ᠶᠤᠸᠠᠨ ᠤᠯᠤᠰ ᠤᠨ ᠰᠡᠭᠦᠯᠴᠢ ᠶᠢᠨ  ᠦᠶ᠎ᠡ ᠶᠢᠨ  ᠭᠠᠪᠢᠶᠠᠳᠤ ᠵᠠᠩᠵᠤᠨ ᠴᠠᠭᠠᠨᠳᠡᠮᠦᠷ ︵  ᠭᠤᠷᠪᠠ︶
ᠨᠡᠶᠢᠲᠡᠯᠡᠭᠰᠡᠨ ᠴᠠᠭ᠄
2017/1/13
          ᠶᠤᠸᠠᠨ   ᠤᠨ  ᠴᠡᠷᠢᠭ  ᠪᠢᠶᠠᠨ ᠯᠢᠶᠠᠩ ᠳᠤ ᠤᠷᠤᠭᠰᠠᠨ ᠤ ᠲᠠᠷᠠᠭ᠎ᠠ   ᠶᠤᠸᠠᠨ ᠤᠯᠤᠰ ᠤᠨ  ᠴᠡᠷᠢᠭ  ᠲᠤᠷᠠᠪᠠᠷ ᠠᠯᠠᠵᠤ  ᠪᠤᠯᠢᠶᠠᠬᠤ ᠵᠠᠩ   ᠢᠶᠠᠨ  ᠲᠡᠪᠴᠢᠵᠤ᠂ ᠰᠠᠬᠢᠯᠭ᠎ᠠ ᠪᠠᠳᠤ   ᠪᠠᠨ ᠴᠢᠩᠭᠠᠳᠬᠠᠵᠠᠢ᠃  ︽ᠪᠦᠬᠦ ᠬᠤᠳᠠ ᠶᠢᠨ  ᠬᠤᠷᠢᠨ ᠲᠦᠮᠡᠨ ᠬᠦᠮᠦᠨ   ᠠᠴᠠ  ᠠᠷᠠᠳ ᠢ   ᠠᠨᠤ  ᠠᠶᠤᠮᠰᠢᠭ ᠦᠭᠡᠢ   ᠪᠤᠯᠢᠶᠠᠬᠤ ᠦᠭᠡᠢ᠂  ᠲᠡᠯᠭᠡᠭᠦᠷ   ᠶᠢ ᠠᠨᠤ  ᠠᠶᠤᠮᠰᠢᠭ ᠦᠭᠡᠢ ᠲᠡᠭᠡᠷᠡᠮᠳᠡᠬᠦ ᠦᠭᠡᠢ  ︶  ︾  ︵︽ᠶᠤᠸᠠᠨ ᠤ ᠲᠡᠦᠭᠡ  ᠂ ᠴᠠᠭᠠᠨᠳᠡᠮᠦᠷ  ᠤᠨ  ᠱᠠᠰᠳᠢᠷ  ︾︶  ᠂  ᠴᠠᠭᠠᠨᠳᠡᠮᠦᠷ ᠤᠨ  ᠴᠡᠷᠢᠭ ᠵᠠᠰᠠᠬᠤ  ᠤᠬᠠᠭᠠᠨ ᠠᠨᠤ  ᠪᠤᠰᠤᠳ   ᠲᠤ  ᠶᠤᠰᠤᠨ ᠬᠡᠮᠡᠨ  ᠮᠡᠳᠡᠷᠡᠭᠳᠡᠨ  ᠰᠦᠩ ᠤᠯᠤᠰ ᠢ  ᠲᠦᠪᠰᠢᠳᠭᠡᠭᠰᠡᠨ  ᠪᠠᠶᠠᠨ ᠴᠧᠩᠰᠢᠶᠠᠩ ᠤᠨ  ᠴᠡᠷᠢᠭ ᠵᠠᠰᠠᠬᠤ  ᠰᠤᠷᠳᠠᠯ ᠠᠪᠠᠢ᠃           ᠪᠢᠶᠠᠨ ᠯᠢᠶᠠᠩ ᠢ  ᠡᠵᠡᠯᠡᠭᠰᠡᠨ ᠤ ᠰᠡᠭᠦᠯᠡᠷ ᠶᠤᠸᠠᠨ ᠤᠯᠤᠰ ᠤᠨ  ᠴᠡᠷᠢᠭ ᠢᠯᠡᠯᠳᠡ ᠶᠢᠨ ᠡᠷᠴᠢᠨ᠎ᠡ ᠤᠷᠤᠭᠰᠢᠯᠠᠵᠤ ᠠᠷᠪᠠᠨ ᠡᠳᠦᠷ ᠪᠤᠯᠤᠯ  ᠦᠭᠡᠢ  ᠾᠧᠨᠠᠨ   ᠢ ᠲᠦᠪᠰᠢᠳᠭᠡᠪᠡ᠃  ᠴᠠᠭᠠᠨᠳᠡᠮᠦᠷ  ︽ᠢᠯᠡᠯᠳᠡ ᠶᠢᠨ  ᠴᠢᠮᠡᠭᠡ ᠶᠢ  ᠨᠡᠶᠢᠰᠯᠡᠯ ᠬᠤᠳᠠᠨ᠎ᠠ  ᠬᠦᠷᠭᠡᠭᠰᠨ᠎ᠡ  ᠪᠠᠶᠠᠷᠯᠠᠯᠳᠤᠬᠤ ᠲᠠᠭᠤᠨ ᠲᠤᠳᠤᠭᠠᠳᠤ  ᠭᠠᠳᠠᠭᠠᠳᠤ ᠶᠢ  ᠲᠤᠩᠰᠤᠯᠭᠠᠵᠠᠢ︾  ︵︽ᠶᠤᠸᠠᠨ ᠤᠯᠤᠰ ᠤᠨ  ᠲᠡᠦᠭᠡ᠂  ᠴᠠᠭᠠᠨᠳᠡᠮᠦᠷ ᠤᠨ  ᠱᠠᠰᠳᠢᠷ︾  ︶  ᠂ ᠾᠧᠨᠠᠨ ᠢ  ᠬᠤᠷᠢᠶᠠᠭᠰᠠᠨ  ᠶᠡᠭᠡ ᠭᠠᠪᠢᠶ᠎ᠠ ᠨᠢ ᠴᠠᠭᠠᠨᠳᠡᠮᠦᠷ ᠢ  ᠶᠤᠸᠠᠨ ᠤᠯᠤᠰ   ᠲᠤ  ᠰᠢᠨ᠎ᠡ ᠪᠠᠷ  ᠤᠷᠭᠤᠭᠰᠠᠨ  ᠬᠦᠰᠡᠯ   ᠪᠤᠯᠭᠠᠵᠤ  ᠂ ᠡᠵᠡᠨᠳᠤ ᠤᠯᠤᠰ ᠤᠨ   ᠲᠡᠷᠢᠭᠦᠨ ᠵᠠᠩᠵᠤᠨ  ᠪᠤᠯᠵᠤ ᠠᠯᠳᠠᠷ ᠨᠡᠷ᠎ᠡ ᠨᠢ  ᠠᠯᠤᠰ   ᠲᠤ  ᠮᠠᠨᠳᠤᠵᠠᠢ  ᠃         ᠾᠧᠨᠨᠠ   ᠢ  ᠡᠭᠡᠭᠦᠯᠦᠭᠰᠡᠨ   ᠠᠴᠠ  ᠶᠤᠸᠠᠨ ᠤ ᠲᠦᠷᠦ ᠬᠢᠭᠡᠳ  ᠡᠮᠦᠨᠡᠳᠦ ᠶᠢᠨ ᠨᠤᠶᠠᠷᠬᠠᠯ ᠤᠨ  ᠤᠷᠤᠨ ᠤ ᠬᠠᠷᠢᠯᠴᠠᠭ᠎ᠠ  ᠰᠡᠷᠭᠦᠵᠦ ᠲᠠᠶᠢᠨ ᠤ ᠪᠠᠶᠢᠳᠠᠯ  ᠶᠤᠸᠠᠨ ᠤᠯᠤᠰ ᠲᠤ ᠮᠡᠳᠡᠭᠳᠡᠮ᠎ᠡ ᠠᠰᠢᠭᠳᠠᠢ ᠪᠤᠯᠵᠠᠢ᠃   ᠴᠠᠭᠠᠨᠳᠡᠮᠦᠷ ᠤᠨ  ᠴᠡᠷᠢᠭ ᠤᠨ  ᠬᠦᠴᠦᠨ ᠴᠦ  ᠨᠡᠩ  ᠪᠠᠳᠠᠷᠠᠵᠤ  ︽ ᠬᠡᠳᠦᠨ ᠮᠢᠩᠭᠠᠨ ᠭᠠᠵᠠᠷ ᠤᠨ  ᠴᠡᠷᠢᠭ ᠤᠨ  ᠬᠦᠷᠢᠶᠡᠨ ᠤ ᠲᠤᠭ ᠭᠬᠢᠷᠡᠢ   ᠬᠠᠷᠢᠯᠴᠠᠨ  ᠲᠠᠯᠪᠠᠯᠵᠠᠵᠤ᠂  ᠡᠳᠦᠷᠵᠢᠨ  ᠤᠩᠭᠤᠴᠠ ᠰᠠᠯ  ᠦᠢᠯᠡᠳᠴᠦ᠂ ᠬᠤᠶᠠᠭ ᠲᠤᠭᠤᠯᠭ᠎ᠠ ᠵᠤᠬᠢᠶᠠᠨ᠂  ᠲᠠᠷᠢᠶᠠᠨ ᠠᠵᠢᠯ ᠳᠤ ᠬᠢᠴᠢᠶᠠᠨ᠂  ᠴᠡᠷᠢᠭ ᠤᠨ  ᠠᠷᠠᠳ ᠢ  ᠪᠤᠯᠪᠠᠰᠤᠷᠠᠭᠤᠯᠵᠤ᠂ ᠱᠠᠨᠳᠦᠩ ᠢ  ᠬᠤᠷᠢᠶᠠᠬᠤ ᠶᠡᠭᠡ ᠠᠷᠭ᠎ᠠ   ᠶᠢ ᠪᠤᠳᠤᠯᠬᠢᠯᠠᠵᠠᠢ  ︾ ︵ ︽ᠶᠤᠸᠠᠨ ᠤᠯᠤᠰ ᠤᠨ   ᠲᠡᠦᠭᠡ᠂  ᠴᠠᠭᠠᠨᠳᠡᠮᠦᠷ ᠤᠨ  ᠱᠠᠰᠳᠢᠷ  ︾  ᠃          ᠲᠤᠷᠠᠳᠤᠯᠳᠠᠢ ᠨᠢ  ᠴᠭᠠᠨᠳᠡᠮᠦᠷ  ᠾᠧᠨᠠᠨ ᠢ  ᠪᠤᠴᠠᠭᠠᠬᠤ  ᠲᠠᠶᠢᠨ ᠢ  ᠪᠡᠯᠡᠳᠭᠡᠬᠦ ᠲᠤᠮᠳᠠ 1359 ᠤᠨ   ᠤ 5 ᠰᠠᠷ᠎ᠠ ᠶᠢᠨ  ᠬᠠᠷ᠎ᠠ ᠪᠠᠷᠰ ᠡᠳᠦᠷ   ᠲᠦᠷᠦ ᠳᠤ ᠪᠢᠴᠢᠭ ᠡᠷᠭᠦᠵᠦ  ︽ ᠲᠤᠰ ᠤᠨ ᠤ ᠨᠠᠢᠮᠠᠨ ᠰᠠᠷ᠎ᠠ  ᠳᠤ   ᠾᠧᠨᠠᠨ ᠤ  ᠡᠷᠭᠦᠭᠰᠡᠳ ᠴᠡᠷᠢᠭ ᠤᠨ  ᠰᠠᠮᠠᠭᠤᠨ ᠠᠴᠠ  ᠵᠠᠶᠢᠯᠠᠵᠤ ᠰᠢᠯᠭᠠᠯᠭᠠᠨ᠎ᠠ  ᠤᠷᠤᠬᠤ ᠲᠤᠯᠠ  ᠨᠤᠳᠤᠭ  ᠢᠯᠭᠠᠯ ᠦᠭᠡᠢ   ᠪᠠᠷ  ᠾᠧᠨᠠᠨ ᠤ  ᠠᠩᠬ᠎ᠠ ᠲᠤᠭᠳᠠᠭᠰᠠᠨ ᠲᠤᠭ᠎ᠠ ᠪᠠᠷ  ᠱᠠᠨᠵᠧᠦ ᠳᠤᠷ  ᠰᠢᠯᠭᠠᠯᠭᠠᠨ᠎ᠠ  ᠤᠷᠤᠯᠴᠠᠭᠤᠯᠦᠮᠤ  ︾  ︵︽ᠶᠤᠸᠠᠨ ᠤ ᠲᠡᠦᠭᠡ  ᠱᠦᠨ ᠳ᠋ᠢ ᠶᠢᠨ  ᠲᠤᠰ ᠬᠦᠮᠦᠨ ᠤ  ᠲᠡᠮᠳᠡᠭᠯᠡᠯ  ᠂  ᠲᠦᠴᠢᠨ ᠲᠠᠪᠤᠳᠤᠭᠠᠷ  ︾︶  ᠃  ᠴᠭᠠᠨᠳᠡᠮᠦᠷ   ᠴᠡᠷᠢᠭ   ᠲᠠᠶᠢᠨ ᠤ ᠲᠤᠮᠳᠠ  ᠡᠷᠭᠦᠭᠰᠡᠳ ᠤᠨ  ᠰᠢᠯᠭᠠᠭᠤᠯᠢ ᠶᠢ  ᠮᠠᠷᠳᠠᠭᠰᠠᠨ ᠦᠭᠡᠢ ᠠᠨᠤ ᠲᠡᠭᠦᠨ   ᠤ  ᠬᠡᠪ ᠲᠦᠷᠢ  ᠠᠨᠤ  ᠦᠨᠡᠨᠬᠦ ᠶᠤᠰᠤᠨ  ᠪᠤᠯᠵᠤ  ᠬᠢᠳᠠᠳ  ᠰᠤᠶᠤᠯ ᠢ  ᠨᠡᠩ  ᠲᠡᠭᠦᠯᠳᠡᠷᠵᠢᠬᠦᠯᠬᠦᠭᠰᠡᠨ  ᠢᠯᠡᠷᠡᠯ ᠪᠤᠯᠵᠤ ᠪᠤᠯᠤᠨ᠎ᠠ᠃         1359 ᠤᠨ ᠤ 4 ᠰᠠᠷ᠎ᠠ ᠳᠤ  ᠤᠯᠠᠭᠠᠨ ᠠᠯᠴᠢᠭᠤᠷᠳᠠᠨ ᠤ ᠨᠢᠭᠡᠨ ᠲᠦᠷᠦᠭᠦᠦ ᠮᠤᠤ ᠬᠦᠢ   ᠬᠡᠮᠡᠭᠴᠢ ᠵᠤᠤ ᠵᠢᠶᠦ᠋ᠨ ᠶᠦᠩ ᠳᠤ   ᠠᠯᠠᠭᠳᠠᠭᠰᠠᠨ᠎ᠠ  ᠮᠤᠤ ᠬᠦᠢ ᠶᠢᠨ  ᠬᠠᠷᠢᠶᠠᠳᠤ ᠵᠠᠩᠵᠤᠨ  ᠱᠢᠦᠢ ᠶᠢ ᠽᠦ  ᠯᠢᠶᠤᠤ ᠶᠠᠩ ᠠᠴᠠ  ᠢ ᠳ᠋ᠧᠦ ᠳᠤ  ᠢᠷᠡᠵᠦ  ᠵᠤᠤ ᠵᠤᠤ ᠵᠢᠶᠦ᠋ᠨ ᠶᠦᠩ ᠢ  ᠠᠯᠠᠵᠤ  ᠂ ᠱᠠᠨᠳᠦ᠋ᠩ   ᠤᠨ  ᠤᠯᠠᠭᠠᠨ ᠠᠯᠴᠢᠭᠤᠷᠳᠠᠳ  ᠬᠠᠷᠢᠯᠴᠠᠨ ᠠᠯᠠᠯᠳᠤᠵᠤ  ᠲᠡᠷᠢᠭᠦᠨ ᠲᠤᠯᠤᠭᠠᠢ ᠦᠭᠡᠢ ᠶᠠᠭᠤᠮ᠎ᠠ ᠪᠤᠯᠵᠤ  ᠨᠢᠭᠡᠨᠳᠡ ᠠᠪᠤᠷᠠᠰᠢ ᠦᠭᠡᠢ ᠪᠤᠯᠵᠠᠢ᠃      1361 ᠤᠨ   ᠤ 6 ᠰᠠᠷ᠎ᠠ ᠳᠤ  ᠪᠤᠯᠤᠳᠡᠮᠦᠷ ᠯᠤᠭ᠎ᠠ ᠲᠡᠮᠡᠴᠡᠯ   ᠢᠶᠠᠨ ᠰᠠᠶ᠋ᠢᠬᠠᠨ ᠲᠠᠭᠤᠰᠬᠠᠭᠰᠠᠨ   ᠴᠠᠭᠠᠨᠳᠡᠮᠦᠷ  ᠱᠠᠨᠳᠦ᠋ᠩ ᠢ   ᠲᠦᠪᠰᠢᠳᠭᠡᠬᠦ ᠲᠤᠬᠢᠶᠠᠯ   ᠪᠤᠯᠪᠠᠰᠤᠷᠠᠭᠰᠠᠨ   ᠢ   ᠮᠡᠳᠡᠵᠦ  ᠶᠡᠭᠡ  ᠴᠡᠷᠢᠭ ᠬᠦᠳᠡᠯᠭᠡᠨ ᠱᠠᠨᠳᠦ᠋ᠩ ᠵᠦᠭ  ᠴᠡᠷᠢᠭᠯᠡᠬᠦ ᠪᠠᠷ ᠲᠤᠭᠳᠠᠵᠠᠢ᠃  ᠴᠠᠭᠠᠨᠳᠡᠮᠦᠷ  ᠱᠠᠨᠰᠢ ᠠᠴᠠ  ᠯᠦᠸᠧᠶᠠᠩ ᠳᠤ ᠢᠷᠡᠵᠦ  ᠡᠯ᠎ᠡ ᠵᠠᠮ ᠤᠨ  ᠵᠠᠩᠵᠤᠨ ᠢ  ᠴᠤᠭᠯᠠᠭᠤᠯᠤᠨ  ᠱᠠᠨᠳᠦ᠋ᠩ ᠢ  ᠲᠠᠭᠠᠷᠢᠬᠤ ᠲᠠᠶᠢᠨ ᠤ ᠪᠤᠳᠤᠯᠭ᠎ᠠ ᠶᠢ ᠲᠤᠬᠢᠷᠠᠭᠤᠯᠪᠠ  ᠃  ᠲᠠᠪᠤᠨ ᠵᠠᠮ ᠤᠨ  ᠴᠡᠷᠢᠭ ᠬᠤᠪᠢᠶᠠᠨ ᠤᠰᠤ ᠬᠠᠭᠤᠷᠠᠢ ᠪᠠᠷ ᠵᠡᠷᠭᠡᠪᠡᠷ ᠤᠷᠤᠮᠦᠢ᠃    ᠴᠠᠭᠠᠨᠳᠡᠮᠦᠷ  ᠪᠠᠰᠠᠬᠦ  ᠲᠡᠭᠦᠨ ᠤ ᠢᠯᠠᠭᠳᠠᠰᠢ ᠦᠭᠡᠢ  ᠰᠢᠯᠢᠳᠡᠭ  ᠮᠤᠷᠢᠳᠠᠨ   ᠢᠶᠠᠨ ᠲᠠᠭᠠᠭᠤᠯᠤᠨ  ᠬᠠᠳᠤᠨ ᠭᠤᠤᠯ ᠢ  ᠮᠧᠩ ᠶᠢᠨ ᠤᠯᠤᠮ   ᠢᠶᠠᠷ ᠭᠡᠳᠦᠯᠵᠦ  ᠂ ᠴᠢᠨ ᠬᠤᠸᠠᠢ ᠪᠠᠷ ᠦᠩᠭᠡᠷᠡᠵᠦ ᠱᠠᠨᠳᠦ᠋ᠩ ᠳᠤ  ᠤᠷᠤᠪᠠ  ᠃ 7 ᠰᠠᠷ᠎ᠠ ᠳᠤ  ᠭᠤᠸᠠᠨᠵᠧᠦ  ︵ᠱᠠᠨᠳᠦᠩ ᠤᠨ  ᠭᠤᠸᠠᠨ ᠰᠢᠶᠠᠨ︶  ᠂  ᠳ᠋ᠦᠩ ᠴᠠᠩ ᠢ  ᠡᠵᠡᠯᠡᠪᠡ  ︵ ᠱᠠᠨᠳᠦ᠋ᠩ ᠤᠨ  ᠯᠢᠶᠤᠤ ᠴᠧᠩ  ︶  ᠃  ᠨᠠᠢᠮᠠᠨ ᠰᠠᠷ᠎ᠠ ᠳᠤ  ᠴᠠᠭᠠᠨᠳᠡᠮᠦᠷ ᠤᠨ  ᠴᠡᠷᠢᠭ  ᠶᠠᠨ ᠾᠧ ᠭᠤᠤᠯ ᠳᠤ ᠤᠶᠢᠷᠳᠤᠬᠤ ᠦᠶᠡᠰ   ᠲᠡᠭᠦᠨ ᠤ  ᠲᠡᠵᠢᠭᠡᠭᠰᠡᠨ ᠬᠦᠪᠡᠭᠦᠨ  ︵ ᠵᠠᠷᠢᠮ ᠲᠡᠦᠭᠡᠴᠢᠨ  ᠬᠢᠳᠠᠳ ᠭᠠᠵᠠᠷ ᠤᠨ  ᠡᠵᠡᠨ  ᠤ ᠬᠦᠦ  ᠂ ᠵᠠᠷᠢᠮ ᠲᠡᠦᠭᠡᠴᠢᠨ ᠲᠡᠭᠦᠨ ᠢ  ᠴᠠᠭᠠᠨᠳᠡᠮᠦᠷ   ᠤᠨ  ᠡᠭᠡᠴᠢ ᠶᠢᠨ  ᠬᠢᠨᠢ ᠬᠦᠦ ᠭᠡᠳᠡᠭ ——  ᠤᠷᠴᠢᠭᠤᠯᠤᠭᠴᠢ ᠠᠴᠠ︶  ᠬᠦᠭᠡᠳᠡᠮᠦᠷ  ︵ᠸᠠᠩ ᠪᠤᠤ ᠪᠤᠤ  ︶᠂  ᠶᠠᠨ ᠰᠧ ᠰᠢᠶᠤᠤ᠂  ᠭᠤᠸᠠᠨ ᠪᠤᠤ᠂  ᠬᠤᠯᠠᠨᠴᠢ  ᠨᠠᠷ ᠢᠶᠠᠷ  5 ᠲᠦᠮᠡᠨ  ᠴᠡᠷᠢᠭ ᠲᠠᠶᠢᠴᠢᠯᠠᠭᠤᠯᠤᠨ  ᠳ᠋ᠦᠩ ᠫᠢᠩ   ᠢ  ᠲᠠᠭᠠᠷᠢᠭᠤᠯᠪᠠ᠃  ᠶᠤᠸᠠᠨ ᠤ ᠴᠡᠷᠢᠭ ᠬᠦᠪᠪᠦᠮᠡᠯ ᠬᠦᠭᠦᠷᠭᠡ ᠵᠤᠬᠢᠶᠠᠨ  ᠳ᠋ᠦᠩ ᠾᠧ  ᠭᠤᠤᠯ   ᠢ  ᠬᠡᠳᠦᠯᠬᠦ   ᠦᠶᠡᠰ  ᠂ ᠲᠢᠶᠠᠨ ᠹᠧᠩ  ︵ᠤᠤᠯ ᠤᠨ  ᠶᠤᠸᠠᠨ ᠤᠯᠤᠰ ᠤᠨ  ᠬᠠᠳᠤᠨ ᠭᠤᠤᠯ ᠢ  ᠰᠠᠬᠢᠭᠰᠠᠨ ᠵᠢᠷᠦᠮ ᠤᠨ  ᠴᠡᠷᠢᠭ ᠤᠨ  ᠲᠦᠮᠡᠳᠤ  ᠂  ᠬᠤᠵᠢᠮ ᠨᠢ  ᠤᠯᠠᠭᠠᠨ ᠠᠯᠴᠢᠭᠤᠷᠳᠠᠨ ᠳᠤ ᠲᠠᠭᠠᠵᠠᠢ︶  2 ᠲᠦᠮᠡᠨ ᠴᠡᠷᠢᠭ ᠲᠠᠶᠢᠴᠢᠯᠠᠨ  ᠬᠦᠭᠦᠷᠭᠡ ᠶᠢ ᠪᠤᠯᠢᠶᠠᠯᠳᠤᠪᠠ  ᠃ ᠭᠤᠸᠠᠨ ᠪᠤᠤ  ᠂ ᠬᠤᠯᠠᠨᠴᠢ ᠨᠠᠷ  ᠪᠠᠶᠢᠯᠳᠤᠯᠬᠢᠯᠠᠨ ᠬᠡᠳᠦᠯᠵᠤ  ᠤᠯᠠᠭᠠᠨ ᠠᠯᠴᠢᠭᠤᠷᠳᠠᠨ   ᠢ  ᠢᠯᠠᠵᠤ ᠲᠦᠮᠡᠨ  ᠢᠯᠡᠭᠦᠦ ᠲᠡᠷᠢᠭᠦᠨ ᠢ ᠴᠠᠪᠴᠢᠨ  ᠴᠠᠩ ᠴᠢᠩ   ᠢ  ᠡᠵᠡᠯᠡᠵᠦ  ᠂ ᠳ᠋ᠦᠩ ᠫᠢᠩ ᠬᠤᠳᠠ   ᠶᠢᠨ  ᠲᠤᠤᠷ᠎ᠠ ᠬᠦᠷᠴᠠᠢ᠃        ᠴᠠᠭᠠᠨᠳᠡᠮᠦᠷ  ︽ᠲᠢᠶᠠᠨ ᠹᠧᠩ ᠱᠠᠨᠳᠦ᠋ᠩ ᠳᠤ ᠤᠳᠠᠭᠠᠨ ᠰᠠᠭᠤᠵᠤ ᠴᠡᠷᠢᠭ ᠠᠷᠠᠳ ᠰᠡᠳᠬᠢᠯ   ᠲᠠᠭᠠᠭᠰᠠᠨ   ᠢ ᠪᠤᠳᠤᠯᠬᠢᠯᠠᠵᠤ  ᠪᠢᠴᠢᠭ ᠦᠢᠯᠡᠳᠴᠦ  ᠲᠦᠪ ᠭᠠᠵᠢᠭᠤ ᠶᠢᠨ ᠶᠤᠰᠤᠨ ᠢ   ᠦᠭᠦᠯᠡᠪᠡ  ︾  ᠃  ︵ ︽ᠶᠤᠸᠠᠨ ᠤ ᠲᠡᠦᠭᠡ  ᠂  ᠴᠠᠭᠠᠨᠳᠡᠮᠦᠷ ᠤᠨ  ᠱᠠᠰᠳᠢᠷ  ︾  ︾  ᠃ ᠢᠩᠬᠢᠵᠤ ᠲᠢᠶᠠᠨ ᠹᠧᠩ ᠲᠠᠬᠢᠨ ᠨᠢᠭᠡᠨ ᠤᠳᠠᠭ᠎ᠠ  ᠶᠤᠸᠠᠨ ᠤᠯᠤᠰ ᠤᠨ  ᠡᠪᠦᠷ ᠲᠤ   ᠰᠢᠷᠭᠤᠵᠤ  ᠂ ᠸᠠᠩ ᠱᠢ ᠴᠧᠩ ᠵᠡᠷᠭᠡ ᠴᠦ  ᠲᠠᠭᠠᠯᠳᠤᠪᠡᠷ  ᠪᠠᠭᠤᠨ ᠦᠭᠴᠠᠢ᠃         ᠲᠤᠬᠠᠢ ᠶᠢᠨ ᠦᠶᠡᠰ  ᠱᠠᠨᠳᠦ᠋ᠩ ᠤᠨ  ᠤᠯᠠᠭᠠᠨ ᠠᠯᠴᠢᠭᠤᠷᠳᠠᠨ   ᠤ ᠭᠤᠤᠯ ᠬᠦᠴᠦᠨ ᠠᠨᠤ  ᠵᠢᠨᠠᠨ  ᠳᠤ  ᠬᠤᠷᠠᠵᠤ  ᠂ ᠴᠢ ᠾᠧ  ᠂  ᠢᠦᠢ ᠴᠧᠩ   ᠠᠴᠠ  ᠭᠠᠷᠴᠦ  ᠶᠤᠸᠠᠨ ᠤ  ᠴᠡᠷᠢᠭ ᠢ  ᠡᠰᠡᠷᠭᠦᠴᠡᠬᠦ ᠪᠠᠷ  ᠲᠤᠭᠳᠠᠵᠠᠢ᠃  ᠴᠠᠭᠠᠨᠳᠡᠮᠦᠷ ᠪᠠᠰᠠ ᠨᠢᠭᠡᠨ ᠤᠳᠠᠭ᠎ᠠ ᠲᠡᠭᠦᠨ ᠤ  ᠪᠤᠳᠠᠷᠠᠨ ᠤᠷᠤᠵᠤ  ᠬᠤᠮᠤᠷᠭᠠᠯᠠᠨ ᠲᠠᠭᠠᠷᠢᠬᠤ ᠲᠠᠶᠢᠨ ᠤ ᠠᠷᠭ᠎ᠠ ᠢᠶᠠᠨ ᠬᠡᠷᠡᠭᠯᠡᠵᠦ  ᠲᠦᠷᠪᠡᠨ ᠵᠠᠮ ᠤᠨ  ᠴᠡᠷᠢᠭ ᠬᠤᠪᠢᠶᠠᠪᠠ᠃  ᠨᠢᠭᠡᠳᠤᠭᠡᠷ ᠵᠠᠮ ᠵᠢᠢ ᠶᠠᠩ᠂ ᠵᠠᠩ ᠴᠢᠦ ᠶᠢ ᠲᠠᠭᠠᠷᠢᠮᠦᠢ᠃  ᠬᠤᠶᠠᠳᠤᠭᠠᠷ ᠵᠠᠮ  ᠪᠢᠨ ᠬᠠᠢ ᠶᠢᠨ ᠤᠯᠠᠨ ᠬᠤᠳᠠᠳ   ᠢ  ᠲᠠᠭᠠᠷᠢᠮᠦᠢ᠃  ᠭᠤᠷᠪᠠᠳᠤᠭᠠᠷ ᠵᠠᠮ ᠴᠢᠨ ᠠᠨ  ᠂  ᠢ ᠶᠠᠩ ᠢ  ᠲᠭᠠᠷᠢᠨ ᠡᠵᠡᠯᠡᠵᠦ᠂  ᠴᠠᠭᠠᠨᠳᠡᠮᠦᠷ  