ᠴᠢᠩ ᠵᠠᠩᠵᠤᠨ ᠳ᠋ᠧ ᠱᠧᠩ᠂ ᠡᠷᠭᠦᠭᠰᠡᠨ ᠨᠡᠷ᠎ᠡ ᠽᠢ ᠰᠢᠨ᠂ ᠨᠤᠳᠤᠭ ᠯᠢᠶᠤᠤ᠂ ᠨᠢᠭᠡ ᠮᠤᠵᠢ ᠶᠢᠨ ᠶᠢᠨ ᠰᠢ ᠰᠢᠶᠠᠨ | ᠶᠠᠩᠽᠢ ᠬᠡᠦ᠃ ᠴᠢᠩ ᠬᠦᠷᠦᠨ ᠤ ᠪᠦᠷᠢᠨᠳᠤ ᠵᠠᠰᠠᠭᠴᠢ ᠶᠢᠨ 13 ᠤᠨ ︵1824 ᠤᠨ︶ ᠳᠤ ᠲᠦᠷᠦᠭᠰᠡᠨ | ᠬᠦᠮᠦᠨ᠂ 1937 ᠤᠨ ᠤ 11 ᠰᠠᠷ᠎ᠠ ᠳᠤ ᠬᠠᠷ᠎ᠠ ᠲᠠᠮᠠᠬᠢ ᠶᠢᠨ ᠬᠤᠤᠷ ᠢᠶᠠᠷ ᠴᠢᠴᠠᠭ᠎ᠠ ᠠᠯᠳᠠᠵᠤ᠂ ᠴᠤᠤ ᠶᠠᠩ | ᠬᠤᠳᠠ ᠳᠤ ᠦᠭᠦᠵᠦ᠂ ᠨᠠᠰᠤ ᠵᠢᠷᠠᠨ ᠭᠤᠷᠪᠠ᠃ | ᠴᠠᠩ ᠳ᠋ᠧ ᠱᠧᠩ ᠪᠠᠭ᠎ᠠ ᠶᠢᠨ ᠦᠶ᠎ᠡ ᠳᠤ ᠵᠢᠯᠤᠭᠤ ᠵᠤᠳᠤᠭ ᠦᠭᠡᠢ᠂ ᠲᠡᠭᠦᠨ ᠤ ᠡᠪᠦᠭᠡ ᠤᠯᠠᠨ ᠤᠳᠠᠭ᠎ᠠ | ᠬᠤᠷᠢᠭᠯᠠᠨ ᠰᠤᠷᠭᠠᠭᠰᠠᠨ ᠪᠤᠯᠪᠠᠴᠤ ᠦᠭᠡ ᠶᠢ ᠨᠢ ᠰᠤᠨᠤᠰᠬᠤ ᠦᠭᠡᠢ ᠪᠦᠭᠡᠳ ᠠᠭᠤᠷ ᠬᠦᠳᠡᠯᠵᠦ ᠡᠪᠦᠭᠡ ᠪᠠᠨ | ᠶᠡᠭᠡ ᠭᠤᠤ ᠳᠤ ᠲᠦᠯᠬᠢᠨ ᠤᠷᠤᠭᠤᠯᠵᠤ᠂ ᠲᠡᠭᠡᠷᠡᠮ ᠤᠨ ᠰᠦᠷᠦᠭ ᠲᠤ ᠤᠷᠤᠪᠠ᠃ ᠰᠡᠭᠦᠯᠡᠷ ᠡᠩᠨᠡᠭᠡ ᠶᠡᠭᠡᠳᠦᠵᠦ᠂ | ᠴᠢᠩ ᠬᠦᠷᠦᠨ ᠤ ᠪᠠᠳᠠᠷᠠᠭᠤᠯᠳᠤ ᠲᠦᠷᠦ ᠶᠢᠨ 28 ᠤᠨ ︵1902 ᠤᠨ︶ ᠳᠤ ᠢ ᠵᠢᠶᠦ᠋ᠨ ᠴᠡᠷᠢᠭ ᠲᠤ | ᠤᠷᠤᠵᠤ᠂ ᠵᠡᠭᠦᠨ ᠵᠠᠮ ᠤᠨ ᠪᠠᠭᠠᠳᠤᠷ ᠬᠠᠮᠠᠭᠠᠯᠠᠭᠴᠢ ᠶᠢᠨ ᠲᠤᠰᠢᠶᠠᠯ ᠢᠶᠠᠷ ᠭᠠᠪᠢᠶ᠎ᠠ ᠪᠠᠶᠢᠭᠤᠯᠵᠤ᠂ ᠪᠠᠲᠯᠢᠶᠦ᠋ᠨ ᠤ | ᠵᠠᠬᠢᠷᠭ᠎ᠠ ᠶᠢᠨ ᠬᠠᠮᠠᠭᠠᠯᠠᠭᠴᠢ ᠪᠠᠷ ᠲᠠᠪᠰᠢᠵᠤ᠂ ᠴᠡᠷᠢᠭ ᠵᠢᠯᠤᠭᠤᠳᠴᠦ ᠿᠧ ᠾᠧ ᠮᠤᠵᠢ ᠶᠢᠨ ᠬᠤᠸᠠᠽᠢ ᠭᠤᠤ ᠶᠢᠨ | ᠲᠡᠭᠡᠷᠡᠮ ᠤᠨ ᠲᠦᠷᠦ ᠳ᠋ᠧᠩ ᠯᠠᠢ ᠹᠧᠩ ᠢ ᠪᠠᠷᠢᠪᠴᠢᠯᠠᠵᠤ᠂ ᠬᠠᠷᠠᠮᠦ᠋ᠷᠡᠨ ᠮᠤᠵᠢ ᠶᠢᠨ ᠲᠤᠭᠳᠠᠬᠤ ᠶᠢᠨ ᠴᠡᠷᠢᠭ ᠢ | ᠴᠤᠬᠢᠨ ᠢᠯᠡᠵᠤ᠂ ᠲᠠᠷᠠᠭ᠎ᠠ ᠪᠠᠷ ᠱᠠᠨᠰᠢ ᠮᠤᠵᠢ ᠶᠢᠨ ᠪᠤᠭᠤᠷᠤᠯ ᠴᠢᠨ᠋ᠸ᠎ᠠ ᠶᠢ ᠤᠰᠠᠳᠬᠠᠭᠰᠠᠨ ᠭᠠᠪᠢᠶ᠎ᠠ ᠪᠠᠷ ᠲᠡᠳ᠋ | ᠵᠠᠩᠵᠤᠨ ᠤ ᠴᠤᠯᠠ ᠬᠦᠷᠳᠡᠪᠡ᠃ ᠢᠷᠭᠡᠨ ᠤᠯᠤᠰ ᠤᠨ ᠲᠡᠷᠢᠬᠦᠨ ᠤᠨ ︵1912 ᠤᠨ︶ ᠬᠠᠯᠬ᠎ᠠ ᠮᠤᠩᠭᠤᠯ | ᠲᠤᠰᠭᠠᠷ ᠲᠤᠭᠳᠠᠨᠢᠬᠤ ᠬᠦᠳᠡᠯᠭᠡᠭᠡᠨ ᠦᠷᠨᠢᠵᠦ᠂ ᠴᠠᠩ ᠳ᠋ᠧ ᠱᠧᠩ ᠴᠡᠷᠢᠭ ᠵᠢᠯᠤᠭᠤᠳᠴᠦ᠂ ᠤᠮᠠᠷᠠᠰᠢ ᠵᠦᠭ | ᠴᠡᠷᠢᠭᠯᠡᠵᠦ᠂ ᠡᠳᠦᠭᠡ ᠶᠢᠨ ᠯᠢᠨᠰᠢ ᠰᠢᠶᠠᠨ ᠤ ᠭᠠᠨᠵᠤᠷ ᠰᠦᠮ᠎ᠡ ︵ᠡᠳᠦᠭᠡ ᠶᠢᠨ ᠲᠦᠩ ᠪᠦ᠋ ᠪᠠᠯᠭᠠᠰᠤ︶ ᠳᠤ | ᠴᠡᠷᠢᠭ ᠪᠠᠨ ᠰᠠᠭᠤᠯᠭᠠᠵᠤ᠂ ᠬᠠᠯᠬ᠎ᠠ ᠮᠤᠩᠭᠤᠯ ᠤᠨ ᠴᠡᠷᠢᠭ ᠡᠮᠦᠨᠡᠰᠢ ᠲᠤᠪᠳᠤᠯᠬᠤ ᠶᠢ ᠰᠡᠷᠬᠡᠶᠢᠯᠡᠯᠳᠡ ᠬᠢᠪᠡ᠃ | ᠢᠷᠭᠡᠨ ᠤᠯᠤᠰ ᠤᠨ 2 ᠳ᠋ᠤᠭᠠᠷ ᠤᠨ ︵1913 ᠤᠨ︶ ᠤ ᠨᠠᠮᠤᠷ ᠬᠠᠯᠬ᠎ᠠ ᠮᠤᠩᠭᠤᠯ ᠬᠤᠶᠠᠳᠤᠭᠠᠷ ᠵᠠᠮ ᠤᠨ | ᠴᠡᠷᠢᠭ ᠢ ᠨᠠᠶᠢᠳᠠᠩᠵᠠᠪ ᠤᠳᠤᠷᠢᠳᠴᠦ᠂ ᠯᠢᠨᠰᠢ ᠪᠠᠯᠭᠠᠰᠤ ᠤᠷᠴᠢᠮ ᠬᠦᠷᠬᠦ ᠳᠤ ᠴᠠᠩ ᠳ᠋ᠧ ᠱᠧᠩ ᠤᠨ ᠴᠡᠷᠢᠭ ᠲᠠᠢ | ᠬᠠᠷᠭᠤᠵᠤ ᠰᠢᠷᠦᠭᠦᠨ ᠲᠤᠯᠤᠯᠳᠤᠵᠤ᠂ ᠯᠢᠨᠰᠢ ᠪᠠᠯᠭᠠᠰᠤ ᠶᠢ ᠠᠪᠤᠷᠠᠪᠠ᠃ ᠲᠠᠷᠠᠭ᠎ᠠ ᠪᠠᠷ ᠴᠠᠩ ᠳ᠋ᠧ ᠱᠧᠩ ᠴᠡᠷᠢᠭ | ᠤᠷᠤᠭᠤᠯᠵᠤ᠂ ᠵᠤᠯᠠᠴᠢᠨ ᠰᠦᠮ᠎ᠡ᠂ ᠱᠠᠪᠠᠷᠳᠠᠢ᠂ ᠲᠠᠪᠤᠨ ᠬᠡᠷ ᠵᠡᠷᠭᠡ ᠭᠠᠵᠠᠷ ᠢ ᠬᠤᠷᠢᠶᠠᠨ ᠠᠪᠤᠭᠰᠠᠨ ᠭᠠᠪᠢᠶ᠎ᠠ ᠪᠠᠷ | ᠬᠤᠷᠠᠩᠳᠠ ᠵᠠᠩᠵᠤᠨ ᠢᠶᠠᠷ ᠲᠡᠪᠰᠢᠪᠡ᠃ ᠢᠷᠭᠡᠨ ᠤᠯᠤᠰ ᠤᠨ 3 ᠤᠨ ︵1914 ᠤᠨ︶ ᠮᠤᠩᠭᠤᠯ ᠠᠬᠠᠮᠠᠳ | ᠵᠠᠩᠵᠤᠨ ᠡᠷᠯᠢᠭ ᠤᠨ ᠤᠳᠤᠷᠢᠳᠤᠭᠰᠠᠨ 4 ᠪᠠᠲ᠋ᠠᠯᠢᠶᠦ᠋ᠨ ᠤ ᠮᠤᠩᠭᠤᠯ ᠴᠡᠷᠢᠭ ᠢ ᠤᠭᠳᠤᠵᠤ ᠠᠪᠤᠭᠰᠠᠨ ᠭᠠᠪᠢᠶ᠎ᠠ | ᠪᠠᠷ ᠬᠤᠶᠠᠳᠤᠭᠠᠷ ᠲᠡᠰ ᠤᠨ ᠪᠠᠷᠰᠳᠤ ᠤᠳᠤᠨ ᠲᠡᠮᠳᠡᠭ ᠱᠠᠩᠨᠠᠭᠳᠠᠪᠠ᠃ ᠢᠷᠭᠡᠨ ᠤᠯᠤᠰ ᠤᠨ 4 ᠤᠨ ︵1915 | ᠤᠨ︶ ᠤ ᠮᠤᠩᠭᠤᠯ ᠲᠡᠭᠡᠷᠡᠮ ᠰᠢᠷᠢᠰᠠᠩᠵᠠᠪ ᠢ ᠴᠤᠬᠢᠨ ᠢᠯᠡᠵᠤ᠂ ᠬᠤᠶᠠᠷ ᠪᠠᠭᠠᠷᠢᠨ ᠵᠢᠴᠢ ᠠᠷᠤ ᠬᠤᠷᠴᠢᠨ | ᠭᠤᠷᠪᠠᠨ ᠬᠤᠰᠢᠭᠤᠨ ᠤ ᠨᠤᠳᠤᠭ ᠪᠡᠯᠴᠢᠭᠡᠷ ᠢ ᠠᠮᠤᠷᠯᠠᠩᠭᠤᠢ ᠪᠤᠯᠭᠠᠭᠰᠠᠨ ᠭᠠᠪᠢᠶ᠎ᠠ ᠪᠠᠷ ᠢᠷᠭᠡᠨ ᠤᠯᠤᠰ ᠤᠨ | ᠵᠠᠰᠠᠭ ᠠᠴᠠ ᠤᠨᠴᠠ ᠲᠠᠪᠤᠨ ᠠᠷᠰᠠᠯᠠᠩᠳᠤ ᠴᠡᠷᠢᠭ ᠤᠨ ᠬᠢᠳᠤᠭ᠎ᠠ ᠱᠠᠩᠨᠠᠵᠠᠢ᠃ ᠴᠠᠩ ᠳ᠋ᠧ ᠱᠧᠩ ᠤᠨ ᠵᠢᠭᠡ ᠬᠦᠦ | ᠲᠡᠭᠦᠨ ᠤ ᠬᠠᠮᠠᠭᠠᠯᠠᠭᠴᠢ ᠯᠢ ᠰᠢᠶᠠᠩ ᠵᠠᠢ ᠡᠷᠭᠢᠴᠡᠭᠦᠯᠦᠨ ᠬᠡᠯᠡᠭᠰᠡᠨ ᠢᠶᠠᠷ ᠢᠷᠭᠡᠨ ᠤᠯᠤᠰ ᠤᠨ 5 ᠤᠨ ︵1916 | ᠤᠨ︶ ᠳᠤ ᠴᠠᠩ ᠳ᠋ᠧ ᠱᠧᠩ ᠢ ᠵᠢᠶᠦ᠋ᠨ ᠴᠡᠷᠢᠭ ᠢ ᠲᠠᠶᠢᠴᠢᠯᠠᠵᠤ᠂ ᠲᠤᠰᠠᠭᠠᠷ ᠲᠤᠭᠳᠠᠨᠢᠭᠰᠠᠨ ᠬᠠᠯᠬ᠎ᠠ ᠮᠤᠩᠭᠤᠯ | ᠢ ᠴᠢᠯᠦᠭᠡᠯᠡᠬᠦ ᠬᠡᠵᠦ ᠶᠦᠭᠡᠴᠢᠷ ᠤᠨ ᠰᠦᠮ᠎ᠡ ᠶᠢ ᠲᠠᠭᠠᠷᠢᠨ ᠬᠠᠯᠳᠠᠭᠰᠠᠨ ᠳᠤ ᠬᠠᠯᠬ᠎ᠠ ᠶᠢᠨ ᠬᠤᠶᠠᠳᠤᠭᠠᠷ ᠵᠠᠮ ᠤᠨ | ᠴᠡᠷᠢᠭ ᠲᠡᠶᠢᠯᠦᠭᠳᠡᠵᠦ᠂ ᠨᠢᠭᠡ ᠪᠦᠯᠦᠭ ᠴᠡᠷᠢᠭ ᠠᠯᠠᠭᠳᠠᠵᠤ᠂ ᠨᠢᠭᠡ ᠪᠦᠯᠦᠭ ᠴᠡᠷᠢᠭ ᠴᠤᠬᠢᠭᠳᠠᠨ ᠰᠠᠷᠨᠢᠵᠤ᠂ | ᠭᠠᠭᠴᠠ ᠴᠠᠩ ᠳ᠋ᠧ ᠱᠧᠩ᠂ ᠯᠢ ᠰᠢᠶᠠᠩ ᠵᠠᠢ ᠬᠤᠶᠠᠷ ᠬᠦᠮᠦᠨ ᠦᠯᠡᠳᠡᠵᠦ᠂ ᠴᠠᠩ ᠳ᠋ᠧ ᠱᠧᠩ ᠤᠷᠢᠳᠠᠪᠠᠷ ᠯᠢ | ᠰᠢᠶᠠᠩ ᠵᠠᠢ ᠶᠢ ᠮᠤᠷᠢᠨ ᠲᠡᠭᠡᠷ᠎ᠡ ᠭᠠᠷᠭᠠᠨ ᠡᠮᠦᠨᠡᠰᠢ ᠲᠤᠳᠠᠭᠠᠯᠭᠠᠨ᠂ ᠦᠪᠡᠷ ᠢᠶᠠᠨ ᠬᠠᠷ᠎ᠠ ᠭᠠᠩᠬᠠᠩ ᠮᠤᠷᠢ ᠪᠠᠨ | ᠤᠯᠵᠤ ᠡᠮᠦᠨᠡᠰᠢ ᠲᠤᠳᠠᠭᠠᠬᠤ ᠶᠢ ᠯᠢ ᠰᠢᠶᠠᠩ ᠵᠠᠢ ᠮᠤᠷᠢᠨ ᠠᠴᠠ ᠡᠷᠬᠢᠨ ᠠᠵᠢᠭᠯᠠᠪᠠᠰᠤ ᠶᠠᠭ ᠨᠤᠬᠠᠢ ᠮᠤᠷᠢᠨ | ᠲᠡᠭᠡᠷ᠎ᠡ ᠤᠴᠤᠶᠢᠵᠤ ᠪᠠᠶᠢᠭ᠎ᠠ ᠮᠡᠳᠦ ᠦᠵᠡᠭᠳᠡᠬᠦ ᠪᠤᠯᠬᠤᠷ ᠴᠠᠩ ᠳ᠋ᠧ ᠱᠧᠩ ︽ᠠᠯᠳᠠ ᠲᠡᠪᠡᠷᠢᠭᠰᠡᠨ ᠨᠤᠬᠠᠢ︾ | ᠬᠡᠵᠦ ᠱᠤᠭᠯᠠᠨ ᠬᠡᠯᠡᠬᠦ ᠪᠤᠯᠵᠠᠢ᠃ | 1920 ᠤᠨ ᠤ ︽ᠯᠢᠨᠰᠢ ᠰᠢᠶᠠᠨ ᠤ ᠤᠶᠢᠯᠠᠯᠭ᠎ᠠ︾ ᠳᠤ ᠲᠡᠮᠳᠡᠭᠯᠡᠭᠰᠡᠨ ᠢᠶᠠᠷ ᠢᠷᠭᠡᠨ ᠤᠯᠤᠰ ᠤᠨ 6 ᠤᠨ ︵ | 1917 ᠤᠨ︶ ᠤ 1 ᠳ᠋ᠤᠭᠡᠷ ᠰᠠᠷ᠎ᠠ ᠳᠤ ᠢᠷᠭᠡᠨ ᠤᠯᠤᠰ ᠤᠨ ᠵᠠᠰᠠᠭ ᠠᠴᠠ ᠴᠠᠩ ᠳ᠋ᠧ ᠱᠧᠩ ᠳᠤ ᠬᠤᠶᠠᠳᠤᠭᠠᠷ | ᠲᠡᠰ ᠤᠨ ᠰᠠᠶᠢᠰᠢᠶᠠᠯᠳᠤ ᠲᠠᠷᠢᠶᠠᠨ ᠤᠳᠤᠨ ᠲᠡᠮᠳᠡᠭ ᠬᠦᠷᠳᠡᠭᠡᠪᠡ᠃ ᠮᠦᠨ ᠤᠨ ᠳᠤ ᠭᠠᠢ ᠯᠦ ᠰᠢᠶᠠᠨ ᠳᠤ | ᠪᠠᠶᠢᠭ᠎ᠠ ᠲᠡᠭᠡᠷᠡᠮ ᠤᠨ ᠪᠦᠯᠦᠭ ᠢ ᠱᠦᠭᠦᠷᠳᠡᠨ ᠠᠷᠢᠯᠭᠠᠪᠠ᠃ ᠢᠷᠭᠡᠨ ᠤᠯᠤᠰ ᠤᠨ 7 ᠤᠨ ︵1918 ᠤᠨ︶ | ᠳᠤ ᠵᠠᠷᠯᠢᠭ ᠢᠶᠠᠷ ᠴᠡᠷᠢᠭ ᠢᠶᠠᠨ ᠵᠢᠯᠤᠭᠤᠳᠴᠦ ᠡᠮᠦᠨᠡᠰᠢ ᠴᠡᠷᠢᠭᠯᠡᠵᠦ᠂ ᠾᠧᠨᠠᠨ ᠮᠤᠵᠢ ᠶᠢᠨ ᠲᠡᠭᠡᠷᠡᠮ ᠤᠨ ᠱᠤᠷᠤᠩ | ᠢ ᠤᠰᠠᠳᠬᠠᠵᠤ᠂ ᠮᠤᠵᠢ ᠶᠢᠨ ᠪᠠᠲ᠋ᠠᠯᠢᠶᠦ᠋ᠨ ᠰᠧᠯᠢᠩ ᠢᠶᠠᠷ ᠲᠡᠪᠰᠢᠵᠠᠢ᠃ ᠢᠷᠭᠡᠨ ᠤᠯᠤᠰ ᠤᠨ 8 ᠤᠨ ︵1919 | ᠤᠨ︶ ᠳᠤ ᠱᠠᠨᠳᠦ᠋ᠩ ᠳᠤ ᠴᠡᠷᠢᠭ ᠤᠷᠤᠭᠤᠯᠵᠤ ᠬᠡᠳᠦᠨ ᠰᠢᠶᠠᠨ ᠤ ᠤᠷᠤᠨ ᠢᠶᠠᠷ ᠲᠤᠯᠤᠯᠳᠤᠵᠤ᠂ ᠱᠢ ᠺᠧ ᠸᠧᠨ | ᠵᠡᠷᠭᠡ ᠠᠷᠪᠠᠨ ᠬᠡᠳᠦᠨ ᠲᠤᠮᠤ ᠲᠡᠭᠡᠷᠡᠮ ᠢ ᠪᠠᠷᠢᠪᠴᠢᠯᠠᠨ ᠠᠯᠠᠵᠤ᠂ ᠭᠠᠪᠢᠶ᠎ᠠ ᠪᠠᠷ ᠯᠢ ᠶᠤᠸᠠᠨ ᠬᠤᠩ ᠶᠡᠭᠡ | ᠶᠡᠷᠦᠩᠭᠡᠶᠢᠯᠡᠭᠴᠢ ᠤᠨᠴᠠ ᠶᠡᠭᠡ ᠠᠷᠰᠯᠠᠩᠳᠤ ᠴᠡᠷᠢᠭ ᠤᠨ ᠬᠢᠳᠤᠭ᠎ᠠ ᠱᠠᠩᠨᠠᠵᠠᠢ᠃ ᠢᠷᠭᠡᠨ ᠤᠯᠤᠰ ᠤᠨ 9 ᠤᠨ ︵ | 1920 ᠤᠨ︶ ᠳᠤ ᠴᠠᠩ ᠳ᠋ᠧ ᠱᠧᠩ ᠵᠠᠷᠯᠢᠭ ᠢᠶᠠᠷ ᠱᠠᠨᠳᠦ᠋ᠩ ᠮᠤᠵᠢ ᠶᠢᠨ ᠰᠢᠶᠠᠨ ᠤ ᠡᠯ᠎ᠡ ᠲᠤᠰᠬᠤᠨ ᠢ | ᠪᠠᠶᠢᠭᠤᠯᠵᠤ᠂ ᠯᠢ ᠳ᠋ᠧ ᠬᠦᠩ ᠵᠡᠷᠭᠡ ᠠᠷᠪᠠ ᠬᠡᠳᠦᠨ ᠶᠡᠭᠡ ᠲᠡᠭᠡᠷᠡᠮ ᠢ ᠪᠠᠷᠢᠪᠴᠢᠯᠠᠨ ᠠᠯᠠᠭᠰᠠᠨ ᠭᠠᠪᠢᠶ᠎ᠠ ᠪᠠᠷ | ᠬᠤᠶᠠᠳᠤᠭᠠᠷ ᠲᠡᠰ ᠤᠨ ᠶᠡᠭᠡ ᠡᠷᠳᠡᠨᠢ ᠬᠡᠷᠡᠯᠳᠦ ᠰᠠᠶᠢᠰᠢᠶᠠᠯᠳᠤ ᠲᠠᠷᠢᠶᠠᠨ ᠲᠡᠮᠳᠡᠭ ᠱᠠᠩᠨᠠᠭᠳᠠᠵᠠᠢ᠃ ᠮᠥᠨ ᠤᠨ ᠳᠤ | ᠲᠠᠩ ᠱᠠᠨ ᠢᠦᠢ ᠳᠤ ᠸᠠᠩ ᠪᠸᠢ ᠳ᠋ᠸᠦ᠂ ᠵᠠᠩ ᠳ᠋ᠠ ᠪᠢᠶᠠᠨᠽᠢ ᠵᠡᠷᠭᠡ ᠠᠷᠪᠠ ᠬᠡᠳᠦᠨ ᠲᠡᠭᠡᠷᠡᠮ ᠤᠨ ᠲᠦᠷᠦᠭᠦᠦ ᠪᠠ | ᠵᠠᠭᠤ ᠢᠯᠡᠭᠦᠦ ᠲᠠᠭᠠᠭᠰᠠᠳ ᠲᠡᠭᠡᠷᠡᠮ ᠢ ᠰᠦᠨᠦᠭᠡᠪᠡ᠃ ᠢᠷᠭᠡᠨ ᠤᠯᠤᠰ ᠤᠨ 10 ᠤᠨ ︵1921 ᠤᠨ︶ ᠳᠤ | ᠱᠠᠨᠳᠦ᠋ᠩ᠂ ᠵᠢᠶᠠᠩᠰᠤ ᠬᠤᠶᠠᠷ ᠮᠤᠵᠢ ᠶᠢᠨ ᠵᠠᠭᠠᠭ ᠲᠤ ᠲᠤᠮᠤ ᠲᠡᠭᠡᠷᠡᠮ ᠤᠨ ᠲᠦᠷᠦᠭᠦᠦ ᠬᠤᠸᠠ ᠮᠢᠩ ᠰᠢᠨ ᠵᠡᠷᠭᠡ | 30 ᠢᠯᠡᠭᠦᠦ ᠲᠡᠭᠡᠷᠡᠮ ᠢ ᠤᠰᠠᠳᠬᠠᠭᠰᠠᠨ ᠤ ᠰᠡᠭᠦᠯᠡᠷ ᠾᠧᠨᠠᠨ᠂ ᠠᠨᠾᠦ᠋ᠢ ᠬᠤᠶᠠᠷ ᠮᠤᠵᠢ ᠳᠤ ᠴᠡᠷᠢᠭ | ᠤᠷᠤᠭᠤᠯᠵᠤ᠂ ᠵᠢᠦᠢ ︵ᠾᠧᠨᠠᠨ︶᠂ ᠸᠠᠨ ︵ᠠᠨᠾᠦ᠋ᠢ︶ ᠤᠨ ᠲᠡᠭᠡᠷᠡᠮ ᠤᠨ ᠱᠤᠷᠤᠩ ᠢ ᠠᠷᠢᠯᠭᠠᠵᠤ᠂ ᠶᠡᠷᠦᠩᠭᠡᠢ | ᠰᠧᠯᠢᠩ ᠰᠠᠭᠤᠵᠤ᠂ ᠢᠷᠭᠡᠨ ᠤᠯᠤᠰ ᠤᠨ 11 ᠤᠨ ︵1922 ᠤᠨ︶ ᠳᠤ ᠯᠢ ᠶᠤᠸᠠᠨ ᠬᠤᠩ ᠶᠡᠭᠡ | ᠶᠡᠷᠦᠩᠭᠡᠶᠢᠯᠡᠭᠴᠢ ᠶᠢᠨ ᠵᠠᠬᠢᠶ᠎ᠠ ᠪᠠᠷ ᠴᠠᠩ ᠳ᠋ᠧ ᠱᠧᠩ ᠠᠬᠠᠮᠠᠳ ᠵᠠᠩᠵᠤᠨ ᠢᠶᠠᠷ ᠲᠡᠪᠰᠢᠵᠦ ᠲᠦᠷᠪᠡᠳᠦᠭᠡᠷ ᠲᠡᠰ ᠤᠨ | ᠶᠤᠰᠤᠯᠠᠯ ᠤᠨ ᠰᠦᠷᠳᠦ ᠵᠠᠩᠵᠤᠨ ᠴᠤᠯᠠ ᠬᠦᠷᠳᠡᠵᠦ ᠲᠤᠯᠤᠭᠠᠨ ᠠᠷᠰᠯᠠᠩᠳᠤ ᠴᠡᠷᠢᠭ ᠤᠨ ᠬᠢᠳᠤᠭ᠎ᠠ ᠪᠠᠷ | ᠱᠠᠩᠨᠠᠭᠳᠠᠪᠠ᠃ ᠮᠥᠨ ᠤᠨ ᠮᠢᠨ ︵ᠹᠦᠵᠢᠶᠠᠨ︶᠂ ᠶᠤᠸᠠᠢ ︵ᠭᠤᠸᠠᠩᠳᠦ᠋ᠩ︶᠂ ᠬᠠᠨ ︵ᠵᠢᠶᠠᠩᠰᠢ︶ ᠡᠯ᠎ᠡ | ᠮᠤᠵᠢ ᠳᠤ ᠭᠠᠪᠢᠶ᠎ᠠ ᠪᠠᠶᠢᠭᠤᠯᠵᠤ᠂ ᠭᠤᠸᠠᠩᠳᠦ᠋ᠩ ᠢ ᠲᠡᠳᠭᠦᠭᠦ ᠶᠡᠷᠦᠩᠭᠡᠢ ᠰᠧᠯᠢᠩ ᠰᠠᠭᠤᠵᠤ᠂ ᠡᠨᠡ ᠦᠶ᠎ᠡ ᠳᠤ | ᠴᠠᠩ ᠳ᠋ᠧ ᠱᠧᠩ ᠲᠡᠭᠡᠭᠰᠢ ᠭᠤᠶᠤᠴᠢᠯᠠᠵᠤ᠂ ᠤᠭ ᠤᠨ ᠴᠡᠷᠢᠭ ᠪᠠᠶᠢᠷᠢ ᠠᠴᠠ ᠪᠠᠭᠤᠵᠤ᠂ ᠯᠢᠨᠰᠢ ᠳᠤ ᠪᠠᠨ ᠢᠷᠡᠵᠦ | ᠠᠭᠰᠢᠷᠠᠭ᠎ᠠ ᠨᠠᠰᠤ ᠪᠠᠨ ᠦᠩᠭᠡᠷᠡᠭᠡᠬᠦ ᠰᠠᠨᠠᠯ ᠲᠠᠢ ᠪᠤᠯᠪᠠ᠃ | ᠢᠷᠭᠡᠨ ᠤᠯᠤᠰ ᠤᠨ 13 ᠤᠨ ︵1924 ᠤᠨ︶ ᠳᠤ ᠴᠠᠩ ᠳ᠋ᠧ ᠱᠧᠩ ᠶᠡᠭᠡ ᠶᠡᠷᠦᠩᠭᠡᠶᠢᠯᠡᠭᠴᠢ ᠰᠦᠨ ᠵᠦᠩ | ᠱᠠᠨ ᠳᠤ ᠠᠵᠢᠯ ᠠᠴᠠ ᠪᠠᠨ ᠪᠠᠭᠤᠬᠤ ᠭᠤᠶᠤᠴᠢᠯᠠᠯ ᠤᠨ ᠪᠢᠴᠢᠭ ᠡᠷᠭᠦᠵᠦ᠂ ︽ᠮᠢᠨᠤ ᠪᠤᠳᠤᠬᠤ ᠪᠠᠷ ᠦᠪᠡᠷ | ᠬᠤᠭᠤᠷᠤᠨᠳᠤ ᠪᠠᠨ ᠲᠡᠮᠡᠴᠡᠯᠳᠦᠵᠦ᠂ ᠠᠭᠤᠰᠬᠢ ᠵᠢᠷᠦᠭᠡ ᠬᠡᠮᠭᠡᠷᠡᠵᠦ᠂ ᠡᠳᠦᠭᠡ ᠪᠢ ᠡᠪᠡᠳᠴᠢᠨ ᠢᠶᠠᠷ ᠠᠵᠢᠯ ᠠᠴᠠ | ᠪᠠᠨ ᠪᠠᠭᠤᠬᠤ ᠶᠢ ᠭᠤᠶᠤᠴᠢᠯᠠᠵᠤ᠂ ᠯᠢᠨᠰᠢ ᠰᠢᠶᠠᠨ ᠤ ᠡᠪᠦᠭᠡ ᠠᠬᠠᠮᠠᠳ ᠲᠠᠢ ᠪᠠᠨ ᠨᠠᠶᠢᠷᠠᠯᠳᠤᠵᠤ᠂ ᠠᠭᠰᠢᠷᠠᠭ᠎ᠠ | ᠨᠠᠰᠤ ᠪᠠᠨ ᠦᠩᠭᠡᠷᠡᠭᠡᠬᠦ ᠶᠢ ᠬᠦᠰᠡᠨ᠎ᠡ︾ ᠬᠡᠪᠡ᠃ 1931 ᠤᠨ ︵ᠶᠠᠫᠤᠨ ᠤ ᠵᠤᠤ ᠾᠧ ᠶᠢᠨ 6 ᠤᠨ ︶ | ᠶᠠᠫᠤᠨ ᠡᠵᠡᠷᠭᠡᠭ ᠲᠦᠷᠢᠮᠡᠭᠡᠶᠢᠳᠡᠨ ᠲᠤᠮᠳᠠᠳᠤ ᠤᠯᠤᠰ ᠢ ᠲᠤᠪᠳᠤᠯᠤᠭᠰᠠᠨ ᠳᠤ ᠴᠠᠩ ᠳ᠋ᠧ ᠱᠧᠩ ᠬᠠᠷᠢᠭᠤ | ᠡᠰᠡᠷᠭᠦᠴᠡᠨ ᠪᠠᠶᠢᠯᠳᠤᠬᠤ ᠶᠢ ᠭᠤᠶᠤᠴᠢᠯᠠᠭᠰᠠᠨ ᠳᠤ ᠴᠡᠷᠢᠭ ᠤᠨ ᠡᠷᠭᠡᠳᠡᠨ ᠵᠠᠩ ᠰᠦᠸᠧ ᠯᠢᠨ ᠵᠦᠪᠰᠢᠶᠡᠷᠡᠬᠦ ᠦᠭᠡᠢ | ᠤᠴᠢᠷ ᠠᠴᠠ ᠦᠪᠡᠷ ᠤᠨ ᠤᠳᠤᠷᠢᠳᠴᠦ ᠪᠠᠶᠢᠭ᠎ᠠ ᠪᠦᠬᠦ ᠴᠡᠷᠢᠭ ᠢᠶᠠᠨ ᠠᠴᠢ ᠬᠦᠦ ᠴᠠᠩ ᠸᠠᠨ ᠯᠢ ᠳᠤ ᠲᠤᠰᠢᠶᠠᠵᠤ | ᠂ ᠦᠪᠡᠷ ᠢᠶᠠᠨ ᠯᠢᠨᠰᠢ ᠰᠢᠶᠠᠨ ᠳᠤ ᠪᠠᠨ ᠡᠷᠬᠢᠨ ᠢᠷᠡᠵᠦ ᠠᠭᠰᠢᠷᠠᠭ᠎ᠠ ᠨᠠᠰᠤ ᠶᠢᠨ ᠴᠡᠩᠭᠡᠯ ᠢᠶᠠᠷ ᠠᠵᠢᠯ ᠠᠴᠠ ᠪᠠᠨ | ᠪᠠᠭᠤᠵᠤ ᠵᠢᠷᠭᠠᠯ ᠡᠳ᠋ᠯᠡᠪᠡ᠃ 1937 ᠤᠨ ᠤ ᠨᠠᠮᠤᠷ᠂ ᠴᠠᠩ ᠳ᠋ᠧ ᠱᠧᠩ ᠤᠨ ᠬᠡᠷᠭᠡᠢ ᠴᠠᠩ ᠯᠢ ᠤᠪᠤᠭᠳᠤ ᠴᠤᠤ | ᠶᠠᠩ ᠵᠡᠭᠡᠯᠢ ᠳᠤ ᠪᠠᠶᠢᠭ᠎ᠠ ᠬᠡᠷ ᠤᠨ ᠮᠦᠩᠬᠦ ᠪᠠᠨ ᠬᠤᠷᠢᠶᠠᠨ ᠠᠪᠴᠤ ᠲᠡᠶᠢᠯᠦᠭᠰᠡᠨ ᠦᠭᠡᠢ ᠤᠴᠢᠷ ᠠᠴᠠ ᠮᠥᠨ | ᠤᠨ ᠤ ᠡᠪᠦᠯ ᠴᠠᠩ ᠳ᠋ᠧ ᠱᠧᠩ ᠦᠪᠡᠷ ᠢᠶᠠᠨ ᠴᠤᠤᠶᠠᠩ ᠳᠤ ᠬᠦᠷᠴᠦ᠂ ᠬᠡᠷ ᠤᠨ ᠮᠦᠩᠬᠦ ᠪᠠᠨ ᠠᠪᠬᠤ ᠬᠡᠪᠡ᠃ | ᠬᠡᠳᠡᠯ᠎ᠡ 11 ᠰᠠᠷ᠎ᠠ ᠳᠤ ᠬᠠᠷ᠎ᠠ ᠲᠠᠮᠠᠬᠢ ᠶᠢᠨ ᠬᠤᠤᠷ ᠢᠶᠠᠷ ᠲᠤᠭᠤᠭᠰᠢ ᠰᠠᠭᠤᠯᠭᠠᠵᠤ ᠦᠭᠦᠪᠡ᠃ ᠦᠭᠦᠳᠡᠯ ᠪᠡᠶ᠎ᠡ | ᠶᠢ ᠨᠢ ᠴᠤᠤᠶᠠᠩ ᠤᠨ ᠵᠡᠭᠡᠯᠢ ᠶᠢᠨ ᠪᠠᠷᠠᠭᠤᠨ ᠡᠮᠦᠨ᠎ᠡ ᠴᠢᠪᠠᠭᠠᠴᠠ ᠶᠢᠨ ᠰᠦᠮ᠎ᠡ ᠶᠢᠨ ᠲᠤᠪᠤ ᠳᠤ ᠤᠷᠤᠰᠢᠭᠤᠯᠵᠤ᠂ | ᠬᠤᠵᠢᠮ ᠯᠢᠨᠰᠢ ᠳᠤ ᠪᠠᠨ ᠰᠢᠯᠵᠢᠭᠦᠯᠬᠦ ᠬᠡᠵᠦ ᠲᠦᠯᠦᠪᠯᠡᠭᠡ ᠬᠢᠪᠡ᠃ | ᠴᠠᠩ ᠳ᠋ᠧ ᠱᠧᠩ ᠨᠢᠭᠡ ᠨᠠᠰᠤᠨ ᠳᠤ ᠪᠠᠨ ᠭᠤᠷᠪᠠ ᠤᠳᠠᠭ᠎ᠠ ᠬᠤᠷᠢᠮᠯᠠᠪᠠ᠃ ᠪᠦᠷ ᠦᠭᠦᠭᠰᠡᠨ ᠤ ᠰᠡᠭᠦᠯᠡᠷ ᠲᠠᠬᠢᠨ | ᠬᠤᠷᠢᠮᠯᠠᠭᠰᠠᠨ ᠪᠠᠶᠢᠨ᠎ᠠ᠃ ᠠᠪᠠᠯᠢ ᠬᠡᠷᠭᠡᠢ ᠸᠠᠩ ᠤᠪᠤᠭᠳᠤ ︵ ᠶᠢᠨ ᠰᠢ ᠶᠢᠨ ᠲᠦᠷᠭᠦᠮ︶ ᠨᠢᠭᠡ ᠬᠦᠦ ᠲᠦᠷᠦᠵᠦ᠂ | ᠴᠠᠩ ᠵᠢᠩ ᠱᠠᠨ ᠬᠡᠰᠡᠨ ᠨᠡᠷ᠎ᠡ ᠲᠠᠢ᠂ 45 ᠨᠠᠰᠤᠨ ᠳᠤ ᠪᠠᠨ ᠦᠭᠦᠪᠡ᠃ ᠬᠤᠶᠠᠳᠤᠭᠠᠷ ᠬᠡᠷᠭᠡᠢ ᠴᠢᠶᠠᠨ ᠤᠪᠤᠭᠳᠤ | ︵ᠴᠤᠤᠶᠠᠩ ᠤᠨ ᠲᠦᠷᠭᠦᠮ︶ ᠨᠢᠭᠡ ᠬᠡᠦᠭᠡᠨ ᠴᠠᠩ ᠱᠸᠦ ᠵᠢᠤᠸᠠᠨ᠂ ᠲᠦᠩᠯᠢᠶᠤᠤ ᠶᠢᠨ ᠬᠤᠭᠤᠯᠠ ᠢᠳᠡᠭᠡᠨ ᠤ | ᠦᠢᠯᠡᠳᠪᠦᠷᠢ ᠳᠤ ᠠᠵᠢᠯ ᠠᠴᠠ ᠪᠠᠨ ᠪᠠᠭᠤᠵᠤ᠂ ᠡᠳᠦᠭᠡ ᠪᠠᠶᠢᠪᠠᠯ 83 ᠨᠠᠰᠤᠳᠠᠢ᠃ ᠭᠤᠷᠪᠠᠳᠤᠭᠠᠷ ᠬᠡᠷᠭᠡᠢ ᠯᠢ | ᠤᠪᠤᠭᠳᠤ ︵ᠭᠠᠨᠵᠤᠷ ᠰᠦᠮ᠎ᠡ ᠶᠢᠨ ᠲᠦᠷᠭᠦᠮ︶ ᠨᠢᠭᠡ ᠬᠡᠦᠭᠡᠨ ᠴᠠᠩ ᠱᠸᠦ ᠯᠠᠨ᠂ ᠲᠠᠷᠢᠶᠠᠴᠢᠨ᠂ ᠡᠳᠦᠭᠡ | ᠨᠢᠭᠡᠨᠳᠡ 80 ᠨᠠᠰᠤᠯᠠᠵᠠᠢ᠂ ᠪᠠᠰᠠ ᠴᠢᠬᠢᠷᠠᠭ ᠠᠮᠢᠳᠤᠷᠠᠵᠤ ᠪᠠᠶᠢᠨ᠎ᠠ᠃ | ᠴᠠᠩ ᠳ᠋ᠧ ᠱᠧᠩ ᠢᠷᠭᠡᠨ ᠤᠯᠤᠰ ᠤᠨ ᠲᠡᠷᠢᠭᠦᠨ ᠤᠨ ︵1912 ᠤᠨ︶ ᠳᠤ ᠵᠠᠷᠯᠢᠭ ᠢᠶᠠᠷ ᠴᠡᠷᠢᠭ | ᠵᠢᠯᠤᠭᠤᠳᠴᠦ᠂ ᠯᠢᠨᠰᠢ ᠰᠢᠶᠠᠨ ᠤ ᠤᠩᠭᠤᠴᠠ ᠤᠷᠤᠨ ᠤ ᠭᠠᠨᠵᠤᠷ ᠰᠦᠮ᠎ᠡ ᠶᠢᠨ ᠪᠠᠷᠠᠭᠤᠨ ᠲᠠᠯ᠎ᠠ ᠳᠤ ᠴᠡᠷᠢᠭ | ᠰᠠᠭᠤᠵᠤ᠂ ᠬᠦᠮᠦᠰ ︽ᠲᠦᠩ ᠯᠢᠩ ᠪᠦ᠋︾ ︵统领部︶ ᠬᠡᠵᠦ ᠲᠠᠭᠤᠳᠠᠨ᠎ᠠ᠃ ᠡᠨᠡ ᠪᠤᠯ ᠡᠳᠦᠭᠡ ᠶᠢᠨ | ᠲᠦᠩ ᠪᠦ᠋ ᠪᠠᠯᠭᠠᠰᠤ ᠶᠢᠨ ᠢᠷᠡᠯ ᠪᠤᠯᠤᠨ᠎ᠠ᠃ ᠴᠠᠩ ᠳ᠋ᠧ ᠱᠧᠩ ᠢ ᠬᠦᠮᠦᠰ ᠬᠦᠨᠳᠦᠳᠭᠡᠵᠦ ᠴᠠᠩ ᠲᠦᠩ ᠯᠢᠩ | ᠬᠡᠵᠦ ᠲᠠᠭᠤᠳᠠᠨ᠎ᠠ᠃ ᠲᠡᠭᠦᠨ ᠤ ᠬᠠᠮᠢᠶᠠᠷᠴᠤ ᠪᠠᠶᠢᠭ᠎ᠠ ᠤᠷᠤᠨ ᠢ ᠬᠦᠮᠦᠰ ︽ᠭᠤᠷᠪᠠᠨ ᠬᠤᠰᠢᠭᠤ᠂ ᠲᠠᠪᠤᠨ | ᠪᠠᠲ᠋ᠠᠯᠢᠶᠦ᠋ᠨ᠂ ᠲᠦᠷᠪᠡᠨ ᠬᠠᠷᠠᠭᠤᠯ ᠤᠨ ᠭᠠᠵᠠᠷ︾ ︵ᠭᠤᠷᠪᠠᠨ ᠬᠤᠰᠢᠭᠤ ᠠᠨᠤ ᠪᠠᠭᠠᠷᠢᠨ᠂ ᠯᠢᠨᠰᠢ᠂ ᠬᠡᠰᠢᠭᠳᠡᠨ᠂ | ᠲᠠᠪᠤᠨ ᠪᠠᠲ᠋ᠠᠯᠢᠶᠦ᠋ᠨ ᠨᠢ ᠴᠡᠷᠢᠭ ᠤᠨ ᠬᠦᠴᠦᠨ᠂ ᠲᠦᠷᠪᠡᠨ ᠬᠠᠷᠠᠭᠤᠯ ᠤᠨ ᠭᠠᠵᠠᠷ ᠤᠨ ᠪᠤᠳᠠᠳᠤ ᠤᠷᠤᠨ ᠢ ᠮᠡᠳᠡᠬᠦ | ᠦᠭᠡᠢ︶ ᠬᠡᠵᠦ ᠬᠡᠯᠡᠨ᠎ᠡ᠃ ᠲᠦᠩ ᠯᠢᠩ ᠤᠨ ᠬᠤᠷᠢᠶ᠎ᠠ ᠪᠠᠶᠢᠭᠤᠯᠭ᠎ᠠ ᠶᠢ ᠰᠤᠩᠭᠤᠬᠤ ᠳᠤ 9 ᠵᠦᠭᠯᠡᠭᠦᠷ ᠢᠶᠠᠷ | ᠬᠡᠮᠵᠢᠵᠦ᠂ ᠡᠭᠦᠨ ᠳᠤ 5 ᠵᠦᠭᠯᠡᠭᠦᠷ ᠨᠢ ᠠᠷᠤ ᠱᠠᠪᠠᠷᠳᠠᠢ᠂ ᠭᠤᠤᠯ ᠤᠨ ᠬᠤᠶᠢᠳᠤ ᠡᠷᠬᠢ ᠡᠪᠦᠭᠡᠨ ᠴᠢᠯᠠᠭᠤᠨ ᠤ | ᠤᠷᠤᠢ ᠲᠡᠭᠡᠷ᠎ᠡ ᠠᠴᠠ ᠬᠡᠮᠵᠢᠵᠦ᠂ 4 ᠵᠦᠭᠯᠡᠭᠦᠷ ᠢ ᠡᠮᠦᠨ᠎ᠡ ᠭᠠᠭᠴᠠ ᠠᠭᠤᠯᠠ ᠶᠢᠨ ᠤᠷᠤᠢ ᠲᠡᠭᠡᠷ᠎ᠡ ᠠᠴᠠ ᠬᠡᠮᠵᠢᠵᠦ | ᠂ ᠨᠢᠳᠦ ᠪᠠᠷ ᠦᠵᠡᠬᠦ ᠳᠤ ᠲᠤᠤᠷ᠎ᠠ ᠭᠠᠵᠠᠷ ᠰᠢᠭ᠋᠂ ᠬᠡᠳᠡᠯ᠎ᠡ ᠡᠭᠦᠷᠢᠳᠡ ᠤᠰᠤᠨ ᠤ ᠠᠶᠤᠯ ᠦᠭᠡᠢ᠃ ᠲᠦᠩ ᠯᠢᠩ | ᠤᠨ ᠬᠤᠷᠢᠶ᠎ᠠ ᠲᠡᠭ ᠲᠦᠷᠪᠡᠯᠵᠢᠨ᠂ ᠨᠡᠶᠢᠳᠡ 9.9 ᠮᠦ ᠭᠠᠵᠠᠷ᠂ ᠭᠤᠤᠯ ᠬᠡᠷ 12 ᠲᠠᠰᠤᠯᠭ᠎ᠠ ᠪᠤᠯ ᠴᠠᠩ ᠳ᠋ᠧ | ᠱᠧᠩ ᠤᠨ ᠲᠦᠩ ᠯᠢᠩ ᠤᠨ ᠠᠯᠪᠠᠨ ᠬᠡᠷ ᠪᠤᠯᠤᠨ᠎ᠠ᠃ ᠵᠡᠭᠦᠨ 12 ᠲᠠᠰᠤᠯᠭ᠎ᠠ ᠵᠢᠭᠦᠷ ᠤᠨ ᠬᠡᠷ ᠴᠡᠷᠢᠭ ᠨᠤᠶᠠᠨ ᠤ | ᠠᠯᠪᠠᠨ ᠬᠡᠷ︔ ᠪᠠᠷᠠᠭᠤᠨ 12 ᠲᠠᠰᠤᠯᠭ᠎ᠠ ᠴᠠᠩ ᠳ᠋ᠧ ᠱᠧᠩ ᠤᠨ ᠬᠡᠷᠭᠡᠢ ᠬᠦᠦ ᠦᠬᠢᠨ ᠤ ᠰᠠᠭᠤᠵᠤ ᠬᠤᠨᠤᠬᠤ | ᠬᠡᠷ︔ ᠡᠮᠦᠨ᠎ᠡ 12 ᠲᠠᠰᠤᠯᠭ᠎ᠠ ᠪᠤᠯ ᠬᠤᠷᠠᠯ ᠤᠨ ᠬᠡᠷ ᠪᠤᠯᠤᠨ᠎ᠠ᠃ ᠨᠡᠶᠢᠳᠡ 48 ᠲᠠᠰᠤᠯᠭ᠎ᠠ ᠬᠡᠷ ᠢᠶᠠᠷ | ᠪᠦᠷᠢᠯᠳᠦᠵᠠᠢ᠃ ᠬᠤᠷᠢᠶᠠᠨ ᠤ ᠲᠤᠳᠤᠷ᠎ᠠ ᠭᠠᠵᠠᠷ ᠢ ᠪᠦᠷ ᠴᠢᠨᠳᠠᠭᠠᠨ ᠴᠢᠯᠠᠭᠤ ᠪᠠᠷ ᠲᠡᠪᠢᠰᠴᠦ᠂ ᠭᠠᠳᠠᠷ ᠡᠭᠦᠳᠡ | ᠨᠢ ᠵᠡᠭᠦᠨ ᠡᠮᠦᠨᠡᠰᠢ ᠬᠠᠷᠠᠴᠠ ᠲᠠᠢ᠃ ᠲᠦᠷᠪᠡᠨ ᠵᠦᠭ ᠤᠨ ᠬᠡᠷᠡᠮ 1 ᠮᠧᠲᠷ ᠵᠤᠵᠠᠭᠠᠨ᠂ 3 ᠮᠧᠲᠷ ᠦᠨᠳᠦᠷ᠂ | ᠤᠷᠤᠢ ᠲᠡᠭᠡᠷ᠎ᠡ ᠨᠢ 7 ᠲᠠᠪᠬᠤᠷ ᠲᠤᠭᠤᠰᠬ᠎ᠠ ᠵᠡᠷᠭᠡᠯᠡᠪᠡ᠃ ᠬᠡᠷᠡᠮ ᠤᠨ ᠲᠦᠷᠪᠡᠨ ᠦᠨᠴᠦᠭ ᠲᠤ ᠫᠤᠤᠳᠠᠢ | ᠪᠠᠶᠢᠭᠤᠯᠵᠤ᠂ ᠬᠤᠷᠢᠶᠠᠨ ᠤ ᠬᠡᠷᠡᠮ ᠤᠨ ᠭᠠᠳᠠᠨ᠎ᠠ᠂ ᠵᠡᠭᠦᠨ ᠪᠠᠷᠠᠭᠤᠨ ᠬᠤᠶᠢᠨ᠎ᠠ ᠭᠤᠷᠪᠠᠨ ᠲᠠᠯ᠎ᠠ ᠳᠤ 3 ᠮᠧᠲᠷ | ᠬᠦᠨ ᠤᠰᠤ ᠪᠠᠷ ᠬᠦᠷᠢᠶᠡᠯᠡᠪᠡ᠃ ᠬᠤᠷᠢᠶᠠᠨ ᠤ ᠭᠠᠳᠠᠨ᠎ᠠ ᠪᠠᠶᠢᠭᠤᠯᠤᠮᠵᠢ ᠨᠢ ᠵᠡᠭᠦᠨ ᠡᠮᠦᠨ᠎ᠡ 1᠂ 2 ᠳ᠋ᠤᠭᠠᠷ | ᠪᠠᠲ᠋ᠠᠯᠢᠶᠦ᠋ᠨ᠂ ᠡᠮᠦᠨ᠎ᠡ ᠨᠢ 3 ᠳ᠋ᠤᠭᠠᠷ ᠪᠠᠲ᠋ᠠᠯᠢᠶᠦ᠋ᠨ᠂ ᠵᠡᠭᠦᠨ ᠬᠤᠶᠢᠳᠤ ᠨᠢ 4 ᠳ᠋ᠤᠭᠡᠷ ᠪᠠᠲ᠋ᠠᠯᠢᠶᠦ᠋ᠨ᠂ ᠪᠠᠷᠠᠭᠤᠨ᠎ᠠ | 5 ᠳ᠋ᠤᠭᠠᠷ ᠪᠠᠲ᠋ᠠᠯᠢᠶᠦ᠋ᠨ᠂ ᠪᠠᠷᠠᠭᠤᠨ ᠬᠤᠶᠢᠨ᠎ᠠ ᠨᠢ 15 ᠮᠦ ᠨᠤᠭᠤᠭ᠎ᠠ ᠲᠠᠷᠢᠬᠤ ᠭᠠᠵᠠᠷ᠂ ᠬᠤᠷᠢᠶᠠᠨ ᠤ ᠬᠤᠶᠢᠳᠤ | ᠨᠢ ᠮᠤᠷᠢ ᠲᠡᠵᠢᠭᠡᠬᠦ ᠬᠦᠷᠢᠶ᠎ᠡ ᠪᠤᠯᠤᠨ᠎ᠠ᠃ ᠤᠰᠤᠨ ᠬᠦᠷᠢᠶᠡᠨ ᠤ ᠭᠠᠳᠠᠨ᠎ᠠ 100 ᠮᠦ ᠬᠠᠷ᠎ᠠ ᠲᠠᠮᠠᠬᠢ ᠲᠠᠷᠢᠬᠤ | ᠭᠠᠵᠠᠷ ᠪᠤᠯᠤᠨ᠎ᠠ᠃ ᠲᠡᠭᠡᠷᠡᠭᠢ ᠪᠠᠶᠢᠭᠤᠯᠤᠮᠵᠢ ᠶᠢᠨ ᠮᠠᠲ᠋ᠧᠷᠢᠶᠠᠯ ᠢ 1912 — 1915 ᠤᠨ ᠤ ᠬᠤᠭᠤᠷᠤᠨᠳᠤ | ᠲᠡᠭᠡᠭᠡᠪᠦᠷᠢᠯᠡᠨ ᠠᠪᠴᠢᠷᠠᠪᠠ ︵ᠲᠤᠭᠤᠰᠬ᠎ᠠ ᠶᠢ ᠨᠢ ᠴᠧᠩᠳᠧ ᠠᠴᠠ ᠲᠡᠭᠡᠭᠡᠪᠦᠷᠢᠯᠡᠵᠦ᠂ ᠴᠢᠯᠠᠭᠤ ᠶᠢ ᠨᠢ ᠡᠳᠦᠭᠡ | ᠶᠢᠨ ᠰᠢᠨ ᠯᠢᠨ ᠵᠧᠨ ᠪᠠᠯᠭᠠᠰᠤ ᠶᠢᠨ ᠴᠢᠯᠠᠭᠤᠴᠢ ᠠᠭᠤᠯᠠ ᠠᠴᠠ ᠴᠠᠪᠴᠢᠨ ᠠᠪᠴᠤ᠂ ᠮᠤᠳᠤ ᠶᠢ ᠨᠢ ᠡᠳᠦᠭᠡ ᠶᠢᠨ | ᠪᠠᠭᠠᠷᠢᠨ ᠪᠠᠷᠠᠭᠤᠨ ᠬᠤᠰᠢᠭᠤᠨ ᠤ ᠰᠠᠶᠢᠬᠠᠨ ᠬᠠᠨ ᠠᠭᠤᠯᠠᠨ ᠠᠴᠠ ᠤᠭᠳᠤᠴᠢᠨ ᠠᠪᠴᠠᠢ︶᠃ ᠪᠦᠬᠦ ᠬᠠᠮᠠᠭᠠᠯᠠᠬᠤ | ᠲᠠᠯᠠᠪᠠᠢ 500 ᠮᠦ᠂ ᠴᠠᠩ ᠳ᠋ᠧ ᠱᠧᠩ ᠤᠨ ᠲᠠᠷᠢᠬᠤ ᠲᠠᠷᠢᠶ᠎ᠠ ᠪᠠ ᠮᠠᠯᠵᠢᠯ ᠤᠨ ᠭᠠᠵᠠᠷ ᠵᠡᠭᠦᠨ ᠠᠴᠠ ᠪᠠᠷᠠᠭᠤᠨᠰᠢ | 25 ᠭᠠᠵᠠᠷ ᠦᠷᠭᠦᠯᠵᠢᠯᠡᠵᠦ᠂ ᠦᠷᠭᠡᠨ ᠢᠶᠠᠷ 12 ᠭᠠᠵᠠᠷ ᠦᠷᠭᠦᠯᠵᠢᠯᠡᠨ᠎ᠡ᠃ ᠲᠤᠳᠤᠷ᠎ᠠ ᠨᠢ 17500 ᠮᠦ | ᠲᠠᠷᠢᠶᠠᠨ ᠭᠠᠵᠠᠷ ᠲᠠᠢ᠃ ᠴᠠᠩ ᠳ᠋ᠧ ᠱᠧᠩ ᠦᠭᠦᠭᠦ ᠠᠴᠠ ᠡᠮᠦᠨ᠎ᠡ᠂ ᠬᠤᠨᠢ ᠢᠮᠠᠭ᠎ᠠ 2000᠂ ᠲᠡᠮᠡᠭᠡ 20᠂ | ᠮᠤᠷᠢ 350᠂ ᠦᠭᠡᠷ 1500 ᠪᠠᠶᠢᠵᠠᠢ᠃ ᠡᠳᠦᠭᠡ ᠶᠢᠨ ᠭᠠᠨᠵᠤᠷ ᠰᠦᠮ᠎ᠡ ᠶᠢᠨ ᠶᠡᠭᠡ ᠮᠠᠯ ᠤᠨ ᠬᠦᠷᠢᠶ᠎ᠡ ᠠᠶᠢᠯ | ᠪᠤᠯ ᠲᠡᠭᠦᠨ ᠤ 5 ᠪᠤᠳᠠ ᠮᠠᠯ ᠤᠨ ᠬᠤᠷᠢᠶ᠎ᠠ ᠪᠤᠯᠤᠨ᠎ᠠ᠃ | ᠴᠠᠩ ᠳ᠋ᠧ ᠱᠧᠩ ᠴᠡᠷᠢᠭ ᠤᠨ ᠲᠤᠰᠢᠶᠠᠯ ᠠᠴᠠ ᠪᠠᠭᠤᠵᠤ᠂ ᠯᠢᠨᠰᠢ ᠳᠤ ᠨᠤᠳᠤᠭᠰᠢᠭᠰᠠᠨ ᠤ ᠰᠡᠭᠦᠯᠡᠷ᠂ | ᠲᠠᠷᠢᠶᠠᠴᠢᠨ ᠠᠷᠠᠳ ᠲᠠᠢ ᠨᠦᠭᠦᠷᠯᠡᠵᠦ᠂ ᠦᠭᠡᠶᠢᠬᠦᠦ ᠭᠤᠶᠢᠷᠠᠨᠴᠢ ᠶᠢ ᠬᠦᠷᠢᠶᠡᠨ ᠳᠤ ᠪᠠᠨ ᠤᠷᠤᠭᠤᠯᠵᠤ᠂ | ᠬᠤᠭᠤᠯᠠ ᠪᠤᠳᠠᠭ᠎ᠠ ᠦᠭᠴᠦ᠂ ᠬᠤᠪᠴᠠᠰᠤ ᠶᠢ ᠨᠢ ᠰᠢᠨᠡᠳᠭᠡᠵᠦ ᠶᠠᠪᠤᠭᠤᠯᠤᠨ᠎ᠠ᠃ ᠨᠢᠩ ᠸᠠᠩ ᠱᠧᠩ ᠬᠡᠰᠡᠨ | ᠬᠦᠮᠦᠨ ᠵᠢᠯ ᠳᠤ ᠪᠠᠨ ᠴᠠᠩ ᠳ᠋ᠧ ᠱᠧᠩ ᠤᠨ ᠠᠷᠢᠬᠢ ᠶᠢᠨ ᠬᠡᠷ ᠲᠤ ᠰᠠᠭᠤᠵᠤ᠂ ᠬᠤᠪᠴᠠᠰᠤ ᠱᠠᠬᠠᠢ ᠶᠢ ᠰᠢᠨ᠎ᠡ | ᠪᠠᠷ ᠰᠤᠯᠢᠵᠤ᠂ ᠡᠪᠡᠳᠴᠢᠨ ᠲᠠᠢ ᠪᠤᠯᠬᠤ ᠳᠤ ᠡᠪᠡᠳᠴᠢᠨ ᠢ ᠨᠢ ᠵᠠᠰᠠᠵᠤ ᠰᠤᠪᠢᠯᠠᠵᠤ᠂ ᠡᠴᠦᠰ ᠲᠤ ᠪᠠᠨ ᠴᠠᠩ ᠳ᠋ᠧ | ᠱᠧᠩ ᠤᠨ ᠬᠦᠷᠢᠶᠡᠨ ᠳᠤ ᠦᠭᠦᠵᠠᠢ᠃ ᠯᠢᠦ ᠬᠡᠩ᠂ ᠴᠠᠩ ᠳ᠋ᠧ ᠱᠧᠩ ᠤᠨ ᠮᠤᠷᠢᠨ ᠲᠡᠷᠭᠡ ᠶᠢᠨ ᠵᠢᠯᠤᠭᠤᠴᠢ᠂ | 40 ᠨᠠᠰᠤᠨ ᠳᠠᠭᠠᠨ ᠬᠤᠶᠠᠷ ᠨᠢᠳᠦ ᠨᠢ ᠰᠤᠬᠤᠷᠠᠵᠤ᠂ ᠴᠠᠩ ᠳ᠋ᠧ ᠱᠧᠩ ᠲᠤᠰᠬᠠᠢ ᠵᠠᠷᠤᠴᠠ ᠬᠦᠯᠦᠰᠦᠯᠡᠵᠦ | ᠠᠷᠠᠴᠢᠯᠠᠵᠤ᠂ 10 ᠵᠢᠯ ᠤᠨ ᠰᠡᠭᠦᠯᠡᠷ ᠦᠬᠦᠬᠦ ᠬᠦᠷᠳᠡᠯ᠎ᠡ ᠬᠠᠷᠠᠭᠠᠯᠵᠠᠪᠠ᠃ ᠴᠠᠩ ᠳ᠋ᠧ ᠱᠧᠩ ᠦᠪᠡᠷ ᠢᠶᠠᠨ | ᠶᠤᠷᠤᠭ ᠬᠤᠪᠴᠠᠰᠤ ᠪᠠ ᠦᠪᠡᠷ ᠢᠶᠠᠨ ᠤᠶᠤᠭᠰᠠᠨ ᠱᠠᠬᠠᠢ ᠡᠮᠦᠰᠦᠨ᠎ᠡ᠃ ᠲᠡᠷᠡ 30 ᠤᠨᠤᠬᠤ ᠮᠤᠷᠢ ᠲᠠᠢ | ᠪᠤᠯᠪᠠᠴᠤ᠂ ᠭᠠᠭᠴᠠ ᠨᠢᠭᠡ ᠬᠠᠷ᠎ᠠ ᠮᠤᠷᠢ ᠪᠠᠨ ᠤᠨᠤᠵᠤ᠂ ᠦᠭᠡᠷ᠎ᠡ ᠮᠤᠷᠢ ᠪᠠᠨ ᠪᠦᠷ ᠲᠤᠤᠷᠠᠬᠢ ᠬᠦᠮᠦᠨ ᠳᠤ ᠪᠠᠨ | ᠦᠭᠴᠦ ᠤᠨᠤᠭᠤᠯᠤᠨᠠ᠃ ᠲᠡᠷᠡ ᠴᠢᠯᠦᠭᠡ ᠴᠠᠭ ᠲᠤ ᠪᠠᠨ ᠲᠠᠷᠢᠶᠠᠨ ᠭᠠᠵᠠᠷ ᠢᠶᠠᠷ ᠲᠤᠭᠤᠷᠢᠨ ᠶᠠᠪᠤᠵᠤ᠂ | ᠲᠠᠷᠢᠶᠠᠴᠢᠨ ᠠᠷᠠᠳ ᠲᠠᠢ ᠬᠡᠯᠡᠯᠴᠡᠨ᠎ᠡ᠃ ᠬᠡᠨ ᠠᠮᠢᠳᠤᠷᠠᠯ ᠬᠦᠴᠢᠷᠳᠡᠯᠳᠠᠢ ᠪᠤᠯ ᠬᠡᠨ ᠢ ᠲᠡᠳᠬᠦᠨ ᠲᠡᠮᠵᠢᠨ᠎ᠡ᠃ | ᠡᠶᠢᠮᠦ ᠤᠴᠢᠷ ᠠᠴᠠ ᠲᠠᠷᠢᠶᠠᠴᠢᠨ ᠠᠷᠠᠳ ᠲᠡᠭᠦᠨ ᠤ ᠡᠨᠡᠷᠢᠯ ᠢ ᠬᠠᠷᠢᠭᠤᠯᠬᠤ ᠶᠢᠨ ᠲᠦᠯᠦᠭᠡ ᠦᠭᠦᠭᠰᠡᠨ ᠤ | ᠰᠡᠭᠦᠯᠡᠷ ᠱᠠᠭᠠᠵᠠᠩ ᠢᠶᠠᠷ ᠦᠨᠳᠦᠷ 70 ᠰᠡᠨᠲ᠋ᠢᠮᠧᠲᠷ᠂ ᠬᠦᠨᠳᠦ ᠪᠠᠷ 30 ᠺᠢᠯᠤᠭ᠍ᠷᠡᠮ ᠴᠠᠩ ᠳ᠋ᠧ ᠱᠧᠩ ᠤᠨ | ᠱᠤᠭᠤᠮᠠᠯ ᠬᠦᠷᠦᠭ ᠪᠤᠯᠭᠠᠨ ᠲᠤᠷᠠᠰᠬᠠᠯ ᠦᠯᠡᠳᠡᠭᠡᠵᠦ᠂ ᠰᠤᠶᠤᠯ ᠤᠨ ᠬᠤᠪᠢᠰᠬᠠᠯ ᠳᠤ ᠡᠪᠳᠡᠭᠳᠡᠵᠠᠢ᠃ ᠪᠠᠰᠠ | ᠴᠢᠯᠠᠭᠤᠨ ᠬᠦᠰᠢᠶ᠎ᠡ ᠪᠤᠰᠬᠠᠵᠤ ᠴᠠᠩ ᠳ᠋ᠧ ᠱᠧᠩ ᠤᠨ ᠦᠢᠯᠡ ᠶᠠᠪᠤᠳᠠᠯ ᠢ ᠲᠡᠮᠳᠡᠭᠯᠡᠨ ᠲᠤᠷᠠᠰᠬᠠᠯ ᠪᠤᠯᠭᠠᠨ | ᠦᠯᠡᠳᠡᠭᠡᠪᠡ᠃ | ᠲᠠᠶᠢᠨ ᠪᠠᠶᠢᠯᠳᠤᠭᠠᠨ ᠲᠡᠭᠳᠡᠵᠦ | ᠭᠠᠵᠠᠷ ᠪᠦᠬᠦᠨ ᠲᠦᠢᠪᠡᠭᠡᠨ ᠪᠤᠯᠵᠤ᠂ | ᠬᠤᠯᠠᠭᠠᠢ ᠲᠡᠭᠡᠷᠡᠮ ᠭᠠᠷᠴᠤ | ᠯᠢᠨᠰᠢ ᠰᠢᠶᠠᠨ ᠢ ᠰᠦᠷᠳᠡᠭᠦᠯᠦᠭᠰᠡᠨ ᠳᠤ᠂ | ᠬᠤᠳᠠᠯᠠ ᠵᠠᠩᠵᠤᠨ ᠴᠡᠷᠢᠭ ᠵᠢᠯᠤᠭᠤᠳᠴᠦ | ᠠᠳᠠᠭᠠᠳᠠᠨ ᠲᠠᠶᠢᠰᠤᠨ ᠢ ᠲᠠᠷᠤᠩᠭᠤᠶᠢᠯᠠᠪᠠ᠃ | ᠠᠮᠤᠷᠯᠢᠩᠭᠤᠢ ᠪᠤᠯᠤᠭᠰᠠᠨ ᠯᠢᠨᠰᠢ ᠰᠢᠶᠠᠨ | ᠠᠷᠠᠳ ᠢᠷᠭᠡᠨ ᠪᠠᠶᠠᠷᠯᠠᠨ ᠠᠮᠢᠳᠤᠷᠠᠬᠤ ᠳᠤ᠂ | ᠠᠭᠤᠤ ᠵᠠᠩᠵᠤᠨ ᠴᠡᠷᠢᠭ ᠲᠠᠶᠢᠴᠢᠯᠠᠨ | ᠡᠮᠦᠨ᠎ᠡ ᠵᠦᠩᠶᠤᠸᠠᠨ ᠤᠷᠤᠨ ᠳᠤ ᠮᠤᠷᠢᠯᠠᠪᠠ᠃ | ᠠᠨᠾᠦ᠋ᠢ ᠵᠢᠶᠠᠩᠰᠤ ᠬᠤᠶᠠᠷ ᠮᠤᠵᠢ ᠪᠠᠷ | ᠲᠡᠭᠡᠷᠡᠮ ᠤᠨ ᠰᠦᠷᠦᠭ ᠲᠠᠢ ᠲᠤᠯᠤᠯᠳᠤᠵᠤ᠂ | ᠠᠪᠤᠷᠭᠤ ᠲᠠᠶᠢᠰᠤᠨ ᠢ ᠲᠠᠷᠤᠨ ᠤᠰᠠᠳᠬᠠᠵᠤ | ᠤᠷᠤᠨ ᠨᠤᠳᠤᠭ ᠠᠮᠤᠷ ᠲᠦᠪᠰᠢᠨ ᠪᠤᠯᠪᠠ᠃ | ᠭᠠᠪᠢᠶ᠎ᠠ ᠪᠠᠶᠢᠭᠤᠯᠵᠤ | ᠵᠡᠷᠭᠡ ᠡᠷᠭᠡᠮ ᠨᠡᠮᠡᠭᠳᠡᠵᠦ᠂ | ᠭᠠᠨᠳᠢᠭ ᠴᠢᠯᠠᠭᠤᠨ | ᠡᠷᠳᠡᠨᠢ ᠤᠳᠤᠨ ᠲᠡᠮᠳᠡᠭ ᠱᠠᠩᠨᠠᠭᠳᠠᠪᠠ᠃ | ᠵᠢᠷᠤᠮᠳᠤ ᠦᠯᠵᠠᠢ ᠪᠢᠯᠬᠠᠭᠰᠠᠨ | ᠵᠦᠩᠶᠤᠸᠠᠨ ᠡᠯ᠎ᠡ ᠤᠷᠤᠨ | ᠵᠢᠷᠤᠭᠳᠤ ᠬᠤᠸᠠᠷ ᠰᠢᠭ᠋ | ᠬᠢᠯᠳᠠᠭᠠᠮᠠ ᠰᠠᠶᠢᠬᠠᠨ ᠬᠤᠪᠢᠯᠪᠠ᠃ | ᠦᠢᠯᠡᠰ ᠪᠦᠳᠦᠭᠡᠯ ᠴᠢᠨᠢ | ᠬᠠᠨ ᠬᠠᠶᠢᠷᠬᠠᠨ ᠮᠡᠳᠦ ᠲᠤᠪᠤᠶᠢᠵᠤ᠂ | ᠤᠯᠠᠨ ᠤ ᠬᠦᠰᠡᠯ ᠢᠶᠠᠷ | ᠠᠮᠵᠢᠯᠳᠠ ᠲᠠᠢ ᠨᠤᠳᠤᠭ ᠲᠤ ᠪᠠᠨ ᠡᠷᠬᠢᠨ ᠢᠷᠡᠪᠡ᠃ | ᠡᠳᠦᠷ ᠪᠦᠷᠢ ᠲᠠᠷᠢᠶᠠᠨ ᠠᠵᠢᠯ ᠳᠤ ᠪᠠᠨ | ᠬᠦᠴᠦᠯᠡᠨ ᠵᠢᠳᠭᠦᠯᠴᠡᠵᠦ᠂ | ᠡᠪᠡᠰᠦ ᠠᠷᠢᠯᠭᠠᠨ ᠮᠤᠳᠤ ᠲᠠᠷᠢᠵᠤ | ᠶᠠᠳᠠᠷᠠᠬᠤ ᠠᠴᠠ ᠠᠶᠤᠬᠤ ᠦᠭᠡᠢ | ᠵᠡᠷᠭᠡᠯᠡᠳᠡᠭᠡ ᠨᠦᠭᠦᠳ ᠲᠠᠢ ᠤᠴᠠᠷᠠᠪᠠᠰᠤ | ᠠᠵᠢᠯ ᠠᠮᠢᠳᠤᠷᠠᠯ ᠢ ᠵᠦᠪᠳᠡᠨ ᠬᠡᠯᠡᠯᠴᠡᠨ᠎ᠡ᠃ | ᠡᠶᠡᠯᠰᠡᠭ ᠬᠦᠷᠰᠢ ᠬᠦᠮᠦᠨ ᠲᠠᠢ | ᠪᠦᠯᠭᠦᠮᠳᠡᠨ ᠨᠠᠶᠢᠷᠠᠯᠳᠠᠨ ᠶᠠᠪᠤᠯᠴᠠᠵᠤ | ᠡᠶ᠎ᠡ ᠨᠠᠶᠢᠷ ᠲᠠᠢ ᠬᠠᠷᠢᠯᠴᠠᠵᠤ | ᠠᠷᠠᠳ ᠤᠨ ᠢᠳᠡᠭᠡᠯ ᠢ ᠤᠯᠪᠠ᠃ | ᠲᠤᠷᠤᠢ ᠪᠠᠭᠤᠷᠠᠢ ᠠᠯᠵᠠᠭᠤᠷᠳᠠᠨ ᠨᠠᠷ | ᠠᠭᠤᠯᠵᠠᠵᠤ ᠤᠴᠠᠷᠠᠯᠳᠠᠪᠠᠰᠤ | ᠲᠤᠷᠠᠰᠬᠤ ᠰᠡᠳᠬᠢᠴᠡ ᠤᠷᠤᠵᠤ | ᠦᠭᠡᠷᠡᠴᠢᠯᠡᠬᠦ ᠶᠢ ᠪᠤᠳᠤᠯᠬᠢᠯᠠᠨ᠎ᠠ᠃ | ᠬᠤᠪᠳᠤᠭ ᠰᠢᠨᠤᠬᠠᠢ ᠡᠷᠡᠴᠦᠳ | ᠤᠴᠠᠷᠠᠯᠳᠤᠨ ᠠᠭᠤᠯᠵᠠᠪᠠᠰᠤ | ᠬᠤᠮᠤᠬᠠᠢ ᠤᠪᠤᠷ ᠱᠠᠮᠰᠢᠬᠤ ᠰᠠᠨᠠᠭ᠎ᠠ ᠪᠠᠨ | ᠴᠡᠭᠡᠷᠯᠡᠨ ᠴᠢᠷᠮᠠᠶᠢᠨ ᠦᠭᠡᠷᠡᠴᠢᠯᠡᠨ᠎ᠡ᠃ | ᠦᠷᠦᠰᠢᠶᠡᠯ ᠲᠦᠷᠢᠮᠵᠢᠯ ᠢ | ᠬᠦᠮᠦᠵᠢᠯᠡᠨ ᠲᠡᠯᠭᠡᠷᠡᠭᠦᠯᠵᠦ᠂ | ᠦᠰᠬᠦ ᠪᠠᠭᠤᠷᠠᠬᠤ ᠶᠢᠨ ᠰᠢᠯᠳᠠᠭᠠᠨ ᠢ | ᠲᠤᠳᠤᠯᠠᠨ ᠰᠠᠶᠢᠳᠤᠷ ᠤᠬᠠᠭᠤᠯᠤᠨ᠎ᠠ᠃ | ᠲᠦᠪ ᠭᠤᠤᠯᠴᠢ ᠤᠳᠤᠮᠰᠢᠯᠳᠤ ᠰᠤᠷᠭᠠᠯ ᠢ | ᠮᠠᠨᠳᠤᠭᠤᠯᠤᠨ ᠲᠡᠯᠭᠡᠷᠡᠭᠦᠯᠵᠦ᠂ | ᠲᠦᠭᠡᠮᠡᠯ ᠰᠤᠷᠳᠠᠯ ᠢ | ᠬᠦᠨ ᠬᠦᠭᠵᠢᠭᠦᠯᠦᠨ ᠪᠠᠳᠠᠷᠠᠭᠤᠯᠪᠠ᠃ | ᠠᠷᠠᠳ ᠤᠯᠠᠨ ᠢᠶᠠᠷ | ᠵᠠᠩᠵᠤᠨ ᠤ ᠬᠦᠰᠡᠯ ᠡᠷᠡᠮᠠᠯᠵᠡᠯ ᠢ | ᠠᠭᠤᠰᠬᠢ ᠵᠢᠷᠦᠭᠡ ᠠᠴᠠ | ᠵᠠᠭᠤᠨ ᠨᠠᠰᠤᠯᠠᠬᠤ ᠶᠢ ᠪᠡᠯᠡᠭᠯᠡᠨ᠎ᠡ᠃ | ᠡᠨᠡ ᠮᠡᠳᠦ ᠪᠠᠷ | ᠴᠢᠯᠠᠭᠤᠨ ᠬᠦᠰᠢᠶ᠎ᠡ ᠪᠤᠰᠬᠠᠵᠤ᠂ | ᠡᠭᠦᠷᠢᠳᠡ ᠠᠩᠬᠢᠯᠤᠮᠠᠯ ᠰᠠᠶᠢᠬᠠᠨ | ᠲᠤᠷᠠᠰᠬᠠᠯ ᠪᠤᠯᠳᠤᠭᠠᠢ︕ | | | | ᠨᠡᠶᠢᠳᠡ ᠶᠢᠨ ᠤᠨ ᠲᠤᠭᠠᠯᠠᠯ ᠤᠨ 2015 ᠤᠨ ᠤ 1 ᠳ᠋ᠤᠭᠡᠷ ᠰᠠᠷ᠎ᠠ ᠶᠢᠨ 1 ᠤ ᠡᠳᠦᠷ ᠯᠢᠨᠰᠢ ᠳᠠᠬᠢ ᠰᠠᠭᠤᠴᠠ | ᠳᠤ | | |