ᠨᠤ᠂ ᠴᠢᠯᠠᠭᠤᠨᠪᠠᠭᠠᠨ᠎ᠠ | ᠮᠤᠷᠢᠳᠠᠢ ᠬᠦᠮᠤᠨ ᠤ ᠮᠦᠷᠳᠠᠢ ᠵᠤᠭᠤᠭ | ( ᠨᠢᠭᠡ︶ | ᠬᠦᠮᠤᠨ ᠭᠡᠭᠴᠢ ᠬᠦᠯ ᠭᠠᠷ᠂ ᠬᠦᠯᠤᠭ᠌ ᠤᠨᠤᠭ᠎ᠠ ᠲᠠᠢ ᠪᠠᠶᠢᠳᠠᠭ ᠢᠶᠠᠷ ᠢᠶᠠᠨ ᠬᠠᠮᠢᠭ᠎ᠠ ᠴᠤ ᠬᠦᠷᠴᠤ᠂ ᠬᠡᠨ ᠲᠠᠢ | ᠴᠤ ᠠᠭᠤᠯᠵᠠᠵᠤ ᠪᠤᠯᠳᠠᠭ ᠶᠤᠮ ᠪᠠᠶᠢᠵᠡᠢ᠃ ᠡᠮᠤᠨᠡᠬᠡᠨ ᠪᠢ ︽ᠰᠤᠷᠤᠯᠴᠠᠬᠤ︾ ᠲᠤᠬᠢᠶᠡᠯ ᠬᠠᠷᠭᠤᠨ ᠭᠤᠸᠠᠩᠰᠢ | ᠭᠦᠢᠯᠢᠨ ᠤ ᠠᠭᠤᠯᠠ ᠤᠰᠤ ᠪᠠᠷ ᠨᠢᠳᠤ ᠨᠡᠭᠡᠭᠡᠵᠤ ᠶᠠᠪᠤᠭᠰᠠᠨ ᠪᠢᠯᠡ᠃ | ᠤᠩᠭᠤᠴᠠᠨ ᠳᠤ ᠰᠠᠭᠤᠵᠤ ᠯᠢᠵᠢᠶᠠᠩ ᠮᠦᠷᠡᠨ ᠢ ᠦᠭᠰᠤᠨ ᠠᠶᠠᠯᠠᠬᠤᠶ᠎ᠠ ᠨᠤᠯᠮᠤᠨ ᠨᠤᠭᠤᠭᠠᠨ ᠡᠷᠭᠢ ᠬᠦᠪᠡᠭᠡᠳ | ᠨᠢ ᠨᠤᠳᠤᠭ ᠤᠨ ᠵᠢᠰᠤ ᠪᠠᠷ ᠨᠠᠮ᠎ᠠ ᠶᠢ ᠨᠢᠯᠬᠠᠷᠭᠠᠵᠤ ᠰᠡᠷᠡᠯ ᠬᠦᠨᠳᠡᠨ᠂ ᠰᠡᠳᠬᠢᠯ ᠰᠤᠭᠳᠤᠭᠠᠨᠠ᠃ | ᠴᠡᠯᠭᠡᠮ᠎ᠡ ᠨᠤᠭᠤᠭᠠᠨ ᠠᠭᠤᠯᠠᠰ — ᠴᠡᠩᠬᠡᠯ ᠠᠷᠭᠠᠳᠠᠨ᠂ ᠨᠠᠮ᠎ᠠ ᠶᠢ ᠵᠢᠷᠭᠠᠨ᠎ᠠ᠃ ᠨᠤᠭᠤᠭᠠᠨ ᠨᠢ ᠴᠤ ᠶᠠᠭᠠᠬᠢᠬᠤ | ᠪᠤᠢ︖ ᠤᠯᠠᠷᠢᠯ ᠶᠤᠮ ᠴᠢᠨᠢ᠃ ᠠᠭᠤᠯᠠ ᠴᠤ ᠶᠠᠭᠤ ᠪᠠᠶᠢᠬᠤ ᠪᠤᠢ︖ ᠤᠮᠠᠷᠠᠳᠤ ᠶᠢᠨ ᠦᠨᠳᠦᠷᠯᠢᠭ — ᠮᠢᠨᠤ | ᠨᠤᠳᠤᠭ ᠲᠤ ᠪᠠᠰᠠ ᠪᠠᠶᠢᠬᠤ ᠯᠠ ᠳ᠋ᠠ᠃ ᠡᠶᠢᠮᠤ ᠲᠤᠰᠤᠷᠠᠩᠭᠤᠢ᠂ ᠤᠰᠤᠷᠠᠩᠭᠤᠢ ᠲᠤᠷᠭ᠎ᠠ ᠲᠤᠷᠳᠠᠩ ᠰᠢᠭ᠋ | ᠤᠶᠠᠬᠠᠨ ᠵᠦᠭᠡᠯᠡᠨ ᠨᠤᠭᠤᠭᠠᠨ ᠪᠠᠶᠢᠳᠠᠭ ᠨᠢ ᠭᠤᠶᠤᠬᠠᠨ᠃ ᠪᠤᠳᠤᠬᠤ ᠳᠤ ᠤᠮᠠᠷᠠᠳᠤ ᠶᠢᠨ ᠦᠨᠳᠦᠷᠯᠢᠭ ᠪᠠᠰᠠ | ᠤᠤᠯ ᠳᠠᠭᠠᠨ ᠡᠶᠢᠮᠤ ᠪᠠᠶᠢᠭᠰᠠᠨ ᠠᠵᠤᠭᠤ︕ | ᠴᠡᠯ ᠨᠤᠭᠤᠭᠠᠨ ᠤᠰᠤᠨ — ᠴᠠᠯᠬᠢᠶ᠎ᠠ ᠦᠭᠡᠢ ᠮᠡᠯᠮᠡᠯᠵᠡᠨ᠂ ᠴᠠᠬᠢᠰ ᠬᠢᠯᠠᠰ ᠶᠠᠭᠠᠷᠠᠬᠤ᠂ ᠰᠡᠭᠦᠳᠡᠷ ᠤᠨ ᠮᠠᠰᠢᠨ ᠤ | ᠮᠢᠨᠢ ᠭᠡᠭᠡᠪᠴᠢ ᠪᠠᠷ ᠤᠷᠤᠰᠤᠮ᠎ᠠ ᠵᠢᠷᠤᠭ᠎ᠠ ᠲᠠᠢ ᠢᠷᠡᠨ᠎ᠡ᠃ | ᠬᠦᠢ︕ ᠮᠤᠷᠢ ᠪᠠᠶᠢᠨ᠎ᠠ᠂ ᠮᠤᠷᠢᠳᠠᠢ ᠬᠦᠮᠤᠨ ᠪᠠᠶᠢᠨ᠎ᠠ᠃ ᠮᠤᠩᠭᠤᠯ ᠠᠳᠤᠭᠤᠨ ᠤ ᠰᠠᠯᠬᠢ ᠪᠠᠶᠢᠨ᠎ᠠ᠃ | ᠬᠠᠮᠢᠭ᠎ᠠ ᠠᠴᠠ ᠢᠷᠡᠵᠤ︖ ᠬᠠᠮᠢᠭ᠎ᠠ ᠤᠴᠢᠳᠠᠭ ᠪᠢᠯᠡ︖ ᠭᠡᠳᠡᠭ ᠠᠰᠠᠭᠤᠯᠳᠠ ᠶᠢ ᠤᠯᠡᠨ ᠡᠳᠤᠷ᠂ | ᠵᠤᠵᠠᠭᠠᠨ ᠬᠤᠨᠤᠭ ᠢᠶᠠᠷ ᠰᠡᠳᠬᠢᠵᠤ ᠶᠠᠪᠤᠭᠰᠠᠨ ᠮᠢᠨᠤ ᠪᠤᠳᠤᠯ ᠳᠤ ᠠᠷᠪᠠᠨ ᠭᠤᠷᠪᠠᠳᠤᠭᠠᠷ ᠵᠠᠭᠤᠨ᠂ ᠠᠳᠤᠭᠤᠨ | ᠲᠤᠭᠤᠰᠤ ᠲᠠᠢ ᠢᠶᠠᠨ ᠢᠷᠡᠨ᠎ᠡ᠃ | ᠮᠢᠨᠤ ᠮᠤᠩᠭᠤᠯ ᠤᠨ ᠠᠭᠤᠯᠠ ᠤᠰᠤᠨ ᠮᠦᠩᠭᠡ ᠨᠤᠭᠤᠭᠠᠨ ᠢᠶᠠᠷ ᠢᠶᠠᠨ᠃ | ︵ᠬᠤᠶᠡᠷ︶ | | ᠮᠤᠷᠢ ᠨᠠᠮ᠎ᠠ ᠳᠤ ᠠᠷᠭ᠎ᠠ ᠦᠭᠡᠢ ᠡᠯᠢᠬᠡᠰᠡᠭ᠂ ᠮᠤᠷᠢ ᠳᠠᠭᠠᠨ ᠪᠢ ᠭᠡᠴᠡᠭᠦᠤ ᠯᠠ ᠬᠠᠶᠢᠷᠠᠳᠠᠢ᠃ ᠨᠠᠰᠤ ᠵᠢᠯ ᠪᠤᠶᠤ | ᠤᠷᠭᠤᠵᠤ ᠲᠦᠷᠤᠭ᠍ᠰᠡᠨ ᠤ ᠡᠷᠬᠡ ᠪᠠᠷ ᠰᠡᠭᠦᠳᠡᠷ ᠵᠢᠷᠤᠭ ᠠᠴᠠ ᠪᠠᠨ ᠬᠠᠯᠢᠷᠠᠬᠤ ᠪᠤᠯᠤᠭᠰᠡᠨ ᠴᠤ ᠮᠤᠷᠢ ᠲᠠᠢ ᠪᠠᠨ | ᠰᠡᠭᠦᠳᠡᠷᠯᠡᠬᠦ ᠤᠷᠮ᠎ᠠ ᠳᠠᠭᠠᠨ ᠨᠢᠯᠬᠠᠷᠠᠨ᠎ᠠ᠃ | ᠵᠠᠰᠠᠭ ᠤᠨ ᠤᠷᠳᠤᠨ ᠤ ᠠᠰᠠᠷ ᠤᠨ ᠡᠮᠤᠨ᠎ᠡ ᠮᠤᠷᠢ ᠪᠠᠨ ᠬᠦᠳᠤᠯᠵᠤ ᠰᠡᠭᠦᠳᠡᠷᠯᠡᠬᠦ ᠶᠢ ᠰᠠᠨᠠᠨ᠎ᠠ᠂ ᠵᠠᠮ ᠤᠨ | ᠵᠠᠬ᠎ᠠ ᠶᠢᠨ ᠦᠵᠡᠮᠵᠢ ᠶᠢᠨ ᠲᠤᠮᠳᠠ ᠬᠦᠭᠰᠢᠨ ᠢᠶᠠᠨ ᠰᠤᠭᠤᠳᠠᠵᠤ ᠮᠤᠷᠢᠳᠠᠢ ᠰᠡᠭᠦᠳᠡᠷᠯᠡᠬᠦ ᠶᠢ ᠪᠤᠳᠤᠨ᠎ᠠ᠂ ᠵᠠᠮᠠᠭ ᠤᠨ | ᠨᠤᠭᠤᠭᠠᠨ ᠪᠡᠯᠴᠢᠭᠡᠷ ᠤᠨ ᠲᠤᠮᠳᠠ᠂ ᠮᠤᠷᠢᠨ ᠲᠡᠭᠡᠷ᠎ᠡ ᠢᠶᠠᠨ ᠭᠡᠯᠳᠡᠭᠡᠢ ᠰᠠᠭᠤᠴᠢᠬᠠᠭᠰᠠᠨ ᠵᠠᠯᠠᠭᠤ ᠪᠠᠭ᠎ᠠ ᠶᠢᠨ ᠢᠨᠠᠭ | ᠢᠶᠠᠨ ᠰᠠᠷᠠᠪᠴᠢᠯᠠᠵᠤ ᠰᠡᠭᠦᠳᠡᠷᠯᠡᠬᠦ ᠶᠢ ᠬᠦᠰᠡᠨ᠎ᠡ᠂ ᠲᠢᠶᠡᠨ ᠠᠨ ᠮᠧᠨ ᠲᠠᠯᠠᠪᠤᠷ ᠲᠤ ᠮᠤᠷᠢ ᠢᠶᠠᠷ ᠵᠤᠭᠠᠴᠠᠨ᠂ | ᠲᠠᠨᠢᠯᠴᠠᠭᠰᠠᠨ ᠨᠠᠶᠢᠵᠢᠰ ᠲᠠᠭᠠᠨ ᠮᠤᠷᠢ ᠪᠠᠷ ᠢᠶᠠᠨ ᠰᠠᠭᠤᠭᠳᠠᠵᠤ᠂ ᠰᠤᠷᠭᠠᠭᠤᠯᠢ ᠶᠢᠨ ᠡᠭᠦᠳᠡᠨ ᠠᠴᠠ ᠬᠤᠬᠡᠳ ᠢᠶᠠᠨ | ᠮᠤᠷᠢ ᠪᠠᠷ ᠢᠶᠠᠨ ᠲᠤᠰᠤᠨ᠂ ᠰᠤᠷᠤᠯᠴᠠᠬᠤ ᠶᠢᠨ ᠠᠶᠠᠨ ᠳᠤ ︽ᠬᠤᠪᠢᠯᠭᠠᠨ ᠶᠢᠰᠤᠳᠤᠭᠡᠷ︾ ᠤᠨ ᠬᠤᠶᠢᠨ᠎ᠠ ᠠᠴᠠ | ᠮᠤᠷᠢ ᠪᠠᠷ ᠢᠶᠠᠨ ᠲᠠᠪᠬᠢᠵᠤ ᠪᠠᠶᠢᠨ᠎ᠠ ᠭᠡᠵᠤ ᠰᠡᠳᠬᠢᠨ᠎ᠡ ᠁ | ᠮᠤᠷᠢ — ᠮᠢᠨᠤ ᠬᠡᠶᠢᠮᠤᠷᠢ᠂ ᠮᠤᠷᠢᠨ ᠲᠡᠭᠡᠷ᠎ᠡ ᠠᠴᠠ ᠨᠠᠷᠠ ᠤᠶᠢᠷᠡᠬᠠᠨ ᠪᠠᠶᠢᠳᠠᠭ ᠶᠤᠮ᠃ | ︵ᠭᠤᠷᠪᠠ︶ | | ᠨᠠᠷᠠ ᠮᠠᠨᠳᠤᠬᠤ ᠪᠠᠷ ᠮᠤᠷᠢᠳᠠᠢ ᠬᠦᠮᠤᠨ᠂ ᠭᠡᠷ ᠤᠨ ᠡᠭᠦᠳᠡᠨ ᠠᠴᠠ ᠮᠤᠷᠳᠠᠵᠤ ᠭᠠᠷᠤᠨ᠎ᠠ᠃ ᠠᠳᠤᠭᠤᠨ ᠰᠤᠷᠠᠭ᠂ | ᠨᠠᠷᠡᠨ ᠤ ᠰᠠᠴᠤᠷᠠᠭ ᠲᠠᠮᠤᠵᠤ᠂ ᠠᠯᠤᠰ ᠲᠤ ᠰᠤᠨᠤᠭᠰᠡᠨ ᠵᠠᠮ ᠢᠶᠠᠷ ᠰᠠᠯᠬᠢ ᠢᠰᠬᠢᠷᠴᠤ ᠲᠠᠪᠬᠢᠬᠤ ᠳᠤ ᠰᠡᠳᠬᠢᠯ | ᠳᠤ ᠲᠠᠭᠠᠳᠠᠢ ᠨᠢ ᠠᠷᠭ᠎ᠠ ᠦᠭᠡᠢ᠃ | ᠮᠤᠷᠢᠳᠠᠢ ᠬᠦᠮᠤᠨ᠂ ᠮᠤᠷᠢᠳᠠᠢ ᠬᠦᠮᠤᠨ ᠲᠠᠢ ᠠᠭᠤᠯᠵᠠᠪᠠ᠃ ᠠᠮᠤᠷ ᠮᠠᠨᠳᠤ ᠮᠡᠳᠡᠯᠴᠡᠨ᠂ ᠠᠯᠳᠠᠭᠤᠯ ᠤᠨ ᠰᠤᠷᠠᠭ | ᠴᠢᠩᠨᠠᠬᠤ ᠳᠤ ᠪᠠᠳᠤᠳᠠᠢ ᠬᠠᠷᠢᠭᠤᠯᠳᠠ ᠤᠯᠤᠭ᠎ᠠ ᠦᠭᠡᠢ ᠴᠤ ᠬᠠᠷᠠᠭᠠᠨ ᠳᠤ ᠲᠠᠯ᠎ᠠ ᠨᠤᠭᠤᠭᠠᠨ᠂ ᠬᠠᠮᠠᠷ ᠲᠤ ᠠᠭᠠᠷ | ᠰᠤᠷᠭᠤᠭ᠃ ᠡᠷᠢᠯ ᠰᠤᠷᠠᠭ ᠦᠷᠭᠦᠯᠵᠢᠯᠡᠵᠤ᠂ ᠡᠮᠡᠭᠡᠯᠳᠤ ᠬᠦᠯᠤᠭ᠌ ᠬᠦᠯᠤᠷᠴᠢᠬᠡᠭᠰᠡᠨ ᠰᠠᠵᠢᠯᠠᠭᠤᠯᠤᠨᠠ᠃ | ᠮᠤᠷᠢᠳᠠᠢ ᠬᠦᠮᠤᠨ᠂ ᠡᠯᠵᠢᠭᠡ ᠬᠦᠳᠤᠯᠤᠭ᠍ᠰᠡᠨ ᠬᠦᠮᠤᠨ ᠲᠠᠢ ᠬᠠᠷᠭᠤᠪᠠ᠃ ︽ᠰᠠᠶᠢᠨᠤ︖︾ ᠭᠡᠵᠤ ᠮᠡᠨᠳᠤᠴᠢᠯᠡᠬᠦ | ᠳᠤ ᠰᠡᠷᠡᠮᠵᠢ ᠤᠯᠤᠭᠰᠡᠨ ᠴᠦ ᠦᠭᠡᠢ ᠵᠦᠷᠢᠵᠤ ᠭᠠᠷᠬᠤ ᠲᠡᠭᠦᠨ ᠤ ᠠᠷᠤ ᠠᠴᠠ ᠤᠳᠠᠳᠠᠯ᠎ᠠ ᠬᠠᠷᠠᠵᠤ ᠵᠤᠭᠰᠤᠬᠤ ᠳᠤ | ᠠᠭᠤᠯᠠ ᠲᠠᠯ᠎ᠠ ᠤᠯᠠᠭᠠᠨ ᠮᠠᠨᠠᠨ ᠤ ᠲᠤᠮᠳᠠ ᠪᠦᠷᠤᠯᠵᠢᠨᠡ᠃ ᠰᠤᠪᠢᠩ᠂ ᠰᠡᠷᠡᠯ ᠤᠨ ᠠᠯᠢᠨ ᠪᠤᠯᠬᠤ ᠶᠢ ᠡᠰᠡ | ᠢᠯᠭᠠᠭᠠᠵᠤ ᠴᠢᠳᠠᠨ᠎ᠠ᠃ | ᠮᠤᠷᠢᠳᠠᠢ ᠬᠦᠮᠤᠨ᠂ ᠮᠤᠲ᠋ᠤᠷ ᠲᠠᠢ ᠬᠦᠮᠤᠨ ᠦᠭᠡᠳᠡ ᠠᠴᠠ ᠨᠢ ᠵᠢᠷᠢᠯᠵᠡᠭᠦᠯᠵᠤ ᠢᠷᠡᠬᠦ ᠶᠢ ᠤᠯᠵᠤ ᠬᠠᠷᠠᠪᠠ᠃ | ᠤᠳᠠᠵᠤ ᠲᠦᠳᠡᠯ ᠦᠭᠡᠢ᠂ ᠲᠤᠯᠪᠤ ᠲᠠᠳᠤᠢ ᠪᠠᠶᠢᠭᠰᠠᠨ ᠠᠴᠠ ᠪᠠᠨ ᠲᠤᠮᠤᠷᠠᠵᠤ᠂ ᠵᠠᠪᠵᠢᠨ ᠰᠢᠷ᠎ᠠ ᠨᠢ ᠭᠠᠷᠤᠭ᠎ᠠ | ᠦᠭᠡᠢ ᠵᠠᠯᠠᠭᠤ ᠪᠠᠭ᠎ᠠ ᠲᠡᠭᠦᠤᠨᠠᠷ ᠪᠠᠶᠢᠭ᠎ᠠ ᠨᠢ ᠲᠤᠳᠤᠷᠠᠨ᠎ᠠ᠃ ᠤᠨᠤᠭ᠎ᠠ ᠠᠴᠠ ᠪᠠᠨ ᠪᠠᠭᠤᠵᠤ ᠠᠮᠤᠷ ᠠᠰᠠᠭᠤᠳᠠᠭ | ᠪᠤᠯᠪᠠᠤ︖ ᠬᠡᠮᠡᠨ ᠬᠦᠯᠢᠭᠡᠯᠵᠢᠨ ᠠᠳᠠᠯ᠎ᠠ ᠲᠠᠭᠠᠷᠢᠬᠤ ᠵᠠᠪᠳᠠᠭᠤ ᠲᠠᠯ᠎ᠠ ᠪᠠᠷ ᠨᠢ ᠫᠠᠷᠴᠢᠭᠢᠨᠠᠭᠤᠯᠵᠤ ᠭᠠᠷᠪᠠ᠃ | ᠮᠤᠷᠢᠳᠠᠢ ᠬᠦᠮᠤᠨ ᠲᠡᠭᠦᠨ ᠤ ᠬᠤᠶᠢᠨ᠎ᠠ ᠠᠴᠠ ︽ᠤᠨᠤᠭ᠎ᠠ ᠨᠢ ᠬᠤᠷᠳᠤᠨ ᠪᠠᠶᠢᠨ᠎ᠠ᠂ ᠡᠵᠡᠨ ᠨᠢ ᠬᠠᠷᠢᠨ ᠁︾ | ᠭᠡᠰᠡᠨ ᠪᠠᠶᠢᠷᠢᠳᠠᠢ ᠲᠤᠯᠤᠭᠠᠢ ᠰᠠᠵᠠᠬᠤᠶᠢᠴᠠ ᠪᠤᠯᠤᠨ᠎ᠠ᠃ | ᠮᠤᠷᠢᠳᠠᠢ ᠬᠦᠮᠤᠨ ᠠᠯᠳᠠᠭᠤᠯ ᠢᠶᠠᠨ ᠤᠯᠤᠭ᠎ᠠ ᠦᠭᠡᠢ ᠪᠤᠯᠬᠤᠷ ᠮᠦᠨ ᠴᠢᠨᠠᠭᠰᠢ ᠲᠠᠪᠬᠢᠨ᠎ᠠ᠃ ᠬᠦᠮᠤᠨ ᠤ ᠪᠠᠷ᠎ᠠ | ᠨᠢ ᠬᠠᠷᠠᠭᠳᠠᠬᠤ ᠦᠭᠡᠢ ᠬᠦᠩᠭᠢᠨᠡᠬᠦ ᠲᠠᠭᠤᠨ ᠤᠶᠢᠷᠡᠳᠤᠵᠤ ᠢᠷᠡᠨ᠎ᠡ᠃ ᠠᠢ︕ ᠬᠠᠯᠠᠭ᠃ ᠮᠠᠰᠢᠨ ᠲᠠᠢ ᠲᠠᠪᠬᠢᠭ᠎ᠠ | ᠬᠦᠮᠤᠨ ᠶᠤᠮ ᠪᠠᠶᠢᠨ᠎ᠠ᠃ ᠬᠤᠷᠳᠤᠨ ᠮᠠᠰᠢᠨ ᠳᠤᠨᠢ ᠲᠠᠭᠠᠷᠢᠭᠳᠠᠭᠤᠵᠡᠢ ᠬᠡᠮᠡᠨ᠂ ᠵᠠᠶᠢᠯᠠᠭᠰᠠᠨ ᠪᠤᠯᠵᠤ ᠵᠠᠮ ᠤᠨ | ᠵᠠᠬ᠎ᠠ ᠪᠠᠷ ᠲᠡᠯᠮᠡᠭᠦᠯᠵᠤ ᠶᠠᠪᠤᠬᠤ ᠳᠤ ᠮᠠᠰᠢᠨ ᠲᠠᠢ ᠬᠦᠮᠤᠨ ᠬᠤᠷᠳᠤᠴᠠ ᠪᠠᠨ ᠬᠠᠰᠤᠭᠰᠡᠨ ᠪᠤᠯᠵᠤ ᠲᠡᠷᠭᠡᠨ ᠴᠤᠩᠬᠤ | ᠪᠠᠷ ᠢᠶᠠᠨ ᠬᠢᠯᠠᠰ ᠲᠤᠸᠠᠯᠠᠰ ᠭᠡᠷᠡᠯ ᠢᠶᠠᠷ ᠤᠨᠢᠯᠠᠵᠤ ᠯᠠ ᠪᠠᠶᠢᠯ᠎ᠠ᠃ | ᠡᠭᠦᠯᠡ ᠮᠠᠨᠠᠨ ᠲᠠᠢ ᠡᠵᠡᠭᠦᠢ ᠬᠡᠭᠡᠷ᠎ᠡ ᠨᠠᠰᠤ ᠪᠠᠷ ᠢᠶᠠᠨ ᠲᠠᠪᠬᠢᠭᠠᠳ ᠠᠶᠤᠵᠤ ᠰᠤᠴᠢᠬᠤ ᠶᠢ ᠮᠡᠳᠡᠬᠦ ᠦᠭᠡᠢ | ᠶᠠᠪᠤᠭᠰᠠᠨ ᠮᠤᠷᠢᠳᠠᠢ ᠬᠦᠮᠤᠨ ᠠᠶᠤᠩᠭᠤᠷᠢ ᠲᠦᠷᠤᠵᠤ ᠬᠤᠶᠢᠬ᠎ᠠ ᠶᠢᠨ ᠦᠰᠤ ᠨᠢ ᠪᠤᠰᠴᠠᠢ᠃ | | ︵ᠲᠦᠷᠪᠡ︶ | ᠮᠤᠷᠢᠳᠠᠢ ᠬᠦᠮᠤᠨ ᠬᠦᠳᠤᠯ ᠦᠭᠰᠤᠵᠤ ᠶᠠᠪᠤᠨ᠎ᠠ᠃ ᠬᠦᠯᠤᠭ᠌ ᠨᠢ ᠬᠦᠯᠤᠷᠡᠵᠤ ᠬᠦᠮᠤᠨ ᠨᠢ ᠶᠠᠳᠠᠷᠠᠵᠡᠢ᠃ ᠭᠡᠶ᠎ᠡ | ᠬᠦᠳᠤᠯ ᠲᠡᠭᠡᠷᠡᠬᠢ ᠤᠩᠭᠤᠨ ᠤᠪᠤᠭ᠎ᠠ ᠠᠴᠠ ᠵᠠᠭᠤᠨ ᠠᠯᠴᠢᠮ ᠤᠨ ᠵᠠᠢ ᠲᠠᠢ ᠲᠡᠷᠡ ᠮᠤᠷᠢ ᠠᠴᠠ ᠪᠠᠭᠤᠵᠤ ᠵᠠᠮ | ᠮᠦᠷ ᠲᠤ ᠨᠢ ᠰᠠᠭᠠᠳ ᠪᠤᠯᠤᠮᠠᠷ ᠴᠢᠯᠠᠭᠤᠳ ᠠᠴᠠ ᠭᠡᠳᠤ ᠶᠢ ᠲᠡᠭᠦᠨ ᠬᠤᠷᠮᠤᠶᠢᠯᠵᠤ ᠤᠪᠤᠭᠠᠨ ᠳᠤ ᠠᠪᠠᠴᠢᠨ | ᠨᠡᠮᠡᠴᠢᠬᠡᠭᠡᠳ ︽ᠤᠩᠭᠤᠨ ᠤᠪᠤᠭᠠᠨ ᠤ ᠰᠠᠬᠢᠭᠤᠰᠤ ᠦᠷᠤᠰᠢᠶᠡ︕︾ ᠬᠡᠮᠡᠨ ᠨᠠᠮᠠᠴᠢᠯᠡᠨ ᠵᠠᠯᠪᠢᠷᠠᠵᠤ ᠮᠦᠷᠭᠦᠪᠡ᠃ | | ᠮᠤᠷᠢᠳᠠᠢ ᠬᠦᠮᠤᠨ ᠤ ᠨᠢᠳᠤᠨ ᠳᠤ ᠨᠠᠪᠴᠢᠳᠤ ᠨᠤᠭᠤᠭᠠᠨ ᠲᠠᠯ᠎ᠠ᠂ ᠵᠢᠷᠭᠠᠯ ᠤᠨ ᠦᠩᠭᠡᠳᠤ ᠰᠤᠯᠤᠩᠭ᠎ᠠ ᠲᠠᠢ ᠤᠪ | ᠤᠶᠢᠷᠠᠬᠠᠨ᠂ ᠲᠤᠪ ᠲᠤᠯᠠᠭᠠᠬᠠᠨ ᠬᠠᠷᠠᠭᠳᠠᠨ᠎ᠠ᠃ | ᠮᠤᠲ᠋ᠤᠷ ᠲᠠᠢ ᠬᠦᠮᠤᠨ ᠬᠦᠳᠤᠯ ᠦᠭᠰᠤᠨ᠂ ᠪᠠᠯᠪᠠᠷᠬᠠᠢ ᠮᠤᠲ᠋ᠤᠷ ᠢᠶᠠᠨ ᠭᠤᠤᠯ ᠤᠨ ᠲᠠᠭᠤ ᠪᠠᠷ ᠨᠢ | ᠤᠤᠭᠢᠯᠠᠭᠤᠯᠤᠨᠠ᠃ ᠮᠤᠲ᠋ᠤᠷ ᠨᠢ ᠲᠤᠶᠢᠯᠳᠠᠵᠤ᠂ ᠡᠵᠡᠨ ᠨᠢ ᠰᠠᠨᠳᠤᠷᠠᠵᠡᠢ᠃ ᠶᠠᠭᠤ ᠴᠤ ᠭᠡᠰᠡᠨ ᠲᠡᠷᠡ ᠬᠦᠳᠤᠯ | ᠲᠡᠭᠡᠷ᠎ᠡ ᠭᠠᠷᠴᠤ ᠤᠴᠢᠬᠤᠶᠢᠴᠠ ᠯᠠ ︽ᠫᠡᠰ︾ ᠬᠡᠬᠦ ᠲᠠᠭᠤᠨ ᠢᠶᠠᠷ ᠮᠤᠲ᠋ᠤᠷ ᠨᠢ ᠤᠤᠭᠢᠯᠠᠬᠤ ᠠᠴᠠ ᠤᠨᠳᠤᠤ | ᠤᠷᠤᠭᠰᠢ ᠶᠠᠪᠤᠵᠤ ᠦᠭᠬᠦ ᠦᠭᠡᠢ ᠪᠤᠯᠵᠡᠢ᠃ ᠮᠤᠲ᠋ᠤᠷ ᠲᠠᠢ ᠬᠦᠮᠤᠨ ᠵᠠᠯᠬᠠᠭᠤᠳᠠᠶᠢᠬᠠᠨ ᠭᠡᠭᠴᠢ ᠪᠠᠭᠤᠵᠤ ᠢᠷᠡᠭᠡᠳ | ᠤᠳᠠᠳᠠᠯ᠎ᠠ ᠰᠢᠨᠵᠢᠭᠰᠡᠨ ᠢᠶᠠᠨ ᠤᠪᠤᠭᠠᠨ ᠤ ᠲᠠᠯ᠎ᠠ ᠳᠤ ᠰᠢᠩᠭᠡᠨ ᠮᠦᠷ ᠦᠵᠡᠭᠰᠡᠨ ᠪᠤᠯᠵᠤ᠂ ᠤᠪᠤᠭᠠᠨ ᠲᠡᠭᠡᠷ᠎ᠡ | ᠠᠴᠠ ᠨᠢᠳᠤᠷᠭᠠᠨ ᠴᠢᠨᠡᠭᠡᠨ ᠬᠤᠶᠡᠷ ᠴᠢᠯᠠᠭᠤ ᠠᠪᠴᠤ ᠭᠡᠮᠳᠤᠭ᠍ᠰᠡᠨ ᠮᠤᠲ᠋ᠤᠷ ᠤᠨ ᠢᠶᠠᠨ ᠭᠡᠨᠵᠢ ᠶᠢ ᠬᠠᠵᠠᠵᠤ ᠬᠡᠮᠡᠯᠢᠨ᠂ | ᠪᠠᠯᠪᠠᠵᠤ ᠨᠢᠳᠤᠷᠭᠠᠳᠤᠭᠰᠠᠭᠠᠷ ᠪᠠᠶᠢᠵᠤ ᠵᠠᠯᠭᠠᠭᠤᠯᠵᠤ ᠠᠪᠤᠭᠠᠳ ᠴᠢᠨᠠᠭᠰᠢ ᠮᠤᠷᠳᠠᠬᠤ ᠳᠤ ᠭᠤᠤ ᠭᠠᠩᠭ᠎ᠠ᠂ | ᠭᠤᠯᠳᠤᠯᠳᠤᠨ ᠬᠡᠪᠳᠡᠭᠰᠡᠨ ᠦᠬᠡᠷ ᠴᠢᠯᠠᠭᠤᠳ ᠮᠤᠲ᠋ᠤᠷ ᠲᠠᠢ ᠬᠦᠮᠤᠨ ᠤ ᠵᠠᠮ ᠢ ᠬᠠᠰᠢᠨ ᠬᠠᠷᠠᠭᠳᠠᠨ᠎ᠠ᠃ | ᠬᠡᠳᠤᠢ ᠬᠤᠶᠢᠨ᠎ᠠ ᠨᠢ ᠭᠤᠤ ᠶᠢᠨ ᠭᠤᠤᠯ ᠳᠠᠬᠢ ᠦᠭᠡᠷ ᠴᠢᠯᠠᠭᠤᠨ ᠲᠡᠭᠡᠷ᠎ᠡ ᠴᠢᠰᠤ ᠨᠢᠰᠤ ᠶᠢᠨ ᠠᠯᠢᠨ ᠨᠢ | ᠢᠯᠭᠠᠭᠠᠭᠳᠠᠬᠤ ᠦᠭᠡᠢ ᠢᠮ ᠲᠡᠮᠳᠡᠭ ᠰᠢᠭ ᠯᠠ ᠶᠠᠭᠤᠮ᠎ᠠ ᠪᠠᠶᠢᠭᠰᠠᠨ ᠢ ᠬᠦᠮᠤᠰ ᠤᠯᠵᠤ ᠬᠠᠷᠠᠯ᠎ᠠ ᠭᠡᠬᠦ ᠶᠤᠮ᠃ | | ︵ᠲᠠᠪᠤ︶ | | ᠮᠤᠷᠢᠳᠠᠢ ᠬᠦᠮᠤᠨ ᠵᠠᠮ ᠤᠨ ᠵᠠᠬ᠎ᠠ ᠪᠠᠷ ᠲᠠᠪᠬᠢᠭᠤᠯᠵᠤ ᠶᠠᠪᠤᠨ᠎ᠠ᠃ ᠮᠤᠲ᠋ᠤᠷ ᠲᠠᠢ ᠬᠦᠮᠤᠨ ᠲᠤᠭᠤᠰᠤ | ᠮᠠᠨᠠᠷᠠᠭᠤᠯᠤᠨ ᠭᠦᠢᠴᠡᠵᠤ ᠢᠷᠡᠪᠡ᠃ ᠮᠤᠷᠢᠳᠠᠢ ᠬᠦᠮᠤᠨ ᠵᠢᠯᠤᠭᠤ ᠪᠤᠭᠤᠨᠢᠰᠬᠠᠨ ᠲᠦᠷᠤᠭᠡ ᠬᠠᠪᠢᠷᠠᠪᠠ᠃ ᠲᠠᠷ | ᠰᠢᠯᠭᠠᠨ᠂ ᠬᠤᠷᠳᠤᠴᠠ ᠮᠡᠳᠬᠡᠯᠴᠡᠵᠤ ᠨᠠᠯᠢᠶᠡᠳ ᠲᠠᠪᠬᠢᠭᠰᠡᠨ ᠢᠶᠠᠨ ᠵᠦᠷᠢᠶ᠎ᠠ ᠵᠠᠢ ᠭᠠᠷᠴᠤ ᠦᠭᠬᠦ ᠦᠭᠡᠢ ᠳᠤᠨᠢ | ᠮᠤᠷᠢᠳᠠᠢ ᠬᠦᠮᠤᠨ ᠵᠢᠯᠤᠭᠤ ᠬᠤᠷᠢᠶᠠᠪᠠ᠃ ᠭᠡᠶ᠎ᠡ ᠲᠡᠭᠦᠨ ᠤ ᠪᠤᠳᠤᠯ ᠰᠡᠳᠬᠢᠬᠦᠢ ᠬᠤᠷᠢᠶᠠᠭᠳᠠᠭᠰᠠᠨ ᠦᠭᠡᠢ᠃ | | — ᠶᠤᠷᠤ ᠶᠢᠨ ᠤᠨᠤᠭ᠎ᠠ ᠪᠠᠶᠢᠨ᠎ᠠ ᠠ︕ ᠶᠤᠷᠳᠠᠭᠤᠯᠤᠯ ᠦᠭᠡᠢ ᠲᠠᠪᠬᠢᠭᠠᠳ ᠪᠠᠶᠢᠨ᠎ᠠ᠂ ᠲᠡᠰᠪᠤᠷᠢ ᠲᠠᠭᠠᠴᠠ ᠪᠠᠷ | ᠬᠠᠷᠢᠯ ᠦᠭᠡᠢ ᠁ ᠬᠡᠯᠡᠯᠴᠡᠭᠡᠳ ᠲᠤᠬᠢᠷᠠᠳᠠᠭ ᠲᠤ ᠬᠦᠷᠪᠡᠯ ᠮᠤᠷᠢ ᠪᠠᠷ ᠢᠶᠠᠨ ᠠᠷᠠᠯᠵᠢᠶᠠᠯᠠᠵᠤ ᠦᠵᠡᠬᠦ ᠴᠤ | ᠪᠢᠯᠢᠤ︖ ᠲᠡᠩᠰᠡᠨ ᠲᠠᠰᠢᠭᠤᠷ ᠮᠤᠷᠢᠨ ᠤ ᠲᠠᠰᠢᠶᠠᠨ ᠲᠡᠭᠡᠷ᠎ᠡ ᠪᠠᠭᠤᠨ᠎ᠠ᠂ ᠲᠠᠭᠦᠨ ᠤ ᠰᠠᠨᠠᠭ᠎ᠠ ᠮᠤᠲ᠋ᠤᠷ ᠲᠠᠢ | ᠬᠦᠮᠤᠨ ᠢ ᠲᠠᠭᠤᠨ᠎ᠠ᠃ ᠲᠤᠭᠤᠰᠤ ᠨᠢ ᠤᠶᠢᠷᠠᠬᠠᠨ ᠮᠠᠨᠠᠷᠠᠵᠤ᠂ ᠬᠦᠮᠤᠨ ᠨᠢ ᠬᠤᠯᠠᠬᠠᠨ ᠪᠦᠷᠤᠯᠵᠢᠨᠡ᠃ | | ᠮᠤᠷᠢ ᠨᠢ ᠬᠦᠯᠤᠷᠡᠵᠡᠢ᠃ | ᠮᠤᠷᠢᠳᠠᠢ ᠬᠦᠮᠤᠨ ᠪᠤᠳᠤᠯ ᠤᠨ ᠠᠴᠢᠶ᠎ᠠ ᠲᠠᠢ ᠰᠠᠵᠢᠯᠠᠭᠤᠯᠤᠨᠠ᠃ ᠲᠤᠳ ᠲᠤᠳ ᠮᠠᠰᠢᠨ ᠲᠠᠢ ᠬᠦᠮᠤᠨ ᠪᠦᠷᠢᠶ᠎ᠠ | ᠲᠤᠤᠭᠠᠷᠭᠠᠭᠰᠠᠭᠠᠷ ᠨᠡᠬᠡᠵᠤ ᠢᠷᠡᠨ᠎ᠡ᠃ | — ᠦᠨᠤᠳᠤᠷ ᠴᠢᠨᠢ ᠶᠠᠭᠠᠬᠢᠯ᠎ᠠ︖ ᠵᠤᠤᠵᠡᠢ ᠬᠤᠯᠪᠤᠳᠠᠭ ᠨᠢ ᠪᠠᠶᠢᠬᠤ ᠦᠭᠡᠢ᠂ ᠵᠦᠷᠢᠵᠤ ᠲᠠᠪᠠᠭᠠᠳ ᠭᠠᠷᠳᠠᠭ | ᠨᠢ ᠡᠶᠢᠮᠤ ᠴᠤ ᠤᠯᠡᠨ︖ ᠮᠤᠷᠢᠨ ᠨᠢᠷᠤᠭᠤᠨ ᠲᠡᠭᠡᠷ᠎ᠡ ᠬᠡᠶᠢᠮᠤᠷᠢ ᠲᠦᠷᠡᠯᠵᠢᠳᠡᠭ ᠤᠴᠢᠷ᠂ ᠲᠡᠷᠡ | ᠦᠨᠳᠡᠶᠢᠰᠬᠢᠭᠰᠡᠨ ᠪᠤᠯᠵᠤ᠂ ᠮᠤᠷᠢ ᠨᠢ ᠡᠵᠡᠨ ᠤ ᠪᠠᠨ ᠰᠠᠨᠠᠭ᠎ᠠ ᠪᠠᠷ ᠱᠤᠩᠭᠤᠰᠬᠢᠭ᠍ᠰᠡᠨ ᠪᠠᠶᠢᠵᠤ᠂ ᠮᠠᠰᠢᠨ ᠲᠠᠢ | ᠬᠦᠮᠤᠨ᠂ ᠮᠤᠷᠢᠳᠠᠢ ᠬᠦᠮᠤᠨ ᠮᠠᠨᠠᠨ ᠲᠤᠭᠤᠰᠤ ᠲᠠᠳᠠᠭᠤᠯᠤᠨ ᠵᠡᠷᠭᠡᠴᠡᠨ ᠲᠠᠪᠬᠢᠭᠤᠯᠤᠨ᠎ᠠ᠃ ᠮᠤᠷᠢᠳᠠᠢ ᠬᠦᠮᠤᠨ ᠤ | ᠬᠠᠷᠠᠭᠠᠨ ᠳᠤ ᠲᠠᠨᠢᠯ ᠨᠢᠭᠡᠨ ᠪᠠᠷ᠎ᠠ ᠪᠦᠷᠳᠤᠶᠢᠵᠤ ᠪᠠᠶᠢᠭᠰᠠᠨ ᠠᠴᠠ ᠪᠠᠨ ᠲᠤᠳᠤ ᠪᠤᠯᠵᠤ ᠢᠷᠡᠪᠡ᠃ ᠠᠢ ᠬᠠᠷᠠᠯ᠎ᠠ︕ | ᠮᠠᠨᠠᠷᠠᠭᠤᠯᠵᠤ ᠲᠠᠪᠬᠢᠭᠰᠡᠨ ᠮᠤᠲ᠋ᠤᠷᠳᠡᠨ ᠪᠠᠶᠢᠬᠤ ᠦᠭᠡᠢ ᠤᠤ︖ ᠤᠨᠤᠭ᠎ᠠ ᠳᠤᠨᠢ ᠭᠡᠮᠳᠤᠯ ᠪᠠᠭᠤᠴᠢᠬᠠᠭᠠᠳ | ᠵᠢᠳᠬᠦᠵᠤ ᠶᠠᠪᠤᠨ᠎ᠠ ᠬᠦᠭᠡᠷᠤᠬᠦᠢ︕ | — ᠶᠠᠭᠠᠬᠢᠪᠠ︖ ᠲᠤᠰᠠ ᠲᠡᠮᠵᠢᠯᠭᠡ ᠪᠤᠯᠤᠮᠠᠷ ᠶᠠᠭᠤ ᠪᠠᠶᠢᠨ᠎ᠠ︖ ᠭᠡᠵᠤ ᠮᠤᠷᠢᠳᠠᠢ ᠬᠦᠮᠤᠨ ᠮᠤᠷᠢᠨ ᠠᠴᠠ | ᠪᠠᠭᠤᠵᠤ ᠮᠠᠯᠴᠢᠨ ᠮᠤᠩᠭᠤᠯ ᠵᠠᠩᠰᠢᠯ ᠢᠶᠠᠷ ᠪᠤᠯᠭᠤᠭᠠᠨ ᠠᠰᠠᠭᠤᠬᠤ ᠳᠤ ᠲᠤᠰᠤ ᠨᠢ ᠪᠠᠷᠠᠭᠳᠠᠭᠠᠳ᠂ ᠬᠠᠶᠠᠵᠤ | ᠪᠠᠶᠢᠵᠤ ᠶᠠᠳᠠᠬᠤ ᠶᠢᠨ ᠬᠠᠪᠴᠢᠯ ᠳᠤ ᠭᠠᠴᠢᠭᠳᠠᠭᠰᠠᠨ ᠴᠢᠷᠠᠢ ᠭᠠᠩᠳᠠᠭᠰᠠᠨ ᠨᠠᠪᠴᠢ ᠰᠢᠭ᠋ ᠭᠡᠭᠡ ᠮᠠᠭᠤᠳᠠᠢ | ᠬᠠᠷᠠᠭᠳᠠᠵᠡᠢ᠃ | ᠮᠤᠷᠢᠳᠠᠢ ᠬᠦᠮᠤᠨ᠂ ᠮᠤᠷᠢᠨ ᠤ ᠪᠠᠨ ᠡᠭᠡᠮ ᠬᠦᠵᠤᠭᠦᠤ ᠶᠢ ᠢᠯᠪᠢᠩᠬᠡᠨ ᠪᠠᠶᠢᠵᠤ ᠮᠤᠷᠳᠠᠭᠠᠳ ᠰᠠᠯᠬᠢ ᠢᠰᠬᠢᠷᠤᠨ | ᠰᠠᠵᠢᠯᠠᠭᠤᠯᠪᠠ᠃ | 赤峰市巴林左旗草原传统文化协会 | 朝伦巴根:13804766874 | |