬᠢᠮ ᠴᠦ ᠽᠠᠮᠪᠣᠳᠢᠪ ᠤᠨ ᠨᠠᠷᠠᠨ ᠢ ᠲᠠᠭᠤᠯᠠᠬᠤ ᠠᠴᠠ ᠴᠢᠮ᠎ᠠ ᠶᠢ ᠮᠠᠭᠳᠠᠬᠤ ᠠᠨᠣ ᠴᠦᠬᠡᠨ ᠰᠠᠶ᠎ᠠ ᠵᠢᠸ᠎ᠠ ᠮᠦᠷᠡᠨ ᠭᠤᠣᠯ ᠲᠣᠷᠣᠨ᠎ᠠ ᠶᠢ ᠵᠣᠷᠢᠨ ᠲᠡᠮᠡᠣᠯᠡᠭᠰᠡᠨ ᠴᠦ ᠰᠠᠷᠠᠭᠤᠯ ᠴᠡᠬᠡᠵᠢᠨ ᠳᠤᠷ ᠨᠠᠮᠢᠶᠠᠳᠠᠬᠤ ᠠᠨᠣ ᠬᠠᠬᠢᠷ ᠤᠨ ᠭᠤᠣᠯ ᠤᠨ ᠣᠷᠣᠰᠬᠠᠯ ᠡ                             2020.03.01 ︵ᠴᠠᠶᠢᠯᠭᠠᠨ ᠰᠡᠳᠬᠢᠯ︶               ᠡᠮᠴᠢ                                     — ᠲᠣᠯᠣᠳ ᠰᠠ᠊  ᠂ ᠬᠠᠰᠴᠢᠮᠡᠭ ᠠᠮᠢ ᠨᠠᠰᠣᠨ ᠤ ᠬᠦᠰᠡᠯ ᠤᠨ ᠬᠡᠬᠡ ᠠᠵᠠ ᠵᠢᠷᠭᠠᠯ ᠤᠨ ᠮᠦᠩᠬᠡ ᠶᠢᠨ ᠲᠠᠯᠠᠯᠭ᠎ᠠ ᠠᠯᠳᠠ ᠪᠡᠶ᠎ᠡ ᠶᠢ ᠡᠷᠡᠭᠦᠯ ᠳᠤ ᠲᠠᠭᠤᠳᠠᠭᠴᠢ ᠠᠷᠢᠭᠤᠨ ᠰᠡᠳᠬᠢᠯᠳᠣ ᠡᠮᠴᠢ ᠰᠣᠪᠢᠯᠠᠭᠴᠢ ᠡᠩᠬᠡ ᠮᠡᠨᠳᠦ ᠶᠢ ᠰᠠᠬᠢᠨ ᠬᠠᠮᠠᠭᠠᠯᠠᠭᠴᠢ ᠡᠷᠳᠡᠨᠢᠳᠦ ᠪᠡᠶ᠎ᠡ ᠳᠤ ᠬᠡᠷᠡᠯ ᠢᠪᠡᠬᠡᠭᠴᠢ ᠡᠷᠡᠭᠦᠯ ᠴᠢᠬᠢᠷᠠᠭ ᠢ ᠠᠮᠢᠯᠠᠭᠤᠯᠣᠨ ᠰᠡᠷᠭᠦᠭᠡᠭᠴᠢ ᠡᠩ ᠶᠢᠷᠳᠢᠨᠴᠦ ᠶᠢᠨ ᠣᠳᠠᠴᠢ ᠪᠣᠷᠬᠠᠳ             ᠡᠮᠴᠢ —  ᠡᠩᠬᠡ ᠶᠢᠨ ᠡᠯᠴᠢ             ᠡᠮᠴᠢ —  ᠡᠰᠡᠨᠢᠯ ᠤᠨ ᠲᠡᠭᠷᠢ
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备07002090号