ᠰᠦᠩᠷᠠᠶᠢᠵᠠᠪ | ᠯᠢᠨᠰᠢ ᠰᠢᠶᠠᠨ ᠤ ᠬᠦᠮᠦᠰ ᠲᠦᠭᠦᠮᠴᠢᠯᠡᠨ ︽ᠰᠦᠩᠷᠠᠢ︾ ᠬᠡᠵᠦ ᠲᠠᠭᠤᠳᠠᠨ᠎ᠠ᠃ 1925 ᠤᠨ ᠤ 2 ᠰᠠᠷ᠎ᠠ ᠶᠢᠨ | 20 ᠤ ᠡᠳᠦᠷ ᠵᠢᠷᠢᠮ ᠤᠨ ᠴᠢᠭᠤᠯᠭᠠᠨ ᠤ ᠬᠤᠷᠴᠢᠨ ᠵᠡᠭᠦᠨ ᠭᠠᠷᠤᠨ ᠲᠤᠮᠳᠠᠳᠤ ᠬᠤᠰᠢᠭᠤᠨ ︵ᠲᠠᠷᠬᠠᠨ ᠴᠢᠨ | ᠸᠠᠩ ᠤᠨ ᠬᠤᠰᠢᠭᠤ︶ ᠳᠤ ᠮᠡᠨᠳᠦᠯᠠᠵᠠᠢ᠃ 1946 ᠤᠨ ᠤ 10 ᠰᠠᠷ᠎ᠠ ᠳᠤ ᠬᠤᠪᠢᠰᠬᠠᠯ ᠤᠨ ᠠᠵᠢᠯ ᠳᠤ | ᠤᠷᠤᠯᠴᠠᠵᠤ᠂ ᠵᠢᠷᠢᠮ ᠤᠨ ᠴᠢᠭᠤᠯᠭᠠᠨ ᠤ ᠡᠳ᠋ ᠤᠨ ᠵᠠᠰᠠᠭ ᠤᠨ ᠠᠮᠤ ᠪᠤᠳᠠᠭᠠᠨ ᠤ ᠲᠤᠪᠴᠢᠶᠠᠨ ᠤ ᠠᠵᠢᠯ ᠳᠤ | ᠤᠷᠤᠯᠴᠠᠵᠠᠢ᠃ 1947 ᠤᠨ ᠤ 2 ᠰᠠᠷ᠎ᠠ ᠳᠤ ᠡᠪ ᠬᠠᠮᠳᠤ ᠵᠠᠯᠠᠭᠤᠴᠤᠳ ᠤᠨ ᠡᠪᠯᠡᠯ ᠤᠨ ᠬᠡᠰᠢᠭᠦᠨ ᠪᠤᠯᠵᠤ᠂ | 1950 ᠤᠨ ᠤ 4 ᠰᠠᠷ᠎ᠠ ᠳᠤ ᠡᠪ ᠬᠠᠮᠳᠤ ᠨᠠᠮ ᠤᠨ ᠬᠡᠰᠢᠭᠦᠨ ᠪᠤᠯᠪᠠ᠃ | 1954 ᠤᠨ ᠳᠤ ᠯᠢᠨᠰᠢ ᠰᠢᠶᠠᠨ ᠳᠤ ᠲᠤᠮᠢᠯᠠᠭᠳᠠᠨ ᠢᠷᠡᠵᠦ᠂ ᠰᠢᠶᠠᠨ ᠤ ᠠᠮᠤ ᠪᠤᠳᠠᠭ᠎ᠠ ᠲᠠᠪᠤᠰᠤ ᠶᠢᠨ ᠺᠤᠮᠫᠠᠨᠢ | ᠶᠢᠨ ᠶᠡᠷᠦᠩᠭᠡᠢ ᠡᠷᠭᠢᠯᠡᠭᠴᠢ ᠪᠤᠯᠵᠤ᠂ ᠲᠠᠷᠠᠭ᠎ᠠ ᠵᠢᠯ ᠳᠤ ᠯᠢᠨᠰᠢ ᠰᠢᠶᠠᠨ ᠤ ᠠᠮᠤ ᠪᠤᠳᠠᠭ᠎ᠠ ᠶᠢᠨ ᠲᠤᠪᠴᠢᠶᠠᠨ ᠤ | ᠲᠠᠷᠤᠭ᠎ᠠ ᠪᠤᠯᠪᠠ᠃ 1956 ᠤᠨ ᠤ 11 ᠰᠠᠷ᠎ᠠ ᠳᠤ ᠯᠢᠨᠰᠢ ᠰᠢᠶᠠᠨ ᠤ 2 ᠳ᠋ᠤᠭᠠᠷ ᠤᠳᠠᠭᠠᠨ ᠤ ᠠᠷᠠᠳ ᠤᠨ | ᠲᠦᠯᠦᠭᠡᠯᠡᠭᠴᠢ ᠶᠢᠨ ᠶᠡᠭᠡ ᠬᠤᠷᠠᠯ ᠲᠡᠭᠡᠷ᠎ᠡ ᠯᠢᠨᠰᠢ ᠰᠢᠶᠠᠨ ᠤ ᠵᠠᠰᠠᠭ ᠤᠨ ᠤᠷᠳᠤᠨ ᠤ ᠲᠡᠳ᠋ ᠲᠠᠷᠤᠭ᠎ᠠ ᠪᠠᠷ | ᠰᠤᠩᠭᠤᠭᠳᠠᠵᠤ᠂ ᠰᠤᠷᠭᠠᠨ ᠬᠦᠮᠦᠵᠢᠯ᠂ ᠤᠳᠬ᠎ᠠ ᠰᠤᠶᠤᠯ᠂ ᠡᠷᠡᠭᠦᠯ ᠬᠠᠮᠠᠭᠠᠯᠠᠯ ᠢ ᠬᠠᠮᠢᠶᠠᠷᠤᠨ᠎ᠠ᠃ ᠡᠨᠡ | ᠬᠤᠭᠤᠴᠠᠭᠠᠨ ᠳᠤ ᠯᠢᠨᠰᠢ ᠰᠢᠶᠠᠨ ᠤ ᠰᠤᠷᠭᠠᠨ ᠬᠦᠮᠦᠵᠢᠯ᠂ ᠤᠳᠬ᠎ᠠ ᠰᠤᠶᠤᠯ᠂ ᠡᠷᠡᠭᠦᠯ ᠬᠠᠮᠠᠭᠠᠯᠠᠯ ᠲᠦᠷᠭᠡᠨ | ᠬᠦᠭᠵᠢᠵᠦ᠂ 1958 ᠤᠨ ᠤ 2 ᠰᠠᠷ᠎ᠠ ᠶᠢᠨ 27 ᠤ ᠡᠳᠦᠷ ᠠᠴᠠ 3 ᠰᠠᠷ᠎ᠠ ᠶᠢᠨ 6 ᠤ ᠡᠳᠦᠷ ᠲᠦᠪ ᠤᠨ | ᠰᠤᠷᠭᠠᠨ ᠬᠦᠮᠦᠵᠢᠯ ᠤᠨ ᠶᠠᠮᠤᠨ᠂ ᠲᠦᠪ ᠤᠨ ᠡᠪ ᠬᠠᠮᠳᠤ ᠵᠠᠯᠠᠭᠤᠴᠤᠳ ᠤᠨ ᠡᠪᠯᠡᠯ᠂ ᠪᠦᠬᠦ ᠤᠯᠤᠰ ᠤᠨ | ᠠᠵᠢᠯᠳᠠᠨ ᠤ ᠶᠡᠷᠦᠩᠭᠡᠢ ᠡᠪᠯᠡᠯ᠂ ᠪᠦᠬᠦ ᠤᠯᠤᠰ ᠤᠨ ᠡᠮᠡᠭᠳᠡᠶᠢᠴᠦᠳ ᠤᠨ ᠬᠤᠯᠪᠤᠭ᠎ᠠ 18 ᠮᠤᠵᠢ ᠶᠢᠨ ᠦᠰᠦᠭ | ᠲᠠᠨᠢᠬᠤ ᠦᠭᠡᠢ ᠶᠢ ᠠᠷᠢᠯᠭᠠᠵᠤ᠂ ᠬᠤᠷᠠᠯ ᠲᠡᠭᠡᠷ᠎ᠡ ᠰᠦᠩᠷᠠᠶᠢᠵᠠᠪ ᠬᠤᠷᠠᠯ ᠳᠤ ᠤᠷᠤᠯᠴᠠᠵᠤ᠂ ᠶᠠᠷᠢᠶ᠎ᠠ ᠲᠠᠯᠪᠢᠵᠤ | ᠯᠢᠨᠰᠢ ᠰᠢᠶᠠᠨ ᠤ ᠦᠰᠦᠭ ᠲᠠᠨᠢᠬᠤ ᠦᠭᠡᠢ ᠶᠢ ᠱᠦᠭᠦᠷᠳᠡᠨ ᠠᠷᠢᠯᠭᠠᠬᠤ ᠲᠠᠪᠰᠢᠯᠳᠠ ᠰᠢᠶᠠᠨ ᠤ ᠴᠤᠯᠠ ᠬᠦᠷᠳᠡᠪᠡ᠃ | 1958 ᠤᠨ ᠤ 7 ᠰᠠᠷ᠎ᠠ ᠶᠢᠨ 6 ᠤ ᠡᠳᠦᠷ ᠯᠢᠨᠰᠢ ᠰᠢᠶᠠᠨ ᠦᠰᠦᠭ ᠲᠠᠨᠢᠬᠤ ᠦᠭᠡᠢ ᠶᠢ ᠠᠷᠢᠯᠭᠠᠭᠰᠠᠨ | ᠤᠯᠠᠭᠠᠨ ᠲᠤᠭ ᠤᠨ ᠰᠢᠯᠢᠳᠡᠭ ᠰᠢᠶᠠᠨ ᠪᠤᠯᠪᠠ᠃ ᠮᠥᠨ ᠤᠨ ᠤ 8 ᠰᠠᠷ᠎ᠠ ᠳᠤ ᠦᠪᠦᠷ ᠮᠤᠩᠭᠤᠯ ᠤᠨ ᠦᠰᠦᠭ | ᠲᠠᠨᠢᠬᠤ ᠦᠭᠡᠢ ᠶᠢ ᠠᠷᠢᠯᠭᠠᠬᠤ᠂ ᠶᠡᠷᠦ ᠶᠢᠨ ᠰᠤᠷᠭᠠᠨ ᠬᠦᠮᠦᠵᠢᠯ ᠤᠨ ᠬᠤᠷᠠᠯ ᠲᠡᠭᠡᠷ᠎ᠡ ᠰᠦᠩᠷᠠᠶᠢᠵᠠᠪ ᠲᠤᠷᠰᠢᠯᠭ᠎ᠠ | ᠰᠤᠯᠢᠯᠴᠠᠵᠤ ᠲᠠᠨᠢᠯᠴᠠᠭᠤᠯᠵᠤ ᠯᠢᠨᠰᠢ ᠰᠢᠶᠠᠨ ᠢ ᠲᠦᠯᠦᠭᠡᠯᠡᠵᠦ᠂ ᠲᠦᠪ ᠤᠨ ᠰᠤᠷᠭᠠᠨ ᠬᠦᠮᠦᠵᠢᠯ ᠤᠨ ᠬᠤᠷᠠᠯ ᠳᠤ | ᠤᠷᠤᠯᠴᠠᠵᠤ᠂ 1964 ᠤᠨ ᠤ 8 ᠰᠠᠷ᠎ᠠ ᠳᠤ ᠦᠪᠦᠷ ᠮᠤᠩᠭᠤᠯ ᠤᠨ ᠰᠤᠷᠭᠠᠨ ᠬᠦᠮᠦᠵᠢᠯ ᠤᠨ ᠲᠢᠩᠬᠢᠮ ᠠᠴᠠ | ᠯᠢᠨᠰᠢ ᠰᠢᠶᠠᠨ ᠤ ᠰᠢᠭᠡᠷᠳᠦ ᠬᠦᠩᠱᠧ ᠢ ᠠᠵᠢᠯ ᠤᠨ ᠴᠢᠯᠦᠭᠡᠨ ᠤ ᠰᠢᠯᠢᠳᠡᠭ ᠨᠢᠭᠡᠴᠡ ᠬᠡᠵᠦ ᠪᠦᠬᠦ ᠤᠷᠤᠨ ᠳᠤ | ᠲᠤᠩᠬᠠᠯᠠᠨ ᠬᠦᠭᠢᠭᠦᠯᠪᠡ᠃ 1965 ᠤᠨ ᠤ 3 ᠰᠠᠷ᠎ᠠ ᠳᠤ ᠦᠪᠦᠷ ᠮᠤᠩᠭᠤᠯ ᠤᠨ ᠰᠤᠷᠭᠠᠨ ᠬᠦᠮᠦᠵᠢᠯ ᠤᠨ | ᠲᠢᠩᠬᠢᠮ ᠠᠴᠠ ᠯᠢᠨᠰᠢ ᠰᠢᠶᠠᠨ ᠳᠤ ᠪᠦᠬᠦ ᠤᠷᠤᠨ ᠤ ᠲᠤᠬᠠᠢ ᠭᠠᠵᠠᠷ ᠤᠨ ᠬᠤᠷᠠᠯ ᠬᠢᠵᠦ᠂ ᠯᠢᠨᠰᠢ ᠰᠢᠶᠠᠨ ᠬᠤᠷᠠᠯ | ᠲᠡᠭᠡᠷ᠎ᠡ ᠲᠤᠬᠠᠢ ᠶᠢᠨ ᠭᠠᠵᠠᠷ ᠤᠨ ᠰᠤᠷᠭᠠᠨ ᠬᠦᠮᠦᠵᠢᠯ ᠤᠨ ᠹᠷᠤᠨᠲ ᠤᠨ ᠤᠯᠠᠭᠠᠨ ᠲᠤᠭ ᠱᠠᠩᠨᠠᠯ ᠢ ᠬᠦᠷᠳᠡᠪᠡ᠃ | ᠰᠦᠩᠷᠠᠶᠢᠵᠠᠪ ᠤᠳᠬ᠎ᠠ ᠰᠤᠶᠤᠯ᠂ ᠰᠤᠷᠭᠠᠨ ᠬᠦᠮᠦᠵᠢᠯ ᠢ ᠬᠦᠨᠳᠦᠳᠭᠡᠬᠦ ᠠᠴᠠ ᠭᠠᠳᠠᠨ᠎ᠠ᠂ ᠤᠳᠬ᠎ᠠ ᠤᠷᠠᠯᠢᠭ᠂ | ᠪᠡᠶ᠎ᠡ ᠶᠢᠨ ᠲᠠᠮᠢᠷ ᠲᠤ ᠶᠡᠭᠡ ᠠᠩᠬᠠᠷᠤᠯ ᠲᠠᠯᠪᠢᠵᠠᠢ᠃ 1958 ᠤᠨ ᠤ 12 ᠰᠠᠷ᠎ᠠ ᠳᠤ ᠯᠢᠨᠰᠢ ᠰᠢᠶᠠᠨ ᠤ | ᠲᠤᠮᠳᠠᠳᠤ ᠰᠤᠷᠭᠠᠭᠤᠯᠢ ᠶᠢᠨ ᠰᠤᠷᠤᠭᠴᠢ ᠪᠠᠷ ᠭᠤᠤᠯ ᠪᠤᠯᠭᠠᠭᠰᠠᠨ ᠤᠯᠠᠭᠠᠨ ᠲᠤᠭ ᠲᠠᠭᠤᠤ ᠪᠦᠵᠢᠭ ᠤᠨ ᠪᠦᠯᠭᠦᠮ | ᠪᠠᠶᠢᠭᠤᠯᠵᠤ᠂ ᠰᠦᠩᠷᠠᠶᠢᠵᠠᠪ ᠦᠪᠡᠷ ᠢᠶᠠᠨ ᠲᠠᠭᠠᠭᠤᠯᠤᠨ ᠤᠯᠠᠭᠠᠨᠬᠠᠳᠠ᠂ ᠫᠢᠩᠵᠤᠸᠠᠩ᠂ ᠪᠠᠷᠠᠭᠤᠨ ᠦᠵᠦᠮᠦᠴᠢᠨ | ᠵᠡᠷᠭᠡ ᠬᠤᠳᠠ ᠰᠢᠶᠠᠨ ᠬᠤᠰᠢᠭᠤᠨ ᠳᠤ ᠲᠤᠰᠬᠠᠢ ᠲᠤᠭᠯᠠᠯᠳᠠ ᠬᠢᠵᠦ᠂ ᠦᠷᠭᠡᠨ ᠤᠯᠠᠨ ᠦᠵᠡᠭᠴᠢᠳ ᠲᠤ | ᠬᠠᠯᠠᠭᠤᠨ ᠢᠶᠠᠷ ᠤᠭᠳᠤᠨ ᠪᠠᠶᠠᠰᠪᠠ᠃ ᠯᠢᠨᠰᠢ ᠰᠢᠶᠠᠨ ᠤ ᠲᠤᠮᠳᠠᠳᠤ ᠰᠤᠷᠭᠠᠭᠤᠯᠢ ᠶᠢᠨ ᠲᠠᠭᠤᠤ ᠪᠦᠵᠢᠭ ᠤᠨ | ᠪᠦᠯᠭᠦᠮ ᠫᠠᠨᠰᠠ ᠪᠦᠵᠢᠭ ᠦᠪᠦᠷ ᠮᠤᠩᠭᠤᠯ ᠤᠨ ᠤᠳᠬ᠎ᠠ ᠤᠷᠠᠯᠢᠭ ᠤᠨ ᠬᠠᠷᠢᠭᠤ ᠮᠡᠳᠡᠭᠦᠯᠦᠯᠳᠡ ᠶᠢᠨ ᠲᠠᠭᠤᠤ | ᠪᠦᠵᠢᠭ ᠤᠨ ᠬᠤᠷᠠᠯ ᠳᠤ ᠰᠢᠯᠢᠳᠡᠭ ᠪᠦᠵᠢᠭ ᠤᠨ ᠱᠠᠩᠨᠠᠯ ᠤᠯᠵᠤ᠂ ᠺᠢᠨᠣ᠋ ᠭᠠᠷᠭᠠᠨ ᠤᠬᠠᠭᠤᠯᠪᠠ᠃ 1962 ᠤᠨ | ᠳᠤ ᠰᠦᠩᠷᠠᠶᠢᠵᠠᠪ ᠬᠤᠸᠠᠨ ᠳ᠋ᠢ ᠬᠦᠩᠱᠧ᠂ ᠶᠠᠩ ᠵᠢᠶᠠ ᠢᠩᠽᠢ᠂ ᠶᠡᠭᠡ ᠪᠠᠷᠢᠭᠠᠳᠠ ᠶᠢᠨ ᠴᠡᠭ ᠲᠤ ᠰᠠᠭᠤᠵᠤ᠂ | ᠤᠯᠠᠨ ᠲᠦᠮᠡᠨ ᠢ ᠤᠳᠤᠷᠢᠳᠴᠦ᠂ ᠮᠤᠳᠤ ᠵᠠᠶᠢᠯᠵᠤ᠂ ᠦᠪᠡᠷ ᠢᠶᠠᠨ ᠤᠰᠤ ᠲᠠᠮᠨᠠᠵᠤ᠂ ᠬᠤᠷᠠᠨ ᠬᠡᠳᠦᠨ ᠡᠳᠦᠷ | ᠲᠠᠰᠤᠷᠠᠭ᠎ᠠ ᠦᠭᠡᠢ ᠬᠦᠳᠡᠯᠮᠦᠷᠢᠯᠡᠵᠦ᠂ ᠢᠩᠭᠢᠵᠦ ᠭᠤᠷᠪᠠᠨ ᠵᠢᠯ ᠬᠦᠴᠦᠯᠡᠵᠦ᠂ ᠪᠦᠬᠦ ᠤᠯᠤᠰ ᠲᠤ ᠨᠡᠷ᠎ᠡ ᠭᠠᠷᠴᠤ᠂ | ᠶᠠᠩ ᠵᠢᠶᠠ ᠢᠩᠽᠢ ᠨᠢᠭᠡᠨᠳᠡ ᠲᠦᠮᠡᠨ ᠮᠦ ᠬᠦᠮᠦᠨ ᠤ ᠬᠦᠴᠦᠨ ᠤ ᠤᠢ ᠮᠤᠳᠤ ᠪᠤᠢ ᠪᠤᠯᠵᠤ᠂ ᠦᠪᠦᠷ ᠮᠤᠩᠭᠤᠯ | ᠤᠨ ᠲᠠᠷᠢᠶᠠᠯᠠᠩ ᠤᠨ ᠲᠢᠩᠬᠢᠮ ᠤᠨ ᠭᠤᠮᠪᠤᠵᠠᠪ ᠲᠢᠩᠬᠢᠮ ᠤᠨ ᠲᠠᠷᠤᠭ᠎ᠠ ᠦᠪᠡᠷ ᠢᠶᠠᠨ ᠢᠷᠡᠵᠦ ᠬᠦᠭᠢᠭᠦᠯᠦᠯ ᠬᠢᠪᠡ᠃ | 1964 ᠤᠨ ᠳᠤ ᠯᠢᠨᠰᠢ ᠰᠢᠶᠠᠨ ᠳᠤ ᠲᠡᠷᠢᠭᠦᠨ ᠤᠳᠠᠭᠠᠨ ᠤ ᠰᠡᠭᠡᠭᠡᠳᠡᠨ ᠵᠠᠯᠠᠭᠤ ᠬᠦᠳᠡᠭᠡ ᠳᠤ ᠪᠠᠭᠤᠬᠤ ᠳᠤ | ᠰᠦᠩᠷᠠᠶᠢᠵᠠᠪ 10 ᠵᠠᠯᠠᠭᠤ ᠰᠡᠭᠡᠭᠡᠳᠡᠨ ᠤ ᠰᠠᠭᠤᠬᠤ ᠤᠷᠤᠨ ᠪᠠᠶᠢᠭᠤᠯᠵᠤ᠂ ᠬᠦᠳᠡᠯᠮᠦᠷᠢ ᠠᠮᠢᠳᠤᠷᠠᠯ ᠢ ᠨᠢ | ᠬᠠᠷᠠᠭᠠᠯᠵᠠᠵᠤ᠂ ᠮᠤᠳᠤ ᠵᠠᠶᠢᠯᠬᠤ᠂ ᠦᠭᠡᠷ ᠬᠤᠨᠢ ᠲᠡᠵᠢᠭᠡᠬᠦ ᠮᠡᠷᠭᠡᠵᠢᠯ ᠢ ᠰᠤᠷᠭᠠᠵᠤ᠂ ᠭᠠᠭᠴᠠ ᠶᠠᠩ ᠵᠢᠶᠠ | ᠢᠩᠽᠢ᠂ ᠶᠡᠭᠡ ᠪᠠᠷᠢᠭᠠᠳᠠ ᠳᠤ ᠰᠠᠭᠤᠭ᠎ᠠ ᠵᠠᠯᠠᠭᠤ ᠰᠡᠭᠡᠭᠡᠳᠡᠨ ᠤ ᠴᠡᠭ ᠲᠤ 20 ᠦᠭᠡᠷ᠂ 100 ᠬᠤᠨᠢ ᠢᠮᠠᠭ᠎ᠠ | ᠲᠡᠵᠢᠭᠡᠬᠦ ᠪᠤᠯᠵᠤ᠂ ᠵᠠᠯᠠᠭᠤ ᠰᠡᠭᠡᠭᠡᠳᠡᠨ ᠤ ᠠᠮᠢᠳᠤᠷᠠᠯ ᠰᠠᠶᠢᠵᠢᠷᠠᠪᠠ᠃ ᠰᠦᠩᠷᠠᠶᠢᠵᠠᠪ ᠪᠠᠰᠠ ᠨᠤᠳᠤᠭ ᠤᠨ | ᠬᠦᠳᠡᠭᠡᠨ ᠤ ᠵᠠᠯᠠᠭᠤ ᠰᠡᠭᠡᠭᠡᠳᠡᠨ ᠳᠤ ᠲᠠᠷᠢᠶᠠᠯᠠᠩ ᠤᠨ ᠮᠡᠷᠭᠡᠵᠢᠯ ᠢ ᠰᠤᠷᠭᠠᠵᠤ᠂ ᠰᠡᠭᠦᠯᠡᠷ ᠡᠳᠡᠭᠡᠷ ᠵᠠᠯᠠᠭᠤ | ᠰᠡᠭᠡᠭᠡᠳᠡᠨ ᠤᠯᠠᠩᠬᠢ ᠨᠢ ᠰᠢᠶᠠᠨ ᠤ ᠲᠠᠷᠢᠶᠠᠯᠠᠩ ᠤᠨ ᠬᠦᠭᠵᠢᠯ ᠳᠤ ᠶᠡᠭᠡ ᠲᠤᠰᠠ ᠨᠡᠮᠡᠷᠢ ᠦᠵᠡᠭᠦᠯᠪᠡ᠃ | 1964 ᠤᠨ ᠳᠤ ᠰᠦᠩᠷᠠᠶᠢᠵᠠᠪ ᠤᠷᠤᠯᠠᠭᠴᠢ ᠰᠢᠶᠠᠨ ᠤ ᠲᠠᠷᠤᠭ᠎ᠠ ᠪᠤᠯᠵᠤ᠂ ᠪᠠᠭ᠋ᠠᠳᠤ ᠤᠪᠤᠭ᠎ᠠ ᠶᠢ | ᠨᠤᠭᠤᠭᠠᠷᠠᠭᠤᠯᠬᠤ ᠶᠢᠨ ᠲᠦᠯᠦᠭᠡ ᠤᠢ ᠰᠢᠭᠤᠢ ᠶᠢᠨ ᠲᠤᠪᠴᠢᠶᠠᠨ ᠤ ᠮᠡᠷᠭᠡᠵᠢᠯᠳᠡᠨ ᠰᠦ᠋ ᠸᠠᠨ ᠰᠢᠶᠠᠩ ᠢ ᠪᠠᠭ᠎ᠠ | ᠲᠡᠪᠰᠭᠦᠷ ᠲᠤ ᠴᠡᠭ ᠲᠤ ᠰᠠᠭᠤᠯᠭᠠᠵᠤ᠂ ᠨᠢᠭᠡ ᠲᠦᠮᠡᠨ ᠮᠦ ᠶᠢᠨ ᠲᠦᠯᠦᠪᠯᠡᠭᠡ ᠬᠢᠵᠦ᠂ ᠨᠠᠮ ᠵᠠᠰᠠᠭ ᠤᠨ | ᠺᠠᠳ᠋ᠷᠴᠤᠳ ᠢ ᠴᠤᠭᠯᠠᠭᠤᠯᠤᠨ ᠴᠢᠴᠠᠷᠭᠠᠨ᠎ᠠ᠂ ᠬᠠᠷᠠᠭᠠᠨ᠎ᠠ᠂ ᠤᠯᠢᠶᠠᠰᠤ᠂ ᠨᠠᠷᠠᠰᠤ ᠵᠡᠷᠭᠡ ᠮᠤᠳᠤ ᠶᠢ | ᠬᠤᠯᠢᠯᠴᠠᠭᠤᠯᠤᠨ 8000 ᠵᠠᠶᠢᠯᠵᠤ᠂ ᠦᠯᠡᠳᠡᠭᠰᠡᠨ 2000 ᠮᠦ ᠰᠤᠶᠤᠯ ᠤᠨ ᠬᠤᠪᠢᠰᠬᠠᠯ ᠤᠨ ᠰᠠᠮᠠᠭᠤᠷᠠᠯ ᠠᠴᠠ | ᠪᠤᠯᠵᠤ ᠵᠠᠶᠢᠯᠵᠤ ᠴᠢᠳᠠᠭᠰᠠᠨ ᠦᠭᠡᠢ᠃ ᠡᠳᠦᠭᠡ ᠲᠤᠯᠤᠭᠠᠨ ᠬᠤᠰᠢᠭᠤᠨ ᠤ ᠵᠡᠭᠦᠨ ᠬᠦᠳᠦᠯ ᠳᠤ ᠨᠢᠭᠳᠠ | ᠤᠷᠭᠤᠭᠰᠠᠨ ᠬᠡᠭᠡᠷ᠎ᠡ ᠶᠢᠨ ᠬᠦᠢᠯᠡᠰᠦ ᠪᠠᠰᠠ ᠰᠦᠩᠷᠠᠶᠢᠵᠠᠪ ᠲᠠᠪᠤᠨ ᠵᠢᠯ ᠬᠦᠴᠦᠯᠡᠵᠦ ᠵᠠᠶᠢᠯᠠᠭᠰᠠᠨ ᠪᠤᠳᠠ ᠮᠤᠳᠤᠨ | ᠤᠢ ᠪᠤᠯᠤᠨ᠎ᠠ᠃ ᠰᠦᠩᠷᠠᠶᠢᠵᠠᠪ ᠡᠷᠭᠡ ᠠᠳᠬᠤᠭᠰᠠᠨ ᠲᠠᠪᠤᠨ ᠵᠢᠯ ᠳᠤ ᠨᠡᠶᠢᠳᠡ 58658 ᠮᠦ ᠮᠤᠳᠤ ᠵᠠᠶᠢᠯᠵᠤ᠂ | ᠯᠢᠨᠰᠢ ᠰᠢᠶᠠᠨ ᠤ ᠠᠮᠢ ᠠᠬᠤᠢ ᠶᠢ ᠰᠠᠶᠢᠵᠢᠷᠠᠭᠤᠯᠬᠤ ᠳᠤ ᠶᠡᠭᠡ ᠨᠦᠯᠦᠭᠡ ᠭᠠᠷᠭᠠᠵᠠᠢ᠃ | 1963 ᠤᠨ ᠠᠴᠠ ᠬᠤᠶᠢᠰᠢ ᠰᠦᠩᠷᠠᠶᠢᠵᠠᠪ ᠲᠦᠯᠦᠪᠯᠡᠭᠡᠳᠦ ᠬᠦᠩᠭᠡᠵᠢᠬᠦ ᠶᠢ ᠬᠠᠮᠢᠶᠠᠷᠴᠤ᠂ ᠬᠤᠷᠠᠯ ᠴᠤᠭᠯᠠᠭᠠᠨ | ᠪᠤᠶᠤ ᠬᠦᠳᠡᠭᠡ ᠳᠤ ᠪᠠᠭᠤᠬᠤ ᠶᠢ ᠠᠰᠢᠭᠯᠠᠵᠤ ᠤᠯᠠᠨ ᠲᠦᠮᠡᠨ ᠳᠤ ᠲᠦᠯᠦᠪᠯᠡᠭᠡᠳᠦ ᠬᠦᠩᠭᠡᠵᠢᠬᠦ ᠶᠢ | ᠤᠬᠠᠭᠤᠯᠤᠭᠰᠠᠨ ᠤ ᠦᠷ᠎ᠡ ᠳ᠋ᠦᠩ ᠢᠶᠠᠷ 1964 ᠤᠨ ᠳᠤ ᠪᠦᠬᠦ ᠰᠢᠶᠠᠨ 800 ᠢᠯᠡᠭᠦᠦ ᠵᠠᠯᠠᠭᠤ ᠡᠷ᠎ᠡ ᠡᠮ᠎ᠡ | ᠦᠷᠡᠵᠢᠬᠦ ᠶᠢ ᠵᠤᠭᠰᠤᠭᠠᠬᠤ ᠮᠡᠰᠡ ᠵᠠᠰᠠᠯ ᠬᠢᠵᠦ᠂ ᠯᠢᠨᠰᠢ ᠰᠢᠶᠠᠨ ᠤ ᠲᠦᠯᠦᠪᠯᠡᠭᠡᠳᠦ ᠬᠦᠩᠭᠡᠵᠢᠬᠦ ᠠᠵᠢᠯ ᠢ | ᠤᠷᠤᠭᠰᠢ ᠲᠦᠯᠬᠢᠵᠦ᠂ 1969 ᠤᠨ ᠤ ᠦᠶ᠎ᠡ ᠳᠤ ᠯᠢᠨᠰᠢ ᠰᠢᠶᠠᠨ ᠪᠦᠬᠦ ᠤᠯᠤᠰ ᠤᠨ ᠲᠦᠯᠦᠪᠯᠡᠭᠡᠳᠦ | ᠬᠦᠩᠭᠡᠵᠢᠬᠦ ᠠᠵᠢᠯ ᠤᠨ ᠤᠯᠠᠭᠠᠨ ᠲᠤᠭ ᠨᠢᠭᠡᠴᠡ ᠪᠤᠯᠪᠠ᠃ | ᠰᠦᠩᠷᠠᠶᠢᠵᠠᠪ ᠠᠷᠠᠳ ᠤᠨ ᠬᠦᠴᠢᠷ ᠪᠡᠷᠭᠡ ᠠᠮᠢᠳᠤᠷᠠᠯ ᠢ ᠦᠷᠭᠦᠯᠵᠢ ᠬᠠᠷᠠᠭᠠᠯᠵᠠᠵᠤ᠂ ᠲᠤᠤᠷᠠᠬᠢ ᠺᠠᠳ᠋ᠷᠴᠤᠳ ᠢ | ᠠᠩᠬᠠᠷᠴᠤ᠂ ᠳ᠋ᠠ ᠢᠩᠽᠢ ᠬᠦᠩᠱᠧ᠂ ᠮᠠ ᠵᠢᠶᠠ ᠲᠢᠶᠠᠨ ᠲᠤᠰᠬᠤᠨ ᠳᠤ ᠨᠢᠭᠡ ᠴᠧᠩ ᠤᠪᠤᠭᠳᠤ ᠵᠡᠮᠳᠡᠭ ᠴᠡᠷᠢᠭ | ᠤᠨ ᠬᠦᠮᠦᠨ ᠡᠷ᠎ᠡ ᠡᠮ᠎ᠡ ᠬᠤᠶᠠᠭᠤᠯᠠ ᠠᠮᠢᠳᠤᠷᠠᠯ ᠶᠡᠭᠡ ᠬᠦᠴᠢᠷᠳᠡᠵᠦ᠂ ᠰᠦᠩᠷᠠᠶᠢᠵᠠᠪ ᠮᠡᠳᠡᠵᠦ ᠪᠠᠶᠢᠨ ᠲᠠᠬᠢᠨ | ᠦᠪᠡᠷ ᠢᠶᠠᠨ ᠵᠤᠭᠤᠰ ᠭᠠᠷᠭᠠᠵᠤ ᠲᠡᠳᠭᠦᠵᠦ ᠴᠠᠭ ᠲᠤᠬᠠᠢ ᠳᠤ ᠡᠮ ᠬᠤᠳᠠᠯᠳᠤᠨ ᠠᠪᠴᠤ ᠬᠦᠷᠭᠡᠵᠦ ᠡᠪᠡᠳᠴᠢᠨ ᠢ | ᠨᠢ ᠵᠠᠰᠠᠵᠤ ᠰᠤᠪᠢᠯᠠᠨ᠎ᠠ᠃ ᠡᠷ᠎ᠡ ᠡᠮ᠎ᠡ ᠬᠤᠶᠠᠭᠤᠯᠠ ᠬᠦᠮᠦᠨ ᠦᠵᠡᠪᠡᠰᠦ ᠬᠡᠯᠡᠵᠦ᠂ ︽ᠰᠦᠩᠷᠠᠶᠢᠵᠠᠪ ᠰᠢᠶᠠᠨ ᠤ | ᠲᠠᠷᠤᠭ᠎ᠠ ᠦᠨᠡᠭᠡᠷ ᠨᠠᠮ ᠤᠨ ᠰᠢᠯᠢᠳᠡᠭ ᠺᠠᠳ᠋ᠷ ᠪᠤᠯᠤᠨ᠎ᠠ᠃ ᠪᠢᠳᠡ ᠬᠤᠶᠠᠭᠤᠯᠠ ᠡᠭᠦᠷᠢᠳᠡ ᠮᠠᠷᠳᠠᠬᠤ ᠦᠭᠡᠢ︾ ᠬᠡᠪᠡ | ᠃ 60 ᠤᠨ ᠤ ᠦᠶ᠎ᠡ ᠠᠴᠠ ᠡᠮᠦᠨ᠎ᠡ ᠰᠦᠩᠷᠠᠶᠢᠵᠠᠪ ᠬᠦᠳᠡᠭᠡ ᠳᠤ ᠪᠠᠭᠤᠬᠤ ᠳᠤ ᠮᠤᠷᠢ ᠤᠨᠤᠬᠤ ᠪᠤᠶᠤ ᠡᠯᠵᠢᠭᠡ | ᠮᠤᠷᠢᠨ ᠲᠡᠷᠭᠡᠨ ᠳᠤ ᠰᠠᠭᠤᠵᠤ᠂ ᠦᠪᠡᠷ ᠢᠶᠠᠨ ᠤᠷᠤ ᠲᠡᠪᠢᠰᠭᠡᠷ ᠢᠶᠠᠨ ᠠᠪᠴᠤ᠂ ᠠᠷᠠᠳ ᠤᠨ ᠬᠡᠷ ᠲᠤ ᠡᠭᠡᠯᠵᠢᠯᠡᠨ | ᠪᠤᠳᠠᠭ᠎ᠠ ᠢᠳᠡᠵᠦ᠂ ᠡᠭᠦᠷᠢᠳᠡ ᠤᠨᠴᠠᠭᠠᠢ ᠠᠭᠠᠰᠢᠯᠠᠬᠤ ᠦᠭᠡᠢ᠃ | ᠰᠦᠩᠷᠠᠶᠢᠵᠠᠪ ᠤᠯᠠᠨ ᠤᠳᠠᠭ᠎ᠠ ᠯᠢᠨᠰᠢ ᠰᠢᠶᠠᠨ ᠤ ᠨᠠᠮ ᠵᠠᠰᠠᠭ ᠢ ᠲᠦᠯᠦᠭᠡᠯᠡᠵᠦ᠂ ᠵᠡᠷᠭᠡᠯᠡᠳᠡᠭᠡ ᠬᠤᠰᠢᠭᠤ ᠲᠠᠢ | ᠬᠢᠯᠢ ᠬᠢᠵᠠᠭᠠᠷ ᠤᠨ ᠵᠦᠷᠢᠴᠢᠯ ᠮᠦᠷᠭᠦᠯᠳᠦᠭᠡᠨ ᠢ ᠵᠦᠪᠳᠡᠯᠴᠡᠨ ᠰᠢᠢᠳᠪᠦᠷᠢᠯᠡᠵᠦ᠂ ᠯᠢᠨᠰᠢ ᠰᠢᠶᠠᠨ ᠤ ᠲᠦᠷᠪᠡᠨ | ᠵᠦᠭ ᠢ ᠲᠤᠭᠳᠠᠭᠠᠵᠤ᠂ ᠬᠤᠶᠢᠳᠤ ᠢᠩᠳᠦ ᠶᠢᠨ ᠬᠠᠷ᠎ᠠ ᠬᠤᠰᠢᠭᠤ ᠶᠢᠨ ᠤᠷᠤᠢ ᠪᠠᠷ ᠭᠤᠤᠯ ᠪᠤᠯᠭᠠᠵᠤ᠂ ᠯᠢᠨᠰᠢ᠂ | ᠬᠡᠰᠢᠭᠳᠡᠨ᠂ ᠪᠠᠷᠠᠭᠤᠨ ᠦᠵᠦᠮᠦᠴᠢᠨ ᠭᠤᠷᠪᠠᠨ ᠬᠤᠰᠢᠭᠤ ᠰᠢᠶᠠᠨ ᠤ ᠵᠠᠭᠠᠭ ᠪᠤᠯᠭᠠᠵᠤ᠂ ᠡᠮᠦᠨ᠎ᠡ ᠰᠢᠷᠠᠮᠦ᠋ᠷᠡᠨ ᠤ | ᠤᠷᠤᠰᠬᠠᠯ ᠤᠨ ᠲᠤᠮᠳᠠ ᠪᠠᠷ ᠯᠢᠨᠰᠢ᠂ ᠪᠠᠭᠠᠷᠢᠨ᠂ ᠪᠠᠷᠠᠭᠤᠨ ᠬᠤᠰᠢᠭᠤ ᠰᠢᠶᠠᠨ ᠤ ᠬᠢᠯᠢ ᠶᠢ ᠲᠤᠭᠳᠠᠭᠠᠵᠤ᠂ | ᠪᠠᠷᠠᠭᠤᠨᠰᠢ ᠬᠡᠰᠢᠭᠳᠡᠨ᠂ ᠯᠢᠦ ᠵᠢᠶᠠ ᠢᠩᠽᠢ ᠯᠢᠨᠰᠢ ᠶᠢᠨ ᠲᠤ ᠮᠢᠶᠤᠤᠽᠢ ᠬᠤᠭᠤᠷᠤᠨᠳᠤ ᠪᠠᠶᠢᠷᠢᠰᠢᠵᠦ ᠪᠠᠶᠢᠬᠤ | ᠮᠠᠷᠴᠢᠨ ᠰᠦᠮᠪᠦᠷ ᠤᠨ ᠤᠷᠤᠢ ᠪᠠᠷ ᠭᠤᠤᠯ ᠪᠤᠯᠭᠠᠵᠤ᠂ ᠬᠤᠶᠠᠷ ᠬᠤᠰᠢᠭᠤ ᠰᠢᠶᠠᠨ ᠤ ᠵᠠᠭᠠᠭ ᠢ ᠲᠤᠭᠳᠠᠠᠭᠠᠪᠠ᠃ | ᠢᠩᠬᠢᠵᠦ ᠯᠢᠨᠰᠢ ᠰᠢᠶᠠᠨ ᠤ ᠨᠤᠳᠤᠭ ᠲᠡᠪᠢᠰᠭᠡᠷ 3949.69 ᠺᠢᠯᠤᠮᠧᠲᠷ ᠪᠤᠯᠤᠨ ᠡᠳᠦᠭᠡ ᠶᠢᠨ ᠯᠢᠨᠰᠢ ᠰᠢᠶᠠᠨ ᠤ | ᠭᠠᠵᠠᠷ ᠤᠷᠤᠨ ᠠᠴᠠ 16.34 ᠺᠢᠯᠦᠮᠧᠲᠷ ᠢᠯᠡᠭᠦᠦ ᠪᠠᠶᠢᠪᠠ᠃ | ᠰᠤᠶᠤᠯ ᠤᠨ ᠬᠤᠪᠢᠰᠬᠠᠯ ᠳᠤ ᠰᠦᠩᠷᠠᠶᠢᠵᠠᠪ ︽ᠰᠢᠨ᠎ᠡ ᠦᠪᠦᠷ ᠮᠤᠩᠭᠤᠯ ᠤᠨ ᠬᠤᠪᠢᠰᠬᠠᠯᠳᠤ ᠨᠠᠮ︾ ᠬᠡᠵᠦ | ᠠᠳᠡᠭᠦᠷᠡᠨ ᠬᠤᠤᠷᠯᠠᠭᠳᠠᠵᠤ᠂ ᠪᠡᠶ᠎ᠡ ᠶᠢᠨ ᠴᠢᠬᠢᠷᠠᠭ ᠶᠡᠭᠡ ᠨᠤᠭᠤᠷᠠᠯ ᠪᠤᠰᠨᠢᠭᠤᠯᠬᠤ ᠪᠤᠯᠵᠤ᠂ ᠬᠡᠳᠡᠯ᠎ᠡ ᠲᠡᠷᠡ | ᠦᠭᠡᠷ᠎ᠡ ᠬᠦᠮᠦᠨ ᠢ ᠨᠡᠭᠡᠵᠦ ᠬᠠᠵᠠᠵᠤ ᠬᠤᠯᠪᠤᠭᠰᠠᠨ ᠦᠭᠡᠢ᠂ 1976 ᠤᠨ ᠳᠤ ᠬᠢᠯᠢᠰ ᠢ ᠵᠠᠯᠠᠷᠠᠭᠤᠯᠤᠭᠰᠠᠨ ᠤ | ᠬᠤᠶᠢᠨ᠎ᠠ ᠪᠠᠭᠠᠷᠢᠨ ᠵᠡᠭᠦᠨ ᠬᠤᠰᠢᠭᠤᠨ ᠳᠤ ᠲᠤᠮᠢᠯᠠᠭᠳᠠᠵᠤ᠂ ᠬᠤᠰᠢᠭᠤᠨ ᠤ ᠲᠡᠳ᠋ ᠱᠦᠵᠢ᠂ ᠬᠤᠰᠢᠭᠤᠨ ᠲᠠᠷᠤᠭ᠎ᠠ | ᠪᠤᠯᠵᠤ᠂ ᠤᠳᠠᠯ ᠦᠭᠡᠢ ᠤᠯᠠᠭᠠᠨᠬᠠᠳᠠ ᠰᠢᠶᠠᠨ ᠤ ᠲᠡᠳ᠋ ᠱᠦᠵᠢ᠂ ᠰᠢᠶᠠᠨ ᠤ ᠲᠠᠷᠤᠭ᠎ᠠ ᠪᠤᠯᠵᠤ᠂ ᠰᠦᠩᠷᠠᠶᠢᠵᠠᠪ | ᠬᠢᠯᠢᠰ ᠢ ᠵᠠᠯᠠᠷᠠᠭᠤᠯᠤᠭᠰᠠᠨ ᠤ ᠬᠤᠶᠢᠨ᠎ᠡ ᠨᠢᠭᠡᠨ ᠰᠡᠳᠬᠢᠯ ᠢᠶᠠᠷ ᠠᠵᠢᠯ ᠢᠶᠠᠨ ᠬᠢᠵᠦ᠂ ᠨᠠᠮ ᠤᠨ ᠲᠦᠷᠦ ᠶᠢᠨ | ᠪᠤᠳᠤᠯᠭ᠎ᠠ ᠶᠢ ᠰᠠᠶᠢᠳᠤᠷ ᠬᠦᠢᠴᠡᠳᠭᠡᠵᠦ᠂ ᠨᠢᠭᠡᠨ ᠡᠪ ᠬᠠᠮᠳᠤ ᠨᠠᠮ ᠤᠨ ᠬᠡᠰᠢᠭᠦᠨ ᠤ ᠡᠭᠦᠷᠭᠡ ᠪᠠᠨ ᠲᠤᠤᠱᠳᠠᠢ | ᠰᠠᠶᠢᠬᠠᠨ ᠪᠡᠶᠡᠯᠡᠭᠦᠯᠪᠡ᠃ | ᠰᠦᠩᠷᠠᠶᠢᠵᠠᠪ ᠬᠡᠳᠦᠨ ᠠᠷᠪᠠᠨ ᠵᠢᠯ ᠵᠤᠪᠠᠯ ᠵᠦᠳᠡᠷᠡᠯ ᠢ ᠲᠠᠪᠠᠵᠤ᠂ ᠠᠯᠢᠪᠠ ᠲᠠᠯ᠎ᠠ ᠪᠠᠷ ᠬᠡᠴᠢᠶᠡᠨ ᠴᠢᠷᠮᠠᠶᠢᠵᠤ᠂ | ᠯᠢᠨᠰᠢ ᠰᠢᠶᠠᠨ ᠤ ᠠᠭᠤᠯᠠ ᠤᠰᠤ᠂ ᠤᠳᠬ᠎ᠠ ᠰᠤᠶᠤᠯ᠂ ᠰᠤᠷᠭᠠᠨ ᠬᠦᠮᠦᠵᠢᠯ᠂ ᠲᠦᠯᠦᠪᠯᠡᠭᠡᠳᠦ ᠬᠦᠩᠭᠡᠵᠢᠬᠦ ᠵᠡᠷᠭᠡ | ᠡᠯ᠎ᠡ ᠠᠵᠢᠯ ᠪᠠ ᠲᠠᠷᠢᠶᠠᠯᠠᠩ ᠮᠠᠯ᠂ ᠤᠰᠤᠨ ᠠᠰᠢᠭᠯᠠᠯᠳᠠ᠂ ᠤᠢ ᠰᠢᠭᠤᠢ᠂ ᠠᠭᠤᠷ ᠠᠮᠢᠰᠬᠤᠯ ᠵᠡᠷᠭᠡ ᠠᠵᠢᠯ ᠳᠤ | ᠶᠡᠭᠡ ᠭᠠᠪᠢᠶ᠎ᠠ ᠪᠦᠳᠦᠮᠵᠢ ᠦᠵᠡᠭᠦᠯᠵᠦ᠂ ᠡᠳᠦᠭᠡ ᠪᠤᠯᠳᠠᠯ᠎ᠠ ᠯᠢᠨᠰᠢ ᠰᠢᠶᠠᠨ ᠤ ᠦᠷᠭᠡᠨ ᠤᠯᠠᠨ ᠺᠠᠳᠠᠷᠴᠤᠳ᠂ | ᠠᠷᠠᠳ ᠲᠦᠮᠡᠨ ᠲᠤᠷᠰᠤᠨ ᠮᠦᠷᠦᠭᠡᠳᠡᠨᠡ᠃ | 1982 ᠤᠨ ᠤ 6 ᠰᠠᠷ᠎ᠠ ᠶᠢᠨ 26 ᠤ ᠡᠳᠦᠷ ᠰᠦᠩᠷᠠᠶᠢᠵᠠᠪ ᠦᠮᠡᠨ ᠡᠪᠡᠳᠴᠢᠨ ᠢᠶᠠᠷ ᠨᠠᠰᠤ ᠪᠠᠷᠠᠵᠤ᠂ ᠲᠤᠬᠠᠢ | ᠶᠢᠨ ᠵᠢᠯ 57 ᠨᠠᠰᠤᠳᠠᠢ᠃ | |