ᠪᠡᠶᠡᠪᠡᠷ ᠭᠤᠤᠯ ᠬᠦᠴᠦᠨ ᠢ  ᠵᠢᠯᠤᠭᠤᠳᠤᠨ   ᠳ᠋ᠠ ᠴᠢᠩ ᠾᠧ ᠭᠤᠤᠯ ᠢ ᠭᠡᠳᠦᠯᠤᠨ  ᠤᠯᠠᠭᠠᠨ ᠠᠯᠴᠢᠭᠤᠷᠳᠠᠨ ᠯᠤᠭ᠎ᠠ ᠹᠧᠨ ᠴᠢ   ᠳᠤ ᠪᠠᠶᠢᠯᠳᠤᠨ ᠢᠯᠠᠵᠤ  ᠂ ᠵᠢᠢ ᠨᠠᠨ ᠬᠤᠳᠠ ᠶᠢ  ᠰᠢᠬᠠᠮᠳᠠᠭᠤᠯᠤᠨ᠂  ᠶᠤᠸᠠᠨ ᠤᠯᠤᠰ ᠤᠨ  ᠴᠡᠷᠢᠭ  ᠪᠠᠶᠢᠯᠳᠤᠬᠤ ᠪᠠᠶᠢᠯᠳᠤᠬᠤ ᠪᠤᠳᠤᠯᠭ᠎ᠠ ᠶᠢᠨ  ᠠᠰᠢᠭᠳᠠᠢ  ᠪᠠᠶᠢᠳᠠᠯ ᠳᠤ  ᠤᠷᠤᠵᠤ᠂ ᠪᠤᠰᠤᠳ ᠭᠤᠷᠪᠠᠨ ᠵᠠᠮ ᠤᠨ  ᠴᠡᠷᠢᠭ ᠴᠦ  ᠵᠠᠯᠭᠠᠳᠤᠪᠡᠷ  ᠢᠯᠡᠯᠳᠡ ᠶᠢᠨ  ᠮᠡᠳᠡᠭᠡ ᠰᠤᠨᠤᠰᠬᠠᠵᠤ ᠪᠠᠶᠢᠪᠠ᠃ ᠴᠢ ᠾᠧ  ᠂  ᠢᠦᠢ ᠴᠧᠩ   ᠢ  ᠰᠠᠬᠢᠭᠰᠠᠨ ᠤᠯᠠᠭᠠᠨ ᠠᠯᠴᠢᠭᠤᠷᠳᠠᠨ   ᠪᠠᠭᠤᠨ ᠦᠭᠴᠦ᠂  ᠪᠢᠨ ᠬᠠᠢ ᠶᠢᠨ ᠤᠯᠠᠨ ᠬᠤᠳᠠᠳ  ᠪᠠᠶᠢᠯᠳᠤᠯ ᠦᠭᠡᠢ ᠪᠠᠷ  ᠲᠠᠭᠠᠵᠠᠢ᠃  ᠢ ᠳ᠋ᠧᠦ ᠶᠢᠨ ᠤᠯᠠᠭᠠᠨ ᠠᠯᠴᠢᠭᠤᠷᠳᠠᠨ  ᠪᠠᠶᠢᠳᠠᠯ ᠲᠦᠭᠰᠢᠭᠦᠷᠢ ᠲᠠᠢ ᠪᠤᠯᠤᠭᠰᠠᠨ ᠢ  ᠬᠠᠷᠠᠵᠤ  ᠲᠤᠰᠠᠯᠠᠷ᠎ᠠ  ᠢᠷᠡᠭᠡᠳ  ᠶᠤᠸᠠᠨ ᠤ ᠴᠡᠷᠢᠭ ᠲᠤ ᠬᠤᠤ ᠱᠢ ᠴᠢᠶᠤᠤ ᠬᠡᠮᠡᠬᠦ ᠭᠠᠵᠠᠷ ᠢᠯᠠᠭᠳᠠᠵᠠᠢ᠃  ᠶᠤᠸᠠᠨ ᠤ ᠴᠡᠷᠢᠭ  ᠢᠯᠡᠯᠳᠡ ᠶᠢᠨ  ᠡᠷᠴᠢᠨ᠎ᠡ   ᠵᠢᠨᠠᠨ ᠬᠤᠳᠠ ᠶᠢ  ᠪᠦᠰᠡᠯᠡᠬᠦ ᠶᠢᠨ  ᠵᠡᠷᠭᠡᠪᠡᠷ  ᠴᠡᠷᠢᠭ ᠬᠤᠪᠢᠶᠠᠨ  ᠱᠠᠨᠳᠦ᠋ᠩ ᠤᠨ  ᠪᠤᠰᠤᠳ   ᠵᠧᠦ  ᠂ ᠵᠢᠶᠦ᠋ᠨ ᠢ  ᠬᠤᠷᠢᠶᠠᠮᠵᠢᠯᠠᠵᠠᠢ᠃         ᠶᠤᠸᠠᠨ   ᠤ ᠴᠡᠷᠢᠭ  ᠵᠢᠨᠠᠨ ᠢ  ᠪᠤᠴᠠᠭᠠᠭᠰᠠᠨ ᠤ ᠰᠡᠭᠦᠯᠡᠷ  ᠱᠠᠨᠳᠦ᠋ᠩ  ᠮᠤᠵᠢ ᠠᠴᠠ  ᠵᠦᠪᠭᠡᠨ  ᠢ ᠳ᠋ᠧᠦ  ᠂ ᠯᠢᠦᠢ ᠵᠧᠦ  ᠬᠤᠶᠠᠷᠬᠠᠨ  ᠦᠨᠦᠴᠢᠨ  ᠬᠤᠳᠠ ᠤᠯᠠᠭᠠᠨ ᠠᠯᠴᠢᠭᠤᠷᠳᠠᠨ ᠤ ᠭᠠᠷ ᠲᠤ   ᠦᠯᠡᠳᠡᠪᠡ᠃  ᠡᠭᠦᠨ   ᠳᠤ ᠢ ᠳ᠋ᠧᠦ ᠨᠢ  ᠯᠦᠩ ᠹᠧᠩ ᠲᠦᠷᠦ ᠶᠢᠨ  ᠢ ᠳ᠋ᠧᠦ  ᠮᠤᠵᠢ   ᠶᠢᠨ   ᠵᠠᠰᠠᠭ ᠤᠨ  ᠭᠠᠵᠠᠷ  ᠪᠠᠶᠢᠵᠤ  ᠬᠤᠳᠠ ᠶᠢᠨ  ᠬᠠᠮᠠᠭᠠᠯᠠᠯᠳᠠ ᠨᠢ ᠪᠠᠳᠤ ᠪᠠᠬᠢ᠃  ᠴᠠᠭᠠᠨᠳᠡᠮᠦᠷ  ᠵᠢᠨᠠᠨ   ᠤ ᠵᠡᠭᠦᠨ ᠠᠴᠠ  ᠭᠠᠷᠴᠦ ᠢ ᠳ᠋ᠧᠦ ᠶᠢ ᠪᠦᠰᠡᠯᠡᠵᠠᠢ᠃   ᠲᠡᠷᠡᠪᠡᠷ  ᠤᠯᠠᠨ ᠴᠡᠷᠢᠭ ᠢ  ᠵᠠᠷᠯᠠᠨ  ᠠᠷᠪᠠᠨ ᠬᠡᠳᠦᠨ ᠬᠦᠷᠢᠶ᠎ᠡ ᠭᠠᠷᠬᠠᠨᠯᠠᠨ ᠪᠠᠭᠤᠵᠤ  ᠬᠤᠳᠠ ᠡᠪᠳᠡᠬᠦ ᠵᠡᠪᠰᠡᠭ ᠢ  ᠶᠡᠭᠡᠪᠡᠷ ᠦᠢᠯᠡᠳᠴᠦ   ᠡᠯ᠎ᠡ ᠲᠠᠯ᠎ᠠ ᠠᠴᠠ  ᠬᠤᠳᠠ ᠶᠢ ᠬᠠᠮᠳᠤᠪᠡᠷ ᠲᠠᠭᠠᠷᠢᠵᠠᠢ᠃  ᠢ ᠳ᠋ᠧᠦ   ᠶᠢᠨ   ᠤᠯᠠᠭᠠᠨ ᠠᠯᠴᠢᠭᠤᠷᠳᠠᠨ  ᠪᠦᠬᠦ ᠬᠦᠴᠦᠨ   ᠢᠶᠠᠷ ᠬᠤᠳᠠ ᠶᠢ  ᠰᠠᠬᠢᠭᠰᠠᠨ ᠢᠶᠠᠷ ᠶᠤᠸᠠᠨ ᠤ ᠴᠡᠷᠢᠭ   ᠤᠨ   ᠰᠢᠷᠦᠭᠦᠨ ᠲᠠᠭᠠᠷᠢᠯᠳᠠ   ᠨᠢ ᠪᠦᠳᠦᠮᠵᠢ ᠦᠭᠡᠢ ᠲᠤᠯᠠ  ᠤᠷᠳᠤ ᠬᠤᠭᠤᠴᠠᠭ᠎ᠠ ᠪᠠᠷ  ᠪᠦᠰᠡᠯᠡᠬᠦ  ᠲᠠᠶᠢᠨ ᠤ ᠠᠷᠭ᠎ᠠ  ᠶᠢ  ᠬᠡᠷᠡᠭᠯᠡᠵᠦ  ᠬᠤᠳᠠ ᠶᠢᠨ   ᠭᠠᠳᠠᠨ᠎ᠠ ᠬᠦᠨ ᠭᠤᠤ ᠮᠠᠯᠳᠠᠵᠤ  ᠂ ᠤᠷᠳᠤ ᠬᠦᠷᠢᠶ᠎ᠡ ᠴᠤᠭᠴᠠᠯᠠᠵᠤ  ᠨᠠᠨ ᠶᠠᠩ ᠾᠧ ᠭᠤᠤᠯ ᠤᠨ  ᠤᠰᠤᠨ   ᠢ  ᠵᠠᠯᠠᠵᠤ ᠬᠤᠳᠠ ᠶᠢ  ᠴᠢᠴᠠᠭᠠᠪᠠ᠃         1362 ᠤᠨ ᠳᠤ  ᠶᠤᠸᠠᠨ ᠤ ᠴᠡᠷᠢᠭ ᠬᠤᠳᠠ ᠶᠢ ᠪᠦᠰᠡᠯᠡᠵᠦ ᠬᠡᠳᠦᠨ ᠰᠠᠷ᠎ᠠ ᠪᠤᠯᠤᠭᠰᠠᠨ ᠪᠤᠯᠪᠠᠴᠦ ᠠᠮᠵᠢᠯᠳᠠ ᠦᠭᠡᠢ᠃  ᠤᠷᠪᠠᠨ ᠬᠦᠷᠪᠡᠨ ᠲᠤᠭᠳᠠᠪᠤᠷᠢ ᠦᠭᠡᠢ  ᠲᠢᠶᠠᠨ ᠹᠧᠩ   ᠤᠨ  ᠰᠡᠵᠢᠭ ᠲᠦᠷᠦᠵᠦ  ᠸᠠᠩ ᠱᠢ ᠴᠧᠩ ᠯᠤᠭ᠎ᠠ ᠵᠦᠪᠯᠡᠵᠤ  ᠵᠠᠪᠰᠢᠶᠠᠨ ᠡᠷᠢᠵᠤ ᠴᠠᠭᠠᠨᠳᠡᠮᠦᠷ ᠢ  ᠠᠯᠠᠵᠤ ᠤᠯᠠᠭᠠᠨ ᠠᠯᠴᠢᠭᠤᠷᠳᠠᠨ ᠳᠤ  ᠲᠠᠭᠠᠬᠤ  ᠪᠠᠷ ᠲᠤᠭᠳᠠᠵᠠᠢ᠃  ᠤᠷᠪᠠᠭ᠋ᠤ ᠪᠤᠳᠤᠯᠭ᠎ᠠ ᠲᠤᠭᠳᠠᠭᠰᠠᠨ ᠤ ᠲᠠᠷᠠᠭ᠎ᠠ  ᠲᠢᠶᠠᠨ  ᠹᠧᠩ  ︽  ᠬᠦᠷᠢᠶ᠎ᠡ ᠪᠠᠶᠢᠴᠠᠭᠠᠬᠤ  ︾ ᠨᠡᠷ᠎ᠡ   ᠪᠠᠷ   ᠴᠠᠭᠠᠨᠳᠡᠮᠦᠷ   ᠢ  ᠤᠷᠢᠪᠠ᠃  ᠴᠠᠭᠠᠨᠳᠡᠮᠦᠷ ᠮᠤᠷᠢᠯᠠᠬᠤ ᠠᠴᠠ  ᠡᠮᠦᠨ᠎ᠡ  ᠤᠯᠠᠨ ᠵᠠᠩᠵᠤᠨ ᠨᠠᠷ ᠢᠳᠬᠠᠨ  ᠤᠴᠢᠬᠤ ᠶᠢ ᠬᠤᠷᠢᠭᠯᠠᠭᠰᠠᠨ ᠳᠤ ᠴᠠᠭᠠᠨᠳᠡᠮᠦᠷ  ︽ᠪᠢ ᠰᠡᠳᠬᠢᠯ   ᠢᠶᠠᠨ ᠵᠦᠳᠡᠭᠡᠨ ᠬᠦᠮᠦᠨ   ᠳᠤ ᠬᠠᠨᠳᠤᠮᠦᠢ  ᠂ ᠬᠡᠷᠬᠢᠨ ᠬᠦᠮᠦᠨ ᠪᠦᠬᠦᠨ ᠢ  ᠰᠡᠵᠢᠭᠯᠡᠬᠦ ᠶᠤᠰᠤᠨ ᠠᠮᠦᠢ  ︾  ︵︽ᠶᠤᠸᠠᠨ ᠤᠯᠤᠰ ᠤᠨ  ᠲᠡᠦᠭᠡ  ᠂  ᠴᠠᠭᠠᠨᠳᠡᠮᠦᠷ   ᠤᠨ  ᠱᠠᠰᠳᠢᠷ  ︾︶᠃  ᠡᠭᠦᠨ ᠳᠤ ᠤᠯᠠᠨ ᠵᠠᠩᠵᠤᠨ    ᠲᠠᠬᠢᠨ ᠢᠳᠡᠷᠭᠡᠭ  ᠴᠡᠷᠢᠭ ᠢᠶᠠᠷ ᠴᠠᠭᠠᠨᠳᠡᠮᠦᠷ ᠢ  ᠬᠠᠮᠠᠭᠠᠯᠠᠭᠤᠯᠤᠨ ᠮᠤᠷᠳᠠᠭᠤᠯᠰᠤ  ᠬᠡᠮᠡᠬᠦ ᠳᠤ  ᠴᠠᠭᠠᠨᠳᠡᠮᠦᠷ  ᠪᠠᠰᠠᠬᠦ   ᠲᠠᠪᠴᠢᠵᠠᠢ᠃  ᠢᠩᠬᠢᠵᠤ  ᠴᠠᠭᠠᠨᠳᠡᠮᠦᠷ  ᠵᠢᠷᠦᠮ ᠤᠨ  ᠴᠡᠷᠢᠭ ᠤᠨ  ᠲᠦᠷᠦᠭᠦᠦ  ᠸᠠᠩ ᠰᠢᠨ ᠤ  ᠬᠦᠷᠢᠶ᠎ᠡ ᠠᠴᠠ  ᠭᠠᠷᠴᠦ 6 ᠰᠠᠷ᠎ᠠ   ᠶᠢᠨ 14 ᠳᠤ 11 ᠮᠤᠷᠢᠳᠠᠨ ᠢ  ᠲᠠᠭᠠᠭᠤᠯᠵᠤ  ᠲᠢᠶᠡᠨ ᠹᠧᠩ ᠤᠨ  ᠬᠦᠷᠢᠶ᠎ᠡ ᠳᠤ  ᠬᠦᠷᠴᠦ  ᠸᠠᠩ ᠱᠢ  ᠴᠧᠩ ᠳᠤ  ᠬᠤᠤᠷᠯᠠᠭᠳᠠᠵᠠᠢ᠃  ᠢᠩᠬᠢᠭᠡᠳ ᠨᠢᠭᠡᠨ ᠦᠶ᠎ᠡ ᠶᠢᠨ   ᠠᠯᠳᠠᠷᠳᠤ  ᠵᠠᠩᠵᠤᠨ  ᠢ  ᠳ᠋ᠧᠦ ᠬᠤᠳᠠ ᠶᠢᠨ  ᠭᠠᠳᠠᠨ᠎ᠠ  ᠡᠷᠡᠰᠡᠳᠡᠪᠡ᠃        ᠴᠠᠭᠠᠨᠳᠡᠮᠦᠷ   ᠤᠨ  ᠬᠡᠨᠡᠳᠳᠡ ᠪᠠᠷ  ᠬᠤᠤᠷᠯᠠᠭᠳᠠᠭᠰᠠᠨ ᠨᠢ  ᠶᠤᠸᠠᠨ ᠤ ᠲᠦᠷᠦ ᠳᠤ ᠠᠪᠴᠦ ᠬᠡᠯᠡᠪᠡᠯ  ᠰᠦᠢᠷᠡᠯᠳᠡ ᠶᠢᠨ ᠴᠢᠨᠠᠷᠳᠠᠢ᠃  ᠬᠡᠳᠦᠶᠢᠪᠡᠷ  ᠲᠡᠭᠦᠨ ᠤ ᠬᠦᠪᠡᠭᠦᠨ ᠤᠳᠠᠯ ᠦᠭᠡᠢ ᠢ ᠳ᠋ᠧᠦ  ᠂  ᠯᠢᠦᠢ ᠵᠧᠦ ᠶᠢ ᠡᠪᠳᠡᠵᠦ  ᠂ ᠸᠠᠩ ᠱᠢ ᠴᠧᠩ᠂  ᠲᠢᠶᠠᠨ  ᠹᠧᠩ     ᠤᠨ  ᠵᠢᠷᠦᠭᠡ ᠪᠠᠷ  ᠴᠠᠭᠠᠨᠳᠡᠮᠦᠷ ᠢ    ᠲᠠᠬᠢᠵᠤ᠂ ᠪᠦᠬᠦᠶᠢᠯᠡ ᠲᠠᠶᠢᠨ ᠤ ᠪᠠᠶᠢᠳᠠᠯ ᠠᠴᠠ ᠠᠪᠴᠦ ᠦᠵᠡᠪᠡᠯ  ᠱᠠᠨᠰᠢ ᠠᠴᠠ  ᠱᠠᠨᠳᠦ᠋ᠩ ᠬᠦᠷᠳᠡᠯ᠎ᠡ   ᠪᠦᠬᠦᠶᠢᠯᠡ  ᠤᠮᠠᠷᠠᠳᠤ ᠲᠤᠮᠳᠠᠳᠤ ᠤᠯᠤᠰ  ᠶᠤᠸᠠᠨ   ᠤ  ᠡᠷᠭᠡᠰᠢᠶᠡᠯ ᠳᠤ ᠤᠷᠤᠵᠤ  ᠂ ᠵᠠᠭᠤᠨ ᠲᠦᠮᠡᠨ ᠤᠯᠠᠭᠠᠨ ᠠᠯᠴᠢᠭᠤᠷᠳᠠᠨ  ᠡᠮᠦᠨᠡᠳᠤ ᠤᠷᠤᠨ ᠳᠤ  ᠠᠳᠤᠷᠢᠨ  ᠂   ᠵᠦ ᠶᠤᠸᠠᠨ ᠵᠠᠩ᠂  ᠴᠧᠨ ᠶᠢᠦ ᠯᠢᠶᠠᠩ᠂   ᠵᠠᠩ ᠱᠢ ᠴᠧᠩ ᠨᠠᠷ   ᠬᠠᠷᠢᠯᠴᠠᠨ  ᠲᠠᠶᠢᠳᠤᠵᠤ  ᠪᠠᠶᠢᠪᠠ᠃  ᠡᠷᠳᠡᠨ ᠠᠴᠠ  ᠤᠮᠠᠷ᠎ᠠ ᠠᠨᠤ ᠲᠤᠷᠤᠨ᠎ᠠ ᠶᠢ  ᠲᠠᠷᠤᠬᠤ ᠠᠨᠤ  ᠲᠦᠪ ᠶᠤᠰᠤᠨ ᠪᠦᠯᠦᠭᠡ᠂  ᠶᠤᠸᠠᠨ ᠤ ᠲᠦᠷᠦ   ᠶᠢᠨ  ᠲᠤᠮᠳᠠ ᠬᠤᠭᠤᠴᠠᠭᠠᠨ ᠤ ᠮᠠᠨᠳᠤᠯ  ᠡᠳᠦᠷ ᠬᠤᠭᠤᠴᠠᠨ ᠪᠦᠳᠦᠬᠦ ᠪᠤᠯᠵᠠᠢ᠃  ᠭᠡᠳᠡᠯ᠎ᠡ  ᠴᠠᠭᠠᠨᠳᠡᠮᠦᠷ ᠤᠨ  ᠬᠠᠯᠢᠭᠰᠠᠨ  ᠠᠨᠤ  ᠶᠤᠸᠠᠨ ᠤ ᠲᠦᠷᠦ ᠶᠢᠨ  ᠲᠡᠳᠡᠭᠡᠷ  ᠴᠡᠷᠢᠭ ᠵᠠᠬᠢᠷᠤᠨ ᠨᠢᠭᠡᠨ ᠤᠷᠤᠨ ᠢ  ᠡᠵᠡᠯᠡᠭᠰᠡᠨ ᠶᠡᠭᠡ ᠵᠠᠩᠵᠤᠨ ᠨᠠᠷ ᠤᠨ  ᠲᠤᠳᠤᠭᠠᠳᠤ ᠶᠢᠨ  ᠲᠡᠮᠡᠴᠡᠯ ᠢ ᠬᠤᠷᠳᠤᠳᠬᠠᠵᠠᠢ᠃ 1363 ᠤᠨ ᠠᠴᠠ 1368 ᠤᠨ  ᠬᠦᠷᠳᠡᠯ᠎ᠡ ᠬᠦᠭᠡᠳᠡᠮᠦᠷ  ᠬᠢᠭᠡᠳ ᠪᠤᠯᠤᠳᠡᠮᠦᠷ ᠬᠠᠷᠢᠯᠴᠠᠨ ᠲᠠᠶᠢᠳᠤᠵᠤ᠂ ᠬᠤᠵᠢᠮ ᠨᠢ  ᠯᠢ ᠰᠧ ᠴᠢ᠂  ᠵᠠᠩ ᠯᠢᠶᠠᠩ ᠪᠢ᠂  ᠭᠤᠸᠠᠨ  ᠪᠤᠦ ᠨᠠᠷ  ᠬᠠᠷᠢᠯᠴᠠᠨ  ᠲᠡᠮᠡᠴᠡᠯᠳᠤᠨ  ᠶᠤᠸᠠᠨ ᠤᠯᠤᠰ ᠤᠨ  ᠬᠠᠮᠤᠭ ᠡᠴᠦᠰ ᠤᠨ  ᠲᠤᠮᠳᠠ ᠬᠤᠭᠤᠴᠠᠭᠠᠨ ᠤ  ᠰᠡᠷᠭᠦᠯᠳᠡ   ᠶᠢᠨ  ᠬᠦᠰᠡᠯ  ᠲᠡᠳᠡᠨᠡᠷ ᠤᠨ  ᠲᠤᠳᠤᠭᠠᠳᠤ ᠶᠢᠨ  ᠲᠡᠮᠡᠴᠡᠯ ᠲᠤᠮᠳᠠ  ᠰᠠᠷᠨᠢᠵᠠᠢ᠃        