ᠶᠤᠸᠠᠨ ᠤ ᠵᠦᠴᠦᠭᠡ — ᠲᠡᠯᠡᠭᠡᠢ ᠨᠡᠶᠢᠳᠡ ᠶᠢ ᠬᠡᠷᠡᠯᠳᠦᠭᠦᠯᠦᠭᠰᠡᠨ ᠠᠪᠤᠷᠭᠤ ᠪᠦᠳᠦᠭᠡᠯ  (ᠨᠢᠭᠡ︶
ᠨᠡᠶᠢᠲᠡᠯᠡᠭᠰᠡᠨ ᠴᠠᠭ᠄
2021/1/4
ᠲᠤᠮᠳᠠᠳᠤ ᠤᠯᠤᠰ ᠤᠨ ᠲᠠᠪᠤᠨ ᠮᠢᠩᠭᠠᠨ ᠤᠨ ᠤ ᠤᠷᠳᠤ ᠤᠳᠠᠭᠠᠨ ᠲᠡᠦᠭᠡᠨ ᠳᠤ ᠭᠠᠭᠴᠠ ᠶᠤᠸᠠᠨ ᠤᠯᠤᠰ ᠤᠨ ᠦᠶ᠎ᠡ ᠦᠰᠦᠭ ᠪᠢᠴᠢᠭ ᠤᠨ ᠶᠠᠯ᠎ᠠ ᠶᠢᠨ ᠱᠤᠷᠤᠩ ᠬᠢᠨᠳᠠᠨ ᠦᠭᠡᠢ ᠪᠤᠯᠬᠤᠷ ᠵᠦᠩ ᠲᠦᠩ ︵中统︶ ᠤᠨ ᠤᠨ ᠢ ᠪᠠᠭᠳᠠᠭᠠᠬᠤ ᠳᠤ ᠵᠠᠭᠤ ᠢᠯᠡᠭᠦᠨ ᠤᠨ ᠳᠤ ᠶᠤᠸᠠᠨ ᠤ ᠵᠦᠴᠦᠭᠡ᠂ ᠶᠤᠸᠠᠨ ᠤ ᠰᠢᠯᠦᠭ ᠲᠠᠭᠤᠯᠠᠯ᠂ ᠶᠤᠸᠠᠨ  ᠤ ᠤᠳᠬ᠎ᠠ ᠵᠤᠬᠢᠶᠠᠯ ᠶᠡᠭᠡ ᠪᠠᠷ ᠬᠦᠭᠵᠢᠵᠦ᠂ ᠭᠠᠭᠴᠠ ᠶᠤᠸᠠᠨ ᠤ ᠰᠢᠯᠦᠭ ᠲᠠᠭᠤᠯᠠᠯ 120000 ᠪᠠᠳᠠᠭ ᠵᠤᠬᠢᠶᠠᠵᠤ᠂ 6000 ᠰᠢᠯᠦᠭᠴᠢ ᠡᠷᠳᠡᠮᠳᠡᠨ ᠪᠠᠶᠢᠵᠤ᠂ ᠲᠠᠩ ᠤᠯᠤᠰ ᠤᠨ ᠪᠦᠷᠢᠨ ᠰᠢᠯᠦᠭ 48900 ᠪᠠᠳᠠᠭ ᠵᠤᠬᠢᠶᠠᠯ᠂ 2200 ᠰᠢᠯᠦᠭᠴᠢ ᠡᠷᠳᠡᠮᠳᠡᠨ ᠠᠴᠠ ᠲᠤᠰ ᠪᠦᠷᠢ 71100 ᠪᠠᠳᠠᠭ ᠰᠢᠯᠦᠭ᠂ 3800 ᠰᠢᠯᠦᠭᠴᠢ ᠢᠯᠡᠭᠦᠦ ᠬᠡᠳᠦᠷᠡᠵᠠᠢ᠃ ᠶᠤᠸᠠᠨ ᠤᠯᠤᠰ ᠤᠨ ᠦᠶ᠎ᠡ᠂ ᠦᠰᠦᠭ ᠪᠢᠴᠢᠭ ᠤᠨ ᠱᠤᠷᠤᠩ ᠬᠢᠨᠳᠠᠨ ᠤ ᠬᠤᠤᠷᠠᠳᠤ ᠬᠦᠨᠦᠭᠡᠯ ᠤᠨ ᠲᠠᠷᠤᠯᠠᠯ ᠦᠭᠡᠢ ᠶᠢᠨ ᠤᠴᠢᠷ ᠠᠴᠠ ᠤᠮᠠᠷᠠᠳᠤ ᠶᠢᠨ ᠴᠦᠭᠡᠭᠡᠨ ᠲᠤᠭᠠᠨ ᠤ ᠦᠨᠳᠦᠰᠦᠳᠡᠨ ᠤ ᠴᠡᠪᠡᠷ ᠠᠷᠢᠭᠤᠨ ᠴᠢᠨᠠᠷ ᠵᠦᠩᠶᠤᠸᠠᠨ ᠤᠷᠤᠨ ᠤ ᠤᠳᠬ᠎ᠠ ᠰᠤᠶᠤᠯ ᠢ ᠲᠦᠯᠬᠢᠨ ᠬᠦᠭᠵᠢᠭᠦᠯᠬᠦ ᠲᠤᠬᠢᠶᠠᠯ ᠪᠤᠯᠭᠠᠵᠤ᠂ ᠬᠢᠳᠡᠳ ᠦᠨᠳᠦᠰᠦᠳᠡᠨ ᠤ ᠤᠳᠬ᠎ᠠ ᠤᠷᠠᠯᠢᠭ ᠦᠪᠡᠷ ᠤᠨ ᠠᠶ᠎ᠠ ᠪᠠᠷ ᠬᠦᠭᠵᠢᠨ ᠵᠠᠯᠭᠠᠮᠵᠢᠯᠠᠬᠤ᠂ ᠰᠡᠳᠬᠢᠬᠦᠢ ᠪᠠᠨ ᠦᠭᠡᠷᠡᠴᠢᠯᠡᠵᠦ᠂ ᠵᠤᠷᠢᠭᠳᠠᠢ ᠰᠢᠩᠭᠡᠭᠡᠨ ᠠᠪᠴᠤ᠂ ᠪᠦᠳᠦᠭᠡᠯ ᠢᠶᠠᠨ ᠦᠷᠭᠡᠳᠭᠡᠬᠦ ᠶᠢᠨ ᠠᠭᠤᠤ ᠶᠡᠭᠡ ᠤᠭ ᠪᠤᠯᠠᠭ ᠪᠤᠯᠤᠭᠰᠠᠨ ᠰᠢᠯᠳᠠᠭᠠᠨ ᠢᠶᠠᠷ ᠰᠠᠶ᠋ᠢ ᠪᠠᠯᠠᠷᠠᠰᠢ ᠦᠭᠡᠢ ᠶᠤᠸᠠᠨ ᠤ ᠵᠦᠴᠦᠭᠡ ᠮᠠᠨᠳᠤᠨ ᠭᠠᠷᠴᠤ᠂ ᠤᠳᠬ᠎ᠠ ᠵᠤᠬᠢᠶᠠᠯ  ᠤᠨ ᠠᠪᠤᠷᠭᠤ ᠪᠦᠳᠦᠭᠡᠯ ᠡᠭᠦᠰᠦᠭᠰᠡᠨ ᠪᠠᠶᠢᠨ᠎ᠠ᠃ ᠨᠢᠭᠡ᠂ ᠶᠤᠸᠠᠨ ᠤ ᠵᠦᠴᠦᠭᠡ ᠶᠢᠨ ᠪᠦᠷᠢᠯᠳᠦᠭᠦᠨ ᠵᠢᠴᠢ ᠠᠭᠤᠯᠭ᠎ᠠ ︽ᠶᠤᠸᠠᠨ ᠤ ᠵᠦᠴᠦᠭᠡ︾ ᠨᠢ ᠲᠠᠭᠤᠳᠤ ᠵᠦᠴᠦᠭᠡ ᠪᠠ ᠰᠤᠯᠠ ᠵᠦᠴᠦᠭᠡ ᠬᠤᠶᠠᠷ ᠵᠦᠢᠯ ᠢᠶᠠᠷ ᠪᠦᠷᠢᠯᠳᠦᠵᠦ᠂ ᠤᠯᠠᠩᠬᠢ ᠨᠢ ᠠᠯᠳᠠᠨ ᠤᠯᠤᠰ ᠠᠴᠠ ᠶᠤᠸᠠᠨ ᠤᠯᠤᠰ ᠲᠤ ᠰᠢᠯᠵᠢᠬᠦ ᠦᠶ᠎ᠡ ᠶᠢᠨ ᠵᠤᠬᠢᠶᠠᠯ ᠪᠤᠯᠤᠨ᠎ᠠ᠃ ᠶᠤᠸᠠᠨ ᠤᠯᠤᠰ ᠤᠨ ᡁᠢ ᠶᠤᠸᠠᠨ ᠤ ᠤᠨ ᠤ ᠦᠶ᠎ᠡ ᠳᠤ ᠨᠢᠭᠡᠨᠳᠡ ᠪᠦᠷᠢᠨ ᠪᠦᠳᠦᠨ ᠪᠤᠯᠵᠤ ᠤᠷᠠᠯᠢᠭ ᠤᠨ ᠤᠷᠬᠢᠯ ᠳᠤ ᠬᠦᠷᠴᠡᠢ᠃ ⒈ ᠲᠠᠭᠤᠳᠤ ᠵᠦᠴᠦᠭᠡ᠄ ᠡᠭᠦᠨ ᠤ ᠲᠤᠳᠤᠷ᠎ᠠ ︽ᠬᠤᠯᠢᠮᠠᠭ ᠵᠦᠴᠦᠭᠡ︾ ︵ᠤᠮᠠᠷᠠᠳᠤ ᠵᠦᠴᠦᠭᠡ︶ ᠪᠠ ᠡᠮᠦᠨᠡᠳᠦ ᠰᠢ ︵ᠡᠮᠦᠨᠡᠳᠦ ᠵᠦᠴᠦᠭᠡ︶ ᠬᠤᠶᠠᠷ ᠶᠡᠭᠡ ᠰᠢᠰᠲ᠋ᠧᠮ ᠲᠠᠢ᠃ ⑴ ᠬᠤᠯᠢᠮᠠᠭ ᠵᠦᠴᠦᠭᠡ᠄ ᠠᠯᠳᠠᠨ ᠤᠯᠤᠰ ᠤᠨ ᠰᠡᠭᠦᠯᠡᠷ ᠶᠤᠸᠠᠨ ᠤᠯᠤᠰ ᠤᠨ ᠡᠬᠢᠨ ᠤ ᠦᠶ᠎ᠡ᠂ ᠠᠯᠳᠠᠨ ᠤᠯᠤᠰ ᠤᠨ ᠵᠦᠴᠦᠭᠡ ᠶᠢᠨ ᠤᠷᠳᠤᠨ ᠤ ᠲᠠᠭᠤᠯᠠᠯ ᠤᠨ ᠰᠠᠭᠤᠷᠢᠨ ᠲᠡᠭᠡᠷ᠎ᠡ ᠠᠴᠠ ᠠᠯᠬᠤᠮ ᠠᠯᠬᠤᠮ ᠢᠶᠠᠷ ᠪᠦᠳᠦᠭᠰᠡᠨ ᠵᠦᠴᠦᠭᠡ ᠪᠤᠯᠤᠨ᠎ᠠ᠃ ᠡᠨᠡ ᠵᠦᠴᠦᠭᠡ ᠶᠢᠨ ᠲᠦᠷᠦᠯ ᠲᠠᠭᠤᠯᠠᠬᠤ ᠪᠠᠷ ᠭᠤᠤᠯ ᠪᠤᠯᠭᠠᠵᠤ᠂ ᠲᠠᠭᠤᠯᠠᠬᠤ ᠦᠭᠡ ᠦᠭᠦᠯᠡᠪᠦᠷᠢ ᠨᠢ ᠬᠦᠩ ᠤᠷᠳᠤᠨ ᠤ ᠠᠶᠠᠯᠭᠤ ᠶᠢᠨ ᠨᠠᠶᠢᠷᠠᠯ ᠠᠶᠠᠰ ᠢᠶᠠᠷ ᠪᠦᠷᠢᠯᠳᠦᠵᠦ᠂ ᠦᠭᠡ ᠶᠢᠨ ᠰᠡᠭᠦᠯ  ᠨᠢ ᠠᠶᠠᠯᠭᠤ ᠨᠢᠭᠡᠳᠴᠦ᠂ ᠬᠡᠯᠡᠵᠦ ᠶᠠᠷᠢᠬᠤ ᠲᠠᠢ ᠬᠠᠮᠳᠤᠷᠠᠨ ᠢᠯᠡᠳᠭᠡᠭᠰᠡᠨ ᠵᠦᠴᠦᠭᠡ ᠶᠢᠨ ᠦᠭᠦᠯᠡᠮᠵᠢ ᠪᠤᠯᠤᠨ᠎ᠠ᠃ ᠨᠢᠭᠡ ᠲᠡᠪᠳᠡᠷ ᠵᠦᠴᠦᠭᠡ ᠲᠦᠷᠪᠡᠨ ᠡᠪᠬᠢᠮᠡᠯ ︵ᠬᠦᠰᠢᠭᠡ︶ ᠢᠶᠠᠷ ᠪᠦᠷᠢᠯᠳᠦᠵᠦ᠂ ᠵᠦᠴᠦᠭᠡ ᠶᠢᠨ ᠡᠮᠦᠨ᠎ᠡ ᠪᠤᠶᠤ ᠬᠤᠶᠠᠷ ᠡᠪᠬᠢᠮᠡᠯ ᠤᠨ ᠬᠤᠭᠤᠷᠤᠨᠳᠤ ᠰᠢᠨ᠎ᠡ ᠬᠠᠳᠠᠭᠠᠰᠤ ᠤᠷᠤᠭᠤᠯᠵᠤ ᠪᠤᠯᠤᠨ᠎ᠠ᠃ ᠨᠢᠭᠡ ᠲᠡᠪᠳᠡᠷ ᠵᠦᠴᠦᠭᠡ ᠳᠤ ᠨᠢᠭᠡ ᠵᠦᠴᠦᠭᠡᠴᠢᠨ ᠲᠠᠭᠤᠰᠳᠠᠯ᠎ᠠ ᠲᠠᠭᠤᠯᠠᠵᠤ᠂ ᠦᠭᠡᠷ᠎ᠡ ᠤᠷᠤᠯᠠᠭᠴᠢ ᠵᠦᠴᠦᠭᠡᠴᠢᠨ ᠭᠠᠭᠴᠠ ᠬᠠᠮᠵᠢᠯᠴᠠᠵᠤ ᠬᠡᠯᠡᠯᠴᠡᠨ᠎ᠡ᠃ ᠡᠨᠡᠬᠦ ᠰᠢᠨ᠎ᠡ ᠪᠠᠶᠢᠭᠤᠯᠤᠯ ᠤᠨ ᠬᠤᠯᠢᠮᠠᠭ ᠵᠦᠴᠦᠭᠡ ᠦᠭᠡᠷ᠎ᠡ ᠵᠦᠢᠯ ᠤᠨ ᠬᠦᠩ ᠤᠷᠳᠤᠨ ᠤ ᠠᠶ᠎ᠠ  ᠠᠴᠠ ᠨᠡᠩ ᠢᠯᠡᠭᠦᠦ ᠲᠤᠭᠯᠠᠬᠤ ᠵᠦᠴᠦᠭᠡ ᠪᠠᠨ ᠰᠠᠶᠢᠳᠤᠷ ᠢᠯᠡᠷᠡᠭᠦᠯᠵᠦ᠂ ᠪᠤᠳᠤᠯ ᠰᠠᠨᠠᠯ ᠤᠨ ᠤᠳᠬ᠎ᠠ ᠪᠠᠨ ᠢᠯᠡᠳᠭᠡᠨ ᠪᠦᠷᠢᠳᠭᠡᠨ᠎ᠡ᠃ ᠬᠤᠯᠢᠮᠠᠭ ᠵᠦᠴᠦᠭᠡ ᠠᠩᠬ᠎ᠠ ᠱᠠᠨ ᠰᠢ᠂ ᠾᠧᠪᠸᠢ ᠤᠷᠤᠨ ᠳᠤ ᠲᠡᠯᠭᠡᠷᠡᠵᠦ᠂ ᠶᠤᠸᠠᠨ ᠤᠯᠤᠰ ᠤᠨ ᠠᠯᠳᠠᠷᠳᠤ ᠵᠦᠴᠦᠭᠡ ᠶᠢᠨ ᠵᠤᠬᠢᠶᠠᠭᠴᠢ ᠭᠤᠸᠠᠨ ᠬᠠᠨ ᠴᠢᠩ᠂ ᠪᠠᠢ ᠫᠦ᠋᠂ ᠮᠠ ᡁᠢ ᠶᠤᠸᠠᠨ᠂ ᠵᠧᠩ ᠭᠤᠸᠠᠩ ᠽᠦ ᠶᠢ ᠲᠦᠷᠪᠡᠨ ᠶᠡᠭᠡ ᠮᠡᠷᠭᠡᠵᠢᠯᠳᠡᠨ ᠬᠡᠵᠦ ᠨᠡᠷᠡᠯᠡᠵᠦ᠂ ᠡᠭᠦᠨ ᠳᠤ ᠭᠤᠸᠠᠨ ᠬᠠᠨ ᠴᠢᠩ ᠬᠠᠮᠤᠭ ᠤᠨ ᠬᠤᠪᠢ ᠨᠡᠮᠡᠷᠢ ᠦᠵᠡᠭᠦᠯᠵᠦ᠂ ︽ᠵᠤᠬᠢᠶᠠᠬᠤ ᠵᠠᠰᠠᠪᠤᠷᠢᠯᠠᠬᠤ ᠲᠡᠷᠢᠭᠦᠨ ᠪᠠᠭᠰᠢ︾᠂ ︽ᠬᠤᠯᠢᠮᠠᠭ ᠵᠦᠴᠦᠭᠡ ᠶᠢᠨ ᠲᠦᠷᠦᠭᠦᠦ ᠠᠩᠬᠢ︾ ᠬᠡᠵᠦ ᠬᠦᠨᠳᠦᠳᠬᠡᠵᠦ᠂ ᠨᠢᠭᠡ ᠨᠠᠰᠤᠨ ᠳᠤ ᠪᠠᠨ 60 ᠢᠯᠡᠭᠦᠦ ᠵᠦᠴᠦᠭᠡ ᠵᠤᠬᠢᠶᠠᠵᠤ᠂ ᠡᠳᠦᠭᠡ ᠪᠠᠰᠠ 10 ᠢᠯᠡᠭᠦᠦ ᠦᠯᠡᠳᠡᠵᠦ᠂ ︽ᠳ᠋ᠸᠦ ᠡ ᠶᠤᠸᠠᠨ︾᠂ ︽ᠲᠠᠨ ᠳ᠋ᠤᠤ ᠬᠤᠢ︾᠂ ︽ᠪᠠᠢ ᠶᠤᠸᠠᠢ ᠲᠢᠩ︾ ᠭᠤᠷᠪᠠᠨ ᠵᠦᠴᠦᠭᠡ ᠬᠠᠮᠤᠭ ᠨᠡᠷ᠎ᠡ ᠠᠯᠳᠠᠷᠳᠠᠢ᠃ ᠸᠠᠩ ᠱᠢ ᠫᠦ᠋ ᠶᠢᠨ ᠵᠤᠬᠢᠶᠠᠭᠰᠠᠨ ︽ᠰᠢ ᠰᠢᠶᠠᠩ ᠵᠢᠢ︾ ᠨᠡᠶᠢᠳᠡ 5 ᠲᠡᠪᠳᠡᠷ 21 ᠡᠪᠬᠢᠮᠡᠯ ᠤᠷᠳᠤ ᠵᠦᠴᠦᠭᠡ ᠪᠤᠯᠵᠤ᠂ ᠬᠤᠶᠢᠴᠢ ᠦᠶ᠎ᠡ ᠳᠤ ᠦᠷᠭᠡᠨ ᠤᠯᠠᠨ ᠲᠡᠯᠭᠡᠷᠡᠵᠦ ᠶᠡᠭᠡ ᠨᠦᠯᠦᠭᠡ ᠭᠠᠷᠴᠠᠢ᠃ ᠬᠤᠯᠢᠮᠠᠭ ᠵᠦᠴᠦᠭᠡ ᠶᠢᠨ ᠲᠤᠳᠤᠷ᠎ᠠ ᠡᠮᠡᠭᠳᠡᠢ ᠵᠦᠴᠦᠭᠡᠴᠢ ᠵᠦ ᠯᠢᠶᠠᠨ ᠰᠢᠦᠢ ᠬᠠᠮᠤᠭ ᠨᠡᠷ᠎ᠡ ᠠᠯᠳᠠᠷ ᠲᠠᠢ᠂ ᠦᠨᠳᠦᠷ ᠬᠡᠵᠢᠭᠡ ᠲᠠᠢ᠂ ᠬᠤᠳᠤᠭᠤᠴᠢᠬᠤ᠂ ᠵᠦᠭᠡᠯᠡᠨ ᠤᠶᠠᠬᠠᠨ ᠲᠠᠭᠤᠨ ᠲᠡᠷᠡ ᠦᠶ᠎ᠡ ᠶᠢᠨ ᠡᠮᠡᠭᠳᠡᠢ ᠶᠢᠨ ᠲᠡᠷᠢᠭᠦᠨ ᠲᠤᠭᠯᠠᠭᠴᠢ ᠪᠤᠯᠤᠨ᠎ᠠ᠃ ᠶᠤᠸᠠᠨ ᠤᠯᠤᠰ ᠤᠨ ᠰᠡᠭᠦᠯᠴᠢ ᠶᠢᠨ ᠦᠶ᠎ᠡ ᠳᠤ ᠵᠦᠩ ᠰᠧ ᠴᠧᠩ ︽ᠴᠢᠳᠭᠦᠷ ᠤᠨ ᠲᠠᠩᠰᠠ ᠲᠡᠮᠳᠡᠭᠯᠡᠯ︾ ᠢ ᠵᠤᠬᠢᠶᠠᠵᠤ᠂ ᠶᠤᠸᠠᠨ ᠤᠯᠤᠰ ᠤᠨ ᠦᠶ᠎ᠡ ᠶᠢᠨ ᠵᠦᠴᠦᠭᠡ ᠵᠤᠬᠢᠶᠠᠭᠴᠢ ᠶᠢᠨ ᠦᠢᠯᠡᠰ ᠵᠢᠴᠢ ᠵᠤᠬᠢᠶᠠᠯ ᠤᠨ ᠨᠡᠷ᠎ᠡ ᠲᠦᠷᠦᠯ ᠢ ᠡᠮᠬᠢᠳᠭᠡᠵᠦ᠂ ᠨᠡᠶᠢᠳᠡ 153 ᠵᠤᠬᠢᠶᠠᠭᠴᠢ᠂ 4000 ᠢᠯᠡᠭᠦᠦ ᠵᠦᠴᠦᠭᠡ ᠶᠢᠨ ᠭᠠᠷᠴᠠᠭ ᠢ ᠨᠠᠶᠢᠷᠠᠭᠤᠯᠤᠨ ᠢᠯᠡᠳᠭᠡᠪᠡ᠃ ᠡᠭᠦᠨ ᠠᠴᠠ ᠭᠠᠳᠠᠨ᠎ᠠ ᠪᠠᠰᠠ 200 ᠢᠯᠡᠭᠦᠦ ᠬᠤᠯᠢᠮᠠᠭ ᠵᠦᠴᠦᠭᠡ ᠶᠢᠨ ᠲᠦᠷᠦᠯ ᠵᠦᠢᠯ ᠨᠡᠶᠢᠳᠡ ᠲᠦᠷᠪᠡᠨ ᠵᠦᠢᠯ ᠪᠤᠯᠤᠨ᠎ᠠ᠃ ᠨᠢᠭᠡ ᠳᠤ᠂ ᠲᠡᠦᠭᠡᠳᠦ ᠵᠦᠴᠦᠭᠡ᠂ ᠵᠢᠱᠢᠶᠡᠯᠡᠪᠡᠯ ᠵᠢᠢ ᠵᠢᠶᠦ᠋ᠨ ᠰᠢᠶᠠᠩ ᠤᠨ ︽ᠵᠤᠤ ᠤᠪᠤᠭᠳᠤ ᠶᠢᠨ ᠦᠨᠦᠴᠢᠨ ᠬᠦᠦ︾᠂ ᠵᠡᠭᠦᠨ ᠵᠸᠦ ᠤᠯᠤᠰ ᠤᠨ ᠴᠦᠨ ᠴᠢᠦ ᠶᠢᠨ ᠦᠶ᠎ᠡ ᠶᠢᠨ ᠶᠢᠨ ᠤᠯᠤᠰ ᠤᠨ ᠬᠦᠨᠳᠦ ᠲᠦᠰᠢᠮᠡᠯ ᠴᠧᠩ ᠢᠩ᠂ ᠬᠠᠨ ᠴᠢᠤᠶᠧ᠂ ᠬᠦᠩ ᠰᠦᠨ᠂ ᠴᠦ ᠵᠢᠦ ᠵᠡᠷᠭᠡ ᠬᠦᠮᠦᠨ ᠶᠢᠨ ᠤᠯᠤᠰ ᠤᠨ ᠶᠡᠭᠡ ᠰᠠᠶᠢᠳ ᠵᠤᠤ ᠰᠦᠸᠧ ᠶᠢᠨ ᠬᠦᠦ ᠵᠤᠤ ᠦ᠋ ᠶᠢ ᠬᠠᠮᠠᠭᠠᠯᠠᠨ ᠠᠷᠠᠴᠢᠯᠠᠨ ᠦᠰᠭᠡᠵᠦ᠂ ᠠᠯᠠᠭᠳᠠᠬᠤ ᠠᠴᠠ ᠠᠶᠤᠬᠤ ᠦᠭᠡᠢ᠂ ᠲᠤᠷᠤᠮᠵᠢᠯᠠᠯ ᠢ ᠬᠦᠯᠢᠴᠡᠵᠦ᠂ ᠡᠮᠦᠨ᠎ᠡ ᠬᠤᠶᠢᠨ᠎ᠠ ᠵᠠᠯᠭᠠᠵᠤ᠂ ᠠᠶᠤᠯ ᠵᠤᠪᠠᠯᠠᠩ ᠢ ᠬᠡᠳᠦᠯᠵᠦ᠂ ᠬᠠᠷᠬᠢᠰ ᠵᠠᠯᠢᠬᠠᠢ ᠬᠦᠴᠦᠨ ᠲᠠᠢ ᠦᠭᠦᠵᠦ ᠰᠡᠭᠡᠵᠦ ᠲᠡᠮᠡᠴᠡᠯᠳᠦᠨ᠂ ᠵᠦᠴᠦᠭᠡ ᠶᠢᠨ ᠦᠢᠯᠡ ᠶᠠᠪᠤᠳᠠᠯ ᠦᠰᠢᠶ᠎ᠡ ᠠᠪᠬᠤ ᠰᠡᠳᠭᠢᠯᠭᠡ ᠬᠦᠴᠦᠳᠠᠢ ᠲᠡᠮᠡᠴᠡᠯᠳᠦᠨ ᠰᠢᠷᠦᠭᠦᠳᠦᠭᠰᠡᠨ ᠢ ᠲᠡᠮᠳᠡᠭᠯᠡᠪᠡ᠃ ᠪᠠᠢ ᠫᠦ᠋ ᠶᠢᠨ ᠵᠤᠬᠢᠶᠠᠯ ︽ᠤᠶᠠᠩᠭᠠᠳᠤ ᠮᠤᠳᠤᠨ ᠤ ᠪᠤᠷᠤᠭᠠᠨ︾᠂ ᠲᠠᠩ ᠰᠢᠤᠸᠠᠨ ᠽᠦᠩ ᠬᠦᠦ᠂ ᠪᠡᠷᠢ ᠶᠠᠩ ᠬᠦᠢ ᠬᠤᠢ ᠲᠠᠢ ᠢᠨᠠᠭᠯᠠᠵᠤ᠂ ᠦᠭᠦᠵᠦ ᠰᠠᠯᠬᠤ ᠶᠢᠨ ᠦᠯᠢᠭᠡᠷ ᠢ ᠲᠤᠭᠠᠴᠢᠵᠤ᠂ ᠲᠠᠩ ᠤᠯᠤᠰ ᠤᠨ ᠡᠵᠡᠨ ᠬᠠᠭᠠᠨ ᠦᠶ᠎ᠡ ᠲᠡᠰ ᠢ ᠢᠯᠭᠠᠬᠤ ᠦᠭᠡᠢ᠂ ᠬᠤᠶᠠᠯᠢ ᠶᠠᠩᠬᠠᠨ ᠢᠯᠵᠢᠷᠡᠮᠡᠯ ᠶᠠᠪᠤᠵᠤ᠂ ᠡᠴᠦᠰ ᠲᠤ ᠪᠠᠨ ᠤᠯᠤᠰ ᠮᠦᠭᠦᠭᠰᠡᠨ ᠭᠤᠨᠢᠭᠳᠤ ᠬᠡᠷᠡᠭ ᠢ ᠢᠯᠡᠴᠢᠯᠡᠪᠡ᠃ ᠭᠠᠩ ᠶᠢᠨ ᡁᠢ ᠶᠢᠨ ᠵᠤᠬᠢᠶᠠᠯ ︽ᠯᠢ ᠺᠦᠢ ᠴᠢᠪᠴᠢᠷᠭ᠎ᠠ ᠡᠭᠦᠷᠦᠭᠰᠡᠨ︾᠂ ᠰᠦᠩ ᠤᠯᠤᠰ ᠤᠨ ᠢᠯᠵᠢᠷᠡᠨ ᠲᠤᠷᠤᠶᠢᠳᠠᠭᠰᠠᠨ ᠪᠠ ᠨᠡᠶᠢᠭᠡᠮ ᠰᠠᠮᠠᠭᠤᠷᠠᠵᠤ᠂ ᠠᠷᠠᠳ ᠢᠷᠭᠡᠳ ᠠᠷᠭ᠎ᠠ ᠪᠤᠰᠤ ᠪᠤᠰᠤᠯᠴᠠᠵᠤ᠂ ᠪᠠᠶᠠᠴᠤᠳ ᠢ ᠠᠯᠠᠵᠤ᠂ ᠦᠭᠡᠶᠢᠭᠦᠴᠤᠳ ᠢ ᠲᠡᠳᠭᠦᠵᠦ᠂ ᠬᠠᠷᠬᠢᠰ ᠬᠦᠴᠦᠨ ᠢ ᠴᠤᠬᠢᠵᠤ᠂ ᠲᠤᠷᠤᠢ ᠪᠠᠭᠤᠷᠠᠢ ᠶᠢ ᠡᠷᠭᠦᠵᠦ᠂ ᠲᠦᠪ ᠭᠤᠤᠯᠴᠢ ᠶᠢ ᠡᠷᠭᠢᠮᠯᠠᠵᠤ᠂ ᠬᠠᠵᠠᠭᠠᠢ ᠲᠠᠷᠤᠯᠠᠯ ᠢ ᠡᠰᠡᠷᠭᠦᠴᠡᠬᠦ ᠰᠡᠳᠬᠢᠯᠭᠡ ᠶᠢ ᠦᠭᠦᠯᠡᠪᠡ᠃ ᠬᠤᠶᠠᠷ ᠲᠤ᠂ ᠨᠡᠶᠢᠭᠡᠮ ᠤᠨ ᠵᠦᠴᠦᠭᠡ᠂ ᠴᠢᠬᠤᠯᠠ ᠵᠤᠬᠢᠶᠠᠯ ᠪᠤᠯ ᠭᠤᠸᠠᠨ ᠬᠠᠨ ᠴᠢᠩ ᠤᠨ ︽ᠳ᠋ᠸᠦ ᠡ ᠶᠤᠸᠠᠨ︾᠂ ︽ᠡᠷᠪᠡᠬᠡᠢ ᠶᠢᠨ ᠵᠡᠭᠦᠳᠦ︾᠂ ︽ᠮᠦᠷᠡᠨ ᠢ ᠪᠠᠷᠠᠭᠠᠳᠠᠬᠤ ᠲᠠᠩᠬᠢᠮ︾︔ ᠯᠢ ᠴᠢᠶᠠᠨ ᠬᠤᠤ ᠶᠢᠨ ︽ᠬᠤᠢ ᠯᠠᠨ ᠲᠡᠮᠳᠡᠭᠯᠡᠯ︾︔ ᠴᠧᠩ ᠲᠢᠩ ᠢᠦᠢ  ᠶᠢᠨ ︽ᠵᠤᠭᠤᠰ ᠬᠠᠳᠠᠭᠠᠯᠠᠬᠤ ᠪᠤᠭᠤᠯ︾ ᠵᠡᠷᠭᠡ ᠵᠦᠴᠦᠭᠡ ᠪᠤᠯᠤᠨ᠎ᠠ᠃ ᠲᠡᠭᠡᠷᠡᠭᠢ ᠨᠡᠶᠢᠭᠡᠮ ᠤᠨ ᠵᠦᠴᠦᠭᠡ ᠭᠤᠤᠯᠳᠠᠭᠤ ᠡᠷᠭᠡ ᠬᠦᠴᠦᠳᠠᠢ ᠬᠦᠴᠦᠷᠭᠡᠭᠴᠤᠳ᠂ ᠬᠤᠪᠳᠤᠭ ᠨᠤᠶᠠᠨ᠂ ᠰᠢᠨᠤᠬᠠᠢ ᠲᠦᠰᠢᠮᠡᠯ᠂ ᠬᠠᠷᠬᠢᠰ ᠬᠦᠴᠦᠷᠭᠡᠭ ᠪᠠᠶᠠᠴᠤᠳ ᠵᠡᠷᠭᠡ ᠬᠠᠷᠬᠢᠰ ᠬᠦᠴᠦᠨ ᠬᠦᠮᠦᠨ ᠤ ᠠᠮᠢ ᠶᠢ ᠡᠪᠡᠰᠦ ᠪᠠᠷ ᠦᠵᠡᠬᠦ ᠦᠭᠡᠢ᠂ ᠡᠯᠳᠡᠪ ᠵᠦᠢᠯ ᠢᠶᠠᠷ ᠡᠳ᠋ ᠬᠦᠷᠦᠩᠭᠡ ᠶᠢ ᠪᠤᠯᠢᠶᠠᠨ ᠲᠡᠭᠡᠷᠡᠮᠳᠡᠵᠦ᠂ ᠬᠦᠴᠦᠷᠭᠡᠭ ᠢ ᠲᠦᠰᠢᠵᠦ᠂ ᠲᠠᠷᠤᠤ ᠪᠠᠭᠤᠷᠠᠢ ᠶᠢ ᠲᠠᠷᠤᠯᠠᠵᠤ᠂ ᠬᠦᠮᠦᠨ ᠳᠤ ᠡᠷᠡᠭᠦᠦ ᠶᠠᠯ᠎ᠠ ᠲᠤᠯᠭᠠᠵᠤ᠂ ᠶᠡᠷᠦ ᠶᠢᠨ ᠬᠦᠮᠦᠨ ᠢ ᠬᠤᠤᠷᠯᠠᠵᠤ᠂ ᠰᠢᠬᠦᠨ ᠲᠠᠰᠤᠯᠬᠤ ᠨᠢ ᠭᠤᠤᠯᠴᠢ ᠪᠤᠰᠤ ᠵᠡᠷᠭᠡ ᠹᠸᠤᠳᠠᠯ ᠤᠨ ᠨᠡᠶᠢᠭᠡᠮ ᠤᠨ ᠡᠯ᠎ᠡ ᠵᠦᠢᠯ ᠤᠨ ᠵᠢᠭᠰᠢᠭᠦᠷᠳᠠᠢ ᠦᠵᠡᠭᠳᠡᠯ ᠪᠠ ᠪᠤᠷᠤᠭᠤ ᠪᠠᠷ ᠰᠢᠬᠦᠨ ᠲᠠᠰᠤᠯᠬᠤ ᠦᠵᠡᠭᠳᠡᠯ ᠢ ᠢᠯᠡᠴᠢᠯᠡᠪᠡ᠃ ᠭᠤᠷᠪᠠ ᠳᠤ᠂ ᠱᠠᠰᠢᠨ ᠤ ᠰᠤᠷᠭᠠᠯ ᠤᠨ ᠵᠦᠴᠦᠭᠡ᠂ ᠭᠤᠤᠯᠳᠠᠭᠤ ᠬᠤᠪᠢᠯᠭᠠᠨ ᠠᠷᠰᠢ ᠢᠯᠡᠷᠡᠵᠦ᠂ ᠶᠡᠷᠦ ᠶᠢᠨ ᠬᠦᠮᠦᠨ ᠠᠴᠠ ᠮᠤᠯᠳᠤᠷᠠᠨ ᠬᠡᠳᠦᠯᠬᠦ ᠵᠡᠷᠭᠡ ᠶᠢ ᠦᠭᠦᠯᠡᠵᠦ᠂ ᠵᠢᠱᠢᠶᠡᠯᠡᠪᠡᠯ ᠮᠠ ᡁᠢ ᠶᠤᠸᠠᠨ ᠤ ︽ᠬᠤᠭᠤᠰᠤᠨ ᠵᠡᠭᠦᠳᠦᠨ︾᠂ ︽ᠶᠤᠸᠠᠢ ᠶᠠᠩ ᠠᠰᠠᠷ︾︔ ᠹᠠᠨ ᠭᠠᠩ ᠤᠨ         ︽ᠬᠤᠯᠤᠰᠤᠨ ᠨᠠᠪᠴᠢ ᠶᠢᠨ ᠤᠩᠭᠤᠴᠠ︾᠂ ᠶᠤᠸᠠᠢ ᠪᠠ ᠴᠤᠸᠠᠨ ᠤ ︽ᠯᠢ ᠤᠪᠤᠭᠳᠤ ᠲᠡᠮᠦᠷ ᠲᠤᠭᠤᠯᠠᠩ︾ ᠵᠡᠷᠭᠡ ᠵᠦᠴᠦᠭᠡ ᠪᠤᠯᠤᠨ᠎ᠠ᠃ ᠲᠦᠷᠪᠡ ᠨᠢ᠂ ᠢᠨᠠᠭ ᠬᠤᠷᠢᠮᠯᠠᠬᠤ ᠵᠦᠴᠦᠭᠡ᠂ ᠭᠤᠤᠯᠳᠠᠭᠤ ᠵᠠᠯᠠᠭᠤ ᠡᠷᠡᠭᠳᠠᠢ ᠡᠮᠡᠭᠳᠡᠢ ᠦᠪᠡᠷ ᠤᠨ ᠲᠤᠷ᠎ᠠ ᠪᠠᠨ ᠡᠷᠢᠵᠦ᠂ ᠨᠡᠭᠡᠵᠦ ᠢᠨᠠᠭᠯᠠᠬᠤ ᠶᠢ ᠮᠠᠭᠳᠠᠨ ᠲᠠᠭᠤᠯᠠᠬᠤ᠂ ᠦᠪᠡᠷ ᠤᠨ ᠲᠤᠷ᠎ᠠ ᠪᠠᠷ ᠤᠷᠤᠭᠯᠠᠨ ᠬᠤᠷᠢᠮᠯᠠᠬᠤ ᠵᠡᠷᠭᠡ ᠵᠤᠯ ᠵᠢᠷᠭᠠᠯᠳᠤ ᠠᠮᠢᠳᠤᠷᠠᠯ ᠢ ᠪᠢᠴᠢᠭᠰᠡᠨ ᠵᠤᠬᠢᠶᠠᠯ ᠪᠤᠯᠤᠨ᠎ᠠ᠃ ⑵ ᠡᠮᠦᠨᠡᠳᠦ ᠰᠢ ︵ᠵᠦᠴᠦᠭᠡ︶᠄ ᠡᠮᠦᠨ᠎ᠡ ᠰᠦᠩ ᠤᠯᠤᠰ ᠤᠨ ᠸᠧᠨᠵᠸᠦ ᠤᠷᠴᠢᠮ ᠲᠡᠯᠭᠡᠷᠡᠭᠰᠡᠨ ᠪᠤᠯᠬᠤᠷ ︽ᠸᠧᠨᠵᠸᠦ ᠰᠢ︾ ᠬᠡᠵᠦ ᠲᠠᠭᠤᠳᠠᠨ᠎ᠠ᠃ ᠡᠮᠦᠨᠡᠳᠦ ᠰᠢ ᠪᠠᠰᠠ ᠲᠠᠭᠤᠯᠠᠬᠤ ᠪᠠ ᠬᠡᠯᠡᠯᠴᠡᠬᠦ ᠬᠤᠶᠠᠷ ᠢᠶᠠᠷ ᠪᠦᠷᠢᠯᠳᠦᠵᠦ ᠂ ᠬᠤᠶᠢᠳᠤ ᠤᠷᠤᠨ ᠤ ᠬᠤᠯᠢᠮᠠᠭ ᠵᠦᠴᠦᠭᠡ ᠠᠴᠠ ᠴᠢᠯᠦᠭᠡᠳᠠᠢ᠃ ᠬᠡᠪᠡᠴᠦ ᠰᠡᠳᠤᠪ ᠪᠠ ᠠᠭᠤᠯᠭ᠎ᠠ ᠤᠮᠠᠷᠠᠳᠤ ᠬᠤᠯᠢᠮᠠᠭ ᠵᠦᠴᠦᠭᠡ ᠶᠢ ᠬᠤᠯᠠ ᠬᠦᠷᠬᠦ ᠦᠭᠡᠢ᠃ ᠶᠤᠸᠠᠨ ᠤᠯᠤᠰ ᠰᠦᠩ ᠤᠯᠤᠰ ᠢ ᠤᠰᠠᠳᠬᠠᠭᠰᠠᠨ ᠤ ᠬᠤᠶᠢᠨ᠎ᠠ ᠂ ᠭᠤᠸᠠᠨ ᠬᠠᠨ ᠴᠢᠩ ᠵᠡᠷᠭᠡ ᠵᠤᠬᠢᠶᠠᠭᠴᠢ ᠬᠤᠶᠢᠨ᠎ᠠ ᠡᠮᠦᠨ᠎ᠡ ᠬᠦᠭᠡᠮᠦ᠋ᠷᠡᠨ ᠢ ᠬᠡᠳᠦᠯᠵᠦ᠂ ᠬᠠᠩᠵᠸᠦ ᠳᠤ ᠬᠦᠷᠴᠦ᠂ ᠤᠮᠠᠷᠠᠳᠤ ᠬᠤᠯᠢᠮᠠᠭ ᠵᠦᠴᠦᠭᠡ ᠶᠢᠨ ᠰᠠᠭᠤᠷᠢᠨ ᠲᠡᠭᠡᠷ᠎ᠡ ᠡᠮᠦᠨᠡᠳᠦ ᠰᠢ ᠶᠢ ᠬᠦᠭᠵᠢᠭᠡᠪᠡ᠃ ᠬᠠᠮᠤᠭ ᠨᠡᠷ᠎ᠡ ᠲᠠᠢ ᠡᠮᠦᠨᠡᠳᠦ ᠰᠢ ︽ᠲᠤᠶᠢᠪᠠᠩ ᠬᠠᠳᠬᠤᠭᠤᠷ ᠤᠨ ᠲᠡᠮᠳᠡᠭᠯᠡᠯ︾᠂ ︽ᠴᠠᠭᠠᠨ ᠲᠠᠤᠯᠠᠢ ᠶᠢᠨ ᠲᠡᠮᠳᠡᠭᠯᠡᠯ︾᠂ ︽ᠨᠤᠬᠠᠢ ᠠᠯᠠᠬᠤ ᠲᠡᠮᠳᠡᠭᠯᠡᠯ︾ ᠵᠡᠷᠭᠡ ᠰᠢ ᠪᠤᠯᠤᠨ᠎ᠠ᠃ ᠶᠤᠸᠠᠨ ᠤᠯᠤᠰ ᠤᠨ ᠰᠡᠭᠦᠯ ᠤᠨ ᠦᠶ᠎ᠡ ᠳᠤ ᠭᠤᠤ ᠮᠢᠩ ᠤᠨ ᠵᠤᠬᠢᠶᠠᠭᠰᠠᠨ ︽ᠫᠢᠫᠠ ᠶᠢᠨ ᠲᠡᠮᠳᠡᠭᠯᠡᠯ︾᠂ ᠵᠤᠤ ᠦ᠋ ᠨᠢᠶᠠᠩ᠂ ᠵᠦ ᠪᠠ ᠵᠢᠶᠧ ᠶᠢᠨ ᠦᠯᠢᠭᠡᠷ ᠢ ᠦᠭᠡᠷᠡᠴᠢᠯᠡᠵᠦ᠂ ᠪᠦᠷᠢᠨ ᠦᠨᠡᠨᠴᠢ᠂ ᠪᠦᠷᠢᠨ ᠡᠯᠪᠡᠷᠢᠯ ᠢ ᠤᠬᠠᠭᠤᠯᠵᠤ᠂ ᠶᠤᠰᠤ ᠵᠦᠢ ᠶᠢᠨ ᠤᠬᠠᠭᠠᠨ ᠤ ᠰᠤᠷᠭᠠᠯ ᠲᠡᠯᠭᠡᠷᠡᠭᠦᠯᠪᠡ᠃ ᠲᠡᠷᠡ ᠦᠶ᠎ᠡ ᠳᠤ ᠡᠮᠦᠨᠡᠳᠦ ᠰᠢ 168 ᠲᠤᠭ᠎ᠠ ᠪᠠᠶᠢᠵᠤ᠂ ᠡᠳᠦᠭᠡ ᠭᠠᠭᠴᠠ ᠡᠪᠳᠡᠷᠭᠡᠢ ᠪᠦᠷᠢᠨ ᠪᠤᠰᠤ ᠲᠡᠪᠳᠡᠷ 12 ᠦᠯᠡᠳᠡᠪᠡ᠃ ⒉ ᠰᠤᠯᠠ ᠵᠦᠴᠦᠭᠡ᠄ ᠰᠢᠶᠤᠤ ᠯᠢᠩ ︵小令︶ ᠪᠠ ᠨᠠᠶᠢᠷᠠᠭ ᠠᠶᠠᠰ ᠬᠤᠶᠠᠷ ᠲᠦᠷᠦᠯ ᠵᠦᠢᠯ ᠪᠠᠶᠢᠵᠤ᠂ ᠶᠤᠸᠠᠨ ᠤᠯᠤᠰ ᠤᠨ ᠰᠢᠶᠤᠤ ᠯᠢᠩ ᠡᠮᠦᠨ᠎ᠡ ᠬᠡᠳᠦᠨ ᠦᠶ᠎ᠡ ᠠᠴᠠ ᠰᠢᠨ᠎ᠡ ᠪᠦᠳᠦᠭᠡᠮᠵᠢ ᠲᠠᠢ᠂ ᠨᠢᠭᠡ ᠦᠭᠡᠨ ᠤ ᠠᠶᠠᠯᠠᠬᠤ ᠪᠦᠷᠢ ᠵᠢᠭᠢᠷᠢᠭᠯᠡᠬᠦ ᠦᠰᠦᠭ ᠲᠠᠢ᠂ ᠠᠳᠠᠯᠢ ᠪᠤᠰᠤ ᠵᠦᠴᠦᠭᠡ ᠶᠢᠨ ᠬᠦᠰᠢᠭᠡ ᠨᠢ ᠨᠢᠭᠡᠨ ᠠᠳᠠᠯᠢ ᠤᠷᠳᠤᠨ  ᠤ ᠠᠶ᠎ᠠ ᠳᠤ ᠤᠯᠠᠨ ᠪᠠᠭ᠎ᠠ ᠰᠠᠯᠪᠤᠷᠢ ᠵᠦᠴᠦᠭᠡ ᠶᠢ ᠬᠤᠯᠪᠤᠨ ᠬᠠᠷᠢᠴᠠᠭᠤᠯᠵᠤ ᠲᠤᠭᠯᠠᠵᠤ᠂ ᠡᠭᠦᠨ ᠢ ᠨᠠᠶᠢᠷᠠᠭ ᠲᠤᠭ᠎ᠠ ᠪᠠ ᠰᠤᠯᠠ ᠨᠠᠶᠢᠷᠠᠭ ᠬᠡᠵᠦ ᠨᠡᠷᠡᠯᠡᠵᠦ᠂ ᠬᠤᠶᠠᠷ ᠵᠦᠢᠯ ᠤᠨ ᠨᠠᠶᠢᠷᠠᠭᠤᠯᠭ᠎ᠠ ᠶᠢᠨ ᠰᠤᠯᠠ ᠵᠦᠴᠦᠭᠡ ᠶᠤᠸᠠᠨ ᠤᠯᠤᠰ ᠤᠨ ᠦᠶ᠎ᠡ ᠳᠤ ᠶᠡᠭᠡᠳᠡ ᠪᠠᠳᠠᠷᠠᠨ ᠬᠦᠭᠵᠢᠵᠠᠢ᠃ ᠢᠵᠠᠭᠤᠷᠳᠠᠨ ᠠᠩᠬᠢ ᠪᠠ ᠶᠡᠷᠦ ᠶᠢᠨ ᠠᠷᠠᠳ ᠤᠯᠠᠩᠬᠢ  ᠨᠢ ᠵᠦᠴᠦᠭᠡ ᠵᠤᠬᠢᠶᠠᠬᠤ ᠴᠢᠳᠠᠯ ᠲᠠᠢ᠃ ᠶᠤᠸᠠᠨ ᠤᠯᠤᠰ ᠤᠨ ᠰᠤᠯᠠ ᠵᠦᠴᠦᠭᠡ ᠠᠯᠳᠠᠨ ᠤᠯᠤᠰ ᠤᠨ ᠦᠭᠡ ᠦᠭᠦᠯᠡᠪᠦᠷᠢ ᠶᠢ ᠤᠯᠠᠮᠵᠢᠯᠠᠭᠰᠠᠨ ᠪᠦᠭᠡᠳ ᠠᠷᠠᠳ ᠤᠨ ᠶᠡᠷᠦ ᠶᠢᠨ ᠲᠠᠭᠤᠤ ᠠᠶᠠᠰ ᠢ ᠪᠠᠰᠠ ᠬᠡᠷᠡᠭᠯᠡᠵᠦ᠂ ᠤᠨᠴᠠᠭᠠᠢ ᠰᠢᠨᠵᠢ ᠴᠢᠨᠠᠷ ᠲᠠᠢ ᠰᠢᠨ᠎ᠡ ᠨᠠᠶᠢᠷᠠᠭ ᠤᠨ ᠤᠳᠬ᠎ᠠ ᠤᠷᠠᠯᠢᠭ ᠪᠤᠯᠤᠨ ᠪᠦᠳᠦᠪᠡ᠃ ᠶᠤᠸᠠᠨ ᠤᠯᠤᠰ ᠤᠨ ᠦᠶ᠎ᠡ ᠶᠢᠨ ᠶᠠᠩ ᠴᠤᠤ ᠢᠩ ᠶᠤᠸᠠᠨ ᠤᠯᠤᠰ ᠤᠨ ᠰᠤᠯᠠ ᠵᠦᠴᠦᠭᠡ ᠶᠢ ᠰᠤᠩᠭᠤᠵᠤ ︽ᠬᠤᠳᠠ ᠶᠢᠨ ᠲᠤᠳᠤᠷᠠᠬᠢ ᠰᠢᠨ᠎ᠡ ᠲᠠᠭᠤᠤ ᠲᠠᠶᠢᠪᠤᠩ ᠨᠠᠶᠢᠷ ᠤᠨ ᠤᠷᠳᠤᠨ︾᠂ ︽ᠤᠶᠠᠬᠠᠨ ᠬᠠᠪᠤᠷ ᠤᠨ ᠴᠠᠭᠠᠨ ᠴᠠᠰᠤ︾ ᠵᠡᠷᠭᠡ ᠰᠤᠯᠠ ᠵᠦᠴᠦᠭᠡ ᠠᠨᠤ ᠤᠯᠠᠨ ᠵᠢᠯ ᠤᠯᠠᠮᠵᠢᠯᠠᠨ ᠦᠷᠭᠦᠯᠵᠢᠯᠡᠵᠠᠢ᠃ ᠮᠢᠩ ᠤᠯᠤᠰ ᠤᠨ ᠲᠡᠷᠢᠬᠦᠨ ᠬᠠᠭᠠᠨ ᠵᠦ ᠶᠤᠸᠠᠨ ᠵᠠᠩ ᠤᠨ 17 ᠳ᠋ᠤᠭᠠᠷ ᠬᠦᠦ ᠵᠦ ᠴᠢᠤᠸᠠᠨ ︽ ᠲᠠᠢ ᠡᠾᠧ ᠲᠡᠭᠰᠢ ᠬᠦᠭᠵᠢᠮ ᠤᠨ ᠠᠶᠠᠰ︾ ᠳᠤ ᠪᠠᠨ ᠶᠤᠸᠠᠨ ᠤᠯᠤᠰ ᠤᠨ ᠰᠤᠯᠠ ᠵᠦᠴᠦᠭᠡ ᠶᠢᠨ ᠵᠤᠬᠢᠶᠠᠭᠴᠢ ᠶᠢ 187 ᠬᠦᠮᠦᠨ ᠢ ᠬᠤᠷᠢᠶᠠᠨ ᠲᠡᠮᠳᠡᠭᠯᠡᠵᠦ᠂ ᠲᠤᠳᠤᠷ᠎ᠠ ᠨᠢ ᠮᠤᠩᠭᠤᠯ᠂ ᠵᠦᠷᠴᠢᠨ᠂ ᠰᠠᠷᠳᠠᠭᠤᠴᠢᠨ ᠵᠤᠬᠢᠶᠠᠭᠴᠢ ᠶᠢ ᠪᠠᠰᠠ ᠬᠤᠷᠢᠶᠠᠨ ᠤᠷᠤᠭᠤᠯᠪᠠ᠃ ᠬᠤᠶᠠᠷ᠂ ᠶᠤᠸᠠᠨ ᠤ ᠵᠦᠴᠦᠭᠡ ᠶᠢᠨ ᠵᠤᠬᠢᠶᠠᠭᠰᠠᠨ ᠠᠬᠤᠢ ᠰᠢᠯᠳᠠᠭᠠᠨ ᠡᠳᠦᠭᠡ ᠪᠤᠯᠳᠠᠯ᠎ᠠ ᠵᠠᠷᠢᠮ ᠦᠨᠳᠦᠰᠦᠳᠡᠨ ᠤ ᠨᠠᠵᠠᠭᠠᠢ ᠦᠵᠡᠯ ᠲᠠᠢ ᠡᠷᠳᠡᠮᠳᠡᠨ ᠲᠤᠮᠳᠠᠳᠤ ᠤᠯᠤᠰ ᠤᠨ ᠹᠸᠤᠳᠠᠯ  ᠤᠨ ᠨᠡᠶᠢᠭᠡᠮ ᠤᠨ ᠠᠯᠢᠪᠠ ᠬᠠᠷᠠᠩᠭᠤᠢ ᠨᠤᠶᠠᠷᠬᠠᠯ ᠢ ᠪᠦᠷ ᠶᠤᠸᠠᠨ ᠤᠯᠤᠰ ᠲᠤ ᠲᠦᠯᠬᠢᠵᠦ ᠮᠠᠭᠤᠰᠢᠶᠠᠨ᠎ᠠ᠃ ᠲᠦᠭᠦᠮᠴᠢᠯᠡᠪᠡᠯ ᠬᠤᠶᠠᠷ ᠲᠠᠯ᠎ᠠ ᠶᠢᠨ ᠠᠭᠤᠯᠭ᠎ᠠ ᠪᠤᠯᠤᠨ᠎ᠠ᠃ ᠨᠢᠭᠡ ᠳᠤ᠂ ᠨᠤᠶᠠᠷᠬᠠᠭᠴᠢ ᠠᠩᠬᠢ ᠤᠳᠬ᠎ᠠ ᠰᠤᠶᠤᠯ ᠲᠤᠤᠷ᠎ᠠ ᠪᠦᠭᠡᠳ ᠡᠷᠬᠢᠬᠦᠦ ᠮᠤᠩᠬᠠᠭ᠃ ᠬᠤᠶᠠᠷ ᠲᠤ᠂ ᠠᠩᠬᠢ ᠶᠢᠨ ᠲᠠᠷᠤᠯᠠᠯ ᠪᠠ ᠦᠨᠳᠦᠰᠦᠳᠡᠨ ᠤ ᠲᠠᠷᠤᠯᠠᠯ ᠤᠨ ᠲᠤᠤᠷ᠎ᠠ ᠤᠶᠤᠳᠠᠨ ᠰᠡᠭᠡᠭᠡᠳᠡᠨ ᠪᠠ ᠶᠡᠷᠦ ᠶᠢᠨ ᠠᠷᠠᠳ ᠠᠮᠢᠰᠬᠤᠯ ᠪᠦᠭᠯᠡᠭᠳᠡᠬᠦ ᠲᠠᠷᠤᠯᠠᠯ ᠢ ᠠᠮᠰᠠᠵᠤ ᠬᠡᠵᠦ ᠲᠦᠷᠰᠦᠯᠡᠨ ᠪᠢᠴᠢᠪᠡ᠃ ᠡᠶᠢᠮᠦ ᠰᠢᠯᠳᠠᠭᠠᠨ ᠠᠴᠠ ᠪᠤᠯᠵᠤ᠂ ᠵᠤᠬᠢᠶᠠᠭᠴᠢ ᠪᠢᠳᠡ ᠡᠷᠳᠡᠨ ᠡᠳᠦᠭᠡ᠂ ᠭᠠᠳᠠᠭᠠᠳᠤ ᠲᠤᠳᠤᠭᠠᠳᠤ ᠶᠢᠨ ᠪᠢᠴᠢᠵᠦ ᠬᠡᠪᠯᠡᠭᠰᠡᠨ ᠶᠤᠸᠠᠨ ᠤᠯᠤᠰ ᠤᠨ ᠬᠠᠮᠢᠶᠠᠳᠠᠢ ᠲᠡᠦᠭᠡ ᠪᠢᠴᠢᠭ ᠢ ᠤᠷᠪᠠᠭᠤᠯᠤᠨ ᠦᠵᠡᠬᠦ  ᠳᠤ ᠲᠡᠭᠡᠷᠡᠭᠢ ᠬᠤᠶᠠᠷ ᠦᠵᠡᠯ ᠪᠦᠷ ᠦᠨᠳᠦᠰᠦᠳᠡᠨ ᠤ ᠢᠪᠴᠤᠤ ᠬᠠᠵᠠᠭᠠᠢ ᠦᠵᠡᠯ ᠪᠤᠯᠤᠨ᠎ᠠ᠃ ᠮᠠᠨ ᠤ ᠮᠡᠳᠡᠬᠦ ᠪᠠᠷ ᠰᠦᠩ ᠤᠯᠤᠰ ᠤᠨ ᠤᠳᠬ᠎ᠠ ᠵᠤᠬᠢᠶᠠᠯ ᠤᠨ ᠪᠦᠳᠦᠭᠡᠮᠵᠢ ᠪᠤᠯ ︽ᠦᠭᠦᠯᠡᠯ︾ ᠪᠤᠯᠬᠤ ᠪᠦᠭᠡᠳ ᠪᠦᠷ ᠲᠡᠭᠡᠷ᠎ᠡ ᠲᠠᠪᠬᠤᠷᠭᠠᠳᠠᠨ ᠢᠵᠠᠭᠤᠷᠳᠠᠨ ᠤ ᠦᠢᠯᠡᠴᠢᠯᠡᠬᠦ ᠴᠢᠨᠠᠷ ᠲᠠᠢ ᠤᠳᠬ᠎ᠠ ᠤᠷᠠᠯᠢᠭ ᠪᠤᠯᠤᠨ᠎ᠠ᠃ ᠦᠷᠭᠡᠨ ᠤᠯᠠᠨ ᠲᠤᠤᠷᠠᠳᠤ ᠬᠦᠳᠡᠭᠡ ᠶᠢᠨ ᠬᠦᠮᠦᠨ ᠳᠤ ᠨᠦᠯᠦᠭᠡᠯᠡᠭᠳᠡᠬᠦ ᠦᠭᠡᠢ᠃ ᠨᠤᠶᠠᠷᠬᠠᠭᠴᠢ ᠠᠩᠬᠢ ᠦᠪᠡᠷ  ᠢᠶᠠᠨ ᠪᠠᠶᠠᠷᠯᠠᠨ ᠴᠡᠩᠭᠡᠯᠳᠦᠬᠦ ᠤᠳᠬ᠎ᠠ ᠤᠷᠠᠯᠢᠭ ᠪᠤᠯᠤᠨ᠎ᠠ᠃ ᠲᠡᠦᠭᠡᠴᠢ ᠨᠠᠷ ᠤᠨ ᠦᠭᠦᠯᠡᠬᠦ ᠪᠠᠷ ᠰᠦᠩ ᠤᠨ ᠬᠠᠭᠠᠨ ᠭᠤᠤ ᠽᠦᠩ ᠠᠴᠠ ᠡᠭᠢᠯᠡᠨ ᠡᠮᠦᠨᠡᠳᠦ ᠰᠦᠩ ᠤᠯᠤᠰ ᠤᠨ ᠬᠠᠭᠠᠨ ᠡᠵᠡᠨ ᠪᠠ ᠨᠤᠶᠠᠷᠬᠠᠭᠴᠢ ᠲᠦᠰᠢᠮᠡᠯ ᠨᠠᠷ ᠵᠡᠭᠦᠨ ᠡᠮᠦᠨ᠎ᠡ ᠦᠨᠴᠦᠭ ᠲᠤ ᠵᠢᠷᠭᠠᠯ ᠴᠡᠩᠭᠡᠯ ᠢ ᠲᠤᠷ᠎ᠠ ᠪᠠᠷ ᠡᠳ᠋ᠯᠡᠵᠦ᠂ ᠠᠯᠳᠠᠭᠰᠠᠨ ᠤᠷᠤᠨ ᠢᠶᠠᠨ ᠬᠤᠷᠢᠶᠠᠨ ᠠᠪᠬᠤ ᠰᠠᠨᠠᠭ᠎ᠠ ᠰᠡᠳᠭᠢᠯ ᠤᠬᠳᠤ ᠦᠭᠡᠢ ᠳᠤ ᠨᠢᠭᠡ ᠰᠢᠯᠦᠭᠴᠢ ᠰᠢᠯᠦᠭᠯᠡᠨ ᠦᠭᠦᠯᠡᠵᠦ᠂ ︽ᠠᠭᠤᠯᠠ ᠶᠢᠨ ᠭᠠᠳᠠᠨ᠎ᠠ ᠠᠭᠤᠯᠠ᠂ ᠠᠰᠠᠷ ᠤᠨ ᠭᠠᠳᠠᠨ᠎ᠠ ᠠᠰᠠᠷ᠂ ᠰᠢ ᠬᠤ᠋ ᠨᠠᠭᠤᠷ ᠤᠨ ᠲᠠᠭᠤᠤ ᠪᠦᠵᠢᠭ ᠬᠡᠵᠢᠶ᠎ᠡ ᠵᠤᠭᠰᠤᠭᠠᠨ ᠲᠡᠭᠦᠰᠬᠡᠭᠦ ᠪᠤᠢ︖ ᠬᠠᠯᠠᠭᠤᠨ ᠰᠠᠯᠬᠢ ᠠᠶᠢᠯᠴᠢᠯᠠᠬᠤ ᠬᠦᠮᠦᠨ ᠢ ᠪᠦᠳᠡᠩᠰᠢᠵᠦ ᠰᠤᠭᠳᠤᠭᠠᠵᠤ᠂ ᠬᠠᠩᠵᠸᠦ ᠬᠤᠳᠠ  ᠶᠢ ᠪᠢᠶᠠᠨ ᠵᠸᠦ ᠬᠡᠵᠦ ᠪᠤᠳᠤᠨ ᠨᠠᠶᠢᠷᠠᠯᠳᠤᠨ᠎ᠠ︾ ᠡᠶᠢᠮᠦ ᠬᠤᠱᠤᠩ ᠰᠢᠯᠦᠭ ᠢᠶᠠᠷ ᠰᠦᠩ ᠤᠯᠤᠰ ᠤᠨ ᠨᠤᠶᠠᠷᠬᠠᠭᠴᠢ ᠠᠩᠬᠢ ᠶᠢᠨ ᠡᠯᠡᠢ ᠪᠠᠯᠠᠢ ᠮᠤᠩᠬᠠᠷᠠᠨ ᠠᠮᠢᠳᠤᠷᠠᠵᠤ᠂ ᠰᠢᠯᠦᠭ ᠲᠠᠭᠤᠯᠠᠯ ᠢᠶᠠᠷ ᠪᠠᠶᠠᠷᠯᠠᠨ ᠴᠡᠩᠭᠡᠯᠳᠦᠵᠦ ᠂ ᠤᠯᠤᠰ ᠤᠨ ᠲᠦᠭᠰᠢᠭᠦᠷᠢ ᠶᠢ ᠬᠠᠶᠢᠬᠤᠷᠠᠬᠤ ᠦᠭᠡᠢ᠂ ︽ᠤᠶᠠᠬᠠᠨ ᠬᠠᠪᠤᠷ ᠤᠨ ᠴᠠᠭᠠᠨ ᠴᠠᠰᠤ︾ ᠶᠢᠨ ᠰᠤᠭᠳᠤᠭᠤ ᠴᠡᠩᠭᠡᠯ ᠳᠤ ᠰᠢᠨᠤᠵᠤ ᠪᠠᠶᠢᠬᠤ ᠶᠢ ᠲᠦᠷᠰᠦᠯᠡᠨ ᠪᠢᠴᠢᠪᠡ᠃ ᠠᠷᠠᠳ ᠲᠦᠮᠡᠨ ᠰᠦᠩ ᠤᠯᠤᠰ ᠤᠨ ᠡᠨᠡᠬᠦ ᠢᠯᠵᠢᠷᠡᠮᠡᠯ ᠵᠠᠰᠠᠭ ᠢ ᠲᠤᠶᠢᠯ ᠢᠶᠠᠷ ᠵᠢᠭᠰᠢᠵᠦ᠂ ᠡᠮᠦᠨ᠎ᠡ ᠰᠦᠩ ᠤᠯᠤᠰ ᠢ ᠲᠦᠰᠢᠵᠦ᠂ ᠤᠯᠤᠰ ᠢᠶᠠᠨ ᠨᠢᠭᠡᠳᠭᠡᠬᠦ ᠨᠢ ᠡᠭᠦᠷᠢᠳᠡ ᠪᠤᠯᠤᠰᠢ ᠦᠭᠡᠢ ᠶᠢ ᠦᠵᠡᠵᠦ᠂ ᠡᠨᠡ ᠢᠯᠵᠢᠷᠠᠮᠠᠯ ᠤᠯᠤᠰ ᠢ ᠬᠠᠶᠠᠵᠤ᠂ ᠶᠤᠸᠠᠨ ᠤᠯᠤᠰ  ᠤᠨ ᠴᠡᠷᠢᠭ ᠢ ᠲᠡᠳᠭᠦᠵᠦ᠂ ᠠᠯᠢᠪᠠ ᠬᠦᠰᠡᠯ ᠢᠶᠠᠨ ᠤᠯᠤᠰ ᠬᠠᠯᠠᠬᠤ᠂ ᠡᠷᠳᠡ ᠤᠯᠤᠰ ᠨᠢᠭᠡᠳᠴᠦ ᠲᠠᠶᠢᠪᠤᠩ ᠠᠮᠢᠳᠤᠷᠠᠯ ᠢᠯᠡᠷᠡᠵᠦ᠂ ᠶᠡᠭᠡ ᠮᠦᠷᠡᠨ ᠤ ᠡᠮᠦᠨ᠎ᠡ ᠤᠮᠠᠷ᠎ᠠ ᠶᠢᠨ ᠠᠬ᠎ᠠ ᠲᠡᠭᠦᠦ ᠨᠠᠷ ᠬᠡᠷ ᠬᠤᠳᠠᠯᠠᠭᠠᠷ ᠴᠤᠭᠯᠠᠷᠠᠨ ᠪᠦᠯᠭᠦᠮᠳᠡᠬᠦ ᠶᠢ ᠮᠦᠷᠦᠭᠡᠳᠴᠦ᠂ ᠠᠷᠠᠳ ᠲᠦᠮᠡᠨ ᠤ ᠬᠦᠷᠢᠶᠡᠯᠡᠯ ᠢ ᠠᠯᠳᠠᠭᠰᠠᠨ ᠡᠮᠦᠨ᠎ᠡ ᠰᠦᠩ ᠤᠯᠤᠰ ᠮᠦᠭᠦᠭᠦ  ᠨᠢ ᠵᠦᠢ ᠶᠤᠰᠤᠨ ᠳᠤ ᠨᠡᠶᠢᠴᠡᠬᠦ ᠦᠨᠡᠨ ᠬᠡᠷᠡᠭ ᠪᠤᠯᠤᠨ᠎ᠠ᠃ ᠬᠤᠪᠢᠯᠠᠢ ᠬᠠᠭᠠᠨ ᠵᠦᠩᠶᠤᠸᠠᠨ ᠤᠷᠤᠨ ᠢ ᠲᠤᠭᠳᠠᠭᠠᠵᠤ᠂ ᠶᠤᠸᠠᠨ ᠤᠯᠤᠰ ᠢ ᠪᠠᠶᠢᠭᠤᠯᠵᠤ᠂ ᠭᠠᠳᠠᠭᠠᠳᠤ ᠳᠤ ᠨᠡᠭᠡᠭᠡᠵᠦ᠂ ᠲᠤᠳᠤᠭᠠᠳᠤ ᠳᠤ ᠡᠯ᠎ᠡ ᠦᠨᠳᠦᠰᠦᠳᠡᠨ ᠡᠷᠭᠡ ᠲᠡᠭᠰᠢ ᠨᠠᠶᠢᠷᠠᠮᠳᠠᠭᠤ ᠪᠤᠯᠵᠤ᠂ ᠰᠦᠰᠦᠭ ᠪᠢᠰᠢᠷᠡᠯ ᠡᠷᠭᠡ ᠲᠤᠷ᠎ᠠ ᠴᠢᠯᠦᠭᠡ ᠲᠠᠢ ᠪᠤᠯᠵᠤ᠂ ᠤᠳᠬ᠎ᠠ ᠰᠤᠶᠤᠯ ᠤᠯᠠᠨ ᠶᠠᠩᠵᠤ ᠪᠠᠷ ᠤᠯᠤᠰ ᠢ ᠵᠠᠰᠠᠬᠤ ᠠᠷᠭ᠎ᠠ ᠪᠤᠳᠤᠯᠭ᠎ᠠ ᠠᠪᠴᠦ᠂ ᠲᠤᠮᠳᠠᠳᠤ ᠤᠯᠤᠰ ᠤᠨ ᠲᠡᠦᠭᠡᠨ ᠳᠤ ᠦᠨᠡᠭᠡᠷ ᠪᠠᠳᠠᠷᠠᠨ ᠬᠦᠭᠵᠢᠬᠦ᠂ ᠠᠷᠠᠳ ᠤᠨ ᠤᠳᠬ᠎ᠠ ᠰᠤᠶᠤᠯ ᠤᠨᠴᠠᠭᠠᠶᠢᠷᠠᠨ ᠢᠯᠡᠷᠡᠪᠡ᠃ ᠬᠡᠪᠡᠴᠦ ᠶᠤᠸᠠᠨ ᠤᠯᠤᠰ ᠤᠨ ᠡᠨᠡᠬᠦ ᠦᠩᠭᠡᠷᠡᠦ ᠲᠠᠯᠪᠢᠭᠤ ᠲᠠᠪᠠᠳᠠᠢ ᠲᠦᠷᠢᠮ ᠪᠠᠰᠠ ᠡᠰᠡᠷᠬᠦ ᠨᠦᠯᠦᠭᠡ ᠭᠠᠷᠴᠤ᠂ ᠪᠠᠢ ᠯᠢᠶᠠᠨ ᠵᠢᠶᠤᠤ ᠵᠡᠷᠭᠡ ᠡᠯᠳᠡᠪ ᠵᠦᠢᠯ ᠤᠨ ᠭᠠᠵᠠᠭᠤ ᠰᠦᠰᠦᠭᠳᠡᠨ ᠭᠠᠷᠴᠤ᠂ ᠨᠡᠶᠢᠭᠡᠮ ᠢ ᠰᠠᠮᠠᠭᠤᠷᠠᠭᠤᠯᠵᠤ᠂ ᠶᠤᠸᠠᠨ ᠤᠯᠤᠰ ᠤᠨ ᠰᠠᠭᠤᠷᠢ ᠶᠢ ᠰᠦᠷᠳᠡᠭᠦᠯᠪᠡ᠃ ᠮᠢᠩ ᠤᠯᠤᠰ ᠪᠠᠶᠢᠭᠤᠯᠤᠭᠰᠠᠨ ᠤ ᠰᠡᠭᠦᠯᠡᠷ᠂ ᠵᠦ ᠶᠤᠸᠠᠨ ᠵᠠᠩ᠂ ᠶᠤᠸᠠᠨ ᠤᠯᠤᠰ ᠤᠨ ᠬᠡᠳᠦᠷᠭᠡᠢ ᠲᠠᠯᠪᠢᠭᠤ ᠲᠠᠪᠠᠳᠠᠢ ᠤᠯᠤᠰ ᠲᠦᠷᠦ ᠶᠢᠨ ᠪᠤᠳᠤᠯᠭ᠎ᠠ ᠠᠴᠠ ᠪᠤᠯᠵᠤ᠂ ᠤᠯᠤᠰ ᠨᠤᠷᠠᠨ ᠮᠦᠭᠦᠭᠰᠡᠨ ᠲᠡᠦᠭᠡ ᠶᠢᠨ ᠰᠤᠷᠭᠠᠮᠵᠢ ᠶᠢ ᠲᠠᠮᠠᠰᠢᠷᠠᠵᠤ᠂ ᠤᠳᠬ᠎ᠠ ᠰᠤᠶᠤᠯ ᠤᠨ ᠬᠢᠨᠳᠠᠨ ᠦᠷᠨᠢᠵᠦ᠂ ᠬᠦᠮᠦᠨ ᠪᠦᠬᠦᠨ ᠠᠶᠤᠨ ᠰᠠᠨᠳᠤᠷᠴᠤ᠂ ᠡᠳᠦᠷ ᠪᠦᠷᠢ ᠰᠤᠴᠢᠨ ᠬᠡᠯᠮᠡᠭᠳᠡᠨ᠎ᠡ᠃ ᠵᠦ ᠳ᠋ᠠᠢ ᠶᠢᠨ ᠦᠶ᠎ᠡ ᠳᠤ ᠲᠠᠩᠨᠠᠭᠤᠯ ᠵᠠᠰᠠᠭ ᠶᠠᠪᠤᠭᠳᠠᠭᠤᠯᠵᠤ᠂ ᠬᠦᠮᠦᠨ ᠬᠦᠮᠦᠨ ᠪᠡᠶ᠎ᠡ  ᠪᠠᠨ ᠬᠢᠴᠢᠶᠡᠵᠦ᠂ ᠳ᠋ᠦᠩ ᠯᠢᠨ ᠨᠠᠮ ᠤᠨ ᠬᠡᠷᠡᠭ ᠵᠠᠷᠭᠤ ᠬᠢᠨᠳᠠᠨ ᠲᠠᠪᠳᠠᠨ ᠪᠤᠯᠪᠠᠰᠤᠷᠠᠭᠤᠯᠵᠤ᠂ ᠡᠯ᠎ᠡ ᠤᠷᠤᠨ ᠤ ᠪᠢᠴᠢᠭ ᠤᠨ ᠬᠤᠷᠢᠶ᠎ᠠ ᠶᠢ ᠨᠡᠩᠵᠢᠨ ᠰᠢᠳᠭᠡᠵᠦ᠂ ᠠᠯᠠᠯᠭᠠᠨ ᠤ ᠠᠶᠤᠯ ᠲᠠᠷᠠᠭ᠎ᠠ ᠲᠠᠷᠠᠭ᠎ᠠ ᠪᠠᠷ ᠭᠠᠷᠴᠤ᠂ ᠮᠢᠩ ᠤᠯᠤᠰ ᠤᠨ ᠰᠡᠭᠦᠯ ᠤᠨ ᠬᠡᠳᠦᠨ ᠬᠠᠭᠠᠨ ᠯᠦ ᠰᠢᠶᠦ᠋ᠨ ᠠᠪᠤᠭᠠᠢ ᠶᠢᠨ ᠬᠡᠯᠡᠭᠰᠡᠨ ᠢᠶᠠᠷ ︽ᠪᠦᠷ ᠯᠤᠶᠢᠪᠠᠷᠴᠢ ᠲᠠᠩᠬᠠᠢ ᠡᠷᠡᠴᠤᠳ ᠪᠤᠯᠤᠨ᠎ᠠ︾᠂ ᠡᠳᠡᠭᠡᠷ ᠡᠷᠬᠢᠬᠦᠦ ᠮᠤᠩᠬᠠᠭ ᠬᠠᠭᠠᠳ ᠭᠠᠭᠴᠠ ᠭᠠᠪᠢᠶᠠᠳᠤ ᠪᠠ ᠴᠢᠳᠠᠯᠳᠠᠨ ᠢ ᠠᠯᠠᠵᠤ ᠪᠠᠶᠢᠭᠰᠠᠭᠠᠷ ᠤᠯᠤᠰ ᠢᠶᠠᠨ ᠮᠦᠭᠦᠭᠡᠪᠡ᠃ ᠮᠢᠩ ᠤᠯᠤᠰ ᠤᠨ ᠡᠨᠡᠬᠦ ᠲᠦᠷᠦ ᠵᠠᠰᠠᠭ ᠤᠨ ᠲᠠᠷᠤᠯᠠᠯ ᠤᠨ ᠲᠤᠤᠷ᠎ᠠ ᠤᠳᠬ᠎ᠠ ᠤᠷᠠᠯᠢᠭ ᠢ ᠬᠡᠨ ᠠᠶᠤᠮᠰᠢᠭ ᠦᠭᠡᠢ ᠡᠭᠦᠳᠦᠨ ᠵᠤᠬᠢᠶᠠᠬᠤ ᠪᠤᠢ︖ ᠶᠠᠭ ︽ᠠᠷᠪᠠᠨ ᠵᠢᠯ ᠤᠨ ᠶᠡᠭᠡ ᠠᠶᠤᠯ︾ ᠠᠳᠠᠯᠢ᠂ ᠲᠦᠷᠪᠡᠨ ᠬᠦᠮᠦᠨ ᠤ ᠰᠦᠯᠪᠡᠭᠡᠯᠳᠡᠨ ︵ᠪᠦᠯᠦᠭ︶ ᠭᠠᠭᠴᠠ ᠨᠠᠢᠮᠠᠨ ᠰᠢ ᠵᠦᠴᠦᠭᠡ ᠶᠢ ᠲᠠᠭᠤᠯᠠᠨ ᠲᠤᠭᠯᠠᠬᠤ ᠠᠴᠠ ᠦᠭᠡᠷ᠎ᠡ ᠰᠢ ᠵᠦᠴᠦᠭᠡ ᠶᠢ ᠲᠠᠭᠤᠯᠠᠨ ᠲᠤᠭᠯᠠᠬᠤ ᠶᠢ ᠡᠷᠡᠰ ᠬᠤᠷᠢᠭᠯᠠᠬᠤ ᠮᠡᠳᠦ ᠬᠡᠨ ᠠᠶᠤᠮᠰᠢᠭ ᠦᠭᠡᠢ ᠤᠳᠬ᠎ᠠ ᠤᠷᠠᠯᠢᠭ ᠢ ᠪᠦᠳᠦᠭᠡᠨ ᠵᠤᠬᠢᠶᠠᠬᠤ ᠪᠤᠢ︖ ᠨᠠᠮ ᠤᠨ 11 ᠳ᠋ᠤᠭᠡᠷ ᠬᠤᠭᠤᠴᠠᠭᠠᠨ ᠤ 3 ᠳ᠋ᠤᠭᠠᠷ ᠲᠦᠪ ᠤᠨ ᠬᠤᠷᠠᠯᠳᠤᠭᠠᠨ ᠡᠭᠦᠳᠡ ᠨᠡᠭᠡᠭᠡᠵᠦ ᠦᠭᠡᠷᠡᠴᠢᠯᠡᠯᠳᠡ ᠶᠢ ᠬᠡᠷᠡᠭᠵᠢᠭᠦᠯᠵᠦ᠂ ᠲᠤᠮᠳᠠᠳᠤ ᠤᠯᠤᠰ  ᠤᠨ ᠤᠳᠬ᠎ᠠ ᠤᠷᠠᠯᠢᠭ ᠰᠠᠶ᠋ᠢ ᠬᠦᠭᠵᠢᠨ ᠪᠠᠳᠠᠷᠠᠵᠤ᠂ ᠡᠯ᠎ᠡ ᠲᠦᠷᠦᠯ ᠤᠨ ᠰᠢ ᠵᠦᠴᠦᠭᠡ ᠶᠢᠨ ᠴᠡᠴᠡᠭ ᠪᠦᠬᠦᠨ ᠢᠶᠠᠷ ᠶᠡᠭᠡ ᠲᠡᠯᠭᠡᠷᠡᠵᠦ᠂ ᠨᠡᠶᠢᠭᠡᠮ ᠤᠨ ᠲᠠᠪᠰᠢᠯᠳᠠ ᠬᠠᠮᠤᠭ ᠤᠨ ᠬᠦᠭᠵᠢᠯ ᠲᠠᠢ ᠦᠶ᠎ᠡ ᠪᠤᠯᠵᠤ᠂ ᠡᠭᠦᠨ ᠠᠴᠠ ᠦᠵᠡᠬᠦ  ᠳᠤ ᠲᠦᠷᠦ ᠶᠢᠨ ᠪᠤᠳᠤᠯᠭ᠎ᠠ ᠵᠦᠪ ᠪᠤᠯᠪᠠᠰᠤ ᠤᠳᠬ᠎ᠠ ᠤᠷᠠᠯᠢᠭ ᠰᠠᠶ᠋ᠢ ᠬᠦᠭᠵᠢᠨ ᠪᠠᠳᠠᠷᠠᠪᠠᠢ︕
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备07002090号