ᠰᠤᠪᠬᠠᠢ ᠲᠠᠷᠬᠠᠨ ᠤ ᠰᠦᠮ᠎ᠡ ᠶᠢᠨ ᠲᠤᠬᠠᠢ  ᠦᠬᠦᠯᠡᠬᠦ  ᠨᠢ
ᠨᠡᠶᠢᠲᠡᠯᠡᠭᠰᠡᠨ ᠴᠠᠭ᠄
2016-12-28
        ᠰᠤᠪᠬᠠᠢ ᠲᠠᠷᠬᠠᠨ   ᠤ ᠰᠦᠮ᠎ᠡ ᠨᠢ  ᠤᠳᠤᠬᠠᠨ ᠤ  ᠯᠢᠨᠰᠢ ᠪᠠᠯᠭᠠᠰᠤ   ᠠᠴᠠ ᠵᠡᠭᠦᠨᠰᠢ  ᠨᠠᠢᠮᠠᠨ ᠭᠠᠵᠠᠷ  ᠤᠨ  ᠤᠷᠴᠢᠮ ᠵᠡᠭᠦᠨ ᠪᠤᠯᠤᠩ ᠬᠡᠮᠡᠬᠦ   ᠭᠠᠵᠠᠷ  ᠪᠠᠶᠢᠷᠰᠢᠵᠦ ᠪᠠᠶᠢᠵᠠᠢ᠃  ᠲᠤᠬᠠᠢ   ᠶᠢᠨ  ᠭᠠᠵᠠᠷ ᠤᠨ   ᠤᠳ  ᠬᠦᠮᠦᠰ  ︽ᠰᠤᠪᠢᠳ ᠤᠨ  ᠰᠦᠮ᠎ᠡ︾ ᠭᠡᠵᠦ  ᠲᠠᠭᠤᠳᠠᠵᠤ ᠵᠠᠩᠰᠢᠵᠠᠢ᠃  ︽ᠰᠤᠪᠢᠳ︾ ᠭᠡᠰᠡᠨ   ᠨᠢ  ᠦᠭᠡ   ᠶᠢ  ᠨᠡᠯᠢᠶᠡᠳ ᠬᠦᠮᠦᠰ  ︽ᠰᠤᠪᠤᠳ︾ ᠭᠡᠰᠡᠨ ᠦᠭᠡ   ᠠᠴᠠ   ᠢᠷᠡᠯᠳᠡᠳᠠᠢ  ᠭᠡᠵᠦ ᠦᠵᠡᠳᠡᠭ  ᠃ ᠡᠭᠦᠨ ᠳᠤ ᠯᠢᠨᠰᠢ ᠰᠢᠶᠠᠨ ᠤ  ᠤᠶᠢᠯᠠᠯᠭ᠎ᠠ ᠳᠤ   ︽ᠰᠧ  ᠪᠦ᠋  ᠳ᠋ᠦᠨ  ᠰᠦᠮ᠎ᠡ  ︾ ᠭᠡᠵᠦ ᠠᠪᠢᠶᠠᠴᠢᠯᠠᠨ ᠪᠢᠴᠢᠭᠰᠡᠨ ᠤ  ᠲᠡᠭᠦᠨ   ᠤ  ᠤᠮᠪᠤᠯᠤ   ᠰᠡᠪᠳᠡᠨ   ᠤ ᠨᠡᠷ᠎ᠡ ᠲᠠᠢ ᠨᠢ  ᠠᠳᠦᠭᠦᠷᠡᠭᠰᠡᠨ ᠪᠤᠯᠤᠯᠳᠠᠢ᠃  ᠡᠭᠦᠨ ᠳᠤ  ᠪᠢᠳᠡᠨᠡᠷ ᠨᠡᠯᠢᠶᠡᠳ ᠤᠷᠳᠤ ᠬᠤᠭᠤᠴᠠᠭ᠎ᠠ ᠰᠤᠷᠠᠭᠯᠠᠵᠤ  ᠲᠡᠭᠦᠨ   ᠤ  ᠵᠢᠩᠨᠠᠢ  ᠨᠡᠷ᠎ᠡ ᠶᠢ  ᠤᠯᠪᠠ᠃  ᠡᠭᠦᠨ ᠳᠤ  ᠪᠠᠭᠠᠷᠢᠨ   ᠤ ᠵᠤᠯᠠᠴᠢᠨ ᠰᠦᠮ᠎ᠡ ᠶᠢᠨ  ᠪᠠᠽᠡᠷ  ᠹᠯᠮ᠎ᠠ  ᠡᠷᠬᠢᠴᠡᠭᠦᠯᠦᠭᠰᠡᠨ ᠢᠶᠠᠷ  ︽ᠰᠤᠪᠢᠳ ᠠᠨᠤ  ᠬᠦᠮᠦᠨ ᠤ  ᠨᠡᠷ᠎ᠡ ᠶᠢ ᠠᠳᠡᠭᠦᠷᠡᠨ ᠲᠠᠭᠤᠳᠠᠭᠰᠠᠨ ᠤᠴᠠᠷ ᠪᠤᠯᠤᠨ᠎ᠠ︾  ᠃  1999 ᠤᠨ ᠳᠤ  ᠠᠯᠳᠠᠷᠳᠤ ᠲᠡᠦᠭᠡᠴᠢᠨ   ᠴᠤᠶᠢᠵᠢ   ︽ ᠰᠤᠪᠢᠳ ᠤᠨ  ᠰᠦᠮ᠎ᠡ︾  ᠠᠨᠤ  ︽ᠰᠤᠪᠬᠠᠢ  ᠲᠠᠷᠬᠠᠨ ᠤ ᠰᠦᠮ᠎ᠡ  ︾   ᠶᠢᠨ  ᠠᠪᠢᠶᠠᠨ   ᠤ ᠬᠤᠪᠢᠷᠠᠯ  ᠂  ᠲᠠᠷᠦᠢ ᠡᠳᠦᠭᠡ ᠶᠢᠨ  ᠬᠤᠶᠠᠷ  ᠪᠠᠭᠠᠷᠢᠨ ᠬᠤᠰᠢᠭᠤᠨ ᠤ  ᠲᠡᠭᠡᠳᠦᠰ  ᠰᠤᠪᠬᠠᠢ ᠲᠠᠷᠬᠠᠨ   ᠤ ᠰᠦᠮ᠎ᠡ  ᠪᠤᠯᠤᠨ᠎ᠠ  ᠂  ᠬᠠᠷᠢᠨ  ︽ᠰᠤᠪᠤᠳ  ︾ ᠭᠡᠰᠡᠨ ᠤᠤᠬ᠎ᠠ ᠦᠭᠡᠢ   ᠶᠢ ᠨᠤᠳᠠᠯᠠᠭᠰᠠᠨ᠃       ᠡᠩᠭᠡ ᠠᠮᠤᠭᠤᠯᠠᠩ ᠤᠨ  6 ᠳ᠋ᠤᠭᠠᠷ ᠤᠨ  ︵1667︶ ᠤᠨ ᠳᠤ  ᠪᠠᠭᠠᠷᠢᠨ  ᠪᠠᠷᠠᠭᠤᠨ ᠭᠠᠷᠤᠨ  ᠬᠤᠰᠢᠭᠤᠨ   ᠤ  ᠤᠤᠭᠠᠨ  ᠸᠠᠩ    ᠰᠡᠪᠳᠡᠨ ᠨᠠᠰᠤᠨ ᠨᠦᠭᠴᠢᠬᠦ ᠠᠴᠠ  ᠡᠮᠦᠨ᠎ᠡ  ᠄ ︽ᠪᠠᠭᠠᠷᠢᠨ ᠬᠤᠰᠢᠭᠤᠨ   ᠤ ᠲᠤᠯᠭᠤᠷ  ᠵᠠᠰᠠᠭ   ᠤᠨ  ᠰᠠᠭᠤᠷᠢ ᠶᠢ ᠲᠠᠯᠪᠢᠭᠰᠠᠨ  ᠡᠪᠦᠭᠡ  ᠰᠤᠪᠬᠠᠢ ᠲᠠᠷᠠᠬᠨ   ᠳᠤ ᠰᠦᠮ᠎ᠡ  ᠪᠠᠶᠢᠭᠤᠯᠵᠤ  ᠤᠨ ᠤᠨ   ᠳᠤ ᠲᠠᠬᠢᠯ  ᠲᠠᠯᠪᠢᠨ  ᠵᠤᠯᠠ   ᠠᠰᠠᠭᠠᠨ  ᠦᠨᠢ  ᠡᠭᠦᠷᠢᠳᠡ ᠶᠢᠨ  ᠲᠤᠷᠠᠰᠬᠠᠯ ᠪᠤᠯᠭᠠᠬᠤ ᠶᠢ  ᠬᠦᠰᠡᠮᠦᠢ  ᠂ ᠲᠤᠷᠠᠰᠬᠠᠬᠤ ᠰᠢᠯᠳᠠᠭᠠᠨ  ᠠᠨᠤ  ᠬᠤᠶᠠᠷ  ᠃ ᠡᠭᠦᠨ   ᠤ  ᠨᠢᠭᠡ ᠳᠤ  ᠰᠤᠪᠬᠠᠢ ᠠᠨᠦ  ᠪᠠᠭᠠᠷᠢᠨ ᠤᠷᠤᠨ     ᠢ ᠨᠡᠭᠡᠭᠡᠨ ᠲᠤᠭᠳᠠᠭᠠᠵᠤ  ᠯᠢᠶᠤᠤᠶᠠᠩ᠂  ᠭᠤᠸᠠᠩ ᠨᠢᠩ  ᠵᠡᠷᠭᠡ  ᠯᠢᠶᠤᠤ ᠱᠧᠨ   ᠭᠠᠵᠠᠷ   ᠢᠶᠠᠷ  ᠮᠢᠩ ᠤᠯᠤᠰ   ᠤᠨ  ᠴᠢᠷᠡᠭ   ᠲᠠᠢ  ᠤᠯᠠᠨᠳᠠ  ᠲᠠᠶᠢᠯᠠᠨ ᠲᠤᠯᠤᠯᠳᠤᠵᠤ  ᠵᠢᠶᠠ  ᠵᠢᠩ ᠤᠨ 44 ᠤᠨ  ︵1565 ︶  ᠂ ᠸᠠᠨ ᠯᠢ   ᠶᠢᠨ 5 ᠤᠨ  ︵1577︶ ᠤᠨ  ᠂ ᠸᠠᠨ ᠯᠢ   ᠶᠢᠨ 9 ᠤᠨ  ︵1561︶  ᠭᠤᠷᠪᠠ ᠤᠳᠠᠭᠠᠨ   ᠤ ᠶᠡᠭᠡ  ᠪᠠᠶᠢᠯᠳᠤᠭᠠᠨ ᠳᠤ  ᠮᠢᠩ ᠤᠯᠤᠰ ᠤᠨ  ᠴᠢᠷᠡᠭ ᠢ  ᠶᠡᠭᠡᠳᠡ ᠢᠯᠠᠵᠤ    ᠬᠢᠯᠢ ᠬᠢᠵᠠᠭᠠᠷ   ᠢᠶᠠᠨ ᠦᠷᠭᠡᠳᠬᠡᠵᠠᠢ᠃   ᠰᠤᠪᠬᠠᠢ ᠪᠠᠷ  ᠮᠢᠩ ᠤᠯᠤᠰ ᠤᠨ   ᠸᠠᠨ ᠯᠢ   ᠶᠢᠨ 10 ᠤᠨ  ︵1582︶ ᠤᠨ  ᠳᠤ ᠠᠮᠢ  ᠦᠷᠡᠭᠳᠡᠵᠦ  ᠭᠤᠸᠠᠩ  ᠨᠢᠩ ᠤᠨ ᠭᠠᠵᠠᠷ  ᠤᠷᠤᠰᠢᠭᠤᠯᠵᠠᠢ᠃  ᠲᠡᠭᠦᠨ   ᠤ  ᠬᠤᠶᠢᠴᠢᠰ ᠨᠢ   ᠮᠠᠨᠵᠦ   ᠳᠤ ᠲᠠᠭᠠᠵᠤ  ᠬᠤᠶᠢᠳᠤ  ᠠᠯᠳᠠᠨ   ᠤᠯᠤᠰ ᠤᠨ  ᠲᠡᠭᠷᠢ ᠰᠡᠴᠡᠨ   ᠤ 8 ᠳ᠋ᠤᠭᠠᠷ ᠤᠨ  ︵1634︶ ᠳᠤ  ᠵᠠᠷᠯᠢᠭ   ᠢᠶᠠᠷ  ᠪᠠᠭᠠᠷᠢᠨ   ᠤ ᠬᠢᠯᠢ ᠬᠢᠵᠠᠭᠠᠷ ᠢ  ᠲᠤᠭᠳᠠᠭᠠᠵᠤ  ᠂ ᠪᠠᠭᠠᠷᠢᠨ   ᠤ ᠬᠢᠵᠠᠭᠠᠷ ᠢ  ᠬᠦᠪᠡᠭᠡᠳᠦ ᠰᠢᠷ᠎ᠠ ᠬᠤᠰᠢᠭᠤ ᠲᠠᠢ  ᠭᠡᠷᠢᠶ᠎ᠡ ᠬᠠᠳᠠ᠂  ᠬᠤᠵᠢᠷ ᠠᠳᠠᠭ ᠢᠶᠠᠷ  ᠵᠠᠭᠠᠭ ᠪᠤᠯᠭᠠᠨ᠂  ᠪᠠᠭᠠᠷᠢᠨᠴᠤᠳ ᠢ  ᠯᠢᠶᠤᠤᠶᠠᠩ᠂  ᠭᠤᠸᠠᠩ ᠨᠢᠩ   ᠠᠴᠠ  ᠰᠢᠷ᠎ᠠ ᠮᠦᠷᠡᠨ ᠤ  ᠠᠷᠤ᠂  ᠬᠢᠩᠭᠠᠨ ᠲᠠᠪᠠᠭ᠎ᠠ   ᠶᠢᠨ ᠰᠦᠭᠡ ᠬᠠᠷᠠᠯᠢᠭ ᠤᠨ  ᠡᠩᠭᠡᠷ ᠰᠢᠯᠵᠢᠬᠦᠯᠡᠨ  ᠨᠤᠳᠤᠭᠰᠢᠭᠤᠯᠵᠠᠢ᠃  ᠰᠤᠪᠬᠠᠢ ᠲᠠᠷᠠᠬᠨ ᠤ ᠬᠠᠭᠤᠴᠢᠳ  ᠠᠨᠤ   ᠯᠢᠶᠤᠤ ᠱᠧᠨ ᠤᠷᠤᠨ ᠳᠤ  ᠦᠯᠡᠳᠡᠭᠰᠡᠨ ᠠᠴᠠ  ᠰᠦᠮ᠎ᠡ ᠪᠠᠶᠢᠭᠤᠯᠵᠤ  ᠦᠨᠢ ᠡᠭᠦᠷᠢᠳᠡ ᠲᠠᠬᠢᠬᠤ ᠠᠨᠤ ᠶᠤᠰᠤᠨ ᠳᠤ ᠨᠡᠶᠢᠴᠡᠮᠦᠢ  ᠃  ᠬᠤᠶᠠᠷ   ᠲᠤ   ᠬᠢᠯᠢ ᠬᠢᠵᠠᠭᠠᠷ ᠢ  ᠦᠷᠭᠡᠳᠬᠡᠵᠦ  ᠂ ᠮᠦᠭᠳᠡᠨ ᠠᠴᠠ  ᠱᠠᠨ ᠬᠠᠢ ᠭᠤᠸᠠᠨ  ᠪᠤᠭᠤᠮᠳᠠ  ᠬᠦᠷᠬᠦ ᠵᠠᠮ ᠢ  ᠲᠤᠭᠤᠯᠠᠭᠤᠯᠵᠤ  ᠴᠢᠩ ᠬᠦᠷᠦᠨ  ᠵᠦᠩ ᠶᠤᠸᠠᠨ ᠤᠷᠤᠨ ᠵᠦᠭ ᠴᠡᠷᠢᠭ ᠤᠷᠤᠬᠤ   ᠳᠤ  ᠬᠠᠷᠰᠢ ᠰᠠᠭᠠᠳ ᠢ   ᠨᠢ ᠠᠷᠢᠯᠭᠠᠪᠠ  ︾ ᠭᠡᠵᠤ  ᠭᠡᠷᠢᠶᠡᠰᠦᠯᠡᠵᠠᠢ  ᠃ ᠡᠶᠢᠮᠦ ᠠᠴᠠ 1696 ᠤᠨ ᠳᠤ  ᠡᠩᠭᠡ ᠠᠮᠤᠭᠤᠯᠠᠩ  ᠬᠠᠭᠠᠨ  ᠵᠡᠭᠦᠨᠰᠢ  ᠠᠶᠠᠯᠠᠵᠤ  ᠪᠠᠭᠠᠷᠢᠨ   ᠤ  ᠮᠠᠯᠵᠢᠯ ᠤᠨ  ᠤᠷᠤᠨ ᠢᠶᠠᠷ ᠦᠩᠭᠡᠷᠡᠬᠦ ᠳᠡᠭᠡᠨ  ᠰᠤᠪᠬᠠᠢ ᠶᠢᠨ  ᠭᠠᠪᠢᠶ᠎ᠠ ᠶᠢ ᠲᠤᠭᠠᠴᠢᠵᠦ  ᠰᠦᠮ᠎ᠡ ᠪᠠᠶᠢᠭᠤᠯᠵᠤ  ᠬᠦᠰᠢᠶ᠎ᠡ ᠪᠤᠰᠬᠠᠬᠤ ᠶᠢ ᠵᠦᠪᠰᠢᠶᠡᠷᠡᠵᠠᠢ᠃  ᠪᠠᠭᠠᠷᠢᠨ  ᠪᠠᠷᠠᠭᠤᠨ  ᠬᠤᠰᠢᠭᠤᠨ   ᠤ  ᠭᠤᠷᠪᠠᠳᠤᠭᠠᠷ  ᠸᠠᠩ  ᠨᠠᠮᠳᠠᠭ  ᠪᠠᠭᠠᠷᠢᠨ   ᠤ ᠪᠠᠷᠠᠭᠤᠨ  ᠬᠡᠰᠡᠭ   ᠤᠨ  ᠵᠡᠭᠦᠨ  ᠪᠤᠯᠤᠩ   ᠤᠨ  ᠭᠤᠷᠪᠠᠨ ᠰᠢᠷ᠎ᠠ ᠲᠤᠪᠤ ᠶᠢᠨ  ᠡᠮᠦᠨ᠎ᠡ  ᠂ ᠭᠠᠯᠳᠠᠰᠤᠳᠠᠢ  ᠭᠤᠤᠯ ᠤᠨ  ᠬᠤᠶᠢᠳᠦ ᠬᠦᠪᠡᠭᠡ ᠳᠤ  ᠰᠤᠪᠬᠠᠢ ᠶᠢᠨ  ᠰᠦᠮ᠎ᠡ ᠶᠢ ᠪᠠᠶᠢᠭᠤᠯᠵᠠᠢ᠃  1744  ᠤᠨ   ᠳᠤ ᠲᠡᠭᠷᠢ  ᠲᠡᠳᠬᠦᠭᠴᠢ  ᠵᠡᠭᠦᠨᠰᠢ     ᠪᠠᠶᠢᠴᠠᠭᠠᠬᠤ   ᠳᠠᠭᠠᠨ ᠰᠢᠳᠠᠷ  ᠶᠠᠪᠤᠭᠰᠠᠨ  ᠪᠠᠭᠠᠷᠢᠨ ᠤ   ᠷᠢᠨᠴᠢᠨ ᠸᠠᠩ ᠳᠤ  ᠴᠢᠨ  ᠸᠠᠩ   ᠤᠨ ᠭᠡᠷᠬᠡᠮ   ᠬᠦᠷᠳᠡᠭᠡᠵᠦ  ᠂ ᠰᠤᠪᠬᠠᠢ   ᠶᠢᠨ  ᠰᠦᠮ᠎ᠡ   ᠶᠢ  ᠯᠠᠮᠠ   ᠶᠢᠨ  ᠰᠦᠮ᠎ᠡ   ᠪᠤᠯᠭᠠᠨ  ᠦᠷᠭᠡᠳᠬᠡᠨ  ᠪᠠᠶᠢᠭᠤᠯᠬᠤ   ᠶᠢ  ᠰᠤᠶᠤᠷᠬᠠᠨ  ︿︿ ᠪᠦᠬᠦᠳᠡᠭᠡᠷ ᠢ  ᠦᠷᠦᠰᠢᠶᠡᠭᠴᠢ ᠰᠦᠮ᠎ᠡ  ﹀﹀ ᠬᠡᠮᠡᠨ  ᠨᠡᠷᠡᠶᠢᠳᠴᠠᠢ  ᠃  ᠭᠡᠳᠡᠯ᠎ᠡ  ᠨᠤᠳᠤᠭ   ᠤᠨ  ᠬᠦᠮᠦᠨ ᠮᠦᠨ ᠯᠡ  ︿︿ᠰᠤᠪᠬᠠᠢ   ᠶᠢᠨ  ᠰᠦᠮ᠎ᠡ  ﹀﹀ ᠭᠡᠵᠦ  ᠲᠠᠭᠤᠳᠠᠵᠤ  ᠂  ᠬᠤᠵᠢᠮ   ᠨᠢ  ︿︿ᠰᠤᠪᠤᠳᠢ   ᠶᠢᠨ  ᠰᠦᠮ᠎ᠡ ﹀﹀ ᠭᠡᠵᠦ  ᠠᠪᠢᠶᠠᠨ ᠤ  ᠤᠨᠳᠤᠤᠰᠢᠯ    ᠡᠭᠦᠰᠴᠠᠢ  ᠃᠂ ᠪᠠᠭᠠᠷᠢᠨ ᠤ ᠠᠳᠠᠷ  ᠬᠠᠭᠠᠯᠪᠤᠷᠢᠯᠠᠯᠳᠠ   ᠶᠢᠨ   ᠦᠶᠡᠰ   ᠪᠠᠳᠠᠷᠭᠤᠯᠳᠦ  ᠲᠦᠷᠦ   ᠶᠢᠨ 33 ᠤᠨ  ︵1908︶   ᠳᠤ  ᠯᠠᠮᠠ  ᠬᠤᠸᠠᠷᠠᠭ   ᠢ   ᠨᠢ  ᠠᠯᠪᠠᠳᠠᠨ  ᠵᠠᠶᠢᠯᠠᠭᠤᠯᠵᠤ  ᠂ ᠰᠦᠮ᠎ᠡ   ᠶᠢ ᠨᠢ  ᠠᠳᠠᠷ  ᠬᠠᠭᠠᠯᠪᠤᠷᠢᠯᠠᠬᠤ  ᠲᠤᠪᠴᠢᠶ᠎ᠠ   ᠳᠤ ᠲᠦᠷᠢᠶᠡᠰᠦᠯᠡᠨ   ᠦᠭᠴᠦ  ᠂ ᠢᠷᠭᠡᠨ ᠤᠯᠤᠰ ᠤᠨ  ᠵᠢᠷᠭᠤᠳᠤᠭᠠᠷ ᠤᠨ  ︵1917︶ ᠤᠨ   ᠳᠤ ᠬᠠᠷ᠎ᠠ ᠴᠢᠷᠡᠭ  ᠭᠠᠯᠳᠠᠵᠤ  ᠤᠷᠬᠢᠵᠠᠢ᠃  ᠢᠷᠭᠡᠨ  ᠤᠯᠤᠰ   ᠤᠨ 10 ᠤᠨ  ︵1921︶ ᠤᠨ   ᠳᠤ  ᠨᠤᠷᠠᠭᠠᠵᠦ  ᠤᠷᠬᠢᠵᠠᠢ  ᠃        ᠪᠠᠭᠠᠷᠢᠨ   ᠤ ᠠᠳᠠᠷ ᠬᠠᠭᠠᠯᠪᠤᠷᠢᠯᠠᠭᠰᠠᠨ  ᠲᠡᠦᠭᠡᠨ ᠮᠠᠲ᠋ᠧᠷᠢᠶᠠᠯ ᠳᠤ ᠲᠡᠮᠳᠡᠭᠯᠡᠭᠰᠡ ᠢᠶᠠᠷ  ᠡᠨᠡᠬᠦ  ᠰᠦᠮ᠎ᠡ ᠪᠤᠯᠪᠠᠯ  ᠪᠠᠭᠠᠷᠢᠨ  ᠪᠠᠷᠠᠭᠤᠨ ᠬᠡᠰᠡᠭ ᠲᠠᠬᠢ   ᠨᠢᠭᠡ ᠲᠤᠮᠤ ᠰᠦᠮ᠎ᠡ   ᠪᠤᠯᠤᠨ᠎ᠠ  ᠃ ᠪᠠᠳᠠᠷᠠᠨ   ᠬᠦᠭᠵᠢᠭᠰᠡᠨ ᠴᠠᠭ   ᠲᠠᠭᠠᠨ 300  ᠢᠯᠡᠭᠦᠦ  ᠯᠠᠮᠠ  ᠬᠤᠸᠠᠷᠠᠭ  ᠂  80 ᠢᠯᠡᠭᠦᠦ  ᠤᠷᠤᠨ  ᠰᠠᠭᠤᠴᠠ   ᠲᠠᠢ  ᠪᠠᠶᠢᠵᠠᠢ  ᠃  ᠰᠦᠮ᠎ᠡ ᠶᠢᠨ  ᠬᠤᠷᠢᠶ᠎ᠠ ᠨᠢ ᠭᠤᠷᠪᠠᠨ ᠲᠠᠪᠬᠤᠷ  ᠃  ᠡᠮᠦᠨ᠎ᠡ ᠠᠴᠠ  ᠬᠤᠶᠢᠰᠢ  ᠮᠠᠬᠠᠷᠨᠨᠽᠠ ᠶᠢᠨ  ᠲᠤᠭᠠᠩ᠂  ᠬᠦᠰᠢᠶ᠎ᠡ ᠴᠢᠯᠠᠭᠤ᠂  ᠴᠤᠭᠴᠢᠨ ᠤ  ᠲᠤᠭᠠᠩ᠂  ᠂  ᠵᠤᠤ ᠶᠢᠨ  ᠰᠦᠮ᠎ᠡ  ᠵᠡᠷᠭᠡ᠃  ᠮᠠᠬᠠᠷᠠᠨᠽᠠ ᠶᠢᠨ ᠲᠤᠭᠠᠩ  ᠳᠤ ᠲᠦᠷᠪᠡᠨ ᠵᠦᠭ ᠢ  ᠬᠠᠮᠠᠭᠠᠯᠠᠬᠤ  ᠲᠦᠷᠪᠡᠨ ᠮᠠᠬᠠᠷᠠᠨᠽᠠ ᠶᠢ ᠰᠢᠳᠦᠵᠦ ᠪᠠᠶᠢᠵᠠᠢ᠃  ᠲᠤᠰ  ᠪᠦᠷᠢ  ᠰᠢᠷᠦᠢ  ᠂ ᠠᠯᠳᠠ  ᠂  ᠰᠠᠯᠬᠢ᠂  ᠤᠰᠤ   ᠶᠢ ᠲᠦᠯᠦᠭᠡᠯᠡᠨ᠎ᠡ᠃  ᠬᠦᠰᠢᠶᠡᠨ ᠳᠤ   ᠨᠢ  ᠰᠤᠪᠬᠠᠢ ᠢ   ᠨᠢᠭᠡ ᠨᠠᠰᠤᠨ   ᠤ  ᠤᠶᠢᠯᠠ ᠶᠠᠪᠤᠳᠠᠯ ᠢ  ᠲᠡᠮᠳᠡᠭᠯᠡᠵᠦ ᠪᠠᠶᠢᠵᠠᠢ᠃  ᠬᠦᠰᠢᠶ᠎ᠡ ᠶᠢᠨ  ᠬᠤᠶᠠᠷ ᠲᠠᠯ᠎ᠠ ᠳᠤ ᠲᠤᠰᠪᠤᠷᠢ ᠵᠢᠩ ᠤᠨ ᠠᠰᠠᠷ  ᠂ ᠬᠡᠩᠭᠡᠷᠭᠡ   ᠶᠢᠨ ᠠᠰᠠᠷ ᠪᠤᠯᠤᠨ᠎ᠠ᠃        ᠴᠤᠭᠴᠢᠨ   ᠤ  ᠲᠤᠭᠠᠩ ᠨᠢ  ᠬᠤᠶᠠᠷ ᠲᠠᠪᠬᠤᠷᠭ᠎ᠠ ᠲᠠᠢ᠃  ᠲᠡᠭᠡᠷ᠎ᠡ ᠲᠠᠪᠬᠤᠷᠭ᠎ᠠ ᠳᠤ  ᠠᠷᠢᠶᠠᠪᠠᠯᠦ  ᠂ ᠲᠤᠭᠠᠷ᠂   ᠳ᠋ᠠᠷ᠎ᠠ ᠡᠭᠡ ᠵᠡᠷᠭᠡ ᠪᠤᠷᠬᠠᠨ   ᠢ  