| | ᠠᠭᠤᠢ ᠲᠠᠯ᠎ᠠ ᠡᠳᠦᠭᠡ ᠯᠢᠨᠰᠢ ᠰᠢᠶᠠᠨ ᠳᠤ ᠬᠠᠷᠢᠶᠠᠯᠠᠭᠳᠠᠵᠤ ᠪᠠᠶᠢᠨ᠎ᠠ ᠃ ᠲᠤᠳᠤᠷ᠎ᠠ ᠨᠢ ᠯᠢᠨᠰᠢ | ᠰᠢᠶᠠᠨ ᠤ ᠭᠤᠸᠠᠨᠳᠢ ᠪᠠᠯᠭᠠᠰᠤᠨ ᠤ ᠯᠦᠩ ᠲᠧᠦ ᠱᠠᠨ ᠂ ᠶᠠᠩ ᠵᠢᠶᠠ ᠢᠩᠽᠢ᠂ ᠱᠠᠩ ᠭᠤᠸᠠᠨᠳᠢ᠂ ᠰᠢᠶᠠ | ᠭᠤᠸᠠᠨᠳᠢ᠂ ᠬᠤᠶᠠᠷ ᠮᠤᠳᠤ ᠵᠢᠴᠢ ᠳ᠋ᠠ ᠵᠢᠩ ᠪᠠᠯᠭᠠᠰᠤᠨ ᠤ ᠲᠠᠷᠢᠶᠠᠯᠠᠩ ᠤᠨ ᠲᠠᠯᠠᠪᠠᠢ ᠪᠠᠭᠳᠠᠨ᠎ᠠ᠃ 233. | 2 ᠲᠦᠷᠪᠡᠯᠵᠢᠨ ᠺᠢᠯᠤᠮᠧᠲ᠋ᠠᠷ ᠲᠠᠯᠠᠪᠠᠢ ᠲᠠᠢ ᠃ ᠲᠠᠯᠠᠢ ᠶᠢᠨ ᠲᠦᠪᠰᠢᠨ ᠠᠴᠠ 750 ᠮᠧᠲ᠋ᠠᠷ ᠡᠷᠭᠦᠭᠳᠡᠵᠠᠢ ᠃ | ᠲᠠᠶᠢᠴᠩ ᠬᠦᠷᠦᠨ ᠤ ᠪᠠᠳᠠᠷᠠᠭᠤᠯᠳᠤ ᠲᠦᠷᠦ ᠶᠢᠨ ᠦᠶ᠎ᠡ ᠳᠤ ᠡᠨᠡᠬᠦ ᠤᠷᠤᠨ ᠤ ᠨᠠᠮᠦᠷ ᠵᠤᠨ | ᠤ ᠰᠠᠶᠢᠬᠠᠨ ᠤᠯᠠᠷᠢᠯ ᠳᠤ ᠨᠤᠮᠢᠨ ᠲᠠᠯ᠎ᠠ ᠶᠢᠨ ᠨᠤᠭᠤᠭᠠᠨ ᠲᠠᠯᠠᠢ ᠰᠠᠯᠬᠢᠨ ᠤ ᠠᠶᠠᠪᠠᠷ ᠬᠠᠯᠢᠭᠤᠷᠠᠵᠤ ᠂ | ᠦᠩᠭᠡ ᠴᠡᠴᠡᠭ ᠤᠨ ᠠᠩᠬᠢᠯᠤᠮ᠎ᠠ ᠦᠨᠦᠷ ᠠᠭᠤᠰᠬᠢ ᠵᠢᠷᠦᠭᠡ ᠳᠤ ᠰᠢᠩᠭᠡᠨ᠎ᠡ᠃ ᠲᠠᠯ᠎ᠠ ᠶᠢᠨ ᠲᠤᠮᠳᠠ | ᠵᠤᠭᠰᠤᠵᠤ ᠲᠦᠷᠪᠡᠨ ᠵᠦᠭ ᠢ ᠪᠠᠷᠠᠯᠠᠪᠠᠰᠤ ᠤᠬᠢᠶᠠᠭᠰᠨ ᠮᠡᠳᠦ ᠴᠡᠪᠡᠷ ᠲᠤᠩᠭᠠᠯᠠᠭ ᠬᠠᠷᠠᠭᠳᠠᠨ᠎ᠠ᠃ ᠰᠦᠨᠢ | ᠳᠤ ᠲᠦᠳᠡᠭ ᠭᠠᠯ ᠤᠨ ᠰᠤᠯᠤᠩᠭᠠᠨ ᠦᠩᠭᠡ ᠳᠤ ᠲᠡᠭᠷᠢ ᠶᠢᠨ ᠤᠳᠤᠳ ᠤᠨ ᠬᠢᠯᠪᠠᠭᠠᠨ ᠳᠤ ᠲᠤᠯᠤᠭᠠᠨ | ᠦᠩᠭᠡ ᠶᠢᠨ ᠭᠡᠷᠡᠯ ᠰᠠᠴᠤᠷᠠᠨ᠎ᠠ᠃ ᠡᠳᠦᠷ ᠲᠤ ᠭᠦᠨ ᠡᠪᠡᠰᠦᠨ ᠳᠤ ᠦᠨᠡᠭᠡ ᠲᠠᠤᠯᠠᠢ ᠬᠦᠶᠦᠯᠳᠡᠨ | ᠦᠨᠳᠦᠷ ᠤᠭᠳᠠᠷᠭᠤᠢ ᠳᠤ ᠶᠤᠯᠤ ᠪᠦᠷᠭᠦᠳ ᠬᠠᠯᠢᠨ ᠂ ᠪᠢᠯᠢᠭᠳᠦ ᠰᠢᠪᠠᠭᠤ ᠤᠷᠠᠨ ᠬᠤᠭᠤᠯᠠᠢ ᠪᠠᠷ ᠵᠢᠷᠬᠢᠨ | ᠲᠠᠭᠤᠯᠠᠵᠤ ᠲᠡᠭᠡᠷ᠎ᠡ ᠲᠤᠤᠷ᠎ᠠ ᠨᠢᠰᠡᠯᠴᠡᠨᠡ᠃ ᠡᠨᠡᠬᠦ ᠲᠦᠮᠡᠨ ᠠᠮᠢᠳᠠᠨ ᠡᠷᠭᠡ ᠴᠢᠯᠦᠭᠡᠳᠠᠢ ᠭᠦᠭᠵᠢᠯᠳᠦᠬᠦ | ᠪᠠᠭᠠᠷᠢᠨ ᠤ ᠠᠭᠤᠢ ᠲᠠᠯ᠎ᠠ ᠳᠤ ᠨᠢᠭᠡᠨ ᠮᠦᠩᠭᠦᠨ ᠲᠤᠯᠤᠮᠴᠢᠨ ᠤᠷᠤᠨ ᠤ ᠡᠵᠡᠨ ᠲᠤᠩᠷᠤᠪᠸᠠᠩᠵᠢᠯ ᠤᠨ | ︿ᠪᠤᠮᠠᠨ ﹀ ︵ᠤᠯᠠᠨ ᠭᠡᠰᠡᠨ ᠤᠳᠬ᠎ᠠ ᠲᠠᠢ ᠬᠡᠷᠡᠭᠯᠡᠭᠡᠳᠠᠵᠠᠢ ︶ ᠲᠠᠪᠤᠨ ᠬᠤᠰᠢᠭᠤ ᠮᠠᠯ ᠡᠨᠡᠬᠦ | ᠭᠦᠭᠵᠢᠶᠡᠨᠳᠦ ᠲᠠᠯ᠎ᠠ ᠳᠤ ᠰᠠᠷᠨᠢᠨ ᠪᠡᠯᠴᠢᠵᠦ ᠦᠭᠡᠷ ᠬᠤᠨᠢ ᠮᠦᠭᠡᠷᠡᠨ ᠮᠠᠶᠢᠯᠠᠵᠤ ᠮᠤᠷᠢ ᠢᠨᠴᠠᠭᠠᠨᠠᠨ | ᠡᠯᠵᠢᠭᠡ ᠡᠭᠡᠭᠡᠭᠯᠡᠵᠦ ᠲᠠᠯ᠎ᠠ ᠤᠨ ᠬᠦᠨ ᠳᠤ ᠴᠤᠤᠷᠢᠶᠠᠳᠤᠨ᠎ᠠ᠃ ᠡᠷᠳᠡ ᠴᠠᠭ ᠲᠤ ᠬᠦᠮᠦᠰ ᠡᠨᠡᠬᠦ ᠤᠷᠤᠨ ᠢ | ᠵᠢᠩᠬᠢᠨᠠᠢ ᠪᠠᠭᠠᠷᠢᠨ ᠤ ᠲᠠᠯ᠎ᠠ ᠭᠡᠵᠦ ᠲᠠᠭᠤᠳᠠᠳᠠᠭ ᠃ | ᠲᠤᠩᠷᠤᠪᠸᠠᠩᠵᠢᠯ ᠤᠨ ᠰᠠᠭᠤᠷᠢᠰᠭᠭᠰᠠᠨ ᠭᠤᠤᠯ ᠪᠠᠶᠢᠷᠢ ᠨᠢ ᠤᠳᠤᠬᠠᠨ ᠤ ᠬᠤᠶᠠᠷ ᠮᠤᠳᠤ ︵ᠯᠢᠶᠠᠩ | ᠺᠧ ᠱᠦ︶ ᠲᠤᠰᠬᠤᠨ ᠳᠤ ᠪᠠᠶᠢᠵᠠᠢ᠃ ᠡᠭᠦᠨ ᠠᠴᠠ ᠭᠠᠳᠠᠨ᠎ᠠ ᠪᠠᠰᠠ ᠲᠠᠪᠢᠨ ᠰᠦᠮ᠎ᠡ ︵ᠫᠢᠩ ᠳ᠋ᠢᠩ ᠮᠢᠶᠤᠤ︶ | ᠂ ᠲᠠᠷᠬᠠᠨ ᠠᠭᠤᠯᠠ ︵ᠡᠳᠦᠭᠡ ᠶᠢᠨ ᠱᠤᠸᠠᠩ ᠮᠢᠶᠤᠤ ︶ ᠂ ᠰᠡᠳᠡᠷᠬᠡᠢ ᠠᠭᠤᠯᠠ ︵ ᠡᠳᠦᠭᠡ ᠶᠢᠨ ᠯᠦᠩ | ᠲᠧᠦ ᠱᠠᠨ ︶ ᠵᠡᠷᠭᠡ ᠭᠠᠵᠠᠷ ᠲᠤ ᠲᠤᠰ ᠲᠤᠰ ᠵᠤᠨ ᠤ ᠵᠤᠰᠠᠯᠠᠩ ᠤᠨ ᠶᠡᠭᠡ ᠮᠤᠩᠭᠤᠯ ᠭᠡᠷ ᠲᠠᠢ᠃ ᠰᠠᠷ᠎ᠠ | ᠪᠦᠷᠢ ᠮᠠᠯ ᠢᠶᠠᠨ ᠪᠤᠷᠦ ᠬᠦᠨᠳᠢ ᠂ ᠤᠪᠤᠯᠠᠭ ᠬᠦᠨᠳᠢ ᠶᠢᠨ ᠮᠦᠷᠭᠦᠴᠡᠭᠡ ᠭᠠᠵᠠᠷ ᠬᠤᠷᠢᠶᠠᠵᠤ ᠂ ᠦᠪᠡᠰᠦᠪᠡᠨ | ᠲᠠᠷᠬᠠᠨ ᠠᠭᠤᠯᠠ ᠶᠢᠨ ᠤᠷᠦᠢ ᠲᠡᠭᠡᠷ᠎ᠡ ᠭᠠᠷᠴᠦ ᠰᠠᠷᠠᠪᠴᠢᠯᠠᠨ ᠠᠵᠢᠭᠯᠠᠵᠦ ᠬᠦᠨᠳᠢ ᠲᠦᠭᠦᠷᠡᠩ ᠪᠤᠯᠪᠠᠯ ᠮᠠᠯ | ᠭᠡᠭᠡᠭᠳᠡᠭᠰᠡᠨ ᠦᠭᠡᠢ ᠶᠢ ᠭᠡᠷᠡᠴᠢᠯᠡᠵᠦ ᠂ ᠬᠡᠷᠪᠡ ᠬᠦᠨᠳᠢ ᠲᠦᠭᠦᠷᠡᠩ ᠦᠭᠡᠢ ᠪᠤᠯᠪᠠᠯ ᠪᠤᠶᠢᠳᠠ ︵ | ᠬᠠᠮᠢᠶᠠᠷᠤᠭᠴᠢ ︶ ᠳᠤ ᠪᠠᠨ ᠵᠠᠷᠯᠢᠭ ᠪᠠᠭᠤᠯᠭᠠᠨ ᠡᠷᠢᠨ ᠬᠤᠮᠢᠵᠦ ᠠᠪᠴᠢᠷᠠᠭᠤᠯᠠᠨᠠ᠃ | ᠬᠤᠨᠢ ᠢᠮᠠᠭ᠎ᠠ ᠶᠢᠨ ᠨᠤᠤᠰᠤ ᠨᠤᠤᠯᠦᠷ ᠠᠷᠠᠰᠤ ᠵᠡᠷᠭᠡ ᠶᠢᠨ ᠭᠠᠷᠤᠯᠳᠠ ᠶᠢ ᠲᠤᠩᠷᠤᠪᠸᠠᠩᠵᠢᠯ ᠳᠤ | ᠶᠡᠭᠡ ᠤᠷᠤᠯᠭ᠎ᠠ ᠪᠤᠯᠳᠠᠭ ᠪᠤᠯᠬᠤᠷ ᠲᠡᠷᠡ ᠬᠤᠨᠢ ᠢᠮᠠᠭ᠎ᠠ ᠮᠠᠯᠵᠢᠬᠤ ᠶᠢ ᠶᠡᠭᠡ ᠠᠩᠬᠠᠷᠤᠨ᠎ᠠ᠃ ᠮᠢᠩᠭ᠎ᠠ | ᠭᠠᠷᠤᠢ ᠪᠠᠷ ᠨᠢᠭᠡ ᠰᠦᠷᠦᠭ ᠪᠤᠯᠭᠠᠨ ᠬᠠᠷᠢᠭᠤᠯᠠᠨ᠎ᠠ᠃ ᠬᠠᠪᠤᠷ ᠲᠠᠭᠠᠨ ᠡᠩᠭᠡᠷ ᠭᠠᠵᠠᠷ ᠨᠠᠷᠠ ᠲᠠᠭᠠᠨ ᠮᠠᠯᠵᠢᠵᠤ | ᠂ ᠵᠤᠨ ᠳᠠᠭᠠᠨ ᠠᠷᠦ ᠲᠠᠯ᠎ᠠ ᠶᠢᠨ ᠰᠡᠭᠦᠳᠡᠷ ᠲᠠᠭᠠᠨ ᠰᠦᠷᠦᠭ ᠲᠠᠯᠪᠢᠳᠠᠭ᠃ ᠲᠠᠪᠤ ᠵᠢᠷᠭᠤᠭᠠᠨ ᠰᠠᠷ᠎ᠠ ᠳᠤ | ᠠᠭᠤᠯᠠ ᠲᠠᠯ᠎ᠠ ᠳᠤ ᠲᠤᠷᠠᠪᠠᠷ ᠨᠢ ᠲᠠᠯᠪᠢᠵᠦ ᠂ ᠡᠪᠦᠯ ᠬᠦᠢᠳᠡᠨ ᠳᠤ ᠭᠤᠤ ᠭᠠᠩᠭ᠎ᠠ ᠶᠢ ᠲᠠᠭᠠᠨ | ᠢᠳᠡᠰᠢᠯᠡᠭᠦᠯᠦᠨᠡ᠃ ᠡᠨᠡᠬᠦ ᠮᠠᠯᠵᠢᠬᠤ ᠤᠬᠠᠭᠠᠨ ᠢᠶᠠᠷ ᠬᠤᠨᠢ ᠲᠠᠪᠤᠨ ᠰᠠᠷ᠎ᠠ ᠳᠤ ᠲᠠᠷᠭᠤᠯᠠᠵᠤ ᠰᠢᠨ᠎ᠡ | ᠱᠦᠯᠦ ᠤᠭᠤᠤᠬᠤ ᠴᠠᠭ ᠪᠤᠯᠤᠨ᠎ᠠ᠃ | ᠲᠤᠩᠷᠤᠪᠸᠠᠩᠵᠢᠯ ᠡᠳᠦᠷ ᠰᠦᠨᠢ ᠦᠭᠡᠢ ᠠᠮᠢᠳᠦᠷᠠᠯ ᠠᠬᠤᠢ ᠪᠠᠨ ᠪᠤᠳᠤᠯᠬᠢᠯᠠᠵᠤ ᠂ ᠡᠳᠦᠷ ᠤᠨ | ᠲᠡᠮᠳᠡᠭᠯᠡᠯ ᠂ ᠵᠢᠭᠡᠯᠡᠯᠭᠡ ᠶᠢᠨ ᠪᠠᠷᠢᠮᠳᠠ ᠂ ᠭᠡᠷ᠎ᠡ ᠪᠢᠴᠢᠭ᠂ ᠪᠦᠯᠦᠭ ᠵᠤᠷᠪᠤᠰ ᠂ ᠤᠷᠤᠯᠭ᠎ᠠ ᠵᠠᠷᠤᠯᠭ᠎ᠠ ᠶᠢᠨ | ᠲᠡᠩᠭᠰᠠ ᠬᠠᠷ᠎ᠠ ᠵᠡᠷᠭᠡ ᠪᠦᠷᠢᠨ ᠪᠦᠳᠦᠨ ᠨᠠᠷᠢᠨ ᠨᠢᠮᠪᠠᠢ ᠬᠢᠳᠡᠭ᠃ ᠮᠠᠯ ᠲᠠᠭᠠᠵᠤ ᠪᠠᠶᠢᠭ᠎ᠠ ᠪᠦᠢᠳᠠ ᠲᠠᠢ ᠪᠠᠨ | ᠬᠠᠷᠢᠴᠠᠬᠤ ᠳᠤ ᠪᠢᠴᠢᠭ ᠪᠠᠷᠢᠮᠳᠠ ᠲᠠᠢ ᠄ ︽ ᠪᠤᠶᠢᠳᠠ ××× ᠮᠡᠳᠡᠭᠳᠤᠨ ᠄ ᠴᠢᠮ᠎ᠠ ᠳᠤ ᠲᠤᠰᠢᠶᠠᠭᠰᠨ | ᠮᠠᠯ ᠤᠨ ᠰᠦᠷᠦᠭ ᠨᠡᠶᠢᠳᠡ ××× ᠲᠤᠯᠤᠭᠠᠢ᠃ ᠨᠢᠭᠡ ᠰᠠᠷ᠎ᠠ ᠳᠤ ᠭᠤᠷᠪᠠᠨᠳᠠ ᠲᠤᠭᠠᠯᠠᠨ ᠪᠠᠶᠢᠴᠠᠭᠠᠬᠤ | ᠪᠦᠭᠡᠳ ᠲᠠᠩᠰᠠ ᠭᠡᠷᠡᠴᠢ ᠦᠯᠡᠳᠡᠭᠡᠬᠦ ᠬᠡᠷᠡᠭᠳᠠᠢ᠃ ᠵᠢᠯ ᠤᠨ ᠰᠡᠭᠦᠯ ᠳᠤ ᠲᠠᠨ ᠳᠤ ᠬᠦᠯᠦᠰᠤᠨ ᠮᠦᠩᠭᠦ ᠶᠢ | ᠦᠭᠬᠦ ᠳᠤ ᠪᠠᠷᠢᠮᠳᠠ ᠪᠤᠯᠭᠠᠮᠤᠢ ︾ ᠭᠡᠳᠡᠭ᠃ ᠡᠭᠦᠨ ᠠᠴᠠ ᠲᠤᠩᠷᠤᠪᠸᠠᠩᠵᠢᠯ ᠤᠨ ᠠᠮᠢᠳᠦᠷᠠᠯ ᠤᠨ ᠨᠠᠷᠢᠨ | ᠨᠢᠮᠪᠠᠢ ᠬᠠᠨᠳᠤᠳᠠᠭ ᠪᠠ ᠪᠠᠶᠠᠵᠢᠵᠤ ᠬᠦᠷᠦᠭᠭᠡᠵᠢᠭᠰᠡᠨ ᠤ ᠰᠢᠯᠳᠠᠭᠠᠨ ᠢ ᠮᠡᠳᠡᠵᠦ ᠪᠤᠯᠤᠨ᠎ᠠ᠃ ᠭᠡᠳᠡᠯ᠎ᠡ ᠲᠡᠷᠡ | ᠪᠤᠶᠢᠳᠠ ᠨᠠᠷ ᠲᠠᠭᠠᠨ ᠡᠨᠡᠷᠢᠯ ᠬᠠᠶᠢᠷᠠᠳᠠᠢ ᠃ ᠨᠢᠭᠡ ᠤᠳᠠᠭ᠎ᠠ ᠨᠢᠭᠡ ᠬᠤᠨᠢᠴᠢᠨ ᠨᠢ ᠬᠤᠷᠢᠭᠠᠳ ᠬᠤᠨᠢ ᠪᠠᠨ | ᠭᠡᠭᠡᠭᠰᠡᠨ ᠢ ᠮᠡᠳᠡᠭᠦᠯᠦᠭᠰᠡᠨ ᠳᠤ ᠲᠤᠩᠷᠤᠪᠸᠠᠩᠵᠢᠯ ︽ᠬᠠᠮᠢᠶ᠎ᠠ ᠦᠭᠡᠢ ︾ ᠭᠡᠵᠦ ᠲᠦᠯᠦᠭᠦᠯᠦᠭᠰᠡᠨ ᠦᠭᠡᠢ᠃ | | ᠲᠤᠩᠷᠤᠪᠸᠠᠩᠵᠢᠯ ᠵᠢᠯ ᠪᠤᠯᠭᠠᠨ ᠮᠤᠩᠭᠤᠯ ᠤᠷᠤᠨ ᠳᠤ ᠢᠷᠡᠳᠡᠭ ᠠᠷᠠᠯᠵᠢᠶᠠᠴᠢᠨ ᠲᠠᠢ ᠬᠠᠷᠢᠴᠢᠳᠠᠭ᠃ | ᠠᠷᠠᠯᠵᠢᠶ᠋ᠶᠠᠴᠢᠨ ᠤ ᠤᠯᠠᠩᠬᠢ ᠨᠢ ᠮᠦᠭᠳᠡᠨ ᠂ ᠵᠢᠨᠵᠧᠤ ᠂ ᠲᠦᠩᠯᠢᠶᠤᠤ ᠂ ᠤᠯᠠᠭᠠᠨᠬᠠᠳᠠ ᠵᠡᠷᠭᠡ | ᠭᠠᠵᠠᠷ ᠤᠷᠤᠨ ᠠᠴᠠ ᠢᠷᠡᠵᠦ ᠲᠠᠪᠤᠨ ᠬᠤᠰᠢᠭᠤᠨ ᠮᠠᠯ ᠤᠨ ᠠᠷᠠᠰᠤ ᠮᠢᠬ᠎ᠠ ᠂ ᠨᠤᠤᠰᠤ ᠨᠤᠤᠯᠦᠷ | ᠠᠪᠴᠦ᠂ ᠪᠦᠰ ᠪᠠᠷᠠᠭ᠎ᠠ᠂ ᠴᠠᠭᠠᠰᠤ ᠂ ᠴᠠᠢ ᠂ ᠰᠢᠬᠢᠷ᠂ ᠳ᠋ᠧᠩ ᠤᠨ ᠲᠤᠰᠤ᠂ ᠴᠦᠢᠳᠧᠩ᠂ ᠲᠡᠮᠦᠷ | ᠬᠡᠷᠡᠭᠰᠡᠯ ᠢ ᠰᠤᠯᠢᠵᠤ ᠠᠪᠤᠨ᠎ᠠ᠃ ᠲᠤᠩᠷᠤᠪᠸᠠᠩᠵᠢᠯ ᠤᠨ ᠠᠷᠠᠰᠤ ᠨᠤᠤᠰᠤ ᠬᠤᠳᠠᠯᠳᠤᠬᠤ ᠦᠨ᠎ᠡ ᠬᠠᠩᠰᠢ | ᠨᠢ ᠪᠠᠷᠤᠭ ᠲᠤᠤᠷᠠᠬᠢ ᠮᠡᠳᠦ᠃ ᠬᠤᠨᠢ 4 —5 ᠶᠤᠸᠠᠨ ︔ ᠦᠭᠡᠷ 20 —30 ᠶᠤᠸᠠᠨ ︔ ᠮᠤᠷᠢ 30 | —100 ᠶᠤᠸᠠᠨ︔ ᠡᠯᠵᠢᠭᠡ10 ᠶᠤᠸᠠᠨ︔ ᠨᠤᠤᠰᠤ ᠵᠢᠩ ᠪᠦᠷᠢ0.15 ᠶᠤᠸᠠᠨ︔ ᠨᠤᠤᠯᠤᠷ 0.3 ᠶᠤᠸᠠᠨ ︔ | ᠦᠬᠡᠷ ᠬᠤᠨᠢ ᠶᠢᠨ ᠠᠷᠠᠰᠤ 1 —15 ᠶᠤᠸᠠᠨ︔ ᠬᠤᠨᠢᠨ ᠮᠢᠬ᠎ᠠ 0. —04 ᠶᠤᠸᠠᠨ ︔ ᠦᠭᠡᠷ ᠤᠨ | ᠮᠢᠬ᠎ᠠ 0. —0.3 ᠶᠤᠸᠠᠨ ︔ ᠡᠯᠳᠡᠭᠰᠡᠨ ᠠᠷᠠᠰᠤ 5 —20 ᠶᠤᠸᠠᠨ ︔ ᠬᠤᠳᠠᠯᠳᠤᠨ ᠠᠪᠬᠤ ᠳᠤ ᠨᠠᠷᠢᠮᠦ | ᠳ᠋ᠧᠦ ᠪᠦᠷᠢ ᠳᠡᠭᠡᠨ 0.6 ᠶᠤᠸᠠᠨ ︔ ᠱᠢᠯᠦᠬᠡᠢ ᠳ᠋ᠧᠦ ᠪᠦᠷᠢ ᠳᠡᠭᠡᠨ 0.2 —0.8 