| ᠶᠤᠸᠠᠨ ᠤᠯᠤᠰ ᠤᠨ ᠰᠡᠭᠦᠯᠴᠢ ᠶᠢᠨ ᠦᠶ᠎ᠡ ᠶᠢᠨ ᠭᠠᠪᠢᠶᠠᠳᠤ ᠵᠠᠩᠵᠤᠨ ᠴᠠᠭᠠᠨᠳᠡᠮᠦᠷ ︵—1362 | ᠤᠨ︶ ᠂ ᠨᠠᠢᠮᠠᠨ ᠠᠶᠢᠮᠠᠭ ᠤᠨ ᠬᠦᠮᠦᠨ᠂ ᠡᠯᠦᠨᠴᠨ ᠬᠦᠭᠡᠳᠠᠢ ᠂ ᠡᠪᠦᠭᠡ ᠨᠠᠢᠮᠠᠨᠳᠠᠢ᠂ ᠡᠴᠢᠭᠡ | ᠠᠷᠯᠤᠨ ᠃ ᠬᠢᠳᠠᠳ ᠨᠡᠷ᠎ᠡ ᠨᠢ ᠯᠢ ᠴᠠ ᠬᠠᠨ ᠂ ᠡᠷᠭᠦᠭᠰᠡᠨ ᠨᠡᠷ᠎ᠡ ᠨᠢ ᠲᠢᠩ ᠷᠦᠢ ᠃ ᠲᠡᠷᠡᠪᠡᠷ ᠡᠪᠦᠭᠡ᠂ | ᠡᠴᠢᠭᠡ ᠢᠶᠠᠨ ᠲᠠᠭᠠᠨ ᠾᠧᠨᠠᠨ ᠮᠤᠵᠢ ᠶᠢᠨ ᠱᠧᠨ ᠴᠢᠦ ︵ᠤᠳᠤᠬᠠᠨ ᠤ ᠠᠨᠾᠦ᠋ᠢ ᠮᠤᠵᠢ ᠶᠢᠨ ᠯᠢᠨ | ᠴᠢᠤᠸᠠᠨ ᠤ ᠪᠠᠷᠠᠭᠤᠨ ︶ ᠳᠤ ᠨᠤᠳᠤᠭᠰᠢᠵᠠᠢ᠃ | 1351 ᠤᠨ ᠳᠤ ᠪᠠᠢ ᠯᠢᠶᠠᠨ ᠵᠢᠶᠤᠤ ᠰᠤᠷᠳᠠᠬᠤᠨ ᠤ ᠱᠠᠪᠢ ᠯᠢᠦ ᠹᠦ᠋ ᠲᠦᠩ ᠢᠩᠵᠧᠦ ᠳᠤ ︵ | ᠠᠨᠾᠦ᠋ᠢ ᠶᠢᠨ ᠹᠦ᠋ ᠶᠠᠩ︶ ᠳᠤ ᠤᠯᠠᠭᠠᠨ ᠠᠯᠴᠢᠭᠤᠷᠳᠠᠨ ᠤ ᠪᠤᠰᠤᠯᠭ᠎ᠠ ᠭᠠᠷᠭᠠᠭᠰᠠᠨ ᠠᠴᠠ ᠶᠤᠸᠠᠨ | ᠤᠯᠤᠰ ᠤᠨ ᠰᠡᠭᠦᠯᠴᠢ ᠶᠢᠨ ᠦᠶ᠎ᠡ ᠶᠢᠨ ᠶᠡᠭᠡ ᠰᠠᠮᠠᠭᠤᠷᠠᠯ ᠡᠬᠢᠯᠠᠵᠠᠢ᠃ ᠲᠠᠷᠠᠭᠠᠪᠡᠷ ᠯᠢᠦ ᠹᠦ᠋ ᠲᠦᠩ | ᠾᠧᠨᠠᠨ ᠳᠤ ᠲᠠᠭᠠᠷᠢᠨ ᠤᠷᠤᠵᠤ᠂ ᠪᠦᠸᠧ ᠵᠧᠦ ︵ᠠᠨᠾᠦ᠋ᠢ ᠶᠢᠨ ᠪᠦᠸᠧ ᠵᠧᠦ︶ ᠂ ᠵᠧᠨ ᠶᠠᠩ ︵ | ᠾᠧᠨᠠᠨ ᠤ ᠰᠢᠶᠠᠩ ᠴᠧᠩ ᠤᠨ ᠡᠮᠦᠨ᠎ᠡ︶ ᠂ ᠯᠥᠸᠧ ᠱᠠᠨ ︵ᠾᠧᠨᠠᠨ ᠤ ᠯᠥᠸᠧ ᠱᠠᠨ︶ ᠵᠡᠷᠭᠡ ᠭᠠᠵᠠᠷ | ᠢ ᠡᠵᠡᠯᠡᠭᠰᠡᠨ ᠪᠦᠭᠡᠳ ᠬᠡᠳᠦᠨ ᠰᠠᠷ᠎ᠠ ᠪᠤᠯᠤᠯ ᠦᠭᠡᠢ ᠵᠢᠶᠠᠩᠬᠤᠸᠠᠢ ᠶᠢᠨ ᠤᠯᠠᠨ ᠵᠧᠦ ᠪᠦᠬᠦᠨ ᠢᠶᠠᠷ ᠢᠶᠠᠨ | ᠤᠯᠠᠭᠠᠨ ᠠᠯᠴᠢᠭᠤᠷᠳᠠᠨ ᠳᠤ ᠡᠵᠡᠯᠡᠭᠳᠡᠵᠠᠢ᠃ ᠶᠤᠸᠠᠨ ᠤᠯᠤᠰ ᠤᠨ ᠵᠠᠰᠠᠭ ᠤᠨ ᠭᠠᠵᠠᠷ ᠠᠴᠠ ᠬᠡᠳᠦᠨᠳᠡ | ᠴᠡᠷᠢᠭ ᠲᠠᠶᠢᠴᠢᠯᠠᠨ ᠲᠠᠷᠤᠩᠭᠤᠶᠢᠯᠠᠭᠰᠠᠨ ᠪᠤᠯᠪᠠᠴᠦ ᠴᠦᠮ ᠢᠯᠠᠭᠳᠠᠵᠠᠢ᠃ | 1352 ᠤᠨ ᠳᠤ ᠴᠠᠭᠠᠨᠳᠡᠮᠦᠷ ᠲᠤᠬᠠᠢ ᠶᠢᠨ ᠤᠷᠤᠨ ᠤ ᠬᠡᠦᠭᠡᠳ ᠲᠡᠭᠦᠨᠠᠷ ᠠᠴᠠ ᠵᠠᠭᠤᠭᠠᠳ | ᠬᠦᠮᠦᠨ ᠢ ᠡᠯᠡᠰᠡᠵᠦ ︽ᠵᠢᠷᠦᠮ ᠤᠨ ᠴᠡᠷᠢᠭ︾ ᠬᠡᠮᠡᠨ ᠨᠡᠷᠡᠶᠢᠳᠴᠦ᠂ ᠯᠥᠸᠧ ᠱᠠᠨ ᠰᠢᠶᠠᠨ ᠤ ᠭᠡᠷᠡᠭ | ᠮᠡᠳᠡᠭᠴᠢ ᠯᠢ ᠰᠧ ᠴᠢ ᠵᠢᠷᠦᠮ ᠤᠨ ᠴᠡᠷᠢᠭ ᠡᠯᠰᠡᠬᠦ ᠠᠵᠢᠯ ᠯᠤᠭ᠎ᠠ ᠬᠠᠷᠢᠯᠴᠠᠨ ᠬᠠᠮᠵᠢᠯᠴᠠᠵᠤ ᠯᠥᠸᠧ ᠱᠠᠨ | ᠢ ᠲᠠᠭᠠᠷᠢᠨ ᠡᠵᠡᠯᠡᠬᠦ ᠲᠡᠶᠢᠨ ᠢ ᠵᠤᠬᠢᠶᠠᠨ ᠪᠠᠶᠢᠭᠤᠯᠵᠤ ᠵᠢᠷᠦᠮ ᠤᠨ ᠴᠡᠷᠢᠭ ᠪᠠᠶᠢᠭᠤᠯᠤᠭᠰᠠᠨ ᠬᠠᠮᠤᠭ ᠠᠩᠬᠠᠨ | ᠤ ᠢᠯᠡᠯᠳᠡ ᠶᠢ ᠪᠠᠶᠢᠭᠤᠯᠵᠠᠢ᠃ ᠡᠭᠦᠨᠴᠨ ᠴᠠᠭᠠᠨᠳᠡᠮᠦᠷ ᠤᠨ ᠠᠯᠳᠠᠷ ᠨᠡᠷ᠎ᠡ ᠨᠢ ᠮᠠᠨᠳᠤᠵᠤ ᠶᠤᠸᠠᠨ ᠤ ᠲᠦᠷᠦ | ᠳᠤ ᠰᠢᠳᠤᠷᠭᠤ ᠤᠯᠠᠨ ᠭᠠᠵᠠᠷ ᠤᠨ ᠵᠡᠪᠰᠡᠭᠳᠦ ᠬᠦᠴᠦᠨ ᠲᠡᠭᠦᠨ ᠤ ᠴᠡᠴᠡᠷ ᠤᠨ ᠡᠮᠦᠨ᠎ᠡ ᠬᠤᠷᠠᠵᠤ᠂ | ᠵᠢᠷᠦᠮ ᠤᠨ ᠴᠡᠷᠢᠭ ᠨᠢ ᠤᠳᠠᠯ ᠦᠭᠡᠢ ᠲᠦᠮᠡᠨ ᠢᠯᠡᠭᠦᠦ ᠬᠦᠮᠦᠨ ᠲᠠᠢ ᠨᠢᠭᠡᠨ ᠠᠩᠬᠢ ᠴᠡᠷᠢᠭ ᠪᠤᠯᠵᠠᠢ᠃ | 1354 ᠣᠨ ᠳᠤ ᠶᠤᠸᠠᠨ ᠤᠯᠤᠰ ᠤᠨ ᠴᠧᠩᠰᠢᠶᠠᠩ ᠲᠤᠭᠳᠠᠬᠤ ᠪᠡᠶᠡᠪᠡᠷ ᠢᠶᠠᠨ ᠶᠡᠭᠡ ᠴᠡᠷᠢᠭ | ᠲᠠᠶᠢᠴᠢᠯᠠᠨ ᠵᠠᠩ ᠱᠢ ᠴᠧᠩ ᠢ ᠭᠤᠤ ᠶᠢᠦ ᠬᠡᠮᠡᠬᠦ ᠭᠠᠵᠠᠷ ᠪᠦᠰᠡᠯᠡᠵᠠᠢ᠃ ᠭᠡᠳᠡᠯ᠎ᠡ ᠲᠤᠭᠳᠠᠬᠤ ᠲᠠᠶᠢᠨ ᠤ | ᠡᠮᠦᠨ᠎ᠡ ᠲᠤᠰᠢᠶᠠᠯ ᠪᠠᠭᠤᠷᠠᠭᠰᠠᠨ ᠠᠴᠠ ᠲᠦᠴᠢᠨ ᠲᠦᠡᠮᠨ ᠴᠡᠷᠢᠭ ᠨᠢ ᠪᠤᠳᠠᠷᠠᠨ ᠰᠠᠷᠨᠢᠵᠠᠢ᠃ ᠡᠨᠡᠬᠦ | ᠭᠡᠨᠡᠳᠳᠡ ᠶᠢᠨ ᠢᠯᠠᠭᠳᠠᠯ ᠨᠢ ᠲᠠᠶᠢᠨ ᠤ ᠪᠠᠶᠢᠳᠠᠯ ᠤᠨ ᠠᠰᠢᠭ ᠲᠠᠢ ᠪᠠᠶᠢᠷᠢᠨ ᠳᠤ ᠪᠠᠶᠢᠭᠰᠠᠨ ᠶᠤᠸᠠᠨ ᠤᠯᠤᠰ | ᠲᠠᠬᠢᠨᠳᠠ ᠲᠦᠭᠰᠢᠭᠦᠷᠢ ᠲᠠᠢ ᠪᠠᠶᠢᠳᠠᠯ ᠳᠤ ᠤᠷᠤᠵᠤ ᠂ ᠡᠯ᠎ᠡ ᠵᠠᠮ ᠤᠨ ᠤᠯᠠᠭᠠᠨ ᠠᠯᠴᠢᠭᠤᠷᠳᠠᠨ ᠭᠡᠳᠡᠷᠭᠦ | ᠲᠠᠭᠠᠷᠢᠯᠳᠠ ᠬᠢᠵᠦ ᠵᠠᠩ ᠱᠢ ᠴᠧᠩ ᠪᠦᠬᠦᠶᠢᠯᠡ ᠬᠤᠸᠠᠶᠢᠳᠦᠩ ᠤᠷᠤᠨ ᠢ ᠡᠵᠡᠯᠡᠵᠦ ᠂ ᠬᠦᠭᠡᠮᠦ᠋ᠷᠡᠨ ᠢ | ᠭᠡᠳᠦᠯᠵᠦ ᠵᠢᠩ ᠵᠧ ︵ᠤᠳᠤᠬᠠᠨ ᠤ ᠵᠧᠵᠢᠶᠡᠩ ᠤᠨ ᠬᠤᠶᠢᠳᠤ ᠬᠡᠰᠡᠭ ᠪᠠ ᠵᠢᠶᠠᠨᠩᠰᠦ ᠶᠢᠨ ᠡᠮᠦᠨ᠎ᠡ ᠪᠡᠶ᠎ᠡ ︶ | ᠶᠢᠨ ᠶᠡᠭᠡᠩᠬᠢ ᠤᠷᠤᠨ ᠢ ᠡᠵᠡᠯᠡᠵᠠᠢ᠃ ᠱᠢᠦᠢ ᠱᠦ ᠾᠦᠢ ᠬᠤᠨᠠᠨ ᠂ ᠭᠤᠸᠠᠩᠰᠢ ᠂ ᠵᠢᠶᠠᠩᠰᠢ ᠶᠢᠨ | ᠶᠡᠭᠡᠩᠬᠢ ᠤᠷᠤᠨ ᠢ ᠡᠵᠡᠯᠡᠵᠠᠢ᠃ ᠬᠦᠸᠧ ᠽᠢ ᠰᠢᠩ ᠤᠨ ᠵᠠᠩᠵᠤᠨ ᠵᠤ᠋ ᠶᠤᠸᠠᠨ ᠵᠠᠩ ᠬᠦᠭᠡᠮᠦ᠋ᠷᠡᠨ | ᠭᠡᠳᠦᠯᠵᠤ ᠵᠢᠢ ᠴᠢᠩ ︵ᠤᠳᠤᠬᠠᠨ ᠤ ᠵᠢᠶᠠᠩᠰᠦ ᠶᠢᠨ ᠨᠠᠨᠵᠢᠩ ︶ ᠵᠡᠷᠭᠡ ᠭᠠᠵᠠᠷ ᠢ ᠡᠵᠡᠯᠡᠵᠠᠢ ᠃ | 1355 ᠤᠨ ᠳᠤ ᠯᠢᠦ ᠹᠦ᠋ ᠲᠦᠩ ᠢᠶᠠᠷ ᠬᠠᠨ ᠱᠠᠨ ᠲᠦᠩ ᠤᠨ ᠬᠦᠪᠡᠭᠦᠨ ᠢ ᠬᠠᠭᠠᠨ | ᠡᠷᠭᠦᠮᠵᠢᠯᠡᠨ ᠪᠢᠶᠠᠨ ᠯᠢᠶᠠᠩ ︵ ᠤᠳᠤᠬᠠᠨ ᠤ ᠾᠧᠨᠠᠨ ᠤ ᠺᠠᠢ ᠹᠧᠩ ︶ ᠠᠴᠠ ᠡᠮᠦᠨᠡᠰᠢ ᠳ᠋ᠧᠩ ᠂ | ᠰᠢᠦᠢ᠂ ᠰᠦᠩ ᠂ ᠯᠥᠸᠧ ᠶᠢᠨ ᠤᠯᠠᠨ ᠵᠧᠦ ᠶᠢ ᠡᠵᠡᠯᠡᠵᠠᠢ᠃ | ᠡᠨᠡ ᠦᠶᠡᠰ ᠳᠤ ᠴᠠᠭᠠᠨᠳᠡᠮᠦᠷ ᠨᠢᠭᠡᠨᠳᠡ ᠤᠯᠠᠭᠠᠨ ᠠᠯᠴᠢᠭᠤᠷᠳᠠᠨ ᠲᠠᠢ ᠭᠤᠷᠪᠠᠨ ᠵᠢᠯ ᠲᠠᠶᠢᠳᠤᠵᠤ | ᠴᠡᠷᠢᠭ ᠠᠩᠬᠢ ᠨᠢ ᠦᠷᠭᠡᠵᠢᠨ ᠪᠤᠵᠠᠭᠠᠶᠢᠷᠠᠵᠤ ᠂ ᠬᠤ᠋ ᠯᠤᠤ ︵ᠤᠳᠤᠬᠠᠨ ᠤ ᠾᠧᠨᠠᠨ ᠤ ᠰᠢᠩ ᠶᠠᠩ | ᠪᠠᠷᠠᠭᠤᠨ ︶ ᠳᠤ ᠪᠠᠶᠢᠯᠳᠤᠨ ᠬᠦᠷᠴᠠᠢ᠃ 1355 ᠤᠨ ᠤ 11 ᠰᠠᠷ᠎ᠠ ᠳᠤ ᠤᠯᠠᠭᠠᠨ ᠠᠯᠴᠢᠭᠤᠷᠳᠠᠨ ᠤ | ᠵᠤᠤ ᠮᠢᠩ ᠶᠤᠸᠠᠨ ᠤ ᠴᠡᠷᠢᠭ ᠮᠧᠩ ᠶᠢᠨ ᠤᠯᠦᠮ ᠢ ᠤᠮᠠᠷᠠᠰᠢ ᠬᠡᠳᠦᠯᠵᠤ ᠴᠢᠨ ᠬᠤᠸᠠᠢ ᠶᠢ ᠡᠪᠳᠡᠵᠦ ︵ | ᠤᠳᠤᠬᠠᠨ ᠤ ᠾᠧᠨᠠᠨ ᠤ ᠴᠢᠨ ᠶᠠᠩ ︶ ᠶᠢᠨ᠂ ᠢ ᠶᠢ ᠰᠦᠷᠳᠡᠭᠦᠯᠦᠭᠰᠡᠨ ᠳᠤ ᠴᠠᠭᠠᠨᠳᠡᠮᠦᠷ ᠤᠭᠳᠤᠨ | ᠪᠠᠶᠢᠯᠳᠤᠨ ᠤᠯᠠᠩᠬᠢ ᠶᠢ ᠨᠢ ᠤᠰᠠᠳᠬᠠᠵᠠᠢ᠃ | ᠲᠠᠷᠠᠭᠠᠪᠠᠷ ᠶᠤᠸᠠᠨ ᠤᠯᠤᠰ ᠮᠢᠶᠤᠤ ᠠᠶᠢᠮᠠᠭ ᠤᠨ ᠴᠡᠷᠢᠭ ᠢᠶᠠᠷ ᠤᠯᠠᠭᠠᠨ ᠠᠯᠴᠢᠭᠤᠷᠳᠠᠨ ᠢ | ᠲᠠᠶᠢᠯᠠᠭᠤᠯᠵᠠᠢ᠃ ᠭᠡᠳᠡᠯ᠎ᠡ ᠮᠢᠶᠤᠤ ᠠᠶᠢᠮᠠᠭ ᠤᠨ ᠶᠤᠸᠠᠨᠱᠦᠸᠠᠢ ᠡᠦ ᠲᠢᠶᠠᠨ ᠪᠤᠤ ᠡᠪᠡᠳᠴᠢᠨ ᠢᠶᠠᠷ | ᠬᠠᠯᠢᠭᠰᠠᠨ ᠠᠴᠠ ᠰᠢᠶᠠᠩ ᠶᠠᠩ ᠢ ᠡᠵᠡᠯᠡᠭᠡᠳ ᠯᠢᠦ ᠹᠦ᠋ ᠲᠦᠩ ᠳᠤ ᠲᠠᠭᠠᠵᠠᠢ᠃ ᠴᠠᠭᠠᠨᠳᠡᠮᠦᠷ ᠡᠨᠡᠬᠦ ᠴᠢᠮᠡᠭᠡ | ᠶᠢ ᠰᠤᠨᠤᠰᠤᠮᠠᠭᠴᠨ ᠰᠦᠨᠢ ᠪᠠᠷ ᠮᠢᠶᠤᠤ ᠠᠶᠢᠮᠠᠭ ᠤᠨ ᠴᠡᠷᠢᠭ ᠢ ᠡᠪᠳᠡᠵᠤ ᠤᠯᠠᠨ ᠬᠦᠮᠦᠨ ᠢ ᠤᠯᠵᠠᠯᠠᠵᠠᠢ | ᠃ ᠲᠠᠷᠠᠭᠠᠪᠠᠷ ᠴᠠᠭᠠᠨᠨᠳᠡᠮᠦᠷ ᠮᠤᠩᠭᠤᠯ ᠶᠤᠸᠠᠨ ᠤ ᠮᠤᠷᠢᠳᠤ ᠴᠡᠷᠢᠭ ᠤᠨ ᠲᠦᠷᠭᠡᠨ ᠬᠦᠳᠡᠯᠦᠩᠭᠦᠢ ᠲᠠᠪᠠᠭᠤᠯᠢᠭ ᠢ | ᠭᠦᠢᠴᠡᠳ ᠪᠠᠳᠠᠷᠠᠭᠤᠯᠤᠨ ᠪᠠᠶᠢᠯᠳᠤᠵᠠᠢ᠃ ᠲᠤᠰ ᠤᠨ ᠤ ᠡᠪᠦᠯ ᠯᠢᠦ ᠹᠦ᠋ ᠲᠦᠩ 30 ᠲᠦᠮᠡᠨ ᠴᠡᠷᠢᠭ | ᠢᠶᠠᠷ ᠵᠦᠩ ᠮᠦ ᠭᠠᠵᠠᠷ ᠪᠠᠭᠤᠳᠠᠯᠠᠭᠰᠠᠨ ᠴᠠᠭᠠᠨᠳᠡᠮᠦᠷ ᠤᠨ ᠵᠦᠭ ᠲᠠᠭᠠᠷᠢᠭᠠᠳ ᠢᠯᠠᠭᠳᠠᠵᠠᠢ᠃ ᠡᠨᠡ | ᠤᠳᠠᠭᠠᠨ ᠤ ᠲᠠᠶᠢᠨ ᠪᠤᠯᠪᠠᠰᠤ ᠶᠤᠸᠠᠨ ᠤᠯᠤᠰ ᠤᠨ ᠰᠡᠭᠦᠯᠴᠢ ᠶᠢᠨ ᠦᠶ᠎ᠡ ᠶᠢᠨ ᠨᠢᠭᠡᠨ ᠤᠳᠠᠭᠠᠨ ᠤ ᠴᠦᠭᠡᠨ | ᠢᠶᠠᠷ ᠤᠯᠠᠨ ᠢ ᠲᠡᠶᠢᠯᠦᠭᠰᠡᠨ ᠠᠯᠳᠠᠷᠳᠤ ᠲᠠᠶᠢᠨ ᠮᠦᠨ ᠃ | 1356 ᠤᠨ ᠳᠤ ᠯᠢᠦ ᠹᠦ᠋ ᠲᠦᠩ ᠶᠤᠸᠠᠨ ᠤᠯᠤᠰ ᠢ ᠪᠦᠷᠢᠮᠦᠰᠤᠨ ᠮᠦᠬᠦᠬᠦ ᠪᠠᠷ ᠭᠤᠷᠪᠠᠨ ᠵᠠᠮ | ᠤᠨ ᠴᠡᠷᠢᠭ ᠢᠶᠠᠷ ᠤᠮᠠᠷᠠᠰᠢ ᠲᠠᠶᠢᠯᠠᠵᠠᠢ ᠃ 9 ᠰᠠᠷ᠎ᠠ ᠳᠤ ᠯᠢ ᠡᠦ ᠂ ᠽᠦᠢ ᠳ᠋ᠧ ᠤᠯᠠᠭᠠᠨ | ᠠᠯᠴᠢᠭᠤᠷᠳᠠᠨ ᠤ ᠪᠠᠷᠠᠭᠤᠨ ᠵᠠᠮ ᠤᠨ ᠴᠡᠷᠢᠭ ᠢ ᠤᠳᠤᠷᠢᠳᠤᠨ ᠲᠦᠩ ᠭᠤᠸᠠᠨ ᠢ ᠲᠠᠭᠠᠷᠢᠭᠠᠳ ᠭᠠᠪᠢᠶ᠎ᠡ | ᠦᠭᠡᠢ ᠲᠤᠯᠠ ᠲᠦᠯᠦᠪᠡᠯᠭᠡ ᠪᠠᠨ ᠦᠭᠡᠷᠴᠢᠯᠡᠨ ᠱᠠᠨᠵᠧᠦ ︵ᠾᠧᠨᠠᠨ ᠤ ᠰᠠᠨ ᠮᠧᠨ ᠰᠢᠶᠠ ᠶᠢᠨ ᠪᠠᠷᠠᠭᠤᠨ︶ | ᠶᠢ ᠲᠠᠭᠠᠷᠢᠨ ᠡᠵᠡᠯᠡᠵᠦ ᠂ ᠭᠦᠸᠧ ᠵᠧᠦ ︵ᠾᠧᠨᠠᠨ ᠤ ᠯᠢᠩ ᠪᠤᠤ︶ ᠶᠢ ᠡᠪᠳᠡᠭᠰᠡᠨ ᠢᠶᠠᠷ ᠶᠤᠸᠠᠨ | ᠤᠯᠤᠰ ᠤᠨ ᠱᠠᠨᠰᠢ ᠮᠤᠵᠢ ᠬᠢᠭᠡᠳ ᠾᠧᠨᠠᠨ ᠤ ᠬᠠᠷᠢᠴᠠᠭ᠎ᠠ ᠲᠠᠰᠤᠯᠤᠭᠳᠠᠵᠤ᠂ ᠱᠠᠨ ᠱᠢ ᠂ ᠱᠠᠨᠰᠢ | ᠪᠠᠴᠢᠮ ᠪᠠᠶᠢᠳᠠᠯ ᠳᠤ ᠤᠷᠤᠵᠠᠢ ᠃ ᠶᠤᠸᠠᠨ ᠤᠯᠤᠰ ᠤᠨ ᠱᠦ ᠮᠢ ᠶᠤᠸᠠᠨ ᠤ ᠬᠡᠷᠡᠭ ᠮᠡᠳᠡᠭᠴᠢ᠂ ᠾᠧᠨᠠᠨ ᠤ | ᠤᠯᠠᠨ ᠵᠠᠮ ᠤᠨ ᠴᠡᠷᠢᠭ ᠢ ᠶᠡᠷᠦᠩᠭᠡᠶᠢᠯᠡᠨ ᠵᠠᠬᠢᠷᠤᠭᠴᠢ ᠲᠠᠰᠪᠠᠭᠠᠳᠤᠷ ᠠᠴᠠ ᠴᠠᠭᠠᠨᠲᠡᠮᠦᠷ ᠂ ᠯᠢ ᠰᠧ ᠴᠢ ᠨᠠᠷ | ᠢ ᠲᠦᠷᠭᠡᠯᠡᠨ ᠵᠠᠷᠯᠢᠭᠳᠠᠵᠤ ᠲᠤᠰ ᠪᠦᠯᠦᠭ ᠤᠯᠠᠭᠠᠨ ᠠᠯᠴᠢᠭᠤᠷᠳᠠᠨ ᠢ ᠲᠤᠰᠤᠭᠤᠯᠵᠠᠢ᠃ ᠴᠠᠭᠠᠨᠲᠡᠮᠦᠷ ᠵᠠᠷᠯᠢᠭ | ᠬᠦᠯᠢᠶᠡᠮᠡᠭᠴᠨ ᠮᠤᠩᠭᠤᠯ ᠮᠤᠷᠢᠳᠤ ᠴᠡᠷᠢᠭ ᠤᠨ ᠬᠤᠷᠳᠤᠨ ᠬᠦᠳᠡᠯᠦᠩᠬᠦᠢ ᠲᠠᠯ᠎ᠠ ᠶᠢ ᠲᠠᠬᠢᠨᠳᠠ ᠪᠠᠳᠠᠷᠠᠭᠤᠯᠵᠤ | ᠤᠯᠠᠭᠠᠨ ᠠᠯᠴᠢᠭᠤᠷᠳᠠᠨ ᠤ ᠡᠵᠡᠯᠡᠭᠰᠡᠨ ᠰᠢᠶᠤᠤ ᠯᠢᠩ ︵ᠾᠧᠨᠠᠨ ᠤ ᠱᠧᠩ ᡂᠢ ᠶᠢᠨ ᠪᠠᠷᠠᠭᠤᠨ︶ ᠶᠢ | ᠲᠠᠭᠠᠷᠢᠨ ᠡᠵᠡᠯᠡᠵᠦ ᠂ ᠲᠠᠬᠢᠨ ᠱᠠᠨᠵᠧᠦ ᠶᠢ ᠲᠠᠭᠠᠷᠢᠵᠠᠢ᠃ ᠭᠡᠳᠡᠯ᠎ᠡ ᠲᠤᠰ ᠬᠤᠳᠠ ᠨᠢ ᠪᠠᠳᠤ ᠪᠠᠬᠢ ᠮᠦᠷᠳᠡᠭᠡᠨ | ᠤᠯᠠᠭᠠᠨ ᠠᠯᠴᠢᠭᠤᠷᠳᠠᠨ ᠠᠮᠦ ᠡᠪᠡᠰᠦ ᠡᠯᠪᠡᠭ ᠬᠤᠷᠢᠶᠠᠭᠰᠠᠨ ᠠᠴᠠ ᠨᠢᠭᠡᠨ ᠴᠠᠭ ᠲᠤ ᠲᠠᠭᠠᠷᠢᠨ | ᠡᠵᠡᠯᠡᠵᠦ ᠲᠡᠶᠢᠯᠦᠭᠰᠡᠨ ᠦᠭᠡᠢ ︵ᠡᠨᠡ ᠨᠢ ᠴᠠᠭᠠᠨᠳᠡᠮᠦᠷ ᠤᠨ ᠴᠡᠷᠢᠭ ᠲᠠᠶᠢᠨ ᠤ ᠲᠡᠦᠭᠡᠨ ᠳᠠᠬᠢ ᠴᠤᠷᠢ ᠶᠢᠨ | ᠭᠠᠭᠴᠠ ᠢᠯᠡᠭ᠌ᠰᠠᠨ ᠦᠭᠡᠢ ᠲᠠᠶᠢᠨ ᠤ ᠵᠢᠱᠢᠶ᠎ᠡ ᠪᠤᠯᠤᠯᠳᠠᠢ︶ ᠃ ᠴᠠᠭᠠᠨᠲᠡᠮᠦᠷ ᠬᠤᠳᠠ ᠶᠢᠨ ᠭᠠᠳᠠᠨ᠎ᠠ | ᠰᠡᠵᠢᠭᠯᠡᠯ ᠤᠨ ᠴᠡᠷᠢᠭ ᠦᠯᠡᠳᠡᠭᠡᠵᠦ ᠂ ᠲᠠᠬᠢᠨᠳᠠ ᠰᠦᠨᠢ ᠪᠠᠷ ᠭᠦᠸᠧ ᠵᠧᠦ ︵ᠤᠳᠤᠬᠠᠨ ᠤ ᠯᠢᠩ ᠪᠤᠤ︶ ᠶᠢ | ᠲᠠᠭᠠᠷᠢᠨ ᠡᠵᠡᠯᠡᠵᠠᠢ ᠃ ᠯᠢ ᠡᠦ ᠂ ᠽᠦᠢ ᠳ᠋ᠧ ᠨᠠᠷ ᠴᠠᠭᠠᠨᠳᠡᠮᠦᠷ ᠭᠦᠸᠧ ᠵᠧᠦ ᠶᠢ ᠡᠵᠡᠯᠡᠭᠰᠡᠨ ᠢ ᠮᠡᠳᠡᠭᠡᠳ | ᠱᠠᠨᠵᠧᠦ ᠶᠢ ᠠᠯᠪᠠ ᠪᠠᠷ ᠤᠷᠬᠢᠵᠤ ᠂ ᠬᠠᠳᠤᠨ ᠭᠤᠤᠯ ᠢ ᠬᠡᠳᠦᠯᠦᠨ ᠱᠠᠨᠰᠢ ᠳᠤ ᠤᠷᠤᠵᠤ ᠂ ᠫᠢᠩ ᠯᠦ | ᠶᠢ ᠡᠪᠳᠡᠵᠦ᠂ ᠲᠠᠬᠢᠨ ᠠᠨ ᠢ ︵ ᠤᠳᠤᠬᠠᠨ ᠤ ᠱᠠᠨ ᠰᠢ ᠶᠢᠨ ᠶᠦᠨ ᠴᠧᠩ ᠵᠡᠭᠦᠨ ᠬᠤᠶᠢᠳᠤ︶ ᠶᠢ | ᠡᠵᠡᠯᠡᠵᠠᠢ ᠂ ᠴᠠᠭᠠᠨᠲᠡᠮᠦᠷ ᠮᠤᠷᠢᠳᠤ ᠴᠡᠷᠢᠭ ᠢᠶᠠᠷ ᠪᠤᠷᠪᠢᠳᠠᠨ ᠲᠠᠭᠠᠭᠰᠠᠨ ᠳᠤ ᠯᠢ ᠡᠦ ᠂ ᠽᠦᠢ ᠳ᠋ᠧ᠂ | ᠫᠢᠩ ᠯᠤ᠋ ᠨᠠᠷ ᠠᠨ ᠢ ᠶᠢ ᠰᠠᠬᠢᠵᠤ ᠲᠡᠶᠢᠯᠬᠦ ᠦᠭᠡᠢ ᠪᠤᠯᠵᠤ ᠠᠷᠭ᠎ᠠ ᠦᠭᠡᠢ ᠴᠡᠷᠢᠭ ᠡᠷᠬᠢᠵᠤ ᠶᠠᠩ ᠶᠢᠨ ︵ | ᠤᠳᠤᠬᠠᠨ ᠤ ᠱᠠᠨ ᠱᠢ ᠶᠢᠨ ᠫᠢᠩ ᠯᠦ ᠵᠡᠭᠦᠨ ᠬᠤᠶᠢᠳᠤ ︶ ᠢ ᠪᠠᠳᠤᠯᠠᠨ ᠰᠠᠬᠢᠪᠠ ᠃ ᠢᠩᠭ᠍ᠬᠢᠵᠤ ᠬᠤᠶᠠᠷ | ᠴᠡᠷᠢᠭ ᠬᠠᠷᠢᠯᠴᠠᠨ ᠡᠰᠡᠷᠭᠦᠴᠯᠡᠳᠤᠵᠤ ᠬᠡᠳᠦᠨ ᠰᠠᠷ᠎ᠠ ᠪᠤᠯᠤᠨ ᠬᠠᠮᠤᠭ ᠡᠴᠦᠰ ᠲᠡᠭᠡᠨ ᠤᠯᠠᠭᠠᠨ ᠠᠯᠴᠢᠭᠤᠷᠳᠠᠨ | ᠤᠬᠤᠷᠢᠵᠠᠢ ᠃ | 1357 ᠤᠨ ᠳᠤ ᠤᠯᠠᠭᠠᠨ ᠠᠯᠴᠢᠭᠤᠷᠳᠠᠨ ᠤ ᠪᠠᠷᠠᠭᠤᠨ ᠵᠠᠮ ᠤᠨ ᠴᠡᠷᠢᠭ ᠠᠮᠠᠷᠠᠨ ᠴᠡᠭᠴᠡᠯᠡᠭᠡᠳ | ᠱᠠᠨᠪᠧᠢ ᠪᠠᠷ ᠤᠮᠠᠷᠠᠰᠢ ᠴᠡᠷᠢᠭᠯᠡᠵᠦ ᠂ ᠡᠦ ᠭᠤᠸᠠᠨ ︵ᠤᠳᠤᠬᠠᠨ ᠤ ᠱᠠᠨᠰᠢ ᠶᠢᠨ ᠳ᠋ᠠᠨ ᠹᠧᠩ ᠤᠨ ᠵᠡᠭᠦᠨ | ᠡᠮᠦᠨ᠎ᠡ︶ ᠂ ᠱᠠᠩ ᠵᠧᠦ ︵ ᠤᠳᠤᠬᠠᠨ ᠤ ᠱᠠᠨᠰᠢ ᠶᠢᠨ ᠱᠠᠩ ᠰᠢᠶᠠᠨ︶ ᠢ ᠡᠵᠡᠯᠡᠨ ᠴᠢ ᠫᠠᠨ ᠱᠠᠨ | ᠠᠭᠤᠯᠠ ᠶᠢ ᠪᠤᠯᠢᠶᠠᠵᠤ᠂ ᠯᠠᠨ ᠲᠢᠶᠠᠨ ᠳᠤ ᠰᠠᠭᠤᠷᠢᠰᠢᠨ᠂ ᠪᠠ ᠱᠠᠩ ᠶᠢ ᠬᠡᠳᠡᠯᠬᠢᠯᠡᠨ ᠂ ᠰᠢ ᠠᠨ ᠢ | ᠰᠢᠬᠠᠮᠳᠠᠭᠤᠯᠵᠠᠢ᠃ ᠡᠭᠦᠨ ᠤ ᠵᠡᠷᠭᠡᠪᠡᠷ ᠴᠡᠷᠢᠭ ᠬᠤᠪᠢᠶᠠᠨ ᠲᠦᠩ ︵ᠱᠠᠨᠪᠧᠢ ᠶᠢᠨ ᠳ᠋ᠠ ᠯᠢ ︶ ᠂ ᠬᠤᠸᠠ | ︵ᠤᠳᠤᠬᠠᠨ ᠤ ᠱᠠᠨᠪᠧᠢ ᠶᠢᠨ ᠬᠤᠸᠠ ᠰᠢᠶᠠᠨ︶ ᠃ ᠡᠨᠡᠬᠦ ᠦᠶᠡᠰ ᠴᠠᠭᠠᠨᠳᠡᠮᠦᠷ ᠤᠨ ᠠᠯᠳᠠᠷ ᠭᠠᠪᠢᠶ᠎ᠠ ᠨᠢ | ᠮᠠᠨᠳᠤᠭᠰᠠᠨ ᠠᠴᠠ ︵ ︽ᠡᠭᠦᠨ ᠠᠴᠠ ᠴᠠᠭᠠᠨᠳᠡᠮᠦᠷ ᠤᠨ ᠨᠡᠷ᠎ᠡ ᠠᠯᠳᠠᠷᠰᠢᠭᠰᠠᠨ ᠠᠴᠠ ᠬᠤᠯᠠᠭᠠᠢ ᠡᠮᠢᠶᠡᠨ | ᠲᠠᠭᠵᠢᠪᠠ ︾ ᠂ ︽ ᠶᠤᠸᠠᠨ ᠤᠯᠤᠰ ᠤᠨ ᠭᠡᠷᠡᠭ ᠲᠡᠮᠳᠡᠭᠯᠡᠯ ᠤᠨ ᠲᠡᠭᠦᠰᠭᠡᠯ ᠂ ᠴᠠᠭᠠᠨᠳᠡᠮᠦᠷ ᠤᠨ ᠡᠪᠳᠡᠨ | ᠡᠭᠡᠭᠦᠯᠦᠭᠰᠡᠨ ᠭᠠᠪᠢᠶ᠎ᠠ︾ ︶ ᠱᠠᠨᠰᠢ ᠮᠤᠵᠢ ᠠᠴᠠ ᠴᠠᠭᠠᠨᠳᠡᠮᠦᠷ ᠲᠤ ᠪᠠᠴᠢᠮ ᠮᠡᠳᠡᠭᠦᠯᠪᠡ᠃ ᠲᠡᠷᠡ | ᠲᠤᠬᠠᠢ ᠴᠠᠭᠠᠨᠳᠡᠮᠦᠷ ᠱᠠᠨᠵᠧᠦ ᠶᠢ ᠰᠠᠶ᠋ᠢᠬᠠᠨ ᠡᠭᠡᠭᠦᠯᠵᠦ ᠠᠪᠤᠭᠠᠳ ᠪᠠᠶᠢᠵᠠᠢ᠃ ᠴᠢᠮᠡᠭᠡ ᠤᠯᠤᠮᠠᠭᠴᠠ ᠯᠢ | ᠰᠧ ᠴᠢ ᠲᠠᠢ ᠬᠠᠮᠳᠤᠪᠠᠷ ᠲᠠᠪᠤᠨ ᠮᠢᠩᠭᠠᠨ ᠴᠡᠷᠢᠭ ᠲᠠᠭᠠᠭᠤᠯᠤᠨ ᠲᠦᠩ ᠭᠤᠸᠠᠨ ᠳᠤ ᠤᠷᠤᠵᠤ ᠲᠦᠷᠭᠡᠯᠡᠨ | ᠲᠤᠰᠠᠯᠠᠭᠠᠳ ᠭᠡᠳᠤᠨᠳᠡ ᠪᠠᠶᠢᠯᠳᠤᠨ ᠤᠯᠠᠭᠠᠨ ᠠᠯᠴᠢᠭᠤᠷᠳᠠᠨ ᠢ ᠪᠦᠷᠢᠮᠦᠰᠤᠨ ᠢᠯᠠᠪᠠ᠃ ᠵᠤᠯ ᠢᠶᠠᠷ | ᠦᠯᠡᠳᠡᠭᠰᠡᠨ ᠬᠦᠮᠦᠨ ᠮᠤᠷᠢ ᠨᠢ ᠴᠢᠨᠯᠢᠩ ᠢ ᠲᠠᠪᠠᠵᠤ ᠰᠢᠩ ᠶᠤᠸᠠᠨ ︵ ᠤᠳᠤᠬᠠᠨ ᠤ ᠱᠠᠨᠰᠢ ᠶᠢᠨ ᠬᠠᠨ | ᠵᠦᠩ︶ ᠵᠦᠭ ᠤᠬᠤᠷᠢᠵᠠᠢ᠃ | 10 ᠰᠠᠷ᠎ᠠ ᠳᠤ ᠤᠯᠠᠭᠠᠨ ᠠᠯᠴᠢᠭᠤᠷᠳᠠᠨ ᠤ ᠪᠠᠢ ᠪᠦ᠋ ᠰᠢᠨ᠂ ᠳ᠋ᠠ ᠳ᠋ᠤᠤ ᠤᠦ ᠂ ᠯᠢ ᠰᠢ ᠰᠢ ᠨᠠᠷ | ᠲᠤᠰᠠᠯᠠᠬᠤ ᠴᠡᠷᠢᠭ ᠲᠠᠭᠠᠭᠠᠤᠯᠤᠨ ᠱᠠᠨᠰᠢ ᠳᠤ ᠤᠷᠤᠵᠤ ᠤᠯᠠᠭᠠᠨ ᠠᠯᠴᠢᠭᠤᠷᠳᠠᠨ ᠤ ᠪᠠᠷᠠᠭᠤᠨ ᠵᠠᠮ ᠤᠨ | ᠴᠡᠷᠢᠭ ᠲᠠᠢ ᠨᠡᠶᠢᠯᠡᠭᠰᠡᠨ ᠤ ᠰᠡᠭᠦᠯᠡᠷ ᠲᠠᠬᠢᠨᠳᠠ ᠲᠠᠭᠠᠷᠢᠯᠳᠠ ᠬᠢᠪᠡ᠃ ᠲᠡᠳᠡᠨᠡᠷ ᠡᠨᠡ ᠤᠳᠠᠭ᠎ᠠ ︽ᠴᠢᠨᠯᠢᠩ | ᠠᠴᠠ ᠵᠠᠶᠢᠯᠠᠵᠤ᠂ ᠭᠠᠨᠰᠦ ᠪᠠᠷ ᠱᠠᠨᠰᠢ ᠳᠤ ᠤᠷᠤᠬᠤ ︾ ᠲᠠᠶᠢᠨ ᠤ ᠪᠤᠳᠤᠯᠭ᠎ᠠ ᠶᠢ ᠬᠡᠷᠡᠭᠯᠡᠵᠦ ᠂ ᠴᠢᠨᠵᠧᠦ ︵ | ᠤᠳᠤᠬᠠᠨ ᠤ ᠭᠠᠨᠰᠦ ᠶᠢᠨ ᠲᠢᠶᠠᠨᠱᠦ᠋ᠢ ︶ ᠶᠢ ᠡᠪᠳᠡᠵᠦ ᠂ ᠭᠦᠩ ᠴᠠᠩ ︵ᠭᠠᠨᠰᠦ ᠶᠢᠨ ᠯᠦᠩ ᠰᠢ︶ ᠂ | ᠯᠦᠩᠵᠧᠦ ︵ᠱᠠᠨᠪᠧᠢ ᠶᠢᠨ ᠯᠦᠩ ᠰᠢᠶᠠᠨ︶ ᠶᠢ ᠡᠵᠡᠯᠡᠵᠦ ᠹᠧᠩ ᠰᠢᠶᠠᠩ ᠳᠤ ᠤᠶᠢᠷᠳᠤᠵᠠᠢ᠃ ᠴᠠᠭᠠᠨᠳᠡᠮᠦᠷ | ᠲᠠᠶᠢᠰᠤᠨ ᠤ ᠵᠤᠷᠢᠯᠭ᠎ᠠ ᠶᠢ ᠲᠠᠩᠨᠠᠨ ᠮᠡᠳᠡᠭᠡᠳ ᠲᠠᠬᠢᠨᠳᠠ ᠭᠠᠶᠢᠬᠠᠮᠰᠢᠭᠳᠤ ᠠᠷᠭ᠎ᠠ ᠭᠠᠷᠭᠠᠵᠠᠢ᠃ ᠲᠡᠷᠡ | ᠤᠷᠢᠳᠠᠪᠡᠷ ᠴᠡᠷᠢᠭ ᠲᠠᠭᠠᠭᠤᠯᠤᠨ ᠹᠧᠩ ᠰᠢᠶᠠᠩ ᠳᠤ ᠤᠷᠤᠭᠰᠠᠨ ᠳᠤ ᠤᠯᠠᠭᠠᠨ ᠠᠯᠴᠢᠭᠤᠷᠳᠠᠨ ᠠᠷᠭ᠎ᠠ ᠬᠡᠮᠡᠨ | ᠮᠡᠳᠡᠬᠦ ᠦᠭᠡᠢ ᠶᠡᠭᠡ ᠴᠡᠷᠢᠭ ᠬᠦᠳᠡᠯᠭᠡᠨ ᠹᠧᠩ ᠰᠢᠶᠠᠩ ᠢ ᠲᠠᠭᠠᠷᠢᠪᠠ᠃ ᠴᠠᠭᠠᠨᠳᠡᠮᠦᠷ ᠲᠠᠶᠢᠰᠤᠨ ᠠᠷᠭ᠎ᠠ ᠳᠤ | ᠤᠨᠠᠭᠰᠠᠨ ᠢ ᠦᠵᠡᠭᠡᠳ ᠲᠡᠭᠦᠨ ᠢᠯᠠᠭᠳᠠᠰᠢ ᠦᠭᠡᠢ ᠬᠤᠶᠠᠭᠳᠤ ᠮᠤᠷᠢᠳᠠᠨ ᠢᠶᠠᠨ ᠲᠠᠭᠠᠭᠤᠯᠤᠨ ᠰᠦᠨᠢᠵᠢᠨ | 100 ᠺᠢᠯᠤᠮᠧᠲᠷ ᠲᠠᠪᠬᠢᠵᠤ᠂ ᠹᠧᠩ ᠰᠢᠶᠠᠩ ᠬᠤᠳᠠ ᠶᠢᠨ ᠭᠠᠳᠠᠨ᠎ᠠ ᠬᠦᠷᠴᠦ ᠵᠡᠭᠦᠨ ᠪᠠᠷᠠᠭᠤᠨ ᠭᠠᠷ | ᠬᠤᠪᠢᠶᠠᠨ ᠬᠤᠳᠠ ᠶᠢ ᠪᠦᠰᠡᠯᠡᠭᠰᠡᠨ ᠤᠯᠠᠭᠠᠨ ᠠᠯᠴᠢᠭᠤᠷᠳᠠᠨ ᠢ ᠬᠤᠮᠤᠷᠭᠠᠯᠠᠨ ᠪᠦᠰᠡᠯᠡᠬᠦ ᠶᠢᠨ ᠵᠡᠷᠭᠡᠪᠡᠷ ᠬᠤᠳᠠ | ᠲᠤᠳᠤᠷᠠᠬᠢ ᠶᠤᠸᠠᠨ ᠤ ᠴᠡᠷᠢᠭ ᠴᠦ ᠬᠤᠳᠠᠨ ᠠᠴᠠ ᠭᠠᠷᠴᠦ ᠲᠤᠳᠤᠨ᠎ᠠ ᠭᠠᠳᠠᠨ᠎ᠠ ᠠᠴᠠ ᠬᠠᠪᠴᠢᠨ | ᠲᠠᠭᠠᠷᠢᠭᠰᠠᠨ ᠳᠤ ᠪᠠᠶᠢᠯᠳᠤᠬᠤ ᠪᠤᠳᠤᠯᠭ᠎ᠠ ᠶᠢᠨ ᠲᠡᠯ᠎ᠠ ᠪᠠᠷ ᠬᠠᠷᠠᠬᠠᠨ ᠨᠢᠯᠵᠠᠷᠠᠢ ᠪᠠᠶᠢᠭᠰᠠᠨ ᠤᠯᠠᠭᠠᠨ | ᠠᠯᠴᠢᠭᠤᠷᠳᠠᠨ ᠲᠠᠬᠢᠨᠳᠠ ᠶᠡᠭᠡᠪᠡᠷ ᠢᠯᠠᠭᠳᠠᠨ ᠭᠤᠸᠠᠨᠵᠦ᠋ᠩ ᠲᠠᠬᠢᠨᠳᠠ ᠶᠤᠸᠠᠨ ᠤ ᠡᠷᠭᠡᠨ ᠳᠤ ᠤᠷᠤᠵᠠᠢ᠃ | ︵ᠦᠷᠭᠦᠯᠵᠢᠯᠡᠯ ᠪᠤᠢ︶ |