ᠲᠠᠬᠢᠵᠦ  ᠪᠠᠶᠢᠵᠠᠢ᠃  ᠲᠤᠤᠷᠬᠠᠢ ᠲᠠᠪᠬᠤᠷᠭ᠎ᠠ ᠳᠤᠨᠢ  ᠭᠤᠷᠪᠠᠨ ᠴᠠᠭ ᠤᠨ  ᠪᠤᠷᠬᠠᠨ  ᠭᠠᠰᠢᠪᠠ᠂  ᠱᠠᠬᠢᠮᠦᠨᠢ᠂   ᠮᠠᠶᠢᠳᠠᠷ  ᠭᠤᠷᠪᠠ ᠶᠢ  ᠲᠠᠬᠢᠵᠦ ᠪᠠᠶᠢᠵᠠᠢ᠃  ᠡᠭᠦᠨ ᠳᠤ   ᠱᠠᠬᠢᠮᠦᠨᠢ  ᠪᠤᠷᠬᠠᠨ ᠤ ᠬᠤᠶᠠᠷ ᠲᠠᠯ᠎ᠠ ᠳᠤ  ᠲᠤᠰ  ᠲᠤᠰ  ᠨᠢᠭᠡᠨ  ᠵᠢᠶᠠᠶᠧ  ᠠᠨᠨᠠ ᠬᠤᠶᠠᠷ ᠪᠤᠷᠬᠠᠨ ᠬᠠᠮᠠᠭᠠᠯᠠᠵᠦ  ᠪᠠᠶᠢᠪᠠ᠃  ᠵᠡᠭᠦᠨ ᠪᠠᠷᠠᠭᠤᠨ ᠬᠠᠨ᠎ᠠ ᠳᠤ   ᠨᠢ ᠪᠠᠰᠠ ᠠᠷᠪᠠᠨ ᠨᠠᠢᠮᠠᠨ ᠠᠭᠤᠢ ᠰᠢᠳᠦᠭᠡᠨ   ᠢ  ᠲᠠᠬᠢᠵᠦ  ᠪᠠᠶᠢᠵᠠᠢ᠃  ᠪᠠᠷᠠᠭᠤᠨ ᠬᠠᠨ᠎ᠠ   ᠳᠤ ᠬᠤᠶᠢᠨ᠎ᠠ ᠠᠴᠠ  ᠡᠮᠦᠨᠡᠰᠢ  ᠠᠨᠤ  ᠶᠠᠯᠠᠺᠠᠵᠤᠩ᠂   ᠮᠠᠪᠠᠮᠤᠪᠠ᠂  ᠠᠭᠠᠭᠠᠭᠠᠢ᠂  ᠸᠦᠸᠧᠳᠠᠨ᠂  ᠲᠠᠷᠴᠢᠮᠠᠺᠠᠪᠦ  ᠂  ᠰᠠᠩᠪᠦ᠂  ᠰᠡᠷᠪᠢᠬᠤ  ᠂  ᠰᠠᠪᠤᠪᠢᠴᠦᠭᠡ᠂  ᠪᠠᠭᠤᠯᠠ  ᠂  ᠵᠡᠭᠦᠨ ᠬᠠᠨ᠎ᠠ ᠬᠤᠶᠢᠨ᠎ᠠ ᠳᠤ ᠡᠮᠦᠨᠡᠰᠢ  ᠯᠠᠵᠠᠱᠧᠨ᠂  ᠯᠠᠮᠤᠪᠤᠯᠠᠩ᠂  ᠰᠦᠮᠦᠨᠢᠶᠠᠯᠢᠯᠢᠨ  ᠂  ᠯᠠᠮᠤᠳᠠᠨ  ᠂  ᠦᠨᠢᠳᠠ᠂  ᠪᠠᠯᠵᠢᠳ ᠂  ᠮᠠᠶᠢᠵᠢᠳᠪᠠ᠂ ᠬᠤᠸᠠᠰᠢᠩᠵᠠᠯᠪᠤ  ᠂  ᠭᠡᠨᠢᠩᠳᠠᠷᠮ᠎ᠠ  ᠃  ᠵᠤᠤ   ᠶᠢᠨ  ᠰᠦᠮ᠎ᠡ  ᠪᠠᠰᠠᠴᠦ ᠬᠤᠶᠠᠷ ᠲᠠᠪᠬᠤᠷᠭ᠎ᠠ   ᠲᠠᠢ᠃  ᠲᠡᠭᠡᠷ᠎ᠡ ᠲᠠᠪᠬᠤᠷᠭ᠎ᠠ ᠳᠤ   ᠨᠢ  ᠴᠤᠩᠬᠠᠪᠠ ᠪᠤᠷᠬᠠᠨ   ᠢ  ᠲᠠᠬᠢᠵᠦ᠂  ᠬᠤᠶᠠᠷ  ᠲᠠᠯ᠎ᠠ ᠳᠤᠨᠢ ᠲᠠᠯᠠᠢ  ᠹᠯᠠᠮ᠎ᠠ  ᠂ ᠪᠠᠨᠴᠢᠨᠨᠷᠳᠡᠨᠢ  ᠵᠤᠭᠰᠤᠵᠤ  ᠪᠠᠶᠢᠪᠠ᠃  ᠲᠤᠤᠷ᠎ᠠ ᠲᠠᠪᠬᠤᠷᠭ᠎ᠠ ᠳᠤ   ᠨᠢ   ᠮᠠᠶᠢᠳᠠᠷ  ᠪᠤᠷᠬᠠᠨ ᠢ  ᠲᠠᠬᠢᠵᠤ  ᠪᠠᠶᠢᠪᠠ᠃  ᠴᠤᠭᠴᠢ   ᠶᠢᠨ  ᠲᠤᠭᠠᠩ ᠤᠨ  ᠵᠡᠭᠦᠨ  ᠪᠠᠷᠠᠭᠤᠨ  ᠰᠡᠮᠬᠡᠨ ᠭᠡᠷ  ᠲᠤᠰ  ᠪᠦᠷᠢ  ᠨᠤᠳᠤᠴᠢ ᠂  ᠭᠤᠸᠠᠨ  ᠯᠤᠤᠶᠧ   ᠶᠢ  