ᠶᠤᠸᠠᠨ ︔ ᠮᠤᠩᠭᠤᠯ | ᠠᠮᠦ ᠳ᠋ᠧᠦ ᠪᠦᠷᠢ ᠳᠡᠭᠡᠨ 0.35 ᠶᠤᠸᠠᠨ︔ ᠲᠤᠳᠤᠷᠭ᠎ᠠ 3 —5 ᠶᠤᠸᠠᠨ ︔ ᠵᠢᠯ ᠪᠦᠷᠢ ᠪᠠᠷᠤᠭ 250 | ᠬᠤᠨᠢᠨ ᠤ ᠠᠷᠠᠰᠤ᠂ 270 ᠢᠮᠠᠭᠠᠨ ᠠᠷᠠᠰᠤ ᠂ 250 ᠦᠭᠡᠷ ᠤᠨ ᠠᠷᠠᠰᠤ ᠂ 70 ᠮᠤᠷᠢ ᠡᠯᠵᠢᠭᠡᠨ ᠤ | ᠠᠷᠠᠰᠤ᠂ 25 ᠦᠨᠡᠭᠡᠨ ᠤ ᠠᠷᠠᠰᠤ᠂ 20 ᠴᠢᠨᠤᠸ᠎ᠠ ᠶᠢᠨ ᠠᠷᠠᠰᠤ᠂ 2500 ᠵᠢᠩ ᠨᠤᠤᠰᠤ᠂ 500 ᠵᠢᠩ | ᠨᠤᠯᠤᠤᠷ ᠬᠤᠳᠠᠯᠳᠤᠨ᠎ᠠ᠃ ᠡᠭᠦᠨ ᠠᠴᠠ ᠭᠠᠳᠠᠨ᠎ᠠ ᠪᠠᠰᠠ ᠦᠭᠡᠷ ᠬᠤᠨᠢᠨ ᠤ ᠮᠢᠬ᠎ᠠ ᠨᠡᠯᠢᠶᠡᠳ ᠬᠤᠳᠠᠯᠳᠤᠨ᠎ᠠ᠃ | | ᠲᠠᠶᠢᠴᠢᠩ ᠬᠦᠷᠦᠨ ᠤ ᠪᠠᠳᠠᠷᠠᠭᠤᠯᠳᠤ ᠲᠦᠷᠦ ᠶᠢᠨ ᠭᠤᠴᠢᠨ ᠲᠤᠯᠤᠭᠠᠨ ᠤᠨ ︵1907︶ ᠠᠴᠠ | ᠡᠬᠢᠯᠡᠵᠦ ᠪᠠᠭᠠᠷᠢᠨ ᠤ ᠴᠠᠭᠠᠨᠮᠦᠷᠡᠨ ᠠᠴᠠ ᠪᠠᠷᠠᠭᠤᠨᠰᠢᠬᠢ ᠤᠷᠤᠨ ᠳᠤ ᠠᠳᠠᠷ ᠬᠠᠭᠠᠯᠪᠤᠷᠢᠯᠠᠵᠤ ᠡᠬᠢᠯᠡᠨ᠂ ᠲᠠᠷᠠᠭ᠎ᠠ | ᠵᠢᠯ ᠳᠤᠨᠢ ᠯᠢᠨᠰᠢ ᠰᠢᠶᠠᠨ ᠢ ᠪᠠᠶᠢᠭᠤᠯᠵᠤ᠂ ᠱᠠᠨᠳᠦ᠋ᠩ ᠂ ᠱᠠᠨᠰᠢ ᠂ ᠾᠧᠪᠧᠢ ᠵᠡᠷᠭᠡ ᠭᠠᠵᠠᠷ ᠤᠷᠤᠨ ᠠᠴᠠ | ᠲᠠᠷᠢᠶᠠᠴᠢᠳ ᠢ ᠨᠡᠭᠦᠯᠭᠡᠨ ᠢᠷᠡᠭᠦᠯᠵᠦ ᠠᠳᠠᠷ ᠬᠠᠭᠠᠯᠪᠤᠷᠢᠯᠠᠬᠤ ᠦᠢᠯᠡᠰ ᠢᠶᠠᠨ ᠤᠯᠠᠮ ᠦᠷᠭᠡᠳᠬᠡᠵᠦ ᠴᠢᠩ | ᠬᠦᠷᠦᠨ ᠮᠦᠬᠦᠬᠦ ᠦᠶᠡᠰ ᠨᠢᠭᠡᠨᠳᠠ 3949 .48 ᠲᠦᠷᠪᠡᠯᠵᠢᠨ ᠺᠢᠯᠤᠮᠧᠲ᠋ᠠᠷ ᠠᠳᠠᠷ ᠢ ᠡᠵᠡᠮᠰᠢᠨ ᠠᠪᠴᠦ | ᠯᠢᠨᠰᠢ ᠰᠢᠶᠠᠨ ᠤ ᠬᠢᠵᠠᠭᠠᠷ ᠢ ᠶᠡᠭᠡ ᠲᠦᠯᠦᠪ ᠲᠤᠭᠳᠠᠭᠠᠵᠠᠢ᠃ ᠬᠡᠪᠳᠦ ᠶᠤᠰᠤᠳᠤ ᠶᠢᠨ ᠤᠨ ᠳᠤ ᠵᠢᠩ ᠫᠧᠩ | ᠰᠢᠶᠠᠨ ᠤ ᠲᠠᠷᠤᠭ᠎ᠠ ᠬᠦᠸᠧ ᠽᠢ ᠰᠢᠦᠢ ᠲᠤᠩᠷᠤᠪᠸᠠᠩᠵᠢᠯ ᠤᠨ ᠨᠤᠳᠤᠭ ᠠᠬᠤᠢ ᠲᠠᠯ᠎ᠠ ᠶᠢ ᠨᠢᠭᠡ ᠴᠢᠩ | ᠳᠡᠭᠡᠨ 30 ᠯᠠᠩ ᠮᠦᠩᠬᠦ ᠪᠠᠷ ᠬᠤᠳᠠᠯᠳᠤᠨ ᠠᠪᠴᠦ ᠲᠤᠤᠷ᠎ᠠ ᠭᠤᠸᠠᠨᠳᠢ ᠠᠴᠠ ᠬᠤᠶᠢᠰᠢ ᠭᠠᠵᠠᠷ ᠢ ᠦᠪᠡᠷ | ᠤᠨ ᠲᠡᠭᠦᠦ ᠬᠦᠸᠧ ᠽᠢ ᠴᠧᠩ ᠢᠶᠠᠷ ᠬᠠᠭᠠᠯᠪᠤᠷᠢᠯᠠᠭᠤᠯᠵᠤ ᠲᠠᠷᠢᠶᠠᠨ ᠭᠠᠵᠠᠷ ᠪᠤᠯᠭᠠᠨ ᠂ ᠲᠤᠤᠷ᠎ᠠ ᠭᠤᠸᠠᠨᠳᠢ | ᠠᠴᠠ ᠡᠮᠦᠨᠡᠰᠢᠬᠢ ᠭᠠᠵᠠᠷ ᠢ ᠯᠠᠨ ᠤᠪᠤᠭᠳᠤ ᠭᠠᠵᠠᠷ ᠤᠨ ᠡᠵᠡᠨ ᠳᠤ ᠬᠤᠳᠠᠯᠳᠤᠨ ᠦᠭᠴᠠᠢ᠃ ᠲᠤᠬᠠᠢ ᠶᠢᠨ | ᠦᠶ᠎ᠡ ᠳᠤ ᠲᠤᠩᠷᠤᠪᠸᠠᠩᠵᠢᠯ ᠡᠪᠡᠰᠦ ᠪᠡᠯᠴᠢᠭᠡᠷ ᠢᠶᠠᠨ ᠠᠯᠳᠠᠨ ᠮᠠᠯ ᠬᠦᠷᠦᠩᠭᠡ ᠪᠠᠨ ᠠᠪᠴᠦ ᠴᠠᠭᠠᠨᠮᠦᠷᠡᠨ ᠢ | ᠬᠡᠳᠦᠯᠵᠦ ᠵᠡᠭᠦᠨᠰᠢ ᠨᠡᠬᠦᠵᠦ ᠶᠠᠪᠤᠵᠠᠢ᠃ ᠬᠦᠮᠦᠰ ᠤᠨ ᠶᠠᠷᠢᠬᠤ ᠪᠠᠷ ᠪᠠᠭᠠᠷᠢᠨ ᠵᠡᠭᠦᠨ ᠬᠤᠰᠢᠭᠤᠨ ᠤ ᠬᠢᠵᠠᠭᠠᠷ | ᠵᠦᠭ ᠲᠡᠨᠦᠬᠦᠴᠢᠯᠡᠨ ᠶᠠᠪᠤᠭᠰᠠᠨ ᠭᠡᠨ᠎ᠡ᠃ | ᠠᠭᠤᠢ ᠲᠠᠯ᠎ᠠ ᠶᠢ ᠵᠢᠩ ᠫᠧᠩ ᠰᠢᠶᠠᠨ ᠤ ᠲᠠᠷᠤᠭ᠎ᠠ ᠬᠤᠳᠠᠯᠳᠤᠨ ᠠᠪᠤᠭᠰᠠᠨ ᠪᠤᠯᠬᠤᠷ ᠬᠢᠳᠠᠳ | ᠢᠶᠠᠷ ᠭᠤᠸᠠᠨᠳᠢ ︵ᠨᠤᠶᠠᠨ ᠤ ᠨᠤᠳᠤᠭ —官地) ᠭᠡᠵᠦ ᠲᠠᠭᠤᠳᠠᠬᠤ ᠪᠤᠯᠵᠠᠢ᠃ ᠡᠭᠦᠨ ᠠᠴᠠ | ᠡᠬᠢᠯᠡᠵᠦ ᠲᠦᠴᠢᠨ ᠵᠢᠯ ᠤᠨ ᠬᠤᠭᠤᠴᠠᠭᠠᠨ᠎ᠠ ᠬᠦᠸᠧ ᠽᠢ ᠰᠢᠦᠢ ᠶᠢᠨ ᠲᠡᠭᠦᠦ ᠬᠦᠸᠧ ᠽᠢ ᠴᠧᠩ | ᠭᠤᠸᠠᠨᠳᠢ ᠤᠷᠤᠨ ᠤ ᠲᠤᠮᠤ ᠭᠠᠵᠠᠷ ᠤᠨ ᠡᠵᠡᠨ ᠪᠤᠯᠵᠦ᠂ ᠠᠮᠤ ᠪᠤᠳᠠᠭ᠎ᠠ ᠶᠢᠨ ᠤᠨᠠᠯᠳᠠ ᠨᠢ ᠵᠠᠭᠤᠨ ᠲᠦᠮᠡᠨ | ᠵᠢᠩ ᠢ ᠲᠠᠪᠠᠵᠦ ᠪᠤᠳᠠ ᠪᠤᠭ ᠮᠠᠯ ᠢ ᠲᠦᠷᠭᠡᠨ ᠦᠷᠡᠵᠢᠵᠦ ᠦᠷᠯᠦᠭᠡ ᠦᠷ ᠴᠠᠶᠢᠬᠤ ᠠᠴᠠ ᠡᠬᠢᠨᠯᠵᠦ | ᠭᠠᠳᠠᠭᠰᠢ ᠭᠠᠷᠭᠠᠵᠤ ᠨᠠᠷᠠ ᠪᠦᠷᠢᠨ ᠭᠠᠷᠬᠤ ᠳᠤ ᠰᠠᠶ᠋ᠢ ᠭᠠᠷᠭᠠᠵᠤ ᠲᠠᠭᠤᠰᠤᠨ᠎ᠠ᠃ | ᠭᠠᠵᠠᠷ ᠰᠢᠷᠦᠢ ᠶᠢᠨ ᠦᠭᠡᠷᠴᠢᠯᠡᠯᠳᠡ ᠲᠤᠮᠳᠠ ᠬᠦᠸᠧ ᠽᠢ ᠴᠧᠩ ᠢ ᠭᠤᠸᠠᠨᠳᠢ ᠶᠢᠨ ᠶᠡᠭᠡ | ᠮᠦᠯᠵᠢᠭᠴᠢ ᠭᠠᠵᠠᠷ ᠤᠨ ᠡᠵᠡᠨ ᠭᠡᠵᠦ ᠭᠠᠵᠠᠷ ᠰᠢᠷᠦᠢ ᠂ ᠮᠠᠯ ᠬᠦᠷᠦᠩᠭᠡ ᠂ ᠭᠡᠷ ᠨᠤᠳᠤᠭ ᠢ ᠬᠤᠪᠢᠶᠠᠯᠴᠠᠵᠤ ᠂ | ᠬᠦᠸᠧ ᠽᠢ ᠴᠧᠩ ᠤᠨ ᠬᠤᠶᠠᠷ ᠬᠦᠯ ᠢ ᠨᠢ ᠤᠶᠠᠵᠤ ᠮᠤᠷᠢ ᠪᠠᠷ ᠪᠧᠢ ᠱᠤᠤ ᠬᠦᠸᠧ ᠠᠴᠠ ᠪᠤᠯᠠᠭ ᠤᠨ | ᠬᠦᠨᠳᠢ ᠬᠦᠷᠳᠡᠯ᠎ᠡ ᠴᠢᠷᠴᠦ ᠂ ᠲᠠᠬᠢᠨ ᠪᠤᠯᠠᠭ ᠤᠨ ᠬᠦᠨᠳᠢ ᠠᠴᠠ ᠪᠤᠴᠠᠨ ᠴᠢᠷᠦᠭᠰᠨᠨ ᠳᠤ ᠠᠷᠦ ᠲᠠᠯ᠎ᠠ ᠶᠢᠨ | ᠶᠠᠰᠤ ᠨᠢ ᠦᠯᠡᠳᠡᠵᠦ ᠠᠷᠠᠰᠤ ᠮᠢᠬ᠎ᠠ ᠨᠢ ᠪᠦᠷ ᠵᠤᠯᠠᠭᠠᠷᠠᠵᠤ ᠵᠢᠷᠦᠭᠡ ᠶᠢᠨ ᠯᠤᠭᠰᠢᠯᠳᠠ ᠨᠢ ᠦᠵᠡᠭᠳᠡᠬᠦ | ᠪᠤᠯᠤᠭᠰᠠ ᠳᠤ ᠨᠢᠭᠡ ᠡᠷ᠎ᠡ ᠵᠢᠬᠠᠭᠠᠨ ᠦᠷᠦ ᠡᠪᠡᠳᠴᠦ ᠴᠢᠯᠠᠭᠤ ᠪᠠᠷ ᠲᠤᠯᠤᠭᠠᠢ ᠶᠢ ᠨᠢ ᠪᠠᠯᠪᠠᠴᠢᠨ ᠠᠯᠠᠵᠠᠢ | ᠃ | ᠲᠤᠰ ᠵᠤᠬᠢᠶᠠᠯ ᠢ ᠪᠢᠳᠠ1969 ᠤᠨ ᠤ 9 ᠰᠠᠷ᠎ᠠ ᠳᠤ ᠪᠠᠭᠠᠷᠢᠨ ᠤ ᠢᠮᠠᠭᠠᠳᠤ ᠶᠡᠭᠡ | ᠪᠠᠷᠢᠭᠠᠳᠠ ᠶᠢᠨ ᠡᠷᠬᠢᠮᠪᠠᠶᠠᠷ᠂ ᠮᠠᠯᠴᠢᠨ ᠶᠤᠨᠳᠤᠨ ᠵᠡᠷᠭᠡ ᠶᠢ ᠰᠤᠷᠪᠤᠯᠵᠢᠯᠠᠨ ᠲᠡᠮᠳᠡᠭᠡᠯᠡᠭᠰᠡᠨ ᠶᠤᠮ ᠃ |