ᠶᠤᠸᠠᠨ ᠤᠯᠤᠰ ᠤᠨ  ᠰᠡᠭᠦᠯᠴᠢ ᠦᠶ᠎ᠡ ᠶᠢᠨ  ᠦᠷᠯᠦᠭ ᠵᠠᠩᠵᠤᠨ  ᠪᠤᠯᠤᠳᠡᠮᠦᠷ
ᠨᠡᠶᠢᠲᠡᠯᠡᠭᠰᠡᠨ ᠴᠠᠭ᠄
2017/1/13
      ᠪᠤᠯᠤᠲᠡᠮᠡᠦᠷ ᠠᠨᠤ  ᠶᠤᠸᠠᠨ  ᠤᠯᠤᠰ ᠤᠨ  ᠡᠴᠦᠰ ᠤᠨ  ᠦᠶ᠎ᠡ ᠶᠢᠨ  ᠲᠠᠷᠢᠶᠠᠴᠢᠨ ᠤ ᠪᠤᠰᠤᠯᠭ᠎ᠠ ᠶᠢ ᠲᠠᠷᠤᠩᠭᠤᠶᠢᠯᠠᠭᠰᠠᠨ ᠶᠡᠭᠡ ᠵᠠᠩᠵᠤᠨ  ᠲᠠᠰᠪᠠᠭᠠᠳᠤᠷ ᠤᠨ  ᠬᠦᠪᠡᠭᠦᠨ᠃ 1355 ᠣᠨ ᠳᠤ ᠡᠴᠢᠭᠡ ᠪᠠᠨ ᠲᠠᠭᠠᠵᠤ ᠾᠧᠨᠠᠨ   ᠳᠤ  ᠤᠯᠠᠭᠠᠨ ᠠᠯᠴᠢᠭᠤᠷᠳᠠᠨ   ᠢ  ᠬᠦᠴᠦᠳᠠᠢ ᠲᠠᠷᠤᠩᠭᠤᠶᠢᠯᠠᠵᠠᠢ᠃        1358 ᠤᠨ ᠳᠤ  ᠲᠡᠭᠦᠨ   ᠤ ᠡᠴᠢᠭᠡ ᠲᠠᠰᠪᠠᠭᠠᠳᠤᠷ  ᠲᠠᠶᠢᠰᠤᠨ ᠤ ᠵᠠᠪᠰᠠᠷᠳᠠᠭᠤᠯᠬᠤ ᠠᠷᠭᠠᠨ ᠳᠤ ᠤᠨᠠᠵᠤ  ᠯᠢᠦ ᠹᠦ᠋  ᠲᠦᠩ ᠳᠤ ᠢᠯᠠᠭᠳᠠᠭᠠᠳ  ᠭᠡᠶᠦᠷᠡᠯ ᠡᠪᠦᠷᠯᠡᠭᠰᠡᠭᠡᠷ  ᠬᠠᠯᠢᠭᠰᠠᠨ ᠤ ᠲᠠᠷᠠᠭ᠎ᠠ ᠪᠤᠯᠤᠳᠡᠮᠦᠷ  ᠡᠴᠢᠭᠡ ᠪᠠᠨ  ᠵᠠᠯᠭᠠᠮᠵᠢᠯᠠᠨ‌‍ᠲ᠋ᠤᠰ ᠠᠩᠬᠢ ᠴᠡᠷᠢᠭ   ᠢ  ᠵᠠᠬᠢᠷᠴᠠᠢ᠃ 1358 ᠤᠨ ᠳᠤ  ᠯᠢᠦ ᠹᠦ᠋ ᠲᠦᠩ   ᠤᠨ    ᠤᠯᠠᠭᠠᠨ ᠠᠯᠴᠢᠭᠤᠷᠳᠠᠨ    ᠾᠧᠨᠠᠨ ᠳᠤ ᠴᠦᠮᠦᠷᠡᠨ  ᠤᠷᠤᠵᠤ ᠭᠤᠷᠪᠠᠨ ᠵᠠᠮ ᠬᠤᠪᠢᠶᠠᠨ ᠤᠮᠠᠷᠠᠰᠢ  ᠲᠠᠭᠠᠷᠢᠨ᠂ ᠮᠢᠩ  ᠢᠦᠢ ᠵᠧᠨ  ᠴᠦᠩᠴᠢᠩ ᠢ  ᠡᠵᠡᠯᠡᠨ᠂  ᠤᠯᠠᠭᠠᠨ ᠠᠯᠴᠢᠭᠤᠷᠳᠠᠨ ᠤ ᠮᠠᠤ ᠭᠦᠢ  ᠪᠠᠷᠤᠭ ᠪᠦᠭᠦᠶᠢᠯᠡ ᠱᠠᠨᠳᠦ᠋ᠩ ᠢ  ᠡᠷᠭᠡᠰᠢᠶᠡᠵᠦ  ᠲᠠᠶᠢᠳᠤ ᠶᠢ  ᠰᠦᠷᠳᠡᠭᠦᠯᠵᠤ  ᠶᠤᠸᠠᠨ ᠤ ᠲᠦᠷᠦ  ᠲᠦᠭᠰᠢᠭᠦᠷᠢᠳᠠᠢ   ᠪᠤᠯᠵᠠᠢ᠃  ᠲᠡᠷᠡ ᠲᠤᠬᠠᠢ ᠭᠤᠸᠠᠨ ᠵᠦᠩ ᠤᠷᠤᠨ ᠳᠤ  ᠴᠠᠭᠠᠨᠳᠡᠮᠦᠷ  ᠂  ᠯᠢ ᠰᠧ ᠴᠢ  ᠂  ᠵᠠᠩ ᠯᠢᠶᠠᠩ ᠪᠢ  ᠵᠡᠷᠭᠡ ᠤᠨ  ᠴᠡᠷᠢᠭ ᠠᠩᠬᠢ   ᠲᠠᠶᠢᠰᠤᠨ ᠲᠠᠢ ᠲᠤᠯᠤᠯᠳᠠᠵᠤ᠂ ᠵᠦᠩᠶᠤᠸᠠᠨ ᠤᠷᠤᠨ ᠳᠤ  ᠵᠦᠪᠭᠡᠨ ᠪᠤᠯᠦᠳᠡᠮᠦᠷ ᠤᠨ  ᠴᠡᠷᠢᠭ ᠠᠩᠬᠢ   ᠤᠯᠠᠭᠠᠨ ᠠᠯᠴᠢᠭᠤᠷᠳᠠᠨ ᠢ   ᠡᠰᠡᠷᠭᠦᠴᠡᠵᠦ ᠪᠠᠶᠢᠵᠠᠢ᠃      1358 ᠤᠨ   ᠤ 3 ᠰᠠᠷ᠎ᠠ ᠳᠤ  ᠪᠤᠯᠤᠳᠡᠮᠦᠷ  ᠸᠧᠢ  ᠾᠦᠢ   ᠳᠤ  ᠤᠯᠠᠭᠠᠨ ᠠᠯᠴᠢᠭᠤᠷᠳᠠᠨ ᠢ  ᠢᠯᠠᠵᠤ  ᠫᠦ᠋ ᠵᠧᠦ ᠶᠢ ᠡᠵᠡᠯᠡᠵᠦ  ᠤᠯᠠᠭᠠᠨ ᠠᠯᠴᠢᠭᠤᠷᠳᠠᠨ  ᠾᠧᠨᠠᠨ ᠠᠴᠠ  ᠤᠮᠠᠷᠠᠰᠢᠯᠠᠨ  ᠮᠠᠦ ᠬᠦᠢ ᠶᠢᠨ ᠪᠦᠯᠦᠭ ᠶᠢ ᠬᠠᠮᠵᠢᠨ ᠲᠠᠶᠢᠳᠤ ᠶᠢ ᠲᠠᠭᠠᠷᠢᠬᠤ  ᠲᠦᠯᠦᠪᠡᠯᠭᠡ ᠶᠢ ᠨᠢ  ᠰᠠᠭᠠᠳᠠᠵᠠᠢ  ᠃ 4 ᠰᠠᠷ᠎ᠠ ᠳᠤ  ᠪᠤᠯᠤᠳᠡᠮᠦᠷ  ᠵᠧᠨ ᠳ᠋ᠢᠩ  ᠳᠤ ᠲᠤᠰᠬᠤᠨᠴᠢᠯᠠᠨ ᠲᠠᠷᠢᠶᠠᠯᠠᠵᠤ  ᠮᠠᠤ ᠭᠦᠢ ᠶᠢ  ᠰᠢᠬᠠᠮᠳᠠᠭᠤᠯᠤᠨ  ᠱᠠᠨᠳᠦ᠋ᠩ ᠵᠦᠭ ᠤᠬᠤᠷᠢᠭᠤᠯᠵᠠᠢ᠃ 5 ᠰᠠᠷ᠎ᠠ ᠳᠤ  ᠤᠯᠠᠭᠠᠨ ᠠᠯᠴᠢᠭᠤᠷᠳᠠᠨ ᠪᠢᠶᠠᠨ ᠯᠢᠶᠠᠩ ᠢ   ᠡᠵᠡᠯᠡᠭᠰᠡᠨ ᠪᠤᠯᠪᠠᠴᠦ  ᠲᠤᠮᠳᠠ  ᠵᠠᠮ   ᠨᠢ  ᠾᠧᠨᠠᠨ  ᠳᠤ   ᠬᠤᠷᠢᠭᠯᠠᠯᠳᠠ ᠳᠤ ᠤᠴᠠᠷᠠᠭᠰᠠᠨ   ᠠᠴᠠ  ᠱᠠᠨ ᠰᠢ  ᠵᠦᠭ ᠮᠤᠷᠤᠶᠢᠵᠠᠢ᠃  ᠲᠡᠷᠡ ᠲᠤᠬᠠᠢ ᠴᠠᠭᠠᠨᠳᠡᠮᠦᠷ ᠦᠪᠡᠷ ᠢ   ᠪᠠᠨ  ᠵᠢᠢ  ᠨᠢᠩ ᠯᠤ᠋ ᠶᠢᠨ  ᠶᠡᠷᠦᠩᠬᠢ  ᠬᠠᠮᠢᠶᠠᠷᠤᠭᠴᠢ ᠡᠷᠭᠦᠮᠵᠢᠯᠡᠵᠠᠢ᠃ 6 ᠰᠠᠷ᠎ᠠ ᠳᠤ  ᠤᠯᠠᠭᠠᠨ ᠠᠯᠴᠢᠭᠤᠷᠳᠠᠨ  ᠵᠢᠢ ᠨᠢᠩ ᠯᠤ᠋  ︵ᠲᠠᠶᠢᠶᠤᠸᠠᠨ︶   ᠢ ᠡᠵᠡᠯᠡᠵᠠᠢ᠃  ᠶᠤᠸᠠᠨ ᠤᠯᠤᠰ   ᠭᠤᠸᠠᠨ ᠵᠦᠩ ᠠᠴᠠ  ᠴᠠᠭᠠᠨᠳᠡᠮᠦᠷ   ᠢ  ᠰᠢᠯᠵᠢᠭᠦᠯᠦᠨ  ᠱᠠᠨ ᠰᠢ   ᠶᠢᠨ ᠤᠯᠠᠭᠠᠨ ᠠᠯᠴᠢᠭᠤᠷᠳᠠᠨ ᠢ   ᠴᠤᠬᠢᠭᠤᠯᠵᠤ  ᠂ ᠪᠤᠯᠦᠲᠡᠮᠦᠷ ᠢ  ᠠᠪᠴᠢᠷᠠᠵᠤ  ᠵᠡᠭᠦᠨ  ᠹᠷᠦᠨᠲ   ᠶᠢᠨ ᠤᠯᠠᠭᠠᠨ ᠠᠯᠴᠢᠭᠤᠷᠳᠠᠨ ᠢ ᠲᠠᠭᠠᠷᠢᠭᠤᠯᠤᠭᠰᠠᠨ ᠳᠤ  ᠲᠡᠷᠡᠪᠡᠷ   ᠰᠢᠭᠤᠳ ᠡᠮᠦᠨᠡᠰᠢ ᠲᠠᠭᠠᠷᠢᠯᠬᠢᠯᠠᠨ  ᠫᠧᠩ ᠴᠧᠩ ᠳᠤ   ᠤᠯᠠᠭᠠᠨ ᠠᠯᠴᠢᠭᠤᠷᠳᠠᠨ ᠤ  ᠱᠠ ᠯᠢᠦ   ᠶᠢᠨ  ᠪᠦᠯᠦᠭ ᠢ   ᠢᠯᠠᠵᠤ  ᠂  ᠬᠤᠸᠠᠶᠢᠨᠠᠨ᠂   ᠬᠤᠸᠠᠶᠢᠪᠧᠢ   ᠶᠢᠨ  ᠬᠠᠷᠢᠯᠴᠠᠭ᠎ᠠ ᠶᠢ ᠰᠡᠷᠭᠦᠭᠡᠵᠠᠢ᠃ 9 ᠰᠠᠷ᠎ᠠ ᠳᠤ ᠼᠤᠤ ᠵᠧᠦ ᠶᠢ  ᠲᠠᠭᠠᠷᠢᠬᠤ ᠲᠠᠶᠢᠨ ᠢ   ᠵᠢᠯᠤᠭᠤᠳᠴᠠᠢ᠃   ᠽᠤᠤ ᠵᠧᠦ ᠪᠤᠯᠪᠠᠯ  ᠪᠢᠶᠠᠨ  ᠯᠢᠶᠠᠩ ᠪᠠ  ᠱᠠᠨᠳᠦ᠋ᠩ   ᠤᠨ  ᠴᠡᠷᠢᠭ ᠲᠠᠶᠢᠨ ᠤ  ᠴᠢᠬᠤᠯᠠ  ᠭᠠᠵᠠᠷ ᠮᠦᠨ  ᠃  ᠤᠯᠠᠭᠠᠨ ᠠᠯᠴᠢᠭᠤᠷᠳᠠᠨ   ᠤ ᠬᠢᠨᠢ  ᠽᠠᠶᠢᠰᠢᠶᠠᠩ ᠬᠢᠭᠡᠳ  ᡁᠢ ᠱᠦ ᠮᠢ  ᠶᠤᠸᠠᠨ  ᠵᠡᠷᠭᠡ  ᠪᠠᠶᠢᠭᠤᠯᠤᠮᠵᠢ ᠶᠢᠨ  ᠬᠦᠨᠳᠤ  ᠵᠠᠩᠵᠤᠨ  ᠨᠠᠷ ᠢ  ᠲᠤᠮᠢᠯᠠᠨ ᠰᠡᠷᠭᠡᠶᠢᠯᠡᠨ  ᠬᠠᠮᠠᠭᠠᠯᠠᠭᠤᠯᠤᠭᠰᠠᠨ ᠴᠦ 10 ᠰᠠᠷ᠎ᠠ ᠳᠤ  ᠪᠤᠯᠤᠳᠡᠮᠦᠷ   ᠲᠤ ᠡᠪᠳᠡᠭᠳᠡᠵᠦ  ᠾᠧᠨᠠᠨ ᠤ ᠤᠯᠠᠭᠠᠨ ᠠᠯᠴᠢᠭᠤᠷᠳᠠᠨ ᠪᠠ  ᠱᠠᠨᠳᠦ᠋ᠩ ᠤᠨ  ᠤᠯᠠᠭᠠᠨ ᠠᠯᠴᠢᠭᠤᠷᠳᠠᠨ ᠤ  ᠬᠠᠷᠢᠴᠠᠭ᠎ᠠ ᠲᠠᠰᠤᠷᠠᠵᠠᠢ᠃        1358 ᠤᠨ ᠳᠤ  ᠶᠤᠸᠠᠨ ᠤᠯᠤᠰ ᠬᠡᠳᠦᠶᠢᠪᠡᠷ ᠲᠠᠶᠢᠶᠤᠸᠠᠨ ᠢ  ᠡᠭᠡᠭᠦᠯᠦᠭᠰᠡᠨ‌‍ᠴᠦ  ᠤᠯᠠᠭᠠᠨ ᠠᠯᠴᠢᠭᠤᠷᠳᠠᠨ  ᠤᠮᠠᠷᠠᠳᠤ ᠳᠤ  ᠳ᠋ᠠ ᠲᠦᠩ ᠢ  ᠡᠵᠡᠯᠡᠨ᠂ 12 ᠰᠠᠷ᠎ᠠ ᠳᠤ  ᠱᠠᠩᠳᠦ ᠶᠢ  ᠪᠤᠯᠢᠶᠠᠵᠤ  ᠲᠠᠶᠢᠳᠦ ᠬᠤᠳᠠ ᠶᠢ ᠬᠤᠶᠢᠳᠤ ᠲᠠᠯ᠎ᠠ ᠠᠴᠠ   ᠨᠢ ᠰᠦᠷᠳᠡᠭᠦᠯᠦᠭᠰᠡᠨ ᠳᠤ  ᠶᠤᠸᠠᠨ ᠤᠯᠤᠰ  ᠪᠤᠯᠦᠳᠡᠮᠦᠷ ᠢ  ᠵᠠᠷᠯᠢᠭᠳᠠᠨ   ᠤᠮᠠᠷᠠᠰᠢ ᠲᠠᠶᠢᠯᠠᠭᠤᠯᠪᠠ  ᠃ 1359 ᠤᠨ ᠤ 2 ᠰᠠᠷ᠎ᠠ ᠳᠤ  ᠪᠤᠯᠦᠳᠡᠮᠦᠷ  ᠳ᠋ᠠᠶᠢᠵᠧᠦ ᠳᠤ  ᠬᠦᠷᠴᠦ  ᠂ 3 ᠰᠠᠷ᠎ᠠ ᠳᠤ  ᠲᠦᠷᠦ ᠵᠠᠰᠠᠭ ᠠᠴᠠ  ᠳ᠋ᠠ ᠲᠦᠩ ᠳᠤ  ᠰᠠᠭᠤᠬᠤ  ᠶᠡᠭᠡ ᠳᠤ ᠳ᠋ᠦ᠋  ᠡᠷᠭᠦᠮᠵᠢᠯᠡᠭᠳᠡᠨ  ᠂ ᠲᠤᠰ  ᠰᠠᠷ᠎ᠠ   ᠳᠠᠭᠠᠨ  ᠳ᠋ᠠ ᠲᠦᠩ  ᠬᠦᠷᠦᠮᠡᠭᠴᠨ  ᠶᠦᠨ ᠨᠧᠢ  ᠂  ᠹᠧᠩ ᠵᠧᠦ   ᠶᠢ ᠲᠠᠭᠠᠷᠢᠨ  ᠂ ᠭᠤᠸᠠᠨ ᠰᠢᠶᠠᠨ ᠱᠧᠩ ᠢ  ᠢᠯᠠᠵᠤ  ᠲᠡᠭᠦᠨ ᠢ  ᠯᠢᠶᠤᠤᠳᠦ᠋ᠩ ᠠᠴᠠ  ᠤᠬᠤᠷᠢᠭᠤᠯᠤᠨ ᠭᠠᠷᠭᠠᠵᠤ   ᠳ᠋ᠠ ᠲᠦᠩ ᠯᠤ᠋ ᠶᠢ    ᠠᠯᠭᠤᠷ ᠡᠭᠡᠭᠦᠯᠪᠡ  ᠃       1359 ᠤᠨ ᠤ 5 ᠰᠠᠷ᠎ᠠ ᠳᠤ  ᠴᠠᠭᠠᠨᠳᠡᠮᠦᠷ  ᠭᠤᠸᠠᠨ ᠵᠦᠩ   ᠠᠴᠠ ᠭᠠᠷᠴᠦ  ᠪᠢᠶᠠᠨ  ᠯᠢᠶᠠᠩ ᠢ  ᠵᠠᠭᠤᠨ ᠡᠳᠦᠷ ᠪᠦᠰᠡᠯᠡᠨ ᠬᠤᠳᠠ ᠶᠢ ᠡᠪᠳᠡᠵᠦ  ᠾᠧᠨᠠᠨ ᠳᠤ  ᠰᠠᠭᠤᠵᠤ ᠬᠠᠮᠠᠭᠠᠯᠠᠵᠠᠢ᠃  ᠪᠤᠯᠤᠳᠡᠮᠦᠷ  ᠸᠧᠢ   ᠵᠧᠦ ᠶᠢ  ᠲᠠᠭᠠᠷᠢᠨ  ᠶᠠᠩ ᠴᠧᠩ  ᠂   ᠹᠧᠢ ᠬᠡᠦ ᠰᠢᠶᠠᠨ ᠬᠦᠷᠴᠦ  ᠲᠤᠰ ᠠᠩᠬᠢ ᠶᠢ ᠪᠠᠭᠤᠯᠭᠠᠨ ᠠᠪᠴᠠᠢ᠃ 11 ᠰᠠᠷ᠎ᠠ ᠳᠤ  ᠶᠤᠸᠠᠨ   ᠤ ᠲᠦᠷᠦ  ᠪᠤᠯᠤᠮᠳᠡᠮᠦᠷ   ᠲᠤ ᠲᠠᠬᠢᠨᠳᠠ  ᠬᠤᠯᠠᠭᠠᠢ ᠶᠢ  ᠪᠦᠰᠡᠯᠡᠨ ᠠᠷᠢᠯᠭᠠᠬᠤ ᠡᠭᠦᠷᠭᠡ ᠲᠤᠯᠭᠠᠵᠠᠢ᠃ 1360 ᠤᠨ ᠤ 2 ᠰᠠᠷ᠎ᠠ ᠳᠤ  ᠪᠤᠯᠦᠳᠡᠮᠦᠷ  ᠫᠢᠩ ᠵᠠᠩ ᠵᠧᠩ ᠰᠢ  ᠡᠷᠭᠦᠮᠵᠢᠯᠡᠭᠳᠡᠵᠦ  ᠱᠠᠩᠳᠦ᠂  ᠳ᠋ᠠ ᠨᠢᠩ   ᠢ ᠡᠵᠡᠯᠡᠭᠰᠡᠨ  ᠭᠤᠸᠠᠨ ᠰᠢᠶᠠᠨ ᠱᠧᠩ ᠤᠨ  ᠤᠯᠠᠭᠠᠨ ᠠᠯᠴᠢᠭᠤᠷᠳᠠᠨ   ᠢ  ᠴᠤᠬᠢᠵᠤ  ᠱᠠᠩᠳᠦ ᠶᠢ ᠡᠭᠡᠭᠦᠯᠦᠨ  ᠤᠯᠠᠭᠠᠨ ᠠᠯᠴᠢᠭᠤᠷᠳᠠᠨ ᠢ  ᠭᠤᠤ ᠯᠢ ᠪᠠ  ᠯᠢᠶᠤᠤ ᠳ᠋ᠦᠩ ᠵᠦᠭ ᠤᠬᠤᠷᠢᠭᠤᠯᠵᠠᠢ᠃ 7 ᠰᠠᠷ᠎ᠠ ᠳᠤ  ᠸᠠᠩ ᠰᠢ ᠴᠧᠩ   ᠤᠨ    ᠱᠠᠨ ᠰᠢ  ᠂ ᠾᠧᠪᠧᠢ   ᠳᠠᠬᠢ   ᠤᠯᠠᠭᠠᠨ   ᠠᠯᠴᠢᠭᠤᠷᠳᠠᠨ ᠢ  ᠢᠯᠠᠵᠤ   ᠂ ᠪᠤᠤ ᠳ᠋ᠢᠩ ᠯᠤ᠋  ᠂ ᠵᠢᠢ ᠨᠢᠩ  ᠯᠤ᠋   ᠶᠢ  ᠡᠵᠡᠯᠡᠭᠰᠡᠨ  ᠲᠢᠶᠠᠨ ᠹᠧᠩ ᠤᠨ  ᠴᠡᠷᠢᠭ ᠢ   ᠰᠢᠬᠠᠨᠮᠳᠠᠭᠤᠯᠤᠨ  ᠳ᠋ᠦᠩ ᠫᠢᠩ ᠯᠤ᠋   ᠵᠦᠭ  ᠤᠬᠤᠷᠢᠭᠤᠯᠵᠤ  ᠂ ᠤᠳᠠᠯ ᠦᠭᠡᠢ   ᠮᠤᠩᠭᠤᠯ  ᠂ ᠬᠢᠳᠠᠳ  ᠴᠡᠷᠢᠭ ᠶᠢᠨ  ᠶᠡᠷᠦᠩᠭᠡᠶᠢᠯᠡᠨ   ᠵᠠᠬᠢᠷᠤᠭᠴᠢ ᠡᠷᠭᠦᠮᠵᠢᠯᠡᠭᠳᠡᠨ᠂  ᠬᠡᠷᠡᠭ ᠶᠠᠪᠤᠳᠠᠯ   ᠢ  ᠲᠦᠭᠦᠮᠴᠢᠯᠡᠬᠦ  ᠭᠡᠷᠭᠡᠮ ᠬᠦᠷᠳᠡᠵᠠᠢ᠃ 8 ᠰᠠᠷ᠎ᠠ ᠳᠤ  ᠶᠤᠸᠠᠨ ᠤᠯᠤᠰ  ᠪᠤᠯᠤᠳᠡᠮᠦᠷ ᠢᠶᠠᠷ  ᠰᠢ ᠯᠢᠩ ᠭᠤᠸᠠᠨ ᠠᠴᠠ  ᠤᠮᠠᠷᠠᠰᠢᠬᠢ ᠤᠷᠤᠨ ᠢ  ᠲᠠᠷᠤᠩᠭᠤᠶᠢᠯᠠᠨ ᠰᠠᠬᠢᠭᠤᠯᠵᠤ  ᠂ ᠴᠠᠭᠠᠨᠳᠡᠮᠦᠷ ᠢᠶᠠᠷ  ᠰᠢ ᠯᠢᠩ ᠭᠤᠸᠠᠨ ᠠᠴᠠ  ᠡᠮᠦᠨᠡᠰᠢᠬᠢ ᠤᠷᠤᠨ ᠢ  ᠲᠠᠷᠤᠩᠭᠤᠶᠢᠯᠠᠨ ᠰᠠᠬᠢᠭᠤᠯᠵᠠᠢ᠃ 9 ᠰᠠᠷ᠎ᠠ ᠳᠤ  ᠪᠤᠯᠤᠳᠡᠮᠦᠷ  ᠵᠢᠢ ᠨᠢᠩ  ︵冀) ᠢ  ᠪᠠᠶᠢᠯᠳᠤᠨ ᠠᠪᠬᠤ ᠶᠢ  ᠪᠤᠳᠤᠯᠬᠢᠯᠠᠨ  ᠴᠡᠷᠢᠭ  ᠲᠤᠮᠢᠯᠠᠨ  ᠵᠢᠢ  ᠨᠢᠩ ᠢ  ᠭᠤᠷᠪᠠᠨ ᠡᠳᠦᠷ  ᠪᠦᠰᠡᠯᠡᠭᠰᠡᠨ ᠤ ᠲᠠᠷᠠᠭ᠎ᠠ ᠴᠡᠷᠢᠭ ᠪᠤᠴᠠᠭᠠᠨ ᠠᠪᠴᠢᠷᠠᠵᠤ ᠵᠢᠶᠤᠤ ᠴᠧᠩ ᠳᠤ  ᠲᠤᠰᠬᠤᠨᠴᠢᠯᠠᠨ ᠰᠠᠭᠤᠵᠠᠢ᠃ 10 ᠰᠠᠷ᠎ᠠ ᠳᠤ  ᠶᠤᠸᠠᠨ ᠤᠯᠤᠰ  ᠵᠠᠷᠯᠢᠭ   ᠢᠶᠠᠷ  ᠪᠤᠯᠦᠳᠡᠮᠦᠷ ᠢᠶᠠᠷ  ᠵᠢᠢ  ᠨᠢᠩ ᠢ  ᠲᠠᠷᠤᠩᠭᠤᠶᠢᠯᠠᠨ  ᠰᠠᠬᠢᠭᠤᠯᠤᠭᠰᠠᠨ ᠳᠤ  ᠬᠦᠭᠡᠳᠡᠮᠦᠷ᠂   ᠳ᠋ᠤᠸᠠᠨ  ᠰᠢᠩ ᠽᠦ  ᠂ ᠭᠤᠤ ᠲᠦᠸᠧ  ᠨᠠᠷ ᠢ  ᠲᠤᠮᠢᠯᠠᠨ  ᠡᠰᠡᠷᠭᠦᠦ ᠲᠠᠯ᠎ᠠ ᠠᠴᠠ   ᠨᠢ ᠲᠤᠰ  ᠬᠤᠳᠠᠨ ᠵᠦᠭ  ᠢᠷᠡᠭᠰᠡᠨ ᠳᠤ  ᠬᠤᠳᠠ ᠰᠠᠬᠢᠭᠰᠠᠨ  ᠴᠡᠷᠢᠭ ᠠᠷᠠᠳ ᠲᠡᠳᠡᠨᠡᠷ ᠢ  ᠤᠷᠤᠭᠤᠯᠤᠭᠰᠠᠨ ᠦᠭᠡᠢ᠃  ᠡᠨᠡᠬᠦ ᠴᠢᠮᠡᠭᠡ ᠶᠢ ᠴᠠᠭᠠᠨᠳᠡᠮᠦᠷ  ᠰᠤᠨᠤᠰᠤᠭᠠᠳ ᠰᠦᠸᠧ ᠵᠦ  ᠂  ᠴᠧᠩ ᠪᠢᠩ  ᡁᠢ ᠨᠠᠷ ᠢ  ᠴᠡᠷᠢᠭ ᠲᠠᠭᠠᠭᠤᠯᠤᠨ ᠢᠷᠡᠵᠦ ᠪᠤᠯᠢᠶᠠᠯᠳᠤᠭᠠᠳ  ᠪᠤᠯᠤᠳᠡᠮᠦᠷ ᠤᠨ   ᠲᠤᠤᠷᠠᠬᠢ  ᠲᠤᠯᠪᠠᠢ ᠳᠤ ᠢᠯᠠᠭᠳᠠᠵᠠᠢ᠃        1361 ᠤᠨ   ᠤ ᠴᠠᠭᠠᠨ ᠰᠠᠷ᠎ᠠ ᠳᠤ  ᠶᠤᠸᠠᠨ ᠤ ᠲᠦᠷᠦ ᠠᠴᠠ  ᠫᠢᠩ ᠵᠠᠩ  ᠲᠠᠰᠳᠡᠮᠦᠷ   ᠢ  ᠲᠤᠮᠢᠯᠠᠨ᠂ ᠴᠡᠷᠢᠭ ᠤᠨ  ᠡᠷᠭᠡ ᠶᠢ ᠰᠤᠯᠠᠯᠠᠭᠰᠠᠨ ᠢ   ᠲᠤᠩᠬᠠᠭᠯᠠᠭᠰᠠᠨ ᠳᠤ  ᠪᠤᠯᠤᠳᠡᠮᠦᠷ ᠵᠠᠷᠯᠢᠭ ᠬᠦᠯᠢᠶᠡᠨ  ᠪᠤᠴᠠᠵᠠᠢ᠃   ᠤᠳᠠᠯ ᠦᠭᠡᠢ  ᠵᠤᠨ ᠤ  ᠤᠯᠠᠷᠢᠯ ᠳᠤ  ᠪᠤᠯᠤᠳᠡᠮᠦᠷ ᠲᠠᠬᠢᠨᠳᠠ  ᠪᠤᠤ ᠳ᠋ᠢᠩ᠂  ᠾᠧ ᠵᠢᠶᠠᠨ ᠢᠶᠠᠷ  ᠲᠤᠰᠬᠤᠨᠴᠢᠯᠠᠨ ᠲᠠᠷᠢᠶᠠᠯᠠᠵᠠᠢ᠃        1362 ᠤᠨ ᠳᠤ  ᠤᠮᠠᠷᠠᠳᠤ ᠤᠷᠤᠨ ᠳᠤ  ᠵᠠᠩ ᠯᠢᠶᠠᠩ ᠪᠢ  ᠪᠤᠯᠤᠳᠡᠮᠦᠷ ᠲᠠᠢ  ᠨᠦᠬᠦᠷᠰᠡᠵᠦ  ᠂  ᠯᠢ ᠰᠧ ᠴᠢ ᠨᠢ ᠴᠠᠭᠠᠨᠳᠡᠮᠦᠷ ᠲᠠᠢ ᠬᠤᠯᠪᠤᠭᠠᠯᠠᠨ  ᠬᠠᠷᠢᠯᠴᠠᠨ ᠶᠡᠭᠡᠳᠡ ᠲᠡᠮᠡᠴᠡᠯ ᠪᠤᠯᠤᠭᠰᠠᠨ  ᠲᠤᠬᠢᠶᠠᠯ ᠢᠶᠠᠷ  ᠮᠢᠩ ᠢᠦᠢ ᠵᠧᠨ  ᠴᠧᠩᠳᠦ᠋ ᠶᠢ ᠡᠵᠡᠯᠡᠨ  ᠸᠠᠩ   ᠰᠠᠭᠤᠵᠠᠢ᠃   ᠶᠠᠭ ᠡᠨᠡ ᠲᠤᠬᠠᠢ ᠴᠠᠭᠠᠨᠳᠡᠮᠦᠷ  ᠲᠤᠤᠷᠠᠬᠢ ᠬᠦᠮᠦᠨ   ᠳᠡᠭᠡᠨ ᠬᠤᠤᠷᠯᠠᠭᠳᠠᠭᠰᠠᠨ   ᠳᠤ   ᠲᠡᠵᠢᠭᠡᠭᠰᠡᠨ ᠭᠦᠭᠡᠭᠦᠨ ᠬᠦᠭᠡᠳᠡᠮᠦᠷ ᠨᠢ  ᠡᠴᠢᠭᠡ   ᠤᠨ   ᠢᠶᠠᠨ  ᠬᠠᠷᠢᠶᠠᠳᠤ ᠶᠢ  ᠲᠠᠭᠠᠭᠤᠯᠤᠨ  ᠪᠤᠯᠦᠳᠡᠮᠦᠷ   ᠯᠤᠭ᠎ᠠ  ᠦᠷᠭᠦᠯᠵᠢᠯᠡᠨ  ᠲᠡᠮᠡᠴᠡᠵᠠᠢ᠃  ᠡᠮᠦᠨᠡᠳᠤ ᠤᠷᠤᠨ ᠳᠤ ᠵᠤ᠋ ᠶᠤᠸᠠᠨ ᠵᠠᠩ ᠬᠢᠭᠡᠳ  ᠴᠧᠨ ᠶᠢᠦ ᠯᠢᠶᠠᠩ ᠤᠨ  ᠲᠠᠶᠢᠨ  ᠡᠬᠢᠯᠡᠵᠦ  ᠂  ᠪᠦᠬᠦ ᠤᠯᠤᠰ  ᠭᠡᠰᠡᠭᠯᠡᠨ  ᠡᠵᠡᠮᠰᠢᠭᠰᠡᠨ ᠲᠠᠶᠢᠨ ᠤ ᠪᠠᠶᠢᠳᠠᠯ ᠳᠤ  ᠤᠷᠤᠵᠠᠢ᠃  ᠵᠠᠩ  ᠰᠢ ᠴᠧᠩ ᠨᠠᠷ᠎ᠠ ᠲᠡᠭᠡᠷ᠎ᠡ ᠪᠠᠨ ᠶᠤᠸᠠᠨ ᠤᠯᠤᠰ   ᠲᠤ ᠲᠠᠭᠠᠭᠰᠠᠨ  ᠠᠴᠠ  ᠲᠤᠬᠠᠢ ᠶᠢᠨ ᠦᠶ᠎ᠡ ᠳᠤ  ᠬᠤᠸᠠᠶᠢᠨᠠᠨ ᠬᠢᠭᠡᠳ  ᠬᠦᠭᠡᠮᠦ᠋ᠷᠡᠨ   ᠤ  ᠲᠤᠮᠳᠠᠳᠤ ᠲᠤᠤᠷᠠᠳᠤ  ᠤᠷᠤᠰᠬᠠᠯ ᠲᠠᠭᠤ ᠤᠷᠤᠨ  ᠤᠯᠠᠭᠠᠨ ᠠᠯᠴᠢᠭᠤᠷᠳᠠᠨ ᠡᠵᠡᠮᠰᠢᠭᠳᠡᠵᠦ   ᠤᠮᠠᠷᠠᠳᠤ ᠤᠷᠤᠨ   ᠳᠤ ᠤᠯᠠᠨ  ᠢᠳᠡᠷᠭᠡᠭ  ᠬᠡᠰᠡᠭᠯᠡᠨ ᠡᠵᠡᠮᠰᠢᠵᠤ  ᠬᠠᠷᠢᠯᠴᠠᠨ ᠲᠠᠶᠢᠳᠤᠭᠰᠠᠨ  ᠪᠠᠶᠢᠳᠠᠯ ᠳᠤ ᠤᠷᠤᠵᠠᠢ᠃  ᠲᠤᠬᠠᠢ ᠶᠢᠨ  ᠦᠶ᠎ᠡ ᠳᠤ ᠪᠤᠯᠤᠳᠡᠮᠦᠷ ᠴᠡᠷᠢᠭ ᠲᠠᠭᠠᠭᠤᠯᠤᠨ  ᠡᠮᠦᠨ᠎ᠡ ᠶᠢ ᠲᠠᠶᠢᠯᠠᠬᠤ   ᠶᠢ ᠭᠤᠶᠤᠴᠢᠯᠠᠭᠰᠠᠨ ᠴᠦ  ᠴᠤᠤᠷᠢᠶᠠᠳᠤᠨ  ᠲᠠᠭᠠᠬᠤ  ᠬᠦᠮᠦᠨ ᠦᠭᠡᠢ ᠪᠤᠯᠵᠠᠢ᠃        1363 ᠤᠨ ᠤ  ᠬᠠᠪᠤᠷ  ᠂ ᠭᠤᠸᠠᠨ ᠰᠢᠶᠠᠨ ᠱᠧᠩ ᠤᠨ ᠦᠯᠡᠳᠡᠭᠳᠡᠯ ᠬᠦᠴᠦᠨ  ᠳ᠋ᠠ ᠨᠢᠩ ᠢ  ᠲᠠᠭᠠᠷᠢᠨ ᠡᠵᠡᠯᠡᠵᠦ  ᠲᠠᠶᠢᠳᠤ ᠶᠢ ᠰᠦᠷᠳᠡᠭᠦᠯᠦᠭᠰᠡᠨ ᠳᠤ  ᠪᠤᠯᠤᠳᠡᠮᠦᠷ   ᠪᠠᠶᠢᠯᠳᠤᠨ ᠢᠯᠠᠵᠤ ᠪᠠᠭᠤᠯᠭᠠᠨ ᠠᠪᠴᠠᠢ᠃ 3 ᠰᠠᠷ᠎ᠠ ᠳᠤ  ᠶᠤᠸᠠᠨ ᠤᠯᠤᠰ  ᠵᠢᠢ  ᠨᠢᠩ ᠯᠤ᠋ ᠳᠤ  ᠮᠤᠵᠢ  ᠪᠠᠶᠢᠭᠤᠯᠵᠠᠢ᠃ 5 ᠰᠠᠷ᠎ᠠ ᠳᠤ  ᠵᠠᠩ ᠰᠢ ᠴᠧᠩ 30 ᠲᠦᠮᠡᠨ  ᠴᠡᠷᠢᠭ  ᠲᠠᠭᠠᠭᠤᠯᠤᠨ  ᠵᠢᠩ ᠪᠠᠯᠭᠠᠰᠤᠨ ᠳᠤ  ᠦᠢᠷᠳᠤᠵᠤ᠂ 6 ᠰᠠᠷ᠎ᠠ ᠳᠤ  ᠪᠤᠯᠤᠳᠡᠮᠦᠷ  ᠵᠤᠤ ᠪᠢᠴᠢᠭ ᠤᠨ  ᠵᠠᠷᠯᠢᠭ   ᠢᠶᠠᠷ  ᠡᠮᠦᠨᠡᠰᠢ ᠲᠠᠶᠢᠯᠠᠬᠤ ᠪᠤᠯᠵᠤ  ᠱᠠᠨᠰᠢ ᠶᠢ ᠦᠩᠭᠡᠷᠡᠵᠦ ᠡᠮᠦᠨᠡᠰᠢ ᠲᠠᠶᠢᠯᠠᠵᠤ  ᠰᠢᠶᠠᠩ ᠶᠠᠩ᠂ ᠬᠠᠨ ᠶᠠᠩ ᠤᠨ  ᠭᠠᠵᠠᠷ   ᠲᠤ  ᠬᠠᠷᠰᠢ ᠰᠠᠭᠠᠳ ᠲᠤ ᠤᠴᠠᠷᠠᠬᠤ   ᠶᠢᠨ  ᠬᠠᠮᠳᠤ  ᠂   ᠬᠦᠭᠡᠳᠡᠮᠦᠷ ᠤᠨ  ᠲᠤᠤᠷᠠᠬᠢ ᠵᠠᠩᠵᠤᠨ   ᠲᠠᠯᠤ   ᠯᠠᠨ ᠲᠢᠶᠠᠨ ᠳᠤ  ᠲᠡᠭᠦᠨ ᠢ   ᠰᠠᠭᠠᠳᠠᠭᠤᠯᠤᠭᠰᠠᠨ ᠳᠤ  ᠲᠡᠷᠡᠪᠡᠷ   ᠡᠵᠡᠨ ᠲᠦᠷᠦ   ᠳᠤ ᠲᠠᠯᠦ  ᠨᠠᠷ ᠢ  ᠲᠦᠩ ᠭᠤᠸᠠᠨ ᠠᠴᠠ  ᠵᠡᠭᠦᠨᠰᠢ ᠰᠢᠯᠵᠢᠬᠦᠯᠬᠦ ᠶᠢ ᠱᠠᠭᠠᠷᠳᠠᠵᠠᠢ᠃  ᠡᠭᠦᠨ ᠤ ᠵᠡᠷᠭᠡᠪᠡᠷ  ᠪᠤᠯᠤᠳᠡᠮᠦᠷ   ᠤᠨ  ᠲᠤᠮᠢᠯᠠᠭᠰᠠᠨ  ᠵᠤ᠋ ᠵᠧᠨ  ᠲᠤᠬᠠᠢ ᠶᠢᠨ  ᠤᠷᠤᠨ ᠤ ᠨᠤᠶᠠᠳ ᠲᠠᠢ ᠬᠤᠯᠪᠤᠭᠠᠯᠠᠨ  ᠮᠤᠵᠢ ᠶᠢᠨ  ᠬᠤᠳᠠ ᠶᠢ ᠡᠵᠡᠮᠰᠢᠭᠰᠡᠨ ᠳᠤ ᠬᠦᠭᠡᠳᠡᠮᠦᠷ  ᠴᠡᠷᠢᠭ ᠲᠤᠮᠢᠯᠠᠨ  ᠵᠤ᠋ ᠵᠧᠨ ᠲᠠᠢ ᠪᠠᠶᠢᠯᠳᠤᠭᠤᠯᠤᠨ  ᠲᠡᠭᠦᠨ ᠢ  ᠤᠷᠤᠭᠤᠯᠵᠤ ᠠᠪᠴᠠᠢ᠃ 7 ᠰᠠᠷ᠎ᠠ ᠳᠤ  ᠪᠤᠯᠤᠳᠡᠮᠦᠷ   ᠰᠢᠶᠠᠩ ᠬᠠᠨ ᠢ  ᠲᠠᠭᠠᠷᠢᠭᠰᠠᠨ ᠲᠠᠶᠢᠨ   ᠢ ᠲᠡᠭᠦᠰᠦᠮᠡᠭᠴᠨ  ᠬᠦᠭᠡᠳᠡᠮᠦᠷ  ᠂ ᠪᠤᠯᠤᠳᠡᠮᠦᠷ   ᠢ  ᠲᠠᠭᠠᠷᠢᠵᠠᠢ᠃  ᠡᠭᠦᠨ ᠳᠤ   ᠪᠤᠯᠤᠳᠡᠮᠦᠷ  ᠪᠢᠴᠢᠭ ᠡᠷᠭᠦᠵᠦ  ᠬᠦᠭᠡᠳᠡᠮᠦᠷ ᠤᠨ  ᠲᠦᠰᠢᠮᠡᠯ ᠤᠨ  ᠶᠤᠰᠤᠨ ᠢ  ᠦᠯᠦ ᠲᠠᠭᠠᠭᠰᠠᠨ ᠢ  ᠶᠠᠯᠯᠠᠬᠤ ᠶᠢ ᠱᠠᠭᠠᠷᠳᠠᠵᠠᠢ᠃  ᠭᠡᠳᠡᠯ᠎ᠡ  ᠲᠠᠶᠢᠽᠢ ᠶᠢᠨ  ᠲᠡᠮᠵᠢᠯᠭᠡ   ᠶᠢ ᠤᠯᠤᠭᠰᠠᠨ ᠬᠦᠭᠡᠳᠡᠮᠦᠷ ᠤᠨ  ᠬᠦᠴᠦᠨ ᠡᠳᠦᠷ ᠢᠷᠡᠬᠦᠶ᠎ᠡ  ᠪᠠᠳᠠᠷᠠᠵᠤ  ᠂  ᠬᠠᠷᠢᠨ ᠶᠤᠸᠠᠨ ᠤᠯᠤᠰ ᠡᠳᠦᠷ ᠢᠷᠡᠬᠦᠶ᠎ᠡ ᠲᠤᠷᠤᠶᠢᠳᠠᠵᠠᠢ᠃  ᠲᠤᠬᠠᠢ ᠶᠢᠨ  ᠦᠶ᠎ᠡ ᠳᠤ ᠡᠷᠭᠡ ᠠᠳᠬᠤᠭᠰᠠᠨ ᠨᠤᠶᠠᠳ ᠤᠨ  ᠤᠯᠠᠨᠩᠬᠢ ᠨᠢ  ᠬᠢᠳᠠᠳ ᠨᠤᠶᠠᠳ ᠪᠤᠯᠵᠤ᠂  ᠵᠦᠪᠭᠡᠨ ᠪᠤᠯᠤᠳᠡᠮᠦᠷ  ᠯᠡ  ᠮᠤᠩᠭᠤᠯ ᠨᠤᠶᠠᠨ  ᠮᠦᠷᠳᠡᠭᠡᠨ ᠬᠠᠮᠤᠭ  ᠤᠨ   ᠭᠠᠷᠮᠠᠭᠠᠢ  ᠴᠡᠷᠢᠭ ᠲᠠᠶᠢᠨ ᠤ ᠤᠳᠤᠷᠢᠳᠤᠭᠴᠢ ᠪᠠᠶᠢᠵᠠᠢ᠃         1364 ᠤᠨ ᠳᠤ ᠵᠤ᠋ ᠶᠤᠸᠠᠨ ᠵᠠᠩ  ᠂  ᠴᠧᠨ ᠬᠠᠨ   ᠢ  ᠮᠦᠬᠦᠭᠡᠵᠦ   ᠬᠦᠭᠡᠮᠦ᠋ᠷᠡᠨ ᠤ  ᠲᠤᠮᠳᠠᠳᠤ ᠤᠷᠤᠰᠬᠠᠯ  ᠲᠠᠭᠠᠤ ᠤᠷᠤᠨ ᠢ    ᠡᠷᠭᠡᠰᠢᠶᠡᠭᠰᠡᠨ   ᠪᠠᠶᠢᠳᠠᠯ᠎ᠠ  ᠶᠤᠸᠠᠨ ᠤᠯᠤᠰ ᠤᠨ  ᠬᠠᠭᠠᠨ ᠤ ᠨᠠᠮᠳᠠᠨ ᠬᠢᠭᠡᠳ ᠲᠠᠶᠢᠽᠢ ᠶᠢᠨ  ᠨᠠᠮᠳᠠᠨ ᠤ  ᠲᠡᠮᠡᠴᠡᠯ ᠬᠠᠷᠢᠨ ᠰᠢᠷᠦᠭᠦᠰᠴᠠᠢ᠃ 3 ᠰᠠᠷ᠎ᠠ ᠳᠤ  ᠬᠤᠸᠠᠩ ᠲᠠᠶᠢᠽᠢ   ᠠᠶᠤᠰᠢᠷᠢᠳᠠᠷ᠎ᠠ   ᠲᠤᠭᠤᠭᠠᠨᠳᠡᠮᠦᠷ ᠬᠠᠭᠠᠨ ᠢ  ᠠᠯᠪᠠᠳᠠᠨ  ᠪᠤᠯᠤᠳᠡᠮᠦᠷ ᠤᠨ  ᠴᠡᠷᠢᠭ ᠤᠨ  ᠵᠡᠷᠭᠡ ᠭᠡᠷᠭᠡᠮ   ᠢ  ᠠᠨᠤ  ᠤᠭᠴᠠᠷᠠᠭᠤᠯᠵᠠᠢ᠃ 4 ᠰᠠᠷ᠎ᠠ ᠳᠤ  ᠶᠤᠸᠠᠨ ᠤ  ᠲᠦᠷᠦ  ᠪᠤᠯᠤᠳᠡᠮᠦᠷ   ᠲᠤ   ︽ᠵᠠᠷᠯᠢᠭ ᠲᠠᠭᠠᠭᠰᠠᠨ ᠦᠭᠡᠢ︾ ᠬᠡᠮᠡᠬᠦ  ᠶᠠᠯ᠎ᠠ ᠲᠤᠯᠭᠠᠵᠤ  ᠬᠤᠸᠠᠩ ᠲᠠᠶᠢᠽᠢ  ᠠᠶᠤᠰᠢᠷᠢᠳᠠᠷ᠎ᠠ ᠪᠡᠶ᠎ᠡ ᠪᠠᠷ ᠢᠶᠠᠨ  ᠲᠠᠶᠢᠯᠠᠬᠤ ᠶᠢᠨ  ᠬᠠᠮᠳᠤ ᠬᠦᠭᠡᠳᠡᠮᠦᠷ   ᠢ  ᠵᠠᠷᠯᠢᠭᠳᠠᠨ  ᠴᠡᠷᠢᠭ ᠭᠠᠷᠭᠠᠭᠤᠯᠵᠠᠢ᠃ 5 ᠰᠠᠷ᠎ᠠ ᠳᠤ  ᠬᠦᠭᠡᠳᠡᠮᠦᠷ  ᠭᠤᠷᠪᠠᠨ ᠵᠠᠮ ᠤᠨ  ᠬᠤᠷᠢᠨ ᠲᠦᠮᠡᠨ ᠴᠡᠷᠢᠭ ᠲᠤᠮᠢᠯᠠᠨ  ᠪᠤᠯᠤᠳᠡᠮᠦᠷ ᠢ  