ᠡᠨᠡᠬᠦ ᠲᠠᠪᠤᠨ ᠵᠢᠯᠦᠨ ᠬᠤᠭᠤᠴᠠᠭᠠᠨ ᠳᠤ  ᠵᠤ᠋ ᠶᠤᠸᠠᠨ ᠵᠠᠩ  ᠴᠧᠨ ᠶᠢᠦ ᠯᠢᠶᠠᠩ ᠢ  ᠠᠯᠠᠵᠤ᠂   ᠵᠠᠩ  ᠱᠢ  ᠴᠧᠩ ᠢ ᠤᠯᠵᠠᠯᠠᠵᠤ  ᠂ ᠹᠠᠩ ᠭᠦᠸᠧ ᠵᠧᠨ ᠢ  ᠪᠠᠭᠤᠯᠭᠠᠨ᠂ ᠵᠢᠶᠠᠩᠬᠤᠸᠠᠢ ᠤᠷᠤᠨ ᠢ  ᠨᠢᠭᠡᠳᠭᠡᠵᠤ  ᠠᠮᠵᠢᠭᠰᠠᠨ ᠮᠦᠷᠳᠡᠭᠡᠨ 1367 ᠤᠨ   ᠳᠤ ᠰᠢᠦᠢ ᠳ᠋ᠠ᠂  ᠴᠠᠩ  ᠢᠦᠢ ᠴᠦᠨ  ᠨᠠᠷ ᠢᠶᠠᠷ 25 ᠲᠦᠮᠡᠨ ᠴᠡᠷᠢᠭ ᠲᠠᠶᠢᠴᠢᠯᠠᠭᠤᠯᠤᠨ  ᠲᠤᠮᠳᠠᠳᠤ ᠤᠯᠤᠰ ᠤᠨ  ᠲᠡᠦᠭᠡᠨ   ᠲᠠᠬᠢ ᠠᠩᠭ᠎ᠠ ᠤᠠᠳᠠᠭ᠎ᠠ ᠶᠢᠨ  ᠡᠮᠦᠨ᠎ᠡ ᠠᠴᠠ  ᠤᠮᠠᠷᠠᠰᠢ ᠨᠢᠭᠡᠳᠭᠡᠬᠦ ᠲᠠᠶᠢᠨ ᠢ  ᠡᠬᠢᠯᠠᠵᠠᠢ᠃  ᠲᠡᠳᠡᠨ ᠤ ᠤᠮᠠᠷᠠᠰᠢ ᠲᠠᠶᠢᠯᠠᠬᠤ ᠲᠠᠶᠢᠨ ᠨᠢ  ︽ ᠤᠷᠢᠳᠠᠪᠠᠷ ᠱᠠᠨᠳᠦ᠋ᠩ ᠢ  ᠡᠵᠡᠯᠡᠨ ᠲᠡᠭᠦᠨ ᠤ ᠬᠠᠯᠬᠠᠪᠴᠢ ᠦᠢᠯᠡᠳᠦᠯ ᠢ  ᠦᠭᠡᠶᠢᠰᠭᠡᠵᠦ᠂   ᠾᠧᠨᠠᠨ ᠮᠤᠵᠢ ᠳᠤ  ᠴᠡᠷᠢᠭ  ᠡᠷᠬᠢᠯᠳᠡᠭᠦᠯᠦᠨ ᠲᠡᠭᠦᠨ ᠤ  ᠵᠢᠭᠦᠷ ᠦᠳᠦ   ᠶᠢᠨ  ᠦᠢᠯᠡᠳᠦᠯ ᠢ  ᠠᠷᠢᠯᠭᠠᠵᠤ᠂  ᠲᠦᠩ ᠭᠤᠸᠠᠨ ᠢ    ᠡᠵᠡᠯᠡᠵᠦ  ᠲᠡᠭᠦᠨ   ᠤ ᠡᠭᠦᠳᠡᠨ ᠪᠤᠱᠤᠭ᠎ᠠ ᠶᠢᠨ  ᠦᠢᠯᠡᠳᠦᠯ ᠢ  ᠲᠠᠭᠤᠰᠬᠠᠵᠤ  ᠂᠂᠂᠂᠂᠂ ᠲᠠᠷᠠᠭᠠᠪᠠᠷ  ᠲᠠᠶᠢᠳᠤ ᠬᠤᠳᠠᠨ᠎ᠠ ᠴᠡᠷᠢᠭ ᠤᠷᠤᠮᠦᠢ  ︾  ︵︽ᠮᠢᠩ ᠲᠠᠶᠢᠽᠦ ᠶᠢᠨ  ᠦᠨᠡᠨ ᠲᠡᠮᠳᠡᠭᠯᠡᠯ  ︾  ᠬᠤᠷᠢᠨ ᠵᠢᠷᠭᠤᠳᠤᠭᠠᠷ ᠡᠪᠭᠡᠮᠡᠯ  ︾  ᠪᠠᠶᠢᠯᠳᠤᠬᠤ ᠪᠤᠳᠤᠯᠭ᠎ᠠ ᠶᠢ ᠲᠤᠭᠳᠠᠭᠠᠨ  ᠨᠢᠭᠡᠯᠭᠡᠨ ᠵᠢᠯ ᠤᠨ  ᠬᠤᠭᠤᠴᠠᠭᠠᠨ  ᠭᠡᠷᠡᠭᠯᠡᠵᠦ  ᠂ 1368 ᠤᠨ ᠤ 8 ᠰᠠᠷ᠎ᠠ ᠶᠢᠨ 2 ᠳᠤ  ᠶᠤᠸᠠᠨ ᠤᠯᠤᠰ ᠤᠨ  ᠲᠠᠶᠢᠳᠦ ᠬᠤᠳᠠ ᠶᠢ ᠡᠵᠡᠯᠡᠵᠠᠢ᠃  ᠶᠤᠸᠠᠨ  ᠾᠦᠢᠽᠦ᠋ᠩ ᠤᠮᠠᠷᠠᠰᠢ ᠤᠬᠤᠷᠢᠵᠤ  ᠶᠤᠸᠠᠨ ᠤᠯᠤᠰ ᠤᠨ  ᠵᠦᠩ ᠶᠤᠸᠠᠨ ᠤᠷᠤᠨ   ᠳᠠᠬᠢ ᠨᠤᠶᠠᠷᠬᠠᠯ ᠲᠡᠭᠦᠰᠴᠠᠢ᠃   ᠡᠨᠡᠬᠦ ᠲᠠᠶᠢᠨ ᠨᠢ ᠲᠤᠮᠳᠠᠳᠤ ᠤᠯᠤᠰ ᠤᠨ  ᠬᠦᠢᠳᠡᠨ ᠵᠡᠪᠰᠡᠭ ᠤᠨ  ᠴᠠᠭ ᠦᠶ᠎ᠡ ᠶᠢᠨ  ᠴᠤᠷᠢ ᠶᠢᠨ  ᠭᠠᠭᠴᠠ ᠡᠮᠦᠨ᠎ᠡ ᠠᠴᠠ ᠤᠮᠠᠷᠠᠰᠢ ᠲᠠᠶᠢᠯᠠᠭᠰᠠᠨ ᠢᠯᠡᠯᠳᠡ ᠲᠠᠢ ᠲᠠᠶᠢᠨ ᠮᠦᠨ᠃    ︵ᠲᠡᠭᠦᠰᠪᠡ︶
 
ᠢᠷᠡᠯᠲᠡ᠄ ᠯᠢᠨᠰᠢ ᠰᠢᠶᠠᠨ  ᠤ ᠠᠷᠠᠥᠨ ᠤᠨ ᠵᠠᠰᠠᠭ ᠤᠨ ᠤᠷᠳᠤᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备07002090号