ᠲᠠᠶᠢᠴᠢᠩ ᠬᠦᠷᠦᠨ ᠤ ᠦᠶ᠎ᠡ ᠶᠢᠨ ᠮᠤᠩᠭᠤᠯ ᠬᠤᠰᠢᠭᠤᠨ ᠤ ᠨᠤᠶᠠᠨ ᠵᠡᠷᠭᠡ ᠬᠡᠷᠭᠡᠮ ᠤᠨ ᠲᠠᠭᠤᠳᠠᠯᠭ᠎ᠠ
ᠨᠡᠶᠢᠲᠡᠯᠡᠭᠰᠡᠨ ᠴᠠᠭ᠄
2021/1/2
ᠡᠨᠡ ᠲᠠᠭᠤᠳᠠᠯᠭ᠎ᠠ ᠶᠢ ᠪᠢᠳᠡ ᠭᠤᠤᠯᠳᠠᠭᠤ ᠲᠠᠶᠢᠴᠢᠩ ᠬᠦᠷᠦᠨ ᠤ ᠲᠡᠭᠷᠢ ᠲᠡᠳᠭᠦᠭᠴᠢ ᠶᠢᠨ ᠦᠶ᠎ᠡ ᠤᠯᠠᠨ ᠡᠷᠳᠡᠮᠳᠡᠨ ᠴᠤᠭᠯᠠᠷᠠᠵᠤ ᠨᠠᠶᠢᠷᠠᠭᠤᠯᠤᠭᠰᠠᠨ ︽ᠲᠠᠪᠤᠨ ᠵᠦᠢᠯ ᠤᠨ ᠦᠰᠦᠭ ᠢᠶᠠᠷ ᠬᠠᠪᠰᠤᠷᠤᠭᠰᠠᠨ ᠮᠠᠨᠵᠤ ᠦᠭᠡᠨ ᠤ ᠲᠤᠯᠢ ᠪᠢᠴᠢᠭ︾ ᠤᠨ ᠲᠡᠮᠳᠡᠭᠯᠡᠯ ᠢ ᠦᠨᠳᠦᠰᠦᠯᠡᠵᠦ᠂ ︽ᠦᠭᠡᠰ ᠤᠨ ᠲᠠᠯᠠᠢ︾᠂ ︽ᠦᠭᠡᠰ ᠤᠨ ᠦᠨᠳᠦᠰᠦ︾ ᠵᠡᠷᠭᠡ ᠲᠤᠯᠢ ᠪᠢᠴᠢᠭ ᠲᠠᠢ ᠬᠠᠷᠢᠴᠠᠭᠤᠯᠤᠨ᠂ ᠲᠠᠶᠢᠴᠢᠩ ᠬᠦᠷᠦᠨ ᠤ ᠦᠶ᠎ᠡ ᠶᠢᠨ ᠮᠤᠩᠭᠤᠯ ᠬᠤᠰᠢᠭᠤᠨ ᠤ ᠨᠤᠶᠠᠨ ᠵᠡᠷᠭᠡ ᠲᠡᠰ ᠤᠨ ᠲᠠᠭᠤᠳᠠᠯᠭ᠎ᠠ ᠶᠢ ᠤᠷᠴᠢᠭᠤᠯᠤᠨ ᠲᠠᠶᠢᠯᠪᠤᠷᠢᠯᠠᠵᠤ᠂ ᠤᠯᠠᠨ ᠤᠩᠰᠢᠭᠴᠢᠳ ᠲᠤ ᠲᠠᠨᠢᠯᠴᠠᠭᠤᠯᠤᠶ᠎ᠠ᠃ ᠪᠤᠷᠤᠭᠤ ᠲᠡᠮᠳᠡᠭᠯᠡᠭᠰᠡᠨ ᠪᠠᠶᠢᠪᠠᠯ ᠵᠠᠰᠠᠵᠤ ᠰᠢᠭᠦᠮᠵᠢᠯᠡᠭᠡᠷᠡᠢ︕ ⒈ ᠮᠤᠩᠭᠤᠯ ᠸᠠᠩ ᠬᠦᠩ ᠤᠨ ᠬᠡᠷᠭᠡᠮ ᠴᠤᠯᠠ ᠶᠢᠨ ᠲᠠᠭᠤᠳᠠᠯᠭ᠎ᠠ ᠴᠢᠨ ᠸᠠᠩ ︵亲王︶ ᠮᠤᠩᠭᠤᠯ ᠤᠨ ᠢᠵᠠᠭᠤᠷᠳᠡᠨ ᠦᠶ᠎ᠡ ᠵᠠᠯᠭᠠᠮᠵᠢᠯᠬᠠᠤ ᠲᠡᠷᠢᠬᠦᠨ ᠲᠠᠰ ᠤᠨ ᠬᠡᠷᠭᠡᠮ ᠴᠤᠯᠠ ᠶᠢᠨ ᠲᠠᠭᠤᠳᠠᠯᠭ᠎ᠠ ᠪᠤᠯᠤᠨ᠎ᠠ᠃ ᠲᠠᠶᠢᠴᠢᠩ ᠬᠦᠷᠦᠨ ᠤ ᠡᠬᠢᠨ ᠤ ᠦᠶ᠎ᠡ ᠳᠤ ᠡᠶᠡᠪᠡᠷ ᠵᠠᠰᠠᠭᠴᠢ ᠬᠠᠭᠠᠨ ᠦᠪᠦᠷ 49 ᠬᠤᠰᠢᠭᠤᠨ ᠳᠤ 4 ᠮᠤᠩᠭᠤᠯ ᠸᠠᠩ ᠢ ᠰᠤᠩᠭᠤᠵᠤ᠂ ᠴᠢᠨ ᠸᠠᠩ ᠤᠨ ᠬᠡᠷᠭᠡᠮ ᠴᠤᠯᠠ ᠬᠦᠷᠳᠡᠭᠡᠪᠡ᠃ ᠨᠢᠭᠡ᠂ ᠬᠤᠷᠴᠢᠨ ᠠᠶᠢᠮᠠᠭ  ᠤᠨ ᠵᠠᠰᠠᠭᠳᠤ ᠲᠦᠰᠢᠶᠡᠳᠦ᠂ ᠬᠤᠱᠤᠢ ᠴᠢᠨ ᠸᠠᠩ ᠪᠠᠳᠠᠷᠠᠬᠤ︔ ᠬᠤᠶᠠᠷ᠂ ᠬᠤᠷᠴᠢᠨ ᠠᠶᠢᠮᠠᠭ ᠤᠨ ᠬᠤᠱᠤᠢ ᠲᠠᠷᠬᠠᠨ ᠴᠢᠨ ᠸᠠᠩ ᠮᠠᠨᠵᠤᠰᠢᠷᠢ︔ ᠭᠤᠷᠪᠠ᠂ ᠬᠤᠷᠴᠢᠨ ᠠᠶᠢᠮᠠᠭ ᠤᠨ ᠬᠤᠱᠤᠢ ᠵᠤᠷᠢᠭᠳᠤ ᠴᠢᠨ ᠸᠠᠩ ᠦ᠋ ᠺᠧ ᠱᠠᠨ︔ ᠲᠦᠷᠪᠡ᠂ ᠦᠵᠦᠮᠦᠴᠢᠨ ᠠᠶᠢᠮᠠᠭ ᠤᠨ ᠵᠠᠰᠠᠭᠳᠤ ᠬᠤᠱᠤᠢ ᠰᠡᠴᠡᠨ ᠴᠢᠨ ᠸᠠᠩ ᠲᠤᠷᠵᠢ᠃ ᠡᠭᠦᠨ ᠠᠴᠠ ᠬᠤᠶᠢᠰᠢ ᠡᠩᠭᠡ ᠠᠮᠤᠭᠤᠯᠠᠩ ᠠᠴᠠ ᠪᠠᠳᠠᠷᠠᠭᠤᠯᠳᠤ ᠲᠦᠷᠦ ᠶᠢᠨ ᠤᠨ ᠤ ᠬᠤᠭᠤᠷᠤᠨᠳᠤ ᠦᠭᠡᠷ᠎ᠡ ᠬᠤᠰᠢᠭᠤᠨ ᠤ ᠸᠠᠩ ᠢ ᠪᠠᠰᠠ ᠴᠢᠨ ᠸᠠᠩ ᠤᠨ ᠬᠡᠷᠭᠡᠮ ᠴᠤᠯᠠ ᠬᠦᠷᠳᠡᠭᠡᠪᠡ᠃ ᠵᠢᠱᠢᠶᠡᠯᠡᠪᠡᠯ ᠪᠠᠭᠠᠷᠢᠨ ᠪᠠᠷᠠᠭᠤᠨ ᠭᠠᠷ ᠤᠨ ᠬᠤᠰᠢᠭᠤᠨ ᠤ ᠷᠢᠨᠴᠢᠨ ᠸᠠᠩ᠂ ᠪᠠᠳᠤ ᠸᠠᠩ᠂ ᠰᠤᠳᠨᠠᠮᠳᠤᠷᠵᠢ ᠸᠠᠩ ᠲᠤᠰ ᠪᠦᠷᠢ ᠲᠡᠭᠷᠢ ᠲᠡᠳᠭᠦᠭᠴᠢ ᠶᠢᠨ 19 ᠤᠨ᠂ 48 ᠤᠨ᠂ ᠰᠠᠶᠢᠰᠢᠶᠠᠯᠳᠤ ᠢᠷᠦᠭᠡᠯᠳᠦ ᠶᠢᠨ 14 ᠤᠨ ᠳᠤ ᠴᠢᠨ ᠸᠠᠩ ᠤᠨ ᠬᠡᠷᠭᠡᠮ ᠴᠤᠯᠠ ᠬᠦᠷᠳᠡᠭᠡᠪᠡ᠃ ᠵᠢᠶᠦ᠋ᠨ ᠸᠠᠩ ︵郡王︶ ᠴᠢᠨ ᠸᠠᠩ ᠠᠴᠠ ᠲᠤᠤᠷ᠎ᠠ ᠨᠢᠭᠡᠨ ᠲᠡᠰ᠂ ᠦᠪᠦᠷ ᠮᠤᠩᠭᠤᠯ ᠤᠨ 49 ᠬᠤᠰᠢᠭᠤᠨ ᠳᠤ ᠵᠢᠶᠦ᠋ᠨ ᠸᠠᠩ ᠤᠨ ᠬᠡᠷᠭᠡᠮ ᠴᠤᠯᠠ ᠲᠠᠢ ᠨᠡᠶᠢᠳᠡ 17 ᠬᠦᠮᠦᠨ᠂ ᠡᠭᠦᠨ ᠤ ᠲᠤᠳᠤᠷ᠎ᠠ ᠵᠠᠰᠠᠭ ᠲᠦᠷᠦ ᠶᠢᠨ ᠵᠢᠶᠦ᠋ᠨ ᠸᠠᠩ 13 ᠬᠦᠮᠦᠨ ᠂ ᠡᠷᠭᠡ ᠦᠭᠡᠢ ᠰᠤᠯᠠ ᠵᠢᠶᠦ᠋ᠨ ᠸᠠᠩ 4 ᠬᠦᠮᠦᠨ᠂ ᠴᠢᠩ ᠤᠨ ᠵᠠᠰᠠᠭ ᠠᠴᠠ ᠭᠠᠪᠢᠶ᠎ᠠ ᠪᠠᠶᠢᠭᠤᠯᠤᠭᠰᠠᠨ ᠵᠢᠶᠦ᠋ᠨ ᠸᠠᠩ ᠳᠤ ᠴᠢᠨ ᠸᠠᠩ ᠤᠨ ᠬᠡᠷᠭᠡᠮ ᠲᠠᠢ ᠵᠢᠶᠦ᠋ᠨ ᠸᠠᠩ ᠬᠦᠷᠳᠡᠭᠡᠨ᠎ᠡ᠃ ᠵᠢᠱᠢᠶᠡᠯᠡᠪᠡᠯ ᠬᠠᠷᠠᠴᠢᠨ ᠪᠠᠷᠠᠭᠤᠨ ᠭᠠᠷ ᠤᠨ ᠬᠤᠰᠢᠭᠤᠨ ᠤ ᠲᠦᠷᠦ ᠲᠦᠭᠦᠷᠡᠩ ᠵᠢᠶᠦ᠋ᠨ ᠸᠠᠩ ᠸᠠᠩᠳᠤᠤᠨᠠᠮᠵᠢᠯ᠂ ᠪᠠᠳᠠᠷᠠᠭᠤᠯᠳᠤ ᠲᠦᠷᠦ ᠶᠢᠨ 10 ᠤᠨ᠂ ᠤᠩᠨᠢᠭᠤᠳ ᠪᠠᠷᠠᠭᠤᠨ ᠭᠠᠷ ᠤᠨ ᠬᠤᠰᠢᠭᠤᠨ ᠤ ᠰᠠᠮᠫᠢᠯᠨᠤᠷᠪᠤ᠂ ᠵᠢᠶᠦ᠋ᠨ ᠸᠠᠩ ᠪᠠᠳᠠᠷᠠᠭᠤᠯᠳᠤ ᠲᠦᠷᠦ ᠶᠢᠨ 20 ᠤᠨ ᠲᠤᠰ ᠪᠦᠷᠢ ᠴᠢᠨ ᠸᠠᠩ ᠤᠨ ᠬᠡᠷᠭᠡᠮ ᠲᠠᠢ ᠵᠢᠶᠦ᠋ᠨ ᠸᠠᠩ ᠡᠷᠭᠦᠮᠵᠢᠯᠡᠭᠳᠡᠪᠡ᠃ ᠪᠡᠶᠢᠯᠡ ︵贝勒︶ ᠲᠠᠶᠢᠴᠢᠩ ᠬᠦᠷᠦᠨ ᠤ ᠲᠡᠭᠡᠳᠦ ᠡᠷᠳᠡᠮᠳᠦ ᠶᠢᠨ ᠲᠡᠷᠢᠭᠦᠨ ᠤᠨ ︵1636 ᠤᠨ︶ ᠳᠤ ᠲᠤᠭᠳᠠᠭᠠᠰᠠᠨ ᠬᠡᠷᠭᠡᠮ ᠴᠤᠯᠠ᠂ ᠵᠢᠦ᠋ᠨ ᠸᠠᠩ ᠠᠴᠠ ᠲᠤᠤᠷ᠎ᠠ ᠨᠢᠭᠡ ᠲᠡᠰ ᠤᠨ ᠬᠡᠷᠭᠡᠮ ᠪᠤᠯᠤᠨ᠎ᠠ᠃ ᠦᠪᠦᠷ ᠮᠤᠩᠭᠤᠯ ᠤᠨ 49 ᠬᠤᠰᠢᠭᠤᠨ ᠳᠤ ᠪᠠᠶᠢᠯᠠ ᠶᠢᠨ ᠬᠡᠷᠭᠡᠮ ᠴᠤᠯᠠ ᠨᠡᠶᠢᠳᠡ 17 ᠬᠦᠮᠦᠨ᠂ ᠡᠭᠦᠨ ᠤ ᠲᠤᠳᠤᠷ᠎ᠠ ᠵᠠᠰᠠᠭ ᠲᠦᠷᠦ ᠶᠢᠨ ᠪᠠᠶᠢᠯᠠ ᠨᠡᠶᠢᠳᠡ 11 ᠬᠦᠮᠦᠨ᠂ ᠡᠷᠭᠡ ᠦᠭᠡᠢ ᠰᠤᠯᠠ ᠪᠠᠶᠢᠯᠠ 6 ᠬᠦᠮᠦᠨ᠃ ᠵᠠᠷᠢᠮ ᠭᠠᠪᠢᠶ᠎ᠠ ᠪᠠᠶᠢᠭᠤᠯᠤᠭᠰᠠᠨ ᠪᠠᠶᠢᠯᠠ ᠶᠢ ᠪᠠᠰᠠ ᠵᠢᠦ᠋ᠨ ᠸᠠᠩ ᠤᠨ ᠬᠡᠷᠭᠡᠮ ᠴᠤᠯᠠ ᠲᠠᠢ ᠪᠠᠶᠢᠯᠠ ᠬᠦᠷᠳᠡᠭᠡᠨ᠎ᠡ᠃ ᠵᠢᠱᠢᠶᠡᠯᠡᠪᠡᠯ ᠠᠷᠤ ᠬᠤᠷᠴᠢᠨ ᠬᠤᠰᠢᠭᠤᠨ ᠤ ᠪᠠᠶᠢᠯᠠ ᠸᠠᠩ ᠪᠠᠽᠠᠷᠭᠠᠷᠤᠳᠢ ᠪᠠᠳᠠᠷᠠᠭᠤᠯᠳᠤ ᠲᠦᠷᠦ ᠶᠢᠨ 27 ᠤᠨ ᠳᠤ ᠵᠢᠶᠦ᠋ᠨ ᠸᠠᠩ ᠤᠨ ᠬᠡᠷᠭᠡᠮ ᠴᠤᠯᠠ ᠲᠠᠢ ᠪᠠᠶᠢᠯᠡ ᠪᠤᠯᠭᠠᠪᠠ᠃ ᠤᠩᠨᠢᠭᠤᠳ ᠵᠡᠭᠦᠨ ᠭᠠᠷ ᠤᠨ ᠬᠤᠰᠢᠭᠤᠨ ᠤ ᠪᠠᠶᠢᠯᠠ ᠸᠠᠩ ᠲᠡᠮᠴᠡᠭᠰᠦ᠋ᠷᠦᠩ ᠪᠠᠳᠠᠷᠠᠭᠤᠯᠳᠤ ᠲᠦᠷᠦ ᠶᠢᠨ 14 ᠤᠨ ᠳᠤ ᠵᠢᠦ᠋ᠨ ᠸᠠᠩ ᠤᠨ ᠬᠡᠷᠭᠡᠮ ᠴᠤᠯᠠ ᠲᠠᠢ ᠪᠠᠶᠢᠯᠠ ᠬᠦᠷᠳᠡᠭᠡᠪᠡ᠃ ᠪᠡᠶᠢᠰᠡ ︵贝子︶ ᠲᠦᠷᠦᠯᠬᠢ ᠢᠵᠠᠭᠤᠷᠳᠠᠨ ᠬᠡᠰᠡᠨ ᠦᠭᠡ᠂ ᠪᠠᠶᠢᠯᠡ ᠠᠴᠠ ᠲᠤᠤᠷ᠎ᠠ ᠨᠢᠭᠡ ᠲᠡᠰ ᠤᠨ ᠬᠡᠷᠭᠡᠮ ᠴᠤᠯᠠ ᠪᠤᠯᠤᠨ᠎ᠠ᠃ ᠦᠪᠦᠷ ᠮᠤᠩᠭᠤᠯ ᠤᠨ 49 ᠬᠤᠰᠢᠭᠤᠨ ᠳᠤ ᠪᠠᠶᠢᠰᠡ ᠶᠢᠨ ᠬᠡᠷᠭᠡᠮ ᠴᠤᠯᠠ ᠲᠠᠢ ᠸᠠᠩ ᠨᠡᠶᠢᠳᠡ 16 ᠬᠦᠮᠦᠨ᠂ ᠡᠭᠦᠨ ᠤ ᠲᠤᠳᠤᠷ᠎ᠠ ᠵᠠᠰᠠᠭ ᠲᠦᠷᠦ ᠶᠢᠨ ᠪᠠᠶᠢᠰᠡ 8 ᠬᠦᠮᠦᠨ᠂ ᠡᠷᠭᠡ ᠦᠭᠡᠢ ᠰᠤᠯᠠ ᠪᠠᠶᠢᠰᠡ 8 ᠬᠦᠮᠦᠨ᠂ ᠵᠢᠱᠢᠶᠡᠯᠡᠪᠡᠯ ᠠᠤᠬᠠᠨ ᠬᠤᠰᠢᠭᠤᠨ ᠤ ᠪᠠᠶᠢᠰᠡ ᠲᠠᠰᠢᠷᠠᠶᠢᠳᠤᠪᠤ᠂ ᠪᠠᠭᠠᠷᠢᠨ ᠵᠡᠭᠦᠨ ᠭᠠᠷ ᠬᠤᠰᠢᠭᠤᠨ ᠤ ᠲᠢᠩᠬᠢᠷᠵᠠᠪ ᠵᠡᠷᠭᠡ᠃ ᠪᠠᠶᠢᠯᠡ ᠶᠢᠨ ᠬᠡᠷᠭᠡᠮ ᠴᠤᠯᠠ ᠬᠦᠷᠳᠡᠭᠰᠡᠨ ᠪᠠᠶᠢᠰᠡ ᠪᠠᠰᠠ ᠪᠠᠶᠢᠨ᠎ᠠ᠃ ᠵᠢᠱᠢᠶᠡᠯᠡᠪᠡᠯ ᠠᠤᠬᠠᠨ ᠬᠤᠰᠢᠭᠤᠨ  ᠤ ᠯᠤᠪᠰᠠᠩ ᠪᠠᠶᠢᠰᠡ ᠲᠡᠭᠷᠢ ᠲᠡᠳᠭᠦᠭᠴᠢ ᠶᠢᠨ 8 ᠤᠨ ᠳᠤ ᠪᠡᠶᠢᠯᠡ ᠶᠢᠨ ᠬᠡᠷᠭᠡᠮ ᠴᠤᠯᠠ ᠲᠠᠢ ᠪᠠᠶᠢᠰᠠ ᠬᠦᠷᠳᠡᠪᠡ᠃ ᠤᠯᠤᠰ ᠤᠨ ᠲᠦᠰᠢᠶ᠎ᠡ ᠬᠦᠩ ︵镇国公︶ ᠪᠡᠶᠢᠰᠡ ᠶᠢᠨ ᠬᠡᠷᠭᠡᠮ ᠴᠤᠯᠠ ᠠᠴᠠ ᠲᠤᠤᠷ᠎ᠠ ᠨᠢᠭᠡ ᠲᠡᠰ ᠪᠤᠯᠤᠨ᠎ᠠ᠃ ᠦᠪᠦᠷ ᠮᠤᠩᠭᠤᠯ ᠤᠨ 49 ᠬᠤᠰᠢᠭᠤᠨ ᠳᠤ ᠤᠯᠤᠰ ᠤᠨ ᠲᠦᠰᠢᠶ᠎ᠡ ᠬᠦᠩ ᠨᠡᠶᠢᠳᠡ 9 ᠬᠦᠮᠦᠨ᠂ ᠡᠭᠦᠨ ᠤ ᠲᠤᠳᠤᠷ᠎ᠠ ᠵᠠᠰᠠᠭ ᠲᠦᠷᠦ ᠶᠢᠨ ᠲᠦᠰᠢᠶ᠎ᠡ ᠬᠦᠩ 4 ᠬᠦᠮᠦᠨ᠂ ᠡᠷᠭᠡ ᠦᠭᠡᠢ ᠰᠤᠯᠠ ᠲᠦᠰᠢᠶ᠎ᠡ ᠬᠦᠩ 5 ᠬᠦᠮᠦᠨ᠂ ᠵᠢᠱᠢᠶᠡᠯᠡᠪᠡᠯ ᠠᠤᠬᠠᠨ ᠬᠤᠰᠢᠭᠤᠨ ᠤ ᠲᠦᠰᠢᠶ᠎ᠡ ᠬᠦᠩ ᠯᠤᠪᠰᠠᠩᠰᠢᠷᠠᠪ᠂ ᠨᠠᠮᠵᠢᠯᠳᠤᠷᠵᠢ ᠪᠦᠷ ᠤᠯᠤᠰ ᠤᠨ ᠲᠦᠰᠢᠶ᠎ᠡ ᠬᠦᠩ ᠪᠤᠯᠤᠨ᠎ᠠ᠃ ᠯᠤᠪᠰᠠᠩᠰᠢᠷᠠᠪ ᠪᠠᠰᠠ ᠲᠡᠭᠷᠢ ᠲᠡᠳᠭᠦᠭᠴᠢ ᠶᠢᠨ 40 ᠤᠨ ᠳᠤ ᠪᠠᠶᠢᠰᠠ ᠶᠢᠨ ᠬᠡᠷᠭᠡᠮ ᠴᠤᠯᠠ ᠲᠠᠢ ᠤᠯᠤᠰ ᠤᠨ ᠲᠦᠰᠢᠶ᠎ᠡ ᠬᠦᠩ ᠤᠨ ᠬᠡᠷᠭᠡᠮ ᠴᠤᠯᠠ ᠬᠦᠷᠳᠡᠵᠠᠢ᠃ ᠤᠯᠤᠰ ᠲᠤᠷ ᠲᠤᠰᠠᠯᠠᠬᠤ ᠬᠦᠩ ︵辅国公︶ ᠤᠯᠤᠰ ᠤᠨ ᠲᠦᠰᠢᠶ᠎ᠡ ᠬᠦᠩ ᠠᠴᠠ ᠲᠤᠤᠷ᠎ᠠ ᠨᠢᠭᠡ ᠬᠡᠷᠭᠡᠮ ᠴᠤᠯᠠ ᠪᠤᠯᠤᠨ᠎ᠠ᠃ ᠦᠪᠦᠷ ᠮᠤᠩᠭᠤᠯ ᠤᠨ 49 ᠬᠤᠰᠢᠭᠤᠨ ᠳᠤ ᠨᠡᠶᠢᠳᠡ 16 ᠬᠦᠮᠦᠨ᠂ ᠡᠭᠦᠨ ᠤ ᠲᠤᠳᠤᠷ᠎ᠠ ᠵᠠᠰᠠᠭ ᠲᠦᠷᠦ ᠶᠢᠨ ᠤᠯᠤᠰ ᠲᠤᠷ ᠲᠤᠰᠠᠯᠠᠬᠤ ᠬᠦᠩ 3 ᠬᠦᠮᠦᠨ᠂ ᠡᠷᠭᠡ ᠦᠭᠡᠢ ᠰᠤᠯᠠ ᠤᠯᠤᠰ ᠲᠤᠷ ᠲᠤᠰᠠᠯᠠᠬᠤ ᠬᠦᠩ 13 ᠬᠦᠮᠦᠨ᠂ ᠵᠢᠱᠢᠶᠡᠯᠡᠪᠡᠯ ᠠᠤᠬᠠᠨ ᠬᠤᠰᠢᠭᠤᠨ ᠤ ᠤᠯᠤᠰ ᠲᠤᠷ ᠲᠤᠰᠠᠯᠠᠬᠤ ᠬᠦᠩ ᠦᠷᠭᠡᠨᠵᠠᠪ᠂ ᠴᠠᠬᠠᠷ ᠤᠨ ᠤᠯᠤᠰ ᠲᠤᠷ ᠲᠤᠰᠠᠯᠠᠬᠤ ᠬᠦᠩ ᠭᠤᠩᠴᠤᠭᠵᠠᠪ ᠵᠡᠷᠭᠡ᠃ ᠲᠡᠷᠢᠬᠦᠨ ᠵᠡᠷᠭᠡ ᠶᠢᠨ ᠲᠠᠶᠢᠵᠢ ᠪᠤᠶᠤ ᠲᠠᠪᠤᠨᠠᠩ ︵头等台吉或塔布囊︶ ᠤᠯᠤᠰ ᠲᠤᠷ ᠲᠤᠰᠠᠯᠠᠬᠤ ᠬᠦᠩ ᠠᠴᠠ ᠲᠤᠤᠷ᠎ᠠ ᠨᠢᠭᠡ ᠲᠡᠰ ᠬᠡᠷᠭᠡᠮ ᠴᠤᠯᠠ ᠪᠤᠯᠤᠨ᠎ᠠ᠃ ᠦᠪᠦᠷ ᠮᠤᠩᠭᠤᠯ ᠤᠨ 49 ᠬᠤᠰᠢᠭᠤᠨ ᠳᠤ ᠨᠡᠶᠢᠳᠡ 16 ᠬᠦᠮᠦᠨ᠂ ᠡᠭᠦᠨ ᠤ ᠲᠤᠳᠤᠷ᠎ᠠ ᠵᠠᠰᠠᠭ ᠲᠦᠷᠦ ᠶᠢᠨ ᠲᠡᠷᠢᠬᠦᠨ ