ᠡᠶᠡᠪᠡᠷ ᠵᠠᠰᠠᠭᠴᠢ ᠶᠢᠨ ᠠᠷᠪᠠᠨ ᠨᠠᠢᠮᠠᠳᠤᠭᠠᠷ ᠤᠨ ᠤ ︵ᠴᠠᠭᠠᠭᠴᠢᠨ ᠦᠭᠡᠷ ᠵᠢᠯ 1661 ᠤᠨ︶ | ᠬᠤᠶᠠᠷ ᠰᠠᠷ᠎ᠠ ᠶᠢᠨ ᠴᠠᠭᠠᠭᠴᠢᠨ ᠮᠤᠭᠠᠢ ᠡᠳᠦᠷ ᠤᠨ ᠰᠢᠷ᠎ᠠ ᠪᠡᠴᠢᠨ ᠴᠠᠭ ᠲᠤ ᠡᠶᠡᠪᠡᠷ ᠵᠠᠰᠠᠭᠴᠢ ᠬᠠᠭᠠᠨ | ᠬᠠᠯᠢᠭᠰᠠᠨ ᠲᠤᠬᠠᠢ ᠪᠠᠭᠠᠷᠢᠨ ᠲᠠᠪᠤᠨᠠᠩ ︵ᠡᠹᠦ᠋ ︶ ᠵᠡᠷᠭᠡ ᠬᠤᠷᠢᠨ ᠨᠢᠭᠡᠨ ᠠᠶᠢᠮᠠᠭ ᠤᠨ ᠸᠠᠩ ᠭᠦᠩ ᠂ | ᠲᠠᠶᠢᠵᠢ᠂ ᠲᠠᠪᠤᠨᠠᠩ ᠨᠠᠷ ᠲᠤᠰ ᠲᠤᠰ ᠳᠠᠭᠠᠨ ᠬᠦᠵᠢ ᠡᠷᠭᠦᠵᠦ ᠂ ᠮᠤᠷᠢᠨ ᠤ ᠶᠡᠭᠡ ᠪᠡᠯᠡᠭ ᠡᠷᠭᠦᠪᠡ᠃ | ᠡᠩᠭᠡ ᠠᠮᠤᠭᠤᠯᠠᠩ ᠤᠨ ᠵᠢᠷᠭᠤᠭᠠᠳᠤᠭᠠᠷ ᠤᠨ ᠤ ︵ᠤᠯᠠᠭᠠᠭᠴᠢᠨ ᠬᠤᠨᠢᠨ ᠵᠢᠯ ᠂1667 ᠤᠨ︶ | ᠭᠤᠷᠪᠠᠨ ᠰᠠᠷ᠎ᠠ ᠶᠢᠨ ᠬᠦᠭᠡᠭᠴᠢᠨ ᠭᠠᠭ᠋ᠠᠢ ᠡᠳᠦᠷ ᠪᠠᠭᠠᠷᠢᠨ ᠤ ᠵᠠᠰᠠᠭ ᠲᠦᠷᠦ ᠶᠢᠨ ᠵᠢᠶᠦ᠋ᠨ ᠸᠠᠩ ᠰᠡᠪᠳᠠᠨ | ᠬᠠᠯᠢᠭᠰᠠᠨ ᠳᠤ ᠡᠩᠭᠡ ᠠᠮᠤᠭᠤᠯᠠᠩ ᠬᠠᠭᠠᠨ ᠲᠦᠰᠢᠮᠡᠯ ᠲᠤᠮᠢᠯᠠᠵᠤ ᠲᠠᠬᠢᠯ ᠲᠠᠯᠪᠢᠭᠤᠯᠵᠠᠢ᠃ | ᠡᠩᠭᠡ ᠠᠮᠤᠭᠤᠯᠠᠩ ᠤᠨ ᠲᠤᠯᠤᠳᠤᠭᠠᠷ ᠤᠨ ᠤ ︵ᠰᠢᠷ᠎ᠠ ᠪᠡᠴᠢᠨ ᠵᠢᠯ ᠂1668 ᠤᠨ ︶ ᠨᠠᠢᠮᠠᠨ ᠰᠠᠷ᠎ᠠ | ᠶᠢᠨ ᠤᠯᠭᠭᠠᠨ ᠬᠤᠯᠤᠭᠠᠨ᠎ᠠ ᠡᠳᠦᠷ ᠬᠠᠭᠠᠨ ᠡᠵᠡᠨ ᠠᠴᠠ ᠪᠠᠭᠠᠷᠢᠨ ᠤ ᠨᠦᠭᠴᠢᠭᠰᠡᠨ ᠵᠠᠰᠠᠭ ᠲᠦᠷᠦ ᠶᠢᠨ | ᠵᠢᠶᠦ᠋ᠨ ᠸᠠᠩ ᠰᠡᠪᠳᠠᠨ ᠤ ᠬᠦᠪᠡᠭᠦᠨ ᠸᠡᠴᠢᠷ ᠢ ᠸᠠᠩ ᠤᠨ ᠰᠠᠭᠤᠷᠢᠨ ᠢ ᠵᠠᠯᠭᠠᠮᠵᠢᠯᠠᠳᠤᠭᠠᠢ ᠬᠡᠮᠡᠨ | ᠵᠠᠷᠯᠢᠭ ᠪᠤᠯᠪᠠ᠃ | ᠡᠩᠭᠡ ᠠᠮᠤᠭᠤᠯᠠᠩ ᠤᠨ ᠶᠢᠰᠦᠳᠦᠭᠡᠷ ᠤᠨ ᠤ ︵ᠴᠠᠭᠠᠨ ᠨᠤᠬᠠᠢ ᠵᠢᠯ᠂ 1670 ᠤᠨ︶ ᠭᠤᠷᠪᠠᠨ ᠰᠠᠷ᠎ᠠ ᠶᠢᠨ | ᠤᠯᠠᠭᠠᠨ ᠨᠤᠬᠠᠢ ᠡᠳᠦᠷ ᠭᠠᠳᠠᠭᠠᠳᠤ ᠮᠤᠩᠭᠤᠯ ᠤᠨ ᠲᠦᠷᠦ ᠶᠢ ᠵᠠᠰᠠᠬᠤ ᠶᠠᠮᠤᠨ ᠠᠴᠠ ᠡᠵᠡᠨ ᠬᠠᠭᠠᠨ ᠤ | ᠵᠠᠷᠯᠢᠭ ᠢᠶᠠᠷ ᠤᠤᠯ ᠶᠠᠮᠤᠨ ᠠᠴᠠ ᠄ ︽ ᠵᠠᠷᠯᠢᠭ ᠪᠠᠭᠤᠯᠭᠠᠬᠤ᠂ ᠠᠷᠰᠠᠷ ᠠᠵᠢᠯ ᠬᠢᠬᠦ ᠂ ᠴᠠᠭᠳᠠᠨ | ᠪᠠᠶᠢᠴᠠᠭᠠᠬᠤ ᠳᠤ ᠤᠷᠢᠳᠠᠪᠠᠷ ᠵᠠᠬᠢᠳᠠᠯ ᠪᠤᠶᠤ ᠲᠡᠮᠳᠡᠭ ᠬᠦᠷᠭᠡᠵᠦ ᠂ ᠪᠠᠭᠠᠷᠢᠨ ᠵᠡᠷᠭᠡ 18 ᠬᠤᠰᠢᠭᠤ ᠳᠤ | ᠤᠴᠢᠬᠤ ᠳᠤ ᠵᠠᠷᠤᠭᠳᠠᠭᠰᠠᠳ ᠪᠦᠷ ᠦᠪᠡᠷ ᠤᠨ ᠮᠤᠷᠢ ᠪᠠᠨ ᠤᠨᠤᠬᠤ ᠬᠡᠷᠡᠭᠳᠠᠢ ︾ ᠭᠡᠵᠦ ᠡᠯ᠎ᠡ ᠮᠤᠩᠭᠤᠯ | ᠬᠤᠰᠢᠭᠤᠳ ᠲᠤ ᠲᠤᠩᠬᠠᠯᠠᠪᠠ᠃ | ᠡᠩᠭᠡ ᠠᠮᠤᠭᠤᠯᠠᠩ ᠤᠨ ᠠᠷᠪᠠᠨ ᠨᠢᠭᠡᠳᠦᠭᠡᠷ ᠤᠨ ᠤ ︵ ᠬᠠᠷ᠎ᠠ ᠬᠤᠯᠤᠭᠠᠨ᠎ᠠ ᠵᠢᠯ᠂1672 ᠤᠨ︶ | ᠴᠠᠭᠠᠨ ᠰᠠᠷ᠎ᠠ ᠶᠢᠨ ᠠᠷᠪᠠᠨ ᠨᠢᠭᠡᠨ ᠤ ᠡᠳᠦᠷ ︵ᠤᠯᠠᠭᠠᠭᠴᠢᠨ ᠮᠤᠭᠠᠢ ︶ ᠤᠨ ᠦᠷᠯᠦᠭᠡ ᠂ ᠡᠵᠡᠨ ᠬᠠᠭᠠᠨ | ᠴᠢᠶᠠᠨ ᠴᠢᠩ ᠮᠧᠨ ᠬᠠᠭᠠᠯᠭᠠᠨ᠎ᠠ ᠲᠦᠰᠢᠮᠡᠳ ᠨᠠᠷ ᠤᠨ ᠲᠦᠷᠦ ᠶᠢᠨ ᠬᠡᠷᠡᠭ ᠤᠨ ᠠᠶᠢᠯᠠᠳᠬᠠᠯ ᠢ ᠰᠤᠨᠤᠰᠴᠦ | ᠂ ᠬᠤᠨᠢᠨ ᠴᠠᠭ ᠲᠤ ᠰᠢᠨ᠎ᠡ ᠶᠢᠨ ᠪᠠᠶᠠᠷ ᠲᠤ ᠢᠷᠡᠭᠰᠡᠨ ᠪᠠᠭᠠᠷᠢᠨ ᠬᠤᠰᠢᠭᠤᠨ ᠤ ᠪᠠᠶᠢᠰᠠ ᠸᠧᠨ ᠴᠦᠨ ᠵᠡᠷᠭᠡ | ᠬᠦᠮᠦᠰ ᠲᠤ ᠪᠤᠯᠭ᠎ᠠ ᠶᠢᠨ ᠠᠷᠠᠰᠤᠨ ᠤ ᠮᠠᠩᠨᠤᠭ ᠲᠡᠪᠡᠯ ᠂ ᠮᠠᠯᠠᠭᠠᠢ᠂ ᠪᠦᠰᠡ ᠂ ᠭᠤᠳᠤᠯ ᠵᠡᠷᠭᠡ ᠶᠢ | ᠱᠠᠩᠨᠠᠵᠠᠢ᠃ ᠢᠯᠡᠭᠦᠤ ᠲᠤᠯᠤᠭᠠᠨ ᠰᠠᠷ᠎ᠠ ᠶᠢᠨ ᠬᠤᠷᠢᠨ ᠬᠤᠶᠠᠷ ᠤᠨ ᠡᠳᠦᠷ ᠤᠨ ᠦᠷᠯᠦᠭᠡ ︵ᠬᠦᠭᠡᠭᠴᠢᠨ | ᠬᠤᠨᠢ ︶ ᠂ ᠡᠵᠡᠨ ᠬᠠᠭᠠᠨ ᠬᠤᠷᠢᠮ ᠤᠨ ᠰᠢᠷᠡᠭᠡ ᠵᠠᠰᠠᠵᠤ ᠠᠯᠪᠠ ᠡᠷᠭᠦᠭᠰᠡᠨ ᠪᠠᠭᠠᠷᠢᠨ ᠤ ᠭᠤᠷᠪᠠᠳᠤᠭᠠᠷ | ᠵᠡᠷᠭᠡ ᠶᠢᠨ ᠲᠠᠶᠢᠵᠢ ᠴᠤᠭᠳᠤ ᠨᠠᠷ ᠢ ᠲᠠᠶᠢᠯᠠᠵᠠᠢ᠃ ᠠᠷᠪᠠᠨ ᠬᠤᠶᠠᠷ ᠰᠠᠷ᠎ᠠ ᠶᠢᠨ ᠠᠷᠪᠠᠨ ᠲᠦᠷᠪᠡᠨ ᠤ ᠡᠳᠦᠷ | ︵ ᠬᠦᠬᠡᠭᠴᠢᠨ ᠲᠠᠤᠯᠠᠢ ︶ ᠤᠨ ᠦᠷᠯᠦᠭᠡ ᠶᠢᠨ ᠬᠤᠨᠢᠨ ᠴᠠᠭ ᠲᠤ ᠬᠠᠭᠠᠨ ᠡᠵᠡᠨ ᠴᠢᠶᠠᠨ ᠴᠢᠩ | ᠮᠧᠨ ᠬᠠᠭᠠᠯᠭᠠᠨ ᠳᠤ ᠠᠯᠪᠠ ᠪᠠᠷᠢᠬᠤ ᠪᠠᠷ ᠢᠷᠡᠭᠰᠡᠨ ᠪᠠᠭᠠᠷᠢᠨ ᠤ ᠵᠠᠰᠠᠭ ᠲᠦᠷᠦ ᠶᠢᠨ ᠵᠢᠶᠦ᠋ᠨ ᠸᠠᠩ | ᠸᠠᠴᠢᠷ᠂ ᠂ ᠲᠦᠷᠦ ᠶᠢᠨ ᠲᠠᠪᠤᠨᠠᠩ ᠠᠷᠪᠠᠳᠠ᠂ ᠭᠤᠷᠪᠠᠳᠤᠭᠠᠷ ᠵᠡᠷᠭᠡ ᠶᠢᠨ ᠵᠢᠩᠬᠢᠨᠠᠢ ᠬᠠᠸᠠᠨ ᠪᠢᠯᠢᠭ ᠵᠡᠷᠭᠡ | ᠬᠦᠮᠦᠨ ᠢ ᠬᠤᠷᠢᠮᠯᠠᠵᠠᠢ᠃ | ᠡᠩᠭᠡ ᠠᠮᠤᠭᠤᠯᠠᠩ ᠤᠨ ᠠᠷᠪᠠᠨ ᠬᠤᠶᠠᠳᠤᠭᠠᠷ ᠤᠨ ᠤ ︵ ᠬᠠᠷᠠᠭᠴᠢᠨ ᠦᠭᠡᠷ ᠵᠢᠯ᠂1673 ᠤᠨ︶ | ᠴᠠᠭᠠᠨ ᠰᠠᠷ᠎ᠠ ᠶᠢᠨ ᠠᠷᠪᠠᠨ ᠨᠢᠭᠡᠨ ᠤ ᠡᠳᠦᠷ ︵ᠬᠠᠷ᠎ᠠ ᠮᠤᠷᠢ︶ ᠤᠨ ᠦᠷᠯᠦᠭᠡ ᠂ ᠡᠵᠡᠨ ᠬᠠᠭᠠᠨ ᠴᠢᠶᠠᠨ | ᠴᠢᠩ ᠮᠧᠨ ᠬᠠᠭᠠᠯᠭᠠᠨ᠎ᠠ ᠲᠦᠰᠢᠮᠡᠳ ᠨᠠᠷ ᠤᠨ ᠲᠦᠷᠦ ᠶᠢᠨ ᠬᠡᠷᠡᠭ ᠤᠨ ᠠᠶᠢᠯᠠᠳᠬᠠᠯ ᠢ ᠰᠤᠨᠤᠰᠴᠦ᠂ | ᠬᠤᠨᠢᠨ ᠴᠠᠭ ᠲᠤ ᠡᠵᠡᠨ ᠬᠠᠭᠠᠨ ᠲᠠᠬᠢᠨ ᠴᠢᠶᠠᠨ ᠴᠢᠩ ᠮᠧᠨ ᠬᠠᠭᠠᠯᠭᠠᠨ᠎ᠠ ᠬᠤᠷᠢᠮ ᠤᠨ ᠰᠢᠷᠡᠭᠡ ᠵᠠᠰᠠᠵᠤ | ᠠᠯᠪᠠ ᠡᠷᠭᠦᠭᠰᠡᠨ ᠪᠠᠭᠠᠷᠢᠨ ᠠᠶᠢᠮᠠᠭ ᠤᠨ ᠵᠠᠰᠠᠭ ᠲᠦᠷᠦ ᠶᠢᠨ ᠵᠢᠶᠦ᠋ᠨ ᠸᠠᠩ ᠸᠠᠴᠢᠷ᠂ ᠲᠦᠷᠪᠡᠳᠦᠭᠡᠷ | ᠵᠡᠷᠭᠡ ᠶᠢᠨ ᠲᠠᠶᠢᠵᠢ ᠪᠠᠶᠠᠨᠨᠠᠷ ᠢ ᠲᠠᠶᠢᠯᠠᠵᠠᠢ᠃ ᠠᠷᠪᠠ ᠶᠢᠰᠦᠨ ᠤ ᠡᠳᠦᠷ ︵ᠴᠠᠭᠠᠨ ᠪᠠᠷᠰ︶ ᠤᠨ ᠮᠤᠭᠠᠢ | ᠴᠠᠭ ᠲᠤ ᠬᠠᠭᠠᠨ ᠡᠵᠡᠨ ᠤ ᠪᠡᠶ᠎ᠡ ᠦᠪᠡᠷ ᠤᠨ ᠠᠬ᠎ᠠ ᠢᠦᠢ ᠴᠢᠨ ᠸᠠᠩ ᠹᠦ᠋ ᠴᠢᠦᠸᠠᠨ᠂ ᠠᠤᠬᠠᠨ ᠤ | ᠵᠠᠰᠠᠭ ᠲᠦᠷᠦ ᠶᠢᠨ ᠵᠢᠶᠦ᠋ᠨ ᠸᠠᠩ ᠪᠤᠳᠠ᠂ ᠪᠠᠭᠠᠷᠢᠨ ᠤ ᠵᠠᠰᠠᠭ ᠲᠦᠷᠦ ᠶᠢᠨ ᠵᠢᠶᠦ᠋ᠨ ᠸᠠᠩ ᠸᠠᠴᠢᠷ ᠨᠠᠷ | ᠢ ᠲᠠᠭᠠᠭᠤᠯᠤᠨ ᠡᠮᠦᠨᠡᠰᠢ ᠤᠳᠤᠷᠯᠠᠵᠤ ︵1︶ ᠵᠡᠭᠦᠨ ᠤᠯᠠᠭᠠᠨ ᠡᠭᠦᠳᠡᠨ᠎ᠡ ᠮᠤᠷᠢᠨ ᠠᠴᠠ ᠪᠠᠨ ᠪᠠᠭᠤᠵᠤ | ᠸᠠᠴᠢᠷ ᠸᠠᠩ ᠢ ᠵᠠᠷᠯᠢᠭᠳᠠᠨ ᠨᠤᠮᠤ ᠰᠤᠮᠤ ᠬᠠᠷᠪᠤᠭᠤᠯᠪᠠ᠃ ᠬᠤᠷᠢᠨ ᠬᠤᠶᠠᠷ ᠤᠨ ᠡᠳᠦᠷ ︵ᠴᠠᠭᠠᠭᠴᠢᠨ | ᠲᠠᠤᠯᠠᠢ ︶ ᠭᠠᠳᠠᠭᠠᠳᠤ ᠮᠤᠩᠭᠤᠯ ᠤᠨ ᠲᠦᠷᠦ ᠶᠢ ᠵᠠᠰᠠᠬᠤ ᠶᠠᠪᠤᠳᠠᠯ ᠤᠨ ᠶᠠᠮᠤᠨ ᠤ ᠨᠤᠶᠠᠨ ᠰᠢᠨ᠎ᠡ | ᠶᠢᠨ ᠪᠠᠷᠠᠭᠠᠯᠳᠠ ᠪᠠᠷ ᠢᠷᠡᠭᠰᠡᠨ ᠪᠠᠭᠠᠷᠢᠨ ᠤ ᠵᠠᠰᠠᠭ ᠲᠦᠷᠦ ᠶᠢᠨ ᠵᠢᠶᠦ᠋ᠨ ᠸᠠᠩ ᠸᠠᠴᠢᠷ᠂ ᠲᠦᠷᠦ ᠶᠢᠨ | ᠲᠠᠪᠤᠨᠠᠩ ᠠᠷᠪᠳᠠᠨ᠂ ᠲᠡᠷᠢᠭᠦᠨ ᠵᠡᠷᠭᠡ ᠶᠢᠨ ᠲᠠᠶᠢᠵᠢ ᠬᠦᠯᠦ ᠨᠠᠷ ᠯᠢᠶᠠᠩ ᠶᠢᠩ ᠲᠠᠢ ᠳᠤ ᠤᠳᠤᠷᠢᠳᠤᠨ | ᠠᠪᠴᠢᠷᠠᠵᠤ ᠬᠤᠶᠠᠷ ᠮᠦᠷ ᠬᠤᠪᠢᠶᠠᠨ ᠵᠤᠭᠰᠤᠭᠠᠵᠠᠢ᠃ ᠯᠤᠤ ᠴᠠᠭ ᠲᠤ ᠬᠠᠭᠠᠨ ᠤ ᠭᠡᠭᠡᠨ ᠵᠡᠭᠦᠨ ᠤᠷᠳᠤᠨ | ᠠᠴᠠ ᠮᠤᠷᠢᠯᠠᠨ ᠯᠢᠶᠠᠩ ᠶᠢᠩ ᠲᠠᠢ ᠳᠤ ᠭᠠᠷᠴᠦ ᠰᠢᠷ᠎ᠠ ᠴᠡᠴᠡᠷ ᠪᠤᠰᠬᠠᠨ ᠂ ᠲᠤᠳᠤᠭᠠᠳᠤ ᠭᠤᠷᠪᠠᠨ | ᠬᠤᠰᠢᠭᠤᠨ ᠤ ᠲᠦᠰᠢᠮᠡᠯ᠂ ᠬᠤᠰᠢᠭᠤ ᠵᠠᠬᠢᠷᠬᠤ ᠰᠠᠶᠢᠳ᠂ ᠲᠤᠭ ᠤᠨ ᠵᠠᠩᠬᠢ ᠂ ᠭᠠᠷ ᠤᠨ ᠰᠠᠶᠢᠳ ᠨᠠᠷ ᠢ | ᠵᠠᠷᠯᠢᠭᠳᠠᠨ ᠦᠪᠡᠷ ᠦᠪᠡᠷ ᠤᠨ ᠴᠡᠷᠢᠭ ᠠᠩᠬᠢ ᠪᠠᠨ ᠲᠠᠭᠠᠭᠤᠯᠤᠨ ᠪᠠᠷᠠᠭᠤᠨ ᠠᠴᠠ ᠵᠡᠭᠦᠨᠰᠢ ᠨᠢᠭᠡ ᠮᠦᠷᠯᠡᠨ | ᠵᠤᠭᠰᠤᠭᠠᠪᠠ᠃ ᠡᠨᠡ ᠦᠶᠡᠰ ᠪᠤᠷᠢᠶᠡ ᠪᠢᠰᠬᠦᠭᠦᠷ ᠤᠨ ᠲᠠᠭᠤᠨ ᠳᠤ ᠬᠠᠭᠠᠨ ᠡᠵᠡᠨ ᠲᠠᠪᠤᠨᠳᠠ | ᠬᠠᠷᠪᠤᠵᠤ ᠭᠤᠷᠪᠠᠨ ᠰᠤᠮᠤ ᠨᠢ ᠬᠠᠷᠠᠯᠳᠠ ᠪᠠᠨ ᠤᠨᠤᠵᠦ ᠲᠠᠬᠢᠨ ᠮᠤᠷᠢᠨ ᠲᠠᠪᠬᠢᠭᠠᠨ ᠲᠡᠭᠡᠷ᠎ᠡ ᠬᠠᠷᠪᠤᠵᠤ | ᠮᠦᠨ ᠬᠠᠷᠠᠯᠳᠠ ᠪᠠᠨ ᠤᠨᠤᠭᠰᠠᠨ ᠳᠤ ᠭᠠᠳᠠᠭᠠᠳᠤ ᠮᠤᠩᠭᠤᠯ ᠤᠨ ᠸᠠᠩ ᠬᠦᠩ ᠂ ᠪᠠᠶᠢᠯ᠎ᠠ ᠂ ᠪᠠᠶᠢᠰᠠ ᠂ | ᠲᠠᠶᠢᠵᠢ ᠨᠠᠷ ᠭᠠᠶᠢᠬᠠᠨ ᠪᠢᠰᠢᠷᠡᠯᠳᠤᠪᠡ᠃ ᠬᠤᠶᠠᠷ ᠰᠠᠷ᠎ᠠ ᠶᠢᠨ ᠠᠷᠪᠠ ᠶᠢᠰᠦᠨ ᠤ ᠡᠳᠦᠷ ︵ᠰᠢᠷᠠᠭᠴᠢᠨ | ᠬᠤᠨᠢ ︶ ᠡᠵᠡᠨ ᠬᠠᠭᠠᠨ ᠴᠢᠶᠠᠨ ᠴᠢᠩ ᠮᠧᠨ ᠬᠠᠭᠠᠯᠭᠠᠨ᠎ᠠ ᠬᠤᠷᠢᠮ ᠤᠨ ᠰᠢᠷᠡᠭᠡ ᠵᠠᠰᠠᠵᠤ ᠠᠯᠪᠠ ᠡᠷᠭᠦᠭᠰᠡᠨ | ᠪᠠᠭᠠᠷᠢᠨ ᠠᠶᠢᠮᠠᠭ ᠤᠨ ᠰᠡᠪᠡᠭ ᠢ ᠬᠤᠷᠢᠮᠯᠠᠵᠠᠢ ᠃ ᠨᠠᠢᠮᠠᠨ ᠰᠠᠷ᠎ᠠ ᠶᠢᠨ ᠠᠷᠪᠠᠨ ᠲᠠᠪᠤᠨ ᠤ ᠡᠳᠦᠷ ︵ | ᠴᠠᠭᠠᠭᠴᠢᠨ ᠭᠠᠭ᠋ᠠᠢ ︶ ᠡᠵᠡᠨ ᠬᠠᠭᠠᠨ ᠴᠢᠶᠠᠨ ᠴᠢᠩ ᠮᠧᠨ ᠬᠠᠭᠠᠯᠭᠠᠨ᠎ᠠ ᠬᠤᠷᠢᠮ ᠤᠨ ᠰᠢᠷᠡᠭᠡ ᠵᠠᠰᠠᠵᠤ | ᠪᠠᠭᠠᠷᠢᠨ ᠠᠶᠢᠮᠠᠭ ᠤᠨ ᠲᠦᠷᠪᠡᠳᠦᠭᠡᠷ ᠵᠡᠷᠭᠡ ᠶᠢᠨ ᠲᠠᠶᠢᠵᠢ ᠠᠮᠤᠭᠤᠯᠠᠩ ᠵᠡᠷᠭᠡ ᠬᠦᠮᠦᠨ ᠢ ᠬᠤᠷᠢᠮᠯᠠᠵᠠᠢ ᠃ | ᠶᠢᠰᠦᠨ ᠰᠠᠷ᠎ᠠ ᠶᠢᠨ ᠠᠷᠪᠠᠨ ᠤ ᠡᠳᠦᠷ ︵ᠤᠯᠠᠭᠠᠨ ᠬᠤᠯᠤᠭᠠᠨ᠎ᠠ ︶ ᠤᠨ ᠬᠤᠨᠢᠨ ᠴᠠᠭ ᠲᠤ ᠡᠵᠡᠨ | ᠬᠠᠭᠠᠨ ᠴᠢᠶᠠᠨ ᠴᠢᠩ ᠮᠧᠨ ᠬᠠᠭᠠᠯᠭᠠᠨ᠎ᠠ ᠬᠤᠷᠢᠮ ᠤᠨ ᠰᠢᠷᠡᠭᠡ ᠵᠠᠰᠠᠵᠤ ᠪᠠᠭᠠᠷᠢᠨ ᠠᠶᠢᠮᠠᠭ ᠤᠨ | ᠲᠦᠷᠪᠡᠳᠦᠭᠡᠷ ᠵᠡᠷᠭᠡ ᠶᠢᠨ ᠲᠠᠶᠢᠵᠢ ᠯᠦᠰᠢᠵᠠᠪ ᠵᠡᠷᠭᠡ ᠬᠦᠮᠦᠨ ᠢ ᠬᠤᠷᠢᠮᠯᠠᠵᠠᠢ ᠃ ᠠᠷᠪᠠᠨ ᠰᠠᠷ᠎ᠠ ᠶᠢᠨ | ᠬᠤᠶᠠᠷ ᠤᠨ ᠡᠳᠦᠷ ︵ᠰᠢᠷ᠎ᠠ ᠨᠤᠬᠠᠢ︶ᠡᠵᠡᠨ ᠬᠠᠭᠠᠨ ᠴᠢᠶᠠᠨ ᠴᠢᠩ ᠮᠧᠨ ᠬᠠᠭᠠᠯᠭᠠᠨ᠎ᠠ ᠬᠤᠷᠢᠮ ᠤᠨ | ᠰᠢᠷᠡᠭᠡ ᠵᠠᠰᠠᠵᠤ ᠠᠯᠪᠠ ᠡᠷᠭᠦᠭᠰᠡᠨ ᠪᠠᠭᠠᠷᠢᠨ ᠠᠶᠢᠮᠠᠭ ᠤᠨ ᠲᠦᠷᠪᠡᠳᠦᠭᠡᠷ ᠵᠡᠷᠭᠡ ᠶᠢᠨ ᠲᠠᠶᠢᠵᠢ ᠵᠠᠮᠰᠤ | ᠵᠡᠷᠭᠡ ᠬᠦᠮᠦᠨ ᠢ ᠬᠤᠷᠢᠮᠯᠠᠵᠠᠢ ᠃ ᠠᠷᠪᠠᠨ ᠨᠢᠭᠡᠨ ᠤ ᠡᠳᠦᠷ ︵ᠤᠯᠠᠭᠠᠭᠴᠢᠨ ᠬᠤᠨᠢ ︶ ᠤᠨ ᠬᠤᠨᠢᠨ ᠴᠠᠭ | ᠲᠤ ᠡᠵᠡᠨ ᠬᠠᠭᠠᠨ ᠴᠢᠶᠠᠨ ᠴᠢᠩ ᠮᠧᠨ ᠬᠠᠭᠠᠯᠭᠠᠨ᠎ᠠ ᠬᠤᠷᠢᠮ ᠤᠨ ᠰᠢᠷᠡᠭᠡ ᠵᠠᠰᠠᠵᠤ ᠠᠯᠪᠠ ᠡᠷᠭᠦᠭᠰᠡᠨ | ᠪᠠᠭᠠᠷᠢᠨ ᠠᠶᠢᠮᠠᠭ ᠤᠨ ᠪᠠᠶᠢᠰᠠ ᠬᠤᠷᠴᠨ ᠵᠡᠷᠭᠡ ᠬᠦᠮᠦᠨ ᠢ ᠬᠤᠷᠢᠮᠯᠠᠵᠠᠢ ᠃ ᠲᠠᠷᠠᠭ᠎ᠠ ᠡᠳᠦᠷ ᠤᠨ | ᠬᠤᠨᠢᠨ ᠴᠠᠭ ᠲᠤ ᠡᠵᠡᠨ ᠬᠠᠭᠠᠨ ᠴᠢᠶᠠᠨ ᠴᠢᠩ ᠮᠧᠨ ᠬᠠᠭᠠᠯᠭᠠᠨ᠎ᠠ ᠬᠤᠷᠢᠮ ᠤᠨ ᠰᠢᠷᠡᠭᠡ ᠵᠠᠰᠠᠵᠤ ᠪᠠᠭᠠᠷᠢᠨ | ᠠᠶᠢᠮᠠᠭ ᠤᠨ ᠰᠡᠴᠡᠨ ᠲᠡᠭᠡᠳᠦ ᠬᠦᠷᠦᠨ ᠬᠦᠩᠵᠦ ︵ᠤᠭ ᠡᠷᠭᠦᠮᠵᠢᠯᠡᠯ ᠡᠶᠡᠪᠡᠷ ᠨᠠᠶᠢᠷᠠᠮᠳᠠᠭᠤ ᠬᠦᠩᠵᠦ ︶ ᠤᠨ | ᠲᠤᠮᠢᠯᠠᠭᠰᠠᠨ ᠡᠯᠴᠢ ᠶᠤᠰᠤᠯᠠᠯ ᠡᠷᠬᠢᠯᠡᠭᠴᠢ ᠲᠦᠰᠢᠮᠡᠯ ᠱᠢᠭᠦᠷ ᠵᠡᠷᠭᠡ ᠬᠦᠮᠦᠨ ᠢ ᠬᠤᠷᠢᠮᠯᠠᠵᠠᠢ ᠃ | ᠠᠷᠪᠠᠨ ᠬᠤᠶᠠᠷ ᠰᠠᠷ᠎ᠠ ᠶᠢᠨ ᠠᠷᠪᠠᠨ ᠲᠠᠪᠤᠨ ᠤ ᠡᠳᠦᠷ ︵ᠴᠠᠭᠠᠨ ᠨᠤᠬᠠᠢ ︶ ᠤᠨ ᠬᠤᠨᠢᠨ ᠴᠠᠭ ᠲᠤ | ᠴᠢᠶᠠᠨ ᠴᠢᠩ ᠮᠧᠨ ᠬᠠᠭᠠᠯᠭᠠᠨ᠎ᠠ ᠬᠤᠷᠢᠮ ᠤᠨ ᠰᠢᠷᠡᠭᠡ ᠵᠠᠰᠠᠵᠤ ᠪᠠᠭᠠᠷᠢᠨ ᠠᠶᠢᠮᠠᠭ ᠤᠨ ᠵᠠᠰᠠᠭ ᠲᠦᠷᠦ ᠶᠢᠨ | ᠵᠢᠶᠦ᠋ᠨ ᠸᠠᠩ ᠸᠡᠴᠢᠷ ᠂ ᠲᠡᠷᠢᠭᠦᠨ ᠵᠡᠷᠭᠡ ᠶᠢᠨ ᠲᠠᠶᠢᠵᠢ ᠭᠡᠷᠡᠯᠳᠦ ᠵᠡᠷᠭᠡ ᠬᠦᠮᠦᠨ ᠢ ᠶᠡᠭᠡᠳᠡ ᠬᠤᠷᠢᠮᠯᠠᠵᠠᠢ᠃ | | ᠡᠩᠭᠡ ᠠᠮᠤᠭᠤᠯᠠᠩ ᠤᠨ ᠠᠷᠪᠠᠨ ᠭᠤᠷᠪᠠᠳᠤᠭᠠᠷ ᠤᠨ ᠤ ︵ ᠬᠦᠭᠡ ᠪᠠᠷᠰ ᠵᠢᠯ᠂1674 ᠤᠨ︶ | ᠴᠠᠭᠠᠨ ᠰᠠᠷ᠎ᠠ ᠶᠢᠨ ᠠᠷᠪᠠᠨ ᠨᠠᠢᠮᠠᠨ ᠤ ᠡᠳᠦᠷ ︵ ᠬᠠᠷᠠᠭᠴᠢᠨ ᠭᠠᠭ᠋ᠠᠢ︶ ᠤᠨ ᠦᠷᠯᠦᠭᠡ ᠂ ᠡᠵᠡᠨ | ᠬᠠᠭᠠᠨ ᠴᠢᠶᠠᠨ ᠴᠢᠩ ᠮᠧᠨ ᠬᠠᠭᠠᠯᠭᠠᠨ᠎ᠠ ᠲᠦᠰᠢᠮᠡᠳ ᠨᠠᠷ ᠤᠨ ᠲᠦᠷᠦ ᠶᠢᠨ ᠬᠡᠷᠡᠭ ᠤᠨ ᠠᠶᠢᠯᠠᠳᠬᠠᠯ ᠢ | ᠰᠤᠨᠤᠰᠴᠦ᠂ ᠬᠤᠨᠢᠨ ᠴᠠᠭ ᠲᠤ ᠲᠠᠬᠢᠨ ᠴᠢᠶᠠᠨ ᠴᠢᠩ ᠮᠧᠨ ᠬᠠᠭᠠᠯᠭᠠᠨ᠎ᠠ ᠬᠤᠷᠢᠮ ᠤᠨ ᠰᠢᠷᠡᠭᠡ ᠵᠠᠰᠠᠵᠤ | ᠠᠯᠪᠠ ᠡᠷᠭᠦᠭᠰᠡᠨ ᠪᠠᠭᠠᠷᠢᠨ ᠠᠶᠢᠮᠠᠭ ᠰᠡᠴᠡᠨ ᠲᠡᠭᠡᠳᠦ ᠬᠦᠷᠦᠨ ᠬᠦᠩᠵᠦ ᠤᠨ ᠲᠤᠮᠢᠯᠠᠭᠰᠠᠨ ᠭᠤᠷᠪᠠᠳᠤᠭᠠᠷ | ᠵᠡᠷᠭᠡ ᠶᠢᠨ ᠬᠢᠶ᠎ᠠ ᠱᠠᠩᠳᠦ ᠶᠢ ᠬᠤᠷᠢᠮᠯᠠᠵᠠᠢ᠃ ᠭᠤᠷᠪᠠᠨ ᠰᠠᠷ᠎ᠠ ᠶᠢᠨ ᠵᠢᠷᠭᠤᠭᠠᠨ ᠤ ᠡᠳᠦᠷ ︵ᠴᠠᠭᠠᠨ ᠮᠤᠷᠢ | ︶ ᠤᠨ ᠬᠤᠨᠢᠨ ᠴᠠᠭ ᠲᠤ ᠡᠵᠡᠨ ᠬᠠᠭᠠᠨ ᠴᠢᠶᠠᠨ ᠴᠢᠩ ᠮᠧᠨ ᠬᠠᠭᠠᠯᠭᠠᠨ᠎ᠠ ᠬᠤᠷᠢᠮ ᠤᠨ ᠰᠢᠷᠡᠭᠡ ᠵᠠᠰᠠᠵᠤ | ᠠᠯᠪᠠ ᠡᠷᠭᠦᠭᠰᠡᠨ ᠪᠠᠭᠠᠷᠢᠨ ᠠᠶᠢᠮᠠᠭ ᠤᠨ ᠲᠡᠷᠢᠭᠦᠨ ᠵᠡᠷᠭᠡ ᠶᠢᠨ ᠲᠠᠶᠢᠵᠢ ᠰᠡᠪᠡᠭ ᠵᠡᠷᠭᠡ ᠬᠦᠮᠦᠨ ᠢ | ᠬᠤᠷᠢᠮᠯᠠᠵᠠᠢ ᠃ | ᠡᠩᠭᠡ ᠠᠮᠤᠭᠤᠯᠠᠩ ᠤᠨ ᠠᠷᠪᠠᠨ ᠲᠦᠷᠪᠡᠳᠦᠭᠡᠷ ᠤᠨ ᠤ ︵ ᠬᠦᠭᠡᠭᠴᠢᠨ ᠲᠠᠤᠯᠠᠢ ᠵᠢᠯ᠂ | 1675ᠤᠨ︶ ᠴᠠᠭᠠᠨ ᠰᠠᠷ᠎ᠠ ᠶᠢᠨ ᠬᠤᠷᠢ ᠶᠢᠰᠦᠨ ᠤ ᠡᠳᠦᠷ ︵ ᠰᠢᠷ᠎ᠠ ᠬᠤᠯᠤᠭᠠᠨ᠎ᠠ︶ ᠤᠨ ᠬᠤᠨᠢᠨ | ᠴᠠᠭ ᠲᠤ ᠴᠢᠶᠠᠨ ᠴᠢᠩ ᠮᠧᠨ ᠬᠠᠭᠠᠯᠭᠠᠨ᠎ᠠ ᠬᠤᠷᠢᠮ ᠤᠨ ᠰᠢᠷᠡᠭᠡ ᠵᠠᠰᠠᠵᠤ ᠠᠯᠪᠠ ᠡᠷᠭᠦᠭᠰᠡᠨ ᠪᠠᠭᠠᠷᠢᠨ | ᠠᠶᠢᠮᠠᠭ ᠤᠨ ᠲᠦᠷᠪᠡᠳᠦᠭᠡᠷ ᠵᠡᠷᠭᠡ ᠶᠢᠨ ᠲᠠᠶᠢᠵᠢ ᠯᠦᠰᠢᠰᠢᠪᠤ ᠵᠡᠷᠭᠡ ᠬᠦᠮᠦᠨ ᠢ ᠬᠤᠷᠢᠮᠯᠠᠵᠠᠢ ᠃ | ᠬᠤᠶᠠᠷ ᠰᠠᠷ᠎ᠠ ᠳᠤ ᠴᠠᠬᠠᠷ ᠪᠤᠷᠨᠠᠢ ᠶᠢᠨ ᠬᠤᠪᠢᠰᠤᠯ ᠡᠭᠦᠰᠦᠭᠰᠡᠨ ᠳᠤ ᠬᠠᠭᠠᠨ ᠡᠵᠡᠨ ᠲᠦᠰᠢᠮᠡᠯ ᠮᠠᠨᠢᠯᠠ | ᠪᠠᠷ ᠪᠠᠭᠠᠷᠢᠨ ᠠᠶᠢᠮᠠᠭ ᠤᠨ ᠵᠠᠰᠠᠭ ᠲᠦᠷᠦ ᠶᠢᠨ ᠵᠢᠶᠦ᠋ᠨ ᠸᠠᠩ ᠸᠡᠴᠢᠷ ᠵᠡᠷᠭᠡ ᠠᠷᠪᠠᠨ ᠬᠤᠶᠠᠷ ᠠᠶᠢᠮᠠᠭ ᠤᠨ | ᠮᠤᠩᠭᠤᠯ ᠴᠡᠷᠢᠭ ᠢ ᠲᠠᠶᠢᠴᠢᠯᠠᠭᠤᠯᠵᠤ ᠲᠠᠯᠠᠨ ᠨᠡᠷᠡᠳᠡᠢ ᠭᠠᠵᠠᠷ ᠨᠢᠭᠤᠭᠳᠠᠵᠤ ᠪᠠᠶᠢᠬᠤ ᠪᠤᠷᠨᠠᠢ ᠶᠢᠨ ᠴᠡᠷᠢᠭ | ᠢ ᠴᠤᠬᠢᠬᠤ ᠬᠡᠷᠡᠭᠳᠠᠢ ᠭᠡᠵᠦ ᠵᠠᠷᠯᠢᠭᠳᠠᠭᠰᠠᠨ ᠳᠤ ᠮᠠᠨᠵᠦ ᠮᠤᠩᠭᠤᠯ ᠤᠨ ᠴᠡᠷᠢᠭ ᠪᠤᠷᠨᠠᠢ ᠶᠢᠨ ᠴᠡᠷᠢᠭ ᠲᠠᠢ | ᠰᠢᠷᠦᠭᠦᠨ ᠲᠤᠯᠤᠯᠳᠤᠵᠤ ᠢᠯᠠᠵᠠᠢ ᠃ | ᠵᠢᠷᠭᠤᠭᠠᠨ ᠰᠠᠷ᠎ᠠ ᠶᠢᠨ ᠨᠠᠢᠮᠠᠨ ᠤ ᠡᠳᠦᠷ ︵ ᠬᠦᠭᠡᠭᠴᠢᠨ ᠦᠭᠡᠷ ︶ ᠬᠠᠭᠠᠨ ᠡᠵᠡᠨ ᠴᠢᠶᠠᠨ | ᠴᠢᠩ ᠮᠧᠨ ᠬᠠᠭᠠᠯᠭᠠᠨ᠎ᠠ ᠬᠤᠷᠢᠮ ᠤᠨ ᠰᠢᠷᠡᠭᠡ ᠵᠠᠰᠠᠵᠤ ᠲᠤᠰ ᠲᠠᠶᠢᠨ ᠳᠤ ᠭᠠᠪᠢᠶ᠎ᠠ ᠪᠠᠶᠢᠭᠤᠯᠤᠭᠰᠠᠨ | ᠪᠠᠭᠠᠷᠢᠨ ᠠᠶᠢᠮᠠᠭ ᠤᠨ ᠰᠡᠴᠡᠨ ᠲᠡᠭᠡᠳᠦ ᠬᠦᠷᠦᠨ ᠬᠦᠩᠵᠦ ᠶᠢᠨ ᠬᠦᠪᠡᠭᠦᠨ ᠸᠠᠴᠢᠷ ᠵᠡᠷᠭᠡ ᠸᠠᠩ ᠬᠦᠩ ᠨᠠᠷ | ᠢ ᠶᠡᠭᠡᠳᠡ ᠵᠤᠴᠢᠯᠠᠵᠠᠢ ᠃ | ᠨᠠᠢᠮᠠᠨ ᠰᠠᠷ᠎ᠠ ᠶᠢᠨ ᠠᠷᠪᠠᠨ ᠲᠤᠯᠤᠭᠠᠨ ᠤ ᠡᠳᠦᠷ ᠤᠨ ᠬᠤᠨᠢᠨ ᠴᠠᠭ ᠲᠤ ᠡᠵᠡᠨ ᠬᠠᠭᠠᠨ ᠴᠢᠶᠠᠨ ᠴᠢᠩ ᠮᠧᠨ | ᠬᠠᠭᠠᠯᠭᠠᠨ᠎ᠠ ᠬᠤᠷᠢᠮ ᠤᠨ ᠰᠢᠷᠡᠭᠡ ᠵᠠᠰᠠᠵᠤ ᠡᠵᠡᠨ ᠤ ᠮᠡᠨᠳᠦ ᠶᠢ ᠡᠷᠢᠭᠰᠡᠨ ᠪᠠᠭᠠᠷᠢᠨ ᠠᠶᠢᠮᠠᠭ ᠤᠨ | ᠰᠡᠴᠡᠨ ᠲᠡᠭᠡᠳᠦ ᠬᠦᠷᠦᠨ ᠬᠦᠩᠵᠦ ᠶᠢᠨ ᠲᠡᠦᠭᠡ ᠶᠢ ᠲᠡᠮᠳᠡᠭᠯᠡᠭᠴᠢ ᠱᠢᠭᠦᠷ ᠵᠡᠷᠭᠡ ᠬᠦᠮᠦᠨ ᠢ | ᠬᠤᠷᠢᠮᠯᠠᠵᠠᠢ ᠃ ᠶᠢᠰᠦᠨ ᠰᠠᠷ᠎ᠠ ᠶᠢᠨ ᠬᠤᠷᠢᠨ ᠨᠢᠭᠡᠨ ᠤ ᠡᠳᠦᠷ ︵ ᠤᠯᠠᠭᠠᠨ ᠮᠤᠷᠢ︶ ᠤᠨ ᠬᠤᠨᠢᠨ | ᠴᠠᠭ ᠲᠤ ᠬᠠᠭᠠᠨ ᠡᠵᠡᠨ ᠵᠢᠶᠠᠩ ᠱᠠᠨ ᠤ ᠡᠮᠦᠨ᠎ᠡ ᠤᠷᠳᠤᠨ ᠳᠤ ᠬᠤᠷᠢᠮ ᠤᠨ ᠰᠢᠷᠡᠭᠡ ᠵᠠᠰᠠᠵᠤ ᠠᠯᠪᠠ | ᠡᠷᠭᠦᠭᠰᠡᠨ ᠪᠠᠭᠠᠷᠢᠨ ᠠᠶᠢᠮᠠᠭ ᠤᠨ ᠭᠤᠷᠪᠠᠳᠤᠭᠠᠷ ᠵᠡᠷᠭᠡ ᠶᠢᠨ ᠲᠠᠶᠢᠵᠢ ᠵᠠᠨᠠᠰᠢᠷᠢ ᠵᠡᠷᠭᠡ ᠬᠦᠮᠦᠨ ᠢ | ᠬᠤᠷᠢᠮᠯᠠᠵᠠᠢ ᠃ ᠠᠷᠪᠠᠨ ᠵᠢᠷᠭᠤᠭᠠᠨ ᠤ ᠡᠳᠦᠷ ︵ ᠴᠠᠭᠠᠭᠴᠢᠨ ᠭᠠᠭ᠋ᠠᠢ ︶ ᠤᠨ ᠬᠤᠨᠢᠨ ᠴᠠᠭ ᠲᠤ | ᠬᠠᠭᠠᠨ ᠡᠵᠡᠨ ᠵᠢᠶᠠᠩ ᠱᠠᠨ ᠤ ᠡᠮᠦᠨ᠎ᠡ ᠤᠷᠳᠤᠨ ᠳᠤ ᠬᠤᠷᠢᠮ ᠤᠨ ᠰᠢᠷᠡᠭᠡ ᠵᠠᠰᠠᠵᠤ ᠠᠯᠪᠠ ᠡᠷᠭᠦᠭᠰᠡᠨ | ᠪᠠᠭᠠᠷᠢᠨ ᠠᠶᠢᠮᠠᠭ ᠤᠨ ᠲᠦᠷᠪᠡᠳᠦᠭᠡᠷ ᠵᠡᠷᠭᠡ ᠶᠢᠨ ᠲᠠᠶᠢᠵᠢ ᠠᠮᠢᠳᠠᠷᠠ ᠵᠡᠷᠭᠡ ᠬᠦᠮᠦᠨ ᠢ | ᠬᠤᠷᠢᠮᠯᠠᠵᠠᠢ ᠃ ᠠᠷᠪᠠᠨ ᠰᠠᠷ᠎ᠠ ᠶᠢᠨ ᠬᠤᠷᠢᠨ ᠲᠦᠷᠪᠡᠨ ᠤ ᠡᠳᠦᠷ ︵ ᠰᠢᠷ᠎ᠠ ᠪᠠᠷᠰ ︶ ᠤᠨ ᠬᠤᠨᠢᠨ | ᠴᠠᠭ ᠲᠤ ᠪᠠᠭᠠᠷᠢᠨ ᠠᠶᠢᠮᠠᠭ ᠤᠨ ᠪᠠᠶᠢᠰᠠ ᠨᠤᠷᠵᠢᠨ ᠂ ᠭᠤᠷᠪᠠᠳᠤᠭᠠᠷ ᠵᠡᠷᠭᠡ ᠶᠢᠨ ᠲᠠᠶᠢᠵᠢ ᠸᠠᠴᠢᠷ ︵ | ᠪᠠᠭᠠᠷᠢᠨ ᠵᠢᠶᠦ᠋ᠨ ᠸᠠᠩ ᠪᠤᠰᠤ︶ ᠵᠡᠷᠭᠡ ᠬᠦᠮᠦᠨ ᠢ ᠬᠤᠷᠢᠮᠯᠠᠵᠠᠢ ᠃ ᠠᠷᠪᠠᠨ ᠨᠢᠭᠡᠨ ᠰᠠᠷ᠎ᠠ ᠶᠢᠨ ᠨᠠᠢᠮᠠᠨ | ᠤ ᠡᠳᠦᠷ ︵ ᠬᠠᠷ᠎ᠠ ᠯᠤᠤ︶ ᠤᠨ ᠬᠤᠨᠢᠨ ᠴᠠᠭ ᠲᠤ ᠬᠠᠭᠠᠨ ᠡᠵᠡᠨ ᠵᠢᠶᠠᠩ ᠱᠠᠨ ᠤ ᠡᠮᠦᠨ᠎ᠡ ᠤᠷᠳᠤᠨ | ᠳᠤ ᠬᠤᠷᠢᠮ ᠤᠨ ᠰᠢᠷᠡᠭᠡ ᠵᠠᠰᠠᠵᠤ ᠠᠯᠪᠠ ᠡᠷᠭᠦᠭᠰᠡᠨ ᠪᠠᠭᠠᠷᠢᠨ ᠠᠶᠢᠮᠠᠭ ᠤᠨ ᠵᠠᠰᠠᠭ ᠲᠦᠷᠦ ᠶᠢᠨ | ᠵᠢᠶᠦ᠋ᠨ ᠸᠠᠩ ᠵᠡᠷᠭᠡ ᠬᠦᠮᠦᠨ ᠢ ᠶᠡᠭᠡᠳᠡ ᠬᠤᠷᠢᠮᠯᠠᠵᠠᠢ ᠃ ᠠᠷᠪᠠᠨ ᠭᠤᠷᠪᠠᠨ ᠤ ᠡᠳᠦᠷ ︵ ᠤᠯᠠᠭᠠᠭᠴᠢᠨ | ᠲᠠᠬᠢᠶ᠎ᠠ ︶ ᠤᠨ ᠬᠤᠨᠢᠨ ᠴᠠᠭ ᠲᠤ ᠬᠠᠭᠠᠨ ᠡᠵᠡᠨ ᠪᠤᠤ ᠾᠧ ᠳ᠋ᠢᠶᠠᠨ ᠤᠷᠳᠤᠨ ᠳᠤ ᠬᠤᠷᠢᠮ ᠤᠨ | ᠰᠢᠷᠡᠭᠡ ᠵᠠᠰᠠᠵᠤ ᠪᠠᠭᠠᠷᠢᠨ ᠠᠶᠢᠮᠠᠭ ᠤᠨ ᠵᠠᠰᠠᠭ ᠲᠦᠷᠦ ᠶᠢᠨ ᠵᠢᠶᠦ᠋ᠨ ᠸᠠᠩ ᠵᠡᠷᠭᠡ ᠬᠦᠮᠦᠨ ᠢ ᠶᠡᠭᠡᠳᠡ | ᠬᠤᠷᠢᠮᠯᠠᠵᠠᠢ ᠃ ᠠᠷᠪᠠᠨ ᠵᠢᠷᠭᠤᠭᠠᠨ ᠤ ᠡᠳᠦᠷ ︵ ᠴᠠᠭᠠᠨ ᠬᠤᠯᠤᠭᠠᠨ᠎ᠠ︶ ᠤᠨ ᠬᠤᠨᠢᠨ ᠴᠠᠭ ᠲᠤ | ᠬᠠᠭᠠᠨ ᠡᠵᠡᠨ ᠵᠢᠶᠠᠩ ᠱᠠᠨ ᠤ ᠡᠮᠦᠨ᠎ᠡ ᠤᠷᠳᠤᠨ ᠳᠤ ᠬᠤᠷᠢᠮ ᠤᠨ ᠰᠢᠷᠡᠭᠡ ᠵᠠᠰᠠᠵᠤ ᠠᠯᠪᠠ ᠡᠷᠭᠦᠭᠰᠡᠨ | ᠪᠠᠭᠠᠷᠢᠨ ᠠᠶᠢᠮᠠᠭ ᠤᠨ ᠲᠦᠷᠪᠡᠳᠦᠭᠡᠷ ᠵᠡᠷᠭᠡ ᠶᠢᠨ ᠲᠠᠶᠢᠵᠢ ᠠᠮᠤᠭᠤᠯᠠᠩ ᠵᠡᠷᠭᠡ ᠬᠦᠮᠦᠨ ᠢ | ᠬᠤᠷᠢᠮᠯᠠᠵᠠᠢ ᠃ | ᠠᠷᠪᠠᠨ ᠵᠢᠷᠭᠤᠭᠠᠨ ᠤ ᠡᠳᠦᠷ ︵ ᠴᠠᠭᠠᠨ ᠬᠤᠯᠤᠭᠠᠨ᠎ᠠ︶ ᠤᠨ ᠬᠤᠨᠢᠨ ᠴᠠᠭ ᠲᠤ ᠬᠠᠭᠠᠨ | ᠡᠵᠡᠨ ᠵᠢᠶᠠᠩ ᠱᠠᠨ ᠤ ᠡᠮᠦᠨ᠎ᠡ ᠤᠷᠳᠤᠨ ᠳᠤ ᠬᠤᠷᠢᠮ ᠤᠨ ᠰᠢᠷᠡᠭᠡ ᠵᠠᠰᠠᠵᠤ ᠠᠯᠪᠠ ᠡᠷᠭᠦᠭᠰᠡᠨ ᠪᠠᠭᠠᠷᠢᠨ | ᠠᠶᠢᠮᠠᠭ ᠤᠨ ᠲᠦᠷᠪᠡᠳᠦᠭᠡᠷ ᠵᠡᠷᠭᠡ ᠶᠢᠨ ᠲᠠᠶᠢᠵᠢ ᠠᠮᠤᠭᠤᠯᠠᠩ ᠵᠡᠷᠭᠡ ᠬᠦᠮᠦᠨ ᠢ ᠬᠤᠷᠢᠮᠯᠠᠵᠠᠢ ᠃ | ᠠᠷᠪᠠᠨ ᠶᠢᠰᠦᠨ ᠤ ᠡᠳᠦᠷ ︵ ᠬᠠᠷ᠎ᠠ ᠪᠡᠴᠢ︶ ᠤᠨ ᠬᠤᠨᠢᠨ ᠴᠠᠭ ᠲᠤ ᠪᠠᠭᠠᠷᠢᠨ ᠠᠶᠢᠮᠠᠭ ᠤᠨ | ᠪᠠᠶᠢᠰᠠ ᠸᠧᠨ ᠴᠦᠨ ᠂ ᠭᠤᠷᠪᠠᠳᠤᠭᠠᠷ ᠵᠡᠷᠭᠡ ᠶᠢᠨ ᠲᠠᠶᠢᠵᠢ ᠵᠠᠷᠪᠤ ᠵᠡᠷᠭᠡ ᠬᠦᠮᠦᠨ ᠢ | ᠬᠤᠷᠢᠮᠯᠠᠵᠠᠢ ᠃ | ᠬᠤᠷᠢᠨ ᠨᠢᠭᠡᠨ ᠤ ᠡᠳᠦᠷ ︵ ᠬᠦᠭᠡ ᠨᠤᠬᠠᠢ︶ ᠤᠨ ᠬᠤᠨᠢᠨ ᠴᠠᠭ ᠲᠤ ᠬᠠᠭᠠᠨ ᠡᠵᠡᠨ ᠠᠯᠪᠠ | ᠡᠷᠭᠦᠭᠰᠡᠨ ᠪᠠᠭᠠᠷᠢᠨ ᠠᠶᠢᠮᠠᠭ ᠤᠨ ᠵᠠᠰᠠᠭ ᠲᠦᠷᠦ ᠶᠢᠨ ᠵᠢᠶᠦ᠋ᠨ ᠸᠠᠩ ᠸᠡᠴᠢᠷ᠂ ᠪᠠᠶᠢᠰᠠ ᠸᠧᠨ | ᠴᠦᠨᠵᠡᠷᠭᠡ ᠬᠦᠮᠦᠨ ᠢ ᠬᠤᠷᠢᠮᠯᠠᠵᠠᠢ ᠃ | ᠡᠩᠭᠡ ᠠᠮᠤᠭᠤᠯᠠᠩ ᠤᠨ ᠠᠷᠪᠠᠨ ᠲᠠᠪᠤᠳᠤᠭᠠᠷ ᠤᠨ ᠤ ︵ ᠬᠦᠭᠡ ᠯᠤᠤ ᠵᠢᠯ᠂1676ᠤᠨ︶ ᠬᠤᠶᠠᠷ | ᠰᠠᠷ᠎ᠠ ᠶᠢᠨ ᠶᠢᠰᠦᠨ ᠤ ᠡᠳᠦᠷ ︵ ᠴᠠᠭᠠᠭᠴᠢᠨ ᠲᠠᠬᠢᠶ᠎ᠠ︶ ᠤᠨ ᠬᠤᠨᠢᠨ ᠴᠠᠭ ᠲᠤ ᠬᠠᠭᠠᠨ ᠡᠵᠡᠨ | ᠵᠢᠶᠠᠩ ᠱᠠᠨ ᠤ ᠡᠮᠦᠨ᠎ᠡ ᠤᠷᠳᠤᠨ ᠳᠤ ᠬᠤᠷᠢᠮ ᠤᠨ ᠰᠢᠷᠡᠭᠡ ᠵᠠᠰᠠᠵᠤ ᠠᠯᠪᠠ ᠡᠷᠭᠦᠭᠰᠡᠨ ᠪᠠᠭᠠᠷᠢᠨ ᠠᠶᠢᠮᠠᠭ | ᠤᠨ ᠲᠦᠷᠪᠡᠳᠦᠭᠡᠷ ᠵᠡᠷᠭᠡ ᠶᠢᠨ ᠲᠠᠶᠢᠵᠢ ᠨᠠᠰᠤᠨ ᠵᠡᠷᠭᠡ ᠬᠦᠮᠦᠨ ᠢ ᠬᠤᠷᠢᠮᠯᠠᠵᠠᠢ ᠃ | ᠵᠢᠷᠭᠤᠭᠠᠨ ᠰᠠᠷ᠎ᠠ ᠶᠢᠨ ᠬᠤᠷᠢᠨ ᠬᠤᠶᠠᠷ ᠤᠨ ᠡᠳᠦᠷ ︵ ᠬᠠᠷᠠᠭᠴᠢᠨ ᠲᠠᠬᠢᠶ᠎ᠠ︶ ᠤᠨ ᠬᠤᠨᠢᠨ ᠴᠠᠭ | ᠲᠤ ᠬᠠᠭᠠᠨ ᠡᠵᠡᠨ ᠵᠢᠶᠠᠩ ᠱᠠᠨ ᠤ ᠡᠮᠦᠨ᠎ᠡ ᠤᠷᠳᠤᠨ ᠳᠤ ᠬᠤᠷᠢᠮ ᠤᠨ ᠰᠢᠷᠡᠭᠡ ᠵᠠᠰᠠᠵᠤ ᠪᠠᠭᠠᠷᠢᠨ | ᠠᠶᠢᠮᠠᠭ ᠤᠨ ᠲᠦᠷᠪᠡᠳᠦᠭᠡᠷ ᠵᠡᠷᠭᠡ ᠶᠢᠨ ᠲᠠᠶᠢᠵᠢ ᠪᠠᠳᠠᠷᠠᠬᠤ ᠵᠡᠷᠭᠡ ᠬᠦᠮᠦᠨ ᠢ ᠬᠤᠷᠢᠮᠯᠠᠵᠠᠢ ᠃ ᠨᠠᠢᠮᠠᠨ | ᠰᠠᠷ᠎ᠠ ᠶᠢᠨ ᠬᠤᠷᠢᠨ ᠲᠠᠪᠤᠨ ᠤ ᠡᠳᠦᠷ ︵ ᠬᠦᠭᠡᠭᠴᠢᠨ ᠭᠠᠭ᠋ᠠᠢ︶ ᠤᠨ ᠬᠤᠨᠢᠨ ᠴᠠᠭ ᠲᠤ ᠬᠠᠭᠠᠨ | ᠡᠵᠡᠨ ᠪᠤᠤ ᠾᠧ ᠳ᠋ᠢᠶᠠᠨ ᠤᠷᠳᠤᠨ ᠳᠤ ᠬᠤᠷᠢᠮ ᠤᠨ ᠰᠢᠷᠡᠭᠡ ᠵᠠᠰᠠᠵᠤ ᠪᠠᠭᠠᠷᠢᠨ ᠠᠶᠢᠮᠠᠭ ᠤᠨ | ᠲᠦᠷᠪᠡᠳᠦᠭᠡᠷ ᠵᠡᠷᠭᠡ ᠶᠢᠨ ᠲᠠᠶᠢᠵᠢ ᠠᠮᠤᠭᠤᠯᠠᠩ ᠵᠡᠷᠭᠡ ᠬᠦᠮᠦᠨ ᠢ ᠬᠤᠷᠢᠮᠯᠠᠵᠠᠢ ᠃ | ᠶᠢᠰᠦᠨ ᠰᠠᠷ᠎ᠠ ᠶᠢᠨ ᠠᠷᠪᠠᠨ ᠨᠠᠢᠮᠠᠨ ᠤ ᠡᠳᠦᠷ ︵ ᠤᠯᠠᠭᠠᠭᠴᠢᠨ ᠲᠠᠬᠢᠶ᠎ᠠ︶ ᠤᠨ ᠬᠤᠨᠢᠨ ᠴᠠᠭ ᠲᠤ | ᠬᠠᠭᠠᠨ ᠡᠵᠡᠨ ᠵᠢᠶᠠᠩ ᠱᠠᠨ ᠤ ᠡᠮᠦᠨ᠎ᠡ ᠤᠷᠳᠤᠨ ᠳᠤ ᠬᠤᠷᠢᠮ ᠤᠨ ᠰᠢᠷᠡᠭᠡ ᠵᠠᠰᠠᠵᠤ ᠠᠯᠪᠠ ᠡᠷᠭᠦᠭᠰᠡᠨ | ᠪᠠᠭᠠᠷᠢᠨ ᠠᠶᠢᠮᠠᠭ ᠤᠨ ᠵᠠᠨᠠᠰᠢᠷᠢ ᠵᠡᠷᠭᠡ ᠬᠦᠮᠦᠨ ᠢ ᠬᠤᠷᠢᠮᠯᠠᠵᠠᠢ ᠃ | ᠠᠷᠪᠠᠨ ᠶᠢᠰᠦᠨ ᠤ ᠡᠳᠦᠷ ᠤᠨ ᠬᠤᠨᠢᠨ ᠴᠠᠭ ᠲᠤ ᠬᠠᠭᠠᠨ ᠡᠵᠡᠨ ᠵᠢᠶᠠᠩ ᠱᠠᠨ ᠤ ᠡᠮᠦᠨ᠎ᠡ | ᠤᠷᠳᠤᠨ ᠳᠤ ᠬᠤᠷᠢᠮ ᠤᠨ ᠰᠢᠷᠡᠭᠡ ᠵᠠᠰᠠᠵᠤ ᠠᠯᠪᠠ ᠡᠷᠭᠦᠭᠰᠡᠨ ᠪᠠᠭᠠᠷᠢᠨ ᠠᠶᠢᠮᠠᠭ ᠤᠨ ᠲᠦᠷᠪᠡᠳᠦᠭᠡᠷ | ᠵᠡᠷᠭᠡ ᠶᠢᠨ ᠲᠠᠶᠢᠵᠢ ᠯᠦᠰᠢᠰᠢᠪᠤ ᠵᠡᠷᠭᠡ ᠬᠦᠮᠦᠨ ᠢ ᠬᠤᠷᠢᠮᠯᠠᠵᠠᠢ ᠃ | ᠠᠷᠪᠠᠨ ᠰᠠᠷ᠎ᠠ ᠶᠢᠨ ᠵᠢᠷᠭᠤᠭᠠᠨ ᠤ ᠡᠳᠦᠷ ︵ ᠬᠦᠭᠡᠭᠴᠢᠨ ᠲᠠᠤᠯᠠᠢ︶ ᠤᠨ ᠬᠤᠨᠢᠨ ᠴᠠᠭ ᠲᠤ | ᠬᠠᠭᠠᠨ ᠡᠵᠡᠨ ᠪᠤᠤ ᠾᠧ ᠳ᠋ᠢᠶᠠᠨ ᠤᠷᠳᠤᠨ ᠳᠤ ᠬᠤᠷᠢᠮ ᠤᠨ ᠰᠢᠷᠡᠭᠡ ᠵᠠᠰᠠᠵᠤ ᠪᠠᠭᠠᠷᠢᠨ ᠠᠶᠢᠮᠠᠭ ᠤᠨ | ᠲᠦᠷᠪᠡᠳᠦᠭᠡᠷ ᠵᠡᠷᠭᠡ ᠶᠢᠨ ᠲᠠᠶᠢᠵᠢ ᠴᠤᠶᠢᠵᠢᠰᠠᠩ ᠂ ᠬᠤᠰᠢᠭᠤ ᠵᠠᠬᠢᠷᠤᠭᠴᠢ ᠰᠠᠶᠢᠳ ᠠᠮᠤᠭᠤᠬᠠᠨ ᠵᠡᠷᠭᠡ | ᠬᠦᠮᠦᠨ ᠢ ᠬᠤᠷᠢᠮᠯᠠᠵᠠᠢ ᠃ | ᠠᠷᠪᠠᠨ ᠰᠠᠷ᠎ᠠ ᠶᠢᠨ ᠠᠷᠪᠠᠨ ᠨᠠᠢᠮᠠᠨ ᠤ ᠡᠳᠦᠷ ︵ ᠤᠯᠠᠭᠠᠨ ᠪᠡᠴᠢ ︶ ᠤᠨ ᠬᠤᠨᠢᠨ ᠴᠠᠭ ᠲᠤ | ᠬᠠᠭᠠᠨ ᠡᠵᠡᠨ ᠵᠢᠶᠠᠩ ᠱᠠᠨ ᠤ ᠡᠮᠦᠨ᠎ᠡ ᠤᠷᠳᠤᠨ ᠳᠤ ᠬᠤᠷᠢᠮ ᠤᠨ ᠰᠢᠷᠡᠭᠡ ᠵᠠᠰᠠᠵᠤ ᠪᠠᠭᠠᠷᠢᠨ ᠠᠶᠢᠮᠠᠭ | ᠤᠨ ᠰᠡᠴᠡᠨ ᠲᠡᠭᠡᠳᠦ ᠬᠦᠷᠦᠨ ᠭᠦᠩᠵᠦ ᠳᠤ ᠵᠠᠷᠤᠭᠳᠠᠵᠤ ᠪᠠᠶᠢᠭ᠎ᠠ ᠵᠢᠩᠭᠢᠨᠠᠢ ᠬᠠᠸᠠᠨ ᠪᠢᠯᠢᠭ ᠵᠡᠷᠭᠡ | ᠬᠦᠮᠦᠨ ᠢ ᠬᠤᠷᠢᠮᠯᠠᠵᠠᠢ ᠃ ᠠᠷᠪᠠᠨ ᠬᠤᠶᠠᠷ ᠰᠠᠷ᠎ᠠ ᠶᠢᠨ ᠬᠤᠷᠢᠨ ᠭᠤᠷᠪᠠᠨ ᠤ ᠡᠳᠦᠷ ︵ ᠴᠠᠭᠠᠭᠴᠢᠨ | ᠬᠤᠨᠢ︶ ᠤᠨ ᠬᠤᠨᠢᠨ ᠴᠠᠭ ᠲᠤ ᠬᠠᠭᠠᠨ ᠡᠵᠡᠨ ᠪᠤᠤ ᠾᠧ ᠳ᠋ᠢᠶᠠᠨ ᠤᠷᠳᠤᠨ ᠳᠤ ᠬᠤᠷᠢᠮ ᠤᠨ ᠰᠢᠷᠡᠭᠡ | ᠵᠠᠰᠠᠵᠤ ᠠᠯᠪᠠ ᠪᠠᠷᠢᠭᠰᠠᠨ ᠪᠠᠭᠠᠷᠢᠨ ᠠᠶᠢᠮᠠᠭ ᠤᠨ ᠲᠦᠷᠪᠡᠳᠦᠭᠡᠷ ᠵᠡᠷᠭᠡ ᠶᠢᠨ ᠲᠠᠶᠢᠵᠢ ᠲᠦᠪᠰᠢᠨ | ᠵᠡᠷᠭᠡ ᠬᠦᠮᠦᠨ ᠢ ᠬᠤᠷᠢᠮᠯᠠᠵᠠᠢ ᠃ | ᠡᠩᠭᠡ ᠠᠮᠤᠭᠤᠯᠠᠩ ᠤᠨ ᠠᠷᠪᠠᠨ ᠵᠢᠷᠭᠤᠳᠤᠭᠠᠷ ᠤᠨ ᠤ ︵ ᠤᠯᠠᠭᠠᠭᠴᠢᠨ ᠮᠤᠭᠠᠢ ᠵᠢᠯ᠂ | 1677ᠤᠨ︶ ᠬᠤᠶᠠᠷ ᠰᠠᠷ᠎ᠠ ᠶᠢᠨ ᠵᠢᠷᠭᠤᠭᠠᠨ ᠤ ᠡᠳᠦᠷ ᠤᠨ ᠬᠤᠨᠢᠨ ᠴᠠᠭ ᠲᠤ ᠬᠠᠭᠠᠨ ᠡᠵᠡᠨ ᠪᠤᠤ | ᠾᠧ ᠳ᠋ᠢᠶᠠᠨ ᠤᠷᠳᠤᠨ ᠳᠤ ᠬᠤᠷᠢᠮ ᠤᠨ ᠰᠢᠷᠡᠭᠡ ᠵᠠᠰᠠᠵᠤ ᠠᠯᠪᠠ ᠡᠷᠭᠦᠭᠰᠡᠨ ᠪᠠᠭᠠᠷᠢᠨ ᠠᠶᠢᠮᠠᠭ ᠤᠨ | ᠭᠤᠷᠪᠠᠳᠤᠭᠠᠷ ᠵᠡᠷᠭᠡ ᠶᠢᠨ ᠲᠠᠶᠢᠵᠢ ᠤᠮᠪᠤ᠂ ᠰᠡᠴᠡᠨ ᠲᠡᠭᠡᠳᠦ ᠭᠦᠩᠵᠦ ᠶᠢᠨ ᠲᠡᠷᠢᠭᠦᠨ ᠵᠡᠷᠭᠡ ᠢ ᠰᠢᠳᠠᠷ | ᠬᠠᠮᠠᠭᠠᠯᠠᠭᠴᠢ ᠮᠦᠩᠬᠡᠯᠠᠢ ᠵᠡᠷᠭᠡ ᠬᠦᠮᠦᠨ ᠢ ᠬᠤᠷᠢᠮᠯᠠᠵᠠᠢ ᠃ ᠲᠤᠯᠤᠭᠠᠨ ᠰᠠᠷ᠎ᠠ ᠶᠢᠨ ᠠᠷᠪᠠᠨ | ᠵᠢᠷᠭᠤᠭᠠᠨ ᠤ ᠡᠳᠦᠷ ︵ ᠴᠠᠭᠠᠭᠴᠢᠨ ᠦᠭᠡᠷ︶ ᠤᠨ ᠬᠤᠨᠢᠨ ᠴᠠᠭ ᠲᠤ ᠬᠠᠭᠠᠨ ᠡᠵᠡᠨ ᠵᠢᠶᠠᠩ ᠱᠠᠨ ᠤ | ᠡᠮᠦᠨ᠎ᠡ ᠤᠷᠳᠤᠨ ᠳᠤ ᠬᠤᠷᠢᠮ ᠤᠨ ᠰᠢᠷᠡᠭᠡ ᠵᠠᠰᠠᠵᠤ ᠠᠯᠪᠠ ᠡᠷᠭᠦᠭᠰᠡᠨ ᠪᠠᠭᠠᠷᠢᠨ ᠠᠶᠢᠮᠠᠭ ᠤᠨ | ᠲᠦᠷᠪᠡᠳᠦᠭᠡᠷ ᠵᠡᠷᠭᠡ ᠶᠢᠨ ᠲᠠᠶᠢᠵᠢ ᠠᠮᠤᠭᠤᠯᠠᠩ ᠵᠡᠷᠭᠡ ᠬᠦᠮᠦᠨ ᠢ ᠬᠤᠷᠢᠮᠯᠠᠵᠠᠢ ᠃ ᠨᠠᠢᠮᠠᠨ ᠰᠠᠷ᠎ᠠ ᠶᠢᠨ | ᠠᠷᠪᠠᠨ ᠲᠦᠷᠪᠡᠨ ᠤ ᠡᠳᠦᠷ ︵ ᠰᠢᠷ᠎ᠠ ᠮᠤᠷᠢ︶ ᠤᠨ ᠬᠤᠨᠢᠨ ᠴᠠᠭ ᠲᠤ ᠬᠠᠭᠠᠨ ᠡᠵᠡᠨ ᠪᠤᠤ ᠾᠧ | ᠳ᠋ᠢᠶᠠᠨ ᠤᠷᠳᠤᠨ ᠳᠤ ᠬᠤᠷᠢᠮ ᠤᠨ ᠰᠢᠷᠡᠭᠡ ᠵᠠᠰᠠᠵᠤ ᠪᠠᠭᠠᠷᠢᠨ ᠠᠶᠢᠮᠠᠭ ᠤᠨ ᠲᠦᠷᠪᠡᠳᠦᠭᠡᠷ ᠵᠡᠷᠭᠡ ᠶᠢᠨ | ᠲᠠᠶᠢᠵᠢ ᠪᠠᠶᠠᠰᠬᠤᠯᠠᠩ ᠵᠡᠷᠭᠡ ᠬᠦᠮᠦᠨ ᠢ ᠬᠤᠷᠢᠮᠯᠠᠵᠠᠢ ᠃ ᠶᠢᠰᠦᠨ ᠰᠠᠷ᠎ᠠ ᠶᠢᠨ ᠬᠤᠷᠢᠨ ᠲᠦᠷᠪᠡᠨ | ᠤ ᠡᠳᠦᠷ ︵ ᠤᠯᠠᠭᠠᠭᠴᠢᠨ ᠲᠠᠬᠢᠶ᠎ᠠ︶ ᠬᠠᠭᠠᠨ ᠡᠵᠡᠨ ᠡᠷᠢᠶᠠᠨ ᠬᠤᠵᠢᠳ ᠭᠠᠵᠠᠷ ᠪᠠᠭᠤᠳᠠᠯᠯᠠᠭᠰᠠᠨ | ᠳᠤ ᠪᠠᠭᠠᠷᠢᠨ ᠠᠶᠢᠮᠠᠭ ᠤᠨ ᠰᠡᠴᠡᠨ ᠲᠡᠭᠡᠳᠦ ᠬᠦᠷᠦᠨ ᠭᠦᠩᠵᠦ ᠢᠷᠡᠵᠦ ᠮᠤᠷᠢ ᠲᠡᠮᠡᠭᠡ ᠪᠡᠯᠡᠭᠯᠡᠪᠡ ᠃ | ᠡᠩᠭᠡ ᠠᠮᠤᠭᠤᠯᠠᠩ ᠤᠨ ᠠᠷᠪᠠᠨ ᠲᠤᠯᠤᠳᠤᠭᠠᠷ ᠤᠨ ᠤ ︵ ᠰᠢᠷ᠎ᠠ ᠮᠤᠷᠢᠨ ᠵᠢᠯ᠂1678ᠤᠨ︶ | ᠴᠠᠭᠠᠨ ᠰᠠᠷ᠎ᠠ ᠶᠢᠨ ᠬᠤᠷᠢᠨ ᠨᠢᠭᠡᠨ ᠤ ᠡᠳᠦᠷ ︵ ᠬᠠᠷᠠᠭᠴᠢᠨ ᠮᠤᠭᠠᠢ︶ ᠤᠨ ᠬᠤᠨᠢᠨ ᠴᠠᠭ ᠲᠤ | ᠬᠠᠭᠠᠨ ᠡᠵᠡᠨ ᠠᠯᠪᠠ ᠡᠷᠭᠦᠭᠰᠡᠨ ᠪᠠᠭᠠᠷᠢᠨ ᠠᠶᠢᠮᠠᠭ ᠤᠨ ᠪᠠᠶᠢᠰᠠ ᠸᠧᠨ ᠴᠦᠨ ᠂ ᠭᠤᠷᠪᠠᠳᠤᠭᠠᠷ ᠵᠡᠷᠭᠡ ᠶᠢᠨ | ᠲᠠᠶᠢᠵᠢ ᠶᠤᠮᠵᠠᠪ ᠂ ᠲᠦᠷᠪᠡᠳᠦᠭᠡᠷ ᠵᠡᠷᠭᠡ ᠶᠢᠨ ᠲᠠᠶᠢᠵᠢ ᠴᠦᠶᠠᠩ ᠵᠡᠷᠭᠡ ᠬᠦᠮᠦᠨ ᠢ ᠬᠤᠷᠢᠮᠯᠠᠵᠠᠢ ᠃ | ᠬᠤᠶᠠᠷ ᠰᠠᠷ᠎ᠠ ᠶᠢᠨ ᠲᠤᠯᠤᠭᠠᠨ ᠤ ᠡᠳᠦᠷ ︵ ᠰᠢᠷ᠎ᠠ ᠪᠡᠴᠢ︶ ᠤᠨ ᠬᠤᠨᠢᠨ ᠴᠠᠭ ᠲᠤ ᠬᠠᠭᠠᠨ | ᠡᠵᠡᠨ ᠪᠤᠤ ᠾᠧ ᠳ᠋ᠢᠶᠠᠨ ᠤᠷᠳᠤᠨ ᠳᠤ ᠬᠤᠷᠢᠮ ᠤᠨ ᠰᠢᠷᠡᠭᠡ ᠵᠠᠰᠠᠵᠤ ᠂ ᠪᠠᠭᠠᠷᠢᠨ ᠠᠶᠢᠮᠠᠭ ᠤᠨ | ᠲᠦᠷᠪᠡᠳᠦᠭᠡᠷ ᠵᠡᠷᠭᠡ ᠶᠢᠨ ᠲᠠᠶᠢᠵᠢ ᠪᠠᠶᠠᠰᠬᠤᠯᠠᠩ ᠵᠡᠷᠭᠡ ᠬᠦᠮᠦᠨ ᠢ ᠬᠤᠷᠢᠮᠯᠠᠵᠠᠢ ᠃ ᠨᠠᠢᠮᠠᠨ ᠰᠠᠷ᠎ᠠ | ᠶᠢᠨ ᠬᠤᠷᠢᠨ ᠨᠢᠭᠡᠨ ᠤ ᠡᠳᠦᠷ ︵ ᠰᠢᠷᠠᠭᠴᠢᠨ ᠦᠭᠡᠷ︶ ᠤᠨ ᠬᠤᠨᠢᠨ ᠴᠠᠭ ᠲᠤ ᠬᠠᠭᠠᠨ ᠡᠵᠡᠨ | ᠵᠢᠶᠠᠩ ᠱᠠᠨ ᠤ ᠡᠮᠦᠨ᠎ᠡ ᠤᠷᠳᠤᠨ ᠳᠤ ᠬᠤᠷᠢᠮ ᠤᠨ ᠰᠢᠷᠡᠭᠡ ᠵᠠᠰᠠᠵᠤ ᠠᠯᠪᠠ ᠪᠠᠷᠢᠭᠰᠠᠨ ᠪᠠᠭᠠᠷᠢᠨ ᠠᠶᠢᠮᠠᠭ | ᠤᠨ ᠵᠠᠰᠠᠭ ᠲᠦᠷᠦ ᠶᠢᠨ ᠵᠢᠶᠦ᠋ᠨ ᠸᠠᠩ ᠸᠠᠴᠡᠷ ᠢ ᠬᠤᠷᠢᠮᠯᠠᠵᠠᠢ ᠃ ᠶᠢᠰᠦᠨ ᠰᠠᠷ᠎ᠠ ᠶᠢᠨ ᠨᠠᠢᠮᠠᠨ ᠤ | ᠡᠳᠦᠷ ︵ ᠤᠯᠠᠭᠠᠭᠴᠢᠨ ᠮᠤᠷᠢ ︶ ᠤᠨ ᠬᠤᠨᠢᠨ ᠴᠠᠭ ᠲᠤ ᠬᠠᠭᠠᠨ ᠡᠵᠡᠨ ᠵᠢᠶᠠᠩ ᠱᠠᠨ ᠤ ᠡᠮᠦᠨ᠎ᠡ | ᠤᠷᠳᠤᠨ ᠳᠤ ᠬᠤᠷᠢᠮ ᠤᠨ ᠰᠢᠷᠡᠭᠡ ᠵᠠᠰᠠᠵᠤ ᠪᠠᠭᠠᠷᠢᠨ ᠠᠶᠢᠮᠠᠭ ᠤᠨ ᠭᠤᠷᠪᠠᠳᠤᠭᠠᠷ ᠵᠡᠷᠭᠡ ᠶᠢᠨ ᠲᠠᠶᠢᠵᠢ | ᠨᠤᠷᠪᠤ ᠵᠡᠷᠭᠡ ᠬᠦᠮᠦᠨ ᠢ ᠬᠤᠷᠢᠮᠯᠠᠵᠠᠢ ᠃ | ᠡᠩᠭᠡ ᠠᠮᠤᠭᠤᠯᠠᠩ ᠤᠨ ᠠᠷᠪᠠᠨ ᠨᠠᠢᠮᠠᠳᠤᠭᠠᠷ ᠤᠨ ᠤ ︵ ᠰᠢᠷᠠᠭᠴᠢᠨ ᠬᠤᠨᠢ ᠵᠢᠯ᠂1679ᠤᠨ︶ | ᠲᠠᠪᠤᠨ ᠰᠠᠷ᠎ᠠ ᠶᠢᠨ ᠠᠷᠪᠠᠨ ᠵᠢᠷᠭᠤᠭᠠᠨ ᠤ ᠡᠳᠦᠷ ᠤᠨ ᠬᠤᠨᠢᠨ ᠴᠠᠭ ᠲᠤ ᠬᠠᠭᠠᠨ ᠡᠵᠡᠨ ᠶᠢᠩ ᠲᠠᠢ ᠳᠤ | ᠭᠠᠷᠴᠦ ᠰᠢᠷ᠎ᠠ ᠴᠡᠴᠡᠷ ᠪᠤᠰᠬᠠᠵᠤ ᠬᠤᠷᠢᠮ ᠤᠨ ᠰᠢᠷᠡᠭᠡ ᠵᠠᠰᠠᠵᠤ ᠠᠯᠪᠠ ᠡᠷᠭᠦᠭᠰᠡᠨ ᠪᠠᠭᠠᠷᠢᠨ ᠠᠶᠢᠮᠠᠭ ᠤᠨ | ᠨᠢᠭᠡᠳᠦᠭᠡᠷ ᠵᠡᠷᠭᠡ ᠶᠢᠨ ᠲᠠᠶᠢᠵᠢ ᠠᠷᠪᠳᠠᠨ ᠵᠡᠷᠭᠡ ᠬᠦᠮᠦᠨ ᠢ ᠬᠤᠷᠢᠮᠯᠠᠵᠠᠢ ᠃ | ᠶᠢᠰᠦᠨ ᠰᠠᠷ᠎ᠠ ᠶᠢᠨ ᠬᠤᠷᠢᠨ ᠭᠤᠷᠪᠠᠨ ᠤ ᠡᠳᠦᠷ ︵ ᠬᠦᠭᠡᠭᠴᠢᠨ ᠲᠠᠤᠯᠠᠢ ︶ ᠤᠨ ᠬᠤᠨᠢᠨ ᠴᠠᠭ ᠲᠤ | ᠬᠠᠭᠠᠨ ᠡᠵᠡᠨ ᠴᠢᠶᠠᠨ ᠴᠢᠩ ᠮᠧᠨ ᠬᠠᠭᠠᠯᠭᠠᠨ᠎ᠠ ᠬᠤᠷᠢᠮ ᠤᠨ ᠰᠢᠷᠡᠭᠡ ᠵᠠᠰᠠᠵᠤ ᠠᠯᠪᠠ ᠡᠷᠭᠦᠭᠰᠡᠨ | ᠪᠠᠭᠠᠷᠢᠨ ᠠᠶᠢᠮᠠᠭ ᠤᠨ ᠵᠠᠰᠠᠭ ᠲᠦᠷᠦ ᠶᠢᠨ ᠵᠢᠶᠦ᠋ᠨ ᠸᠠᠩ ᠸᠠᠴᠡᠷ ᠂ ᠲᠦᠷᠦ ᠶᠢᠨ ᠲᠠᠪᠤᠨᠠᠩ ᠠᠷᠪᠳᠠᠨ᠂ | ᠨᠢᠭᠡᠳᠦᠭᠡᠷ ᠵᠡᠷᠭᠡ ᠶᠢᠨ ᠲᠠᠶᠢᠵᠢ ᠨᠠᠮᠴᠠ ᠵᠡᠷᠭᠡ ᠬᠦᠮᠦᠨ ᠢ ᠬᠤᠷᠢᠮᠯᠠᠵᠠᠢ ᠃ ᠠᠷᠪᠠᠨ ᠨᠢᠭᠡᠨ ᠰᠠᠷ᠎ᠠ | ᠶᠢᠨ ᠠᠷᠪᠠᠨ ᠲᠦᠷᠪᠡᠨ ᠤ ᠡᠳᠦᠷ ︵ ᠬᠦᠭᠡᠭᠴᠢᠨ ᠮᠤᠭᠠᠢ︶ ᠤᠨ ᠬᠤᠨᠢᠨ ᠴᠠᠭ ᠲᠤ ᠬᠠᠭᠠᠨ ᠡᠵᠡᠨ | ᠴᠢᠶᠠᠨ ᠴᠢᠩ ᠮᠧᠨ ᠬᠠᠭᠠᠯᠭᠠᠨ᠎ᠠ ᠬᠤᠷᠢᠮ ᠤᠨ ᠰᠢᠷᠡᠭᠡ ᠵᠠᠰᠠᠵᠤ ᠠᠯᠪᠠ ᠡᠷᠭᠦᠭᠰᠡᠨ ᠪᠠᠭᠠᠷᠢᠨ ᠠᠶᠢᠮᠠᠭ ᠤᠨ | ᠭᠤᠷᠪᠠᠳᠤᠭᠠᠷ ᠵᠡᠷᠭᠡ ᠶᠢᠨ ᠲᠠᠶᠢᠵᠢ ᠡᠭᠡᠮᠦᠭᠳᠦ ᠵᠡᠷᠭᠡ ᠬᠦᠮᠦᠨ ᠢ ᠬᠤᠷᠢᠮᠯᠠᠵᠠᠢ ᠃ | ᠡᠩᠭᠡ ᠠᠮᠤᠭᠤᠯᠠᠩ ᠤᠨ ᠠᠷᠪᠠᠨ ᠶᠢᠰᠦᠳᠦᠭᠡᠷ ᠤᠨ ᠤ ︵ ᠴᠠᠭᠠᠨ ᠪᠡᠴᠢᠨ ᠵᠢᠯ᠂1680 ᠤᠨ︶ | ᠠᠷᠪᠠᠨ ᠰᠠᠷ᠎ᠠ ᠶᠢᠨ ᠠᠷᠪᠠᠨ ᠬᠤᠶᠠᠷ ᠤᠨ ︵ᠤᠯᠠᠭᠠᠭᠴᠢᠨ ᠲᠠᠬᠢᠶ᠎ᠡ︶ ᠡᠳᠦᠷ ᠤᠳᠠᠰᠬᠢᠵᠤ ᠬᠠᠭᠠᠨ | ᠡᠵᠡᠨ ᠴᠢᠶᠠᠨ ᠴᠢᠩ ᠮᠧᠨ ᠬᠠᠭᠠᠯᠭᠠᠨ᠎ᠠ ᠬᠤᠷᠢᠮ ᠤᠨ ᠰᠢᠷᠡᠭᠡ ᠵᠠᠰᠠᠵᠤ ᠠᠯᠪᠠ ᠡᠷᠭᠦᠭᠰᠡᠨ ᠪᠠᠭᠠᠷᠢᠨ ᠠᠶᠢᠮᠠᠭ | ᠤᠨ ᠲᠦᠷᠪᠡᠳᠦᠭᠡᠷ ᠵᠡᠷᠭᠡ ᠶᠢᠨ ᠲᠠᠶᠢᠵᠢ ᠭᠤᠮᠪᠤ ᠵᠡᠷᠭᠡ ᠬᠦᠮᠦᠨ ᠢ ᠬᠤᠷᠢᠮᠯᠠᠨ ᠲᠠᠶᠢᠯᠠᠵᠠᠢ ᠃ | ᠡᠩᠭᠡ ᠠᠮᠤᠭᠤᠯᠠᠩ ᠤᠨ ᠬᠤᠷᠢᠳᠤᠭᠠᠷ ᠤᠨ ᠤ ︵ ᠴᠠᠭᠠᠭᠴᠢᠨ ᠲᠠᠬᠢᠶ᠎ᠠ ᠵᠢᠯ᠂1681 ᠤᠨ︶ ᠬᠤᠶᠠᠷ | ᠰᠠᠷ᠎ᠠ ᠶᠢᠨ ᠠᠷᠪᠠᠨ ᠬᠤᠶᠠᠷ ᠤᠨ ᠡᠳᠦᠷ ︵ ᠤᠯᠠᠭᠠᠨ ᠪᠡᠴᠢᠨ︶ ᠤᠨ ᠬᠤᠨᠢᠨ ᠴᠠᠭ ᠲᠤ ᠬᠠᠭᠠᠨ ᠡᠵᠡᠨ | ᠵᠢᠶᠠᠩ ᠱᠠᠨ ᠤ ᠡᠮᠦᠨ᠎ᠡ ᠤᠷᠳᠤᠨ ᠳᠤ ᠬᠤᠷᠢᠮ ᠤᠨ ᠰᠢᠷᠡᠭᠡ ᠵᠠᠰᠠᠵᠤ ᠠᠯᠪᠠ ᠡᠷᠭᠦᠭᠰᠡᠨ ᠪᠠᠭᠠᠷᠢᠨ ᠠᠶᠢᠮᠠᠭ | ᠤᠨ ᠵᠠᠰᠠᠭ ᠲᠦᠷᠦ ᠶᠢᠨ ᠵᠢᠶᠦ᠋ᠨ ᠸᠠᠩ ᠸᠠᠴᠢᠷ ᠂ ᠲᠦᠷᠦ ᠢ ᠲᠠᠪᠤᠨᠠᠩ ᠠᠷᠪᠳᠠᠨ ᠵᠡᠷᠭᠡ ᠬᠦᠮᠦᠨ ᠢ | ᠬᠤᠷᠢᠮᠯᠠᠵᠠᠢ ᠃ | ᠡᠩᠭᠡ ᠠᠮᠤᠭᠤᠯᠠᠩ ᠤᠨ ᠬᠤᠷᠢᠨ ᠨᠢᠭᠡᠳᠦᠭᠡᠷ ᠤᠨ ᠤ ︵ ᠬᠠᠷ᠎ᠠ ᠨᠤᠬᠠᠢ ᠵᠢᠯ᠂1681 ᠤᠨ︶ | ᠬᠤᠶᠠᠷ ᠰᠠᠷ᠎ᠠ ᠶᠢᠨ ᠵᠢᠷᠭᠤᠭᠠᠨ ᠤ ᠡᠳᠦᠷ ᠤᠨ ︵ ᠬᠦᠭᠡ ᠪᠡᠴᠢᠨ︶ ᠯᠤᠤ ᠴᠠᠭ ᠲᠤ ᠬᠠᠭᠠᠨ ᠡᠵᠡᠨ ᠪᠤᠤ | ᠾᠧ ᠳ᠋ᠢᠶᠠᠨ ᠤᠷᠳᠤᠨ ᠳᠤ ᠶᠤᠰᠤᠯᠠᠯ ᠤᠨ ᠶᠡᠭᠡ ᠬᠤᠷᠢᠮ ᠬᠢᠵᠦ ᠲᠠᠭᠤᠰᠤᠭᠰᠠᠨ ᠤ ᠲᠠᠷᠠᠭ᠎ᠠ ᠵᠢᠩ ᠱᠠᠨ ᠤ | ᠡᠮᠦᠨ᠎ᠡ ᠤᠷᠳᠤᠨ ᠳᠤ ᠬᠦᠷᠴᠦ ᠠᠯᠪᠠ ᠡᠷᠭᠦᠭᠰᠡᠨ ᠪᠠᠭᠠᠷᠢᠨ ᠠᠶᠢᠮᠠᠭ ᠤᠨ ᠵᠠᠰᠠᠭ ᠲᠦᠷᠦ ᠶᠢᠨ ᠵᠢᠶᠦ᠋ᠨ | ᠸᠠᠩ ᠸᠠᠴᠢᠷ ᠢ ᠤᠨᠴᠠᠭᠠᠢ ᠪᠤᠳᠠᠭᠠᠯᠠᠪᠠ ᠃ | ᠲᠠᠪᠤᠨ ᠰᠠᠷ᠎ᠠ ᠶᠢᠨ ᠠᠷᠪᠠᠨ ᠲᠤᠯᠤᠭᠠᠨ ᠤ ᠡᠳᠦᠷ ᠤᠨ ︵ ᠬᠦᠭᠡ ᠬᠤᠯᠤᠭᠠᠨ᠎ᠠ ︶ ᠬᠤᠨᠢᠨ ᠴᠠᠭ ᠲᠤ | ᠬᠠᠭᠠᠨ ᠡᠵᠡᠨ ᠵᠢᠩ ᠱᠠᠨ ᠤ ᠡᠮᠦᠨ᠎ᠡ ᠤᠷᠳᠤᠨ ᠳᠤ ᠰᠡᠴᠡᠨ ᠲᠡᠭᠡᠳᠦ ᠬᠦᠷᠦᠨ ᠬᠦᠩᠵᠦ ᠶᠢᠨ ᠬᠦᠪᠡᠭᠦᠨ ᠂ | ᠪᠠᠭᠠᠷᠢᠨ ᠠᠶᠢᠮᠠᠭ ᠤᠨ ᠵᠠᠰᠠᠭ ᠲᠦᠷᠦ ᠶᠢᠨ ᠵᠢᠶᠦ᠋ᠨ ᠸᠠᠩ ᠸᠠᠴᠢᠷ ᠂ ᠨᠢᠭᠡᠳᠦᠭᠡᠷ ᠵᠡᠷᠭᠡ ᠶᠢᠨ ᠲᠠᠶᠢᠵᠢ ᠭᠡᠷᠡᠯᠳᠦ | ᠂ ᠨᠠᠮᠴᠠ ᠃ ᠬᠤᠰᠢᠭᠤᠨ ᠤ ᠪᠠᠶᠢᠰᠠ ᠸᠧᠨ ᠴᠦᠨ ᠂ ᠨᠢᠭᠡᠳᠦᠭᠡᠷ ᠵᠡᠷᠭᠡ ᠶᠢᠨ ᠲᠠᠶᠢᠵᠢ ᠯᠦᠰᠢᠰᠢᠪᠤ ᠵᠡᠷᠭᠡ | ᠬᠦᠮᠦᠨ ᠢ ᠬᠤᠷᠢᠮᠯᠠᠨ ᠲᠠᠶᠢᠯᠠᠵᠠᠢ᠃ ᠲᠤᠯᠤᠭᠠᠨ ᠰᠠᠷ᠎ᠠ ᠶᠢᠨ ᠭᠤᠷᠪᠠᠨ ᠤ ᠡᠳᠦᠷ ︵ᠰᠢᠷ᠎ᠠ ᠪᠡᠴᠢᠨ︶ ᠤᠨ | ᠬᠤᠨᠢᠨ ᠴᠠᠭ ᠲᠤ ᠬᠠᠭᠠᠨ ᠡᠵᠡᠨ ᠶᠢᠩ ᠲᠠᠢ ᠮᠧᠨ ᠳᠤ ᠪᠠᠭᠠᠷᠢᠨ ᠠᠶᠢᠮᠠᠭ ᠤᠨ ᠲᠦᠷᠦ ᠶᠢᠨ ᠲᠠᠪᠤᠨᠠᠩ | ᠠᠷᠪᠳᠠᠨ ᠵᠡᠷᠭᠡ ᠬᠦᠮᠦᠨ ᠢ ᠬᠤᠷᠢᠮᠯᠠᠨ ᠲᠠᠶᠢᠯᠠᠵᠠᠢ᠃ | ᠠᠷᠪᠠᠨ ᠰᠠᠷ᠎ᠠ ᠶᠢᠨ ᠠᠷᠪᠠᠨ ᠲᠦᠷᠪᠡᠨ ᠤ ᠡᠳᠦᠷ ︵ ᠤᠯᠠᠭᠠᠭᠴᠢᠨ ᠭᠠᠭ᠋ᠠᠢ︶ ᠤᠨ ᠬᠤᠨᠢᠨ ᠴᠠᠭ | ᠲᠤ ᠬᠠᠭᠠᠨ ᠡᠵᠡᠨ ᠵᠢᠶᠠᠩ ᠱᠠᠨ ᠤ ᠡᠮᠦᠨ᠎ᠡ ᠤᠷᠳᠤᠨ ᠳᠤ ᠬᠤᠷᠢᠮ ᠤᠨ ᠰᠢᠷᠡᠭᠡ ᠵᠠᠰᠠᠵᠤ ᠠᠯᠪᠠ | ᠡᠷᠭᠦᠭᠰᠡᠨ ᠪᠠᠭᠠᠷᠢᠨ ᠠᠶᠢᠮᠠᠭ ᠤᠨ ᠭᠤᠷᠪᠠᠳᠤᠭᠠᠷ ᠵᠡᠷᠭᠡ ᠶᠢᠨ ᠲᠠᠶᠢᠵᠢ ᠵᠠᠭᠠᠰᠢᠳᠠᠢ ᠵᠡᠷᠭᠡ ᠬᠦᠮᠦᠨ ᠢ | ᠬᠤᠷᠢᠮᠯᠠᠵᠠᠢ ᠃ | ᠠᠷᠪᠠᠨ ᠬᠤᠶᠠᠷ ᠰᠠᠷ᠎ᠠ ᠶᠢᠨ ᠬᠤᠷᠢ ᠶᠢᠰᠦᠨ ᠤ ᠡᠳᠦᠷ ︵ ᠬᠠᠷ᠎ᠠ ᠪᠠᠷᠰ ᠡᠳᠦᠷ ᠂ ᠪᠢᠳᠡᠭᠦᠨ ︶ ᠤᠨ | ᠦᠳᠡ ᠳᠤ ᠬᠠᠭᠠᠨ ᠡᠵᠡᠨ ᠪᠤᠤ ᠾᠧ ᠳ᠋ᠢᠶᠠᠨ ᠤᠷᠳᠤᠨ ᠳᠤ ᠲᠦᠷᠦ ᠳᠤ ᠢᠷᠡᠭᠰᠡᠨ ᠭᠠᠳᠠᠭᠠᠳᠤ ᠮᠤᠩᠭᠤᠯ | ᠤᠨ ᠪᠠᠭᠠᠷᠢᠨ ᠠᠶᠢᠮᠠᠭ ᠤᠨ ᠵᠠᠰᠠᠭ ᠲᠦᠷᠦ ᠶᠢᠨ ᠵᠢᠶᠦ᠋ᠨ ᠸᠠᠩ ᠸᠠᠴᠢᠷ᠂ ᠲᠦᠷᠪᠡᠳᠦᠭᠡᠷ ᠵᠡᠷᠭᠡ ᠶᠢᠨ ᠲᠠᠶᠢᠵᠢ | ᠯᠤᠤᠵᠠᠩ᠂ ᠲᠦᠷᠦ ᠶᠢᠨ ᠲᠠᠪᠤᠨᠠᠩ ᠠᠷᠪᠳᠠᠨ ᠵᠡᠷᠭᠡ ᠮᠤᠩᠭᠤᠯ ᠸᠠᠩ ᠭᠦᠩ᠂ ᠲᠠᠶᠢᠵᠢ ᠨᠠᠷ ᠢ ᠵᠤᠴᠢᠯᠠᠵᠤ | ᠬᠠᠭᠠᠨ ᠡᠵᠡᠨ ᠤᠯᠠᠨ ᠲᠠᠢ ᠠᠷᠢᠬᠢ ᠤᠭᠤᠤᠵᠤ ᠪᠠᠶᠠᠷ ᠴᠡᠩᠭᠡᠯ ᠢᠶᠠᠷ ᠪᠢᠯᠬᠠᠵᠠᠢ᠃ | ᠡᠩᠭᠡ ᠠᠮᠤᠭᠤᠯᠠᠩ ᠤᠨ ᠬᠤᠷᠢᠨ ᠬᠤᠶᠠᠳᠤᠭᠠᠷ ᠤᠨ ᠤ ︵ ᠬᠠᠷᠠᠭᠴᠢᠨ ᠭᠠᠭ᠋ᠠᠢ ᠵᠢᠯ᠂1683 ᠤᠨ︶ | ᠴᠠᠭᠠᠨ ᠰᠠᠷ᠎ᠠ ᠶᠢᠨ ᠠᠷᠪᠠᠨ ᠲᠠᠪᠤᠨ ᠤ ᠡᠳᠦᠷ ︵ ᠤᠯᠠᠭᠠᠨ ᠯᠤᠤ ︶ ᠤᠨ ᠬᠤᠨᠢᠨ ᠴᠠᠭ ᠲᠤ ᠬᠠᠭᠠᠨ | ᠡᠵᠡᠨ ᠪᠤᠤ ᠾᠧ ᠳ᠋ᠢᠶᠠᠨ ᠤᠷᠳᠤᠨ ᠳᠤ ᠴᠠᠭᠠᠨ ᠰᠠᠷ᠎ᠠ ᠶᠢᠨ ᠠᠷᠪᠠᠨ ᠲᠠᠪᠤᠨ ᠢ ᠪᠡᠯᠡᠭᠯᠡᠬᠦ ᠶᠢᠨ ᠲᠦᠯᠦᠭᠡ | ᠲᠦᠷᠦ ᠳᠤ ᠢᠷᠡᠭᠰᠡᠨ ᠭᠠᠳᠠᠭᠠᠳᠤ ᠮᠤᠩᠭᠤᠯ ᠤᠨ ᠪᠠᠭᠠᠷᠢᠨ ᠠᠶᠢᠮᠠᠭ ᠤᠨ ᠵᠠᠰᠠᠭ ᠲᠦᠷᠦ ᠶᠢᠨ ᠵᠢᠶᠦ᠋ᠨ ᠸᠠᠩ | ᠸᠠᠴᠢᠷ᠂ ᠲᠦᠷᠦ ᠶᠢᠨ ᠲᠠᠪᠤᠨᠠᠩ ᠠᠷᠪᠳᠠᠨ᠂ ᠲᠦᠷᠪᠡᠳᠦᠭᠡᠷ ᠵᠡᠷᠭᠡ ᠶᠢᠨ ᠲᠠᠶᠢᠵᠢ ᠯᠤᠤᠵᠠᠩ ᠵᠡᠷᠭᠡ ᠮᠤᠩᠭᠤᠯ | ᠸᠠᠩ ᠭᠦᠩ᠂ ᠲᠠᠶᠢᠵᠢ ᠨᠠᠷ ᠲᠠᠢ ᠠᠷᠬᠢᠳᠠᠵᠤ ᠪᠠᠶᠠᠷ ᠤᠨ ᠶᠤᠰᠤᠯᠠᠯ ᠢ ᠬᠦᠢᠴᠡᠳᠭᠡᠪᠡ ᠃ ᠲᠠᠪᠤᠨ ᠰᠠᠷ᠎ᠠ ᠶᠢᠨ | ᠴᠠᠭᠠᠨ ᠪᠡᠴᠢᠨ ᠡᠳᠦᠷ ᠪᠠᠭᠠᠷᠢᠨ ᠠᠶᠢᠮᠠᠭ ᠤᠨ ᠵᠠᠰᠠᠭ ᠲᠦᠷᠦ ᠶᠢᠨ ᠵᠢᠶᠦ᠋ᠨ ᠸᠠᠩ ᠸᠠᠴᠢᠷ ᠲᠡᠭᠷᠢ ᠳᠤ | ᠬᠠᠯᠢᠭᠰᠠᠨ ᠳᠤ ᠬᠠᠭᠠᠨ ᠡᠵᠨᠨ ᠲᠦᠰᠢᠮᠡᠯ ᠲᠤᠮᠢᠯᠠᠨ ᠲᠠᠬᠢᠯ ᠲᠠᠯᠪᠢᠭᠤᠯᠵᠠᠢ᠃ ᠶᠢᠰᠦᠨ ᠰᠠᠷ᠎ᠠ ᠶᠢᠨ ᠲᠦᠷᠪᠡᠨ ᠤ | ᠡᠳᠦᠷ ︵ ᠬᠠᠷ᠎ᠠ ᠪᠡᠴᠢ ︶ ᠤᠨ ᠬᠤᠨᠢᠨ ᠴᠠᠭ ᠲᠤ ᠬᠠᠭᠠᠨ ᠡᠵᠡᠨ ᠵᠢᠩ ᠱᠠᠨ ᠤ ᠡᠮᠦᠨ᠎ᠡ ᠤᠷᠳᠤᠨ ᠳᠤ | ᠠᠮᠦᠷ ᠢ ᠡᠷᠢᠵᠦ ᠂ ᠠᠯᠪᠠ ᠡᠷᠭᠦᠭᠰᠡᠨ ᠪᠠᠭᠠᠷᠢᠨ ᠠᠶᠢᠮᠠᠭ ᠤᠨ ᠨᠢᠭᠡᠳᠦᠭᠡᠷ ᠵᠡᠷᠭᠡ ᠶᠢᠨ ᠲᠠᠶᠢᠵᠢ ᠭᠡᠷᠡᠯᠳᠦ | ᠵᠡᠷᠭᠡ ᠬᠦᠮᠦᠨ ᠢ ᠬᠤᠷᠢᠮ ᠤᠨ ᠰᠢᠷᠡᠭᠡ ᠵᠠᠰᠠᠨ ᠲᠠᠶᠢᠯᠠᠵᠠᠢ᠃ ᠠᠷᠪᠠᠨ ᠰᠠᠷ᠎ᠠ ᠶᠢᠨ ᠠᠷᠪᠠᠨ ᠲᠠᠪᠤᠨ ᠤ ᠡᠳᠦᠷ | ︵ ᠬᠠᠷ᠎ᠠ ᠬᠤᠯᠤᠭᠠᠨ᠎ᠠ︶ ᠤᠨ ᠬᠤᠨᠢᠨ ᠴᠠᠭ ᠲᠤ ᠬᠠᠭᠠᠨ ᠡᠵᠡᠨ ᠵᠢᠩ ᠱᠠᠨ ᠤ ᠡᠮᠦᠨ᠎ᠡ ᠤᠷᠳᠤᠨ ᠳᠤ | ᠤᠷᠢᠶᠠᠯᠭ᠎ᠠ ᠪᠠᠷ ᠢᠷᠡᠵᠦ ᠠᠯᠪᠠ ᠡᠷᠭᠦᠭᠰᠡᠨ ᠪᠠᠭᠠᠷᠢᠨ ᠠᠶᠢᠮᠠᠭ ᠤᠨ ᠲᠦᠷᠪᠡᠳᠦᠭᠡᠷ ᠵᠡᠷᠭᠡ ᠶᠢᠨ ᠲᠠᠶᠢᠵᠢ | ᠲᠠᠪᠤᠨ ᠵᠡᠷᠭᠡ ᠬᠦᠮᠦᠨ ᠢ ᠬᠤᠷᠢᠮ ᠤᠨ ᠰᠢᠷᠡᠭᠡ ᠵᠠᠰᠠᠨ ᠲᠠᠶᠢᠯᠠᠵᠠᠢ᠃ ᠠᠷᠪᠠᠨ ᠬᠤᠶᠠᠷ ᠰᠠᠷ᠎ᠠ ᠶᠢᠨ | ᠬᠤᠷᠢ ᠶᠢᠰᠦᠨ ᠤ ᠡᠳᠦᠷ ︵ ᠤᠯᠠᠭᠠᠨ ᠪᠠᠷᠰ ᠡᠳᠦᠷ ᠂ ᠪᠢᠳᠡᠭᠦᠨ ︶ ᠤᠨ ᠦᠳᠡ ᠳᠤ ᠬᠠᠭᠠᠨ ᠡᠵᠡᠨ | ᠪᠤᠤ ᠾᠧ ᠳ᠋ᠢᠶᠠᠨ ᠤᠷᠳᠤᠨ ᠳᠤ ᠶᠡᠭᠡ ᠲᠠᠶᠢᠯᠠᠯᠭ᠎ᠠ ᠬᠢᠵᠦ ᠲᠦᠷᠦ ᠳᠤ ᠢᠷᠡᠭᠰᠡᠨ ᠭᠠᠳᠠᠭᠠᠳᠤ ᠮᠤᠩᠭᠤᠯ ᠤᠨ | ᠪᠠᠭᠠᠷᠢᠨ ᠠᠶᠢᠮᠠᠭ ᠤᠨ ᠪᠠᠶᠢᠰᠠ ᠸᠧᠨ ᠴᠦᠨ ᠂ ᠲᠦᠷᠪᠡᠳᠦᠭᠡᠷ ᠵᠡᠷᠭᠡ ᠶᠢᠨ ᠲᠠᠶᠢᠵᠢ ᠠᠳᠢᠱᠠ ᠵᠡᠷᠭᠡ ᠸᠠᠩ | ᠭᠦᠩ ᠲᠠᠢ ᠠᠷᠢᠬᠢ ᠤᠭᠤᠤᠵᠤ ᠶᠡᠭᠡᠳᠡ ᠴᠡᠩᠭᠡᠯᠳᠦᠪᠡ᠃ | ᠡᠩᠭᠡ ᠠᠮᠤᠭᠤᠯᠠᠩ ᠤᠨ ᠬᠤᠷᠢᠨ ᠭᠤᠷᠪᠠᠳᠤᠭᠠᠷ ᠤᠨ ᠤ ︵ ᠬᠦᠭᠡ ᠬᠤᠯᠤᠭᠠᠨ᠎ᠠ ᠵᠢᠯ᠂1684 | ᠤᠨ︶ ᠴᠠᠭᠠᠨ ᠰᠠᠷ᠎ᠠ ᠶᠢᠨ ᠠᠷᠪᠠᠨ ᠲᠠᠪᠤᠨ ᠤ ᠡᠳᠦᠷ ︵ ᠴᠠᠭᠠᠨ ᠯᠤᠤ ︶ ᠤᠨ ᠦᠳᠡ ᠳᠤ ᠬᠠᠭᠠᠨ | ᠡᠵᠡᠨ ᠪᠤᠤ ᠾᠧ ᠳ᠋ᠢᠶᠠᠨ ᠤᠷᠳᠤᠨ ᠳᠤ ᠬᠦᠷᠴᠦ ᠴᠠᠭᠠᠨ ᠰᠠᠷ᠎ᠠ ᠶᠢᠨ ᠠᠷᠪᠠᠨ ᠲᠠᠪᠤᠨ ᠢ ᠪᠡᠯᠡᠭᠯᠡᠬᠦ ᠶᠡᠭᠡ | ᠲᠠᠶᠢᠯᠠᠯᠭ᠎ᠠ ᠬᠢᠵᠦ ᠲᠦᠷᠦ ᠳᠤ ᠢᠷᠡᠭᠰᠡᠨ ᠭᠠᠳᠠᠭᠠᠳᠤ ᠮᠤᠩᠭᠤᠯ ᠤᠨ ᠪᠠᠭᠠᠷᠢᠨ ᠠᠶᠢᠮᠠᠭ ᠤᠨ ᠪᠠᠶᠢᠰᠠ ᠸᠧᠨ | ᠴᠦᠨ ᠂ ᠲᠦᠷᠪᠡᠳᠦᠭᠡᠷ ᠵᠡᠷᠭᠡ ᠶᠢᠨ ᠲᠠᠶᠢᠵᠢ ᠠᠳᠢᠱᠠ ᠵᠡᠷᠭᠡ ᠸᠠᠩ ᠭᠦᠩ ᠲᠠᠢ ᠠᠷᠢᠬᠢ ᠤᠭᠤᠤᠵᠤ | ᠶᠡᠭᠡᠳᠡ ᠴᠡᠩᠭᠡᠯᠳᠦᠪᠡ᠃ ᠲᠠᠪᠤᠨ ᠰᠠᠷ᠎ᠠ ᠶᠢᠨ ᠬᠦᠭᠡᠭᠴᠢᠨ ᠲᠠᠤᠯᠠᠢ ᠡᠳᠦᠷ ᠪᠠᠭᠠᠷᠢᠨ ᠤ ᠵᠠᠰᠠᠭ ᠲᠦᠷᠦ ᠶᠢᠨ | ᠲᠡᠭᠷᠢ ᠳᠤ ᠬᠠᠯᠢᠭᠰᠠᠨ ᠵᠢᠶᠦ᠋ᠨ ᠸᠠᠩ ᠸᠠᠴᠢᠷ ᠤᠨ ᠬᠦᠪᠡᠭᠦᠨ ᠨᠠᠮᠳᠠᠭ ᠪᠠᠷ ᠸᠠᠩ ᠤᠨ ᠰᠠᠭᠤᠷᠢᠨ ᠢ | ᠵᠠᠯᠭᠠᠮᠵᠢᠯᠠᠭᠤᠯᠬᠤ ᠪᠠᠷ ᠲᠤᠭᠳᠠᠵᠠᠢ᠃ ᠨᠠᠢᠮᠠᠨ ᠰᠠᠷ᠎ᠠ ᠶᠢᠨ ᠬᠤᠶᠠᠷ ᠤᠨ ᠡᠳᠦᠷ ᠬᠠᠭᠠᠨ ᠡᠵᠡᠨ ᠵᠤᠤ ᠤᠳᠠ | ᠶᠢᠨ ᠾᠦᠩ ᠰᠧᠴᠤᠸᠠᠨ ︵ᠤᠯᠠᠭᠠᠨ ᠲᠠᠯ᠎ᠠ︶ ᠳᠤ ᠪᠠᠭᠤᠳᠠᠯᠠᠵᠤ ᠂ ᠲᠤᠰ ᠡᠳᠦᠷ ᠲᠡᠭᠡᠨ ᠪᠠᠭᠠᠷᠢᠨ ᠸᠠᠩ | ᠨᠠᠮᠳᠠᠭ ᠲᠤ ᠰᠡᠷᠢᠭᠦᠨ ᠮᠠᠯᠠᠭᠠᠢ᠂ ᠮᠠᠩᠨᠤᠭ ᠲᠡᠪᠡᠯ ᠂ ᠡᠩᠳᠠᠢ ᠲᠤᠷᠭ᠎ᠠ᠂ ᠱᠢᠷᠦ ᠴᠢᠮᠡᠩᠯᠡᠭᠰᠡᠨ ᠠᠯᠳᠠᠨ | ᠪᠦᠰᠡ᠂ ᠠᠯᠳᠠᠨ ᠰᠢᠬᠢᠳᠭᠡᠷᠳᠠᠢ ᠡᠪᠭᠡᠮᠡᠯ ᠬᠢᠳᠤᠭ᠎ᠠ᠂ ᠭᠤᠳᠤᠯ ᠂ ᠨᠤᠮᠤ ᠰᠤᠮᠤ ᠂ ᠱᠢᠷᠦᠨ ᠴᠢᠮᠡᠭᠳᠠᠢ | ᠠᠯᠳᠠᠨ ᠰᠠᠭᠠᠳᠠᠭ᠂ ᠡᠮᠡᠭᠡᠯ ᠲᠤᠰ ᠲᠤᠰ ᠨᠢᠭᠡ ᠬᠤᠪᠢ ᠱᠠᠩᠨᠠᠵᠠᠢ᠃ ᠬᠤᠰᠢᠭᠤᠨ ᠤ ᠪᠠᠶᠢᠰᠠ ᠤᠷᠴᠠ ᠂ | ᠸᠧᠨ ᠴᠦᠨ ᠳᠤ ᠰᠡᠷᠢᠭᠦᠨ ᠮᠠᠯᠠᠭᠠᠢ᠂ ᠮᠠᠩᠨᠤᠭ ᠲᠡᠪᠡᠯ ᠂ ᠱᠢᠷᠦ ᠴᠢᠮᠡᠩᠯᠡᠭᠰᠡᠨ ᠠᠯᠳᠠᠨ ᠪᠦᠰᠡ᠂ ᠠᠯᠳᠠᠨ | ᠰᠢᠬᠢᠳᠭᠡᠷᠳᠠᠢ ᠡᠪᠭᠡᠮᠡᠯ ᠬᠢᠳᠤᠭ᠎ᠠ᠂ ᠭᠤᠳᠤᠯ ᠂ ᠨᠤᠮᠤ ᠰᠤᠮᠤ ᠬᠠᠳᠬᠤᠭᠰᠠᠨ ᠲᠤᠯᠤᠭᠠᠨ ᠴᠢᠮᠡᠭᠳᠠᠢ ᠰᠠᠭᠠᠳᠠᠭ | ᠂ ᠡᠮᠡᠭᠡᠯ ᠲᠤᠰ ᠲᠤᠰ ᠨᠢᠭᠡ ᠬᠤᠪᠢ ᠱᠠᠩᠨᠠᠵᠠᠢ᠃ ᠪᠠᠰᠠ ᠲᠦᠷᠦ ᠶᠢᠨ ᠲᠠᠪᠤᠨᠠᠩ ᠠᠷᠪᠳᠠᠨ᠂ ᠨᠢᠭᠡᠳᠦᠭᠡᠷ | ᠵᠡᠷᠭᠡ ᠶᠢᠨ ᠲᠠᠶᠢᠵᠢ ᠭᠡᠷᠡᠯᠳᠦ ᠵᠡᠷᠭᠡ ᠠᠴᠠ ᠲᠤᠷᠤᠭᠰᠠᠢ ᠠᠪᠠ ᠳᠤ ᠮᠤᠷᠳᠠᠬᠤ ᠵᠠᠬᠢᠷᠦᠭ᠌ᠴᠢ᠂ ᠮᠠᠶᠢᠷᠡᠨ ᠤ | ᠵᠠᠩᠬᠢ᠂ ᠬᠢᠶ᠎ᠡ ᠂ ᠠᠪᠠ ᠤᠨ ᠬᠤᠶᠠᠭ ᠴᠡᠷᠢᠭ ᠲᠤ ᠲᠤᠰ ᠲᠤᠰ ᠨᠢᠭᠡ ᠬᠤᠪᠢ ᠰᠡᠷᠢᠭᠦᠨ ᠮᠠᠯᠠᠭᠠᠢ᠂ ᠮᠠᠩᠨᠤᠭ | ᠲᠡᠪᠡᠯ ᠂ ᠡᠩᠳᠠᠢ ᠲᠤᠷᠭ᠎ᠠ᠂ ᠬᠢᠳᠤᠭ᠎ᠠ ᠱᠠᠩᠨᠠᠵᠠᠢ᠃ ᠶᠢᠰᠦᠨ ᠰᠠᠷ᠎ᠠ ᠶᠢᠨ ᠠᠷᠪᠠ ᠶᠢᠰᠦᠨ ᠡᠳᠦᠷ ︵ | ᠬᠠᠷ᠎ᠠ ᠮᠤᠷᠢ ︶ ᠤᠨ ᠬᠤᠨᠢᠨ ᠴᠠᠭ ᠲᠤ ᠬᠠᠭᠠᠨ ᠡᠵᠡᠨ ᠵᠢᠩ ᠱᠠᠨ ᠤ ᠡᠮᠦᠨ᠎ᠡ ᠤᠷᠳᠤᠨ ᠳᠤ ᠠᠯᠪᠠ | ᠪᠠᠷᠢᠬᠤ ᠪᠠᠷ ᠢᠷᠡᠭᠰᠡᠨ ᠪᠠᠭᠠᠷᠢᠨ ᠤ ᠨᠢᠭᠡᠳᠦᠭᠡᠷ ᠵᠡᠷᠭᠡ ᠶᠢᠨ ᠲᠠᠶᠢᠵᠢ ᠭᠡᠷᠡᠯᠳᠦ ᠵᠡᠷᠭᠡ ᠬᠦᠮᠦᠨ ᠳᠤ ᠬᠤᠷᠢᠮ | ᠤᠨ ᠰᠢᠷᠡᠭᠡ ᠵᠠᠰᠠᠵᠤ ᠲᠠᠶᠢᠯᠠᠵᠠᠢ᠃ ᠠᠷᠪᠠᠨ ᠬᠤᠶᠠᠷ ᠰᠠᠷ᠎ᠠ ᠶᠢᠨ ᠬᠤᠷᠢ ᠶᠢᠰᠦᠨ ᠡᠳᠦᠷ ᠪᠢᠳᠡᠭᠦᠨ ᠤ | ᠡᠳᠦᠷ ᠢ ᠪᠡᠯᠡᠭᠯᠡᠬᠦ ᠶᠢᠨ ᠲᠦᠯᠦᠭᠡ ᠬᠠᠭᠠᠨ ᠡᠵᠡᠨ ᠲᠦᠷᠦ ᠳᠤ ᠢᠷᠡᠭᠰᠡᠨ ᠭᠠᠳᠠᠭᠠᠳᠤ ᠮᠤᠩᠭᠤᠯ ᠤᠨ ᠪᠠᠭᠠᠷᠢᠨ | ᠠᠶᠢᠮᠠᠭ ᠤᠨ ᠪᠠᠶᠢᠰᠠ ᠨᠤᠷᠵᠠ ᠂ ᠲᠠᠪᠤᠨᠠᠩ ᠂ ᠠᠷᠠᠪᠳᠠᠨ ᠂ ᠨᠢᠭᠡᠳᠦᠭᠡᠷ ᠵᠡᠷᠭᠡ ᠶᠢᠨ ᠲᠠᠶᠢᠵᠢ ᠯᠦᠰᠢᠰᠢᠪᠦ | ᠵᠡᠷᠭᠡ ᠬᠦᠮᠦᠨ ᠢ ᠵᠤᠴᠢᠯᠠᠵᠦ ᠠᠷᠢᠬᠢ ᠤᠭᠤᠤᠵᠤ ᠴᠡᠩᠭᠡᠯᠳᠦᠵᠠᠢ᠃ | ᠡᠩᠭᠡ ᠠᠮᠤᠭᠤᠯᠠᠩ ᠤᠨ ᠬᠤᠷᠢᠨ ᠲᠦᠷᠪᠡᠳᠦᠭᠡᠷ ᠤᠨ ᠤ ︵ ᠬᠦᠬᠡᠭᠴᠢᠨ ᠦᠭᠡᠷ ᠵᠢᠯ᠂1685 | ᠤᠨ︶ ᠴᠠᠭᠠᠨ ᠰᠠᠷ᠎ᠠ ᠶᠢᠨ ᠠᠷᠪᠠᠨ ᠲᠦᠷᠪᠡᠨ ᠤ ᠡᠳᠦᠷ ︵ ᠬᠦᠬᠡ ᠨᠤᠬᠠᠢ︶ ᠤᠨ ᠬᠤᠨᠢᠨ ᠴᠠᠭ | ᠲᠤ ᠬᠠᠭᠠᠨ ᠡᠵᠡᠨ ᠪᠤᠤ ᠾᠧ ᠳ᠋ᠢᠶᠠᠨ ᠤᠷᠳᠤᠨ ᠳᠤ ᠴᠠᠭᠠᠨ ᠰᠠᠷ᠎ᠠ ᠶᠢᠨ ᠠᠷᠪᠠᠨ ᠲᠠᠪᠤᠨ ᠤ ᠪᠠᠶᠠᠷ ᠤᠨ | ᠶᠡᠭᠡ ᠲᠠᠶᠢᠯᠠᠯᠭ᠎ᠠ ᠬᠢᠵᠦ ᠲᠦᠷᠦ ᠳᠤ ᠢᠷᠡᠭᠰᠡᠨ ᠭᠠᠳᠠᠭᠠᠳᠤ ᠮᠤᠩᠭᠤᠯ ᠤᠨ ᠪᠠᠭᠠᠷᠢᠨ ᠠᠶᠢᠮᠠᠭ ᠤᠨ ᠪᠠᠶᠢᠰᠠ | ᠤᠷᠵᠢᠨ᠂ ᠲᠦᠷᠦ ᠶᠢᠨ ᠲᠠᠪᠤᠨᠠᠩ ᠠᠷᠪᠳᠠᠨ ᠨᠢᠭᠡᠳᠦᠭᠡᠷ ᠵᠡᠷᠭᠡ ᠶᠢᠨ ᠲᠠᠶᠢᠵᠢ ᠯᠦᠰᠢᠰᠢᠪᠤ ᠵᠡᠷᠭᠡ | ᠮᠤᠩᠭᠤᠯ ᠸᠠᠩ ᠭᠦᠩ᠂ ᠲᠠᠶᠢᠵᠢ ᠢ ᠵᠤᠴᠢᠯᠠᠪᠠ᠃ | ᠬᠤᠶᠠᠷ ᠰᠠᠷ᠎ᠠ ᠶᠢᠨ ᠠᠷᠪᠠᠨ ᠭᠤᠷᠪᠠᠨ ᠤ ᠡᠳᠦᠷ ︵ ᠬᠠᠷᠠᠭᠴᠢᠨ ᠲᠠᠤᠯᠠᠢ︶ ᠤᠨ ᠬᠤᠨᠢᠨ ᠴᠠᠭ | ᠲᠤ ᠬᠠᠭᠠᠨ ᠡᠵᠡᠨ ᠪᠤᠤ ᠾᠧ ᠳ᠋ᠢᠶᠠᠨ ᠤᠷᠳᠤᠨ ᠳᠤ ᠠᠮᠤᠷ ᠢ ᠠᠰᠠᠭᠤᠵᠤ ᠠᠯᠪᠠ ᠪᠠᠷᠢᠬᠤ ᠪᠠᠷ ᠢᠷᠡᠭᠰᠡᠨ | ᠪᠠᠭᠠᠷᠢᠨ ᠠᠶᠢᠮᠠᠭ ᠤᠨ ᠭᠤᠷᠪᠠᠳᠤᠭᠠᠷ ᠵᠡᠷᠭᠡ ᠶᠢᠨ ᠲᠠᠶᠢᠵᠢ ᠴᠠᠭᠳᠤᠷᠵᠠᠪ ᠵᠡᠷᠭᠡ ᠬᠦᠮᠦᠨ ᠳᠤ ᠬᠤᠷᠢᠮ ᠤᠨ | ᠰᠢᠷᠡᠭᠡ ᠵᠠᠰᠠᠵᠤ ᠲᠠᠶᠢᠯᠠᠵᠠᠢ᠃ | ᠲᠤᠯᠤᠭᠠᠨ ᠰᠠᠷ᠎ᠠ ᠶᠢᠨ ᠠᠷᠪᠠᠨ ᠶᠢᠰᠦᠨ ᠤ ᠡᠳᠦᠷ ︵ ᠤᠯᠠᠭᠠᠭᠴᠢᠨ ᠦᠭᠡᠷ ︶ ᠲᠤ ᠬᠠᠭᠠᠨ | ᠡᠵᠡᠨ ᠹᠦ᠋ ᠵᠢᠶᠠᠨ ᠱᠠᠨ ᠳᠤ ᠪᠠᠭᠤᠳᠠᠯᠯᠠᠵᠤ ᠂ ᠲᠤᠰ ᠡᠳᠦᠷ ᠲᠡᠭᠡᠨ ᠪᠠᠭᠠᠷᠢᠨ ᠸᠠᠩ ᠨᠠᠮᠳᠠᠭ ᠳᠤ ᠲᠠᠪᠤᠨ | ᠦᠭᠡᠷ ᠂ ᠲᠠᠪᠢᠨ ᠲᠠᠪᠤᠨ ᠬᠤᠨᠢ ᠱᠠᠩᠨᠠᠵᠠᠢ᠃ ᠨᠠᠢᠮᠠᠨ ᠰᠠᠷ᠎ᠠ ᠶᠢᠨ ᠠᠷᠪᠠᠨ ᠬᠤᠶᠠᠷ ᠤᠨ ᠡᠳᠦᠷ ︵ᠴᠠᠭᠠᠨ | ᠬᠤᠯᠤᠭᠠᠨ᠎ᠠ︶ ᠬᠠᠭᠠᠨ ᠡᠵᠡᠨ ᠯᠢᠩ ᠯᠦᠩ ᠺᠡᠦ ᠳᠤ ᠪᠠᠭᠤᠳᠠᠯᠯᠠᠵᠤ ᠂ ᠲᠤᠰ ᠡᠳᠦᠷ ᠲᠡᠭᠡᠨ ᠪᠠᠭᠠᠷᠢᠨ | ᠸᠠᠩ ᠨᠠᠮᠳᠠᠭ ᠂ ᠲᠠᠪᠤᠨᠠᠩ ᠦᠷᠭᠦᠨ᠂ ᠲᠦᠷᠦ ᠶᠢᠨ ᠲᠠᠪᠤᠨᠠᠩ ᠠᠷᠪᠳᠠᠨ ᠵᠡᠷᠭᠡ ᠬᠦᠮᠦᠨ ᠳᠤ ᠮᠠᠩᠨᠤᠭ | ᠲᠡᠪᠡᠯ ᠂ ᠡᠩᠳᠠᠢ ᠲᠤᠷᠭ᠎ᠠ᠂ ᠠᠯᠳᠠ ᠬᠠᠪᠴᠢᠭᠤᠯᠤᠭᠰᠠᠨ ᠲᠦᠷᠢᠶᠡ ᠂ ᠭᠤᠳᠤᠯ ᠂ ᠲᠤᠷᠭᠠᠨ ᠴᠠᠮᠴᠠ᠂ | ᠪᠦᠰ ᠂ ᠮᠦᠩᠬᠦ ᠱᠠᠩᠨᠠᠵᠠᠢ᠃ | ᠠᠷᠪᠠᠨ ᠰᠠᠷ᠎ᠠ ᠶᠢᠨ ᠭᠤᠷᠪᠠᠨ ᠤ ᠡᠳᠦᠷ ᠤᠨ ᠬᠤᠨᠢᠨ ᠴᠠᠭ ᠲᠤ ᠬᠠᠭᠠᠨ ᠡᠵᠡᠨ ᠵᠢᠩ ᠱᠠᠨ ᠤ | ᠡᠮᠦᠨ᠎ᠡ ᠤᠷᠳᠤᠨ ᠳᠤ ᠬᠡᠰᠢᠭ ᠢᠶᠠᠷ ︵ᠵᠢᠱᠢᠶ᠎ᠡ︶ ᠠᠯᠪᠠ ᠪᠠᠷᠢᠬᠤ ᠪᠠᠷ ᠢᠷᠡᠭᠰᠡᠨ ᠪᠠᠭᠠᠷᠢᠨ ᠤ | ᠭᠤᠷᠪᠠᠳᠤᠭᠠᠷ ᠵᠡᠷᠭᠡ ᠶᠢᠨ ᠲᠠᠶᠢᠵᠢ ᠨᠠᠮᠤᠴᠢ ᠵᠡᠷᠭᠡ ᠬᠦᠮᠦᠨ ᠳᠤ ᠬᠤᠷᠢᠮ ᠤᠨ ᠰᠢᠷᠡᠭᠡ ᠵᠠᠰᠠᠵᠤ | ᠲᠠᠶᠢᠯᠠᠵᠠᠢ᠃ ᠠᠷᠪᠠᠨ ᠭᠤᠷᠪᠠᠨ ᠤ ᠡᠳᠦᠷ ︵ᠴᠠᠭᠠᠨ ᠬᠤᠯᠤᠭᠠᠨ᠎ᠠ︶ ᠤᠨ ᠬᠤᠨᠢᠨ ᠴᠠᠭ ᠲᠤ ᠬᠠᠭᠠᠨ | ᠡᠵᠡᠨ ᠵᠢᠩ ᠱᠠᠨ ᠤ ᠡᠮᠦᠨ᠎ᠡ ᠤᠷᠳᠤᠨ ᠳᠤ ᠬᠡᠰᠢᠭ ᠢᠶᠠᠷ ︵ᠵᠢᠱᠢᠶ᠎ᠡ︶ ᠢᠷᠡᠭᠰᠡᠨ ᠪᠠᠭᠠᠷᠢᠨ ᠤ | ᠲᠦᠷᠪᠡᠳᠦᠭᠡᠷ ᠵᠡᠷᠭᠡ ᠶᠢᠨ ᠲᠠᠶᠢᠵᠢ ᠨᠤᠷᠪᠤ ᠵᠡᠷᠭᠡ ᠬᠦᠮᠦᠨ ᠳᠤ ᠬᠤᠷᠢᠮ ᠤᠨ ᠰᠢᠷᠡᠭᠡ ᠵᠠᠰᠠᠵᠤ | ᠲᠠᠶᠢᠯᠠᠵᠠᠢ᠃ ᠠᠷᠪᠠᠨ ᠬᠤᠶᠠᠷ ᠰᠠᠷ᠎ᠠ ᠶᠢᠨ ᠠᠷᠪᠠᠨ ᠶᠢᠰᠦᠨ ᠤ ᠡᠳᠦᠷ ᠬᠠᠭᠠᠨ ᠡᠵᠡᠨ ᠪᠤᠤ ᠾᠧ ᠳ᠋ᠢᠶᠠᠨ | ᠤᠷᠳᠤᠨ ᠳᠤ ᠲᠦᠷᠦ ᠳᠤ ᠢᠷᠡᠭᠰᠡᠨ ᠭᠠᠳᠠᠭᠠᠳᠤ ᠮᠤᠩᠭᠤᠯ ᠤᠨ ᠪᠠᠭᠠᠷᠢᠨ ᠠᠶᠢᠮᠠᠭ ᠤᠨ ᠪᠠᠶᠢᠰᠠ ᠸᠧᠨ | ᠴᠦᠨ ᠂ ᠲᠦᠷᠦ ᠶᠢᠨ ᠲᠠᠪᠤᠨᠠᠩ ᠠᠷᠪᠳᠠᠨ᠂ ᠭᠤᠷᠪᠠᠳᠤᠭᠠᠷ ᠵᠡᠷᠭᠡ ᠶᠢᠨ ᠲᠠᠶᠢᠵᠢ ᠭᠤᠮᠪᠤ ᠵᠡᠷᠭᠡ ᠬᠦᠮᠦᠨ | ᠳᠤ ᠬᠤᠷᠢᠮ ᠤᠨ ᠰᠢᠷᠡᠭᠡ ᠵᠠᠰᠠᠵᠤ ᠲᠠᠶᠢᠯᠠᠵᠠᠢ᠃ | ᠡᠩᠭᠡ ᠠᠮᠤᠭᠤᠯᠠᠩ ᠤᠨ ᠬᠤᠷᠢᠨ ᠲᠠᠪᠤᠳᠤᠭᠠᠷ ᠤᠨ ᠤ ︵ ᠤᠯᠠᠭᠠᠨ ᠪᠠᠷᠰ ᠵᠢᠯ᠂1686 ᠤᠨ︶ | ᠴᠠᠭᠠᠨ ᠰᠠᠷ᠎ᠠ ᠶᠢᠨ ᠠᠷᠪᠠᠨ ᠲᠦᠷᠪᠡᠨ ᠤ ᠡᠳᠦᠷ ︵ ᠰᠢᠷᠠᠭᠴᠢᠨ ᠮᠤᠭᠠᠢ︶ ᠤᠨ ᠦᠳᠡ ᠳᠤ ᠬᠠᠭᠠᠨ | ᠡᠵᠡᠨ ᠪᠤᠤ ᠾᠧ ᠳ᠋ᠢᠶᠠᠨ ᠤᠷᠳᠤᠨ ᠳᠤ ᠴᠠᠭᠠᠨ ᠰᠠᠷ᠎ᠠ ᠶᠢᠨ ᠠᠷᠪᠠᠨ ᠲᠠᠪᠤᠨ ᠤ ᠪᠠᠶᠠᠷ ᠤᠨ ᠶᠡᠭᠡ ᠲᠠᠶᠢᠯᠠᠯᠭ᠎ᠠ | ᠬᠢᠵᠦ ᠲᠦᠷᠦ ᠳᠤ ᠢᠷᠡᠭᠰᠡᠨ ᠭᠠᠳᠠᠭᠠᠳᠤ ᠮᠤᠩᠭᠤᠯ ᠤᠨ ᠪᠠᠭᠠᠷᠢᠨ ᠠᠶᠢᠮᠠᠭ ᠤᠨ ᠬᠤᠰᠢᠭᠤᠨ ᠪᠠᠶᠢᠰᠠ ᠸᠧᠨ | ᠴᠦᠨ ᠂ ᠲᠦᠷᠦ ᠶᠢᠨ ᠲᠠᠪᠤᠨᠠᠩ ᠠᠷᠪᠳᠠᠨ᠂ ᠭᠤᠷᠪᠠᠳᠤᠭᠠᠷ ᠵᠡᠷᠭᠡ ᠶᠢᠨ ᠲᠠᠶᠢᠵᠢ ᠭᠤᠮᠪᠤ ᠵᠡᠷᠭᠡ | ᠮᠤᠩᠭᠤᠯ ᠸᠠᠩ ᠭᠦᠩ᠂ ᠲᠠᠶᠢᠵᠢ ᠨᠠᠷ ᠲᠠᠢ ᠠᠷᠬᠢᠳᠠᠨ ᠴᠡᠩᠭᠡᠯᠳᠦᠪᠡ᠃ ᠢᠯᠡᠭᠦᠦ ᠲᠦᠷᠪᠡᠨ ᠰᠠᠷ᠎ᠠ ᠶᠢᠨ | ᠠᠷᠪᠠᠨ ᠬᠤᠶᠠᠷ ᠤᠨ ᠡᠳᠦᠷ ︵ ᠬᠦᠭᠡᠭᠴᠢᠨ ᠦᠭᠡᠷ︶ ᠤᠨ ᠬᠤᠨᠢᠨ ᠴᠠᠭ ᠲᠤ ᠬᠠᠭᠠᠨ ᠡᠵᠡᠨ ᠵᠢᠩ | ᠱᠠᠨ ᠤ ᠡᠮᠦᠨ᠎ᠡ ᠤᠷᠳᠤᠨ ᠳᠤ ᠠᠮᠤᠷ ᠢ ᠠᠰᠠᠭᠤᠵᠤ ᠠᠯᠪᠠ ᠪᠠᠷᠢᠬᠤ ᠪᠠᠷ ᠢᠷᠡᠭᠰᠡᠨ ᠪᠠᠭᠠᠷᠢᠨ ᠤ | ᠨᠢᠭᠡᠳᠦᠭᠡᠷ ᠵᠡᠷᠭᠡ ᠶᠢᠨ ᠲᠠᠶᠢᠵᠢ ᠭᠡᠷᠡᠯᠳᠦ ᠵᠡᠷᠭᠡ ᠬᠦᠮᠦᠨ ᠳᠤ ᠬᠤᠷᠢᠮ ᠤᠨ ᠰᠢᠷᠡᠭᠡ ᠵᠠᠰᠠᠵᠤ ᠲᠠᠶᠢᠯᠠᠵᠠᠢ | ᠃ ᠨᠠᠢᠮᠠᠨ ᠰᠠᠷ᠎ᠠ ᠶᠢᠨ ᠠᠷᠪᠠᠨ ᠲᠦᠷᠪᠡᠨ ᠤ ᠡᠳᠦᠷ ᠪᠠᠭᠠᠷᠢᠨ ᠠᠶᠢᠮᠠᠭ ᠤᠨ ᠵᠠᠰᠠᠭ ᠲᠦᠷᠦ ᠶᠢᠨ ᠵᠢᠶᠦ᠋ᠨ | ᠸᠠᠩ ᠨᠠᠮᠳᠠᠭ ᠲᠦᠷᠦ ᠳᠤ ᠢᠷᠡᠵᠦ ᠡᠵᠡᠨ ᠬᠠᠭᠠᠨ ᠤ ᠡᠷᠡᠭᠦᠯ ᠮᠡᠨᠳᠦ ᠶᠢ ᠪᠡᠯᠭᠡᠳᠠᠵᠠᠢ᠃ ᠶᠢᠰᠦᠨ ᠰᠠᠷ᠎ᠠ ᠶᠢᠨ | ᠬᠤᠷᠢᠨ ᠵᠢᠷᠭᠤᠭᠠᠨ ᠤ ᠡᠳᠦᠷ ︵ ᠤᠯᠠᠭᠠᠭᠴᠢᠨ ᠬᠤᠨᠢ︶ ᠤᠨ ᠬᠤᠨᠢᠨ ᠴᠠᠭ ᠲᠤ ᠬᠠᠭᠠᠨ ᠡᠵᠡᠨ ᠵᠢᠩ | ᠱᠠᠨ ᠤ ᠡᠮᠦᠨ᠎ᠡ ᠤᠷᠳᠤᠨ ᠳᠤ ᠠᠮᠤᠷ ᠢ ᠠᠰᠠᠭᠤᠵᠤ ᠠᠯᠪᠠ ᠪᠠᠷᠢᠬᠤ ᠪᠠᠷ ᠢᠷᠡᠭᠰᠡᠨ ᠪᠠᠭᠠᠷᠢᠨ ᠤ | ᠲᠦᠷᠪᠡᠳᠦᠭᠡᠷ ᠵᠡᠷᠭᠡ ᠶᠢᠨ ᠲᠠᠶᠢᠵᠢ ᠪᠠᠳᠤᠰᠠᠬᠢ ᠵᠡᠷᠭᠡ ᠬᠦᠮᠦᠨ ᠳᠤ ᠬᠤᠷᠢᠮ ᠤᠨ ᠰᠢᠷᠡᠭᠡ ᠵᠠᠰᠠᠵᠤ | ᠲᠠᠶᠢᠯᠠᠵᠠᠢ᠃ |