ᠲᠠᠭᠠᠷᠢᠭᠤᠯᠵᠤ  ᠂  ᠬᠤᠸᠠᠩ ᠲᠠᠶᠢᠽᠢ  ᠲᠠᠶᠢᠳᠤ ᠬᠤᠳᠠᠨ᠎ᠠ ᠡᠭᠡᠵᠠᠢ᠃        7 ᠰᠠᠷ᠎ᠠ ᠳᠤ  ᠬᠦᠭᠡᠳᠡᠮᠦᠷ ᠬᠢᠭᠡᠳ  ᠪᠤᠯᠤᠳᠡᠮᠦᠷ  ᠲᠠᠶᠢᠳᠤ ᠬᠤᠳᠠ  ᠤᠷᠴᠢᠮ ᠶᠡᠭᠡᠯ᠎ᠡ ᠪᠠᠶᠢᠯᠳᠤᠵᠤ  ᠶᠢᠰᠦ  ᠪᠤᠯᠤᠳᠡᠮᠦᠷ ᠲᠤ ᠲᠠᠭᠠᠵᠤ  ᠬᠦᠭᠡᠳᠡᠮᠦᠷ ᠬᠢᠭᠡᠳ  ᠲᠠᠶᠢᠽᠢ ᠶᠢᠨ  ᠴᠡᠷᠢᠭ ᠠᠰᠢᠭ ᠠᠯᠳᠠᠵᠤ   ᠵᠢᠢ ᠨᠢᠩ  ᠵᠦᠭ ᠤᠬᠤᠷᠢᠨ  ᠂ ᠪᠤᠯᠤᠳᠡᠮᠦᠷ ᠵᠢᠩ ᠬᠤᠳᠠᠨ᠎ᠠ ᠤᠷᠤᠵᠠᠢ᠃        8 ᠰᠠᠷ᠎ᠠ ᠳᠤ  ᠶᠤᠸᠠᠨ ᠤ  ᠲᠦᠷᠦ ᠠᠴᠠ  ᠪᠤᠯᠤᠳᠡᠮᠦᠷ ᠢ  ᠪᠠᠷᠠᠭᠤᠨ ᠭᠠᠷᠤᠨ ᠴᠧᠩᠰᠢᠶᠠᠩ  ᠡᠷᠭᠦᠮᠵᠢᠯᠡᠵᠦ  ᠪᠤᠯᠤᠳᠡᠮᠦᠷ ᠵᠠᠰᠠᠭ ᠠᠳᠬᠤᠵᠠᠢ᠃   ᠪᠤᠯᠤᠳᠡᠮᠦᠷ  ᠵᠠᠰᠠᠭ ᠠᠳᠬᠤᠬᠤ  ᠬᠤᠭᠤᠴᠠᠭᠠᠨ ᠳᠠᠭᠠᠨ  ᠨᠢᠭᠡ ᠪᠦᠯᠦᠭ ᠠᠷᠠᠳ ᠲᠦᠮᠡᠨ ᠳᠤ  ᠠᠰᠢᠭᠳᠠᠢ ᠮᠦᠷᠳᠡᠭᠡᠨ   ᠨᠤᠶᠠᠷᠬᠠᠯ   ᠤᠨ  ᠲᠢᠭᠯᠢᠮ ᠢᠶᠠᠨ  ᠰᠡᠷᠭᠦᠭᠡᠬᠦ ᠳᠤ ᠠᠰᠢᠭᠳᠠᠢ  ᠲᠦᠷᠦ ᠶᠢᠨ  ᠪᠤᠳᠤᠯᠭ᠎ᠠ ᠲᠤᠭᠳᠠᠭᠠᠵᠠᠢ᠃  ᠭᠡᠳᠡᠯ᠎ᠡ  ᠠᠷᠠᠶᠢᠬᠠᠨ ᠨᠢᠭᠡᠨ ᠤᠨ ᠪᠤᠯᠤᠭᠰᠠᠨ ᠦᠭᠡᠢ ᠵᠠᠰᠠᠭ ᠠᠳᠬᠤᠭᠰᠠᠨ ᠬᠤᠭᠤᠴᠠᠭ᠎ᠠ ᠨᠢ ᠶᠤᠸᠠᠨ ᠤᠯᠤᠰ ᠤᠨ  ᠬᠤᠪᠢ ᠵᠢᠶᠠᠭ᠎ᠠ ᠶᠢ  ᠭᠡᠷᠬᠢᠨ ᠬᠤᠪᠢᠷᠭᠠᠵᠤ ᠴᠢᠳᠠᠬᠤ ᠪᠢᠯᠡ  ᠃        1365 ᠤᠨ   ᠤ ᠡᠬᠢ ᠪᠠᠷ  ᠬᠤᠸᠠᠩ ᠲᠠᠶᠢᠽᠢ  ᠠᠶᠤᠰᠢᠷᠢᠳᠠᠷ᠎ᠠ  ᠬᠢᠭᠡᠳ ᠭᠦᠭᠡᠳᠡᠮᠦᠷ  ᠨᠠᠷ ᠲᠠᠬᠢᠨᠳᠠ  ᠪᠤᠯᠤᠳᠡᠮᠦᠷ ᠢ  ᠲᠠᠭᠠᠷᠢᠵᠤ᠂ 4 ᠰᠠᠷ᠎ᠠ ᠳᠤ ᠳ᠋ᠠ ᠲᠦᠩ ᠢ  ᠲᠠᠭᠠᠷᠢᠨ  ᠡᠵᠡᠯᠡᠭᠰᠡᠨ ᠳᠤ ᠪᠤᠯᠤᠳᠡᠮᠦᠷ  ᠶᠢᠰᠦ ᠶᠢ ᠲᠤᠮᠢᠯᠠᠨ   ᠤᠭᠳᠤᠨ ᠪᠠᠶᠢᠯᠳᠤᠭᠤᠯᠤᠭᠰᠠᠨ ᠳᠤ  ᠶᠢᠰᠦ  ᠭᠡᠳᠡᠷᠭᠦᠦ   ᠲᠡᠭᠡᠨ  ᠬᠤᠸᠠᠩ ᠲᠠᠶᠢᠽᠢ ᠳᠤ  ᠲᠠᠭᠠᠵᠠᠢ᠃ 7  ᠰᠠᠷ᠎ᠠ ᠳᠤ   ᠶᠤᠸᠠᠨ ᠱᠦᠨ ᠳ᠋ᠢ ᠬᠠᠭᠠᠨ  ᠬᠦᠮᠦᠨ ᠲᠤᠮᠢᠯᠠᠨ  ᠪᠤᠯᠤᠳᠡᠮᠦᠷ   ᠢ  ᠬᠤᠤᠷᠯᠠᠵᠠᠢ᠃  
 
ᠢᠷᠡᠯᠲᠡ᠄ ᠯᠢᠨᠰᠢ ᠰᠢᠶᠠᠨ  ᠤ ᠠᠷᠠᠥᠨ ᠤᠨ ᠵᠠᠰᠠᠭ ᠤᠨ ᠤᠷᠳᠤᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备07002090号