ᠶᠤᠸᠠᠨ ᠤᠯᠤᠰ ᠤᠨ ᠬᠠᠭᠠᠳ ᠤᠨ ᠦᠪᠡᠷ ᠤᠨ ᠪᠤᠯᠪᠠᠰᠤᠷᠠᠯ ᠢ ᠦᠵᠡᠬᠦ ᠳᠤ᠂ ᠵᠠᠷᠢᠮ ᠲᠡᠦᠭᠡᠴᠢ ᠬᠡᠯᠡᠭᠰᠡᠨ ᠰᠤᠶᠤᠯ | ᠲᠤᠷᠤᠢ᠂ ᠡᠷᠬᠢᠬᠦᠦ ᠮᠤᠩᠬᠠᠭ ᠬᠡᠰᠡᠨ ᠨᠢ ᠦᠨᠡᠨ ᠲᠠᠢ ᠲᠤᠬᠢᠷᠠᠬᠤ ᠦᠭᠡᠢ᠃ ᠶᠤᠸᠠᠨ ᠤ ᠬᠠᠭᠠᠨᠳᠤ ᠲᠦᠷᠦ ᠶᠢᠨ | ᠦᠶ᠎ᠡ ᠲᠡᠭᠡᠷ᠎ᠡ ᠲᠤᠮᠳᠠᠳᠤ ᠤᠯᠤᠰ ᠤᠨ ᠬᠠᠭᠠᠨᠳᠤ ᠲᠦᠷᠦ ᠲᠠᠢ ᠠᠳᠠᠯᠢ ᠹᠸᠤᠳᠠᠯ ᠤᠨ ᠬᠠᠭᠠᠨᠳᠤ ᠤᠯᠤᠰ ᠪᠤᠯᠤᠨ᠎ᠠ᠃ | ᠬᠠᠭᠠᠨ ᠵᠠᠯᠭᠠᠮᠵᠢᠯᠠᠬᠤ ᠬᠦᠪᠡᠬᠦᠨ ᠳᠤ ᠡᠷᠳᠡᠮᠳᠦ ᠴᠢᠳᠠᠯᠳᠤ ᠪᠠᠭᠰᠢ ᠰᠤᠩᠭᠤᠵᠤ᠂ ᠪᠠᠭ᠎ᠠ ᠶᠢᠨ ᠦᠶ᠎ᠡ ᠠᠴᠠ | ᠡᠬᠢᠯᠡᠨ ᠨᠠᠷᠢᠨ ᠨᠢᠭᠳᠠ ᠡᠷᠳᠡᠮ ᠴᠢᠳᠠᠯ ᠲᠠᠢ ᠬᠠᠭᠠᠨ ᠪᠤᠯᠬᠤ ᠪᠠᠷ ᠬᠦᠰᠡᠮᠵᠢᠯᠡᠨ ᠰᠤᠷᠭᠠᠨ᠎ᠠ᠃ ᠵᠢᠱᠢᠶᠡᠯᠡᠪᠡᠯ | ᠶᠤᠸᠠᠨ ᠤ ︽ᠤᠯᠤᠰ ᠤᠨ ᠬᠦᠷᠢᠶᠡᠯᠡᠩ︾ ᠤᠨ ᠨᠠᠶᠢᠷᠠᠭᠤᠯᠤᠭᠴᠢ ᠶᠠᠨ ᠶᠢᠦ ᠶᠢᠨ ᠦᠶ᠎ᠡ ᠶᠢᠨ ᠤᠷᠤᠭᠰᠠᠳ ᠵᠠᠩ | ᠯᠢᠦ ᠼᠦᠨ ᠠᠨᠤ ᠴᠧᠩ ᠽᠦᠩ᠂ ᠦ᠋ ᠽᠦᠩ᠂ ᠷᠧᠨ ᠽᠦᠩ᠂ ᠵᠢᠩ ᠽᠦᠩ ᠲᠦᠷᠪᠡᠨ ᠬᠠᠭᠠᠨ ᠤ ᠪᠠᠭᠰᠢ | ᠪᠤᠯᠤᠨ᠎ᠠ᠃ ᠡᠨᠡ ᠲᠦᠷᠪᠡᠨ ᠬᠠᠭᠠᠨ ᠵᠠᠩ ᠯᠢᠦ ᠼᠦᠨ ᠤ ᠰᠤᠷᠭᠠᠭᠰᠠᠨ ᠢᠶᠠᠷ ᠪᠦᠷ ᠨᠢᠭᠡᠨ ᠦᠶ᠎ᠡ ᠶᠢᠨ ᠰᠤᠳᠤ | ᠮᠡᠷᠭᠡᠨ ᠪᠤᠭᠳᠠ ᠬᠠᠭᠠᠨ ᠪᠤᠯᠤᠨ᠎ᠠ᠃ ᠶᠤᠸᠠᠨ ᠤ ᠬᠤᠶᠠᠳᠤᠭᠠᠷ ᠦᠶ᠎ᠡ ᠶᠢᠨ ᠴᠧᠩ ᠽᠦᠩ ᠲᠡᠮᠦᠷ ᠬᠠᠭᠠᠨ᠂ ᠡᠪᠦᠭᠡ | ᠬᠠᠭᠠᠨ ᠬᠤᠪᠢᠯᠠᠢ ᠶᠢᠨ ᠠᠭᠤᠤ ᠶᠡᠭᠡ ᠦᠢᠯᠡᠰ ᠢ ᠵᠠᠯᠭᠠᠮᠵᠢᠯᠠᠨ ᠬᠡᠷᠡᠭᠵᠢᠭᠦᠯᠵᠦ᠂ ᠬᠤᠪᠢᠯᠠᠢ ᠶᠢᠨ ᠦᠶ᠎ᠡ ᠶᠢᠨ | ᠬᠢᠳᠠᠳ ᠲᠦᠰᠢᠮᠡᠯ ᠢ ᠬᠦᠨᠳᠦᠳᠭᠡᠵᠦ᠂ ᠬᠠᠭᠠᠨ ᠬᠦᠪᠡᠭᠦᠳ ᠵᠢᠴᠢ ᠠᠴᠢ ᠤᠴᠢ ᠨᠠᠷ ᠲᠠᠯᠳᠠᠭᠤᠷ ᠶᠤᠰᠤ ᠪᠤᠰᠤ | ᠠᠵᠢᠯᠯᠠᠭ᠎ᠠ ᠬᠢᠬᠦ ᠶᠢ ᠬᠤᠷᠢᠭᠯᠠᠵᠤ᠂ ᠶᠠᠫᠤᠨ ᠪᠠ ᠡᠮᠦᠨ᠎ᠡ ᠠᠽᠢᠶ᠎ᠠ ᠶᠢᠨ ᠤᠯᠤᠰ ᠢ ᠡᠵᠡᠯᠡᠨ ᠲᠤᠪᠳᠤᠯᠬᠤ ᠶᠢ | ᠵᠤᠭᠰᠤᠭᠠᠵᠤ᠂ ᠵᠢᠶᠠᠩᠨᠠᠨ ᠤᠷᠤᠨ ᠤ ᠭᠠᠶᠢᠯᠢ ᠲᠠᠳᠠᠪᠤᠷᠢ ᠶᠢ ᠬᠠᠰᠤᠵᠤ᠂ ᠬᠠᠤᠯᠢ ᠶᠢᠨ ᠲᠦᠷᠢᠮ ᠢ ᠡᠮᠬᠢᠳᠭᠡᠨ | ᠨᠠᠶᠢᠷᠠᠭᠤᠯᠵᠤ᠂ ᠨᠡᠶᠢᠭᠡᠮ ᠤᠨ ᠪᠠᠶᠢᠳᠠᠯ ᠶᠡᠭᠡ ᠰᠠᠶᠢᠵᠢᠷᠠᠵᠤ᠂ ᠬᠤᠪᠢᠯᠠᠢ ᠬᠠᠭᠠᠨ ᠤ ᠦᠶ᠎ᠡ ᠶᠢᠨ ᠡᠪ ᠨᠠᠶᠢᠷᠠᠮᠳᠠᠯᠳᠤ | ᠨᠡᠶᠢᠭᠡᠮ ᠢ ᠦᠷᠭᠦᠯᠵᠢᠯᠡᠭᠦᠯᠵᠠᠢ᠃ ᠷᠧᠨ ᠽᠦᠩ ᠠᠶᠤᠷᠪᠠᠳᠠ ᠬᠠᠭᠠᠨ ᠠᠷᠠᠳ ᠢᠷᠭᠡᠨ ᠢ ᠦᠪᠡᠷ ᠤᠨ ᠬᠦᠦ ᠠᠳᠠᠯᠢ | ᠬᠠᠶᠢᠷᠠᠯᠠᠵᠤ᠂ ᠴᠠᠭ ᠢᠮᠠᠭᠳᠠ ᠤᠯᠤᠰ ᠢᠶᠠᠨ ᠵᠠᠰᠠᠬᠤ ᠶᠢ ᠪᠤᠳᠤᠯᠬᠢᠯᠠᠵᠤ᠂ ᠲᠤᠮᠳᠠᠳᠤ ᠤᠯᠤᠰ ᠤᠨ ᠲᠡᠦᠭᠡᠨ ᠲᠡᠭᠡᠷ᠎ᠡ | ᠨᠢᠭᠡᠨ ᠦᠶ᠎ᠡ ᠶᠢᠨ ᠮᠡᠷᠭᠡᠨ ᠪᠤᠭᠳᠠ ᠬᠠᠭᠠᠨ ᠬᠡᠵᠦ ᠠᠯᠳᠠᠷᠰᠢᠵᠠᠢ᠃ ᠲᠡᠷᠡ ᠬᠠᠭᠠᠨ ᠰᠠᠭᠤᠭᠰᠠᠨ ᠤ ᠲᠠᠷᠤᠢ ᠳᠤ | ᠬᠠᠭᠠᠨ ᠬᠦᠪᠡᠭᠦᠨ ᠪᠠ ᠬᠦᠴᠦᠷᠭᠡᠭ ᠴᠢᠳᠠᠪᠤᠷᠢᠳᠠᠨ ᠠᠭᠤᠯᠠ ᠪᠡᠯᠴᠢᠭᠡᠷ ᠢ ᠪᠤᠯᠢᠶᠠᠨ ᠡᠵᠡᠯᠡᠬᠦ ᠶᠢ ᠬᠤᠷᠢᠭᠯᠠᠨ | ᠵᠤᠭᠰᠤᠭᠠᠵᠤ᠂ ᠠᠷᠠᠳ ᠢᠷᠭᠡᠨ ᠡᠪᠡᠰᠦ ᠮᠤᠳᠤ ᠪᠠ ᠡᠪᠡᠰᠦᠨ ᠡᠮ ᠲᠦᠬᠦᠬᠦ ᠶᠢ ᠲᠤᠷ᠎ᠠ ᠪᠠᠷ ᠲᠠᠯᠪᠢᠵᠤ᠂ ᠪᠦᠬᠦ | ᠤᠯᠤᠰ ᠡᠯ᠎ᠡ ᠦᠨᠳᠦᠰᠦᠳᠡᠨ ᠤ ᠬᠦᠷᠢᠶᠡᠯᠡᠯ ᠢ ᠤᠯᠪᠠ᠃ ᠨᠢᠭᠡᠨ ᠤᠳᠠᠭ᠎ᠠ ᠶᠢᠨ ᠱᠢ ᠬᠦᠷᠢᠶᠡᠯᠡᠩ ᠤᠨ ᠲᠦᠰᠢᠮᠡᠯ | ᠷᠧᠨ ᠽᠦᠩ ᠬᠠᠭᠠᠨ ᠳᠤ ᠠᠶᠢᠯᠠᠳᠬᠠᠵᠤ᠂ ᠵᠢᠨᠵᠸᠦ ᠤᠷᠤᠨ ᠳᠤ ᠰᠤᠪᠤᠳ ᠤᠨ ᠠᠭᠤᠷᠬᠠᠢ ᠲᠠᠢ᠂ ᠮᠠᠯᠳᠠᠨ | ᠭᠠᠷᠭᠠᠵᠤ ᠪᠤᠯᠤᠨ᠎ᠠ ᠬᠡᠰᠡᠨ ᠳᠤ ᠷᠧᠨ ᠽᠦᠩ ᠬᠠᠭᠠᠨ ︽ᠪᠢ ᠡᠳᠦᠭᠡ ᠦᠨᠡᠨᠴᠢ ᠴᠢᠳᠠᠪᠤᠷᠢ ᠲᠠᠢ ᠬᠦᠮᠦᠨ ᠢ | ᠬᠡᠷᠡᠭᠯᠡᠬᠦ ᠨᠢ ᠰᠤᠪᠤᠳ ᠠᠴᠠ ᠢᠯᠡᠭᠦᠦ ᠦᠨ᠎ᠡ ᠲᠠᠢ ᠬᠡᠵᠦ ᠪᠤᠳᠤᠨ᠎ᠠ᠂ ᠰᠤᠪᠤᠳ ᠡᠷᠳᠡᠨᠢ ᠪᠤᠯ ᠬᠦᠮᠦᠨ ᠢ | ᠮᠦᠯᠵᠢᠵᠦ ᠤᠯᠤᠭᠰᠠᠨ ᠶᠠᠭᠤᠮ᠎ᠠ ᠪᠤᠯᠬᠤᠷ ᠪᠢ ᠬᠡᠷᠡᠭᠯᠡᠬᠦ ᠲᠤᠷ᠎ᠠ ᠦᠭᠡᠢ᠂ ᠲᠠᠨᠠᠷ ᠮᠢᠨᠤ ᠲᠡᠷᠭᠡᠳᠡ ᠪᠠᠶᠢᠵᠤ | ᠡᠷᠳᠡᠮᠳᠡᠨ ᠴᠢᠳᠠᠯᠳᠠᠨ ᠢ ᠨᠠᠳᠠᠳᠤ ᠰᠤᠩᠭᠤᠨ ᠡᠷᠭᠦᠬᠦ ᠨᠢ ᠶᠤᠰᠤᠨ ᠳᠤ ᠨᠡᠶᠢᠴᠡᠮᠤᠢ︾ ᠬᠡᠵᠦ ᠰᠤᠷᠭᠠᠨ ᠬᠡᠯᠡᠪᠡ᠃ | ᠨᠢᠭᠡᠨ ᠡᠳᠦᠷ ᠷᠧᠨ ᠽᠦᠩ ᠬᠠᠭᠠᠨ ᠭᠠᠳᠠᠭᠰᠢ ᠭᠠᠷᠤᠨ ᠪᠠᠶᠢᠴᠠᠭᠠᠯᠳᠠ ᠬᠢᠬᠦ ᠳᠤ ᠨᠢᠭᠡ ᠮᠤᠤᠰᠠᠶᠢᠨ ᠬᠤᠪᠴᠠᠰᠤ | ᠡᠮᠦᠰᠦᠭᠰᠡᠨ ᠬᠠᠷᠠᠭᠤᠯ ᠤᠨ ᠴᠡᠷᠢᠭ ᠢ ᠦᠵᠡᠵᠦ᠂ ᠲᠠᠷᠤᠢ ᠵᠤᠭᠰᠤᠵᠤ ᠠᠰᠠᠭᠤᠨ᠄ ︽ᠶᠠᠭᠤᠨ ᠤ ᠤᠴᠢᠷ ᠠᠴᠠ | ᠡᠶᠢᠮᠦ ᠮᠤᠤᠰᠠᠶᠢᠨ ᠬᠤᠪᠴᠠᠰᠤ ᠡᠮᠦᠰᠴᠦ ᠪᠠᠶᠢᠬᠤ ᠪᠤᠢ︖︾ ᠬᠡᠰᠡᠨ ᠳᠤ ᠲᠠᠷᠡ ᠴᠡᠷᠢᠭ ᠤᠨ ᠬᠠᠷᠠᠭᠤᠯ ᠬᠡᠯᠡᠵᠦ᠂ | ︽ᠪᠢ ᠬᠠᠷᠠᠭᠤᠯ ᠤᠨ ᠴᠡᠷᠢᠭ ᠪᠤᠯᠤᠭᠠᠳ 15 ᠵᠢᠯ ᠪᠤᠯᠵᠤ ᠪᠠᠶᠢᠨ᠎ᠠ᠂ ᠡᠶᠢᠮᠦ ᠤᠴᠢᠷ ᠠᠴᠠ ᠪᠢ ᠦᠭᠡᠶᠢᠭᠦᠦ | ᠶᠠᠳᠠᠭᠤ ᠪᠤᠯᠵᠠᠢ︾ ᠬᠡᠵᠦ ᠠᠶᠢᠯᠠᠳᠬᠠᠭᠰᠠᠨ ᠳᠤ ᠷᠧᠨ ᠽᠦᠩ ᠬᠠᠭᠠᠨ ᠰᠤᠨᠤᠰᠤᠭᠠᠳ ᠲᠡᠷᠭᠡᠳᠡ ᠵᠤᠭᠰᠤᠵᠤ | ᠪᠠᠶᠢᠭ᠎ᠠ ᠲᠦᠰᠢᠮᠡᠯ ᠳᠤ ᠪᠠᠨ ᠬᠡᠯᠡᠷᠦᠨ ︽ᠡᠶᠢᠮᠦ ᠬᠠᠷᠠᠭᠤᠯ ᠤᠨ ᠴᠡᠷᠢᠭ ᠢ ᠪᠢ ᠦᠪᠡᠷ ᠢᠶᠠᠨ ᠦᠵᠡᠭᠰᠡᠨ ᠦᠭᠡᠢ | ᠪᠤᠯ ᠶᠠᠭᠠᠬᠢᠨ ᠮᠡᠳᠡᠬᠦ ᠪᠤᠢ︖ ᠡᠭᠦᠨ ᠠᠴᠠ ᠬᠤᠶᠢᠰᠢ ᠡᠶᠢᠮᠦᠷᠬᠦ ᠪᠠᠶᠢᠳᠠᠯ ᠢ ᠲᠠᠷᠤᠢ ᠮᠡᠳᠡᠭᠦᠯᠬᠦ ᠬᠡᠷᠡᠭᠳᠠᠢ︾ ᠬᠡᠵᠦ | ᠲᠦᠷᠭᠡᠨ ᠪᠦᠬᠦ ᠤᠯᠤᠰ ᠲᠤ ᠡᠶᠢᠮᠦ ᠬᠤᠪᠴᠠᠰᠤ ᠲᠠᠢ ᠬᠠᠷᠠᠭᠤᠯ ᠤᠨ ᠴᠡᠷᠢᠭ ᠲᠤ ᠬᠤᠪᠴᠠᠰᠤ ᠵᠤᠭᠤᠰ ᠲᠦᠭᠡᠭᠡᠨ | ᠲᠡᠳᠭᠦᠪᠡ᠃ ᠷᠧᠨ ᠽᠦᠩ ᠤᠨ ᠦᠶ᠎ᠡ ᠳᠤ ᠲᠠᠷᠢᠶᠠᠯᠠᠩ ᠤᠨ ᠡᠷᠭᠢᠯᠡᠭᠴᠢ ᠨᠤᠶᠠᠨ ᠮᠢᠶᠤᠤ ᠬᠤᠤ ᠶᠢᠨ ᠵᠤᠬᠢᠶᠠᠭᠰᠠᠨ | ︽ᠠᠯᠢᠮ᠎ᠠ ᠵᠠᠶᠢᠯᠬᠤ ᠵᠢᠷᠤᠭ ᠤᠨ ᠲᠠᠶᠢᠯᠪᠤᠷᠢ︾ ᠨᠤᠮ ᠢ ᠷᠧᠨ ᠽᠦᠩ ᠳᠤ ᠬᠦᠷᠭᠡᠭᠰᠡᠨ ᠳᠤ ᠷᠧᠨ ᠽᠦᠩ ᠪᠠᠶᠠᠷᠯᠠᠨ | ᠬᠡᠯᠡᠷᠦᠨ ︽ᠲᠠᠷᠢᠶ᠎ᠠ ᠮᠤᠳᠤ ᠠᠨᠤ ᠠᠷᠠᠳ ᠢᠷᠭᠡᠨ ᠤ ᠢᠳᠡᠬᠦ ᠪᠤᠳᠠᠭ᠎ᠠ ᠪᠠ ᠡᠮᠦᠰᠬᠦ ᠬᠤᠪᠴᠠᠰᠤ ᠶᠢᠨ ᠵᠢᠩᠬᠢᠨᠢ | ᠦᠨᠳᠦᠰᠦ ᠪᠤᠯᠬᠤ ᠲᠤᠯᠠ ᠡᠨᠡ ᠨᠤᠮ ᠢ ᠮᠢᠩᠭᠠᠨ ᠲᠡᠪᠳᠡᠷ ᠬᠡᠪᠯᠡᠵᠦ᠂ ᠠᠷᠠᠳ ᠢᠷᠭᠡᠨ ᠳᠤ ᠲᠠᠷᠬᠠᠭᠳᠤᠨ︾ ᠬᠡᠰᠡᠨ | ᠳᠤ ᠲᠦᠷᠭᠡᠨ ᠬᠡᠪᠯᠡᠨ ᠲᠠᠷᠬᠠᠭᠠᠵᠤ᠂ ᠠᠷᠠᠳ ᠢᠷᠭᠡᠨ ᠤ ᠲᠤᠮᠳᠠ ᠤᠬᠠᠭᠤᠯᠵᠤ ᠲᠠᠷᠢᠶᠠᠨ ᠤᠷᠤᠯᠭ᠎ᠠ ᠨᠡᠮᠡᠭᠳᠡᠪᠡ᠃ | ᠢᠩ ᠽᠦᠩ ᠰᠢᠳᠠᠪᠠᠯ ᠪᠤᠯ ᠶᠤᠸᠠᠨ ᠤᠯᠤᠰ ᠤᠨ ᠶᠢᠰᠦᠳᠦᠭᠡᠷ ᠬᠠᠭᠠᠨ ᠪᠤᠯᠤᠨ᠎ᠠ᠃ ᠲᠡᠷᠡ ᠰᠠᠭᠤᠷᠢᠨ ᠳᠠᠭᠠᠨ | ᠪᠠᠶᠢᠬᠤ ᠦᠶ᠎ᠡ ᠳᠤ ᠤᠶᠤᠨ ᠴᠢᠳᠠᠯ ᠢᠶᠠᠨ ᠰᠢᠪᠬᠠᠨ ᠤᠯᠤᠰ ᠤᠷᠤᠨ ᠢ ᠵᠠᠰᠠᠵᠤ᠂ ᠨᠢᠭᠡᠨ ᠰᠡᠳᠬᠢᠯ ᠢᠶᠠᠷ ᠬᠦᠴᠦᠯᠡᠨ | ᠦᠢᠯᠡᠴᠢᠯᠡᠵᠦ᠂ ᠤᠯᠠᠨ ᠵᠦᠢᠯ ᠤᠨ ᠦᠭᠡᠷᠡᠴᠢᠯᠡᠯᠳᠡ ᠶᠠᠪᠤᠭᠳᠠᠭᠤᠯᠵᠤ᠂ ᠬᠢᠳᠠᠳ ᠤᠨ ᠤᠶᠤᠳᠠᠨ ᠰᠡᠭᠡᠭᠡᠳᠡᠨ ᠢ | ᠬᠦᠨᠳᠦ ᠬᠡᠷᠡᠭᠯᠡᠵᠦ᠂ ᠵᠢᠱᠢᠶᠡᠯᠡᠪᠡᠯ ᠵᠠᠩ ᠬᠦᠢ᠂ ᠡᠦ ᠶᠤᠸᠠᠨ ᠬᠦᠢ᠂ ᠸᠠᠩ ᠶᠤᠸᠠᠢ᠂ ᠦ᠋ ᠴᠧᠩ᠂ ᠸᠠᠩ ᠵᠢᠶᠧ᠂ | ᠽᠦᠩ ᠪᠧᠨ᠂ ᠰᠠᠨ ᠷᠦᠩ ᠵᠡᠷᠭᠡ ᠶᠢ ᠪᠦᠷ ᠡᠷᠭᠡ ᠲᠤᠰᠢᠶᠠᠯ ᠬᠦᠷᠳᠡᠭᠡᠵᠦ᠂ ︽ᠲᠡᠭᠵᠢᠷᠡᠨ ᠡᠷᠭᠦᠭᠦ ᠬᠦᠳᠦᠯᠪᠦᠷᠢ | ᠲᠦᠷᠢᠮ︾ ᠲᠤᠩᠬᠠᠯᠠᠵᠤ᠂ ᠡᠷᠳᠡᠮᠳᠡᠨ ᠴᠢᠳᠠᠪᠤᠷᠢᠳᠠᠨ ᠢ ᠰᠤᠩᠭᠤᠨ ᠬᠡᠷᠡᠭᠯᠡᠵᠦ᠂ ᠢᠷᠠᠭᠤ ᠲᠦᠷᠦ ᠶᠢᠨ ᠬᠦᠷᠢᠶᠡᠯᠡᠩ | ᠵᠢᠴᠢ ᠢᠯᠡᠭᠦᠴᠡ ᠨᠤᠶᠠᠨ ᠢᠯᠡᠭᠦᠴᠡ ᠲᠦᠰᠢᠮᠡᠯ ᠢ ᠬᠠᠰᠤᠵᠤ᠂ ᠪᠠᠶᠢᠭᠤᠯᠤᠮᠵᠢ ᠶᠢ ᠦᠭᠡᠷᠡᠴᠢᠯᠡᠵᠦ ᠪᠠᠭᠠᠰᠬᠠᠵᠤ᠂ | ᠡᠳ᠋ ᠤᠨ ᠰᠠᠩ ᠢ ᠭᠠᠮᠨᠠᠨ ᠠᠷᠪᠢᠯᠠᠵᠤ᠂ ᠠᠯᠢᠪᠡ ᠭᠠᠶᠢᠯᠢ ᠲᠠᠳᠠᠪᠤᠷᠢ ᠶᠢ ᠬᠦᠩᠭᠡᠯᠡᠵᠦ᠂ ᠬᠠᠤᠯᠢ ᠪᠠᠷ ᠤᠯᠤᠰ ᠲᠦᠷᠦ | ᠪᠠᠨ ᠵᠠᠰᠠᠵᠤ᠂ ︽ᠶᠡᠭᠡ ᠶᠤᠸᠠᠨ ᠤ ᠲᠦᠭᠡᠮᠡᠯ ᠲᠦᠷᠢᠮ︾ ᠢ ᠨᠡᠶᠢᠳᠡᠯᠡᠨ ᠬᠡᠷᠡᠭᠵᠢᠭᠦᠯᠵᠦ᠂ ᠲᠡᠮᠦᠷᠰᠢᠷᠢ ᠵᠡᠷᠭᠡ | ᠨᠤᠶᠠᠳ ᠢᠶᠠᠨ ᠬᠠᠭ᠋ᠤᠤᠯᠢ ᠢᠳᠡᠬᠦ᠂ ᠬᠠᠤᠯᠢ ᠠᠴᠠ ᠵᠦᠷᠢᠴᠢᠭᠰᠡᠨ ᠨᠤᠶᠠᠨ ᠢ ᠪᠠᠶᠢᠴᠠᠭᠠᠨ ᠰᠢᠢᠳᠪᠦᠷᠢᠯᠡᠵᠦ᠂ ᠤᠯᠤᠰ | ᠲᠦᠮᠡᠨ ᠤ ᠬᠦᠷᠢᠶᠡᠯᠡᠯ ᠢ ᠤᠯᠪᠠ᠃ | ᠶᠤᠸᠠᠨ ᠤᠯᠤᠰ ᠤᠨ ᠦᠶ᠎ᠡ ᠳᠤ ᠬᠠᠤᠯᠢ ᠶᠢᠨ ᠪᠢᠴᠢᠭ ᠲᠤ ᠬᠦᠨᠳᠤ ᠶᠠᠯᠠᠯᠭᠠ ᠲᠤᠮᠳᠠᠳᠤ ᠤᠯᠤᠰ ᠤᠨ ᠦᠭᠡᠷ᠎ᠡ | ᠬᠠᠭᠠᠨᠳᠤ ᠲᠦᠷᠦ ᠠᠴᠠ ᠬᠤᠯᠠ ᠪᠠᠭ᠎ᠠ ᠪᠦᠭᠡᠳ ᠶᠡᠭᠡ ᠬᠦᠩᠭᠡᠨ ᠪᠤᠯᠤᠨ᠎ᠠ᠃ ᠶᠤᠸᠠᠨ ᠤᠯᠤᠰ ᠭᠠᠭᠴᠠ 135 | ᠵᠤᠷᠪᠤᠰ ᠬᠦᠨᠳᠦ ᠶᠠᠯ᠎ᠠ ᠲᠤᠭᠳᠠᠭᠠᠭᠰᠠᠨ ᠨᠢ ᠰᠦᠩ ᠤᠯᠤᠰ ᠤᠨ ᠬᠦᠨᠳᠦ ᠶᠠᠯᠠᠨ ᠤ ᠬᠠᠭᠠᠰ ᠲᠤ ᠬᠦᠷᠬᠦ ᠦᠭᠡᠢ᠂ | 1263 ᠤᠨ ᠳᠤ ᠪᠦᠬᠦ ᠤᠯᠤᠰ ᠲᠤ ᠦᠭᠦᠭᠦ ᠶᠠᠯᠠᠳᠠᠨ 7 ᠬᠦᠮᠦᠨ᠂1265 ᠤᠨ ᠳᠤ ᠦᠭᠦᠭᠦ ᠶᠠᠯᠠᠳᠠᠨ 42 | ᠬᠦᠮᠦᠨ᠂ 1269 ᠤᠨ ᠳᠤ ᠦᠭᠦᠭᠦ ᠶᠠᠯᠠᠳᠠᠨ 42 ᠬᠦᠮᠦᠨ᠂ ᠶᠤᠸᠠᠨ ᠤ ᠲᠦᠷᠦ ᠠᠯᠠᠬᠤ ᠶᠠᠯ᠎ᠠ ᠶᠢ ᠬᠢᠴᠢᠶᠡᠭᠰᠡᠨ | ᠲᠡᠭᠡᠷ᠎ᠡ ᠠᠴᠠ ᠬᠢᠴᠢᠶᠡᠵᠦ᠂ ᠬᠤᠪᠢᠯᠠᠢ ᠬᠠᠭᠠᠨ ︽ᠶᠠᠯᠠᠳᠠᠨ ᠠᠨᠤ ᠬᠤᠨᠢ ᠢᠮᠠᠭ᠎ᠠ ᠪᠤᠰᠤ᠂ ᠪᠢᠳᠡᠭᠡᠢ ᠬᠡᠨᠡᠳᠳᠠ ᠪᠠᠷ | ᠶᠠᠯ᠎ᠠ ᠲᠤᠯᠭᠠᠨ ᠠᠯᠠᠭᠠᠷᠠᠢ︾ ᠬᠡᠵᠦ ᠲᠦᠰᠢᠮᠡᠯ ᠨᠠᠷ ᠢᠶᠠᠨ ᠰᠤᠷᠭᠠᠨ᠎ᠠ᠃ ︽ᠬᠤᠪᠢᠯᠠᠢ ᠵᠢᠴᠢ ᠲᠡᠭᠦᠨ ᠤ ᠲᠡᠯᠡᠭᠡᠢ | ᠶᠢᠨ ᠬᠠᠭᠠᠨᠳᠤ ᠤᠯᠤᠰ︾ ᠬᠡᠰᠡᠨ ᠨᠤᠮ ᠳᠤ ᠲᠡᠮᠳᠡᠭᠯᠡᠵᠦ᠂ ︽ᠶᠤᠸᠠᠨ ᠤᠯᠤᠰ ᠤᠨ ᠦᠶ᠎ᠡ ᠬᠠᠭᠠᠨ ᠡᠵᠡᠨ | ᠦᠷᠭᠦᠯᠵᠢ ᠤᠨᠴᠠ ᠠᠭᠤᠴᠢᠯᠠᠬᠤ ᠵᠠᠷᠯᠢᠭ ᠪᠠᠭᠤᠯᠭᠠᠵᠤ᠂ ᠵᠠᠷᠢᠮ ᠳᠠᠭᠠᠨ ᠬᠠᠭᠠᠨ ᠡᠵᠡᠨ ᠤ ᠦᠪᠡᠷ ᠤᠨ ᠲᠠᠶᠢᠰᠤᠨ | ᠢᠶᠠᠨ ᠰᠤᠷᠭᠠᠨ ᠠᠭᠤᠴᠢᠯᠠᠵᠤ ᠲᠠᠯᠪᠢᠨ ᠭᠠᠷᠭᠠᠨ᠎ᠠ︾ ᠬᠡᠪᠡ᠃ | ᠲᠡᠭᠡᠷᠡᠭᠢ ᠶᠤᠸᠠᠨ ᠤᠯᠤᠰ ᠤᠨ ᠪᠤᠳᠠᠳᠤ ᠦᠢᠯᠡᠰ ᠠᠴᠠ ᠪᠢᠳᠡ ᠮᠡᠳᠡᠬᠦ ᠨᠢ ︽ᠶᠤᠸᠠᠨ ᠤᠯᠤᠰ ᠤᠨ ᠦᠶ᠎ᠡ ᠨᠤᠮ | ᠪᠢᠴᠢᠭ ᠤᠨ ᠡᠷᠳᠡᠮᠳᠡᠨ ᠲᠡᠭᠡᠭᠰᠢ ᠲᠠᠪᠰᠢᠬᠤ ᠵᠠᠪᠰᠢᠶᠠᠨ ᠢ ᠠᠯᠳᠠᠵᠣ᠂ ᠪᠦᠷ ᠨᠠᠢᠮᠠᠨ ᠰᠠᠳᠤᠭᠤᠴᠢᠨ᠂ ᠶᠢᠰᠦᠨ | ᠪᠢᠴᠢᠭᠳᠡᠨ ᠠᠷᠪᠠᠨ ᠭᠤᠶᠢᠯᠠᠭᠴᠢ ᠪᠤᠯᠤᠭᠰᠠᠨ ᠭᠤᠨᠢᠭᠳᠤ ᠪᠠᠶᠢᠷᠢ ᠳᠤ ᠤᠨᠠᠵᠤ᠂ ᠲᠤᠷ᠎ᠠ ᠪᠠᠷ ᠵᠦᠴᠦᠭᠡ ᠵᠤᠬᠢᠶᠠᠵᠤ᠂ | ᠦᠭᠦᠯᠡᠯ ᠨᠠᠶᠢᠷᠠᠭᠤᠯᠬᠤ ᠬᠦᠮᠦᠨ ᠢ ᠬᠦᠳᠭᠡᠨ᠂ ᠲᠡᠭᠡᠳᠦ ᠲᠠᠪᠬᠤᠷᠭᠠᠨ ᠤ ᠬᠦᠮᠦᠨ ᠢ ᠬᠠᠯᠳᠠᠪᠠᠰᠤ᠂ ᠦᠭᠡ ᠶᠠᠷᠢᠶ᠎ᠠ | ᠬᠡᠯᠡᠭᠴᠢ ᠬᠦᠮᠦᠨ ᠢ ᠠᠯᠠᠬᠤ ᠶᠠᠯ᠎ᠠ ᠲᠤᠯᠭᠠᠨ᠎ᠠ︾ ᠬᠡᠰᠡᠨ ᠶᠠᠷᠢᠶ᠎ᠠ ᠦᠨᠡᠭᠡᠷ ᠬᠦᠮᠦᠨ ᠳᠤ ᠴᠢᠰᠤ ᠭᠤᠭᠤᠵᠢᠭᠤᠷᠳᠤ | ᠵᠢᠪᠡᠭᠦᠨ ᠰᠦᠷᠳᠡᠭᠦᠯᠭᠡ ᠲᠠᠢ ᠵᠢᠷᠤᠭᠳᠤ ᠴᠢᠨᠠᠷ ᠦᠵᠡᠭᠳᠡᠵᠦ᠂ ᠶᠤᠸᠠᠨ ᠤ ᠦᠶ᠎ᠡ ᠶᠢᠨ ᠤᠶᠤᠳᠠᠨ ᠰᠡᠭᠡᠭᠡᠳᠡᠨ ᠠᠯᠢ | ᠬᠠᠭᠠᠨᠳᠤ ᠲᠦᠷᠦ ᠠᠴᠠ ᠢᠯᠡᠭᠦᠦ ᠲᠠᠷᠤᠯᠠᠭᠳᠠᠵᠤ᠂ ᠠᠮᠢᠳᠤᠷᠠᠬᠤ ᠵᠠᠮ ᠦᠭᠡᠢ ᠰᠢᠭ ᠲᠦᠰᠦᠭᠡᠯᠡᠬᠦ ᠨᠢ ᠦᠨᠡᠨ ᠳᠤ | ᠪᠠᠨ ᠦᠴᠦᠭᠡᠨ ᠬᠡᠷᠡᠴᠢ ᠦᠭᠡᠢ᠂ ᠲᠤᠷ᠎ᠠ ᠪᠠᠷ ᠠᠮᠠᠨ ᠲᠠᠪᠠ ᠪᠠᠷ ᠢᠶᠠᠨ ᠠᠶᠢᠯᠠᠳᠤᠭᠰᠠᠨ ᠦᠭᠦᠯᠡᠯ ᠪᠦᠭᠡᠳ ᠦᠨᠡᠨ | ᠪᠤᠳᠠᠳᠤ ᠬᠡᠷᠡᠭ ᠲᠠᠢ ᠤᠭᠳᠤ ᠲᠤᠬᠢᠷᠠᠬᠤ ᠦᠭᠡᠢ᠃ ᠲᠡᠭᠡᠷᠡᠭᠢ ᠴᠠᠯᠴᠢᠭᠰᠠᠨ ᠦᠭᠦᠯᠡᠯ ᠢᠶᠠᠷ ᠦᠨᠳᠦᠰᠦᠯᠡᠪᠡᠯ᠂ | ᠬᠠᠮᠤᠭ ᠤᠨ ᠡᠩ ᠤᠨ ᠯᠤᠬᠢᠭ ᠲᠠᠢ ᠨᠡᠶᠢᠴᠡᠬᠦ ᠦᠭᠡᠢ ᠪᠦᠭᠡᠳ ᠤᠶᠢᠯᠠᠭᠠᠬᠤ ᠶᠢᠨ ᠠᠷᠭ᠎ᠠ ᠦᠭᠡᠢ᠃ ᠶᠤᠸᠠᠨ ᠤ | ᠦᠶ᠎ᠡ ᠳᠤ ᠪᠦᠷᠢᠯᠳᠦᠭᠰᠡᠨ ᠨᠢᠭᠡ ᠴᠠᠭ ᠦᠶ᠎ᠡ ᠶᠢᠨ ᠤᠳᠬ᠎ᠠ ᠰᠤᠶᠤᠯ ︽ᠶᠤᠸᠠᠨ ᠤ ᠵᠦᠴᠦᠭᠡ ᠨᠢᠭᠡᠨ ᠪᠠᠳᠠᠷᠠᠩᠭᠤᠢ | ᠨᠡᠶᠢᠭᠡᠮ ᠤᠨ ᠠᠵᠤ ᠠᠬᠤᠢ ᠦᠭᠡᠢ ᠪᠤᠯ᠂ ᠨᠢᠭᠡᠨ ᠰᠤᠯᠠᠷᠠᠨ ᠠᠭᠤᠵᠢᠭᠤ ᠤᠳᠬ᠎ᠠ ᠰᠤᠶᠤᠯ ᠤᠨ ᠲᠦᠷᠦ ᠶᠢᠨ | ᠪᠤᠳᠤᠯᠭ᠎ᠠ ᠦᠭᠡᠢ ᠪᠤᠯ᠂ ᠨᠢᠭᠡᠨ ᠤᠳᠬ᠎ᠠ ᠤᠷᠠᠯᠢᠭ ᠢ ᠵᠤᠬᠢᠶᠠᠬᠤ ᠬᠦᠳᠡᠯᠭᠡᠭᠡᠨᠳᠤ ᠲᠡᠦᠭᠡ ᠶᠢᠨ ᠨᠦᠭᠦᠴᠡᠯ ᠦᠭᠡᠢ | ᠪᠤᠯ ᠶᠠᠭᠠᠬᠢᠨ ᠭᠤᠸᠠᠨ ᠬᠠᠨ ᠴᠢᠩ᠂ ᠮᠠ ᡁᠢ ᠶᠤᠸᠠᠨ ᠵᠡᠷᠭᠡ ᠶᠡᠭᠡ ᠤᠳᠬ᠎ᠠ ᠤᠷᠠᠯᠢᠭᠳᠠᠨ ᠭᠠᠷᠬᠤ ᠪᠤᠢ︖ | ᠶᠠᠭᠠᠬᠢᠨ ᠲᠦᠮᠡᠨ ᠤᠳᠤᠨ ᠰᠠᠷ᠎ᠠ ᠶᠢ ᠡᠷᠭᠦᠭᠰᠡᠨ ᠮᠡᠳᠦ ᠲᠡᠶᠢᠮᠦ ᠤᠯᠠᠨ ᠵᠦᠴᠦᠭᠡ ᠶᠢᠨ ᠤᠷᠠᠯᠢᠭᠴᠢᠳ ᠪᠠ ᠦᠨᠳᠦᠷ | ᠬᠠᠨ ᠤ ᠮᠠᠭᠳᠠᠭᠠᠯ᠂ ᠲᠠᠩ ᠤᠨ ᠰᠢᠯᠦᠭ᠂ ᠰᠦᠩ ᠤᠨ ᠦᠭᠦᠯᠡᠯ ᠲᠠᠢ ᠵᠡᠷᠭᠡᠴᠡᠵᠦ ᠪᠠᠶᠢᠬᠤ ᠶᠤᠸᠠᠨ ᠤ ᠵᠦᠴᠦᠭᠡ | ᠵᠤᠬᠢᠶᠠᠨ ᠲᠡᠯᠭᠡᠷᠡᠬᠦ ᠪᠤᠢ︖ ᠦᠨᠡᠨ ᠳᠤ ᠪᠠᠨ ᠶᠤᠸᠠᠨ ᠤᠯᠤᠰ ᠤᠨ ᠤᠶᠤᠳᠠᠨ ᠰᠡᠭᠡᠭᠡᠳᠡᠨ ᠲᠤᠮᠤ ᠦᠨᠳᠦᠷ | ᠴᠢᠯᠦᠭᠡᠳᠦ ᠦᠵᠡᠯ ᠰᠠᠨᠠᠭ᠎ᠠ᠂ ᠤᠶᠤᠨ ᠪᠢᠯᠢᠭ ᠵᠤᠬᠢᠶᠠᠬᠤ ᠤᠬᠠᠭᠠᠨ ᠲᠠᠢ᠂ ᠤᠴᠢᠷ ᠨᠢ ᠶᠤᠸᠠᠨ ᠤᠯᠤᠰ ᠪᠤᠯ | ᠤᠯᠠᠨ ᠦᠨᠳᠦᠰᠦᠳᠡᠨ ᠨᠠᠶᠢᠷᠠᠮᠳᠠᠭᠤ ᠪᠦᠭᠡᠳ ᠤᠯᠠᠨ ᠡᠰᠢᠵᠢᠭᠦᠯᠦᠯᠳᠡ ᠰᠤᠶᠤᠯ ᠰᠠᠨᠠᠭ᠎ᠠ ᠶᠢ ᠬᠦᠮᠦᠨ ᠪᠦᠭᠦᠨ ᠳᠤ | ᠬᠦᠷᠳᠡᠭᠡᠭᠰᠡᠨ ᠪᠤᠯᠬᠤᠷ ᠪᠦᠬᠦ ᠨᠡᠶᠢᠭᠡᠮ ᠡᠷᠭᠡ ᠴᠢᠯᠦᠭᠡᠳᠠᠢ᠂ ᠨᠡᠭᠡᠭᠡᠯᠳᠦ ᠠᠵᠤ ᠠᠬᠤᠢ ᠬᠦᠭᠵᠢᠶᠡᠨ ᠲᠠᠢ ᠪᠠᠶᠢᠳᠠᠯ | ᠳᠤ ᠤᠷᠤᠵᠤ᠂ ᠴᠢᠩ ᠬᠦᠷᠦᠨ ᠤ ᠯᠢ ᠭᠤᠸᠠᠩ ᠳ᠋ᠢ ︽ᠵᠠᠯᠬᠠᠯᠳᠤ ᠲᠤᠰᠬᠤᠨ ᠤ ᠲᠡᠮᠳᠡᠭᠯᠡᠯ︾ ᠳᠤ ︽ᠶᠤᠸᠠᠨ | ᠦᠶ᠎ᠡ ᠶᠢᠨ ᠬᠦᠮᠦᠨ ᠤᠯᠠᠩᠬᠢ ᠨᠢ ᠪᠦᠵᠢᠭ ᠲᠠᠭᠤᠯᠠᠯ ᠳᠤ ᠰᠢᠨᠤᠬᠠᠶᠢᠷᠠᠵᠤ᠂ ᠠᠵᠢᠯ ᠬᠦᠳᠡᠯᠮᠦᠷᠢ ᠳᠤ ᠤᠷᠤᠯᠴᠠᠬᠤ | ᠦᠭᠡᠢ ᠨᠢ ᠲᠤᠩ ᠤᠯᠠᠨ︾ ᠬᠡᠵᠦ ᠪᠢᠴᠢᠭᠰᠡᠨ ᠰᠢᠯᠳᠠᠭᠠᠨ ᠪᠤᠯ ᠶᠤᠸᠠᠨ ᠤ ᠨᠡᠶᠢᠭᠡᠮ᠂ ᠬᠠᠩᠬᠤᠯᠤᠮᠠᠯ ᠤᠳᠬ᠎ᠠ | ᠤᠷᠠᠯᠢᠭ ᠤᠨ ᠠᠮᠢᠰᠬᠤᠯ ᠲᠤᠨᠤᠷᠠᠨ ᠪᠦᠷᠭᠦᠵᠦ᠂ ᠬᠦᠮᠦᠨ ᠪᠦᠷᠢ ᠰᠡᠳᠬᠢᠯ ᠰᠠᠨᠠᠭ᠎ᠠ ᠬᠢᠵᠠᠭᠠᠷᠯᠠᠭᠳᠠᠬᠤ ᠦᠭᠡᠢ ᠶᠢ | ᠬᠡᠷᠡᠴᠢᠯᠡᠪᠡ᠃ ᠲᠤᠮᠳᠠᠳᠤ ᠤᠯᠤᠰ ᠤᠨ ᠤᠷᠳᠤ ᠤᠳᠠᠭᠠᠨ ᠤᠨ ᠤ ᠨᠡᠶᠢᠭᠡᠮ ᠳᠤ ᠭᠠᠭᠴᠠ ᠶᠤᠸᠠᠨ ᠤᠯᠤᠰ ᠦᠰᠦᠭ | ᠰᠤᠶᠤᠯ ᠤᠨ ᠱᠤᠷᠤᠩ ᠬᠢᠨᠳᠠᠨ ᠦᠭᠡᠢ᠃ ᠡᠨᠡ ᠠᠨᠤ ᠮᠢᠩ᠂ ᠴᠢᠩ ᠬᠤᠶᠠᠷ ᠤᠯᠤᠰ ᠤᠨ ᠠᠶᠤᠮᠰᠢᠭᠳᠤ ᠱᠤᠷᠤᠩ | ᠬᠢᠨᠳᠡᠨ ᠢᠶᠠᠷ ᠬᠦᠮᠦᠨ ᠤ ᠰᠡᠳᠬᠢᠯ ᠰᠠᠨᠠᠭ᠎ᠠ ᠶᠢ ᠡᠵᠡᠷᠭᠡᠵᠦ᠂ ᠶᠡᠭᠡᠪᠡᠷ ᠦᠰᠦᠭ ᠰᠤᠶᠤᠯ ᠤᠨ ᠱᠤᠷᠤᠩ ᠬᠢᠨᠳᠠᠨ ᠢᠶᠠᠷ | ᠬᠦᠮᠦᠨ ᠢ ᠲᠠᠷᠤᠯᠠᠵᠤ ᠦᠨᠳᠡᠶᠢᠯᠭᠡᠬᠦ ᠦᠭᠡᠢ ᠨᠡᠶᠢᠭᠡᠮ ᠲᠠᠢ ᠦᠯᠢᠳᠭᠡᠪᠡᠯ ᠦᠨᠡᠭᠡᠷ ᠲᠡᠭᠷᠢ ᠭᠠᠵᠠᠷ ᠤᠨ ᠢᠯᠭᠠᠯ ᠲᠠᠢ | ᠪᠤᠯᠤᠨ᠎ᠠ᠃ ᠮᠢᠩ ᠤᠯᠤᠰ ᠤᠨ ᠲᠡᠷᠢᠬᠦᠨ ᠤ ᠬᠠᠭᠠᠨ ᠵᠦ ᠶᠤᠸᠠᠨ ᠵᠠᠩ ︽ᠶᠤᠸᠠᠨ ᠤ ᠲᠦᠷᠦ ᠬᠡᠳᠦᠷᠭᠡᠢ ᠠᠭᠤᠳᠠᠮ | ᠲᠠᠯᠪᠢᠭᠤ ᠤᠴᠢᠷ ᠠᠴᠠ ᠤᠯᠤᠰ ᠮᠦᠭᠦᠪᠡ︾ ᠬᠡᠵᠦ ᠲᠦᠰᠢᠮᠡᠯ ᠨᠠᠷ ᠲᠠᠭᠠᠨ ᠰᠠᠨᠠᠭᠠᠴᠢᠭᠤᠯᠵᠤ᠂ ᠲᠤᠶᠢᠯ ᠤᠨ | ᠬᠠᠷᠬᠢᠰ ᠡᠵᠡᠷᠭᠡᠭᠯᠡᠨ ᠵᠠᠬᠢᠷᠬᠤ ᠵᠠᠰᠠᠭ ᠶᠠᠪᠤᠭᠤᠯᠵᠤ᠂ ᠴᠧᠩᠰᠢᠶᠠᠩ ᠬᠤ᠋ ᠸᠧᠢ ᠶᠦᠩ᠂ ᠶᠡᠭᠡ ᠵᠠᠩᠵᠤᠨ ᠯᠠᠨ ᠢᠦᠢ | ᠵᠡᠷᠭᠡ ᠤᠯᠠᠨ ᠦᠨᠳᠦᠷ ᠲᠤᠰᠢᠶᠠᠯ ᠲᠠᠢ ᠲᠦᠰᠢᠮᠡᠯ ᠵᠠᠩᠵᠤᠨ ᠢ ᠠᠯᠠᠵᠤ᠂ ᠭᠠᠭᠴᠠ ᠬᠤ᠋ ᠸᠧᠢ ᠶᠦᠩ ᠲᠠᠢ | ᠬᠤᠯᠪᠤᠭᠳᠠᠭᠰᠠᠨ ᠬᠦᠮᠦᠨ ᠢ 3 ᠲᠦᠮᠡ ᠢᠯᠡᠭᠦᠦ ᠬᠢᠯᠢᠰᠳᠡᠭᠦᠯᠦᠨ ᠠᠯᠠᠵᠠᠢ᠃ ᠮᠢᠩ ᠤᠯᠤᠰ ᠤᠨ ᠯᠢ ᠭᠠᠢ ᠰᠢᠶᠠᠨ | ︽ᠶᠤᠸᠠᠨ ᠤ ᠵᠦᠴᠦᠭᠡ︾ ᠶᠢᠨ ᠮᠠᠨᠳᠤᠭᠰᠠᠨ ᠪᠠ ᠶᠤᠸᠠᠨ ᠤᠯᠤᠰ ᠤᠨ ᠨᠡᠶᠢᠭᠡᠮ ᠢ ᠲᠤᠳᠤᠯᠠᠨ ᠨᠤᠳᠠᠯᠠᠬᠤ ᠳᠤ ᠪᠠᠨ | ︽ᠶᠤᠸᠠᠨ ᠤᠯᠤᠰ ᠦᠭᠦᠯᠡᠯ ᠵᠦᠴᠦᠭᠡ ᠠᠴᠠ ᠡᠭᠦᠰᠴᠦ᠂ ᠶᠤᠸᠠᠨ ᠤᠯᠤᠰ ᠦᠭᠦᠯᠡᠯ ᠵᠦᠴᠦᠭᠡ ᠠᠴᠠ ᠮᠦᠭᠦᠪᠡ︾ | ᠬᠡᠰᠡᠨ ᠦᠨᠡᠭᠡᠷ ᠮᠠᠷᠭᠡᠨ ᠵᠤᠬᠢᠰᠳᠠᠢ ᠦᠭᠦᠯᠡᠪᠡ᠃ ᠡᠭᠦᠨ ᠠᠴᠠ ᠬᠡᠷᠡᠴᠢᠯᠡᠬᠦ ᠨᠢ ᠶᠤᠸᠠᠨ ᠵᠦᠴᠦᠭᠡ ᠡᠭᠦᠰᠦᠭᠰᠡᠨ | ᠠᠨᠤ ᠠᠭᠤᠳᠠᠮ ᠲᠦᠷᠦ ᠶᠢ ᠲᠦᠰᠢᠭᠯᠡᠭᠰᠡᠨ ᠶᠡᠭᠡ ᠨᠡᠶᠢᠭᠡᠮ ᠤᠨ ᠨᠦᠭᠦᠴᠡᠯ ᠪᠤᠯᠵᠤ᠂ ᠤᠶᠤᠳᠠᠨ ᠰᠡᠭᠡᠭᠡᠳᠡᠨ ᠰᠠᠶ᠋ᠢ | ᠦᠪᠡᠷ ᠤᠨ ᠤᠶᠤᠨ ᠤᠬᠠᠭᠠᠨ ᠢᠶᠠᠨ ᠰᠠᠶᠢᠳᠤᠷ ᠢᠯᠡᠷᠡᠭᠦᠯᠦᠨ ᠭᠠᠷᠭᠠᠭᠰᠠᠨ ᠰᠢᠯᠳᠠᠭᠠᠨ ᠪᠤᠯᠤᠨ᠎ᠠ᠃ | ᠶᠤᠸᠠᠨ ᠤᠯᠤᠰ ᠤᠨ ᠪᠦᠬᠦ ᠲᠦᠷᠦ ᠶᠢ ᠦᠵᠡᠬᠦ ᠳᠤ ᠨᠤᠳᠤᠭ ᠲᠡᠪᠢᠰᠭᠡᠷ ᠠᠭᠤᠳᠠᠮ ᠶᠡᠭᠡ᠂ ᠬᠢᠯᠢ ᠬᠢᠵᠠᠭᠠᠷ | ᠨᠡᠭᠡᠭᠡᠯᠳᠠᠢ᠂ ᠰᠦᠰᠦᠭ ᠪᠢᠰᠢᠷᠡᠯ ᠴᠢᠯᠦᠭᠡᠳᠠᠢ᠂ ᠡᠯ᠎ᠡ ᠵᠦᠢᠯ ᠤᠨ ᠱᠠᠰᠢᠨ ᠰᠤᠷᠳᠠᠬᠤᠨ ᠢ ᠠᠳᠠᠯᠢ ᠪᠠᠷ ᠦᠵᠡᠵᠦ᠂ | ᠺᠦᠩᠽᠢ ᠶᠢᠨ ᠰᠤᠷᠭᠠᠯᠳᠠᠨ ᠢ ᠲᠡᠮᠡᠢ ᠬᠦᠨᠳᠦ ᠪᠠᠷ ᠦᠵᠡᠬᠦ ᠦᠭᠡᠢ᠂ ᠨᠢᠭᠡ ᠪᠦᠯᠦᠭ ᠮᠤᠷᠠᠯ ᠴᠢᠳᠠᠪᠤᠷᠢ ᠡᠷᠳᠡᠮ | ᠬᠤᠤᠰᠯᠠᠭᠰᠠᠨ ᠬᠦᠮᠦᠨ ᠲᠦᠪ ᠵᠠᠰᠠᠭ ᠪᠠ ᠮᠤᠵᠢ ᠵᠡᠷᠭᠡ ᠡᠯ᠎ᠡ ᠭᠠᠵᠠᠷ ᠤᠷᠤᠨ ᠤ ᠡᠷᠭᠡ ᠠᠳᠬᠠᠭᠴᠢ ᠪᠤᠯᠵᠤ᠂ | ᠨᠢᠭᠡ ᠪᠦᠯᠦᠭ ᠤᠶᠤᠳᠠᠨ ᠰᠡᠭᠡᠭᠡᠳᠡᠨ ᠪᠠᠶᠢᠭᠠᠯᠢ ᠪᠤᠶᠤ ᠨᠡᠶᠢᠭᠡᠮ ᠤᠨ ᠰᠢᠨᠵᠢᠯᠡᠬᠦ ᠤᠬᠠᠭᠠᠨ ᠲᠧᠭᠨᠢᠭ ᠮᠡᠷᠭᠡᠵᠢᠯ ᠳᠤ | ᠤᠷᠤᠯᠴᠠᠬᠤ ᠠᠴᠠ ᠭᠠᠳᠠᠨ᠎ᠠ᠂ ᠨᠢᠭᠡ ᠪᠦᠯᠦᠭ ᠤᠶᠤᠳᠠᠨ ᠰᠡᠭᠡᠭᠡᠳᠡᠨ ᠡᠷᠭᠡ ᠪᠠᠷᠢᠭᠴᠢ ᠴᠢᠳᠠᠯ ᠦᠭᠡᠢ ᠪᠦᠭᠡᠳ | ᠰᠢᠨᠵᠢᠯᠡᠬᠦ ᠤᠬᠠᠭᠠᠨ ᠲᠧᠭᠨᠢᠭ ᠮᠡᠷᠭᠡᠵᠢᠯ ᠢᠶᠠᠷ ᠠᠨᠠᠢ ᠬᠦᠮᠦᠨ ᠲᠠᠭᠤᠤ ᠪᠦᠵᠢᠭ ᠤᠨ ᠠᠰᠠᠷ᠂ ᠶᠠᠩᠬᠠᠨ ᠤ ᠭᠠᠵᠠᠷ᠂ | ᠪᠢᠴᠢᠭ ᠬᠦᠷᠢᠶᠡᠯᠡᠩ ᠤᠨ ᠭᠠᠵᠠᠷ ᠶᠠᠪᠤᠯᠴᠠᠵᠤ᠂ ᠤᠳᠬ᠎ᠠ ᠤᠷᠠᠯᠢᠭ ᠵᠤᠬᠢᠶᠠᠬᠤ ᠦᠢᠯᠡᠰ ᠲᠤ ᠤᠷᠤᠯᠴᠠᠵᠤ ᠪᠠᠶᠢᠬᠤ | ᠳᠤ ᠤᠯᠤᠰ ᠲᠦᠷᠦ ᠠᠴᠠ ᠬᠤᠷᠢᠭᠯᠠᠬᠤ ᠦᠭᠡᠢ ᠡᠷᠭᠡ ᠴᠢᠯᠦᠭᠡᠳᠠᠢ ᠲᠤᠷ᠎ᠠ ᠪᠠᠷ ᠶᠠᠪᠤᠯᠴᠠᠵᠠᠭᠠᠨᠠ᠃ ᠨᠡᠶᠢᠭᠡᠮ ᠡᠶᠢᠮᠦ | ᠡᠩᠭᠡ ᠲᠦᠪᠰᠢᠨ ᠪᠤᠯᠬᠤᠷ ᠨᠢᠭᠡ ᠪᠦᠯᠦᠭ ᠡᠶᠢᠮᠦ ᠡᠷᠳᠡᠮᠳᠡᠨ ᠴᠠᠭᠠᠨ ᠬᠤᠪᠴᠠᠰᠤᠳᠤ ᠵᠠᠶᠢᠰᠠᠩ ᠨᠠᠷ ᠪᠡᠶ᠎ᠡ ᠪᠠᠨ ︿ | ᠲᠡᠨᠦᠭᠦᠯᠴᠢ﹀ ᠬᠡᠵᠦ ᠪᠦᠷᠢᠨ ᠴᠢᠯᠦᠭᠡᠯᠡᠭᠴᠢ ᠴᠢᠨᠠᠷ ᠲᠠᠢ ᠬᠦᠮᠦᠨ ᠦᠪᠡᠷ ᠢ ᠪᠠᠨ ᠡᠷᠭᠡᠮ ᠬᠦᠨᠳᠦ ᠲᠠᠢ ᠬᠡᠵᠦ | ᠤᠮᠤᠭᠰᠢᠵᠤ ᠤᠷᠪᠤᠶᠢᠨ ᠠᠭᠠᠰᠢᠯᠠᠨ᠎ᠠ᠃ ᠶᠤᠸᠠᠨ ᠤ ᠦᠶ᠎ᠡ ᠶᠢᠨ ᠡᠳᠡᠭᠡᠷ ᠤᠶᠤᠳᠠᠨ ᠰᠡᠭᠡᠭᠡᠳᠡᠨ ︿ᠲᠡᠨᠦᠭᠦᠯᠴᠢ﹀ | ᠬᠡᠵᠦ ᠤᠮᠤᠭ ᠪᠠᠭ᠋ᠠᠳᠤᠯᠳᠠᠢ ᠪᠡᠶ᠎ᠡ ᠪᠠᠨ ᠭᠠᠶᠢᠬᠠᠭᠤᠯᠤᠨ ᠮᠠᠭᠳᠠᠨ᠎ᠠ᠃ ᠵᠦᠩ ᠰᠧ ᠴᠧᠩ ᠤᠨ ᠵᠤᠬᠢᠶᠠᠯ ︽ | ᠴᠢᠳᠭᠦᠷ ᠤᠨ ᠲᠠᠩᠰᠠ ᠲᠡᠮᠳᠡᠭᠯᠡᠯ︾ ᠳᠤ ︿ᠲᠡᠨᠦᠭᠦᠯᠴᠢ﹀ ᠶᠢ ᠲᠡᠭᠡᠷ᠎ᠡ ᠪᠢᠴᠢᠭᠰᠡᠨ ᠶᠠᠩᠵᠤ ᠪᠠᠷ ᠲᠦᠷᠰᠦᠯᠡᠵᠦ | ᠢᠯᠡᠷᠡᠭᠦᠯᠦᠭᠰᠡᠨ ᠠᠨᠤ ᠦᠨᠡᠭᠡᠷ ᠲᠡᠶᠢᠮᠦ ᠨᠡᠶᠢᠳᠡᠯᠢᠭ ᠲᠦᠷᠢ ᠪᠤᠯᠤᠨ᠎ᠠ᠃ ᠭᠤᠸᠠᠨ ᠬᠠᠨ ᠴᠢᠩ ᠪᠡᠶ᠎ᠡ ᠪᠠᠨ | ᠮᠡᠷᠭᠡᠵᠢᠯᠳᠠᠢ ᠬᠡᠵᠦ ᠤᠮᠤᠭᠰᠢᠨ ᠫᠠᠶᠢᠵᠠᠩᠨᠠᠵᠤ ᠠᠭᠠᠰᠢᠯᠠᠬᠤ ᠨᠢ ᠶᠠᠭ ᠲᠡᠷᠡ ᠦᠶ᠎ᠡ ᠶᠢᠨ ᠡᠶᠢᠮᠦᠷᠬᠦ ᠤᠶᠤᠳᠠᠨ | ᠰᠡᠭᠡᠭᠡᠳᠡᠨ ᠤ ᠬᠦᠩᠭᠡᠨ ᠵᠤᠴᠢᠨ ᠰᠢ ᠲᠤᠭᠯᠠᠭᠴᠢ ᠪᠠ ᠡᠷᠳᠡᠮᠳᠤ ᠬᠦᠪᠡᠭᠦᠳ᠂ ᠭᠤᠸ᠎ᠠ ᠦᠬᠢᠳ ᠵᠡᠷᠭᠡ ᠤᠷᠠᠴᠤᠳ | ᠢ ᠲᠦᠷᠰᠦᠯᠡᠨᠡ᠃ ᠨᠡᠶᠢᠳᠡᠮ ᠢᠶᠠᠷ ᠦᠵᠡᠪᠡᠰᠦ ᠶᠤᠸᠠᠨ ᠤᠯᠤᠰ ᠤᠨ ᠲᠠᠯᠪᠢᠭᠤ ᠲᠠᠪᠠᠳᠠᠢ ᠲᠦᠷᠦ ᠶᠢᠨ ᠪᠤᠳᠤᠯᠭ᠎ᠠ | ᠠᠴᠠ ᠪᠤᠯᠵᠤ᠂ ᠡᠳᠡᠭᠡᠷ ᠤᠶᠤᠳᠠᠨ ᠰᠡᠭᠡᠭᠡᠳᠡᠨ ᠪᠡᠶ᠎ᠡ ᠪᠠᠨ ᠪᠦᠷᠢᠨ ᠲᠡᠭᠦᠯᠳᠡᠷ ᠨᠡᠶᠢᠭᠡᠮ ᠳᠤ ᠲᠤᠰᠬᠠᠵᠤ᠂ ᠤᠯᠠᠨ | ᠲᠦᠮᠡᠨ ᠤ ᠲᠤᠮᠳᠠ ᠠᠮᠢᠳᠤᠷᠠᠵᠤ᠂ ᠰᠠᠶ᠋ᠢ ᠢᠯᠵᠢᠷᠡᠮᠡᠯ ᠰᠤᠷᠭᠠᠯᠳᠠᠨ ᠠᠴᠠ ᠠᠩᠬᠢᠵᠢᠷᠠᠵᠤ᠂ ᠪᠦᠷᠢᠨ ᠢᠶᠠᠷ ᠡᠷᠳᠡᠮ | ᠴᠢᠳᠠᠯ ᠪᠠ ᠠᠮᠢ ᠠᠬᠤᠢ ᠪᠠᠨ ᠤᠳᠬ᠎ᠠ ᠤᠷᠠᠯᠢᠭ ᠲᠤ ᠤᠷᠤᠯᠴᠠᠵᠤ᠂ ᠬᠤᠶᠢᠴᠢ ᠶᠢᠨ ᠬᠦᠮᠦᠨ ᠰᠠᠶ᠋ᠢ ᠡᠳᠡᠭᠡᠷ | ᠲᠡᠦᠭᠡ ᠶᠢᠨ ᠤᠴᠢᠷ ᠢ ᠪᠢᠴᠢᠵᠦ ᠨᠠᠶᠢᠷᠠᠭᠤᠯᠪᠠ᠃ | ᠶᠤᠸᠠᠨ ᠤ ᠨᠡᠶᠢᠭᠡᠮ ᠦᠮᠴᠢᠯᠡᠯ ᠲᠠᠷᠤᠯᠠᠯ ᠪᠠ ᠨᠤᠶᠤᠨᠴᠤᠳ ᠲᠤ ᠢᠯᠵᠢᠷᠡᠮᠡᠯ ᠦᠵᠡᠭᠳᠡᠯ ᠪᠠᠶᠢᠬᠤ ᠨᠢ ᠦᠨᠡᠨ ᠲᠠᠢ | ᠬᠡᠷᠡᠭ ᠪᠤᠯᠤᠨ᠎ᠠ᠃ ᠬᠡᠪᠡᠴᠦ ᠶᠤᠸᠠᠨ ᠤᠯᠤᠰ ᠤᠨ ᠬᠦᠮᠦᠨ ᠤ ᠰᠡᠳᠬᠢᠯ ᠰᠠᠨᠠᠭ᠎ᠠ ᠬᠢᠵᠠᠭᠠᠷᠯᠠᠭᠳᠠᠬᠤ ᠦᠭᠡᠢ ᠨᠢ | ᠪᠠᠰᠠ ᠦᠨᠡᠨ ᠪᠤᠯᠤᠨ᠎ᠠ᠃ ︽ᠶᠤᠸᠠᠨ ᠤ ᠬᠠᠤᠯᠢ ᠴᠠᠭᠠᠵᠠ ᠶᠢᠨ ᠦᠢᠯᠡᠪᠦᠷᠢ︾ ᠳᠤ ᠬᠡᠳᠦᠶᠢᠪᠡᠷ ︽ᠵᠤᠷᠢᠭ ᠢᠶᠠᠷ | ᠵᠦᠴᠦᠭᠡ ᠦᠭᠦᠯᠡᠯ ᠵᠤᠬᠢᠶᠠᠬᠤ ᠶᠢ ᠴᠠᠭᠠᠵᠠᠯᠠᠬᠤ ᠬᠡᠷᠡᠭᠳᠠᠢ︾ ᠬᠡᠰᠡᠨ ᠪᠤᠯᠪᠠᠴᠤ ᠦᠨᠡᠨ ᠶᠠᠪᠤᠭᠳᠠᠭᠤᠯᠬᠤ ᠳᠤ ᠪᠠᠨ | ᠬᠡᠷᠡᠭᠵᠢᠭᠦᠯᠦᠭᠰᠡᠨ ᠦᠭᠡᠢ᠃ ᠶᠤᠸᠠᠨ ᠤᠯᠤᠰ ᠲᠤ ᠬᠠᠤᠯᠢ ᠴᠠᠭᠠᠵᠠ ᠰᠤᠯᠠ᠂ ᠵᠠᠷᠯᠢᠭ ᠵᠠᠬᠢᠶ᠎ᠠ ᠵᠠᠷᠢᠮ ᠳᠤ ᠪᠠᠨ | ᠬᠤᠪᠢᠷᠠᠵᠤ᠂ ᠶᠤᠸᠠᠨ ᠤᠯᠤᠰ ᠤᠨ ᠵᠧᠩ ᠵᠢᠶᠠ ᠬᠦᠦ ︽ᠲᠠᠶᠢᠪᠤᠩ ᠪᠤᠳᠤᠯᠭ᠎ᠠ︾ ᠳᠤ ᠡᠳᠦᠭᠡ ᠶᠢᠨ ᠵᠠᠷᠯᠢᠭ | ᠵᠠᠬᠢᠶ᠎ᠠ ᠰᠠᠨᠠᠮᠰᠠᠷ ᠦᠭᠡᠢ ᠬᠤᠪᠢᠷᠠᠵᠤ᠂ ᠡᠮᠦᠨ᠎ᠡ ᠬᠤᠶᠢᠨ᠎ᠠ ᠠᠳᠠᠯᠢ ᠦᠭᠡᠢ ᠪᠤᠯᠵᠤ᠂ ᠤᠰᠤᠨ ᠤᠷᠤᠰᠬᠠᠯ ᠮᠡᠳᠦ | ᠲᠤᠭᠳᠠᠪᠤᠷᠢ ᠦᠭᠡᠢ᠂ ᠠᠷᠠᠳ ᠤᠨ ᠲᠤᠮᠳᠠ ︽ᠲᠡᠷᠢᠬᠦᠨ ᠳᠤ ᠴᠢᠩᠭ᠎ᠠ᠂ ᠲᠠᠷᠠᠭ᠎ᠠ ᠳᠤ ᠠᠭᠠᠵᠢᠮ᠂ ᠰᠡᠭᠦᠯ ᠳᠤ | ᠰᠤᠯᠠᠷᠠᠨ᠎ᠠ ᠬᠡᠰᠡᠨ ᠶᠠᠷᠢᠶ᠎ᠠ ᠲᠠᠢ︾ ᠬᠡᠵᠦ ᠲᠦᠷᠰᠦᠯᠡᠪᠡ᠃ ᠡᠨᠡᠬᠦ ᠪᠠᠶᠢᠳᠠᠯ ᠠᠴᠠ ᠪᠤᠯᠵᠤ᠂ ᠰᠠᠶ᠋ᠢ ᠶᠤᠸᠠᠨ ᠤ | ᠴᠢᠯᠦᠭᠡᠳᠦ ᠰᠡᠳᠬᠢᠯ ᠰᠠᠨᠠᠭ᠎ᠠ ᠪᠠ ᠤᠷᠪᠠᠭ᠋ᠤ ᠵᠤᠷᠢᠭ ᠨᠡᠶᠢᠳᠡᠮ ᠢᠶᠠᠷ ᠲᠡᠯᠭᠡᠷᠡᠨ᠂ ︿ᠲᠡᠨᠦᠭᠦᠯᠴᠢ﹀ ᠰᠠᠯᠬᠢ | ᠰᠠᠯᠬᠢᠯᠠᠵᠤ᠂ ᠨᠢᠭᠤᠴᠠ ᠰᠠᠭᠤᠭᠰᠠᠳ ᠤᠨ ᠰᠠᠨᠠᠭ᠎ᠠ ᠰᠡᠳᠭᠢᠯᠭᠡ ᠨᠡᠶᠢᠯᠡᠵᠦ᠂ ᠤᠷᠪᠠᠭᠴᠢ ᠦᠵᠡᠯ ᠡᠭᠦᠰᠦᠨ᠎ᠡ᠃ | ᠡᠭᠦᠨ ᠤ ᠲᠤᠳᠤᠷ᠎ᠠ ᠭᠤᠸᠠᠨ ᠬᠠᠨ ᠴᠢᠩ ᠤᠨ ᠵᠤᠬᠢᠶᠠᠭᠰᠠᠨ ᠵᠦᠴᠦᠭᠡ ︽ᠠᠭᠰᠢᠷᠠᠭ᠎ᠠ ᠨᠠᠰᠤ ᠶᠢ ᠤᠶᠢᠰᠢᠶᠠᠬᠤ | ᠦᠭᠡᠢ︾ ᠠᠨᠤ ᠨᠡᠶᠢᠳᠡᠯᠢᠭ ᠴᠢᠨᠠᠷ ᠲᠠᠢ ︿ᠲᠡᠨᠦᠭᠦᠯᠴᠢ﹀ ᠲᠦᠯᠦᠭᠡᠯᠡᠭᠴᠢ ᠵᠤᠬᠢᠶᠠᠯ ᠪᠤᠯᠤᠨ᠎ᠠ᠃ ᠲᠡᠷᠡ ᠪᠡᠶ᠎ᠡ ᠪᠠᠨ | ᠬᠦᠩᠭᠡᠮᠰᠦᠭ ᠵᠤᠴᠢᠨ ︽ᠵᠡᠰ ᠸᠠᠨᠳ᠋ᠸᠦ ᠪᠤᠷᠴᠠᠭ︾ ᠬᠡᠵᠦ ︽ᠴᠢᠨᠠᠪᠠᠰᠤ ᠪᠤᠴᠠᠯᠬᠤ ᠦᠭᠡᠢ᠂ ᠵᠢᠭᠨᠡᠪᠡᠴᠦ ᠰᠢᠯᠵᠢᠷᠠᠬᠤ | ᠦᠭᠡᠢ᠂ ᠵᠢᠩᠬᠢᠨᠢ ᠨᠢᠭᠡ ᠵᠡᠰ ᠸᠠᠨᠳ᠋ᠸᠦ ᠪᠤᠷᠴᠠᠭ ᠪᠤᠯᠬᠤᠷ ᠦᠭᠦᠪᠡᠴᠦ ᠬᠤᠸᠠᠷ ᠫᠤᠤᠵᠢᠩ ᠤᠨ ᠵᠠᠮ ᠳᠤ ᠪᠡᠶ᠎ᠡ | ᠦᠵᠡᠭᠳᠡᠮᠦᠢ︾ ᠬᠡᠵᠦ ᠤᠮᠤᠭᠰᠢᠨ ᠬᠡᠯᠡᠨ᠎ᠡ᠃ ᠶᠤᠸᠠᠨ ᠤ ᠨᠡᠶᠢᠭᠡᠮ ᠦᠨᠡᠭᠡᠷ ᠵᠠᠷᠢᠮ ᠲᠡᠦᠭᠡᠴᠢᠨ ᠤ ᠬᠡᠯᠡᠭᠰᠡᠨ ᠢᠶᠠᠷ | ︽ᠠᠮᠢᠰᠬᠤᠯ ᠬᠤᠷᠢᠭᠳᠠᠬᠤ ᠮᠡᠳᠦ ᠬᠦᠨᠳᠦ ᠲᠠᠷᠤᠯᠠᠯ ᠲᠠᠢ︾ ᠬᠡᠰᠡᠨ ᠮᠢᠩ᠂ ᠴᠢᠩ ᠬᠤᠶᠠᠷ ᠤᠯᠤᠰ ᠰᠢᠭ᠋ | ᠠᠶᠢᠬᠤᠪᠳᠤᠷ ᠲᠠᠷᠤᠯᠠᠯᠳᠤ ᠨᠡᠶᠢᠭᠡᠮ ᠪᠤᠯ ᠭᠤᠸᠠᠨ ᠬᠠᠨ ᠴᠢᠩ ᠵᠡᠷᠭᠡ ᠬᠦᠮᠦᠰ ᠠᠶᠤᠮᠰᠢᠭ ᠦᠭᠡᠢ ᠪᠡᠶ᠎ᠡ ᠪᠠᠨ | ᠡᠰᠡᠷᠭᠦᠴᠡᠯᠡᠯ ᠬᠢᠬᠦ ᠪᠤᠯ ᠲᠤᠯᠤᠭᠠᠢ ᠤᠨᠠᠬᠤ ᠠᠶᠤᠯ ᠳᠤ ᠲᠤᠯᠭᠠᠷᠠᠬᠤ ᠪᠤᠯᠵᠤ᠂ ᠬᠡᠨ ᠠᠶᠤᠮᠰᠢᠭ ᠦᠭᠡᠢ ᠪᠡᠶ᠎ᠡ ᠪᠠᠨ | ᠵᠢᠩᠬᠢᠨᠢ ᠨᠢᠭᠡᠨ ᠵᠡᠰ ᠸᠠᠨᠳ᠋ᠸᠦ ᠪᠤᠷᠴᠠᠭ ᠬᠡᠵᠦ ᠬᠡᠯᠡᠬᠦ ᠪᠤᠢ︖ | ᠶᠤᠸᠠᠨ ᠤᠯᠤᠰ ᠤᠨ ᠦᠶ᠎ᠡ ᠳᠤ ︿ᠲᠡᠨᠦᠭᠦᠯᠴᠢ﹀ ᠨᠡᠷ᠎ᠡ ᠴᠤᠤᠳᠤ ᠬᠡᠵᠦ ᠤᠷᠤᠰᠢᠵᠤ ᠪᠠᠶᠢᠭ᠎ᠠ ᠨᠢ ᠪᠠᠰᠠ | ᠨᠢᠭᠤᠭᠳᠠᠨ ᠠᠮᠤᠷ ᠰᠡᠳᠬᠢᠯᠭᠡ ᠲᠠᠢ ᠬᠦᠮᠦᠨ ᠨᠡᠯᠢᠶᠡᠳ ᠪᠠᠶᠢᠨ᠎ᠠ᠃ ᠡᠳᠡᠭᠡᠷ ᠬᠦᠮᠦᠨ ᠡᠳᠦᠷ ᠪᠦᠷᠢ ᠠᠭᠤᠯᠠ ᠤᠰᠤ | ᠵᠡᠷᠭᠡ ᠪᠠᠶᠢᠭᠠᠯᠢ ᠶᠢᠨ ᠰᠡᠳᠬᠢᠭᠳᠡᠨ ᠤ ᠲᠤᠮᠳᠠ ᠰᠢᠨᠤᠬᠠᠶᠢᠷᠠᠵᠤ᠂ ᠶᠡᠷᠦ ᠶᠢᠨ ᠰᠤᠯᠠ ᠠᠭᠠᠵᠢᠮ ᠠᠮᠢᠳᠤᠷᠠᠯ ᠢ | ᠬᠦᠰᠡᠨ᠎ᠡ᠃ ᠲᠡᠳᠡᠨ ᠨᠢᠭᠡ ᠲᠠᠯ᠎ᠠ ᠪᠠᠷ ᠨᠢᠭᠤᠴᠠ ᠠᠮᠤᠷ ᠠᠮᠢᠳᠤᠷᠠᠯ ᠳᠤ ᠰᠤᠭᠳᠤᠷᠠᠭᠤᠵᠤ᠂ ᠨᠢᠭᠡ ᠲᠠᠯ᠎ᠠ ᠪᠠᠷ ᠴᠠᠭ | ᠦᠶ᠎ᠡ ᠶᠢᠨ ᠡᠷᠭᠡ ᠤᠯᠤᠭᠴᠢ ᠮᠠᠨ ᠳᠤ ᠬᠢᠵᠠᠭᠠᠷᠯᠠᠰᠢ ᠦᠭᠡᠢ ᠰᠡᠳᠬᠢᠯ ᠤᠶᠠᠷᠠᠨ ︿ᠴᠧᠩᠰᠢᠶᠠᠩ ᠵᠠᠩᠵᠤᠨ ᠬᠤᠶᠠᠷ | ᠦᠨᠳᠦᠷ ᠲᠤᠰᠢᠶᠠᠯ ᠲᠠᠢ ᠨᠤᠶᠠᠨ ᠠᠶᠤᠮᠰᠢᠭ ᠠᠴᠠ ᠠᠶᠤᠮᠰᠢᠭ﹀ ᠬᠡᠵᠦ ᠰᠡᠳᠬᠢᠨ᠎ᠡ᠃ ᠡᠨᠡ ᠠᠨᠤ ︿ᠲᠡᠨᠦᠭᠦᠯᠴᠢ﹀ | ᠨᠡᠷ᠎ᠡ ᠴᠤᠤᠳᠤ ᠶᠢᠨ ᠢᠯᠡᠷᠡᠭᠰᠡᠨ ᠡᠷᠡᠭᠳᠠᠢ ᠡᠮᠡᠭᠳᠡᠢ ᠢᠨᠠᠭ ᠬᠠᠶᠢᠷ᠎ᠠ ᠶᠢ ᠬᠦᠭᠡᠭᠡᠴᠡᠯᠳᠦᠬᠦ᠂ ᠲᠠᠭᠤᠤ ᠪᠦᠵᠢᠭᠳᠦ | ᠪᠤᠳᠠᠭᠠᠨ ᠰᠢᠷᠡᠭᠡᠨ ᠤ ᠵᠢᠷᠭᠠᠯ ᠴᠡᠩᠭᠡᠯ ᠨᠢ ᠦᠨᠳᠦᠰᠦᠨ ᠲᠡᠭᠡᠷ᠎ᠡ ᠪᠠᠨ ᠢᠯᠭᠠᠯ ᠦᠭᠡᠢ᠃ ᠪᠦᠷ ᠨᠤᠶᠠᠨ ᠰᠠᠭᠤᠬᠤ | ᠲᠤᠰᠢᠶᠠᠯ ᠤᠯᠤᠭᠰᠠᠨ ᠦᠭᠡᠢ ᠬᠤᠷᠤᠰᠤᠯ ᠭᠤᠮᠤᠳᠠᠯ ᠢᠶᠠᠨ ᠲᠡᠷᠡ ᠦᠶ᠎ᠡ ᠶᠢᠨ ᠲᠦᠷᠦ ᠵᠠᠰᠠᠭ ᠤᠨ ᠤᠴᠢᠷ ᠬᠡᠰᠡᠨ | ᠰᠢᠨᠤᠬᠠᠢ ᠰᠠᠨᠠᠭ᠎ᠠ ᠪᠤᠯᠤᠨ᠎ᠠ᠃ ᠶᠡᠷᠦ ᠶᠢᠨ ᠮᠡᠳᠡᠯᠭᠡ ᠪᠠᠷ ᠮᠡᠳᠡᠭᠦ ᠨᠢ᠂ ᠠᠯᠢᠪᠠ ᠤᠯᠤᠰ ᠲᠦᠷᠦ ᠡᠷᠳᠡᠨ ᠡᠳᠦᠭᠡ | ᠪᠤᠯᠳᠠᠯ᠎ᠠ ᠡᠯ᠎ᠡ ᠤᠶᠤᠳᠠᠨ ᠰᠡᠭᠡᠭᠡᠳᠡᠨ ᠪᠦᠷ ᠦᠨᠳᠦᠷ ᠵᠡᠷᠭᠡ ᠶᠢᠨ ᠨᠤᠶᠠᠨ ᠪᠤᠯᠬᠤ ᠨᠦᠭᠦᠴᠡᠯ ᠪᠠᠶᠢᠬᠤ ᠦᠭᠡᠢ᠂ | ᠵᠠᠪᠠᠯ ᠬᠢᠳᠠᠳ ᠦᠨᠳᠦᠰᠦᠳᠡᠨ ᠠᠴᠠ ᠦᠭᠡᠷ᠎ᠡ ᠦᠨᠳᠦᠰᠦᠳᠡᠨ ᠤᠯᠤᠰ ᠤᠨ ᠡᠷᠭᠡ ᠶᠢ ᠠᠳᠬᠤᠪᠠᠯ ᠶᠢᠷᠳᠢᠨᠴᠦ ᠶᠢᠨ | ᠠᠯᠢᠪᠠ ᠤᠴᠢᠷ ᠶᠠᠪᠤᠳᠠᠯ ᠮᠠᠭᠤᠳᠠᠬᠤ ᠶᠤᠰᠤ ᠪᠠᠶᠢᠬᠤ ᠦᠦ︖ ᠬᠢᠳᠠᠳ ᠦᠨᠳᠦᠰᠦᠳᠡᠨ ᠤ ᠤᠶᠤᠳᠠᠨ ᠰᠡᠭᠡᠭᠡᠳᠡᠨ ᠢ | ᠰᠠᠶᠢᠨ ᠮᠠᠭᠤ ᠶᠢ ᠢᠯᠭᠠᠬᠤ ᠦᠭᠡᠢ ᠪᠦᠷ ᠦᠨᠳᠦᠷ ᠵᠡᠷᠭᠡ ᠶᠢᠨ ᠨᠤᠶᠠᠨ ᠰᠠᠭᠤᠬᠤ ᠬᠡᠷᠡᠭ ᠪᠠᠶᠢᠬᠤ ᠦᠦ︖ ᠬᠢᠳᠠᠳ | ᠤᠶᠤᠳᠠᠨ ᠰᠡᠭᠡᠭᠡᠳᠡᠨ ᠢ ᠶᠤᠸᠠᠨ ᠤ ᠬᠠᠭᠠᠨᠳᠤ ᠲᠦᠷᠦ ᠬᠤᠯᠠ ᠠᠭᠤᠵᠢᠭᠤ ᠲᠠᠯᠪᠢᠭᠤ ᠬᠡᠷᠡᠭᠯᠡᠭᠰᠡᠨ ᠨᠢ ᠲᠠᠩ ᠤᠯᠤᠰ | ᠠᠴᠠ ᠬᠡᠳᠦᠷᠡᠨᠡ᠃ ᠡᠭᠦᠨ ᠤ ᠲᠤᠳᠤᠷ᠎ᠠ ᠨᠡᠯᠢᠶᠡᠳ ᠰᠢ ᠵᠦᠴᠦᠭᠡ ᠶᠢᠨ ᠵᠤᠬᠢᠶᠠᠭᠴᠢ ᠶᠢ ᠶᠤᠸᠠᠨ ᠤᠯᠤᠰ ᠤᠨ ᠡᠯ᠎ᠡ | ᠱᠠᠳᠤᠨ ᠳᠤ ᠨᠤᠶᠠᠨ ᠰᠠᠭᠤᠯᠭᠠᠭᠰᠠᠨ ᠤᠯᠠᠨ ᠪᠠᠶᠢᠨ᠎ᠠ᠃ ᠵᠢᠱᠢᠶᠡᠯᠡᠪᠡᠯ ᠭᠤᠸᠠᠨ ᠬᠠᠨ ᠴᠢᠩ ᠤᠯᠤᠰ ᠤᠨ ᠲᠡᠭᠡᠳᠦ | ᠡᠮᠨᠡᠯᠭᠡ ᠶᠢᠨ ᠬᠤᠷᠢᠶᠠᠨ ᠤ ᠬᠠᠮᠢᠶᠠᠷᠤᠭᠴᠢ᠂ ᠵᠢᠶᠠ ᠰᠧᠨ ᠮᠢᠩ ᠵᠢᠶᠠᠩᠰᠢ ᠮᠤᠵᠢ ᠶᠢᠨ ᠬᠡᠷᠡᠭ ᠮᠡᠳᠡᠭᠴᠢ᠂ ᠶᠦ ᠱᠤᠤ | ᠵᠦᠩ ᠫᠢᠩ ᠵᠢᠶᠠᠩ ᠵᠠᠮ ᠤᠨ ᠡᠷᠬᠢᠯᠡᠭᠴᠢ᠂ ᠯᠢ ᠸᠧᠨ ᠵᠢᠦᠢ ᠵᠢᠶᠠᠩᠵᠸᠦ ᠵᠠᠮ ᠤᠨ ᠬᠦᠢ ᠴᠠᠩ ᠰᠢᠶᠠᠨ ᠤ ᠮᠡᠳᠡᠭᠴᠢ | ᠂ ᠵᠤᠤ ᠲᠢᠶᠠᠨ ᠰᠢ ᠵᠧᠨ ᠵᠢᠶᠠᠩ ᠤᠷᠳᠤᠨ ᠤ ᠢᠯᠭᠠᠭᠴᠢ᠂ ᠵᠠᠩ ᠱᠦ ᠴᠢᠩ ᠵᠧᠵᠢᠶᠠᠩ ᠮᠤᠵᠢ ᠶᠢᠨ ᠬᠠᠷᠢᠶᠠᠳᠤ | ᠲᠦᠰᠢᠮᠡᠯ᠃ ᠡᠭᠦᠨ ᠠᠴᠠ ᠭᠠᠳᠠᠨ᠎ᠠ᠂ ᠮᠠ ᡁᠢ ᠶᠤᠸᠠᠨ᠂ ᠱᠠᠩ ᠵᠦᠩ ᠰᠢᠶᠠᠨ᠂ ᠳ᠋ᠠᠢ ᠱᠠᠨ ᠫᠦ᠋ ᠵᠡᠷᠭᠡ ᠬᠦᠮᠦᠨ | ᠲᠤᠰ ᠪᠦᠷᠢ ᠵᠢᠶᠠᠩᠰᠢ ᠮᠤᠵᠢ ᠶᠢᠨ ᠡᠯ᠎ᠡ ᠱᠠᠳᠤᠨ ᠤ ᠲᠦᠰᠢᠮᠡᠯ ᠪᠤᠯᠤᠨ᠎ᠠ᠃ ᠶᠤᠸᠠᠨ ᠤᠯᠤᠰ ᠤᠨ ᠦᠶ᠎ᠡ ᠶᠢᠨ ᠡᠨᠡᠬᠦ | ᠪᠤᠳᠠᠳᠤ ᠵᠢᠱᠢᠶ᠎ᠡ ᠠᠴᠠ ᠪᠢᠳᠡ ᠮᠡᠳᠡᠬᠦ ᠨᠢ ︿ᠶᠤᠸᠠᠨ ᠤᠯᠤᠰ ᠤᠨ ᠦᠶ᠎ᠡ ᠶᠢᠨ ᠪᠢᠴᠢᠭ ᠤᠨ ᠬᠦᠮᠦᠨ ᠲᠡᠭᠡᠭᠰᠢ | ᠲᠠᠪᠰᠢᠬᠤ ᠨᠦᠭᠦᠴᠡᠯ ᠦᠭᠡᠢ ᠪᠦᠷ ᠨᠠᠢᠮᠠᠨ ᠰᠠᠳᠤᠭᠤᠴᠢᠨ ᠶᠢᠰᠦᠨ ᠪᠢᠴᠢᠭᠳᠡᠨ ᠠᠷᠪᠠᠨ ᠭᠤᠶᠢᠯᠢᠭᠴᠢ ᠶᠢᠨ | ᠭᠤᠨᠢᠭᠳᠤ ᠪᠠᠶᠢᠷᠢᠨ ᠳᠤ ᠤᠨᠠᠵᠤ᠂ ᠤᠯᠤᠰ ᠲᠦᠷᠦ ᠶᠢᠨ ᠶᠡᠭᠡ ᠡᠷᠭᠡ ᠳᠤ ᠬᠢᠳᠠᠳ ᠤᠨ ᠤᠶᠤᠳᠠᠨ ᠰᠡᠭᠡᠭᠡᠳᠡᠨ ᠢ | ᠬᠡᠷᠡᠭᠯᠡᠬᠦ ᠦᠭᠡᠢ﹀ ᠬᠡᠰᠡᠨ ᠪᠢᠴᠢᠯᠭᠡ ᠠᠨᠤ ᠡᠰᠡᠭᠦᠯ᠎ᠡ ᠲᠡᠦᠭᠡ ᠶᠢᠨ ᠮᠡᠳᠡᠯᠭᠡ ᠦᠭᠡᠢ ᠬᠦᠮᠦᠨ ᠡᠰᠡᠭᠦᠯ᠎ᠡ ᠶᠡᠭᠡ | ᠬᠢᠳᠠᠳᠴᠢᠯᠠᠭᠰᠠᠨ ᠬᠠᠵᠠᠭᠠᠢ ᠦᠵᠡᠯᠳᠡ ᠪᠤᠯᠤᠨ᠎ᠠ᠃ | ︽ᠶᠤᠸᠠᠨ ᠤ ᠵᠦᠴᠦᠭᠡ︾ ᠤᠯᠠᠩᠬᠢ ᠨᠢ ᠶᠢᠨ ︵ᠠᠯᠳᠠᠨ︶ ᠤᠯᠤᠰ ᠤᠨ ᠦᠶ᠎ᠡ ᠪᠠ ᠶᠤᠸᠠᠨ ᠤᠯᠤᠰ ᠤᠨ ᠡᠬᠢᠨ | ᠤ ᠦᠶ᠎ᠡ ᠵᠤᠬᠢᠶᠠᠭᠰᠠᠨ᠂ ᠶᠤᠸᠠᠨ ᠤ ᠨᠡᠶᠢᠭᠡᠮ ᠢᠯᠵᠢᠷᠡᠮᠡᠯ ᠬᠠᠷᠠᠩᠭᠤᠢ ᠪᠤᠯᠤᠭᠠᠳᠤᠢ ᠦᠶ᠎ᠡ ᠪᠤᠯᠤᠨ᠎ᠠ᠃ ᠭᠤᠸᠠᠨ | ᠬᠠᠨ ᠴᠢᠩ ᠢᠶᠠᠷ ᠵᠢᠱᠢᠶ᠎ᠡ ᠲᠠᠳᠠᠬᠤ ᠳᠤ ᠲᠡᠷᠡ ᠪᠤᠯ ᠶᠢᠨ ᠤᠯᠤᠰ ᠤᠨ ᠲᠢᠶᠠᠨ ᠰᠢᠩ ᠤᠨ ᠤᠨ ᠳᠤ ᠲᠦᠷᠦᠭᠰᠡᠨ | ᠬᠦᠮᠦᠨ᠃ ᠶᠤᠸᠠᠨ ᠤᠯᠤᠰ ᠤᠨ ᠲᠡᠭᠡᠳᠦ ᠡᠮᠨᠡᠯᠭᠡ ᠶᠢᠨ ᠬᠤᠷᠢᠶᠠᠨ ᠤ ᠬᠠᠮᠢᠶᠠᠷᠤᠭᠴᠢ ᠲᠤᠰᠢᠶᠠᠯ ᠲᠠᠢ᠂ ︿ᠨᠠᠢᠮᠠᠨ | ᠰᠠᠳᠤᠭᠤᠴᠢᠨ ᠶᠢᠰᠦᠨ ᠪᠢᠴᠢᠭᠳᠡᠨ ᠠᠷᠪᠠᠨ ᠭᠤᠶᠢᠯᠢᠭᠴᠢ﹀ ᠪᠤᠰᠤ᠂ ᠲᠡᠭᠦᠨ ᠤ ᠵᠦᠴᠦᠭᠡ ᠤᠯᠠᠩᠬᠢ ᠨᠢ ᠶᠢᠨ | ᠤᠯᠤᠰ ᠤᠨ ᠦᠶ᠎ᠡ ᠵᠤᠬᠢᠶᠠᠭᠰᠠᠨ᠂ ᠶᠤᠸᠠᠨ ᠤᠯᠤᠰ ᠤᠨ ᠡᠬᠢᠨ ᠤ ᠦᠶ᠎ᠡ ᠨᠠᠰᠤ ᠪᠠᠷᠠᠭᠰᠠᠨ ᠬᠦᠮᠦᠨ᠂ ᠶᠠᠭᠠᠬᠢᠨ | ᠶᠤᠸᠠᠨ ᠤᠯᠤᠰ ᠤᠨ ᠢᠯᠵᠢᠷᠡᠮᠡᠯ ᠬᠠᠷᠠᠩᠭᠤᠢ ᠨᠡᠶᠢᠭᠡᠮ ᠢ ᠮᠡᠳᠡᠭᠰᠡᠨ ᠪᠤᠢ︖ ᠭᠤᠸᠠᠨ ᠬᠠᠨ ᠴᠢᠩ ᠤᠨ ᠠᠳᠠᠯᠢ | ᠦᠶ᠎ᠡ ᠳᠤ ︽ᠰᠢ ᠰᠢᠶᠠᠩ ᠵᠢᠢ︾ ᠶᠢ ᠵᠤᠬᠢᠶᠠᠭᠰᠠᠨ ᠸᠠᠩ ᡁᠢ ᠫᠦ᠋᠂ ︽ᠬᠡᠷᠡᠮ ᠤᠨ ᠤᠷᠤᠢ ᠲᠡᠭᠡᠷᠡᠬᠢ︾ ᠶᠢ | ᠵᠤᠬᠢᠶᠠᠭᠰᠠᠨ ᠶᠠᠩ ᠰᠢᠶᠠᠨ ᡁᠢ᠂ ︽ᠵᠠᠩ ᠱᠧᠩ ᠲᠠᠯᠠᠢ ᠶᠢ ᠴᠢᠨᠠᠭᠰᠠᠨ︾ ᠢ ᠵᠤᠬᠢᠶᠠᠭᠰᠠᠨ ᠯᠢ ᠬᠤᠤ ᠭᠤᠤ᠂ ︽ | ᠬᠠᠨ ᠤᠷᠳᠤᠨ ᠤ ᠨᠠᠮᠤᠷ︾ ᠢ ᠵᠤᠬᠢᠶᠠᠭᠰᠠᠨ ᠮᠠ ᡁᠢ ᠶᠤᠸᠠᠨ ᠵᠡᠷᠭᠡ ᠪᠦᠷ ᠶᠢᠨ ᠤᠯᠤᠰ ᠤᠨ ᠦᠶ᠎ᠡ ᠪᠠ ᠶᠤᠸᠠᠨ | ᠤᠯᠤᠰ ᠤᠨ ᠡᠬᠢᠨ ᠤ ᠦᠶ᠎ᠡ ᠵᠤᠬᠢᠶᠠᠭᠰᠠᠨ ᠵᠦᠴᠦᠭᠡ ᠪᠤᠯᠤᠨ᠎ᠠ᠃ ᠡᠳᠡᠭᠡᠷ ᠵᠤᠬᠢᠶᠠᠭᠴᠢ ᠬᠤᠪᠢᠯᠠᠢ ᠬᠠᠭᠠᠨ ᠤ ᠡᠬᠢᠨ | ᠤ ᠦᠶ᠎ᠡ ᠤᠯᠠᠩᠬᠢ ᠨᠢ ᠦᠭᠦᠵᠠᠢ᠃ ᠶᠤᠸᠠᠨ ᠬᠡᠰᠡᠨ ᠤᠯᠤᠰ ᠤᠨ ᠨᠡᠷ᠎ᠡ 1271 ᠤᠨ ᠳᠤ ᠰᠠᠶ᠋ᠢ ᠲᠤᠩᠬᠠᠯᠠᠨ | ᠬᠡᠷᠡᠭᠯᠡᠵᠠᠢ᠃ ᠡᠳᠡᠭᠡᠷ ᠦᠭᠦᠭᠰᠡᠨ ᠬᠦᠮᠦᠨ ᠶᠠᠭᠠᠬᠢᠨ ᠶᠤᠸᠠᠨ ᠤᠯᠤᠰ ᠤᠨ ᠢᠯᠵᠢᠷᠡᠮᠡᠯ ᠬᠠᠷᠠᠩᠭᠤᠢ ᠶᠢ ᠮᠡᠳᠡᠭᠰᠡᠨ | ᠪᠤᠢ︖ ᠶᠠᠮᠪᠠᠷ ᠨᠢᠭᠡᠨ ᠠᠷᠭ᠎ᠠ ᠤᠪᠠᠳᠢᠰ ᠠᠴᠠ ᠪᠤᠯᠵᠤ ᠲᠠᠬᠢᠨ ᠬᠦᠮᠦᠨ ᠪᠤᠯᠤᠨ ᠡᠳᠡᠭᠡᠷᠡᠵᠦ᠂ ᠶᠤᠸᠠᠨ ᠤᠯᠤᠰ | ᠤᠨ ᠢᠯᠵᠢᠷᠡᠮᠡᠯ ᠵᠠᠰᠠᠭ ᠢ ᠦᠵᠡᠭᠰᠡᠨ ᠦᠦ︖ | ᠤᠳᠤ ᠦᠶ᠎ᠡ ᠳᠤ ᠦᠯᠡᠳᠡᠭᠰᠡᠨ ᠶᠤᠸᠠᠨ ᠤ ᠵᠦᠴᠦᠭᠡ ᠶᠢᠨ ᠭᠠᠷᠴᠠᠭ ᠠᠴᠠ ᠦᠵᠡᠬᠦ ᠳᠤ᠂ ᠶᠤᠸᠠᠨ ᠤᠯᠤᠰ ᠤᠨ | ᠡᠮᠦᠨ᠎ᠡ ᠦᠶ᠎ᠡ ᠶᠢᠨ ᠵᠤᠬᠢᠶᠠᠭᠴᠢ 27 ᠬᠦᠮᠦᠨ᠂ ᠲᠤᠮᠳᠠ ᠦᠶ᠎ᠡ 7 ᠬᠦᠮᠦᠨ᠂ ᠰᠡᠭᠦᠯ ᠤᠨ ᠦᠶ᠎ᠡ ᠶᠢᠨ 4 | ᠬᠦᠮᠦᠨ ᠪᠤᠯᠤᠨ᠎ᠠ᠃ ᠡᠳᠦᠭᠡ ᠤᠯᠠᠮᠵᠢᠯᠠᠨ ᠢᠷᠡᠭᠰᠡᠨ ᠡᠯᠳᠡᠪ ᠵᠦᠴᠦᠭᠡ ᠤᠯᠠᠩᠬᠢ ᠨᠢ ᠶᠤᠸᠠᠨ ᠤᠯᠤᠰ ᠤᠨ ᠡᠬᠢᠨ | ᠤ ᠦᠶ᠎ᠡ ᠶᠢᠨ ᠵᠤᠬᠢᠶᠠᠯ ᠪᠤᠶᠤ ᠶᠤᠸᠠᠨ ᠤᠯᠤᠰ ᠤᠨ ᠪᠠᠳᠠᠷᠠᠨ ᠬᠦᠭᠵᠢᠬᠦ ᠦᠶ᠎ᠡ ᠳᠤ ᠵᠤᠬᠢᠶᠠᠭᠰᠠᠨ᠂ ᠡᠨᠡᠬᠦ ᠦᠨᠡᠨ | ᠪᠠᠶᠢᠳᠠᠯ ᠠᠴᠠ ᠪᠢᠳᠡ ᠮᠡᠳᠡᠬᠦ ᠨᠢ ︿ᠶᠤᠸᠠᠨ ᠤᠯᠤᠰ ᠤᠨ ᠨᠡᠶᠢᠭᠡᠮ ᠬᠦᠮᠦᠨ ᠠᠮᠢᠰᠬᠤᠯ ᠬᠤᠷᠢᠭᠳᠠᠬᠤ ᠮᠡᠳᠦ | ᠲᠠᠷᠤᠯᠠᠯ ᠠᠮᠰᠠᠨ᠎ᠠ﹀ ᠬᠡᠰᠡᠨ ᠨᠢ ᠪᠡᠯᠡᠩ ᠬᠤᠳᠠᠯ ᠲᠤᠷ᠎ᠠ ᠪᠠᠷ ᠴᠠᠯᠴᠢᠭᠰᠠᠨ ᠦᠮᠡᠭᠡᠢ ᠪᠢᠴᠢᠯᠭᠡ ᠪᠤᠯᠤᠨ᠎ᠠ᠃ | | | | | |