| | 1358 ᠤᠨ ᠤ 2 ᠰᠠᠷ᠎ᠠ ᠳᠤ ᠱᠠᠨᠰᠢ ᠶᠢ ᠰᠠᠬᠢᠭᠰᠠᠨ ᠴᠠᠭᠠᠨᠳᠡᠮᠦᠷ ᠤᠨ ᠴᠡᠷᠢᠭ ᠵᠢᠩ (泾) | ᠵᠧᠦ ᠂ ᠫᠢᠩ ᠯᠢᠶᠠᠩ ᠢ ᠡᠭᠡᠭᠦᠯᠪᠡ᠃ 4 ᠰᠠᠷ᠎ᠠ ᠳᠤ ᠬᠦᠩ ᠴᠠᠩ ᠳᠤ ᠯᠢ ᠰᠢ ᠰᠢ ᠶᠢᠨ ᠪᠦᠯᠦᠭ ᠢ ᠢᠯᠠᠵᠤ | ᠤᠯᠠᠭᠠᠨ ᠠᠯᠴᠢᠭᠤᠷᠳᠠᠨ ᠢ ᠰᠢᠬᠠᠮᠳᠠᠭᠤᠯᠤᠨ ᠰᠧᠴᠤᠸᠠᠨ ᠵᠦᠭ ᠤᠬᠤᠷᠢᠭᠤᠯᠵᠤ ᠤᠮᠠᠷᠠᠰᠢ ᠦᠩᠬᠡᠯᠵᠡᠬᠦ ᠵᠤᠷᠢᠭ | ᠦᠭᠡᠢ ᠪᠤᠯᠭᠠᠵᠠᠢ᠃ | 1357 ᠤᠨ ᠤ 9 ᠰᠠᠷ᠎ᠠ ᠳᠤ ᠤᠯᠠᠭᠠᠨ ᠠᠯᠴᠢᠭᠤᠷᠳᠠᠨ ᠤ ᠲᠤᠮᠳᠠ ᠵᠠᠮ ᠨᠢ ᠭᠤᠸᠠᠨ ᠰᠢᠶᠠᠨ ᠱᠧᠩ | ᠂ ᠫᠧ ᠲᠧᠦ ᠹᠠᠨ᠂ ᠹᠧᠩ ᠴᠠᠩ ᠵᠢᠦ᠂ ᠱᠠ ᠯᠢᠦ ᠡᠯ ᠵᠡᠷᠭᠡ ᠬᠦᠮᠦᠰ ᠤᠨ ᠲᠠᠭᠠᠭᠤᠯᠭ᠎ᠠ ᠪᠠᠷ ᠲᠠᠢ ᠬᠠᠩ | ᠱᠠᠨ ᠠᠭᠤᠯᠠ ᠶᠢ ᠲᠠᠪᠠᠵᠤ ᠱᠠᠨ ᠰᠢ ᠳᠤ ᠲᠠᠭᠠᠷᠢᠨ ᠤᠷᠤᠭᠠᠳ ᠯᠢᠩ ᠴᠤᠸᠠᠨ᠂ ᠭᠤᠤ ᠫᠢᠩ ᠂ ᠯᠦ ᠵᠧᠦ | ᠵᠡᠷᠭᠡ ᠶᠢ ᠡᠪᠳᠡᠵᠠᠢ᠃ ᠭᠡᠳᠡᠯ᠎ᠡ ᠵᠢᠢ ᠨᠢᠩ ᠯᠦ ︵ᠱᠠᠨ ᠰᠢ ᠶᠢᠨ ᠲᠠᠶᠢᠶᠤᠸᠠᠨ ︶ ᠶᠢ ᠲᠠᠭᠠᠷᠢᠬᠤ ᠲᠠᠭᠠᠨ | ᠴᠠᠭᠠᠨᠳᠡᠮᠦᠷ ᠤᠨ ᠲᠤᠮᠢᠯᠠᠭᠰᠠᠨ ᠲᠤᠰᠠᠯᠠᠬᠤ ᠴᠡᠷᠢᠭ ᠲᠤ ᠢᠯᠠᠭᠳᠠᠵᠤ ᠠᠷᠭ᠎ᠠ ᠦᠭᠡᠢ ᠱᠠᠨ ᠰᠢ ᠠᠴᠠ | ᠤᠬᠤᠷᠢᠨ ᠭᠠᠷᠴᠠᠢ᠃ | 1358 ᠤᠨ ᠤ ᠬᠠᠪᠤᠷ ᠤᠯᠠᠭᠠᠨ ᠠᠯᠴᠢᠭᠤᠷᠳᠠᠨ ᠬᠤᠶᠠᠷ ᠵᠠᠮ ᠬᠤᠪᠢᠶᠠᠨ ᠱᠠᠨ ᠰᠢ ᠳᠤ | ᠲᠠᠬᠢᠨᠳᠠᠲ᠋ᠠᠭᠠᠷᠢᠨ ᠤᠷᠤᠵᠤ ᠶᠢᠨ ᠨᠢᠩ ᠯᠦ ︵ ᠱᠠᠨ ᠰᠢ ᠶᠢᠨ ᠯᠢᠨ ᠹᠧᠨ ︶ ᠂ ᠵᠢᠢ ᠨᠢᠩ ᠯᠦ ᠂ ᠶᠠᠨ | ᠮᠧᠨ ︵ᠱᠠᠨ ᠰᠢ ᠶᠢᠨ ᠳ᠋ᠠᠢ ᠰᠢᠶᠠᠨ ᠤ ᠵᠡᠭᠦᠨ ᠬᠤᠶᠢᠳᠤ ︶᠂ ᠳ᠋ᠠᠢ ᠵᠧᠦ ︵ ᠱᠠᠨ ᠰᠢ ᠶᠢᠨ ᠳ᠋ᠠᠢ | ᠰᠢᠶᠠᠨ ︶ ᠵᠡᠷᠭᠡ ᠭᠠᠵᠠᠷ ᠢ ᠡᠵᠡᠯᠡᠭᠰᠡᠨ ᠠᠴᠠ ᠶᠤᠸᠠᠨ ᠤ ᠵᠠᠰᠠᠭ ᠤᠨ ᠱᠠᠨ ᠰᠢ ᠳᠠᠬᠢ ᠨᠤᠶᠠᠷᠬᠠᠯ | ᠰᠦᠢᠷᠡᠪᠡ᠃ | ᠶᠤᠸᠠᠨ ᠤ ᠵᠠᠰᠠᠭ ᠠᠴᠠ ᠤᠯᠠᠭᠠᠨ ᠠᠯᠴᠢᠭᠤᠷᠳᠠᠨ ᠤ ᠲᠤᠮᠳᠠ ᠵᠠᠮ ᠢ ᠤᠰᠠᠳᠬᠠᠬᠤ ᠡᠭᠦᠷᠭᠡ ᠶᠢ ᠪᠠᠰᠠᠬᠦ | ᠴᠠᠭᠠᠳᠡᠮᠦᠷ ᠲᠤ ᠲᠤᠰᠢᠶᠠᠵᠠᠢ᠃ 3 ᠰᠠᠷ᠎ᠠ ᠳᠤ ᠴᠠᠭᠠᠨᠳᠡᠮᠦᠷ ᠭᠠᠷ ᠲᠤᠤᠷᠠᠬᠢ ᠶᠡᠭᠡ ᠵᠠᠩᠵᠤᠨ ᠰᠠᠶᠢᠨᠴᠢ ᠵᠡᠷᠭᠡ | ᠬᠦᠮᠦᠨ ᠢᠶᠠᠨ ᠲᠤᠮᠢᠯᠠᠨ ᠵᠠᠩ ᠱᠢ ᠴᠧᠩ ᠤᠨ ᠪᠦᠯᠦᠭ ᠲᠤ ᠪᠤᠯᠢᠶᠠᠭᠳᠠᠭᠰᠠᠨ ᠶᠢᠨ ᠨᠢᠩ ᠯᠦ ᠶᠢ ᠡᠭᠡᠭᠦᠯᠵᠠᠢ ᠃ | 5 ᠰᠠᠷ᠎ᠠ ᠶᠢᠨ 1 ᠳᠤ ᠴᠠᠭᠠᠨᠳᠡᠮᠦᠷ ᠳ᠋ᠦᠩ ᠺᠧ ᠴᠠᠩ ᠵᠡᠷᠭᠡ ᠶᠢ ᠲᠤᠮᠢᠯᠠᠨ ᠵᠢᠢ ᠨᠢᠩ ᠯᠦ ᠶᠢ ᠡᠭᠡᠭᠦᠯᠪᠡ᠃ | 5 ᠰᠠᠷ᠎ᠠ ᠶᠢᠨ 8 ᠳᠤ ᠴᠠᠭᠠᠨᠳᠡᠮᠦᠷ ᠤᠨ ᠴᠡᠴᠡᠷ ᠤᠨ ᠲᠤᠤᠷᠠᠬᠢ ᠶᠡᠭᠡ ᠵᠠᠩᠵᠤᠨ ᠭᠤᠸᠠᠨ ᠪᠤᠤ ᠭᠤᠤ ᠫᠢᠩ | ᠳᠤ ᠤᠯᠠᠭᠠᠨ ᠠᠯᠴᠢᠭᠤᠷᠳᠠᠨ ᠢ ᠢᠯᠠᠵᠠᠢ᠃ | ᠡᠭᠦᠨ ᠤ ᠵᠡᠷᠭᠡᠪᠡᠷ ᠴᠠᠭᠠᠨᠳᠡᠮᠦᠷ ᠴᠡᠷᠢᠭ ᠲᠤᠮᠢᠯᠠᠨ ᠴᠢᠩ ᠴᠢᠦ ( ᠱᠠᠨ ᠰᠢ ᠶᠢᠨ ᠮᠧᠢ ᠰᠢᠶᠠᠨ ᠤ | ᠵᠡᠭᠦᠨ ᠡᠮᠦᠨ᠎ᠡ︶᠂ ᠢ ᠭᠦ᠋ ︵ ᠤᠳᠤᠬᠠᠨ ᠤ ᠱᠠᠨ ᠰᠢ ᠶᠢᠨ ᠯᠠᠨ ᠲᠢᠶᠠᠨ ᠤ ᠪᠠᠷᠠᠭᠤᠨ ᠡᠮᠦᠨ᠎ᠡ︶ ᠂ ᠲᠦᠩ | ᠭᠤᠸᠠᠨ ᠵᠡᠷᠭᠡ ᠬᠠᠪᠴᠢᠯ ᠠᠮᠠ ᠶᠢ ᠰᠠᠭᠢᠭᠤᠯᠤᠭᠠᠳ᠂ ᠰᠢᠯᠢᠳᠡᠭ ᠴᠡᠷᠢᠭ ᠲᠠᠭᠠᠭᠤᠯᠤᠨ ᠱᠠᠨ ᠰᠢ ᠳᠤ | ᠤᠷᠤᠵᠠᠢ᠃ 6 ᠰᠠᠷ᠎ᠠ ᠶᠢᠨ 13 ᠤ ᠡᠳᠦᠷ᠂ ᠭᠤᠸᠠᠨ ᠰᠢᠶᠠᠨ ᠱᠧᠩ ᠂ ᠫᠧ ᠲᠧᠦ ᠹᠠᠨ ᠵᠡᠷᠭᠡ ᠤᠯᠠᠭᠠᠨ | ᠠᠯᠴᠢᠭᠤᠷᠳᠠᠨ ᠯᠢᠶᠤᠤ ᠵᠧᠦ ︵ᠱᠠᠨ ᠰᠢ ᠽᠦᠸᠧ ᠴᠢᠦᠸᠠᠨ ︶ ᠢ ᠡᠪᠳᠡᠭᠰᠡᠨ ᠳᠤ ᠴᠠᠭᠠᠨᠳᠡᠮᠦᠷ ᠤᠨ ᠶᠡᠭᠡ | ᠵᠠᠩᠵᠤᠨ ᠬᠤᠯᠠᠨᠴᠢ ᠴᠤᠬᠢᠨ ᠤᠬᠤᠷᠢᠭᠤᠯᠤᠭᠰᠠᠨ ᠪᠤᠯᠪᠠᠴᠦ ᠲᠤᠰ ᠠᠩᠬᠢ ᠤᠯᠠᠭᠠᠨ ᠠᠯᠴᠢᠭᠤᠷᠳᠠᠨ ᠵᠢᠢ ᠨᠢᠩ | ᠯᠦ ᠶᠢ ᠲᠠᠬᠢᠨᠳᠠ ᠡᠵᠡᠯᠡᠵᠠᠢ᠃ | ᠴᠠᠭᠠᠨᠳᠡᠮᠦᠷ ᠲᠤᠰ ᠵᠠᠮ ᠤᠨ ᠤᠯᠠᠭᠠᠨ ᠠᠯᠴᠢᠭᠤᠷᠳᠠᠨ ᠲᠠᠢ ᠨᠤᠤᠷᠠᠯᠳᠤᠨ ᠪᠠᠶᠢᠯᠳᠤᠬᠤ ᠶᠠᠪᠤᠴᠠ | ᠳᠠᠭᠠᠨ ︽ᠡᠨᠡᠬᠦ ᠠᠩᠬᠢ ᠤᠯᠠᠭᠠᠨ ᠠᠯᠴᠢᠭᠤᠷᠳᠠᠨ ᠤ ᠴᠡᠷᠢᠭ ᠤᠨ ᠬᠦᠴᠦᠨ ᠶᠡᠭᠡ ᠲᠠᠷᠦᠶᠢᠬᠠᠨ ᠪᠦᠷᠢᠮᠦᠰᠤᠨ | ᠤᠰᠠᠳᠬᠠᠬᠤ ᠳᠤ ᠬᠦᠴᠢᠷ ︾ ᠭᠡᠰᠡᠨ ᠢ ᠰᠡᠷᠡᠵᠦ ᠪᠠᠬᠢᠯᠡᠨ ᠰᠠᠬᠢᠬᠤ ᠪᠠᠶᠢᠯᠳᠤᠬᠤ ᠪᠤᠳᠤᠯᠭ᠎ᠠ ᠠᠪᠴᠦ ᠲᠤᠰ | ᠠᠩᠬᠢ ᠤᠯᠠᠭᠠᠨ ᠠᠯᠴᠢᠭᠤᠷᠳᠠᠨ ᠢ ᠱᠠᠨ ᠰᠢ ᠠᠴᠠ ᠦᠯᠳᠡᠨ ᠭᠠᠷᠭᠠᠬᠤ ᠪᠠᠷ ᠬᠦᠴᠦᠯᠡᠪᠡ᠃ ᠲᠡᠷᠡᠪᠡᠷ ᠴᠡᠷᠢᠭ | ᠮᠤᠷᠢ ᠶᠢ ᠬᠤᠪᠢᠶᠠᠨ ᠽᠧ ᠵᠧᠦ ︵ ᠱᠠᠨ ᠰᠢ ᠶᠢᠨ ᠶᠢᠨ ᠴᠧᠩ︶ ᠂ ᠱᠠᠩ ᠳ᠋ᠠᠩ ᠂ ᠪᠢᠩ ᠵᠧᠦ ᠶᠢ ᠪᠠᠬᠢᠯᠡᠨ | ᠰᠠᠬᠢᠵᠤ ᠂ ᠲᠠᠢ ᠬᠠᠩ ᠱᠠᠨ ᠠᠭᠤᠯᠠ ᠶᠢᠨ ᠬᠠᠪᠴᠢᠯ ᠠᠮᠠ ᠪᠤᠯᠬᠤ ᠸᠠᠨ ᠽᠢ ᠴᠧᠩ ︵ ᠱᠠᠨ ᠰᠢ ᠶᠢᠨ | ᠶᠢᠨ ᠴᠧᠩ︶ ᠂ ᠡᠦ ᠡᠯ ᠭᠧᠦ ︵ᠱᠠᠨ ᠰᠢ ᠶᠢᠨ ᠯᠢ ᠴᠧᠩ ᠤᠨ ᠬᠤᠳᠠ ᠶᠢᠨ ᠵᠡᠭᠦᠨ︶ ᠵᠢᠩ ᠵᠢᠩ ᠺᠧᠦ | ︵ᠫᠢᠩ ᠳ᠋ᠢᠩ ᠤᠨ ᠵᠡᠭᠦᠨ ︶ ᠵᠡᠷᠭᠡ ᠬᠠᠪᠴᠢᠯ ᠠᠮᠠ ᠶᠢ ᠪᠠᠭᠢᠯᠡᠵᠦ ᠤᠯᠠᠭᠠᠨ ᠠᠯᠴᠢᠭᠤᠷᠳᠠᠨ ᠤ ᠲᠠᠢ ᠬᠠᠩ | ᠱᠠᠨ ᠠᠭᠤᠯᠠ ᠪᠠᠷ ᠲᠠᠮᠵᠢᠨ ᠲᠠᠶᠢᠳᠦ ᠳᠤ ᠤᠷᠤᠬᠤ ᠭᠤᠤᠯ ᠵᠠᠮ ᠢ ᠲᠠᠰᠤᠯᠵᠠᠢ᠃ ᠤᠯᠠᠭᠠᠨ ᠠᠯᠴᠢᠭᠤᠷᠳᠠᠨ | ᠬᠡᠳᠦᠨᠳᠡ ᠬᠠᠪᠴᠢᠯ ᠠᠮᠠ ᠶᠢ ᠲᠠᠭᠠᠷᠢᠭᠰᠠᠨ ᠪᠤᠯᠪᠠᠴᠦ ᠴᠠᠭᠠᠨᠳᠡᠮᠦᠷ ᠤᠨ ᠴᠡᠷᠢᠭ ᠮᠢᠳᠡᠷᠠᠰᠢ ᠦᠭᠡᠢ ᠡᠰᠡᠷᠭᠦᠴᠡᠯ | ᠳᠤ ᠤᠴᠠᠷᠠᠨ ᠡᠪᠳᠡᠬᠦᠶᠢᠶᠡ ᠪᠡᠷᠭᠡ ᠪᠤᠯᠵᠤ᠂ 10 ᠰᠠᠷ᠎ᠠ ᠳᠤ ᠤᠯᠠᠭᠠᠨ ᠠᠯᠴᠢᠭᠤᠷᠳᠠᠨ ᠳ᠋ᠠ ᠲᠦᠩ ᠯᠦ ︵ | ᠱᠠᠨ ᠰᠢ ᠶᠢᠨ ᠳ᠋ᠠ ᠲᠦᠩ︶ ᠶᠢ ᠡᠪᠳᠡᠨ ᠪᠦᠬᠦ ᠴᠡᠷᠢᠭ ᠨᠢ ᠤᠮᠠᠷᠠᠰᠢᠯᠠᠨ ᠱᠠᠨ ᠰᠢ ᠠᠴᠠ ᠭᠠᠷᠴᠦ | ᠬᠡᠷᠡᠮ ᠤᠨ ᠭᠠᠳᠠᠨ᠎ᠠ ᠭᠠᠷᠴᠦ ᠡᠭᠦᠨ ᠠᠴᠠ ᠱᠠᠨ ᠰᠢ ᠮᠤᠵᠢ ᠲᠦᠪᠰᠢᠳᠭᠡᠭᠳᠡᠪᠡ᠃ | ᠤᠯᠠᠭᠠᠨ ᠠᠯᠴᠢᠭᠤᠷᠳᠠᠨ ᠯᠤᠭ᠎ᠠ ᠵᠢᠷᠭᠤᠭᠠᠨ ᠵᠢᠯ ᠤᠨ ᠴᠢᠰᠤᠨ ᠪᠠᠶᠢᠯᠳᠤᠭᠠᠨ ᠢᠶᠠᠷ ᠲᠠᠮᠵᠢᠨ | ᠴᠠᠭᠠᠨᠳᠡᠮᠦᠷ ᠤᠨ ᠴᠡᠷᠢᠭ ᠨᠢ ᠶᠤᠸᠠᠨ ᠤᠯᠤᠰ ᠤᠨ ᠵᠠᠰᠠᠭ ᠤᠨ ᠭᠠᠵᠠᠷ ᠤᠨ ᠲᠤᠮᠳᠠᠳᠤ ᠤᠯᠤᠰ ᠤᠨ ᠬᠤᠶᠢᠳᠤ | ᠭᠡᠰᠡᠭ ᠳᠠᠬᠢ ᠬᠠᠮᠤᠭ ᠴᠢᠬᠤᠯᠠ ᠨᠢᠭᠡ ᠰᠠᠯᠠᠭ᠎ᠠ ᠴᠡᠷᠢᠭ ᠪᠤᠯᠵᠠᠢ᠃ ᠶᠤᠸᠠᠨ ᠾᠦᠢᠽᠦ᠋ᠩ ᠬᠠᠭᠠᠨ ᠵᠤᠤ | ᠪᠢᠴᠢᠭ ᠪᠠᠭᠤᠯᠭᠠᠨ ᠴᠠᠭᠠᠨᠳᠡᠮᠦᠷ ᠢᠶᠠᠷ ᠢᠦᠢ ᠭᠤᠸᠠᠨ᠂ ᠱᠠᠨ᠂ ᠶᠢᠨ ᠂ ᠵᠢᠢ ᠵᠡᠷᠭᠡ ᠶᠢ ᠰᠠᠬᠢᠭᠤᠯᠤᠨ | ᠬᠠᠨ᠂ ᠮᠢᠨ᠂ ᠵᠢᠩ᠂ ᠰᠢᠶᠠᠩ ᠤᠷᠤᠨ ᠢ ᠲᠠᠷᠤᠩᠭᠤᠶᠢᠯᠠᠨ᠂ ᠭᠠᠳᠠᠨᠠᠬᠢ ᠭᠡᠷᠡᠭ ᠤᠴᠠᠷ ᠢ ᠲᠦᠭᠦᠮᠴᠢᠯᠡᠬᠦ | ᠡᠷᠭᠡ. ᠤᠯᠭᠤᠭᠰᠠᠨ ᠠᠴᠠ ᠴᠠᠭᠠᠨᠳᠡᠮᠦᠷ ᠨᠢᠭᠡᠨᠳᠡ ᠶᠤᠸᠠᠨ ᠤᠯᠤᠰ ᠤᠨ ᠠᠯᠳᠠᠷᠳᠤ ᠲᠦᠩᠱᠢᠦᠸᠠᠢ ᠶᠢᠨ | ᠡᠩᠨᠡᠭᠡᠨ ᠳᠤ ᠪᠠᠭᠳᠠᠵᠠᠢ᠃ | 1358 ᠤᠨ ᠤ 5 ᠰᠠᠷ᠎ᠠ ᠳᠤ ᠶᠤᠸᠠᠨ ᠤᠯᠤᠰ ᠤᠨ ᠬᠤᠶᠢᠳᠤ ᠬᠡᠰᠡᠭ ᠤᠨ ᠤᠯᠠᠭᠠᠨ ᠠᠯᠴᠢᠭᠤᠷᠳᠠᠨ | ᠳᠤ ᠬᠦᠴᠦ ᠲᠠᠯᠪᠢᠨ ᠾᠧᠨᠠᠨ ᠬᠤᠭᠤᠰᠤᠷᠠᠭᠰᠠᠨ ᠢ ᠵᠠᠪᠰᠢᠨ ᠯᠢᠦ ᠹᠦ᠋ ᠲᠦᠩ ᠴᠡᠷᠢᠭ ᠬᠦᠳᠡᠯᠭᠡᠨ ᠪᠢᠶᠠᠨ | ᠯᠢᠶᠠᠩ ︵ᠾᠧᠨᠠᠨ ᠤ ᠺᠠᠶᠢᠹᠧᠩ ︶ ᠢ ᠡᠵᠡᠯᠡᠨ᠂ ᠯᠦᠩ ᠹᠧᠩ ᠤᠨ ᠲᠦᠷᠦ ᠪᠠᠨ ᠨᠡᠭᠦᠯᠭᠡᠨ ᠠᠪᠴᠢᠷᠠᠪᠠ᠃ | ᠡᠨᠡᠬᠦ ᠦᠶᠡᠰ ᠤᠯᠠᠭᠠᠨ ᠠᠯᠴᠢᠭᠤᠷᠳᠠᠨ ᠤ ᠡᠵᠡᠮᠰᠢᠭᠰᠡᠨ ᠬᠡᠰᠡᠭ ᠨᠢ ᠬᠠᠷᠢᠯᠴᠠᠨ ᠵᠠᠯᠠᠭᠠᠯᠳᠤᠨ ᠵᠡᠭᠦᠨᠰᠢ | ᠱᠠᠨᠳᠦ᠋ᠩ ᠂ ᠪᠠᠷᠠᠭᠤᠨᠰᠢ ᠭᠠᠨᠰᠦ᠂ ᠤᠮᠠᠷᠠᠰᠢ ᠯᠢᠶᠤᠤ ᠶᠠᠩ᠂ ᠡᠮᠦᠨᠡᠰᠢ ᠵᠢᠶᠠᠩᠬᠤᠸᠠᠢ ᠬᠦᠷᠴᠦ᠂ ᠵᠢᠩ ᠴᠦ | ᠂ ᠪᠠ ᠱᠦ ᠶᠢᠨ ᠦᠷᠭᠡᠨ ᠠᠭᠤᠳᠠᠮ ᠤᠷᠤᠨ ᠨᠢᠭᠡᠨᠳᠡ ᠲᠡᠳᠡᠨ ᠤ ᠬᠢ ᠪᠤᠯᠵᠤ᠂ ᠶᠤᠸᠠᠨ ᠤᠯᠤᠰ ᠤᠨ ᠭᠠᠵᠠᠷ | ᠤᠨ ᠵᠢᠷᠤᠭ ᠬᠤᠶᠠᠷ ᠬᠤᠪᠢᠶᠠᠭᠳᠠᠵᠠᠢ᠃ ᠤᠯᠠᠭᠠᠨ ᠠᠯᠴᠢᠭᠤᠷᠳᠠᠨ ᠤ ᠡᠳᠦᠷ ᠢᠷᠡᠬᠦᠶ᠎ᠡ ᠬᠦᠴᠦᠷᠭᠡᠵᠢᠭᠰᠡᠨ | ᠪᠠᠶᠢᠳᠠᠯ ᠳᠤ ᠴᠢᠭᠯᠡᠭᠦᠯᠦᠨ ᠴᠠᠭᠠᠨᠳᠡᠮᠦᠷ ᠪᠠᠶᠢᠯᠳᠤᠬᠤ ᠪᠤᠳᠤᠯᠭ᠎ᠠ ᠶᠢᠨ ᠰᠠᠬᠢᠯᠳᠠ ᠳᠤ ᠰᠢᠯᠵᠢᠵᠤ ᠤᠮᠠᠷᠠᠰᠢ | ᠲᠠᠢ ᠬᠠᠩ ᠱᠠᠨ ᠤ ᠬᠠᠪᠴᠢᠯ ᠠᠮᠠ ᠶᠢ ᠰᠠᠬᠢᠵᠤ᠂ ᠡᠮᠦᠨᠡᠰᠢ ᠬᠦᠩ ᠂ ᠯᠥᠸᠧ ᠶᠢᠨ ᠤᠷᠤᠨ ᠢ | ᠪᠠᠬᠢᠵᠢᠭᠦᠯᠦᠨ᠂ ᠦᠪᠡᠷ ᠢᠶᠠᠨ ᠭᠤᠤᠯ ᠴᠡᠷᠢᠭ ᠢᠶᠠᠨ ᠠᠪᠴᠦ ᠱᠧᠩ ᡂᠢ ᠶᠢ ᠰᠠᠬᠢᠵᠠᠢ᠃ | 7 ᠰᠠᠷ᠎ᠠ ᠳᠤ ᠯᠢᠦ ᠹᠦ᠋ ᠲᠦᠩ ᠲᠠᠭᠠᠭᠰᠠᠨ ᠵᠠᠩᠵᠤᠨ ︵ᠤᠤᠯ ᠤᠨ ᠾᠧᠨᠠᠨ ᠮᠤᠵᠢ ᠶᠢᠨ ᠫᠢᠩ ᠵᠠᠩ | ᠵᠧᠩ ᠰᠢ ᠲᠦᠰᠢᠮᠡᠯ︶ ᠵᠧᠦ ᠴᠢᠤᠸᠠᠨ ᠢᠶᠠᠷ ᠯᠥᠸᠧ ᠶᠠᠩ ᠢ ᠲᠠᠭᠠᠷᠢᠭᠤᠯᠪᠠ᠃ ᠲᠡᠷᠨ ᠲᠤᠬᠠᠢ | ᠴᠠᠭᠠᠨᠳᠡᠮᠦᠷ ᠶᠠᠭ ᠰᠠᠶ᠋ᠢᠬᠠᠨ ᠯᠦᠸᠧ ᠶᠠᠩ ᠳᠤ ᠪᠠᠶᠢᠵᠠᠢ᠃ ᠲᠡᠷᠡᠪᠡᠷ ᠰᠢᠨ ᠠᠨ ᠳᠤ ᠰᠠᠭᠤᠭᠰᠠᠨ ᠰᠢᠯᠢᠳᠡᠭ | ᠴᠡᠷᠢᠭ ᠪᠠ ᠢ ᠶᠠᠩ ᠤᠨ ᠰᠠᠭᠤᠭ᠎ᠠ ᠴᠡᠷᠢᠭ ᠢᠶᠠᠷ ᠬᠤᠶᠠᠷ ᠵᠠᠮ ᠢᠶᠠᠷ ᠲᠤᠰᠠᠯᠠᠷ᠎ᠠ ᠢᠷᠡᠭᠰᠡᠨ ᠳᠤ ᠵᠧᠦ ᠴᠢᠤᠸᠠᠨ ᠤ | ᠴᠡᠷᠢᠭ ᠠᠶᠠᠨᠳᠠᠭᠠᠨ ᠤᠬᠤᠷᠢᠵᠠᠢ᠃ ᠴᠠᠭᠠᠨᠳᠡᠮᠦᠷ ᠲᠤᠰ ᠠᠩᠬᠢ ᠶᠢ ᠾᠧᠦ ᠯᠤᠤ ᠭᠤᠸᠠᠨ ᠬᠦᠷᠳᠡᠯ᠎ᠡ | ᠨᠡᠭᠡᠮᠵᠢᠯᠡᠨ ᠂ ᠯᠦᠸᠧᠶᠠᠩ ᠤᠨ ᠡᠭᠦᠳᠡ ᠪᠤᠯᠬᠤ ᠴᠧᠩ ᠭᠤᠤ ︵ᠤᠳᠤᠬᠠᠨ ᠤ ᠾᠧᠨᠠᠨ ᠤ ᠰᠢᠩ ᠶᠠᠩ ᠽᠢ | ᠪᠠᠯᠭᠠᠰᠤᠨ ᠤ ᠪᠠᠷᠠᠭᠤᠨ ︶ ᠵᠡᠷᠭᠡ ᠬᠠᠪᠴᠢᠯ ᠪᠤᠭᠤᠮᠳᠠ ᠶᠢ ᠰᠠᠬᠢᠭᠰᠠᠨ ᠢᠶᠠᠷ ᠴᠡᠷᠢᠭ ᠪᠤᠴᠠᠪᠠ᠃ | 1359 ᠤᠨ ᠤ 9 ᠰᠠᠷ᠎ᠠ ᠪᠤᠯᠬᠤ ᠳᠤ ᠯᠦᠩ ᠹᠧᠩ ᠤᠨ ᠲᠦᠷᠦ ᠶᠢᠨ ᠤᠮᠠᠷᠠᠰᠢ ᠲᠠᠶᠢᠯᠠᠭᠰᠠᠨ | ᠭᠤᠷᠪᠠᠨ ᠵᠠᠮ ᠤᠨ ᠤᠯᠠᠭᠠᠨ ᠠᠯᠴᠢᠭᠤᠷᠳᠠᠨ ᠤ ᠴᠡᠷᠢᠭ ᠨᠢ ᠢᠯᠭᠠᠭᠤᠷᠢ ᠭᠠᠷᠴᠠᠢ᠃ ᠪᠠᠷᠠᠭᠤᠨ ᠵᠠᠮ ᠨᠢ | ᠴᠠᠭᠠᠨᠳᠡᠮᠦᠷ ᠲᠤ ᠭᠠᠨᠰᠦ᠂ ᠱᠠᠨᠰᠢ ᠳᠤ ᠢᠯᠠᠭᠳᠠᠵᠤ᠂ ᠵᠡᠭᠦᠨ ᠵᠠᠮ ᠨᠢ ᠱᠠᠨᠳᠦ᠋ᠩ ᠶᠢ ᠤᠬᠤᠷᠢᠨ | ᠰᠠᠬᠢᠵᠤ ᠲᠤᠳᠤᠭᠠᠳᠤ ᠶᠢᠨ ᠰᠠᠮᠠᠭᠤᠷᠠᠯ ᠳᠤ ᠵᠢᠪᠪᠦᠵᠠᠢ᠃ ᠲᠤᠮᠳᠠᠳᠤ ᠵᠠᠮ ᠨᠢ ᠠᠯᠤᠰ ᠬᠤᠯᠠ ᠯᠢᠶᠤᠤ | ᠶᠠᠩ᠂ ᠰᠤᠯᠤᠩᠭᠤᠰ ᠳᠤ ᠬᠦᠷᠴᠦ᠂ ᠯᠢᠦ ᠹᠦ᠋ ᠲᠦᠩ ᠤᠨ ᠬᠤᠷᠢᠭᠳᠠᠭᠰᠠᠨ ᠪᠢᠶᠠᠨ ᠯᠢᠶᠠᠩ ᠦᠨᠦᠴᠢᠨ | ᠬᠤᠳᠠ ᠪᠤᠯᠵᠠᠢ᠃ ᠠᠯᠢ ᠡᠷᠳᠡ ᠯᠢᠦ ᠹᠦ᠋ ᠲᠦᠩ ᠤᠨ ᠨᠠᠷᠢᠨ ᠨᠢᠭᠤᠴᠠ ᠶᠢ ᠲᠠᠩᠨᠠᠵᠤ ᠮᠡᠳᠡᠭᠰᠡᠨ ᠴᠠᠭᠠᠨᠳᠡᠮᠦᠷ | ᠡᠨᠡᠬᠦ ᠯᠦᠩ ᠹᠧᠩ ᠲᠦᠷᠦ ᠶᠢ ᠮᠦᠬᠦᠭᠡᠬᠦ ᠤᠬᠢ ᠰᠠᠶᠢᠨ ᠵᠠᠪᠰᠢᠶᠠᠨ ᠢ ᠬᠡᠷᠬᠢᠨ ᠠᠯᠳᠠᠬᠤ ᠪᠢᠯᠡ᠃ | 5 ᠰᠠᠷ᠎ᠠ ᠳᠤ ᠲᠡᠷᠡ ᠴᠡᠷᠢᠭ ᠲᠠᠶᠢᠴᠢᠯᠠᠨ ᠬᠤ᠋ ᠯᠤᠤ ᠭᠤᠸᠠᠨ ᠳᠤ ᠤᠶᠢᠷᠳᠤᠭᠠᠳ ᠂ ᠤᠷᠢᠳᠠᠪᠠᠷ | ᠪᠠᠭ᠎ᠠ ᠠᠩᠬᠢ ᠴᠡᠷᠢᠭ ᠲᠤᠮᠢᠯᠠᠨ ᠪᠢᠶᠠᠨᠯᠢᠶᠠᠩ ᠤᠨ ᠡᠮᠦᠨ᠎ᠡ᠂ ᠵᠡᠭᠦᠨ ᠬᠤᠶᠠᠷ ᠲᠠᠯ᠎ᠠ ᠠᠴᠠ ᠨᠢ | ᠲᠠᠭᠠᠷᠢᠭᠤᠯᠵᠠᠢ᠃ ᠶᠤᠸᠠᠨ ᠤᠯᠤᠰ ᠤᠨ ᠡᠮᠦᠨ᠎ᠡ ᠵᠠᠮ ᠤᠨ ᠴᠡᠷᠢᠭ ᠨᠢ ᠭᠦᠢ ᠂ ᠪᠧ᠂ ᠴᠧᠨ ᠂ ᠽᠠᠢ ᠵᠡᠷᠭᠡ | ᠵᠧᠦ ᠶᠢ ᠵᠠᠯᠭᠠᠪᠠᠷ ᠡᠵᠡᠯᠡᠵᠦ᠂ ᠵᠡᠭᠦᠨ ᠵᠠᠮ ᠤᠨ ᠴᠡᠷᠢᠭ ᠤᠰᠤᠨ ᠴᠡᠷᠢᠭ ᠤᠨ ᠲᠡᠮᠵᠢᠯᠭᠡ ᠪᠠᠷ ᠬᠠᠳᠤᠨ | ᠭᠤᠤᠯ ᠢ ᠲᠠᠭᠠᠨ ᠤᠷᠤᠭᠤᠳᠠᠵᠤ ᠂ ᠤᠰᠤ ᠬᠠᠭᠤᠷᠠᠢ ᠬᠤᠶᠠᠷ ᠵᠠᠮ ᠬᠠᠮᠳᠤᠪᠡᠷ ᠤᠷᠤᠵᠤ᠂ ᠽᠤᠤ ᠵᠸᠦ ︵ | ᠤᠳᠤᠬᠠᠨ ᠤ ᠱᠠᠨᠳᠦ᠋ᠩ ᠤᠨ ᠾᠧ ᠽᠧ ︶ ᠶᠢ ᠡᠷᠭᠡᠰᠢᠶᠡᠵᠠᠢ ᠃ | ᠲᠠᠭᠠᠯᠳᠤᠪᠠᠷ ᠴᠠᠭᠠᠨᠳᠡᠮᠦᠷ ᠱᠠᠨᠰᠢ ᠂ ᠱᠠᠨ ᠰᠢ ᠶᠢᠨ ᠴᠡᠷᠢᠭ ᠢ ᠵᠠᠷᠯᠢᠭᠳᠠᠨ ᠾᠧᠨᠠᠨ ᠳᠤ ᠤᠷᠤᠵᠤ | ᠪᠢᠶᠠᠨ ᠯᠢᠶᠠᠩ ᠬᠤᠳᠠ ᠶᠢᠨ ᠲᠤᠤᠷ᠎ᠠ ᠴᠡᠷᠢᠭ ᠬᠤᠷᠠᠭᠤᠯᠪᠠ᠃ ᠴᠠᠭᠠᠨᠳᠡᠮᠦᠷ ᠮᠤᠷᠢᠳᠤ ᠴᠡᠷᠢᠭ ᠲᠠᠭᠠᠭᠤᠯᠤᠨ | ᠰᠢᠩ ᠬᠤᠸᠠ ᠢᠩ ︵ᠪᠢᠶᠠᠨ ᠯᠢᠶᠠᠩ ᠬᠤᠳᠠ ᠶᠢᠨ ᠪᠠᠷᠠᠭᠤᠨ︶ ᠳᠤ ᠪᠠᠭᠤᠳᠠᠯᠯᠠᠵᠤ ᠤᠯᠠᠨ ᠴᠡᠷᠢᠭ ᠢ | ᠵᠢᠯᠤᠭᠤᠳᠤᠨ ᠬᠤᠳᠠ ᠶᠢ ᠪᠦᠰᠡᠯᠡᠵᠠᠢ᠃ ᠠᠩᠬᠠᠨ ᠳᠠᠭᠠᠨ ᠤᠯᠠᠭᠠᠨ ᠠᠯᠴᠢᠭᠤᠷᠳᠠᠨ ᠬᠦᠳᠡᠯᠦᠩᠬᠦᠢ ᠪᠠᠷ ᠬᠤᠳᠠ | ᠭᠠᠷᠴᠦ ᠤᠭᠳᠤᠨ ᠪᠠᠶᠢᠯᠳᠤᠵᠤ ᠪᠠᠶᠢᠭᠰᠠᠨ ᠪᠤᠯᠪᠠᠴᠦ ᠪᠠᠶᠢᠯᠳᠤᠬᠤ ᠪᠤᠯᠭᠠᠨ ᠢᠯᠠᠭᠳᠠᠭᠰᠠᠨ ᠪᠦᠭᠡᠳ | ᠤᠨᠴᠠᠭᠠᠶᠢᠯᠠᠨ ᠬᠤᠳᠠᠨ ᠠᠴᠠ ᠮᠡᠭᠡᠯᠡᠭᠳᠡᠨ ᠭᠠᠷᠴᠦ ᠴᠠᠭᠠᠨᠳᠡᠮᠦᠷ ᠤᠨ ᠠᠷᠭᠠᠨ ᠳᠤ ᠬᠤᠶᠠᠷᠳᠠ ᠤᠨᠠᠵᠤ | ᠬᠦᠨᠳᠤ ᠬᠤᠬᠢᠷᠠᠯ ᠠᠮᠰᠠᠭᠰᠠᠨ ᠠᠴᠠ ᠠᠶᠤᠮᠰᠢᠭ ᠦᠭᠡᠢ ᠬᠤᠳᠠ ᠭᠠᠷᠴᠦ ᠪᠠᠶᠢᠯᠳᠤᠬᠤ ᠦᠭᠡᠢ ᠪᠤᠯᠪᠠ᠃ 8 | ᠰᠠᠷ᠎ᠠ ᠳᠤ ᠴᠠᠭᠠᠨᠳᠡᠮᠤᠷ ᠬᠤᠳᠠ ᠲᠤᠳᠤᠷᠠᠬᠢ ᠠᠮᠦ ᠬᠦᠨᠡᠰᠦ ᠲᠠᠭᠤᠰᠤᠭᠰᠠᠨ ᠢ ᠲᠤᠷᠰᠢᠨ ᠮᠡᠳᠡᠭᠡᠳ ᠶᠠᠨ ᠰᠧ | ᠴᠢ᠂ ᠯᠢ ᠺᠧ ᠢ ᠂ ᠬᠤᠯᠠᠨᠴᠢ ᠂ ᠲᠠᠬᠤ ᠂ ᠲᠤᠶᠢᠪᠤᠬᠠ ᠂ ᠯᠢᠦᠢ ᠸᠧᠨ᠂ ᠸᠠᠨ ᠵᠧ᠂ ᠾᠧ ᠽᠦᠩ | ᠵᠧ ᠂ ᠱᠦᠨ ᠰᠢ᠂ ᠭᠤᠸᠠᠨ ᠭᠤᠸᠠᠨ ᠵᠡᠷᠭᠡ ᠲᠠᠢ ᠵᠦᠪᠯᠡᠯᠳᠤᠨ ᠂ᠤᠯᠠᠨ ᠵᠠᠩᠵᠤᠨ ᠡᠭᠦᠳᠡ ᠬᠤᠪᠢᠶᠠᠨ | ᠬᠤᠳᠠ ᠶᠢ ᠡᠪᠳᠡᠬᠦ ᠪᠠᠷ ᠲᠤᠭᠳᠠᠵᠤ᠂ ᠲᠤᠰ ᠡᠳᠦᠷ ᠤᠨ ᠤᠷᠦᠢ ᠳᠠᠭᠠᠨ ᠪᠢᠶᠠᠨ ᠯᠢᠶᠠᠩ ᠬᠤᠳᠠ ᠳᠤ ᠠᠯᠠᠨ | ᠤᠷᠤᠪᠠ᠃ ᠬᠠᠨ ᠯᠢᠨ ᠡᠯ ᠨᠢ ᠯᠢᠦ ᠹᠦ᠋ ᠲᠦᠩ ᠵᠡᠷᠭᠡ ᠵᠠᠭᠤᠭᠠᠳ ᠮᠤᠷᠢᠳᠠᠨ ᠤ ᠬᠠᠮᠠᠭᠠᠯᠠᠯᠳᠠ ᠪᠠᠷ ᠵᠡᠭᠦᠨ | ᠡᠭᠦᠳᠡ ᠪᠠᠷ ᠪᠤᠷᠤᠭᠤᠯᠠᠨ ᠶᠠᠪᠤᠵᠤ᠂ ᠪᠢᠶᠠᠨ ᠯᠢᠶᠠᠩ ᠢ ᠡᠭᠡᠭᠦᠯᠬᠦ ᠪᠠᠶᠢᠯᠳᠤᠭᠠᠨ ᠳᠤ ᠶᠤᠸᠠᠨ ᠤᠯᠤᠰ ᠤᠨ ᠴᠡᠷᠢᠭ | ᠬᠠᠨ ᠯᠢᠨ ᠡᠯ ᠶᠢᠨ ᠬᠤᠸᠠᠩᠬᠡᠦ ᠂ ᠤᠯᠠᠭᠠᠨ ᠠᠯᠴᠢᠭᠤᠷᠳᠠᠨ ᠤ ᠭᠡᠷ ᠪᠦᠯᠢ ᠬᠡᠳᠦᠨ ᠲᠦᠮᠡᠨ ᠬᠦᠮᠦᠨ ᠪᠠ | ᠨᠤᠶᠠᠨ ᠲᠦᠰᠢᠮᠡᠯ ᠲᠠᠪᠤᠨ ᠮᠢᠩᠭᠠᠨ ᠬᠦᠮᠦᠨ ᠢ ᠤᠯᠵᠠᠯᠠᠵᠠᠢ᠃ ᠡᠭᠦᠨᠴᠨ ᠯᠦᠩ ᠹᠧᠩ ᠤᠨ ᠲᠦᠷᠦ | ᠲᠤᠷᠦᠶᠢᠳᠠᠯ ᠮᠦᠬᠦᠯ ᠤᠨ ᠵᠠᠮ ᠳᠠᠭᠠᠨ ᠤᠷᠤᠵᠠᠢ᠃ ︵ᠦᠷᠭᠦᠯᠵᠢᠯᠡᠯ ᠪᠤᠢ︶ |