ᠬᠠᠷᠠᠴᠢᠨ ᠨᠢᠩᠴᠧᠩ ᠤᠨ ᠬᠡᠳᠦᠨ ᠭᠠᠵᠠᠷ ᠤᠨ ᠨᠡᠷ᠎ᠡ ᠶᠢᠨ ᠲᠤᠬᠠᠢ
ᠨᠡᠶᠢᠲᠡᠯᠡᠭᠰᠡᠨ ᠴᠠᠭ᠄
2021/1/19
⒈ ᠪᠠ ᠯᠢ ᠬᠠᠨ ︵八里罕︶ ᠡᠳᠦᠭᠡ ᠶᠢᠨ ᠨᠤᠮ ᠪᠤᠶᠤ ᠡᠷᠳᠡᠮᠳᠡᠨ ᠤ ᠬᠡᠯᠡᠯᠭᠡᠨ ᠳᠤ ᠡᠨᠡᠬᠦ ᠭᠠᠵᠠᠷ ᠤᠨ ᠨᠡᠷ᠎ᠡ ᠶᠢ ᠪᠤᠷᠬᠠᠨ ᠤᠬᠠᠵᠤ ᠭᠠᠷᠭᠠᠭᠰᠠᠨ ᠤᠴᠢᠷ ᠠᠴᠠ ︽ᠪᠤᠷᠬᠠᠨᠳᠤ︾ ᠬᠡᠵᠦ ᠨᠡᠷᠡᠯᠡᠪᠡ ᠬᠡᠪᠡ᠃ ᠪᠠᠰᠠ ᠵᠠᠷᠢᠮ ᠮᠡᠷᠭᠡᠳ ︽ᠪᠠᠷᠠᠬᠠᠨ︾ ᠬᠡᠵᠦ ᠬᠡᠯᠡᠨ᠎ᠡ᠃ ᠪᠢᠳᠡ ᠤᠳᠬ᠎ᠠ ᠶᠢ ᠨᠢ ᠤᠶᠢᠯᠠᠭᠠᠬᠤ ᠦᠭᠡᠢ᠃ ᠬᠡᠳᠡᠯ᠎ᠡ ᠴᠢᠩ ᠬᠦᠷᠦᠨ ᠤ ᠭᠠᠵᠠᠷ ᠤᠨ ᠵᠢᠷᠤᠭ ᠲᠡᠭᠡᠷ᠎ᠡ ︽ᠪᠠᠷᠰ ᠲᠠᠪᠠᠭ᠎ᠠ︾ ᠬᠡᠵᠦ ᠲᠡᠮᠳᠡᠭᠯᠡᠵᠦ ᠪᠠᠶᠢᠨ᠎ᠠ᠃ ᠡᠷᠳᠡᠨ ᠡᠳᠦᠭᠡ ᠠᠯᠢ ᠨᠢ ᠵᠦᠪ ᠠᠯᠢ ᠨᠢ ᠪᠤᠷᠤᠭᠤ ᠶᠢ ᠲᠤᠳᠤᠯᠬᠤ ᠨᠢ ᠴᠢᠬᠤᠯᠠ ᠦᠭᠡᠢ᠃ ᠯᠠᠪᠯᠠᠬᠤ ᠮᠠᠲ᠋ᠧᠷᠢᠶᠠᠯ ᠲᠠᠨ ᠴᠢ ᠰᠢᠶᠠᠩ ᠤᠨ ᠨᠠᠶᠢᠷᠠᠭᠤᠯᠤᠭᠰᠠᠨ ︽ᠲᠤᠮᠳᠠᠳᠤ ᠤᠯᠤᠰ ᠤᠨ ᠲᠡᠦᠭᠡ ᠶᠢᠨ ᠭᠠᠵᠠᠷ ᠤᠨ ᠲᠡᠭᠦᠪᠦᠷᠢ︾᠂ ᠴᠢᠩ ᠬᠦᠷᠦᠨ ᠤ ᡁᠢ ᠯᠢ ᠭᠠᠵᠠᠷ ᠤᠨ ᠵᠢᠷᠤᠭ ︵ᠲᠤᠮᠳᠠᠳᠤ ᠤᠯᠤᠰ ᠤᠨ ᠭᠠᠵᠠᠷ ᠤᠨ ᠵᠢᠷᠤᠭ ᠤᠨ ᠬᠡᠪᠯᠡᠯ ᠤᠨ ᠬᠤᠷᠢᠶ᠎ᠠ᠂ 1987 ᠤᠨ ᠤ 4 ᠰᠠᠷ᠎ᠠ ᠶᠢᠨ ᠬᠡᠪᠯᠡᠯ︶ ⒉ ᠮᠤᠤ ᠵᠢᠩ ᠪᠠ ︵茅荆垻︶ ᠡᠳᠦᠭᠡ ᠶᠢᠨ ᠨᠤᠮ ᠪᠤᠶᠤ ᠡᠷᠳᠡᠮᠳᠡᠨ ᠨᠠᠷ ᠪᠦᠷ ︽ᠮᠤᠵᠢ ᠶᠢᠨ ᠲᠠᠪᠠᠭ᠎ᠠ︾ ᠪᠤᠶᠤ ︽ᠮᠤᠵᠠᠩ ᠤᠨ ᠲᠠᠪᠠᠭ᠎ᠠ︾ ᠬᠡᠵᠦ ᠪᠢᠴᠢᠵᠦ ᠪᠠᠶᠢᠨ᠎ᠠ᠃ ᠮᠠᠨ ᠤ ᠤᠶᠢᠯᠠᠭᠠᠬᠤ ᠪᠠᠷ ᠡᠨᠡᠬᠦ ᠲᠠᠪᠠᠭ᠎ᠠ ᠶᠢᠨ ᠨᠡᠷ᠎ᠡ ᠮᠤᠩᠭᠤᠯ ᠨᠡᠷ᠎ᠡ ᠪᠤᠰᠤ᠂ ᠬᠢᠳᠠᠨ ᠦᠭᠡ ᠪᠤᠯᠤᠨ᠎ᠠ᠃ ᠮᠤᠩᠭᠤᠯ ᠢᠶᠠᠷ ᠤᠷᠴᠢᠭᠤᠯᠪᠠᠯ ︽ᠮᠤᠷᠤᠢ ᠲᠠᠪᠠᠭ᠎ᠠ︾ ᠬᠡᠰᠡᠨ ᠦᠭᠡ᠃ ᠡᠶᠢᠮᠦ ᠤᠴᠢᠷ ᠠᠴᠠ ᠯᠤᠪᠰᠠᠩᠴᠤᠶᠢᠳᠠᠨ ᠤ ︽ᠮᠤᠷᠤᠢ ᠠᠪᠠᠨ ᠲᠠᠪᠠᠭ᠎ᠠ︾ ᠬᠡᠵᠦ ᠲᠡᠮᠳᠡᠭᠯᠡᠪᠡ᠃ ᠡᠷᠳᠡᠨ ᠡᠳᠦᠭᠡ ᠶᠢᠨ ᠬᠡᠯᠡᠯᠭᠡ ᠠᠯᠢ ᠨᠢ ᠵᠦᠪ ᠠᠯᠢ ᠨᠢ ᠪᠤᠷᠤᠭᠤ ᠶᠢ ᠨᠢ ᠲᠤᠳᠤᠯᠬᠤ ᠴᠢᠬᠤᠯᠠ ᠦᠭᠡᠢ᠃ ᠯᠠᠪᠯᠠᠬᠤ ᠮᠠᠲ᠋ᠧᠷᠢᠶᠠᠯ 清᠂顾祖禹撰 ︽读史方舆纪要︾北直九 840᠂ 853页 ︵中华书局᠂ 2005年3月版︶ ᠯᠤᠪᠰᠠᠩᠴᠤᠶᠢᠳᠠᠨ ᠤ ︽ᠮᠤᠩᠭᠤᠯ ᠤᠨ ᠵᠠᠩ ᠠᠭᠠᠯᠢ ᠶᠢᠨ ᠦᠢᠯᠡᠪᠦᠷᠢ︾᠂ 293 ᠨᠢᠭᠤᠷ ︵1971 ᠤᠨ ᠤ 9 ᠰᠠᠷ᠎ᠠ ᠶᠢᠨ ᠦᠪᠦᠷ ᠮᠤᠩᠭᠤᠯ ᠤᠨ ᠠᠷᠠᠳ ᠤᠨ ᠬᠡᠪᠯᠡᠯ ᠤᠨ ᠬᠤᠷᠢᠶᠠᠨ ᠤ ᠬᠡᠪᠯᠡᠯ︶ ⒊ ᠪᠤᠷᠤ ᠲᠤᠬᠤᠢ ︵紫蒙川︶ ᠲᠡᠭᠡᠷ᠎ᠡ ᠵᠠᠭᠤᠨ ᠤ 80 ᠤᠨ ᠤ ᠦᠶ᠎ᠡ ᠳᠤ ᠤᠯᠠᠭᠠᠨᠬᠠᠳᠠ ᠬᠤᠳᠠ ᠶᠢᠨ ᠠᠷᠠᠳ ᠤᠨ ᠶᠠᠪᠤᠳᠠᠯ ᠤᠨ ᠲᠤᠪᠴᠢᠶ᠎ᠠ ᠬᠡᠪᠯᠡᠭᠰᠡᠨ ︽ᠤᠯᠠᠭᠠᠨᠬᠠᠳᠠ ᠵᠠᠰᠠᠭ ᠵᠠᠬᠢᠷᠠᠭ᠎ᠠ ᠶᠢᠨ ᠬᠤᠪᠢᠷᠠᠯᠳᠠ︾ ᠳᠤ ᠡᠨᠡ ᠤᠷᠤᠨ ᠢ ᠤᠯᠠᠭᠠᠨᠬᠠᠳᠠ ᠬᠤᠳᠠ  ᠶᠢᠨ ᠤᠷᠴᠢᠮ ᠤᠨ ᠯᠤᠤᠬ᠎ᠠ ᠶᠢᠨ ᠭᠤᠤᠯ ᠤᠨ ᠲᠤᠬᠤᠢ ᠪᠤᠯᠤᠨ᠎ᠠ ᠬᠡᠵᠦ ᠦᠨᠡᠮᠯᠡᠪᠡ᠃ ᠬᠡᠳᠡᠯ᠎ᠡ ᠴᠢᠩ ᠬᠦᠷᠦᠨ ᠤ ᠭᠦ᠋ ᠽᠦ᠋ ᠢᠦᠢ ᠶᠢᠨ ᠵᠤᠬᠢᠶᠠᠯ ︽读史方舆纪要︾ ᠳᠤ ᠴᠤᠤᠶᠠᠩ ᠰᠢᠶᠠᠨ ︵朝阳县︶ ᠤ ᠪᠠᠷᠠᠭᠤᠨ ᠬᠤᠶᠢᠳᠤ ᠳᠤ ᠪᠠᠶᠢᠷᠢᠰᠢᠨ᠎ᠡ ᠬᠡᠵᠦ ᠦᠨᠡᠮᠯᠡᠪᠡ᠃ ᠪᠢᠳᠡ ᠲᠠᠩ ᠤᠯᠤᠰ ᠤᠨ ᠭᠠᠵᠠᠷ ᠤᠨ ᠵᠢᠷᠤᠭ ᠢ ᠦᠵᠡᠪᠡᠰᠦ ᠡᠨᠡ ᠪᠤᠷᠤ ᠲᠤᠬᠤᠢ ᠦᠨᠡᠭᠡᠷ ᠴᠤᠤ ᠶᠠᠩ ᠰᠢᠶᠠᠨ ᠤ ᠪᠠᠷᠠᠭᠤᠨ ᠬᠤᠶᠢᠳᠤ ᠭᠠᠵᠠᠷ ᠲᠤ ᠪᠠᠶᠢᠷᠢᠰᠢᠨ᠎ᠠ᠃ ᠡᠷᠳᠡᠨ ᠡᠳᠦᠭᠡ ᠶᠢᠨ ᠲᠡᠮᠳᠡᠭᠯᠡᠯ ᠨᠢ ᠠᠯᠢ ᠨᠢ ᠵᠦᠪ ᠠᠯᠢ ᠨᠢ ᠪᠤᠷᠤᠭᠤ ᠶᠢ ᠲᠤᠳᠤᠯᠬᠤ ᠴᠢᠬᠤᠯᠠ ᠦᠭᠡᠢ᠃ ᠯᠠᠪᠯᠠᠬᠤ ᠮᠠᠲ᠋ᠧᠷᠢᠶᠠᠯ 