ᠲᠠᠬᠢᠵᠦ  ᠪᠠᠶᠢᠪᠠ᠃  ᠵᠤᠤ   ᠶᠢᠨ  ᠰᠦᠮ᠎ᠡ ᠶᠢᠨ  ᠪᠠᠷᠠᠭᠤᠨ ᠱᠠᠮᠪᠠᠨ ᠭᠡᠷ ᠯᠾᠮᠦ ᠴᠤᠵᠢᠵᠠᠩ᠂ ᠵᠠᠮᠪᠠᠳᠤᠷᠵᠢ  ᠂  ᠲᠦᠷᠵᠢ  ᠴᠠᠩ᠂  ᠪᠠᠨᠳᠠᠯᠾᠮᠦ  ᠂ ᠮᠠᠬᠠᠺᠠᠯᠠ  ᠵᠡᠷᠭᠡ ᠨᠢᠭᠤᠴᠠ ᠪᠤᠷᠬᠠᠨ ᠢ  ᠲᠠᠬᠢᠵᠦ ᠪᠠᠶᠢᠵᠠᠢ᠃  ᠵᠤᠤ ᠶᠢᠨ  ᠰᠦᠮ᠎ᠡ ᠶᠢᠨ  ᠵᠡᠭᠦᠨ  ᠵᠢᠭᠦᠷ ᠤᠨ  ᠭᠡᠷ ᠲᠤ  ᠴᠤᠶᠢᠷᠸ᠎ᠠ  ᠷᠠᠰᠠᠩ   ᠤᠨ  ᠨᠤᠮ ᠤᠩᠰᠢᠬᠤ ᠭᠡᠷ ᠪᠤᠯᠤᠨ᠎ᠠ᠂  ᠪᠠᠷᠠᠭᠤᠨ ᠵᠢᠭᠦᠷ ᠤᠨ ᠭᠡᠷ   ᠨᠢ  ᠨᠤᠳᠤᠭ ᠤᠰᠤᠨ ᠤ  ᠨᠠᠪᠳᠠᠭ ᠱᠠᠪᠳᠠᠭ   ᠢ  ᠲᠠᠬᠢᠵᠦ ᠪᠠᠶᠢᠵᠠᠢ᠃       ᠪᠠᠭᠠᠷᠢᠨ ᠤ ᠪᠠᠷᠠᠭᠤᠨ  ᠬᠡᠰᠡᠭ ᠲᠠᠬᠢ  ᠰᠤᠪᠬᠠᠢ   ᠶᠢᠨ  ᠰᠦᠮ᠎ᠡ  ᠠᠳᠠᠷ ᠬᠠᠭᠠᠯᠪᠤᠷᠢᠯᠠᠬᠤ ᠲᠤᠪᠴᠢᠶᠠᠨ  ᠳᠤ  ᠠᠯᠪᠠ   ᠪᠠᠷ ᠲᠦᠷᠢᠶᠡᠰᠦᠯᠡᠭᠳᠡᠵᠦ  ᠤᠷᠤᠨ ᠰᠠᠭᠤᠴᠠ ᠪᠤᠯᠵᠤ ᠬᠤᠪᠢᠷᠠᠭᠰᠠᠨ ᠤ  ᠰᠡᠭᠦᠯᠡᠷ  ᠲᠤᠬᠠᠢ ᠶᠢᠨ  ᠦᠶ᠎ᠡ ᠶᠢᠨ   ᠪᠠᠭᠠᠷᠢᠨ  ᠪᠠᠷᠠᠭᠤᠨ ᠭᠠᠷᠤᠨ ᠬᠤᠰᠢᠭᠤᠨ   ᠤ  ᠵᠠᠬᠢᠷᠤᠭᠴᠢ ᠪᠠᠶᠢᠭᠰᠠᠨ ᠦᠯᠬᠢᠴᠤᠩᠭ᠎ᠠ  ᠮᠠᠶᠢᠷᠡᠨ   ᠠᠷᠭ᠎ᠠ ᠠᠯᠳᠠᠷᠠᠬᠤ ᠳᠠᠭᠠᠨ  ᠴᠠᠭᠠᠨᠮᠦᠷᠡᠨ   ᠤ ᠪᠠᠷᠠᠭᠤᠨ ᠬᠦᠪᠡᠭᠡ ᠳᠤ ᠪᠠᠶᠢᠭᠰᠠᠨ  ︵ᠤᠳᠤᠬᠠᠨ   ᠤ ᠯᠦᠩ ᠫᠢᠩ  ᠲᠠᠷᠢᠶᠠᠯᠠᠩ ᠤᠨ  ᠲᠠᠯᠠᠪᠠᠢ  ︶  ᠦᠪᠡᠷ ᠤᠨ  ᠰᠠᠭᠤᠴᠠ   ᠪᠠᠨ  ᠰᠤᠪᠬᠠᠢ   ᠶᠢᠨ ᠰᠦᠮ᠎ᠡ ᠳᠤ ᠡᠷᠭᠦᠵᠦ   ᠰᠤᠪᠬᠠᠢ   ᠶᠢᠨ   ᠰᠦᠮ᠎ᠡ ᠶᠢᠨ   ᠬᠦᠵᠢ ᠵᠤᠯᠠ   ᠶᠢ ᠵᠠᠯᠭᠠᠵᠠᠢ᠃  ᠭᠡᠳᠡᠯ᠎ᠡ  1958 ᠤᠨ   ᠪᠤᠯᠬᠤ ᠳᠤ  ᠲᠠᠷᠢᠶᠠᠯᠠᠩ  ᠤᠨ ᠲᠠᠯᠠᠪᠠᠢ  ᠪᠠᠶᠢᠭᠤᠯᠤᠭᠳᠠᠵᠤ  ᠬᠡᠯᠡ ᠠᠮᠠ   ᠨᠢ ᠮᠡᠳᠡᠬᠦ  ᠦᠭᠡᠢ  ᠂ ᠠᠭᠠᠰᠢ ᠵᠠᠩ ᠢ   ᠨᠢ ᠤᠶᠢᠯᠭᠠᠬᠤ ᠦᠭᠡᠢ᠂  ᠵᠠᠩ ᠲᠠᠳᠬᠠᠯ ᠨᠢ ᠠᠳᠠᠯᠢ ᠦᠭᠡᠢ  ᠬᠦᠮᠦᠰ ᠤᠯᠠᠰᠢᠭᠰᠠᠨ ᠠᠴᠠ  ᠲᠡᠳᠡᠨᠡᠷ ᠵᠡᠭᠦᠨᠰᠢ  ᠲᠠᠷᠬᠠᠨ ᠠᠭᠤᠯᠠ  ᠵᠦᠭ ᠡᠬᠢᠯᠡᠵᠦ  ᠨᠡᠭᠦᠵᠦ 1963 ᠤᠨ ᠪᠤᠯᠬᠤ ᠳᠤ   ᠪᠦᠷᠢᠮᠦᠰᠤᠨ ᠨᠡᠭᠦᠵᠦ  ᠲᠠᠭᠤᠰᠴᠦ 1967 ᠤᠨ ᠳᠤ   ᠰᠤᠶᠤᠯ ᠤᠨ  ᠬᠤᠪᠢᠰᠬᠠᠯ ᠤᠨ  ᠲᠤᠮᠳᠠ ᠪᠦᠷᠢᠮᠦᠰᠤᠨ ᠡᠪᠳᠡᠭᠳᠡᠨ ᠬᠤᠪᠢᠶᠠᠭᠳᠠᠵᠤ ᠲᠠᠭᠤᠰᠴᠠᠢ᠃  ᠰᠤᠪᠬᠠᠢ ᠲᠠᠷᠠᠬᠨ   ᠤ ᠰᠦᠮ᠎ᠡ ᠶᠢᠨ  ᠵᠡᠭᠦᠨ ᠪᠤᠯᠤᠩ ᠠᠴᠠ  ᠪᠠᠭᠤᠭᠰᠠᠨ ᠤ ᠰᠡᠭᠦᠯᠡᠷᠡᠬᠢ  ᠲᠡᠦᠭᠡ ᠶᠢ  ︽ᠪᠠᠭᠠᠷᠢᠨ ᠪᠠᠷᠠᠭᠤᠨ ᠬᠤᠰᠢᠭᠤᠨ   ᠤ ᠰᠤᠶᠤᠯ ᠲᠡᠦᠭᠡ︾   ᠶᠢᠨ  ᠲᠤᠯᠤᠳᠤᠭᠠᠷ ᠡᠮᠬᠢᠳᠭᠡᠯ   ᠤᠨ   ︽  ᠪᠦᠬᠦᠳᠡᠭᠡᠷ ᠢ  ᠦᠷᠦᠰᠢᠶᠡᠭᠴᠢ ᠰᠦᠮ᠎ᠡ︾ ᠭᠡᠬᠦ ᠵᠤᠬᠢᠶᠠᠯ ᠳᠤ  ᠨᠠᠷᠢᠨ ᠲᠡᠮᠳᠡᠭᠯᠡᠭᠰᠡᠨ ᠪᠤᠯᠬᠤᠷ ᠠᠳᠡ  ᠲᠤᠶᠢᠮᠦᠴᠢᠯᠠᠨ  ᠲᠡᠮᠳᠡᠭᠯᠡᠭᠰᠡᠨ  ᠃  ︽ᠰᠤᠪᠬᠠᠢ  ᠲᠠᠷᠬᠠᠨ   ᠤ ᠰᠦᠮ᠎ᠡ  ︾  ᠤᠳᠤᠬᠠᠨ ᠤ  ᠯᠢᠨᠰᠢ ᠰᠢᠶᠠᠨ   ᠤ  ᠵᠢᠷᠤᠭ   ᠲᠤ ᠴᠦᠭᠡᠨ ᠬᠡᠳᠦᠨ  ᠮᠡᠳᠡᠬᠦ ᠬᠦᠮᠦᠨ ᠠᠴᠠ ᠭᠠᠳᠠᠨ᠎ᠠ  ︽ᠯᠢᠨᠰᠢ ᠰᠢᠶᠠᠨ ᠤ ᠤᠶᠢᠯᠠᠯᠭ᠎ᠠ  ︾ ᠳᠤ  ᠬᠠᠯᠳᠤ ᠲᠡᠮᠳᠡᠭᠯᠡᠭᠳᠡᠵᠦ ᠦᠯᠡᠳᠡᠭᠰᠡᠨ ᠠᠴᠠ ᠭᠠᠳᠠᠨ᠎ᠠ  ᠪᠠᠷᠤᠭ  ᠤᠷᠤᠮ ᠦᠭᠡᠢ ᠪᠤᠯᠵᠠᠢ᠃   ᠠᠳᠡ ᠡᠭᠡ ᠮᠤᠩᠭᠤᠯ ᠬᠡᠯᠡ   ᠪᠠᠷ  ᠤᠯᠳᠠᠭᠰᠠᠨ ᠬᠡᠳᠦᠨ ᠮᠠᠲ᠋ᠧᠷᠢᠶᠠᠯ   ᠢᠶᠠᠨ  ᠡᠮᠬᠢᠳᠭᠡᠨ  ᠦᠯᠡᠳᠡᠭᠡᠯ᠎ᠡ  ᠂ ᠦᠵᠡᠬᠦ ᠮᠡᠷᠭᠡᠳ ᠭᠡᠭᠡᠨ ᠲᠡᠭᠡᠨ  ᠲᠤᠯᠢᠳᠠᠮᠦ᠃
 
ᠢᠷᠡᠯᠲᠡ᠄ ᠯᠢᠨᠰᠢ ᠰᠢᠶᠠᠨ  ᠤ ᠠᠷᠠᠥᠨ ᠤᠨ ᠵᠠᠰᠠᠭ ᠤᠨ ᠤᠷᠳᠤᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备07002090号