ᠶᠤᠸᠠᠨ ᠤ ᠵᠦᠴᠦᠭᠡ — ᠲᠡᠯᠡᠭᠡᠢ ᠨᠡᠶᠢᠳᠡ ᠶᠢ ᠬᠡᠷᠡᠯᠳᠦᠭᠦᠯᠦᠭᠰᠡᠨ ᠠᠪᠤᠷᠭᠤ ᠪᠦᠳᠦᠭᠡᠯ  (    ᠳᠥᠷᠪᠡ  ︶
ᠨᠡᠶᠢᠲᠡᠯᠡᠭᠰᠡᠨ ᠴᠠᠭ᠄
2021/1/4
ᠭᠤᠷᠪᠠ᠂ ᠶᠤᠸᠠᠨ ᠤ ᠵᠦᠴᠦᠭᠡ ᠪᠤᠯ ᠶᠤᠸᠠᠨ ᠤᠯᠤᠰ ᠤᠨ ᠲᠦᠷᠦ ᠵᠠᠰᠠᠭ ᠤᠨ ᠢᠯᠵᠢᠷᠡᠮᠡᠯ᠂ ᠶᠤᠸᠠᠨ ᠤ ᠨᠡᠶᠢᠭᠡᠮ  ᠤᠨ ᠰᠠᠮᠠᠭᠤᠷᠠᠯ ᠢ ᠲᠦᠷᠰᠦᠯᠡᠨ ᠪᠢᠴᠢᠭᠰᠡᠨ ᠶᠤᠮ ᠦᠦ︖ 1999 ᠤᠨ ᠤ 5 ᠰᠠᠷ᠎ᠠ ᠶᠢᠨ 10 ᠤ ᠡᠳᠦᠷ ᠤᠨ ︽ᠭᠤᠸᠠᠩ ᠮᠢᠩ ᠡᠳᠦᠷ ᠤᠨ ᠰᠤᠨᠢᠨ︾ ︵光明日报︶ ᠭᠠᠷᠠᠭ ᠤᠨ ᠨᠢᠭᠡᠨ ᠤ 12 ᠳ᠋ᠤᠭᠠᠷ ᠨᠢᠭᠤᠷ ᠲᠤ ᠬᠦᠸᠧ ᠵᠢᠩ ᠳ᠋ᠧ ᠬᠡᠰᠡᠨ ᠬᠦᠮᠦᠨ ᠤ ᠵᠤᠬᠢᠶᠠᠯ ︽ᠶᠤᠸᠠᠨ ᠤ ᠵᠦᠴᠦᠭᠡ — ᠲᠤᠮᠳᠠᠳᠤ ᠤᠯᠤᠰ ᠤᠨ ᠡᠷᠳᠡᠨ ᠤ ᠨᠡᠶᠢᠳᠡᠯᠢᠭ ᠰᠢ ᠵᠦᠴᠦᠭᠡ ᠶᠢᠨ ᠤᠷᠠᠯᠢᠭ ᠤᠨ ᠭᠠᠶᠢᠬᠠᠮᠰᠢᠭᠳᠤ ᠴᠡᠴᠡᠭ︾ ᠲᠤ ᠪᠠᠨ ᠶᠤᠸᠠᠨ ᠤᠯᠤᠰ ᠤᠨ ᠨᠡᠶᠢᠭᠡᠮ ᠢ ᠨᠢᠳᠦ ᠪᠠᠷ ᠦᠵᠡᠭᠰᠡᠨ ᠰᠢᠭ ᠲᠠᠮᠤ ᠶᠢᠨ ᠤᠷᠤᠨ ᠠᠳᠠᠯᠢ ᠲᠦᠷᠰᠦᠯᠡᠵᠦ᠂ ︽ᠶᠤᠸᠠᠨ ᠤ ᠵᠦᠴᠦᠭᠡ ᠶᠢᠨ ᠲᠤᠳᠤᠷ᠎ᠠ ᠡᠷᠭᠡ ᠪᠠᠷᠢᠭᠴᠢ ᠡᠵᠡᠷᠭᠡᠭᠴᠤᠳ ᠦᠪᠡᠷ ᠤᠨ ᠠᠳᠬᠤᠵᠤ ᠪᠠᠶᠢᠭ᠎ᠠ ᠡᠷᠭᠡ ᠬᠦᠴᠦᠨ ᠢᠶᠠᠷ ᠵᠠᠰᠠᠭ ᠲᠦᠷᠦ ᠶᠢ ᠪᠠᠷᠢᠵᠤ᠂ ᠱᠤᠷᠤᠩ ᠬᠢᠨᠳᠠᠨ ᠤ ᠡᠷᠭᠡ ᠶᠢ ᠠᠳᠬᠤᠵᠤ᠂ ᠮᠡᠷᠭᠡᠨ ᠴᠢᠳᠠᠪᠤᠷᠢᠳᠠᠨ ᠢ ᠬᠤᠤᠷᠯᠠᠵᠤ᠂ ᠨᠡᠶᠢᠭᠡᠮ ᠲᠡᠭᠡᠷ᠎ᠡ ᠬᠠᠷᠬᠢᠰ ᠬᠡᠷᠴᠡᠭᠡᠢ ᠠᠭᠠᠰᠢᠯᠠᠵᠤ᠂ ᠬᠢᠬᠦ ᠦᠭᠡᠢ ᠮᠠᠭᠤ ᠬᠡᠷᠡᠭ ᠢ ᠬᠢᠵᠦ᠂ ᠲᠤᠷ᠎ᠠ ᠵᠤᠷᠢᠭ ᠢᠶᠠᠷ ᠬᠦᠮᠦᠨ ᠤ ᠦᠬᠢᠳ ᠪᠡᠷᠢᠶᠡᠳ ᠢ ᠪᠤᠯᠢᠶᠠᠵᠤ᠂ ᠡᠳ᠋ ᠬᠦᠷᠦᠩᠭᠡ ᠶᠢ ᠨᠢ ᠲᠡᠭᠡᠷᠡᠮᠳᠡᠵᠦ᠂ ᠠᠷᠠᠳ ᠢᠷᠭᠡᠨ ᠢ ᠲᠠᠷᠤᠯᠠᠨ ᠬᠤᠤᠷᠯᠠᠵᠤ᠂ ᠬᠤᠪᠳᠤᠭ ᠨᠤᠶᠠᠨ ᠰᠢᠨᠤᠬᠠᠢ ᠲᠦᠰᠢᠮᠡᠯ ᠬᠤᠶᠢᠬᠤᠷ ᠠᠷᠭ᠎ᠠ ᠪᠠᠷ ᠬᠤᠪᠢ ᠶᠢᠨ ᠠᠰᠢᠭ ᠢᠶᠠᠨ ᠬᠦᠭᠡᠭᠡᠴᠡᠯᠳᠦᠵᠦ᠂ ᠶᠠᠰᠤ ᠶᠢ ᠨᠢ ᠲᠤᠩᠰᠢᠵᠤ ᠴᠢᠮᠦᠭᠡ ᠶᠢ ᠨᠢ ᠰᠤᠷᠤᠬᠤ ᠮᠡᠳᠦ ᠬᠠᠷᠬᠢᠰᠯᠠᠵᠤ᠂ ᠡᠷᠬᠢᠭᠦᠦ ᠮᠤᠩᠬᠠᠭ ᠪᠤᠯᠬᠢ ᠲᠡᠨᠡᠭ᠂ ᠲᠤᠷ᠎ᠠ ᠪᠠᠷ ᠬᠦᠮᠦᠨ ᠳᠤ ᠶᠠᠯ᠎ᠠ ᠲᠤᠯᠭᠠᠵᠤ᠂ ᠬᠡᠷᠡᠭ ᠦᠭᠡᠢ ᠡᠩ ᠤᠨ ᠬᠦᠮᠦᠨ ᠢ ᠬᠤᠤᠷᠯᠠᠵᠤ᠂ ᠶᠠᠭ ︿ᠳ᠋ᠸᠦ ᠡ ᠶᠤᠸᠠᠨ﹀ ︵窦娥冤︶ ᠤ ᠵᠤᠬᠢᠶᠠᠯ ᠳᠤ ᠳ᠋ᠸᠦ ᠡ ᠶᠤᠸᠠᠨ ᠭᠤᠮᠤᠳᠠᠨ ᠲᠤᠷᠠᠳᠤᠭᠰᠠᠨ ᠠᠳᠠᠯᠢ ︿ᠡᠷᠳᠡᠨ ᠡᠳᠦᠭᠡ ᠠᠴᠠ ᠶᠠᠮᠤᠨ ᠤ ᠡᠭᠦᠳᠡ ᠡᠮᠦᠨᠡᠰᠢ ᠨᠡᠭᠡᠭᠡᠵᠦ᠂ ᠠᠯᠢᠪᠠ ᠶᠠᠪᠤᠳᠠᠯ ᠬᠢᠯᠢᠰ ᠦᠭᠡᠢ ᠪᠤᠢ﹀ ᠬᠡᠰᠡᠨ ᠲᠠᠢ ᠠᠳᠠᠯᠢ ᠬᠡᠷᠴᠡᠭᠡᠢ ᠪᠠᠶᠠᠨᠴᠤᠳ ᠠᠯᠢᠪᠠ ᠠᠷᠭ᠎ᠠ ᠪᠠᠷ ᠬᠦᠮᠦᠨ ᠤ ᠡᠳ᠋ ᠬᠦᠷᠦᠩᠭᠡ ᠶᠢ ᠪᠤᠯᠢᠶᠠᠵᠤ᠂ ᠬᠦᠴᠦᠷᠭᠡᠭ ᠢ ᠲᠦᠰᠢᠵᠦ᠂ ᠲᠤᠷᠤᠢ ᠶᠢ ᠲᠠᠷᠤᠯᠠᠵᠤ᠂ ᠬᠤᠪᠳᠤᠭ ᠨᠤᠶᠠᠨ ᠰᠢᠨᠤᠬᠠᠢ ᠲᠦᠰᠢᠮᠡᠯ᠂ ᠶᠠᠳᠠᠭᠤ ᠠᠷᠠᠳ ᠢ ᠬᠡᠮᠡᠯᠢᠬᠦ ᠴᠢᠳᠠᠯ ᠢᠶᠠᠷ ᠬᠡᠮᠡᠯᠢᠵᠦ᠂ ︿ᠵᠤᠭᠤᠰ ᠰᠢᠨᠤᠬᠠᠶᠢᠷᠠᠬᠤ ᠪᠤᠭᠤᠯ﹀ ᠬᠡᠰᠡᠨ ᠶᠤᠸᠠᠨ ᠤ ᠵᠦᠴᠦᠭᠡ ᠳᠤ ᠡᠷᠭᠡᠳᠦ ᠬᠠᠷᠬᠢᠰ ᠬᠦᠴᠦᠨ᠂ ᠬᠤᠪᠳᠤᠭ ᠰᠢᠨᠤᠬᠠᠢ ᠲᠦᠰᠢᠮᠡᠯ ᠲᠠᠢ ᠦᠨᠦᠷ ᠨᠢᠭᠡᠳᠠᠢ᠂ ᠰᠦᠯᠪᠡᠭᠡᠯᠳᠦᠨ ᠵᠢᠰᠤᠷᠳᠠᠵᠦ᠂ ᠠᠷᠠᠳ ᠢᠷᠭᠡᠨ ᠢ ᠲᠠᠷᠤᠯᠠᠵᠤ᠂ ᠡᠳᠡᠭᠡᠷ ᠠᠨᠤ ᠶᠠᠭ ᠶᠤᠸᠠᠨ ᠤᠯᠤᠰ ᠤᠨ ᠢᠯᠵᠢᠷᠡᠮᠡᠯ ᠪᠠ ᠰᠠᠮᠠᠭᠤᠨ ᠨᠡᠶᠢᠭᠡᠮ ᠢ ᠲᠦᠷᠰᠦᠯᠡᠭᠰᠡᠨ ᠪᠢᠴᠢᠯᠭᠡ ᠪᠤᠯᠤᠨ᠎ᠠ︾ ᠬᠡᠵᠦ ᠤᠷᠳᠤ ᠦᠭᠦᠯᠡᠯ ᠢᠶᠠᠷ ᠶᠤᠸᠠᠨ ᠤᠯᠤᠰ ᠤᠨ ᠨᠡᠶᠢᠭᠡᠮ ᠢ ᠲᠤᠩ ᠮᠠᠭᠤ ᠲᠦᠷᠰᠦᠯᠡᠨ ᠬᠡᠯᠡᠪᠡ᠃ ᠲᠡᠭᠡᠷᠡᠭᠢ ᠲᠦᠷᠰᠦᠯᠡᠭᠰᠡᠨ ᠦᠭᠦᠯᠡᠯ ᠠᠴᠠ ᠦᠵᠡᠬᠦ ᠳᠤ᠂ ᠡᠨᠡ ᠵᠤᠬᠢᠶᠠᠭᠴᠢ ᠶᠡᠭᠡ ᠲᠠᠷᠢᠬᠢ ᠲᠤᠯᠤᠭᠠᠢ ᠰᠢᠪᠬᠠᠵᠤ᠂ ᠠᠩᠬᠢ ᠶᠢᠨ ᠲᠡᠮᠡᠴᠡᠯ ᠤᠨ ᠦᠶ᠎ᠡ ᠶᠢᠨ ᠠᠯᠢᠪᠠ ᠲᠠᠶᠢᠰᠤᠨ ᠢ ᠲᠦᠷᠰᠦᠯᠡᠭᠰᠡᠨ ᠦᠭᠡ ᠶᠢ ᠴᠢᠳᠠᠬᠤ ᠶᠢᠨ ᠬᠢᠷᠢ ᠪᠠᠷ ᠬᠡᠷᠡᠭᠯᠡᠨ ᠤᠷᠤᠭᠤᠯᠵᠤ᠂ ᠦᠨᠡᠭᠡᠷ ᠲᠤᠶᠢᠯ ᠳᠤ ᠬᠦᠷᠳᠡᠯ᠎ᠡ ᠲᠦᠷᠰᠦᠯᠡᠨ ᠪᠢᠴᠢᠪᠡ᠃ ᠡᠨᠡ ᠵᠤᠬᠢᠶᠠᠭᠴᠢ ᠡᠳᠦᠭᠡ ᠶᠢᠨ ᠬᠦᠮᠦᠨ ᠪᠠᠶᠢᠭᠠᠳ ᠶᠠᠭᠤᠨ ᠳᠤ 800 ᠤᠨ ᠤ ᠡᠮᠦᠨᠡᠭᠢ ᠶᠤᠸᠠᠨ ᠤᠯᠤᠰ ᠲᠤ ᠡᠶᠢᠮᠦ ᠶᠡᠭᠡ ᠬᠤᠷᠤᠰᠤᠯ ᠲᠠᠢ ᠪᠠᠶᠢᠬᠤ ᠪᠤᠢ︖ ᠡᠷᠬᠢᠴᠡᠭᠦᠯᠬᠦ ᠳᠤ ᠴᠢᠨ ᠤᠯᠤᠰ ᠠᠴᠠ ᠢᠨᠠᠭᠰᠢ ᠡᠯ᠎ᠡ ᠹᠸᠤᠳᠠᠯ ᠤᠨ ᠬᠠᠭᠠᠨᠳᠤ ᠤᠯᠤᠰ ᠤᠨ ᠮᠠᠨᠳᠤᠨ ᠪᠠᠭᠤᠷᠠᠬᠤ ᠦᠢᠯᠡ ᠤᠴᠢᠷ ᠢ ᠪᠤᠳᠤᠪᠠᠰᠤ ᠡᠨᠡ ᠵᠤᠬᠢᠶᠠᠭᠴᠢ ᠬᠠᠷᠠᠯᠳᠠ ᠦᠭᠡᠢ ᠰᠤᠮᠤ ᠬᠠᠷᠪᠤᠵᠤ᠂ ᠤᠯᠠᠨ ᠲᠦᠷᠰᠦᠯᠡᠭᠰᠡᠨ ᠦᠭᠦᠯᠡᠯ ᠦᠨᠡᠨ ᠬᠡᠷᠡᠭ ᠲᠠᠢ ᠲᠤᠩ ᠨᠡᠶᠢᠴᠡᠬᠦ ᠦᠭᠡᠢ᠃ ᠬᠠᠮᠤᠭ ᠤᠨ ᠲᠦᠷᠦᠭᠦᠨ ᠳᠤ ᠡᠨᠡ ᠵᠤᠬᠢᠶᠠᠭᠴᠢ ︽ᠳ᠋ᠸᠦ ᠡ ᠶᠤᠸᠠᠨ︾ ᠢᠶᠠᠷ ᠵᠢᠱᠢᠶ᠎ᠡ ᠪᠤᠯᠭᠠᠨ ᠶᠤᠸᠠᠨ ᠤᠯᠤᠰ ᠤᠨ ᠨᠡᠶᠢᠭᠡᠮ ᠢᠯᠵᠢᠷᠡᠮᠡᠯ᠂ ᠨᠤᠶᠠᠷᠬᠠᠭᠴᠢ ᠪᠦᠯᠦᠭ ᠮᠤᠩᠬᠠᠭ ᠲᠡᠨᠡᠭ᠂ ᠴᠢᠳᠠᠯ ᠦᠭᠡᠢ ᠬᠡᠰᠡᠨ ᠨᠢ ᠲᠡᠭᠷᠢ ᠭᠠᠵᠠᠷ ᠤᠨ ᠵᠦᠷᠢᠶ᠎ᠡ ᠲᠠᠢ᠃ ᠮᠠᠨ ᠤ ᠮᠡᠳᠡᠬᠦ ᠪᠠᠷ ︽ᠳ᠋ᠸᠦ ᠡ ᠶᠤᠸᠠᠨ︾ ᠵᠦᠴᠦᠭᠡ ᠪᠤᠯ ᠭᠤᠸᠠᠨ ᠬᠠᠨ ᠴᠢᠩ ᠤᠨ ᠨᠠᠶᠢᠷᠠᠭᠤᠯᠤᠭᠰᠠᠨ ᠵᠤᠬᠢᠶᠠᠯ ᠪᠤᠯᠤᠨ᠎ᠠ᠃ ᠲᠠᠷᠡ ᠶᠢᠨ ᠤᠯᠤᠰ ᠤᠨ ᠲᠢᠶᠠᠨ ᠰᠢᠩ ᠤᠨ ᠤᠨ ᠳᠤ ᠲᠦᠷᠦᠭᠰᠡᠨ ᠬᠦᠮᠦᠨ᠂ 1279 ᠤᠨ ᠳᠤ ᠦᠭᠦᠵᠠᠢ᠃ ᠡᠨᠡ ᠦᠶ᠎ᠡ ᠳᠤ ᠶᠤᠸᠠᠨ ᠤᠯᠤᠰ ᠬᠡᠰᠡᠨ ᠨᠡᠷ᠎ᠡ ᠰᠠᠶ᠋ᠢ ᠭᠠᠷᠴᠤ᠂ ᠡᠭᠦᠨ ᠠᠴᠠ ᠮᠡᠳᠡᠬᠦ ᠨᠢ ᠭᠤᠸᠠᠨ ᠬᠠᠨ ᠴᠢᠩ ᠤᠨ ᠵᠤᠬᠢᠶᠠᠭᠰᠠᠨ ︽ᠳ᠋ᠸᠦ ᠡ ᠶᠤᠸᠠᠨ︾ ᠶᠤᠸᠠᠨ ᠤᠯᠤᠰ ᠪᠠᠶᠢᠭᠤᠯᠬᠤ ᠶᠢᠨ ᠡᠮᠦᠨ᠎ᠡ ᠨᠢᠭᠡᠨᠳᠡ ᠨᠡᠶᠢᠭᠡᠮ ᠲᠡᠭᠡᠷ᠎ᠡ ᠲᠡᠯᠭᠡᠷᠡᠨ ᠲᠠᠷᠬᠠᠭᠰᠠᠨ ᠪᠠᠶᠢᠨ᠎ᠠ᠃ ᠳ᠋ᠸᠦ ᠡ ᠶᠢᠨ ᠬᠡᠷᠡᠭ ᠢᠶᠠᠷ ᠶᠤᠸᠠᠨ ᠤᠯᠤᠰ ᠢ ᠮᠠᠭᠤ ᠬᠡᠯᠡᠬᠦ ᠨᠢ ᠲᠤᠩ ᠢᠴᠢᠭᠦᠷᠢᠳᠠᠢ ᠬᠤᠤᠷᠠᠳᠤ ᠨᠢᠭᠤᠷ ᠦᠭᠡᠢ ᠬᠡᠯᠡᠯᠭᠡ ᠪᠤᠯᠤᠨ᠎ᠠ᠃ ᠶᠤᠸᠠᠨ ᠤ ᠲᠡᠦᠭᠡ ᠶᠢ ᠨᠠᠷᠢᠪᠴᠢᠯᠠᠨ ᠦᠵᠡᠪᠡᠰᠦ ᠶᠤᠸᠠᠨ ᠤᠯᠤᠰ ᠨᠡᠶᠢᠳᠡ 97 ᠤᠨ ︵1271 — 1368︶ ᠦᠷᠭᠦᠯᠵᠢᠯᠡᠵᠦ᠂ ᠭᠠᠭᠴᠠ ᠴᠧᠩ ᠽᠦᠩ ᠲᠡᠮᠦᠷ ᠬᠠᠭᠠᠨ ︵1295 — 1307︶ ᠡᠪᠡᠳᠴᠢᠯᠡᠵᠦ ᠪᠠᠶᠢᠬᠤ ᠦᠶ᠎ᠡ ᠳᠤ ᠵᠠᠷᠢᠮ ᠨᠤᠶᠠᠨ ᠱᠠᠮᠰᠢᠬᠤ ᠬᠡᠷᠡᠭ ᠭᠠᠷᠭᠠᠵᠠᠢ᠃ ᠷᠧᠨ ᠽᠦᠩ ᠬᠠᠭᠠᠨ ︵1312 — 1320︶ ᠢᠶᠤᠷᠪᠠᠷᠪᠠᠳᠠ ᠶᠢᠨ ᠦᠶ᠎ᠡ ᠳᠤ ᠬᠠᠷᠬᠢᠰ ᠲᠦᠰᠢᠮᠡᠯ ᠲᠡᠮᠦᠷᠰᠢᠷᠢ ᠳ᠋ᠠᠵᠢ ᠬᠤᠸᠠᠩ ᠲᠠᠶᠢᠬᠡᠦ ᠶᠢᠨ ᠬᠠᠶᠢᠷᠠᠯᠠᠯ ᠢ ᠤᠯᠵᠤ᠂ ᠱᠠᠮᠰᠢᠬᠤ ᠬᠡᠷᠡᠭ ᠭᠠᠷᠴᠠᠢ᠃ ᠶᠤᠸᠠᠨ ᠤᠯᠤᠰ ᠤᠨ ᠦᠨᠡᠨ ᠱᠠᠮᠰᠢᠬᠤ ᠢᠯᠵᠢᠷᠡᠮᠡᠯ ᠬᠡᠷᠡᠭ ᠬᠤᠢ ᠽᠦᠩ ᠲᠤᠭᠤᠭᠠᠨᠳᠡᠮᠦᠷ ᠬᠠᠭᠠᠨ ︵1333 — 1368︶ ᠤ ᠦᠶ᠎ᠡ ᠳᠤ ᠠᠷᠪᠢᠳᠠᠵᠤ᠂ ᠬᠡᠳᠡᠯ᠎ᠡ ᠡᠨᠡ ᠵᠤᠬᠢᠶᠠᠭᠴᠢ ᠶᠢᠨ ᠵᠢᠪ ᠵᠢᠪᠡᠭᠦᠨ ᠲᠦᠷᠰᠦᠯᠡᠭᠰᠡᠨ ᠲᠠᠢ ᠬᠤᠯᠠ ᠶᠡᠭᠡ ᠵᠦᠷᠢᠶᠡᠨ ᠲᠠᠢ᠃ ᠬᠤᠢ ᠽᠦᠩ ᠬᠠᠭᠠᠨ ᠰᠠᠭᠤᠷᠢᠨ ᠳᠤ ᠪᠠᠶᠢᠬᠤ ᠦᠶ᠎ᠡ ᠳᠤ ᠢᠵᠠᠭᠤᠷᠳᠠᠨ᠂ ᠨᠤᠶᠠᠨ ᠲᠦᠰᠢᠮᠡᠯ᠂ ᠰᠦᠮ᠎ᠡ ᠬᠡᠶᠢᠳ᠂ ᠲᠠᠷᠢᠶᠠᠨ ᠭᠠᠵᠠᠷ᠂ ᠶᠡᠭᠡ ᠪᠡᠯᠴᠢᠭᠡᠷ ᠢ ᠡᠵᠡᠯᠡᠵᠦ᠂ ᠭᠠᠵᠠᠷ ᠤᠨ ᠡᠵᠡᠨ ᠭᠠᠵᠠᠷ ᠰᠢᠷᠤᠢ ᠶᠢ ᠬᠤᠪᠢᠨᠴᠠᠯᠠᠵᠤ᠂ ᠨᠤᠶᠠᠷᠬᠠᠭᠴᠢ ᠪᠦᠯᠦᠭ ᠴᠡᠩᠭᠡᠯᠳᠦᠵᠦ᠂ ᠪᠦᠷᠢᠯᠭᠡᠨ ᠰᠦᠢᠳᠭᠡᠬᠦ ᠬᠡᠷᠡᠭ ᠢᠯᠡᠷᠭᠡᠢ ᠪᠤᠯᠵᠤ᠂ ᠤᠯᠠᠨ ᠲᠦᠮᠡᠨ ᠳᠤ ᠮᠠᠭᠤ ᠨᠦᠯᠦᠭᠡ  ᠲᠠᠢ ᠪᠤᠯᠵᠠᠢ᠃ ᠨᠡᠶᠢᠳᠡ ᠶᠢᠨ ᠤᠨ ᠲᠤᠭᠠᠯᠠᠯ ᠤᠨ 1344 ᠤᠨ ᠳᠤ ᠰᠢᠯᠭᠠᠨ ᠰᠤᠩᠭᠤᠬᠤ ᠲᠦᠷᠢᠮ ᠢ ᠲᠠᠬᠢᠨ ᠰᠡᠷᠭᠦᠭᠡᠵᠦ᠂ ᠯᠢᠶᠤᠤ᠂ ᠶᠢᠨ᠂ ᠶᠤᠸᠠᠨ ᠭᠤᠷᠪᠠᠨ ᠤᠯᠤᠰ ᠤᠨ ᠲᠡᠦᠭᠡ ᠶᠢ ᠨᠠᠶᠢᠷᠠᠭᠤᠯᠤᠨ ᠨᠡᠶᠢᠳᠡᠯᠡᠵᠦ᠂ ︽ᡁᠢ ᠵᠧᠩ ᠤᠨ ᠲᠠᠰᠤᠯᠪᠤᠷᠢ ᠵᠤᠷᠪᠤᠰ︾ ᠢ ᠲᠤᠩᠬᠠᠯᠠᠵᠤ᠂ ᠲᠡᠦᠭᠡᠨ ᠲᠡᠭᠡᠷ᠎ᠡ ᠡᠭᠦᠨ ᠢ ︽ᠲᠤᠭᠳᠠᠬᠤ ᠦᠭᠡᠷᠡᠴᠢᠯᠡᠯᠳᠡ︾ ᠬᠡᠵᠦ ᠲᠡᠮᠳᠡᠭᠯᠡᠵᠦ ᠪᠠᠶᠢᠨ᠎ᠠ᠃ 1344 ᠤᠨ ᠳᠤ ᠬᠠᠳᠤᠨ ᠭᠤᠤᠯ ᠦᠶᠡᠷᠯᠡᠵᠦ᠂ ᠭᠤᠤᠯ ᠤᠨ ᠬᠦᠪᠡᠭᠡ ᠳᠤ ᠰᠠᠭᠤᠭ᠎ᠠ ᠠᠷᠠᠳ ᠭᠠᠮᠰᠢᠭ ᠪᠤᠯᠵᠤ᠂ ᠤᠯᠤᠰ ᠤᠨ ᠡᠳ᠋ ᠬᠦᠷᠦᠩᠭᠡ ᠬᠤᠭᠤᠰᠤᠷᠠᠵᠤ᠂ ᠭᠠᠮᠰᠢᠭ ᠢ ᠲᠡᠳᠭᠡᠨ ᠲᠡᠮᠵᠢᠬᠦ  ᠳᠤ ᠬᠦᠴᠢᠷ ᠪᠤᠯᠵᠤ᠂ ᠡᠭᠦᠨ ᠠᠴᠠ ᠪᠤᠯᠵᠤ ᠨᠡᠶᠢᠭᠡᠮ ᠤᠨ ᠵᠦᠷᠢᠴᠢᠯ ᠰᠢᠷᠦᠭᠦᠰᠴᠦ᠂ ᠲᠠᠷᠢᠶᠠᠴᠢᠨ ᠤ ᠪᠤᠰᠤᠯᠭ᠎ᠠ ᠵᠢᠴᠢ ᠴᠡᠷᠢᠭ ᠤᠨ ᠡᠷᠭᠡᠳᠡᠨ ᠪᠤᠰᠴᠤ ᠡᠰᠡᠷᠭᠦᠴᠡᠵᠦ᠂ ᠡᠨᠡᠬᠦ ᠦᠵᠡᠭᠳᠡᠯ ᠴᠢᠨ ᠤᠯᠤᠰ ᠠᠴᠠ ᠢᠨᠠᠭᠰᠢ 3139 ᠤᠨ ᠤ ᠹᠸᠤᠳᠠᠯ ᠤᠨ ᠨᠡᠶᠢᠭᠡᠮ ᠤᠨ ᠬᠠᠭᠠᠨᠳᠤ ᠲᠦᠷᠦ ᠡᠴᠦᠰ ᠰᠡᠭᠦᠯ ᠳᠤ ᠪᠠᠨ ᠪᠦᠷ ᠢᠯᠵᠢᠷᠡᠨ ᠲᠤᠷᠤᠶᠢᠳᠠᠵᠤ ᠮᠦᠭᠦᠪᠡ᠃ ᠶᠤᠸᠠᠨ ᠤᠯᠤᠰ ᠤᠨ ᠰᠡᠭᠦᠯᠴᠢ ᠶᠢᠨ ᠦᠶ᠎ᠡ ᠶᠢᠨ ᠢᠯᠵᠢᠷᠡᠮᠡᠯ ᠵᠠᠰᠠᠭ ᠡᠴᠦᠰᠯᠡᠭᠰᠡᠨ ᠪᠤᠯ ᠲᠤᠮᠳᠠᠳᠤ ᠤᠯᠤᠰ ᠤᠨ ᠡᠯ᠎ᠡ ᠬᠠᠭᠠᠨᠳᠤ ᠲᠦᠷᠦ ᠶᠢᠨ ᠮᠦᠭᠦᠬᠦ ᠶᠢᠨ ᠵᠢᠩᠬᠢᠨᠢ ᠡᠪᠡᠳᠴᠢᠨ ᠪᠤᠯᠬᠤ ᠪᠦᠭᠡᠳ ᠭᠠᠭᠴᠠ ᠶᠤᠸᠠᠨ ᠤ ᠨᠢᠭᠡᠨ ᠤᠯᠤᠰ ᠪᠤᠰᠤ᠃ ᠤᠳᠤ ᠪᠢᠳᠡ ᠯᠢᠶᠠᠩ ᠬᠦᠢ ᡁᠢ ᠶᠢᠨ ᠦᠨᠡᠯᠡᠭᠰᠡᠨ ᠶᠤᠸᠠᠨ ᠤ ᠵᠦᠴᠦᠭᠡ ᠳᠤ ᠪᠢᠴᠢᠭᠳᠡᠭᠰᠡᠨ ︽ᠲᠡᠨᠦᠭᠦᠯᠴᠢ᠂ ᠨᠢᠭᠤᠨ ᠰᠠᠭᠤᠭᠰᠠᠳ ᠵᠤᠷᠢᠭᠳᠤ ᠡᠷ᠎ᠡ︾ ᠬᠡᠰᠡᠨ ᠵᠤᠬᠢᠶᠠᠯ ᠢ ᠦᠷᠭᠡᠨ ᠤᠯᠠᠨ ᠤᠩᠰᠢᠭᠴᠢᠳ ᠲᠤ ᠲᠠᠨᠢᠯᠴᠠᠭᠤᠯᠵᠤ᠂ ᠶᠤᠸᠠᠨ ᠤ ᠵᠦᠴᠦᠭᠡ ᠶᠢᠨ ᠦᠨᠡᠨ ᠤᠳᠬ᠎ᠠ ᠶᠢ ᠨᠡᠩ ᠴᠢᠨᠠᠭᠰᠢᠳᠠ ᠤᠬᠠᠭᠠᠷᠠᠨ ᠤᠶᠢᠯᠠᠭᠠᠬᠤ ᠶᠢ ᠬᠦᠰᠡᠨ᠎ᠡ᠃ ᠭᠤᠸᠠᠨ ᠬᠠᠨ ᠴᠢᠩ ᠪᠤᠯ ᠶᠤᠸᠠᠨ ᠤ ᠵᠦᠴᠦᠭᠡ ᠶᠢᠨ ᠲᠡᠷᠢᠬᠦᠨ ᠲᠦᠯᠦᠭᠡᠯᠡᠭᠴᠢ ᠵᠤᠬᠢᠶᠠᠭᠴᠢ ᠪᠤᠯᠤᠨ᠎ᠠ᠃ ᠶᠤᠸᠠᠨ  ᠤ ᠵᠦᠴᠦᠭᠡ ᠶᠢ ᠵᠦᠴᠦᠭᠡ ᠶᠢᠨ ᠠᠶ᠎ᠠ ᠪᠠ ᠲᠠᠷᠬᠠᠢ ᠵᠦᠴᠦᠭᠡ ᠬᠡᠵᠦ ᠬᠤᠶᠠᠷ ᠶᠡᠭᠡ ᠪᠦᠯᠦᠭ ᠢᠶᠠᠷ ᠪᠦᠷᠢᠯᠳᠦᠪᠡ᠃ ᠡᠳᠦᠭᠡ ᠪᠤᠯᠳᠠᠯ᠎ᠠ ᠭᠤᠸᠠᠨ ᠠᠪᠤᠭᠠᠢ ᠶᠢᠨ ᠵᠦᠴᠦᠭᠡ ᠶᠢᠨ ᠠᠶ᠎ᠠ ᠶᠢ ᠪᠠᠳᠤᠯᠠᠨ ᠦᠨᠡᠯᠡᠬᠦ ᠪᠦᠭᠡᠳ ᠲᠡᠭᠦᠨ ᠤ ᠲᠠᠷᠬᠠᠢ ᠵᠦᠴᠦᠭᠡ ᠶᠢ ᠤᠯᠠᠨ ᠪᠢᠳᠡᠭᠦᠦ ᠰᠢᠭᠦᠮᠵᠢᠯᠡᠯ ᠲᠠᠢ᠃ ᠬᠤᠸᠠᠩ ᠭᠧ ᠨᠦᠭᠦᠷ ᠤᠷᠴᠢᠮ ᠤᠨ ᠦᠶ᠎ᠡ ᠳᠤ ︽ᠬᠦᠮᠦᠨ ᠪᠠᠶᠠᠷᠯᠠᠬᠤ ᠪᠠ ᠦᠪᠡᠷᠳᠡᠭᠡᠨ ᠪᠠᠶᠠᠷᠯᠠᠬᠤ︾ ᠬᠡᠰᠡᠨ ᠵᠤᠬᠢᠶᠠᠯ ᠳᠤ ᠪᠠᠨ ᠭᠤᠸᠠᠨ ᠬᠠᠨ ᠴᠢᠩ ᠤᠨ ᠵᠤᠬᠢᠶᠠᠯ ᠪᠦᠳᠦᠭᠡᠯ ᠪᠤᠯ ᠲᠠᠷᠬᠠᠢ ᠵᠦᠴᠦᠭᠡ ᠶᠢ ᠲᠤᠭᠯᠠᠨ ᠲᠠᠭᠤᠯᠠᠵᠤ᠂ ᠦᠨᠳᠦᠷ ᠲᠠᠶᠢᠰᠠᠨ ᠲᠡᠭᠡᠷ᠎ᠡ ᠦᠭᠦᠯᠡᠬᠦ ᠪᠤᠯᠪᠠᠰᠤ ᠦᠪᠡᠷ ᠤᠨ ᠦᠢᠳᠬᠠᠷ ᠪᠤᠬᠢᠨᠢᠳᠤᠯ ᠢᠶᠠᠨ ᠱᠦᠭᠦᠷᠳᠡᠨ ᠠᠷᠢᠯᠭᠠᠵᠤ᠂ ᠦᠨᠡᠨ ᠪᠤᠳᠠᠳᠤ ᠠᠮᠢᠳᠤᠷᠠᠯ ᠤᠨ ᠴᠢᠨᠠᠷ ᠵᠦᠭ  ᠲᠤ ᠪᠠᠨ ᠬᠠᠨᠳᠤᠨ᠎ᠠ ᠬᠡᠰᠡᠨ ᠡᠨᠡᠬᠦ ᠦᠵᠡᠯ ᠰᠠᠨᠠᠭ᠎ᠠ ᠦᠨᠡᠨ ᠳᠤ ᠪᠠᠨ ᠭᠤᠸᠠᠨ ᠬᠠᠨ ᠴᠢᠩ ᠨᠢᠭᠡᠨ ᠬᠦᠮᠦᠨ ᠤ ᠦᠵᠡᠯ ᠪᠤᠰᠤ᠂ ᠬᠠᠷᠢᠨ ᠨᠢᠭᠡᠨ ᠦᠶ᠎ᠡ ᠶᠢᠨ ᠵᠦᠴᠦᠭᠡ ᠶᠢᠨ ᠠᠶ᠎ᠠ ᠪᠠ ᠲᠠᠷᠬᠠᠢ ᠵᠦᠴᠦᠭᠡ ᠶᠢ ᠦᠨᠡᠯᠡᠬᠦ ᠭᠤᠤᠯ ᠦᠨᠳᠦᠰᠦ ᠪᠤᠯᠤᠨ᠎ᠠ ᠬᠡᠰᠡᠨ ᠦᠵᠡᠯ ᠢ ᠪᠢ ᠠᠳᠠᠯᠢ ᠪᠤᠰᠤ ᠪᠠᠷ ᠦᠵᠡᠵᠦ ᠰᠠᠨᠠᠨ᠎ᠠ᠃ ᠶᠤᠸᠠᠨ ᠤ ᠵᠦᠴᠦᠭᠡ — ᠵᠦᠴᠦᠭᠡ ᠶᠢᠨ ᠠᠶ᠎ᠠ ᠪᠠ ᠲᠠᠷᠬᠠᠢ ᠵᠦᠴᠦᠭᠡ ᠠᠳᠠᠯᠢ ᠪᠤᠰᠤ ᠴᠠᠭ ᠦᠶ᠎ᠡ ᠶᠢᠨ ᠵᠤᠬᠢᠶᠠᠭᠳᠠᠭᠰᠠᠨ ᠪᠦᠳᠦᠭᠡᠯ ᠪᠤᠯᠤᠨ᠎ᠠ᠃ ᠶᠡᠭᠡ ᠲᠦᠯᠦᠪ ᠲᠡᠭᠡᠷ᠎ᠡ ᠪᠠᠨ ᠨᠢᠭᠡ ᠦᠶ᠎ᠡ ᠶᠢᠨ ᠵᠤᠬᠢᠶᠠᠭᠴᠢ ᠶᠤᠸᠠᠨ ᠤᠯᠤᠰ ᠤᠨ ᠠᠳᠠᠯᠢ ᠪᠤᠰᠤ ᠶᠢᠨ ᠴᠠᠭ ᠦᠶ᠎ᠡ ᠶᠢᠨ ᠵᠤᠷᠢᠭ ᠰᠠᠨᠠᠭ᠎ᠠ ᠶᠢᠨ ᠶᠡᠷᠦᠩᠭᠡᠢ ᠬᠡᠪ ᠵᠠᠩᠰᠢᠯ ᠢᠶᠠᠷ ᠪᠦᠳᠦᠭᠡᠭᠳᠡᠭᠰᠡᠨ ᠪᠦᠳᠦᠭᠡᠯ ᠪᠤᠯᠤᠨ᠎ᠠ᠃ ᠡᠨᠡ ᠬᠤᠶᠠᠷ ᠶᠠᠩᠵᠤ ᠶᠢᠨ ᠵᠦᠴᠦᠭᠡ ᠤᠭᠳᠤ ᠡᠰᠡᠷᠬᠦ ᠲᠡᠰᠡᠷᠬᠦ ᠲᠠᠯ᠎ᠠ ᠪᠠᠶᠢᠬᠤ ᠦᠭᠡᠢ᠂ ᠭᠠᠳᠠᠷ ᠲᠤᠳᠤᠷ᠎ᠠ ᠠᠳᠠᠯᠢ ᠪᠦᠭᠡᠳ ᠬᠠᠷᠢᠯᠴᠠᠨ ᠬᠤᠯᠪᠤᠭᠳᠠᠵᠤ ᠬᠠᠷᠢᠯᠴᠠᠨ ᠨᠦᠭᠦᠪᠦᠷᠢᠯᠡᠨ ᠨᠦᠭᠦᠴᠡᠯᠳᠦᠬᠦ ᠪᠤᠯᠤᠨ᠎ᠠ᠃ ᠦᠪᠡᠷ ᠤᠨ ᠴᠡᠩᠭᠡᠯ ᠪᠠ ᠬᠦᠮᠦᠨ ᠤ ᠴᠡᠩᠭᠡᠯ ᠢ ᠡᠷᠡᠰ ᠢᠯᠭᠠᠬᠤ ᠶᠢᠨ ᠠᠷᠭ᠎ᠠ ᠦᠭᠡᠢ᠃ ᠵᠦᠴᠦᠭᠡ ᠶᠢᠨ ᠠᠶ᠎ᠠ ᠪᠠᠰᠠ ᠬᠦᠮᠦᠨ ᠲᠠᠢ ᠴᠡᠩᠭᠡᠯᠳᠦᠵᠦ ᠪᠤᠯᠬᠤ ᠪᠦᠭᠡᠳ ᠲᠠᠷᠬᠠᠢ ᠵᠦᠴᠦᠭᠡ ᠪᠠᠰᠠ ᠦᠪᠡᠷ ᠢᠶᠠᠨ ᠴᠡᠩᠭᠡᠯᠳᠦᠵᠦ ᠪᠤᠯᠤᠨ᠎ᠠ᠃ ᠶᠤᠸᠠᠨ ᠤᠯᠤᠰ ᠤᠨ ᠡᠨᠡ ᠬᠤᠶᠠᠷ ᠶᠡᠭᠡ ᠵᠦᠴᠦᠭᠡ ᠪᠦᠭᠦᠯᠢ ᠪᠠᠷ ᠪᠠᠳᠤᠯᠠᠪᠠᠰᠤ ᠰᠠᠶ᠋ᠢ ᠭᠤᠶᠤ ᠰᠠᠶᠢᠬᠠᠨ ᠤᠬᠠᠮᠰᠠᠷ ᠪᠠ ᠴᠠᠭ ᠦᠶ᠎ᠡ ᠶᠢᠨ ᠤᠶᠤᠨ ᠤᠬᠠᠭᠠᠨ ᠢᠯᠡᠷᠡᠨ᠎ᠡ᠃ ᠶᠤᠸᠠᠨ ᠤ ᠵᠦᠴᠦᠭᠡ ᠶᠢ ᠲᠡᠭᠰᠢ ᠵᠦᠪ ᠢᠶᠠᠷ ᠦᠨᠡᠯᠡᠬᠦ ᠨᠢ ᠬᠠᠮᠤᠭ ᠴᠢᠬᠤᠯᠠ ᠨᠢ ᠶᠤᠸᠠᠨ ᠤᠯᠤᠰ ᠤᠨ ᠨᠡᠶᠢᠭᠡᠮ ᠢ ᠲᠡᠭᠰᠢ ᠵᠦᠪ ᠢᠶᠠᠷ ᠲᠠᠨᠢᠬᠤ ᠬᠡᠷᠡᠭᠳᠠᠢ᠃ ᠶᠤᠸᠠᠨ ᠤ ᠨᠡᠶᠢᠭᠡᠮ ᠬᠡᠵᠦ ᠬᠡᠯᠡᠪᠡᠰᠦ ᠬᠦᠮᠦᠰ ᠵᠠᠪᠠᠯ ᠰᠢᠯᠭᠠᠯᠳᠠ ᠶᠢᠨ ᠲᠦᠷᠢᠮ ᠢ ᠬᠦᠴᠦᠨ ᠦᠭᠡᠢ ᠪᠤᠯᠭᠠᠵᠤ᠂ ᠪᠢᠴᠢᠭ ᠤᠨ ᠬᠦᠮᠦᠨ ᠲᠡᠭᠡᠭᠰᠢ ᠲᠠᠪᠰᠢᠬᠤ ᠨᠦᠭᠦᠴᠡᠯ ᠦᠭᠡᠢ ᠪᠤᠯᠵᠤ᠂ ᠪᠦᠷ ︽ᠨᠠᠢᠮᠠᠨ ᠰᠡᠳᠬᠢᠴᠡᠨ᠂ ᠶᠢᠰᠦᠨ ᠪᠢᠴᠢᠭᠳᠡᠨ᠂ ᠠᠷᠪᠠᠨ ᠭᠤᠶᠢᠯᠢᠭᠴᠢᠳᠠᠨ︾ ᠤ ᠭᠤᠨᠢᠭᠳᠤ ᠪᠠᠶᠢᠷᠢ ᠳᠤ ᠬᠦᠷᠴᠠᠢ ᠬᠡᠵᠦ ᠬᠡᠯᠡᠨ᠎ᠡ᠃ ᠶᠤᠸᠠᠨ ᠤᠯᠤᠰ ᠤᠨ ᠨᠤᠶᠠᠷᠬᠠᠭᠴᠢ ᠪᠦᠯᠦᠭ ᠢ ᠦᠨᠳᠦᠰᠦᠳᠡᠨ ᠪᠠ ᠠᠩᠬᠢ ᠶᠢᠨ ᠬᠤᠶᠠᠷ ᠬᠦᠨᠳᠦ ᠲᠠᠷᠤᠯᠠᠯ ᠤᠨ ᠲᠤᠤᠷ᠎ᠠ ᠬᠦᠮᠦᠰ ᠦᠭᠦᠯᠡᠯ ᠵᠤᠬᠢᠶᠠᠯ ᠵᠤᠬᠢᠶᠠᠨ ᠨᠠᠶᠢᠷᠠᠭᠤᠯᠪᠠᠰᠤ ᠲᠡᠭᠡᠷᠡᠬᠢ ᠶᠢ ᠬᠠᠯᠳᠠᠭᠰᠠᠨ ᠮᠠᠭᠤ ᠶᠠᠷᠢᠶ᠎ᠠ ᠬᠡᠯᠡᠪᠡ ᠬᠡᠵᠦ ᠶᠠᠯ᠎ᠠ ᠲᠤᠯᠭᠠᠨ ᠠᠯᠠᠨ᠎ᠠ ᠬᠡᠵᠦ ᠶᠤᠸᠠᠨ ᠤ ᠨᠡᠶᠢᠭᠡᠮ ᠢ ᠴᠢᠰᠤ ᠭᠤᠭᠤᠵᠢᠵᠤ᠂ ᠵᠢᠰᠤᠷ ᠬᠤᠤᠷᠠᠳᠠᠢ ᠤᠶᠤᠳᠠᠨ ᠰᠡᠭᠡᠭᠡᠳᠡᠨ ᠠᠯᠢ ᠨᠡᠶᠢᠭᠡᠮ ᠠᠴᠠ ᠢᠯᠡᠭᠦᠦ ᠲᠠᠷᠤᠯᠠᠭᠳᠠᠵᠤ᠂ ᠠᠮᠢᠳᠤᠷᠠᠬᠤ ᠵᠠᠮ ᠦᠭᠡᠢ ᠬᠡᠵᠦ ᠲᠦᠷᠰᠦᠯᠡᠬᠦ ᠨᠢ ᠲᠤᠩ ᠬᠠᠵᠠᠭᠠᠢ ᠬᠡᠯᠡᠯᠭᠡ ᠪᠤᠯᠤᠨ᠎ᠠ᠃ ᠲᠡᠭᠡᠷᠡᠬᠢ ᠬᠡᠯᠡᠯᠭᠡ ᠪᠠᠷ ᠪᠤᠳᠤᠪᠠᠰᠤ ᠨᠢᠭᠡᠨ ᠬᠠᠮᠤᠭ ᠬᠢᠯᠪᠠᠷ ᠯᠤᠬᠢᠭ ᠢ ᠲᠠᠶᠢᠯᠬᠤ ᠶᠢᠨ ᠠᠷᠭ᠎ᠠ ᠦᠭᠡᠢ᠂ ᠶᠤᠸᠠᠨ ᠤ ᠨᠡᠶᠢᠭᠡᠮ ᠦᠨᠡᠭᠡᠷ ᠲᠡᠶᠢᠮᠦ ᠬᠠᠷᠠᠩᠭᠤᠢ ᠪᠤᠯ ᠤᠶᠤᠳᠠᠨ ᠰᠡᠭᠡᠭᠡᠳᠡᠨ ᠲᠦᠷᠪᠡᠨ ᠵᠦᠢᠭ ᠲᠤ ᠲᠠᠭᠤᠨ ᠭᠠᠷᠴᠤ ︵四面楚歌︶᠂ ᠨᠢᠭᠡᠨ ᠦᠶ᠎ᠡ ᠶᠢᠨ ᠶᠤᠸᠠᠨ ᠤ ᠤᠳᠬ᠎ᠠ ᠵᠤᠬᠢᠶᠠᠯ — ᠶᠤᠸᠠᠨ ᠤ ᠵᠦᠴᠦᠭᠡ ᠶᠠᠭᠠᠬᠢᠨ ᠮᠠᠨᠳᠤᠨ ᠬᠦᠭᠵᠢᠭᠰᠡᠨ ᠪᠤᠢ︖ ᠨᠢᠭᠡᠨ ᠨᠡᠶᠢᠭᠡᠮ ᠤᠨ ᠠᠵᠤ ᠠᠬᠤᠢ ᠶᠡᠭᠡᠪᠡᠷ ᠬᠦᠭᠵᠢᠭᠰᠡᠨ ᠦᠭᠡᠢ ᠪᠤᠯ᠂ ᠨᠢᠭᠡᠨ ᠰᠤᠯᠠᠷᠠᠬᠤ ᠦᠭᠡᠢ ᠤᠳᠬ᠎ᠠ ᠰᠤᠶᠤᠯ ᠤᠨ ᠲᠦᠷᠦ ᠶᠢᠨ ᠪᠤᠳᠤᠯᠭ᠎ᠠ ᠦᠭᠡᠢ ᠪᠤᠯ᠂ ᠨᠢᠭᠡᠨ ᠤᠳᠬ᠎ᠠ ᠰᠤᠶᠤᠯ ᠢ ᠵᠤᠬᠢᠶᠠᠨ ᠡᠭᠦᠳᠬᠦ ᠰᠠᠶᠢᠨ ᠨᠦᠭᠦᠴᠡᠯ ᠦᠭᠡᠢ ᠪᠤᠯ ᠶᠠᠭᠠᠬᠢᠨ ᠭᠤᠸᠠᠨ᠂ ᠮᠠ᠂ ᠸᠠᠩ᠂ ᠪᠠᠢ᠂ ᠵᠧᠩ ᠵᠡᠷᠭᠡ ᠶᠢᠨ ᠲᠡᠷᠢᠬᠦᠨ ᠤᠷᠠᠯᠢᠭᠴᠢ ᠶᠡᠭᠡ ᠪᠠᠭᠰᠢ ᠭᠠᠷᠬᠤ ᠪᠤᠢ︖ ᠶᠠᠭᠠᠬᠢᠨ ᠤᠯᠠᠨ ᠤᠳᠤᠨ ᠰᠠᠷᠠ ᠶᠢ ᠲᠤᠭᠤᠷᠢᠬᠤ ᠮᠡᠳᠦ ᠤᠷᠠᠨ ᠵᠤᠬᠢᠶᠠᠭᠴᠢ ᠪᠠ ᠵᠦᠴᠦᠭᠡᠴᠢᠨ ᠭᠠᠷᠤᠭᠰᠠᠨ ᠪᠤᠢ︖ ᠶᠠᠭᠠᠬᠢᠨ ᠨᠢᠭᠡᠨ ᠦᠶ᠎ᠡ ᠶᠢᠨ ᠠᠭᠤᠤ ᠤᠳᠬ᠎ᠠ ᠵᠤᠬᠢᠶᠠᠯ ᠪᠦᠳᠦᠭᠡᠯ ᠭᠠᠷᠭᠠᠭᠰᠠᠨ ᠪᠤᠢ︖ ᠡᠨᠡ ᠪᠦᠬᠦᠨ ᠪᠦᠷ ᠨᠡᠶᠢᠭᠡᠮ ᠤᠨ ᠠᠮᠤᠷ ᠲᠠᠯᠪᠢᠭᠤ ᠲᠠᠶᠢᠪᠤᠩ ᠲᠡᠮᠵᠢᠯᠭᠡ ᠶᠢ ᠤᠯᠤᠭᠰᠠᠨ ᠤᠴᠢᠷ ᠠᠴᠠ ᠰᠠᠶ᠋ᠢ ᠡᠶᠢᠮᠦ ᠠᠭᠤᠤ ᠪᠦᠳᠦᠭᠡᠯ ᠲᠡᠯᠭᠡᠷᠡᠨ ᠭᠠᠷᠴᠤ ᠪᠠᠳᠠᠷᠠᠭᠰᠠᠨ ᠪᠠᠶᠢᠬᠤ ᠪᠤᠯᠤᠨ᠎ᠠ᠃ ᠦᠨᠡᠨ ᠳᠤ ᠪᠠᠨ ᠶᠤᠸᠠᠨ ᠤᠯᠤᠰ ᠤᠨ ᠤᠶᠤᠳᠠᠨ ᠰᠡᠭᠡᠭᠡᠳᠡᠨ ᠵᠢᠷᠭᠠᠯᠳᠠᠢ ᠲᠠᠯ᠎ᠠ ᠤᠯᠠᠨ ᠪᠠᠶᠢᠨ᠎ᠠ᠃ ᠲᠡᠳᠡᠨ ᠦᠨᠳᠦᠷ ᠵᠡᠷᠭᠡ ᠶᠢᠨ ᠴᠢᠯᠦᠭᠡᠳᠦ ᠰᠠᠨᠠᠭ᠎ᠠ ᠰᠡᠳᠬᠢᠯᠭᠡ ᠶᠢ ᠡᠵᠡᠮᠰᠢᠵᠦ᠂ ᠤᠶᠤᠨ ᠤᠬᠠᠭᠠᠨ ᠤ ᠴᠢᠯᠦᠭᠡᠳᠠᠢ ᠤᠳᠬ᠎ᠠ ᠵᠤᠬᠢᠶᠠᠯ ᠨᠠᠶᠢᠷᠠᠭᠤᠯᠬᠤ ᠡᠷᠭᠡ ᠲᠠᠢ᠂ ᠡᠨᠡᠬᠦ ᠪᠠᠶᠢᠳᠠᠯ ᠶᠠᠭ ᠤᠳᠬ᠎ᠠ ᠤᠷᠠᠯᠢᠭ ᠪᠠᠳᠠᠷᠠᠭᠰᠠᠨ ᠴᠢᠬᠤᠯᠠ ᠰᠢᠯᠳᠠᠭᠠᠨ ᠪᠤᠯᠤᠨ᠎ᠠ᠃ ᠪᠠᠰᠠ ᠬᠦᠮᠦᠨ ᠤ ᠨᠢᠭᠡ ᠨᠠᠰᠤᠨ ᠤ ᠬᠠᠮᠤᠭ ᠤᠨ ᠵᠤᠯ ᠵᠢᠷᠭᠠᠯ ᠲᠠᠢ ᠨᠦᠭᠦᠴᠡᠯ ᠪᠤᠯᠤᠨ᠎ᠠ᠃ ᠶᠤᠸᠠᠨ ᠤᠯᠤᠰ ᠤᠨ ᠦᠶ᠎ᠡ ᠳᠤ ᠰᠢᠯᠭᠠᠯᠳᠠ ᠶᠢᠨ ᠲᠦᠷᠢᠮ ᠢ ᠬᠦᠴᠦᠨ ᠦᠭᠡᠢ ᠪᠤᠯᠠᠭᠠᠵᠤ᠂ ᠤᠶᠤᠳᠠᠨ ᠰᠡᠭᠡᠭᠡᠳᠡᠨ ᠰᠢᠯᠭᠠᠯᠳᠠ ᠪᠠᠷ ᠲᠡᠭᠡᠭᠰᠢ ᠲᠠᠪᠰᠢᠬᠤ ᠨᠦᠭᠦᠴᠡᠯ ᠦᠭᠡᠢ ᠪᠤᠯᠤᠭᠰᠠᠨ ᠨᠢ ᠦᠨᠡᠨ ᠬᠡᠷᠡᠭ ᠪᠤᠯᠤᠨ᠎ᠠ᠃ ᠬᠡᠳᠡᠯ᠎ᠡ ᠮᠤᠩᠭᠤᠯ ᠦᠨᠳᠦᠰᠦᠳᠡᠨ ᠤ ᠨᠤᠶᠠᠷᠬᠠᠯ ᠤᠨ ᠰᠢᠯᠳᠠᠭᠠᠨ ᠢᠶᠠᠷ ᠤᠯᠠᠨ ᠦᠨᠳᠦᠰᠦᠳᠡᠨ ᠨᠠᠶᠢᠷᠠᠮᠳᠠᠭᠤ ᠪᠤᠯᠵᠤ᠂ ᠤᠯᠠᠨ ᠵᠦᠢᠯ ᠤᠨ ᠤᠳᠬ᠎ᠠ ᠰᠤᠶᠤᠯ ᠰᠠᠨᠠᠭ᠎ᠠ ᠰᠡᠳᠬᠢᠯᠭᠡ ᠨᠢᠭᠳᠠᠷᠠᠨ᠂ ᠨᠡᠶᠢᠭᠡᠮ ᠰᠤᠯᠠᠷᠠᠩᠭᠤᠢ ᠪᠠ ᠨᠡᠭᠡᠭᠡᠯᠳᠦ ᠠᠵᠤ ᠠᠬᠤᠢ ᠬᠦᠭᠵᠢᠵᠦ᠂ ᠤᠯᠤᠰ ᠠᠴᠠ ᠠᠷᠠᠳ ᠲᠦᠮᠡᠨ ᠤ ᠰᠡᠳᠬᠢᠯ ᠰᠠᠨᠠᠭ᠎ᠠ ᠶᠢ ᠡᠵᠡᠮᠰᠢᠬᠦ ᠨᠢ ᠰᠤᠯᠠᠷᠠᠵᠤ᠂ ᠦᠷᠭᠡᠨ ᠤᠯᠠᠨ ᠤᠶᠤᠳᠠᠨ ᠰᠡᠭᠡᠭᠡᠳᠡᠨ ᠳᠤ ᠤᠳᠬ᠎ᠠ ᠤᠷᠠᠯᠢᠭ ᠵᠤᠬᠢᠶᠠᠨ ᠡᠭᠦᠳᠬᠦ ᠡᠭᠦᠳᠡ ᠶᠢ ᠨᠡᠭᠡᠭᠡᠭᠰᠡᠨ ᠪᠤᠯᠬᠤᠷ ᠨᠢᠭᠡᠨ ᠦᠶ᠎ᠡ ᠶᠢᠨ ᠬᠡᠷᠯᠡᠳᠦᠭᠦᠯᠦᠭᠰᠡᠨ ᠠᠪᠤᠷᠭᠤ ᠪᠦᠳᠦᠭᠡᠯ — ᠶᠤᠸᠠᠨ ᠤ ᠵᠦᠴᠦᠭᠡ ᠲᠡᠯᠡᠭᠡᠢ ᠨᠡᠶᠢᠳᠡ ᠳᠤ ᠮᠠᠨᠳᠤᠨ ᠪᠠᠳᠠᠷᠠᠪᠠ᠃ ᠶᠤᠸᠠᠨ ᠤ ᠨᠢᠭᠡᠨ ᠦᠶ᠎ᠡ ᠶᠢ ᠶᠡᠷᠦᠩᠭᠡᠶᠢᠯᠡᠨ ᠦᠵᠡᠪᠡᠰᠦ᠂ ᠨᠤᠳᠤᠭ ᠲᠡᠪᠢᠰᠭᠡᠷ ᠦᠷᠭᠡᠨ ᠠᠭᠤᠳᠠᠮ᠂ ᠬᠢᠯᠢ ᠬᠢᠵᠠᠭᠠᠷ ᠨᠡᠭᠡᠭᠡᠭᠳᠡᠵᠦ᠂ ᠤᠯᠠᠨ ᠦᠨᠳᠦᠰᠦᠳᠡᠨ ᠬᠤᠯᠢᠯᠳᠤᠨ ᠠᠮᠢᠳᠤᠷᠠᠵᠤ᠂ ᠰᠦᠰᠦᠭ ᠪᠢᠰᠢᠷᠡᠯ ᠴᠢᠯᠦᠭᠡᠳᠠᠢ ᠡᠯᠳᠡᠪ ᠱᠠᠰᠢᠨ ᠰᠢᠳᠦᠯᠭᠡ ᠲᠤᠷ᠎ᠠ ᠪᠠᠷ ᠲᠡᠯᠭᠡᠷᠡᠵᠦ᠂ ᠺᠦᠩᠽᠢ ᠶᠢᠨ ᠰᠤᠷᠭᠠᠯᠳᠠᠨ ᠰᠤᠯᠠᠷᠠᠵᠤ᠂ ︽ᠶᠤᠸᠠᠨ ᠤ ᠦᠶ᠎ᠡ  ᠶᠢᠨ ᠬᠦᠮᠦᠰ ᠤᠯᠠᠩᠬᠢ ᠨᠢ ᠲᠠᠭᠤᠤ ᠪᠦᠵᠢᠭ ᠲᠤ ᠰᠢᠨᠤᠬᠠᠶᠢᠷᠠᠵᠤ᠂ ᠠᠵᠢᠯ ᠬᠦᠳᠡᠯᠮᠦᠷᠢ ᠬᠢᠬᠦ ᠲᠤᠷ᠎ᠠ ᠦᠭᠡᠢ︾᠂ ᠨᠡᠶᠢᠭᠡᠮ ᠲᠡᠭᠡᠷ᠎ᠡ ᠤᠳᠬ᠎ᠠ ᠤᠷᠠᠯᠢᠭ ᠤᠨ ᠠᠭᠤᠷ ᠠᠮᠢᠰᠬᠤᠯ ᠲᠡᠭᠳᠡᠵᠦ᠂ ᠡᠷᠭᠡ ᠴᠢᠯᠦᠭᠡᠳᠦ ᠰᠠᠨᠠᠭ᠎ᠠ ᠰᠡᠳᠬᠢᠯᠭᠡ ᠪᠦᠷᠢᠨ ᠢᠶᠠᠷ ᠴᠢᠯᠦᠭᠡᠯᠡᠭᠳᠡᠵᠦ᠂ ᠤᠳᠬ᠎ᠠ ᠰᠤᠶᠤᠯ ᠤᠨ ᠱᠤᠷᠤᠩ ᠬᠢᠨᠳᠠᠨ ᠠᠯᠠᠭ᠎ᠠ ᠪᠤᠯᠵᠤ᠂ ᠡᠶᠢᠮᠦ ᠤᠴᠢᠷ ᠠᠴᠠ ᠬᠦᠮᠦᠰ ᠤᠨ ᠤᠶᠤᠨ ᠤᠬᠠᠭᠠᠨ ᠬᠢᠵᠠᠭᠠᠷᠯᠠᠭᠳᠠᠬᠤ ᠦᠭᠡᠢ᠃ ᠶᠤᠸᠠᠨ ᠤ ᠲᠡᠦᠭᠡ ᠳᠤ ᠬᠠᠤᠯᠢ ᠴᠠᠭᠠᠵᠠ ᠶᠢᠨ ᠲᠡᠮᠳᠡᠭᠯᠡᠯ ᠳᠤ ᠬᠡᠳᠦᠶᠢᠪᠡᠷ ︽ᠲᠤᠷ᠎ᠠ ᠪᠠᠷ ᠦᠭᠦᠯᠡᠯ ᠵᠦᠴᠦᠭᠡ ᠨᠠᠶᠢᠷᠠᠭᠤᠯᠵᠤ ᠤᠯᠤᠰ ᠲᠦᠷᠦ ᠳᠤ ᠬᠠᠷᠰᠢ ᠲᠠᠢ ᠪᠤᠯ ᠶᠠᠯᠠᠯᠠᠬᠤ︾ ᠵᠤᠷᠪᠤᠰ ᠪᠠᠶᠢᠪᠠᠴᠤ ᠬᠡᠷᠡᠭᠵᠢᠭᠦᠯᠦᠭᠰᠡᠨ ᠦᠭᠡᠢ᠃ ᠶᠤᠸᠠᠨ ᠤᠯᠤᠰ ᠤᠨ ᠬᠠᠤᠯᠢ ᠴᠠᠭᠠᠵᠠ ᠨᠢᠭᠳᠠ ᠦᠭᠡᠢ᠂ ᠰᠤᠯᠠ ᠪᠤᠯᠬᠤᠷ ᠶᠤᠸᠠᠨ ᠤᠯᠤᠰ ᠤᠨ ︽ᠲᠠᠶᠢᠪᠤᠩ ᠲᠦᠷᠢᠮ︾ ᠳᠤ ︽ᠬᠠᠤᠯᠢ ᠴᠠᠭᠠᠵᠠ ᠲᠤᠭᠳᠠᠪᠤᠷᠢ ᠦᠭᠡᠢ ᠨᠠᠭᠠᠳᠤᠮ ᠮᠡᠳᠦ᠂ ᠲᠡᠷᠢᠬᠦᠨ ᠵᠢᠯ ᠲᠠᠷᠠᠭ᠎ᠠ ᠵᠢᠯ ᠲᠠᠢ ᠠᠳᠠᠯᠢ ᠦᠭᠡᠢ ᠪᠤᠯᠵᠤ᠂ ᠠᠷᠠᠳ ᠤᠨ ᠲᠤᠮᠳᠠ ᠲᠡᠷᠢᠬᠦᠨ ᠵᠢᠯ ᠴᠢᠩᠭ᠎ᠠ᠂ ᠬᠤᠶᠠᠳᠤᠭᠠᠷ ᠵᠢᠯ ᠠᠭᠠᠵᠢᠮ᠂ ᠭᠤᠷᠪᠠᠳᠤᠭᠠᠷ ᠵᠢᠯ ᠰᠤᠯᠠᠷᠠᠨ᠎ᠠ︾ ᠬᠡᠵᠦ ᠲᠦᠷᠰᠦᠯᠡᠨ᠎ᠡ᠃ ᠶᠤᠸᠠᠨ ᠤᠯᠤᠰ ᠡᠨᠡᠬᠦ ᠰᠤᠯᠠ ᠪᠠᠶᠢᠳᠠᠯ ᠮᠢᠩ᠂ ᠴᠢᠩ ᠬᠤᠶᠠᠷ ᠤᠯᠤᠰ ᠤᠨ ᠴᠢᠩᠭ᠎ᠠ ᠬᠡᠷᠴᠡᠭᠡᠢ ᠨᠤᠶᠠᠷᠬᠠᠬᠤ ᠤᠳᠬ᠎ᠠ ᠰᠤᠶᠤᠯ ᠤᠨ ᠱᠤᠷᠤᠩ ᠬᠢᠨᠳᠠᠨ ᠬᠡᠷᠡᠭᠵᠢᠭᠦᠯᠵᠦ᠂ ᠬᠦᠮᠦᠨ ᠤ ᠰᠡᠳᠬᠢᠯ ᠰᠠᠨᠠᠭ᠎ᠠ ᠪᠠ ᠤᠷᠪᠠᠭ᠋ᠤ ᠵᠤᠷᠢᠭ ᠢ ᠪᠤᠭᠤᠮᠢᠯᠠᠨ ᠠᠯᠠᠬᠤ ᠠᠴᠠ ᠡᠷᠡᠰ ᠤᠨᠳᠤᠤ ᠪᠤᠯᠤᠨ᠎ᠠ᠃ ᠵᠦ ᠶᠤᠸᠠᠨ ᠵᠠᠩ ︽ᠡᠨᠡᠬᠦ ᠶᠤᠸᠠᠨ ᠤᠯᠤᠰ ᠤᠨ ᠲᠦᠷᠦ ᠦᠩᠭᠡᠷᠡᠦ ᠰᠤᠯᠠ ᠲᠠᠯᠪᠢᠭᠤ︾ ᠪᠤᠯᠵᠤ᠂ ᠤᠯᠤᠰ ᠮᠦᠭᠦᠭᠰᠡᠨ ᠤ ᠰᠢᠯᠳᠠᠭᠠᠨ ᠢᠶᠠᠷ ᠤᠨᠴᠠᠭᠠᠢ ᠲᠠᠷᠤᠯᠠᠯ ᠤᠨ ᠵᠠᠰᠠᠭ ᠲᠦᠷᠦ ᠶᠢ ᠶᠠᠪᠤᠭᠳᠠᠭᠤᠯᠪᠠ᠃ ᠶᠤᠸᠠᠨ ᠤ ᠵᠦᠴᠦᠭᠡ ᠶᠢᠨ ᠬᠦᠭᠵᠢᠭᠰᠡᠨ ᠪᠠ ᠶᠤᠸᠠᠨ ᠤ ᠨᠡᠶᠢᠭᠡᠮ ᠢ ᠬᠤᠪᠢᠰᠤᠩᠭᠤᠢ ᠬᠠᠷᠢᠴᠠᠭ᠎ᠠ ᠪᠠᠷ ᠦᠵᠡᠭᠰᠡᠨ ᠮᠢᠩ ᠤᠯᠤᠰ ᠤᠨ ᠯᠢ ᠭᠠᠢ ᠰᠢᠶᠠᠨ ᠲᠤᠳᠤ ᠬᠡᠯᠡᠵᠦ᠂ ︽ᠶᠤᠸᠠᠨ ᠤ ᠦᠭᠦᠯᠡᠯ ᠢᠩᠬᠢᠵᠦ ᠲᠡᠭᠦᠰᠴᠦ᠂ ᠶᠤᠸᠠᠨ ᠤ ᠵᠤᠷᠢᠭ ᠢᠩᠬᠢᠵᠦ ᠲᠤᠷᠤᠶᠢᠳᠠᠪᠠ︾ ᠬᠡᠵᠠᠢ᠃ ᠶᠤᠸᠠᠨ ᠤ ᠵᠦᠴᠦᠭᠡ ᠪᠤᠯ ᠶᠤᠸᠠᠨ ᠤ ᠨᠡᠶᠢᠭᠡᠮ ᠤᠨ ᠭᠤᠶᠤ ᠰᠠᠶᠢᠬᠠᠨ ᠢ ᠰᠤᠨᠢᠷᠬᠠᠬᠤ ᠪᠠ ᠴᠠᠭ ᠦᠶ᠎ᠡ ᠶᠢᠨ ᠬᠦᠭᠵᠢᠯ ᠤᠨ ᠰᠠᠨᠠᠭ᠎ᠠ ᠶᠢ ᠲᠦᠭᠦᠮᠴᠢᠯᠡᠨ ᠬᠡᠯᠡᠪᠡᠰᠦ ︿ᠲᠡᠨᠦᠭᠦᠯᠴᠢ ᠶᠢᠨ ᠠᠭᠤᠷ ᠠᠮᠢᠰᠬᠤᠯ᠂ ᠠᠮᠤᠷ ᠨᠢᠭᠤᠴᠠ ᠰᠡᠳᠬᠢᠯ ᠤᠨ ᠬᠦᠳᠡᠯᠭᠡᠭᠡᠨ ᠪᠠ ᠲᠡᠮᠡᠴᠡᠭᠴᠢ ᠰᠡᠳᠬᠢᠯ ᠤᠨ ᠨᠡᠶᠢᠯᠡᠮᠡᠯ ᠢᠶᠠᠷ ᠪᠦᠳᠦᠭᠰᠡᠨ ᠡᠷᠭᠡᠴᠡᠭᠦᠯᠬᠦ ᠤᠬᠠᠮᠰᠠᠷᠠᠯ﹀ ᠪᠤᠯᠤᠨ᠎ᠠ᠃ ᠶᠤᠸᠠᠨ ᠤᠯᠤᠰ ᠤᠨ ᠤᠶᠤᠳᠠᠨ ᠰᠡᠭᠡᠭᠡᠳᠡᠨ᠂ ᠲᠠᠭᠤᠤ ᠪᠦᠵᠢᠭ ᠤᠨ ᠲᠠᠯᠠᠪᠠᠢ ᠶᠠᠩᠬᠠᠨ ᠬᠤᠷᠠᠨ ᠠᠰᠠᠷ ᠢᠶᠠᠷ ᠭᠠᠷᠴᠤ ᠤᠷᠤᠵᠤ᠂ ᠨᠤᠮ ᠪᠢᠴᠢᠭ ᠤᠨ ᠬᠤᠷᠠᠯ ᠳᠤ ᠤᠷᠤᠯᠴᠠᠵᠤ᠂ ᠤᠳᠬ᠎ᠠ ᠤᠷᠠᠯᠢᠭ ᠤᠨ ᠦᠢᠯᠡᠰ ᠤᠨ ᠴᠢᠯᠦᠭᠡᠳᠦ ᠬᠦᠰᠡᠭᠦᠶᠢᠴᠡ ᠠᠮᠢᠳᠤᠷᠠᠯ ᠢᠶᠠᠷ ᠪᠠᠭ᠋ᠠᠳᠤᠬᠤ ᠪᠠ ᠤᠮᠤᠭᠰᠢᠵᠤ᠂ ᠰᠦᠩ ᠤᠯᠤᠰ ᠤᠨ ᠯᠢᠦ ᠶᠦᠩ ᠤᠨ ᠬᠡᠯᠡᠭᠰᠡᠨ ᠮᠡᠳᠦ ᠪᠠᠷ ︽ᠡᠳᠡᠭᠡᠷ ᠬᠦᠮᠦᠰ ᠪᠡᠶ᠎ᠡ ᠪᠠᠨ ᠡᠷᠳᠡᠮᠳᠡᠨ ᠬᠦᠪᠡᠭᠦᠳ ᠦᠭᠦᠯᠡᠯ ᠤᠨ ᠬᠦᠮᠦᠰ᠂ ᠴᠠᠭᠠᠨ ᠬᠤᠪᠴᠠᠰᠤᠳᠤ ᠵᠠᠶᠢᠰᠠᠩ ᠲᠦᠰᠢᠮᠡᠯ ᠬᠡᠵᠦ ᠠᠭᠠᠰᠢᠯᠠᠨ᠎ᠠ︾ ᠬᠡᠵᠦ ᠲᠦᠷᠰᠦᠯᠡᠭᠰᠡᠨ ᠪᠤᠯᠪᠠᠴᠤ ᠨᠡᠶᠢᠭᠡᠮ ᠲᠡᠭᠡᠷ᠎ᠡ ᠡᠳᠡᠭᠡᠷ ᠬᠦᠮᠦᠨ ᠢ ᠤᠷᠬᠢᠵᠤ᠂ ᠡᠷᠭᠡᠮ ᠦᠭᠡᠢ ︿ᠲᠡᠨᠦᠭᠦᠯᠴᠢ﹀ ᠶᠠᠭᠤᠮ᠎ᠠ ᠬᠡᠵᠦ ᠲᠤᠤᠭᠤᠷ ᠦᠵᠡᠨ᠎ᠡ᠃ ᠬᠡᠪᠡᠴᠦ ᠶᠤᠸᠠᠨ ᠤᠯᠤᠰ ᠤᠨ ᠦᠶ᠎ᠡ ᠳᠤ ᠡᠳᠡᠭᠡᠷ ︿ᠲᠡᠨᠦᠭᠦᠯᠴᠢ﹀ ᠪᠡᠶ᠎ᠡ ᠪᠠᠨ ᠬᠦᠮᠦᠨ ᠤ ᠴᠢᠨᠠᠷ ᠲᠠᠢ ᠪᠦᠬᠦᠨ ᠢᠶᠠᠷ ᠴᠢᠯᠦᠭᠡᠯᠡᠭᠳᠡᠭᠰᠡᠨ ᠤᠳᠬ᠎ᠠ ᠲᠠᠢ ᠬᠦᠮᠦᠨ ᠤ ᠬᠦᠨᠳᠦᠳᠭᠡᠯ ᠢ ᠲᠠᠬᠢᠨ ᠤᠯᠤᠭᠰᠠᠨ ᠦᠩᠭᠡ ᠬᠡᠷᠡᠯ ᠲᠠᠢ ᠬᠡᠵᠦ ᠶᠡᠭᠡᠯ ᠴᠤᠤᠷᠢᠶ᠎ᠠ ᠲᠠᠳᠠᠨ᠎ᠠ᠃ ᠶᠤᠸᠠᠨ ᠤᠯᠤᠰ ᠤᠨ ᠡᠨᠡᠬᠦ ︿ᠲᠡᠨᠦᠭᠦᠯᠴᠢ﹀ ᠶᠢᠨ ᠤᠮᠤᠭᠰᠢᠨ ᠠᠭᠠᠰᠢᠯᠠᠬᠤ ᠴᠦᠭᠡᠭᠡᠨ ᠬᠦᠮᠦᠨ ᠪᠤᠰᠤ᠂ ᠡᠨᠡ ᠪᠤᠯ ᠶᠠᠭ ᠶᠤᠸᠠᠨ ᠤᠯᠤᠰ ᠤᠨ ᠨᠡᠶᠢᠭᠡᠮ ᠤᠨ ᠤᠨᠴᠠᠯᠢᠭ ᠪᠤᠯᠤᠨ᠎ᠠ᠃ ︽ᠴᠢᠳᠭᠦᠷ ᠤᠨ ᠲᠠᠩᠰᠠ ᠲᠡᠮᠳᠡᠭᠯᠡᠯ︾ ᠳᠤ ︿ᠲᠡᠨᠦᠭᠦᠯᠴᠢ﹀ ᠶᠢ ᠰᠠᠶᠢᠰᠢᠶᠠᠨ ᠮᠠᠭᠳᠠᠵᠤ᠂ ︽ᠭᠤᠸᠠᠨ ᠬᠠᠨ ᠴᠢᠩ ᠨᠠᠷ ᠦᠪᠡᠷ ᠤᠨ ᠵᠤᠬᠢᠶᠠᠭᠰᠠᠨ ᠤᠳᠬ᠎ᠠ ᠵᠤᠬᠢᠶᠠᠯ ᠢᠶᠠᠨ ᠮᠠᠭᠳᠠᠵᠤ ᠯᠠᠷᠵᠠ ᠲᠠᠳᠠᠵᠤ᠂ ᠪᠡᠶ᠎ᠡ ᠪᠠᠨ ᠦᠩᠭᠡᠯᠡᠨ ᠴᠢᠮᠡᠭᠯᠡᠵᠦ᠂ ᠬᠡᠷ ᠤᠨ ᠠᠮᠢᠳᠤᠷᠠᠯ ᠢ ᠪᠠᠨ ᠤᠨᠴᠠᠭᠠᠢ ᠦᠭᠬᠢᠶᠡᠮᠦᠷ ᠬᠡᠵᠦ ᠲᠠᠳᠠᠭᠠᠯᠵᠢᠯᠠᠯ ᠦᠭᠡᠢ ᠤᠮᠤᠭᠰᠢᠨ ᠠᠭᠠᠰᠢᠯᠠᠨ᠎ᠠ᠃ ᠡᠳᠡᠭᠡᠷ ᠬᠦᠮᠦᠰ ᠶᠠᠩᠬᠠᠨ ᠵᠤᠴᠢᠨ᠂ ᠰᠢ ᠲᠤᠭᠯᠠᠭᠴᠢᠳ ᠪᠦᠭᠡᠳ ᠤᠳᠬ᠎ᠠ ᠤᠷᠠᠯᠢᠭ ᠬᠤᠤᠰᠯᠠᠭᠰᠠᠨ ᠡᠷᠳᠡᠮᠳᠡᠨ ᠬᠦᠪᠡᠭᠦᠳ ᠭᠤᠶᠤ ᠦᠬᠢᠳ ᠪᠤᠯᠤᠨ᠎ᠠ︾᠃ ᠨᠡᠶᠢᠳᠡᠮ ᠢᠶᠠᠷ ᠪᠤᠳᠤᠪᠠᠰᠤ ᠡᠳᠡᠭᠡᠷ ᠬᠦᠮᠦᠰ ᠪᠤᠯ ᠲᠤᠮᠳᠠᠳᠤ ᠤᠯᠤᠰ ᠤᠨ ᠹᠸᠤᠳᠠᠯ  ᠤᠨ ᠨᠡᠶᠢᠭᠡᠮ ᠤᠨ ᠦᠶ᠎ᠡ ᠶᠢᠨ ᠪᠡᠶ᠎ᠡ ᠪᠠᠨ ᠨᠡᠶᠢᠭᠡᠮ ᠳᠤ ᠪᠦᠷᠢᠨ ᠤᠷᠤᠯᠴᠠᠭᠰᠠᠨ ᠠᠷᠠᠳ ᠤᠨ ᠲᠤᠮᠳᠠ ᠠᠮᠢᠳᠤᠷᠠᠭᠰᠠᠨ ᠤᠶᠤᠳᠠᠨ ᠰᠡᠭᠡᠭᠡᠳᠡᠨ ᠨᠢᠭᠡ ᠪᠦᠯᠦᠭ ᠪᠤᠯᠤᠨ᠎ᠠ᠃ ᠪᠠᠰᠠ ᠠᠯᠢᠪᠠ ᠴᠢᠳᠠᠯ ᠡᠷᠳᠡᠮ ᠢᠶᠠᠨ ᠤᠳᠬ᠎ᠠ ᠤᠷᠠᠯᠢᠭ ᠲᠤ ᠡᠷᠭᠦᠨ ᠪᠠᠷᠢᠵᠤ ᠶᠠᠪᠤᠭᠰᠠᠨ ᠬᠦᠮᠦᠰ ᠪᠤᠯᠤᠨ᠎ᠠ᠃ ᠭᠤᠸᠠᠨ ᠬᠠᠨ ᠴᠢᠩ ︽ᠠᠭᠰᠢᠷᠠᠭ᠎ᠠ ᠦᠭᠡᠢ ᠨᠠᠰᠤ ︾ ᠬᠡᠰᠡᠨ ᠵᠦᠴᠦᠭᠡ ᠳᠤ ᠪᠠᠨ ︿ᠲᠡᠨᠦᠭᠦᠯᠴᠢ﹀ ᠶᠢᠨ ᠵᠤᠷᠢᠭ ᠰᠠᠨᠠᠭ᠎ᠠ ᠶᠢ ᠬᠦᠴᠦᠳᠠᠢ ᠶᠡᠭᠡ ᠦᠩᠭᠡᠯᠡᠵᠦ᠂ ᠵᠦᠴᠦᠭᠡ ᠶᠢᠨ ᠲᠤᠳᠤᠷ᠎ᠠ ︽ᠵᠡᠰ ᠸᠠᠨᠳ᠋ᠸᠦ ᠪᠤᠷᠴᠠᠭ︾  ᠬᠡᠰᠡᠨ ᠨᠢ ᠶᠤᠸᠠᠨ ᠤᠯᠤᠰ ᠤᠨ ᠶᠠᠪᠤᠯᠴᠠᠬᠤ ᠬᠦᠷᠢᠶᠡᠯᠡᠩ  ᠤᠨ ᠲᠤᠳᠤᠷ᠎ᠠ ᠠᠭᠰᠢᠷᠠᠭ᠎ᠠ ᠶᠠᠩᠬᠠᠨ ᠵᠤᠴᠢᠨ ᠢ ᠤᠷᠤᠭᠤᠯᠤᠨ ᠦᠩᠭᠡᠯᠡᠵᠦ᠂ ᠭᠤᠸᠠᠨ ᠬᠠᠨ ᠴᠢᠩ ᠪᠡᠶ᠎ᠡ ᠪᠠᠨ ︽ᠵᠡᠰ ᠸᠠᠨᠳ᠋ᠸᠦ ᠪᠤᠷᠴᠠᠭ︾ ᠬᠡᠵᠦ ᠦᠯᠢᠶᠡᠵᠦ᠂ ︽ᠵᠢᠩᠨᠡᠪᠡᠰᠦ ᠢᠯᠵᠠᠷᠠᠬᠤ ᠦᠭᠡᠢ᠂ ᠴᠢᠨᠠᠪᠠᠰᠤ ᠪᠤᠯᠤᠬᠤ ᠦᠭᠡᠢ᠂ ᠴᠤᠬᠢᠪᠠᠴᠤ ᠡᠪᠳᠡᠷᠡᠬᠦ ᠦᠭᠡᠢ᠂ ᠬᠠᠭᠤᠷᠠᠪᠠᠴᠤ ᠲᠡᠯᠪᠡᠷᠡᠬᠦ ᠦᠭᠡᠢ᠂ ᠦᠨᠡᠭᠡᠷ ᠶᠤᠤᠷᠳᠠᠢ ᠨᠢᠭᠡᠨ ᠵᠡᠰ ᠸᠠᠨᠳ᠋ᠸᠦ ᠪᠤᠷᠴᠠᠭ ᠪᠤᠯᠬᠤ ᠪᠦᠭᠡᠳ ᠦᠭᠦᠪᠡᠴᠦ ᠬᠤᠸᠠᠷ ᠫᠤᠤᠵᠢᠩ ᠤᠨ ᠵᠠᠮ ᠵᠦᠭ ᠶᠠᠪᠤᠨ᠎ᠠ︾ ᠬᠡᠵᠦ ᠨᠡᠷ᠎ᠡ ᠪᠠᠨ ᠮᠡᠳᠡᠬᠦ ᠦᠭᠡᠢ ᠤᠮᠤᠭᠰᠢᠵᠤ ᠠᠭᠠᠰᠢᠯᠠᠨ᠎ᠠ᠃ ᠡᠨᠡ ᠠᠨᠤ ᠺᠦᠩᠽᠢ ᠶᠢᠨ ᠰᠤᠷᠭᠠᠯᠳᠠᠨ ᠤ ᠠᠴᠢᠯᠠᠯ ᠡᠯᠪᠡᠷᠢᠯ᠂ ᠵᠢᠷᠤᠮ ᠦᠷᠦᠰᠢᠶᠡᠯ ᠪᠠ ᠤᠯᠤᠰ ᠢᠶᠠᠨ ᠵᠠᠰᠠᠬᠤ ᠲᠠᠶᠢᠪᠤᠩ ᠨᠡᠶᠢᠭᠡᠮ ᠢ ᠪᠠᠷᠢᠮᠳᠠᠯᠠᠬᠤ ᠵᠠᠶᠢᠰᠠᠩ ᠲᠦᠰᠢᠮᠡᠯ ᠲᠠᠢ ᠬᠡᠴᠢᠨᠡᠨ ᠶᠡᠭᠡ ᠵᠦᠷᠢᠶᠡᠨ ᠲᠠᠢ ᠪᠤᠢ︖ ᠶᠤᠸᠠᠨ ᠤᠯᠤᠰ ᠤᠨ ᠵᠦᠴᠦᠭᠡᠴᠢᠨ ᠤ ᠵᠤᠷᠢᠭ ᠰᠠᠨᠠᠭ᠎ᠠ ᠪᠠ ᠭᠤᠶᠤ ᠰᠠᠶᠢᠬᠠᠨ ᠢ ᠰᠤᠨᠢᠷᠬᠠᠬᠤ ᠤᠬᠠᠮᠰᠠᠷ ᠠᠨᠤ ᠨᠢᠭᠤᠴᠠ ᠠᠮᠤᠷᠯᠠᠩᠭᠤᠢ ᠶᠢᠨ ᠰᠠᠨᠠᠭ᠎ᠠ ᠰᠡᠳᠬᠢᠯᠭᠡ ᠪᠤᠯᠤᠨ᠎ᠠ᠃ ᠨᠢᠭᠤᠴᠠ ᠠᠮᠤᠷᠯᠠᠩᠭᠤᠢ ᠰᠠᠨᠠᠭ᠎ᠠ ᠰᠡᠳᠬᠢᠯᠭᠡ ᠪᠤᠯ         ︿ᠲᠡᠨᠦᠭᠦᠯᠴᠢ﹀ ᠶᠢᠨ ᠨᠡᠷ᠎ᠡ ᠠᠯᠳᠠᠷ ᠲᠠᠢ ᠬᠠᠮᠳᠤ ᠤᠷᠤᠰᠢᠵᠤ᠂ ᠪᠦᠷ ᠡᠷᠭᠡ ᠴᠢᠯᠦᠭᠡ ᠶᠢ ᠬᠦᠭᠡᠭᠡᠴᠡᠯᠳᠦᠬᠦ ᠰᠠᠨᠠᠭ᠎ᠠ ᠰᠡᠳᠬᠢᠯ ᠪᠤᠯᠵᠤ᠂ ᠴᠢᠯᠦᠭᠡᠳᠦ ᠬᠤᠪᠢ ᠬᠦᠮᠦᠨ ᠪᠠ ᠤᠳᠬ᠎ᠠ ᠤᠷᠠᠯᠢᠭ ᠤᠨ ᠠᠮᠢᠳᠤᠷᠠᠯ ᠳᠤ ᠪᠠᠭᠳᠠᠭᠳᠠᠨ᠎ᠠ ᠃ ᠡᠭᠦᠨ ᠤ ᠲᠤᠳᠤᠷ᠎ᠠ ᠨᠢᠭᠤᠴᠠ ᠰᠡᠳᠬᠢᠯᠭᠡ ᠨᠢ ᠠᠭᠤᠯᠠ ᠤᠰᠤ ᠵᠡᠷᠭᠡ ᠪᠠᠶᠢᠭᠠᠯᠢ ᠶᠢᠨ ᠭᠤᠶᠤ ᠰᠠᠶᠢᠬᠠᠨ ᠢ ᠬᠦᠰᠡᠵᠦ᠂ ᠶᠡᠷᠦ ᠶᠢᠨ ᠠᠮᠢᠳᠤᠷᠠᠯ ᠢ ᠪᠠᠭ᠋ᠠᠷᠠᠨ᠂ ᠬᠦᠨ ᠤᠬᠠᠭᠠᠨ ᠢ ᠮᠡᠳᠡᠷᠡᠵᠦ᠂ ᠠᠯᠢᠪᠠ ᠤᠴᠢᠷ ᠶᠠᠪᠤᠳᠠᠯ ᠢ ᠪᠦᠷ ᠪᠠᠶᠢᠭᠠᠯᠢ ᠳᠤ ᠪᠠᠭᠳᠠᠨ᠎ᠠ ᠬᠡᠵᠦ ᠪᠤᠳᠤᠨ᠎ᠠ᠃ ︿ᠲᠡᠨᠦᠭᠦᠯᠴᠢ﹀ ᠶᠢᠨ ᠡᠷᠭᠡᠮ ᠴᠤᠤᠳᠤ ᠭᠤᠤᠯᠳᠠᠭᠤ ᠡᠷᠡᠭᠳᠠᠢ ᠡᠮᠡᠭᠳᠡᠢ  ᠶᠢᠨ ᠢᠨᠠᠭ ᠬᠠᠶᠢᠷ᠎ᠠ ᠶᠢ ᠬᠦᠭᠡᠭᠡᠴᠡᠯᠳᠦᠵᠦ᠂ ᠲᠠᠭᠤᠤ ᠪᠦᠵᠢᠭ ᠠᠮᠳᠠᠳᠤ ᠪᠤᠳᠠᠭᠠᠨ ᠰᠢᠷᠡᠭᠡᠨ ᠤ ᠰᠠᠶᠢᠬᠠᠨ ᠢ ᠡᠳ᠋ᠯᠡᠬᠦ ᠪᠤᠯ ᠪᠦᠷ ᠢᠨᠠᠭ ᠬᠠᠶᠢᠷ᠎ᠠ ᠶᠢᠨ ᠤᠨᠴᠠ ᠴᠢᠬᠤᠯᠠᠴᠢᠯᠠᠵᠤ ᠪᠤᠯᠬᠤ ᠤᠴᠢᠷ ᠬᠡᠵᠦ ᠦᠵᠡᠨ᠎ᠡ᠃ ᠠᠮᠤᠷ ᠨᠢᠭᠤᠭᠴᠢ ᠠᠭᠤᠯᠠ ᠤᠰᠤᠨ ᠤ ᠲᠤᠮᠳᠠ ᠲᠡᠨᠦᠭᠦᠴᠢᠯᠡᠵᠦ ᠪᠠᠶᠢᠬᠤ ᠨᠢ ︿ᠲᠡᠨᠦᠭᠦᠯᠴᠢ﹀ ᠶᠢᠨ ᠬᠡᠢ ᠮᠤᠷᠢ ᠬᠡᠵᠦ ᠦᠵᠡᠵᠦ᠂ ᠦᠷᠭᠦᠯᠵᠢ ᠡᠳᠡᠭᠡᠷ ᠬᠦᠮᠦᠨ ᠲᠡᠭᠡᠷ᠎ᠡ ᠢᠯᠡᠷᠡᠨ᠎ᠡ᠃ ᠨᠢᠭᠤᠴᠠ ᠠᠮᠤᠷ ᠰᠠᠨᠠᠭ᠎ᠠ ᠰᠡᠳᠬᠢᠯᠭᠡᠳᠦ ᠨᠠᠷ ᠪᠠᠶᠢᠭᠠᠯᠢ ᠶᠢ ᠬᠢᠵᠠᠭᠠᠷᠯᠠᠰᠢ ᠦᠭᠡᠢ ᠮᠦᠷᠦᠭᠡᠳᠦᠨ ᠰᠠᠨᠠᠬᠤ ᠶᠢ ᠢᠯᠡᠳᠭᠡᠬᠦ ᠪᠠ ᠬᠦᠨᠵᠡᠭᠡᠢ ᠭᠤᠶᠤ ᠬᠡᠵᠦ ᠰᠠᠨᠠᠭᠠᠴᠢᠯᠠᠨ᠎ᠠ᠃ ︿ᠬᠦᠭᠡ ᠠᠭᠤᠯᠠ ᠨᠤᠭᠤᠭᠠᠨ ᠤᠰᠤ᠂ ᠡᠭᠦᠯᠡ ᠰᠠᠷ᠎ᠠ᠂ ᠴᠡᠴᠡᠭᠳᠦ ᠡᠪᠡᠰᠦ﹀ ᠶᠤᠸᠠᠨ ᠤ ᠦᠶ᠎ᠡ ᠶᠢᠨ ᠬᠦᠮᠦᠨ ᠤ ᠰᠦᠨᠡᠰᠦ ᠵᠢᠷᠦᠭᠡ ᠶᠢ ᠲᠤᠬᠤᠨᠢᠭᠤᠯᠤᠨ᠎ᠠ᠃ ᠶᠤᠸᠠᠨ ᠤᠯᠤᠰ ᠤᠨ ᠬᠦᠮᠦᠨ ᠪᠠᠶᠢᠭᠠᠯᠢ ᠶᠢᠨ ᠭᠤᠶᠤ ᠰᠠᠶᠢᠬᠠᠨ ᠢ ᠰᠡᠳᠬᠢᠯ ᠤᠨ ᠲᠤᠳᠤᠷ᠎ᠠ ᠠᠴᠠ ᠵᠢᠷᠭᠠᠯ ᠡᠳ᠋ᠯᠡᠪᠡ ᠬᠡᠵᠦ ᠪᠤᠳᠤᠨ᠎ᠠ᠃ ᠬᠦᠮᠦᠰ ᠨᠢᠭᠤᠴᠠ ᠠᠮᠤᠷ ᠠᠮᠢᠳᠤᠷᠠᠯ ᠳᠤ ᠰᠤᠭᠳᠤᠬᠤ ᠪᠠ ᠨᠤᠶᠠᠨ ᠪᠤᠯᠤᠨ ᠲᠠᠪᠰᠢᠬᠤ ᠬᠤᠶᠠᠷ ᠬᠤᠤᠰᠯᠠᠯᠳᠤᠵᠤ᠂ ︽ᠨᠤᠶᠠᠨ ᠪᠤᠯᠵᠤ ᠵᠠᠩᠵᠤᠨ ᠵᠠᠶᠢᠰᠠᠩ ᠤᠨ ᠬᠤᠤᠰ ᠤᠷᠤ ᠠᠶᠤᠮᠰᠢᠭ ᠠᠶᠤᠮᠰᠢᠭ ᠠᠶᠤᠮᠰᠢᠭ︾ ᠬᠡᠵᠦ ᠪᠢᠴᠢᠨ ᠵᠠᠳᠠᠷᠠᠭᠤᠯᠤᠨ᠎ᠠ᠃ ᠦᠨᠡᠨ ᠳᠤ ᠪᠠᠨ ᠶᠤᠸᠠᠨ ᠤᠯᠤᠰ ᠤᠨ ᠵᠠᠩᠵᠤᠨ ᠵᠠᠶᠢᠰᠠᠩ ᠠᠯᠢ ᠬᠠᠭᠠᠨᠳᠤ ᠤᠯᠤᠰ ᠠᠴᠠ ᠬᠢᠯᠪᠠᠷ ᠤᠯᠬᠤ ᠪᠦᠭᠡᠳ ᠠᠶᠤᠮᠰᠢᠭ ᠲᠤᠩ ᠴᠦᠭᠡᠭᠡᠨ ᠭᠠᠷᠤᠨ᠎ᠠ᠃ ᠶᠤᠸᠠᠨ ᠤ ᠬᠦᠮᠦᠨ ᠴᠢᠯᠦᠭᠡᠳᠦ ᠨᠢᠭᠤᠴᠠ ᠠᠮᠢᠳᠤᠷᠠᠯ ᠳᠤ ᠭᠤᠶᠤ ᠰᠠᠶᠢᠬᠠᠨ ᠪᠠ ᠢᠨᠢᠶᠡᠳᠦᠮ ᠪᠠᠶᠠᠰᠬᠤᠯᠠᠩ ᠪᠢᠯᠬᠠᠵᠤ᠂ ᠨᠢᠭᠡ ᠠᠯᠬᠤᠮ ᠬᠦᠮᠦᠨ ᠤ ᠬᠦᠨ ᠤᠬᠠᠭᠠᠨ ᠢ ᠤᠶᠢᠯᠠᠭᠠᠭᠰᠠᠨ ᠤᠴᠢᠷ ᠠᠴᠠ ᠰᠠᠶ᠋ᠢ ᠨᠤᠶᠠᠨ ᠤ ᠵᠠᠮ ᠢ ᠵᠢᠭᠰᠢᠭᠰᠡᠨ᠂ ᠭᠤᠨᠢᠷᠠᠵᠤ ᠭᠤᠳᠤᠷᠠᠬᠤ ᠦᠭᠦᠯᠡᠯ ᠵᠦᠴᠦᠭᠡ ᠵᠤᠬᠢᠶᠠᠭᠰᠠᠨ ᠪᠠᠶᠢᠨ᠎ᠠ᠃ ᠡᠳᠡᠭᠡᠷ ᠠᠮᠤᠷ ᠨᠢᠭᠤᠭᠴᠢ ᠨᠠᠷ ᠨᠡᠩ ᠨᠡᠶᠢᠭᠡᠮ ᠤᠨ ᠰᠤᠳᠠᠯ ᠤᠨ ᠨᠢᠭᠤᠭᠳᠠᠭᠴᠢ ᠪᠤᠯᠤᠨ᠎ᠠ᠃ ᠲᠡᠳᠡᠨᠡᠷ ᠲᠤᠷ᠎ᠠ ᠵᠤᠷᠢᠭ ᠢᠶᠠᠷ ᠠᠮᠢᠳᠤᠷᠠᠵᠤ᠂ ᠡᠷᠭᠡᠮ ᠬᠦᠨᠳᠦ ᠶᠢ ᠬᠦᠭᠡᠭᠡᠴᠡᠯᠳᠦᠬᠦ ᠶᠢ ᠤᠶᠢᠰᠢᠶᠠᠬᠤ ᠦᠭᠡᠢ ᠪᠤᠯᠵᠤ᠂ ᠡᠨᠡᠬᠦ ᠨᠢᠭᠤᠴᠠ ᠠᠮᠢᠳᠤᠷᠠᠯ ᠢ ᠮᠠ ᡁᠢ ᠶᠤᠸᠠᠨ ᠤ ︽ᠬᠤᠤᠰ ᠠᠶ᠎ᠠ ᠰᠦᠨᠢ ᠶᠠᠪᠤᠬᠤ ᠤᠩᠭᠤᠴᠠ — ᠠᠮᠤᠷ ᠢ ᠰᠡᠳᠭᠢᠯᠴᠢᠯᠡᠬᠦ︾ ᠬᠡᠰᠡᠨ ᠵᠦᠴᠦᠭᠡ ᠳᠤ ᠪᠠᠨ ᠦᠨᠡᠨ ᠢᠶᠠᠷ ᠢᠯᠡᠷᠡᠭᠦᠯᠦᠨ ᠭᠠᠷᠭᠠᠵᠤ᠂ ᠨᠡᠷ᠎ᠡ ᠲᠦᠷᠦ ᠶᠢ ᠤᠷᠬᠢᠵᠤ᠂ ᠦᠪᠡᠷ ᠤᠨ ᠡᠷᠭᠡ ᠴᠢᠯᠦᠭᠡ ᠪᠠ ᠤᠳᠬ᠎ᠠ ᠤᠷᠠᠯᠢᠭ ᠤᠨ ᠠᠮᠢᠳᠤᠷᠠᠯ ᠢ ᠭᠤᠶᠤᠯᠠᠨ ᠰᠠᠶᠢᠰᠢᠶᠠᠵᠤ᠂ ᠡᠴᠦᠰ ᠲᠤ ᠪᠠᠨ ᠦᠪᠡᠷ ᠤᠨ ᠵᠠᠩ ᠰᠤᠷᠳᠠᠬᠤᠨ ᠢᠶᠠᠨ ᠪᠦᠭᠦᠯᠢ ᠪᠠᠷ ᠨᠤᠳᠠᠯᠠᠪᠠ᠃ ︿ᠲᠡᠨᠦᠭᠦᠯᠴᠢ﹀ ᠶᠢᠨ ᠨᠡᠷ᠎ᠡ ᠠᠯᠳᠠᠷ ᠪᠠ ᠨᠢᠭᠤᠴᠠ ᠠᠮᠤᠷᠯᠠᠩᠭᠤᠢ ᠰᠡᠳᠬᠢᠯᠭᠡ ᠬᠤᠶᠠᠷ ᠶᠤᠸᠠᠨ ᠤᠯᠤᠰ ᠤᠨ ᠬᠦᠮᠦᠨ ᠤ ᠰᠠᠨᠠᠭ᠎ᠠ ᠶᠢᠨ ᠲᠤᠳᠤᠷ᠎ᠠ ᠶᠢᠨ ᠭᠤᠤᠯ ᠰᠡᠳᠬᠢᠯ ᠤᠨ ᠬᠦᠳᠡᠯᠭᠡᠭᠡᠨ ᠪᠤᠯᠤᠨ᠎ᠠ᠃ ᠡᠳᠡᠭᠡᠷ ᠤᠨ ᠬᠦᠴᠦᠨ ᠶᠡᠭᠡᠳᠠᠢ ᠤᠷᠪᠠᠨ ᠡᠰᠡᠷᠭᠦᠴᠡᠬᠦ ᠰᠢᠨᠵᠢ ᠴᠢᠨᠠᠷ ᠢ ᠬᠦᠮᠦᠵᠢᠭᠰᠡᠨ ᠦᠷ᠎ᠡ ᠳ᠋ᠦᠩ ᠠᠴᠠ ︿ᠲᠡᠨᠦᠭᠦᠯᠴᠢ﹀ ᠨᠠᠷ ᠤᠨ ᠪᠡᠶ᠎ᠡ ᠠᠷᠢᠭᠤᠨ ᠴᠡᠪᠡᠷ ᠦᠯᠦ ᠪᠤᠯᠬᠤ ᠬᠦᠮᠦᠨ ᠤ ᠴᠢᠨᠠᠷ ᠲᠠᠢ ᠪᠤᠯᠵᠤ᠂ ᠲᠡᠮᠡᠴᠡᠯᠳᠦ ᠴᠢᠨᠠᠷ ᠵᠦᠭ ᠲᠤ ᠬᠠᠨᠳᠤᠭᠤᠯᠵᠤ᠂ ᠬᠠᠷᠠᠩᠭᠤᠢ ᠨᠡᠶᠢᠭᠡᠮ ᠢ ᠡᠰᠡᠷᠭᠦᠴᠡᠬᠦ ᠬᠦᠴᠦᠨ ᠪᠤᠯᠤᠨ᠎ᠠ᠃ ᠭᠤᠸᠠᠨ ᠬᠠᠨ ᠴᠢᠩ ᠤᠨ ︽ᠳ᠋ᠤᠤ ᠡ ᠶᠤᠸᠠᠨ︾᠂ ︽ᠶᠠᠳᠠᠷᠠᠯ ᠵᠦᠳᠡᠷᠡᠯ ᠢ ᠠᠪᠤᠷᠠᠬᠤ︾᠂ ᠰᠦᠢ ᠵᠢᠩ ᠴᠧᠨ ᠤ ︽ᠭᠤ᠋ ᠽᠤ᠋ ᠨᠤᠳᠤᠭ ᠳᠠᠭᠠᠨ ᠡᠷᠬᠢᠬᠦ︾᠂ ᠯᠢᠦ ᠱᠢ ᠵᠦᠩ ᠤᠨ ︽ᠭᠤᠤᠯ ᠤᠷᠳᠤᠨ ᠲᠦᠪ ᠯᠠᠪᠳᠠᠭᠤᠨ︾᠂ ︽ᠲᠡᠭᠡᠷᠡᠬᠢ ᠶᠢ ᠪᠠᠶᠢᠴᠠᠭᠠᠬᠤ ᠬᠠᠤᠯᠢ︾ ᠵᠡᠷᠭᠡ ᠵᠦᠴᠦᠭᠡ ᠪᠦᠷ ᠶᠤᠸᠠᠨ ᠤᠯᠤᠰ ᠤᠨ ᠬᠦᠮᠦᠨ ᠤ ᠵᠢᠩᠬᠢᠨᠢ ᠴᠢᠨᠠᠷ ᠲᠠᠪᠰᠢᠨ ᠬᠦᠭᠵᠢᠭᠰᠡᠨ ᠢ ᠦᠭᠦᠯᠡᠪᠡ᠃ ︿ᠲᠡᠨᠦᠭᠦᠯᠴᠢ﹀ ᠨᠠᠷ ᠤᠨ ᠨᠡᠷ᠎ᠡ ᠠᠯᠳᠠᠷ ᠪᠠ ᠨᠢᠭᠤᠴᠠ ᠠᠮᠤᠷᠯᠠᠩᠭᠤᠢ ᠰᠡᠳᠬᠢᠯᠭᠡ ᠶᠢ ᠦᠭᠡᠶᠢᠴᠡᠭᠰᠡᠨ ᠪᠤᠯ ︽ᠳ᠋ᠤᠤ ᠡ ᠶᠤᠸᠠᠨ︾᠂ ︽ᠭᠤ᠋ ᠽᠤ᠋ ᠨᠤᠳᠤᠭ ᠲᠠᠭᠠᠨ ᠡᠷᠬᠢᠬᠦ︾ ᠬᠡᠬᠦ ᠵᠦᠴᠦᠭᠡ ᠦᠭᠡᠶᠢᠰᠴᠦ᠂ ᠭᠤᠸᠠᠨ ᠬᠠᠨ ᠴᠢᠩ᠂ ᠰᠦᠢ ᠵᠢᠶᠠᠩ ᠴᠧᠨ ᠨᠠᠷ ᠪᠠᠰᠠ ᠦᠭᠡᠢ ᠪᠤᠯᠤᠨ᠎ᠠ᠃ ᠵᠦᠴᠦᠭᠡ ᠶᠢᠨ ᠠᠶ᠎ᠠ ᠪᠠ ᠲᠠᠷᠬᠠᠢ ᠵᠦᠴᠦᠭᠡ ᠬᠦᠮᠦᠨ ᠢ ᠪᠠᠶᠠᠰᠠᠭᠤᠯᠬᠤ ᠪᠠ ᠦᠪᠡᠷ ᠢᠶᠠᠨ ᠪᠠᠶᠠᠷᠯᠠᠬᠤ ᠬᠤᠭᠤᠷᠤᠨᠳᠤ ᠢᠯᠭᠠᠯ ᠦᠭᠡᠢ ᠨᠢᠭᠡᠴᠢ ᠪᠤᠯᠬᠤ ᠪᠦᠭᠡᠳ ᠶᠤᠸᠠᠨ ᠤ ᠤᠨᠴᠠᠭᠠᠢ ᠴᠠᠭ ᠦᠶ᠎ᠡ ᠶᠢᠨ ᠵᠤᠷᠢᠭ ᠰᠠᠨᠠᠭ᠎ᠠ ᠪᠠ ᠭᠤᠶᠤ ᠰᠠᠶᠢᠬᠠᠨ ᠢ ᠴᠢᠩᠭᠠᠳᠬᠠᠬᠤ ᠰᠡᠳᠭᠢᠯᠭᠡ ᠪᠤᠯᠤᠨ᠎ᠠ᠃ ᠠᠯᠢ ᠨᠢ ᠰᠠᠶᠢᠨ ᠠᠯᠢ ᠨᠢ ᠮᠠᠭᠤ ᠬᠡᠵᠦ ᠦᠭᠦᠯᠡᠬᠦ  ᠨᠢ ᠪᠦᠷ ᠶᠤᠰᠤᠨ ᠳᠤ ᠨᠡᠶᠢᠴᠡᠬᠦ ᠦᠭᠡᠢ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备07002090号