清᠂顾祖禹 ︽读史方舆纪要︾北直九 845页 ︵中华书局᠂ 2005年3月版︶ ︽ᠦᠭᠡᠰ ᠤᠨ ᠲᠠᠯᠠᠢ︾ 1758 ᠨᠢᠭᠤᠷ ︵ᠱᠠᠩᠬᠠᠢ ᠶᠢᠨ ᠦᠭᠡᠰ ᠤᠨ ᠨᠤᠮ ᠤᠨ 1980 ᠤᠨ ᠤ 8 ᠰᠠᠷ᠎ᠠ  ᠶᠢᠨ ᠬᠡᠪᠯᠡᠯ︶ ⒋ ᠮᠠ ᠢᠦᠢ ᠱᠠᠨ ︵马盂山︶ ᠡᠳᠦᠭᠡ ᠶᠢᠨ ᠵᠠᠷᠢᠮ ᠡᠷᠳᠡᠮᠳᠡᠨ ᠬᠠᠷᠠᠴᠢᠨ ᠤ ᠡᠮᠡᠭᠡᠯᠡᠨ ᠠᠭᠤᠯᠠ ︵马鞍山︶ ᠶᠢ ᠮᠠ ᠢᠦᠢ ᠱᠠᠨ ᠬᠡᠵᠦ ᠬᠡᠯᠡᠵᠦ ᠪᠤᠯᠤᠨ᠎ᠠ᠃ ᠤᠯᠠᠭᠠᠨᠬᠠᠳᠠ ᠬᠤᠳᠠ ᠶᠢᠨ ᠵᠢᠷᠤᠭᠳᠤ ᠷᠠᠳᠢᠤ᠋ ︵ᠲᠧᠯᠸᠢᠰ︶ ᠲᠤ ᠪᠠᠰᠠ ᠬᠡᠳᠦᠨ ᠤᠳᠠᠭ᠎ᠠ ᠢᠩᠬᠢᠵᠦ ᠨᠡᠪᠳᠡᠷᠡᠭᠦᠯᠪᠡ᠃ ᠬᠡᠳᠡᠯ᠎ᠡ ᠬᠦ᠋ ᠽᠦ ᠢᠦᠢ ᠶᠢᠨ ᠭᠠᠵᠠᠷ ᠤᠨ ᠵᠦᠢ ᠪᠠ ᠡᠷᠳᠡᠨ ᠡᠳᠦᠭᠡ ᠶᠢᠨ ᠭᠠᠵᠠᠷ ᠤᠨ ᠨᠡᠷᠡᠰ ᠤᠨ ᠲᠤᠯᠢ ᠳᠤ ᠪᠦᠷ ᠡᠳᠦᠭᠡ ᠶᠢᠨ ᠨᠢᠩᠴᠧᠩ ᠰᠢᠶᠠᠨ ᠤ ᠾᠧ ᠯᠢ ᠾᠧ ᠭᠤᠤᠯ ︵ᠯᠤᠤᠬ᠎ᠠ ᠭᠤᠤᠯ ᠤᠨ ᠡᠬᠢ︶ ᠶᠡᠭᠡ ᠨᠢᠴᠦᠭᠦᠨ ᠠᠭᠤᠯᠠ ᠠᠴᠠ ᠵᠡᠭᠦᠨᠰᠢ ᠦᠷᠭᠦᠯᠵᠢᠯᠡᠭᠰᠡᠨ ᠠᠭᠤᠯᠠᠰ ᠤᠨ ᠨᠢᠭᠡᠨ ︿ᠮᠠ ᠢᠦᠢ﹀ ᠠᠳᠠᠯᠢ ᠤᠷᠬᠢᠯ ᠢ ᠵᠢᠭᠠᠵᠤ ᠪᠠᠶᠢᠨ᠎ᠠ᠃ ᠡᠷᠳᠡᠨ ᠡᠳᠦᠭᠡ ᠶᠢᠨ ᠠᠳᠠᠯᠢ ᠪᠤᠰᠤ ᠲᠡᠮᠳᠡᠭᠯᠡᠬᠦ ᠨᠢ ᠠᠯᠢ ᠨᠢ ᠵᠦᠪ ᠠᠯᠢ ᠨᠢ ᠪᠤᠷᠤᠭᠤ ᠶᠢ ᠲᠤᠳᠤᠯᠬᠤ ᠴᠢᠬᠤᠯᠠ ᠦᠭᠡᠢ᠃ ᠯᠠᠪᠯᠠᠬᠤ ᠮᠠᠲ᠋ᠧᠷᠢᠶᠠᠯ 清᠂顾祖禹 ︽读史方舆纪要︾北直九 840页 ︵中华书局᠂ 2005年3月版︶ ᠱᠠᠩ ᠯᠢ ᠾᠧ ︽ᠲᠤᠮᠳᠠᠳᠤ ᠤᠯᠤᠰ ᠤᠨ ᠡᠷᠳᠡᠨ ᠡᠳᠦᠭᠡ ᠶᠢᠨ ᠭᠠᠵᠠᠷ ᠤᠨ ᠨᠡᠷᠡᠰ ᠤᠨ ᠲᠤᠯᠢ︾ 762 ᠨᠢᠭᠤᠷ ︵ᠱᠠᠩ ᠦ᠋ ᠬᠡᠪᠯᠡᠯ ᠤᠨ ᠬᠡᠷ᠂ ᠰᠢᠶᠠᠩᠭᠠᠩ ᠤᠨ ᠬᠤᠪᠢᠶᠠᠷᠢ ᠬᠤᠷᠢᠶ᠎ᠠ᠂ 1931 ᠤᠨ ᠤ 10 ᠰᠠᠷ᠎ᠠ ᠶᠢᠨ ᠬᠡᠪᠯᠡᠯ ⒌ ᠡᠷᠢᠶᠠᠨ ︵二龙︶ ᠡᠨᠡ ᠤᠷᠤᠨ ᠪᠤᠯ ᠨᠢᠩᠴᠧᠩ ᠰᠢᠶᠠᠨ ᠤ ᠨᠢᠭᠡ ᠵᠢᠵᠢᠭ ᠭᠠᠯ ᠲᠡᠷᠭᠡ ᠶᠢᠨ ᠦᠷᠳᠡᠭᠡ ᠪᠤᠯᠤᠨ᠎ᠠ᠃ ︽ᠡᠷᠢᠶᠠᠨ︾ ᠬᠡᠰᠡᠨ ᠦᠭᠡ ᠵᠠᠩ ᠮᠦ ᠶᠢᠨ ︽ᠮᠤᠩᠭᠤᠯ ᠤᠨ ᠨᠡᠭᠦᠳᠡᠯ ᠮᠠᠯᠵᠢᠯ ᠤᠨ ᠲᠡᠮᠳᠡᠭᠯᠡᠯ︾ ᠳᠤ ︽ᠬᠤᠯᠠ ᠠᠴᠠ ᠠᠵᠢᠭᠯᠠᠪᠠᠰᠤ ᠵᠡᠷᠯᠢᠭ ᠮᠤᠳᠤ ᠬᠦᠭᠡ ᠴᠠᠭᠠᠨ ᠦᠩᠭᠡᠯᠡᠵᠦ᠂ ᠡᠶᠢᠮᠦ ᠠᠴᠠ ᠠᠯᠠᠭ ︵ᠴᠤᠬᠤᠷ︶ ᠮᠤᠷᠢ ᠮᠡᠳᠦ ︵驳马︶︾ ᠬᠡᠵᠦ ᠲᠡᠮᠳᠡᠭᠯᠡᠵᠠᠢ᠃ ᠰᠦᠩ ᠤᠯᠤᠰ ᠤᠨ ᠵᠦ ᠰᠢ ︽ᠪᠤᠷᠤ ᠬᠠᠶᠢᠯᠠᠰᠤ ᠶᠢᠨ ᠬᠠᠯᠢᠰᠤ ᠬᠦᠭᠡ ᠴᠠᠭᠠᠨ ᠦᠩᠭᠡᠯᠡᠵᠦ᠂ ᠠᠯᠠᠭ ᠮᠤᠷᠢ ᠮᠡᠳᠦ ︵驳马︶︾ ᠬᠡᠵᠦ ᠲᠡᠮᠳᠡᠭᠯᠡᠪᠡ᠃ ᠬᠢᠳᠠᠳ ᠢᠶᠠᠷ ᠪᠠᠰᠠ ︿贺兰﹀᠂ ︿二连﹀᠂ ︿阿拉善﹀ ᠬᠡᠵᠦ ᠬᠡᠳᠦᠨ ᠶᠠᠩᠵᠤ ᠪᠠᠷ ᠪᠢᠴᠢᠵᠦ ᠪᠠᠶᠢᠨ᠎ᠠ᠃ ᠤᠶᠢᠷ᠎ᠠ ᠶᠢᠨ ᠦᠶ᠎ᠡ ᠶᠢᠨ ︿ᠡᠷᠳᠡᠮᠳᠡᠨ﹀ ᠨᠠᠷ ᠤᠭ ᠤᠳᠬ᠎ᠠ ᠶᠢ ᠨᠢ ᠮᠡᠳᠡᠬᠦ ᠦᠭᠡᠢ ︿ᠬᠦᠯᠦᠭ ᠮᠤᠷᠢ ︵骏马︶﹀ ᠬᠡᠵᠦ ᠪᠤᠷᠤᠭᠤ ᠲᠡᠮᠳᠡᠭᠯᠡᠵᠦ᠂ ᠮᠡᠳᠡᠬᠦ ᠦᠭᠡᠢ ᠬᠦᠮᠦᠰ ᠢ ᠪᠤᠷᠤᠭᠤ ᠵᠦᠭ ᠲᠤ ᠵᠢᠭᠠᠪᠤᠷᠢᠯᠠᠵᠤ ᠪᠠᠶᠢᠨ᠎ᠠ᠃ ᠯᠠᠪᠯᠠᠬᠤ ᠮᠠᠲ᠋ᠧᠷᠢᠶᠠᠯ ᠵᠠᠩ ᠮᠦ ᠶᠢᠨ ︽ᠮᠤᠩᠭᠤᠯ ᠤᠨ ᠨᠡᠭᠦᠳᠡᠯ ᠮᠠᠯᠵᠢᠯ ᠤᠨ ᠲᠡᠮᠳᠡᠭᠯᠡᠯ︾ ᠤᠨ ᠠᠯᠠᠱᠠ ᠠᠶᠢᠮᠠᠭ 清᠂顾祖禹 ︽读史方舆纪要︾ 2471 — 2472页 ︵中华书局᠂ 2005年3月版︶ ᠱᠠᠩ ᠯᠢ ᠾᠧ ︽ᠲᠤᠮᠳᠠᠳᠤ ᠤᠯᠤᠰ ᠤᠨ ᠡᠷᠳᠡᠨ ᠡᠳᠦᠭᠡ ᠶᠢᠨ ᠭᠠᠵᠠᠷ ᠤᠨ ᠨᠡᠷᠡᠰ ᠤᠨ ᠲᠤᠯᠢ︾ 945 ᠨᠢᠭᠤᠷ ︵ᠱᠠᠩ ᠦ᠋ ᠬᠡᠪᠯᠡᠯ ᠤᠨ ᠬᠡᠷ᠂ ᠰᠢᠶᠠᠩᠭᠠᠩ ᠤᠨ ᠬᠤᠪᠢᠶᠠᠷᠢ ᠬᠤᠷᠢᠶ᠎ᠠ᠂ 1931 ᠤᠨ ᠤ 10 ᠰᠠᠷ᠎ᠠ ᠶᠢᠨ ᠬᠡᠪᠯᠡᠯ
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备07002090号