ᠤᠯᠤᠰ ᠪᠠᠶᠢᠭᠤᠯᠤᠭᠳᠠᠭᠰᠠᠨ ᠦᠶ᠎ᠡ ᠬᠦᠮᠦᠨ ᠢ ᠡᠳ᠋ ᠬᠦᠷᠦᠩᠭᠡ ᠪᠠᠷ ᠠᠩᠬᠢ ᠬᠤᠪᠢᠶᠠᠵᠤ ᠶᠠᠳᠠᠭᠤ᠂ ᠶᠠᠳᠠᠭᠤᠯᠢᠭ᠂ | ᠲᠤᠮᠳᠠ᠂ ᠲᠡᠭᠡᠷ᠎ᠡ ᠲᠤᠮᠳᠠ᠂ ᠪᠠᠶᠠᠨ ᠭᠠᠵᠠᠷ ︵ᠮᠠᠯᠵᠢᠯ︶ ᠤᠨ ᠡᠵᠡᠨ ᠬᠡᠵᠦ 6 ᠲᠡᠭᠳᠡᠷ ᠬᠤᠪᠢᠶᠠᠵᠤ᠂ ᠶᠠᠳᠠᠭᠤ | ᠶᠠᠳᠠᠭᠤᠯᠢᠭ ᠨᠢ ᠲᠦᠰᠢᠬᠦ ᠠᠩᠬᠢ᠂ ᠲᠤᠮᠳᠠ ᠲᠡᠭᠡᠷ᠎ᠡ ᠲᠤᠮᠳᠠ ᠨᠢ ᠪᠦᠯᠭᠦᠮᠳᠡᠬᠦ ᠠᠩᠬᠢ᠂ ᠪᠠᠶᠠᠨ ᠭᠠᠵᠠᠷ ︵ᠮᠠᠯᠵᠢᠯ | ︶ ᠤᠨ ᠡᠵᠡᠨ ᠨᠢ ᠲᠠᠷᠤᠩᠭᠤᠶᠢᠯᠠᠬᠤ ᠠᠩᠬᠢ᠃ ᠶᠤᠸᠠᠨ ᠤᠯᠤᠰ ᠤᠨ ᠦᠶ᠎ᠡ ᠪᠤᠯ ᠲᠡᠭᠡᠳᠦ ᠨᠢ ᠮᠤᠩᠭᠤᠯ | ᠦᠨᠳᠦᠰᠦᠳᠡᠨ ᠲᠡᠰ ᠨᠢ ᠰᠠᠷᠳᠠᠭᠤᠯᠴᠢᠨ᠂ ᠭᠤᠳᠠᠭᠠᠷ ᠨᠢ ᠬᠢᠳᠠᠳ᠂ ᠬᠠᠮᠤᠭ ᠡᠴᠦᠰ ᠨᠢ ᠡᠮᠦᠨ᠎ᠡ ᠮᠠᠨᠽᠢ ᠬᠡᠵᠦ 4 | ᠲᠡᠭᠳᠡᠷ ᠬᠤᠪᠢᠶᠠᠵᠤ᠂ ᠡᠨᠡ ᠪᠤᠯ ᠶᠤᠸᠠᠨ ᠤᠯᠤᠰ ᠲᠤ ᠪᠠᠭᠤᠵᠤ ᠦᠭᠭᠦᠭᠰᠡᠨ ᠡᠮᠦᠨ᠎ᠡ ᠬᠤᠶᠢᠨ᠎ᠠ ᠪᠠᠷ ᠲᠠᠰ | ᠲᠠᠷᠠᠭᠠᠯᠠᠭᠰᠠᠨ ᠤᠴᠢᠷ ᠪᠤᠯᠤᠨ᠎ᠠ᠃ ᠶᠤᠸᠠᠨ ᠤᠯᠤᠰ ᠬᠡᠳᠦᠶᠢᠪᠡᠷ ᠢᠩᠬᠢᠵᠦ ᠦᠨᠳᠦᠰᠦᠳᠡᠨ ᠢᠶᠠᠷ ᠲᠡᠰ ᠲᠡᠭᠳᠡᠷ | ᠬᠤᠪᠢᠶᠠᠭᠰᠠᠨ ᠪᠤᠯᠪᠠᠴᠤ ᠨᠢᠭᠡᠯᠭᠡᠨ ᠴᠠᠭ ᠦᠶ᠎ᠡ ᠴᠦ ᠬᠡᠷᠡᠭᠵᠢᠭᠦᠯᠦᠭᠰᠡᠨ ᠦᠭᠡᠢ ᠪᠦᠭᠡᠳ ᠤᠶᠤᠳᠠᠨ ᠰᠡᠭᠡᠭᠡᠳᠡᠨ ᠢ | ᠶᠡᠭᠡ ᠪᠠᠷ ᠬᠦᠨᠳᠦᠳᠭᠡᠨ ᠬᠡᠷᠡᠭᠯᠡᠭᠰᠡᠨ᠂ ᠤᠯᠤᠰ ᠲᠦᠷᠦ᠂ ᠴᠡᠷᠢᠭ ᠬᠡᠷᠡᠭᠯᠡᠬᠦ ᠳᠤ ᠪᠦᠷ ᠲᠠᠪᠰᠢᠭᠰᠠᠨ ᠲᠦᠷᠦ ᠶᠢᠨ | ᠪᠤᠳᠤᠯᠭ᠎ᠠ ᠶᠠᠪᠤᠭᠳᠠᠭᠤᠯᠤᠭᠰᠠᠨ ᠲᠦᠷᠢᠮ ᠲᠤᠭᠳᠠᠭᠠᠯ ᠪᠤᠯᠤᠨ᠎ᠠ᠃ ᠡᠶᠢᠮᠦ ᠤᠴᠢᠷ ᠠᠴᠠ ᠨᠡᠶᠢᠭᠡᠮ ᠠᠭᠤᠳᠠᠮ | ᠲᠠᠯᠪᠢᠭᠤ᠂ ᠬᠦᠮᠦᠰ ᠡᠷᠭᠡ ᠴᠢᠯᠦᠭᠡᠳᠠᠢ ᠨᠢ ᠬᠠᠨ᠂ ᠲᠠᠩ ᠬᠤᠶᠠᠷ ᠲᠦᠷᠦ ᠠᠴᠠ ᠬᠡᠳᠦᠷᠡᠨᠡ᠃ ᠤᠳᠤ ᠪᠢᠳᠡ | ᠶᠤᠸᠠᠨ ᠤᠯᠤᠰ ᠤᠨ ᠦᠶ᠎ᠡ ᠶᠢᠨ ᠲᠡᠷᠢᠬᠦᠨ ᠬᠠᠭᠠᠨ ᠬᠤᠪᠢᠯᠠᠢ ᠰᠡᠴᠡᠨ ᠨᠡᠶᠢᠳᠡ ᠶᠢᠨ ᠤᠨ ᠲᠤᠭᠠᠯᠠᠯ ᠤᠨ 1261 | ᠤᠨ ᠤ ᠲᠦᠪ ᠤᠨ ᠪᠠᠶᠢᠩᠭᠤ ᠶᠢᠨ ᠭᠤᠤᠯ ᠪᠦᠷᠢᠯᠳᠦᠭᠦᠨ ᠢ ᠨᠡᠶᠢᠳᠡᠯᠡᠨ ᠲᠡᠮᠳᠡᠭᠯᠡᠵᠦ᠂ ᠬᠢᠳᠠᠳ ᠦᠨᠳᠦᠰᠦᠳᠡᠨ ᠤ | ᠤᠶᠤᠳᠠᠨ ᠰᠡᠭᠡᠭᠡᠳᠡᠨ ᠢ ᠬᠦᠨᠳᠦᠳᠭᠡᠨ ᠬᠡᠷᠡᠭᠯᠡᠭᠰᠡᠨ ᠢ ᠬᠡᠷᠡᠴᠢᠯᠡᠶᠡ᠄ | ᠬᠠᠭᠠᠨ ᠡᠵᠡᠨ᠄ | ᠱᠢ ᠽᠦ ᠬᠤᠪᠢᠯᠠᠢ ︵ᠮᠤᠩᠭᠤᠯ ᠦᠨᠳᠦᠰᠦᠳᠡᠨ︶ | ᠵᠦᠩ ᠱᠦ ᠪᠠᠷᠠᠭᠤᠨ ᠴᠧᠩᠰᠢᠶᠠᠩ᠄ | ᠱᠢ ᠲᠢᠶᠠᠨ ᠽᠢ ︵ᠬᠢᠳᠠᠳ ᠦᠨᠳᠦᠰᠦᠳᠡᠨ︶ | ᠪᠦᠭᠡ ︵ᠮᠤᠩᠭᠤᠯ ᠦᠨᠳᠦᠰᠦᠳᠡᠨ︶ | ᠵᠦᠩ ᠱᠦ ᠵᠡᠭᠦᠨ ᠴᠧᠩᠰᠢᠶᠠᠩ᠄ | ᠤᠯᠤ ᠪᠦᠭᠡ ︵ᠮᠤᠩᠭᠤᠯ ᠦᠨᠳᠦᠰᠦᠳᠡᠨ︶ | ᠶᠧ ᠯᠢᠦᠢ ᠵᠦ ︵ᠬᠢᠳᠠᠳ ᠦᠨᠳᠦᠰᠦᠳᠡᠨ︶ | ᠲᠡᠭᠰᠢ ᠵᠠᠰᠠᠭᠳᠤ ᠶᠠᠪᠤᠳᠠᠯ ᠤᠨ ᠶᠠᠮᠤᠨ᠄ | ᠸᠠᠩ ᠸᠧᠨ ᠲᠦᠩ ︵ᠬᠢᠳᠠᠳ ᠦᠨᠳᠦᠰᠦᠳᠡᠨ︶ | ᠲᠠᠴᠠᠷ ︵ᠮᠤᠩᠭᠤᠯ ᠦᠨᠳᠦᠰᠦᠳᠡᠨ︶ | ᠰᠠᠢ ᠲᠢᠶᠠᠨ ᡂᠢ ︵ᠬᠤᠳᠤᠩ ᠦᠨᠳᠦᠰᠦᠳᠡᠨ︶ | ᠯᠢᠶᠠᠨ ᠰᠢ ᠰᠢᠶᠠ ︵ᠤᠶᠢᠭᠤᠷ ᠦᠨᠳᠦᠰᠦᠳᠡᠨ︶ | ᠪᠠᠷᠠᠭᠤᠨ ᠴᠧᠩᠰᠢᠶᠠᠩ᠄ | ᠵᠠᠩ ᠴᠢ ᠶᠤᠸᠠᠨ ︵ᠬᠢᠳᠠᠳ ᠦᠨᠳᠦᠰᠦᠳᠡᠨ︶ | ᠵᠡᠭᠦᠨ ᠴᠧᠩᠰᠢᠶᠠᠩ᠄ | ᠵᠠᠩ ᠸᠧᠨ ᠴᠢᠶᠠᠨ ︵ᠬᠢᠳᠠᠳ ᠦᠨᠳᠦᠰᠦᠳᠡᠨ︶ | ᠲᠦᠷᠦ ᠳᠤ ᠲᠤᠰᠠᠯᠠᠭᠴᠢ ᠶᠠᠮᠤᠨ᠄ | ᠱᠠᠩ ᠲᠢᠩ ︵ᠬᠢᠳᠠᠳ ᠦᠨᠳᠦᠰᠦᠳᠡᠨ︶ | ᠶᠠᠩ ᠬᠦᠸᠧ ︵ᠬᠢᠳᠠᠳ ᠦᠨᠳᠦᠰᠦᠳᠡᠨ︶ | ᠲᠡᠭᠡᠷ᠎ᠡ 13 ᠬᠦᠮᠦᠨ ᠤ ᠲᠤᠳᠤᠷ᠎ᠠ ᠬᠢᠳᠠᠳ ᠦᠨᠳᠦᠰᠦᠳᠡᠨ 6 ᠬᠦᠮᠦᠨ᠂ ᠮᠤᠩᠭᠤᠯ ᠦᠨᠳᠦᠰᠦᠳᠡᠨ 4 ᠬᠦᠮᠦᠨ᠂ | ᠬᠢᠳᠠᠨ᠂ ᠬᠤᠳᠤᠩ᠂ ᠤᠶᠢᠭᠤᠷ ᠲᠤᠰ ᠪᠦᠷᠢ ᠨᠢᠭᠡ ᠬᠦᠮᠦᠨ᠂ ᠡᠭᠦᠨ ᠤ ᠲᠤᠳᠤᠷ᠎ᠠ ᠬᠢᠳᠠᠳ ᠦᠨᠳᠦᠰᠦᠳᠡᠨ 46. | 15% ᠡᠵᠡᠯᠡᠵᠦ᠂ ᠮᠤᠩᠭᠤᠯ ᠦᠨᠳᠦᠰᠦᠳᠡᠨ 30.8% ᠡᠵᠡᠯᠡᠵᠦ᠂ ᠬᠢᠳᠠᠨ᠂ ᠬᠤᠳᠤᠩ᠂ ᠤᠶᠢᠭᠤᠷ | ᠦᠨᠳᠦᠰᠦᠳᠡᠨ ᠢ ᠪᠠᠰᠠ ᠠᠩᠬᠠᠷᠤᠨ ᠬᠠᠷᠠᠭᠠᠯᠵᠠᠵᠠᠢ᠃ | ᠶᠤᠸᠠᠨ ᠤᠯᠤᠰ ᠤᠨ ᠲᠦᠪ ᠤᠨ ᠪᠠᠶᠢᠩᠭᠤ ᠶᠢᠨ ᠤᠳᠤᠷᠢᠳᠤᠯᠭ᠎ᠠ ᠡᠨᠡᠬᠦ ᠶᠤᠰᠤ ᠵᠦᠢᠳᠠᠢ ᠪᠠᠶᠢᠭᠤᠯᠤᠨ ᠬᠡᠷᠡᠭᠯᠡᠭᠰᠡᠨ᠂ | ᠲᠤᠮᠳᠠᠳᠤ ᠤᠯᠤᠰ ᠤᠨ ᠠᠯᠢᠪᠠ ᠤᠯᠤᠰ ᠲᠦᠷᠦ ᠢᠩᠬᠢᠵᠦ ᠬᠡᠷᠭᠵᠢᠭᠦᠯᠵᠦ ᠴᠢᠳᠠᠭᠰᠠᠨ ᠨᠢ ᠠᠯᠠᠭ᠎ᠠ ᠪᠤᠯᠤᠨ᠎ᠠ᠃ | ᠦᠨᠡᠨ ᠳᠤ ᠪᠠᠨ ᠶᠤᠸᠠᠨ ᠤᠯᠤᠰ ᠤᠨ ᠲᠦᠷᠦ ᠵᠠᠰᠠᠭ᠂ ᠠᠵᠤ ᠠᠬᠤᠢ ᠪᠠᠳᠠᠷᠠᠨ ᠬᠦᠭᠵᠢᠵᠦ᠂ ᠲᠠᠯᠪᠢᠭᠤ ᠲᠠᠪᠠᠳᠠᠢ | ᠤᠳᠬ᠎ᠠ ᠰᠤᠶᠤᠯ ᠤᠨ ᠲᠤᠤᠷ᠎ᠠ ᠲᠤᠮᠤ ᠤᠯᠠᠨ ᠪᠠᠶᠢᠭᠠᠯᠢ ᠪᠠ ᠨᠡᠶᠢᠭᠡᠮ ᠤᠨ ᠰᠢᠨᠵᠢᠯᠡᠬᠦ ᠤᠬᠠᠭᠠᠨᠳᠠᠨ ᠭᠠᠷᠴᠤ᠂ | ᠭᠠᠭᠴᠠ ᠬᠢᠳᠠᠳ ᠦᠨᠳᠦᠰᠦᠳᠡᠨ ᠤ ᠡᠷᠳᠡᠮᠳᠡᠨ ᠢ ᠪᠢᠳᠡ ᠵᠢᠱᠢᠶ᠎ᠡ ᠲᠠᠳᠠᠨ ᠦᠭᠦᠯᠡᠬᠦ ᠳᠤ᠂ ᠤᠶᠤᠳᠠᠨ ᠰᠡᠭᠡᠭᠡᠳᠡᠨ ᠢ | ᠬᠦᠨᠳᠦᠳᠭᠡᠨ ᠬᠡᠷᠡᠭᠯᠡᠭᠰᠡᠨ ᠢ ᠬᠡᠷᠡᠴᠢᠯᠡᠵᠦ ᠪᠤᠯᠤᠨ᠎ᠠ᠃ ᠯᠢᠦ ᠪᠢᠩ ᠵᠦᠩ᠂ ᠶᠤᠸᠠᠨ ᠤᠯᠤᠰ ᠤᠨ ᠡᠬᠢᠨ ᠤ ᠦᠶ᠎ᠡ | ᠶᠢᠨ ᠠᠯᠳᠠᠷᠳᠤ ᠤᠯᠤᠰ ᠲᠦᠷᠦᠴᠢ ᠪᠤᠯᠤᠨ᠎ᠠ᠃ ᠱᠢ ᠽᠦ ᠬᠠᠭᠠᠨ ᠤ ᠢᠳᠡᠭᠡᠯᠳᠦ ᠲᠦᠰᠢᠮᠡᠯ ᠪᠤᠯᠠᠢ᠃ 17 ᠨᠠᠰᠤᠨ | ᠳᠤ ᠪᠠᠨ ᠰᠢᠨ ᠲᠠᠢ ᠶᠢᠨ ᠡᠷᠴᠢ ᠶᠢᠨ ᠶᠠᠪᠤᠴᠠ ᠶᠢᠨ ᠡᠯᠴᠢᠨ ᠰᠠᠶᠢᠳ ᠪᠤᠯᠵᠤ᠂ ᡁᠢ ᠶᠤᠸᠠᠨ ᠤ ᠲᠡᠷᠢᠭᠦᠨ ᠤᠨ ︵ | 1264 ᠤᠨ︶ ᠲᠦᠷᠦ ᠳᠤ ᠲᠤᠰᠠᠯᠠᠭᠰᠠᠨ ᠰᠠᠶᠢᠳ᠂ ᠲᠠᠶᠢᠪᠤ᠂ ᠵᠦᠩ ᠱᠦ ᠮᠤᠵᠢ ᠶᠢᠨ ᠵᠠᠯᠠᠨ ᠵᠠᠩᠬᠢ᠂ ᠱᠦ ᠮᠢ | ᠶᠤᠸᠠᠨ ᠤ ᠬᠠᠮᠳᠤ ᠮᠡᠳᠡᠭᠡᠵᠢ ︽ᠶᠡᠭᠡ ᠶᠤᠸᠠᠨ︾ ᠬᠡᠰᠡᠨ ᠤᠯᠤᠰ ᠤᠨ ᠨᠡᠷ᠎ᠡ ᠶᠢ ᠲᠤᠭᠳᠠᠭᠠᠵᠤ᠂ ᠱᠠᠩᠨᠠᠯ ᠬᠦᠷᠳᠡᠪᠡ | ᠃ ᠲᠡᠷᠡ ᠪᠠᠰᠠ ᠳ᠋ᠠᠳᠦ᠋᠂ ᠱᠠᠩᠳᠤ ᠬᠤᠳᠠ ᠶᠢ ᠵᠠᠬᠢᠷᠤᠨ ᠪᠠᠶᠢᠭᠤᠯᠤᠨ ᠪᠦᠳᠦᠭᠡᠨ ᠬᠡᠷᠡᠭᠯᠡᠪᠡ᠃ ᠬᠦᠸᠧ ᠱᠸᠦ ᠵᠢᠩ᠂ | ᠶᠤᠸᠠᠨ ᠤᠯᠤᠰ ᠤᠨ ᠤᠳᠤᠨ ᠤᠷᠤᠨ ︵ᠲᠡᠭᠷᠢ ᠶᠢᠨ ᠵᠦᠢ︶ ᠪᠠ ᠤᠰᠤᠨ ᠠᠰᠢᠭᠯᠠᠯᠳᠠ ᠶᠢᠨ ᠡᠷᠳᠡᠮᠳᠡᠨ᠂ | ᠤᠷᠢᠳ ᠬᠤᠵᠢᠳ ᠤᠰᠤ ᠬᠠᠮᠢᠶᠠᠷᠤᠭᠴᠢ ᠨᠤᠶᠠᠨ᠂ ᠠᠵᠤ ᠠᠬᠤᠢ ᠶᠠᠮᠤᠨ ᠤ ᠯᠠᠩ ᠵᠦᠩ᠂ ᠮᠡᠳᠡᠭᠴᠢ ᠲᠠᠢ ᠱᠢ | ᠬᠤᠷᠢᠶᠠᠨ ᠤ ᠬᠠᠮᠢᠶᠠᠷᠤᠭᠴᠢ᠂ ᠲᠠᠢ ᠱᠢ ᠲᠦᠰᠢᠮᠡᠯ᠂ ᠰᠤᠶᠤᠯ ᠤᠷᠢᠶᠠᠯᠠᠬᠤ ᠡᠷᠭᠡᠮ ᠰᠠᠶᠢᠳ᠂ ᠲᠠᠢ ᠱᠢ ᠬᠤᠷᠢᠶᠠᠨ | ᠤ ᠬᠡᠷᠡᠭ ᠮᠡᠳᠡᠭᠴᠢ᠂ ︽ᠱᠸᠦ ᠱᠢ ᠯᠢ︾ ᠴᠠᠭ ᠤᠯᠠᠷᠢᠯ ᠤᠨ ᠪᠢᠴᠢᠭ ᠢ ᠵᠤᠬᠢᠶᠠᠨ ᠪᠦᠳᠦᠭᠡᠪᠡ᠃ ᠲᠠᠶᠢᠴᠢᠩ | ᠬᠦᠷᠦᠨ ᠤ ᠡᠬᠢᠨ ᠤ ᠦᠶ᠎ᠡ ᠶᠢᠨ ᠤᠳᠤᠨ ᠤᠷᠤᠨ ᠤ ᠡᠷᠳᠡᠮᠳᠡᠨ ᠲᠠᠩ ᠷᠤᠤ ᠸᠠᠩ᠂ ᠬᠦᠸᠧ ᠱᠸᠦ ᠵᠢᠩ ᠢ ︽ | ᠲᠤᠮᠳᠠᠳᠤ ᠤᠯᠤᠰ ᠤᠨ ᠬᠦᠨ ᠬᠠᠮᠵᠢᠯᠭᠠᠴᠢ︾ ᠬᠡᠵᠦ ᠰᠠᠶᠢᠰᠢᠶᠠᠪᠠ᠃ ᠯᠢ ᠮᠧᠩ ᠶᠤᠸᠠᠨ ᠤᠯᠤᠰ ᠤᠨ ᠲᠤᠮᠳᠠ | ᠦᠶ᠎ᠡ ᠶᠢᠨ ᠶᠡᠭᠡ ᠲᠦᠰᠢᠮᠡᠯ᠂ ᠦ᠋ ᠽᠦᠩ᠂ ᠷᠧᠨ ᠽᠦᠩ ᠬᠤᠶᠠᠷ ᠬᠠᠭᠠᠨ ᠤ ᠪᠠᠭᠰᠢ᠂ ᠵᠦᠩ ᠱᠸᠦ ᠲᠦᠷᠦ ᠶᠢᠨ | ᠶᠠᠪᠤᠳᠠᠯ ᠤᠨ ᠮᠡᠳᠡᠭᠴᠢ᠂ ᠰᠢᠳᠤᠷᠭᠤ ᠶᠢ ᠴᠤᠭᠯᠠᠭᠠᠭᠴᠢ ᠡᠷᠭᠡᠮ ᠰᠠᠶᠢᠳ᠂ ᠬᠤᠢ ᠵᠧᠩ ᠶᠤᠸᠠᠨ ᠤ ᠬᠡᠷᠡᠭ ᠮᠡᠳᠡᠭᠴᠢ | ᠂ ᠬᠠᠨ ᠯᠢᠨ ᠶᠤᠸᠠᠨ ᠤ ᠤᠶᠤᠳᠠᠨ᠂ ᠤᠯᠤᠰ ᠤᠨ ᠲᠡᠦᠭᠡ ᠶᠢ ᠵᠠᠰᠠᠬᠤ ᠮᠡᠳᠡᠭᠴᠢ᠃ ᠲᠡᠷᠡ ᠵᠢᠷᠤᠮᠳᠤ ᠪᠢᠴᠢᠭ ᠤᠨ | ᠬᠦᠮᠦᠨ ᠢ ᠬᠡᠷᠡᠭᠯᠡᠵᠦ᠂ ᠡᠳ᠋ ᠬᠦᠷᠦᠩᠭᠡ ᠶᠢ ᠭᠠᠮᠨᠠᠬᠤ᠂ ᠬᠤᠤᠱᠠᠩ ᠪᠤᠮᠪᠤ ᠶᠢ ᠬᠢᠵᠠᠭᠠᠷᠯᠠᠨ ᠬᠠᠰᠤᠬᠤ ᠵᠡᠷᠭᠡ ᠰᠠᠨᠠᠯ | ᠭᠠᠷᠭᠠᠭᠰᠠᠨ ᠳᠤ ᠬᠠᠭᠠᠨ ᠡᠵᠡᠨ ᠪᠦᠷ ᠵᠦᠪᠰᠢᠶᠡᠷᠡᠨ ᠬᠡᠷᠡᠭᠵᠢᠭᠦᠯᠪᠡ᠃ ᠷᠧᠨ ᠷᠧᠨ ᠬᠤᠸᠠ ᠶᠤᠸᠠᠨ ᠤᠯᠤᠰ ᠤᠨ | ᠤᠰᠤᠨ ᠠᠰᠢᠭᠯᠠᠯᠳᠠ ᠶᠢᠨ ᠡᠷᠳᠡᠮᠳᠡᠨ ᠪᠠ ᠤᠷᠠᠨ ᠵᠢᠷᠤᠭᠴᠢ᠂ ᠡᠮᠦᠨ᠎ᠡ ᠬᠤᠶᠢᠨ᠎ᠠ ᠶᠤᠸᠠᠨ ᠤᠯᠤᠰ ᠤᠨ | ᠤᠬᠠᠭᠤᠯᠤᠨ ᠰᠡᠳᠬᠢᠬᠦ ᠲᠦᠰᠢᠮᠡᠯ᠂ ᠲᠠᠯᠠᠢ ᠶᠢᠨ ᠵᠠᠮ ᠬᠠᠷᠢᠴᠠᠭᠠᠨ ᠤ ᠮᠢᠩᠭᠠᠨ ᠡᠷᠦᠭᠡ᠂ ᠲᠠᠯᠠᠢ ᠶᠢᠨ ᠵᠠᠮ | ᠲᠡᠭᠡᠭᠡᠪᠦᠷᠢ ᠶᠢᠨ ᠬᠡᠷᠡᠭ ᠮᠡᠳᠡᠭᠴᠢ᠂ ᠤᠰᠤᠨ ᠶᠠᠪᠤᠳᠠᠯ ᠤᠨ ᠬᠢᠨᠠᠭᠴᠢ᠂ ᠤᠰᠤᠨ ᠲᠠᠷᠢᠶᠠᠨ ᠤ ᠲᠡᠳ᠋ ᠡᠯᠴᠢ︔ ᠦ᠋ | ᠴᠧᠩ ᠶᠤᠸᠠᠨ ᠤᠯᠤᠰ ᠤᠨ ᠶᠤᠰᠤᠯᠠᠯ ᠤᠨ ᠤᠬᠠᠭᠠᠨᠳᠠᠨ᠂ ᡁᠢ ᠳ᠋ᠠ ᠶᠢᠨ ᠲᠡᠷᠢᠭᠦᠨ ᠤᠨ ︵1308 ᠤᠨ︶ | ᠤᠯᠤᠰ ᠤᠨ ᠬᠦᠮᠦᠵᠢᠯ ᠤᠨ ᠵᠤᠷᠭᠠᠨ ᠨᠤᠶᠠᠨ᠂ 4 ᠤᠨ ᠳᠤ ︵1311 ᠤᠨ︶ ᠶᠤᠰᠤᠯᠠᠯ ᠤᠨ ᠦᠢᠯᠡᠴᠢ ᠨᠤᠶᠠᠨ | ᠂ ᠬᠤᠸᠠᠩ ᠴᠢᠩ ᠤᠨ 2 ᠤᠨ ︵1313 ᠤᠨ︶ ᠳᠤ ᠡᠷᠭᠡᠯᠡᠨ ᠰᠤᠷᠭᠠᠭᠤᠯᠢ ᠲᠦᠰᠢᠮᠡᠯ᠂ ᡁᠢ ᡁᠢ ᠶᠢᠨ 3 ᠤᠨ | ︵1323 ᠤᠨ︶ ᠳᠤ ᠬᠠᠨ ᠯᠢᠨ ᠤᠶᠤᠳᠠᠨ᠂ ᠲᠠᠢ ᠲᠢᠩ ᠤᠨ ᠲᠡᠷᠢᠬᠦᠨ ᠤᠨ ︵1324 ᠤᠨ︶ ᠨᠤᠮ | ᠰᠤᠳᠤᠷ ᠡᠷᠬᠢᠯᠡᠭᠴᠢ ᠨᠤᠶᠠᠨ᠂ ︽ᠢᠩ ᠽᠦᠩ ᠬᠠᠭᠠᠨ ᠤ ᠦᠨᠡᠨ ᠲᠡᠮᠳᠡᠭᠯᠡᠯ︾ ᠢ ᠵᠤᠬᠢᠶᠠᠨ ᠬᠢᠨᠠᠭᠴᠢ ᠲᠦᠰᠢᠮᠡᠯ︔ | ᠵᠠᠩ ᠯᠢᠦ ᠰᠦᠨ᠂ ᠶᠤᠸᠠᠨ ᠤᠯᠤᠰ ᠤᠨ ᠪᠤᠮᠪᠤ ᠶᠢᠨ ᠰᠤᠷᠳᠤᠭᠤᠨ ᠤ ᠲᠦᠷᠦᠭᠦᠦ᠂ ᠱᠢ ᠽᠦ ᠬᠠᠭᠠᠨ ᠤ ᠵᠠᠷᠯᠢᠭ | ᠢᠶᠠᠷ ᠵᠢᠶᠠᠩᠨᠠᠨ ᠤ ᠡᠯ᠎ᠡ ᠤᠷᠤᠨ ᠤ ᠪᠤᠮᠪᠤ ᠶᠢᠨ ᠰᠤᠷᠳᠠᠬᠤᠨ ᠤ ᠵᠢᠭᠠᠪᠤᠷᠢᠴᠢ ᠡᠭᠦᠷᠭᠡ ᠶᠢ ᠬᠦᠷᠳᠡᠵᠠᠢ᠃ ᠲᠡᠷᠡ | ᠴᠧᠩ ᠽᠦᠩ᠂ ᠦ᠋ ᠽᠦᠩ᠂ ᠷᠧᠨ ᠽᠦᠩ᠂ ᠢᠩ ᠽᠦᠩ 4 ᠲᠦᠷᠦ ᠳᠤ ᠦᠢᠯᠡᠴᠢᠯᠡᠵᠦ᠂ ᠤᠯᠤᠰ ᠤᠨ ᠢᠳᠡᠭᠡᠯ | ᠢ ᠤᠯᠵᠠᠢ᠃ ᠤᠷᠢᠳ ᠬᠤᠵᠢᠳ ᠲᠡᠭᠡᠳᠦ ᠡᠷᠭᠢᠯᠡᠬᠦ ᠲᠦᠰᠢᠮᠡᠯ᠂ ᠴᠢᠨᠠᠳᠤ ᠤᠬᠠᠭᠠᠨ ᠤ ᠰᠢᠳᠦᠭᠡᠨ ᠪᠠᠭᠰᠢ᠂ | ᠨᠡᠭᠡᠭᠡᠯᠳᠦ ᠤᠷᠳᠤᠨ ᠤ ᠶᠤᠰᠤᠯᠠᠯ ᠤᠨ ᠲᠦᠰᠢᠮᠡᠯ᠂ ᠪᠢᠴᠢᠭ ᠤᠨ ᠡᠷᠭᠡᠮ ᠰᠠᠶᠢᠳ ᠪᠤᠯᠪᠠ᠃ ᠸᠠᠩ ᠵᠧᠨ᠂ ᠶᠤᠸᠠᠨ | ᠤᠯᠤᠰ ᠤᠨ ᠵᠧᠨ ᠶᠤᠸᠠᠨ ᠤ ᠲᠡᠷᠢᠭᠦᠨ ᠤᠨ ︵1295 ᠤᠨ︶ ᠵᠧᠨ ᠳ᠋ᠧ ᠰᠢᠶᠠᠨ ᠤ ᠲᠡᠮᠳᠡᠭᠯᠡᠭᠴᠢ ᠲᠦᠰᠢᠮᠡᠯ᠂ | ᠳ᠋ᠠ ᠳ᠋ᠧ ᠶᠢᠨ 4 ᠤᠨ ︵1300 ᠤᠨ︶ ᠳᠤ ᠶᠦᠩ ᠹᠧᠩ ᠰᠢᠶᠠᠨ ᠤ ᠲᠡᠮᠳᠡᠭᠯᠡᠭᠴᠢ ᠲᠦᠰᠢᠮᠡᠯ ᠪᠤᠯᠤᠭᠰᠠᠨ | ᠦᠶ᠎ᠡ ᠳᠤ ᠤᠯᠠᠨ ᠢ ᠲᠠᠭᠠᠭᠤᠯᠤᠨ ᠠᠯᠢᠮ᠎ᠠ᠂ ᠤᠯᠤᠰᠤ᠂ ᠰᠢᠯᠦᠭᠡᠢ᠂ ᠪᠤᠭᠤᠳᠠᠢ ᠲᠠᠷᠢᠵᠤ᠂ ᠲᠠᠪᠰᠢᠯᠳᠠ ᠲᠠᠷᠢᠶᠠᠯᠠᠩ | ᠤᠨ ᠪᠠᠭᠠᠵᠢ ᠲᠡᠯᠭᠡᠷᠡᠭᠦᠯᠦᠨ ᠬᠡᠷᠡᠭᠯᠡᠪᠡ᠃ ᠬᠤᠸᠠᠩ ᠴᠢᠩ ᠤᠨ 2 ᠤᠨ ︵1313 ᠤᠨ︶ ᠳᠤ ︽ᠲᠠᠷᠢᠶᠠᠯᠠᠩ | ᠤᠨ ᠪᠢᠴᠢᠭ︾ ᠢ ᠵᠤᠬᠢᠶᠠᠵᠤ᠂ 3 ᠲᠦᠮᠡᠨ ᠦᠰᠦᠭ ᠤᠨ ᠮᠤᠳᠤᠨ ᠬᠡᠪᠯᠡᠯ ᠡᠭᠦᠳᠴᠦ᠂ ᠬᠦᠷᠳᠡᠳᠦ ᠡᠷᠭᠢᠬᠦ ᠦᠰᠦᠭ | ᠤᠨ ᠲᠠᠪᠠᠭ ᠢ ᠡᠭᠦᠳᠦᠨ ᠬᠡᠷᠡᠭᠯᠡᠨ ᠭᠠᠪᠢᠶ᠎ᠠ ᠪᠠᠶᠢᠭᠤᠯᠵᠠᠢ᠃ ᠪᠠᠰᠠ ︽ ᠶᠢᠨ ᠳ᠋ᠧ ᠰᠢᠶᠠᠨ ᠤ ᠤᠶᠢᠯᠠᠯᠭ᠎ᠠ︾ ᠶᠢ | ᠲᠠᠷᠤᠮᠯᠠᠨ ᠲᠠᠷᠬᠠᠪᠠ᠃ ᠲᠡᠷᠡ ᠤᠷᠠᠨ ᠪᠢᠴᠢᠯᠭᠡᠳᠡᠨ ᠪᠤᠯᠬᠤᠷ ︽ᠲᠠᠷᠢᠶᠠᠯᠠᠩ ᠤᠨ ᠠᠵᠢᠯ ᠡᠷᠬᠢᠯᠡᠨ ᠬᠢᠬᠦ︾ ᠬᠡᠰᠡᠨ | ᠨᠤᠮ ᠢ ᠲᠠᠷᠢᠶᠠᠴᠢᠨ ᠠᠷᠠᠳ ᠤᠨ ᠲᠤᠮᠳᠠ ᠤᠬᠠᠭᠤᠯᠤᠨ ᠬᠡᠷᠡᠭᠯᠡᠵᠠᠢ᠃ ᠤᠥ ᠶᠠᠩ ᠰᠢᠤᠸᠠᠨ᠂ ᠤᠷᠤᠭᠰᠠᠳ | ᠭᠠᠷᠤᠯᠳᠠᠢ᠂ ᠲᠠᠶᠢᠪᠤᠩ ᠯᠦ ᠵᠢᠦᠢ ᠬᠤᠤ ᠰᠢᠶᠠᠨ ᠤ ᠮᠡᠳᠡᠭᠴᠢ᠂ ᡁᠢ ᠱᠦᠨ ᠤ ᠲᠡᠷᠢᠬᠦᠨ ᠤᠨ ︵1320 ᠤᠨ︶ | ᠤᠯᠤᠰ ᠤᠨ ᠪᠢᠴᠢᠭ ᠤᠨ ᠤᠳᠬᠠᠴᠢ ᠪᠤᠯᠵᠤ᠂ ᠲᠠᠷᠠᠭ᠎ᠠ ᠪᠠᠷ ᠤᠯᠤᠰ ᠤᠨ ᠲᠡᠦᠭᠡ ᠶᠢᠨ ᠬᠦᠷᠢᠶᠡᠯᠡᠩ ᠤᠨ | ᠨᠠᠶᠢᠷᠠᠭᠤᠯᠤᠭᠴᠢ ᠨᠤᠶᠠᠨ ᠪᠤᠯᠪᠠ᠃ ᠸᠧᠨ ᠽᠦᠩ ᠶᠢᠨ ᠦᠶ᠎ᠡ ᠳᠤ ︽ᠶᠡᠭᠡ ᠤᠯᠠᠷᠢᠬᠤ ᠰᠠᠳᠤᠷ ᠤᠨ ᠲᠤᠯᠢ︾ | ᠵᠠᠰᠠᠵᠤ ᠪᠢᠴᠢᠪᠡ᠃ ᠱᠦᠨ ᠳ᠋ᠢ ᠶᠢᠨ ᠦᠶ᠎ᠡ ᠳᠤ ᠰᠦᠩ᠂ ᠯᠢᠶᠤᠤ᠂ ᠶᠢᠨ ᠭᠤᠷᠪᠠᠨ ᠤᠯᠤᠰ ᠤᠨ ᠲᠡᠦᠭᠡ ᠶᠢᠨ | ᠶᠡᠷᠦᠩᠭᠡᠢ ᠬᠢᠨᠠᠭᠴᠢ ᠨᠤᠶᠠᠨ ᠪᠦᠭᠡᠳ ᠶᠤᠸᠠᠨ ᠤ ᠤᠷᠳᠤᠨ ᠤ ᠤᠯᠠᠩᠬᠢ ᠵᠠᠬᠢᠶ᠎ᠠ ᠲᠤᠩᠬᠠᠭ ᠢ ᠪᠦᠷ ᠡᠭᠦᠨ ᠤ ᠭᠠᠷ | ᠠᠴᠠ ᠭᠠᠷᠴᠤ᠂ ︽ᠬᠠᠰ ᠪᠠᠴᠢᠭ ᠤᠨ ᠴᠢᠭᠤᠯᠭᠠᠨ︾ ᠬᠡᠰᠡᠨ ᠨᠤᠮ ᠢ ᠪᠢᠴᠢᠵᠦ ᠲᠠᠷᠬᠠᠭᠠᠪᠠ᠃ ᠳ᠋ᠦᠩ ᠱᠢ ᠵᠧᠨ᠂ | ᡁᠢ ᠶᠤᠸᠠᠨ ᠤ 19 ᠤᠨ ︵1282 ᠤᠨ︶ ᠳᠤ ᠶᠤᠸᠠᠨ ᠤ ᠲᠦᠪ ᠮᠤᠵᠢ ᠶᠢᠨ ᠲᠠᠮᠨᠠᠨ ᠵᠦᠪᠯᠡᠭᠴᠢ ᠪᠤᠯᠵᠤ᠂ | ᠴᠧᠩ ᠽᠦᠩ ᠬᠠᠭᠠᠨ ᠤ ᠦᠶ᠎ᠡ ᠳᠤ᠂ ᠴᠡᠷᠢᠭ ᠤᠨ ᠶᠠᠮᠤᠨ ᠤ ᠶᠡᠷᠦᠩᠭᠡᠢ ᠡᠷᠭᠢᠯᠡᠭᠴᠢ ᠰᠠᠶᠢᠳ᠂ ᠵᠢᠶᠠᠩ ᠵᠧ ᠮᠤᠵᠢ | ᠶᠢᠨ ᠲᠦᠷᠦ ᠮᠡᠳᠡᠭᠴᠢ ᠪᠤᠯᠤᠨ᠎ᠠ᠃ ᠳ᠋ᠦᠩ ᠱᠸᠦ ᠵᠢᠶᠠᠨ᠂ ᠷᠧᠨ ᠽᠦᠩ ᠬᠠᠭᠠᠨ ᠤ ᠦᠶ᠎ᠡ ᠳᠤ ᠬᠡᠰᠢᠭᠳᠡᠨ ᠴᠡᠷᠢᠭ | ᠤᠨ ᠨᠤᠶᠠᠨ ᠪᠠᠶᠢᠵᠤ᠂ ᠰᠡᠭᠦᠯᠡᠷ ᠲᠠᠷᠠᠭ᠎ᠠ ᠲᠠᠷᠠᠭ᠎ᠠ ᠪᠠᠷ ᠲᠡᠭᠡᠭᠰᠢ ᠲᠡᠪᠰᠢᠵᠦ᠂ ᠬᠤᠸᠠᠢ ᠨᠠᠨ ᠯᠦ ᠶᠢᠨ ᠶᠡᠷᠦᠩᠭᠡᠢ | ᠮᠡᠳᠡᠭᠴᠢ ᠠᠴᠠ ᠱᠠᠳᠠᠷ ᠶᠠᠪᠤᠬᠤ ᠵᠦᠩ ᠴᠧᠩ ︵中丞︶᠂ ᡁᠢ ᠵᠧᠩ ᠤᠨ 4 ᠤᠨ ︵1344 ᠤᠨ︶ ᠳᠤ | ᠵᠦᠩ ᠱᠦ ᠵᠡᠭᠦᠨ ᠴᠧᠩᠰᠢᠶᠠᠩ ᠪᠤᠯᠵᠤ᠂ ᠰᠦᠩ᠂ ᠯᠢᠶᠤᠤ᠂ ᠶᠢᠨ ᠭᠤᠷᠪᠠᠨ ᠤᠯᠤᠰ ᠤᠨ ᠲᠡᠦᠭᠡ ᠶᠢᠨ ᠬᠢᠨᠠᠨ | ᠲᠤᠬᠢᠷᠠᠭᠤᠯᠤᠭᠴᠢ ᠨᠤᠶᠠᠨ ᠪᠤᠯᠵᠤ᠂ ᠲᠠᠪᠤᠨ ᠵᠢᠯ ᠤᠨ ᠰᠡᠭᠦᠯᠡᠷ ᠱᠠᠳᠠᠷ ᠲᠡᠦᠭᠡ ᠶᠢᠨ ᠲᠤᠮᠳᠠᠳᠤ ᠴᠧᠩᠰᠢᠶᠠᠩ ᠢᠶᠠᠷ | ᠲᠡᠪᠰᠢᠪᠡ᠃ ᠳ᠋ᠦᠩ ᠱᠸᠦ ᠰᠢᠤᠸᠠᠨ᠂ ᡁᠢ ᠵᠧᠩ ᠤᠨ 10 ᠤᠨ ︵1350 ᠤᠨ︶ ᠳᠤ ᠵᠦᠩ ᠱᠦ ᠮᠡᠷᠭᠡᠵᠢᠯ | ᠤᠨ ᠮᠡᠳᠡᠭᠴᠢ ᠪᠠ ᠯᠢᠩ ᠪᠸᠢ ᠮᠤᠵᠢ ᠶᠢᠨ ᠵᠦᠪᠯᠡᠭᠴᠢ᠂ 27 ᠤᠨ ︵1367 ᠤᠨ︶ ᠳᠤ ᠵᠦᠩ ᠱᠦ ᠲᠦᠷᠦ | ᠮᠡᠳᠡᠭᠴᠢ ᠶᠢᠨ ᠬᠡᠷᠡᠭ ᠵᠦᠪᠯᠡᠭᠴᠢ ᠪᠤᠯᠤᠨ ᠲᠡᠪᠰᠢᠪᠡ᠃ ᠵᠤᠤ ᠱᠢ ᠠᠨ᠂ ᠲᠢᠶᠠᠨ ᠯᠢ ᠶᠢᠨ ᠲᠡᠷᠢᠭᠦᠨ ᠤᠨ ︵ | 1328 ᠤᠨ︶ ᠳᠤ ᠸᠧᠨ ᠽᠦᠩ ᠲᠦᠳᠲ᠋ᠡᠮᠦᠷ ᠬᠠᠭᠠᠨ ᠢ ᠲᠦᠷᠦ ᠳᠤ ᠰᠠᠭᠤᠯᠭᠠᠵᠤ᠂ ᠵᠦᠩ ᠱᠦ ᠬᠡᠷᠡᠭ | ᠵᠦᠪᠯᠡᠭᠴᠢ ᠲᠦᠷᠦ ᠶᠢᠨ ᠰᠠᠶᠢᠳ ᠪᠤᠯᠵᠤ᠂ ᠲᠠᠷᠠᠭ᠎ᠠ ᠤᠨ ᠳᠤ ᠵᠦᠩ ᠱᠦ ᠵᠡᠭᠦᠨ ᠴᠧᠩᠰᠢᠶᠠᠩ ᠪᠤᠯᠤᠨ ᠲᠡᠪᠰᠢᠵᠠᠢ᠃ | ᡁᠢ ᠱᠦᠨ ᠤ ᠲᠡᠷᠢᠬᠦᠨ ᠤᠨ ︵1330 ᠤᠨ︶ ᠳᠤ ᠵᠤᠤ ᠱᠢ ᠵᠢᠶᠠᠨ ᠲᠠᠢ ᠬᠠᠮᠳᠤᠷᠠᠵᠤ᠂ ︽ᠶᠡᠭᠡ ᠤᠯᠠᠷᠢᠬᠤ | ᠰᠤᠳᠤᠷ ᠤᠨ ᠲᠤᠯᠢ︾ ᠶᠢ ᠪᠢᠴᠢᠨ ᠲᠠᠭᠠᠤᠰᠬᠠᠵᠤ᠂ ᠲᠡᠦᠭᠡ ᠶᠢᠨ ᠱᠠᠳᠠᠷ ᠤᠨ ᠲᠤᠮᠳᠠᠳᠤ ᠮᠡᠳᠡᠭᠴᠢ ᠪᠠᠷ ᠲᠡᠪᠰᠢᠵᠦ᠂ | ᠭᠤᠷᠪᠠᠨ ᠵᠢᠯ ᠤᠨ ᠰᠡᠭᠦᠯᠡᠷ ᠵᠦᠩ ᠱᠦ ᠵᠡᠭᠦᠨ ᠴᠧᠩᠰᠢᠶᠠᠩ ᠢᠶᠠᠷ ᠲᠡᠪᠰᠢᠪᠡ᠃ ᠲᠠᠭᠡᠷ᠎ᠡ ᠬᠢᠳᠠᠳ ᠲᠦᠰᠢᠮᠡᠯ | ᠰᠠᠶᠢᠳ ᠠᠴᠠ ᠭᠠᠳᠠᠨ᠎ᠠ ᠵᠤᠤ ᠪᠸᠢ᠂ ᠶᠤᠤ ᠱᠦ ᠵᠡᠷᠭᠡ ᠬᠢᠳᠠᠳ ᠤᠨ ᠡᠷᠳᠡᠮᠳᠡᠨ ᠨᠢ ᠪᠦᠷ ᠬᠦᠴᠦᠨ ᠢᠶᠠᠨ ᠭᠠᠷᠭᠠᠵᠤ | ᠬᠤᠪᠢᠯᠠᠢ ᠬᠠᠭᠠᠨ ᠳᠤ ᠦᠢᠯᠡᠴᠢᠯᠡᠵᠦ ᠬᠦᠨᠳᠦᠳᠭᠡᠭᠳᠡᠪᠡ᠃ | ᠶᠤᠸᠠᠨ ᠤᠯᠤᠰ ᠤᠨ ᠡᠯ᠎ᠡ ᠦᠶ᠎ᠡ ᠳᠤ ᠲᠡᠭᠡᠷᠡᠭᠢ ᠬᠢᠳᠠᠳ ᠤᠶᠤᠳᠠᠨ ᠰᠡᠭᠡᠭᠡᠳᠡᠨ ᠢ ᠪᠦᠷ ᠦᠪᠡᠷ ᠦᠪᠡᠷ ᠤᠨ | ᠤᠨᠴᠠᠯᠢᠭ ᠢᠶᠠᠷ ᠵᠤᠬᠢᠰᠳᠠᠢ ᠬᠡᠷᠡᠭᠯᠡᠵᠦ᠂ ᠵᠠᠷᠢᠮ ᠨᠢ ᠨᠢᠭᠡ ᠬᠦᠮᠦᠨ ᠤ ᠲᠤᠤᠷ᠎ᠠ ︵ᠬᠠᠭᠠᠨ ᠤ ᠲᠤᠤᠷ᠎ᠠ︶᠂ ᠲᠦᠮᠡᠨ | ᠬᠦᠮᠦᠨ ᠲᠡᠭᠡᠷ᠎ᠡ ᠨᠤᠶᠠᠨ ᠰᠠᠭᠤᠵᠤ᠂ ᠤᠯᠠᠨᠳᠠ ᠪᠠᠶᠢᠭᠠᠯᠢ ᠶᠢᠨ ᠡᠷᠳᠡᠮᠳᠡᠨ᠂ ᠨᠡᠶᠢᠭᠡᠮ ᠤᠨ ᠠᠯᠳᠠᠷᠳᠤ ᠠᠵᠢᠯᠯᠠᠭᠠᠳᠠᠨ | ᠂ ᠴᠡᠷᠢᠭ ᠵᠠᠩᠵᠤᠨ᠂ ᠱᠠᠰᠢᠨᠳᠠᠨ ᠤ ᠲᠦᠷᠦᠭᠦᠦ ᠪᠤᠯᠵᠤ᠂ ᠶᠤᠸᠠᠨ ᠤᠯᠤᠰ ᠤᠨ ᠦᠶ᠎ᠡ ᠳᠤ ᠢᠩᠬᠢᠵᠦ ᠬᠢᠳᠠᠳ | ᠦᠨᠳᠦᠰᠦᠳᠡᠨ ᠢ ᠬᠡᠷᠡᠭᠯᠡᠭᠰᠡᠨ ᠨᠢ ᠲᠤᠮᠳᠠᠳᠤ ᠤᠯᠤᠰ ᠤᠨ ᠲᠠᠪᠤᠨ ᠮᠢᠩᠭᠠᠨ ᠤᠨ ᠳᠤ ᠭᠠᠭᠴᠠ ᠨᠢᠭᠡ ᠪᠤᠯᠤᠨ᠎ᠠ᠃ | ᠲᠠᠷᠠᠭ᠎ᠠ ᠨᠢ ᠰᠢᠶᠠᠨᠪᠸᠢ ᠭᠠᠷᠤᠯ ᠲᠠᠢ ᠲᠠᠩ ᠤᠯᠤᠰ᠂ ᠲᠠᠷᠠᠭ᠎ᠠ ᠨᠢ ᠵᠦᠷᠴᠢᠨ ᠭᠠᠷᠤᠯ ᠲᠠᠢ ᠴᠢᠩ ᠤᠯᠤᠰ ᠪᠤᠯᠤᠨ᠎ᠠ | ᠃ | ᠵᠠᠷᠢᠮ ᠲᠡᠦᠭᠡᠴᠢᠨ ᠶᠤᠸᠠᠨ ᠤᠯᠤᠰ ᠤᠨ ᠨᠤᠶᠠᠷᠬᠠᠭᠴᠢ ᠪᠦᠯᠦᠭ ᠢ ᠰᠤᠶᠤᠯ ᠲᠤᠷᠤᠢ᠂ ᠡᠷᠬᠢᠬᠦᠦ ᠮᠤᠩᠬᠠᠭ ᠬᠡᠵᠦ | ᠮᠠᠭᠤᠰᠢᠶᠠᠨ ᠲᠡᠮᠳᠡᠭᠯᠡᠭᠰᠡᠨ ᠠᠨᠤ ᠦᠨᠳᠦᠰᠦᠳᠡᠨ ᠤ ᠬᠠᠵᠠᠭᠠᠢ ᠦᠵᠡᠯ ᠪᠤᠯᠤᠨ᠎ᠠ᠃ ᠶᠤᠸᠠᠨ ᠤᠯᠤᠰ ᠤᠨ ᠲᠡᠦᠭᠡ ︵ | ᠡᠮᠦᠨ᠎ᠡ ᠠᠽᠢᠶ᠎ᠠ᠂ ᠡᠸᠦ᠋ᠷᠦᠫᠠ᠂ ᠠᠮᠧᠷᠢᠺᠠ ᠵᠡᠷᠭᠡ ᠬᠡᠳᠦᠨ ᠲᠢᠪ ᠤᠨ ᠲᠡᠦᠭᠡᠴᠢᠨ ᠤ ᠲᠡᠮᠳᠡᠭᠯᠡᠭᠰᠡᠨ ᠮᠤᠩᠭᠤᠯ ᠤᠨ | ᠲᠡᠦᠭᠡ ᠪᠠᠭᠳᠠᠬᠤ︶ ᠢ ᠨᠠᠷᠢᠪᠴᠢᠯᠠᠨ ᠦᠵᠡᠪᠡᠰᠦ ᠪᠢᠳᠡ ᠦᠨᠡᠨ ᠮᠡᠳᠡᠵᠦ ᠪᠤᠯᠤᠨ᠎ᠠ᠃ ᠲᠡᠷᠢᠬᠦᠨ ᠤᠳᠠᠭ᠎ᠠ ᠲᠡᠯᠡᠭᠡᠢ | ᠲᠡᠭᠡᠷ᠎ᠡ ᠰᠤᠩᠭᠤᠯᠳᠠ ᠬᠢᠵᠦ᠂ ᠲᠦᠪ ᠠᠴᠠ ᠡᠯ᠎ᠡ ᠱᠠᠳᠤᠨ ᠤ ᠤᠳᠤᠷᠢᠳᠤᠭᠴᠢ ᠨᠤᠶᠠᠨ ᠢ ᠰᠤᠩᠭᠤᠵᠤ᠂ ᠬᠠᠤᠯᠢ | ᠴᠠᠭᠠᠵᠠ ᠪᠠᠷ ᠦᠪᠡᠷ ᠤᠨ ᠡᠷᠭᠡ ᠪᠠᠨ ᠬᠠᠭᠠᠨᠳᠤ ᠲᠦᠷᠦ ᠲᠡᠭᠡᠷ᠎ᠡ ᠶᠠᠪᠤᠭᠳᠠᠭᠤᠯᠤᠭᠰᠠᠨ ᠤᠯᠤᠰ ᠪᠤᠯ ᠮᠤᠩᠭᠤᠯ | ᠶᠤᠸᠠᠨ ᠤ ᠬᠠᠭᠠᠨᠳᠤ ᠤᠯᠤᠰ ᠪᠤᠯᠤᠨ᠎ᠠ᠃ ᠲᠡᠷᠢᠬᠦᠨ ᠤᠳᠠᠭ᠎ᠠ ᠲᠡᠯᠡᠭᠡᠢ ᠲᠡᠭᠡᠷ᠎ᠡ ᠴᠠᠬᠢᠯᠭᠠᠨ ᠮᠡᠳᠦ ᠲᠦᠷᠪᠡᠨ | ᠪᠠᠶᠢᠯᠳᠤᠬᠤ ᠲᠠᠶᠢᠨ ᠪᠠ ᠪᠦᠰᠡᠯᠡᠯᠳᠡ ᠲᠠᠶᠢᠨ ᠢ ᠮᠤᠩᠭᠤᠯ ᠶᠤᠸᠠᠨ ᠤᠯᠤᠰ ᠤᠨ ᠦᠶ᠎ᠡ ᠳᠤ ᠬᠡᠷᠡᠭᠵᠢᠭᠦᠯᠪᠡ᠃ | ᠲᠡᠷᠢᠬᠦᠨ ᠤᠳᠠᠭ᠎ᠠ ᠲᠡᠯᠡᠭᠡᠢ ᠲᠡᠭᠡᠷ᠎ᠡ ᠴᠢᠯᠦᠭᠡᠳᠦ ᠠᠷᠠᠯᠵᠢᠶ᠎ᠠ ᠨᠡᠪᠳᠡᠷᠭᠡᠢ ᠵᠠᠮ᠂ ᠠᠷᠠᠯᠵᠢᠶ᠎ᠠ ᠮᠠᠶᠢᠮᠠᠢ ᠰᠤᠯᠢᠯᠴᠠᠬᠤ᠂ | ᠲᠤᠷᠤᠨ᠎ᠠ ᠦᠷᠦᠨ᠎ᠡ ᠡᠯ᠎ᠡ ᠤᠯᠤᠰ ᠲᠠᠢ ᠰᠠᠨᠠᠭ᠎ᠠ ᠰᠡᠳᠭᠢᠯ ᠲᠧᠭᠨᠢᠭ ᠮᠡᠷᠭᠡᠵᠢᠯ ᠪᠠ ᠠᠮᠢᠳᠤᠷᠠᠯ ᠤᠨ ᠲᠠᠯ᠎ᠠ ᠶᠢᠨ | ᠬᠠᠷᠢᠴᠠᠭ᠎ᠠ ᠠᠨᠤ ᠮᠤᠩᠭᠤᠯ ᠶᠤᠸᠠᠨ ᠤ ᠦᠶ᠎ᠡ ᠳᠤ ᠬᠡᠷᠡᠭᠵᠢᠭᠦᠯᠵᠠᠢ᠃ ᠲᠡᠷᠢᠭᠦᠨ ᠤᠳᠠᠭ᠎ᠠ ᠲᠡᠯᠡᠭᠡᠢ ᠲᠡᠭᠡᠷ᠎ᠡ ᠲᠠᠶᠢᠨ | ᠪᠠᠶᠢᠯᠳᠤᠭᠠᠨ ᠳᠤ ᠬᠤᠯᠬᠤᠪᠴᠢ ᠫᠤᠤ᠂ ᠭᠠᠯ ᠰᠦᠷᠴᠢᠬᠦ ᠵᠡᠪᠰᠡᠭ ᠢ ᠲᠠᠶᠢᠨ ᠳᠤ ᠬᠡᠷᠡᠭᠯᠡᠭᠰᠡᠨ ᠠᠨᠤ ᠮᠤᠩᠭᠤᠯ ᠶᠤᠸᠠᠨ | ᠤᠯᠤᠰ ᠤᠨ ᠦᠶ᠎ᠡ ᠪᠤᠯᠤᠨ᠎ᠠ᠃ ᠲᠡᠷᠢᠬᠦᠨ ᠤᠳᠠᠭ᠎ᠠ ᠲᠡᠯᠡᠭᠡᠢ ᠲᠡᠭᠡᠷ᠎ᠡ ᠲᠡᠯᠡᠭᠡᠢ ᠨᠡᠶᠢᠳᠡ ᠶᠢᠨ ᠤᠯᠠᠨ ᠤᠯᠤᠰ ᠲᠤ | ᠴᠠᠭᠠᠰᠤᠨ ᠵᠤᠭᠤᠰ ᠲᠠᠷᠤᠮᠯᠠᠵᠤ ᠬᠡᠷᠡᠭᠯᠡᠭᠰᠡᠨ ᠠᠨᠤ ᠮᠤᠩᠭᠤᠯ ᠶᠤᠸᠠᠨ ᠤᠯᠤᠰ ᠪᠤᠯᠤᠨ᠎ᠠ᠃ ᠲᠡᠷᠢᠬᠦᠨ ᠤᠳᠠᠭ᠎ᠠ | ᠤᠯᠠᠨ ᠤᠯᠤᠰ ᠤᠨ ᠬᠤᠭᠤᠷᠤᠨᠳᠤ ᠰᠢᠤᠳᠠᠨ ᠮᠡᠳᠡᠭᠳᠡᠯ ᠤᠨ ᠰᠢᠰᠲ᠋ᠧᠮ ᠢ ᠬᠡᠷᠡᠭᠵᠢᠭᠦᠯᠦᠭᠰᠡᠨ ᠨᠢ ᠮᠤᠩᠭᠤᠯ ᠶᠤᠸᠠᠨ | ᠤᠯᠤᠰ ᠪᠤᠯᠤᠨ᠎ᠠ᠃ ᠲᠡᠷᠢᠭᠦᠨ ᠤᠳᠠᠭ᠎ᠠ ᠵᠠᠰᠠᠭ ᠵᠠᠬᠢᠷᠭ᠎ᠠ ᠳᠤ ᠤᠷᠤᠯᠴᠠᠵᠤ᠂ ᠮᠤᠵᠢ ᠶᠢᠨ ᠵᠠᠬᠢᠷᠭ᠎ᠠ ᠶᠢ | ᠲᠤᠭᠳᠠᠭᠠᠵᠤ᠂ ᠡᠳᠦᠭᠡ ᠪᠤᠯᠳᠠᠯ᠎ᠠ ᠬᠡᠷᠡᠭᠯᠡᠵᠦ ᠪᠠᠶᠢᠭ᠎ᠠ ᠨᠢ ᠮᠤᠩᠭᠤᠯ ᠶᠤᠸᠠᠨ ᠠᠴᠠ ᠡᠬᠢᠯᠡᠨ ᠬᠡᠷᠡᠭᠵᠢᠭᠦᠯᠪᠡ᠃ | ᠲᠡᠷᠢᠬᠦᠨ ᠤᠳᠠᠭ᠎ᠠ ᠬᠠᠳᠠᠭᠤ ᠡᠷᠬᠢᠬᠦᠦ ᠠᠯᠪᠠᠳᠠᠨ ᠢ ᠰᠢᠬᠠᠵᠤ ᠨᠢᠭᠤᠴᠠ ᠮᠡᠳᠡᠭᠡ ᠤᠯᠬᠤ ᠶᠢ ᠬᠦᠴᠦᠨ ᠦᠭᠡᠢ | ᠪᠤᠯᠭᠠᠭᠰᠠᠨ ᠨᠢ ᠮᠤᠩᠭᠤᠯ ᠶᠤᠸᠠᠨ ᠤᠯᠤᠰ ᠪᠤᠯᠤᠨ᠎ᠠ᠃ ᠡᠭᠦᠨ ᠠᠴᠠ ᠭᠠᠳᠠᠨ᠎ᠠ ᠶᠤᠸᠠᠨ ᠤᠯᠤᠰ ᠤᠨ ᠦᠶ᠎ᠡ ᠳᠤ | ᠬᠡᠪᠯᠡᠨ ᠨᠠᠶᠢᠷᠠᠭᠤᠯᠤᠭᠰᠠᠨ ︽ᠶᠡᠭᠡ ᠶᠤᠸᠠᠨ ᠤᠯᠤᠰ ᠤᠨ ᠨᠢᠭᠡᠳᠦᠮᠡᠯ ᠲᠡᠮᠳᠡᠭᠯᠡᠯ︾ ᠳᠤ ᠲᠡᠮᠳᠡᠭᠯᠡᠭᠰᠡᠨ ᠤᠯᠠᠨ | ᠤᠯᠤᠰ ᠤᠨ ᠭᠠᠵᠠᠷ ᠤᠨ ᠨᠡᠷᠡᠰ ᠢ ᠮᠢᠩ ᠤᠯᠤᠰ ᠤᠨ ︽ᠶᠦᠩ ᠯᠧ ᠶᠡᠭᠡ ᠲᠤᠯᠢ︾᠂ ᠴᠢᠩ ᠬᠦᠷᠦᠨ ᠤ ︽ᠵᠢᠶᠠ | ᠴᠢᠩ ᠨᠢᠭᠡᠳᠦᠮᠡᠯ ᠲᠡᠮᠳᠡᠭᠯᠡᠯ︾᠂ ᠢᠷᠭᠡᠨ ᠤᠯᠤᠰ ᠤᠨ ᠦᠶ᠎ᠡ ᠶᠢᠨ ︽ᠲᠤᠮᠳᠠᠳᠤ ᠤᠯᠤᠰ ᠤᠨ ᠡᠷᠳᠡᠨ ᠡᠳᠦᠭᠡ | ᠶᠢᠨ ᠭᠠᠵᠠᠷ ᠵᠦᠢ ᠶᠢᠨ ᠶᠡᠭᠡ ᠲᠤᠯᠢ︾ ᠳᠤ ᠪᠦᠷ ᠤᠭ ᠶᠠᠩᠵᠤ ᠪᠠᠷ ᠬᠠᠭᠤᠯᠤᠨ ᠤᠷᠤᠭᠤᠯᠤᠭᠰᠠᠨ ᠨᠢ ᠶᠠᠭᠠᠬᠢᠨ | ᠲᠠᠶᠢᠯᠪᠤᠷᠢᠯᠠᠬᠤ ᠪᠤᠢ︖ | ᠲᠡᠭᠡᠷ᠎ᠡ ᠡᠯ᠎ᠡ ᠵᠦᠢᠯ ᠤᠨ ᠵᠢᠱᠢᠶ᠎ᠡ ᠪᠠᠷ ᠪᠢᠳᠡ ᠮᠡᠳᠡᠬᠦ ᠨᠢ᠂ ᠮᠤᠩᠭᠤᠯ ᠶᠤᠸᠠᠨ ᠤᠯᠤᠰ ᠤᠨ ᠨᠤᠶᠠᠷᠬᠠᠭᠴᠢ ᠪᠦᠯᠦᠭ | ᠰᠤᠶᠤᠯ ᠲᠤᠷᠤᠢ᠂ ᠡᠷᠬᠢᠬᠦᠦ ᠮᠤᠩᠬᠠᠭ ᠬᠡᠰᠡᠨ ᠦᠵᠡᠯ ᠵᠤᠭᠰᠤᠵᠤ ᠴᠢᠳᠠᠬᠤ ᠦᠭᠡᠢ ᠤᠨᠤᠯ ᠪᠤᠯᠬᠤ ᠪᠦᠭᠡᠳ ᠬᠠᠷᠢᠨ | ᠲᠤᠶᠢᠯ ᠤᠨ ᠰᠡᠴᠡᠨ ᠰᠡᠷᠭᠦᠯᠡᠩ ᠦᠨᠳᠦᠷ ᠵᠡᠷᠭᠡ ᠶᠢᠨ ᠤᠳᠬ᠎ᠠ ᠰᠤᠶᠤᠯ ᠲᠠᠢ ᠨᠤᠶᠠᠷᠬᠠᠭᠴᠢ ᠪᠦᠯᠦᠭ ᠪᠤᠯᠬᠤ ᠶᠢ | ᠬᠡᠷᠡᠴᠢᠯᠡᠵᠦ ᠪᠤᠯᠤᠮᠤᠢ᠃ | | | | | | |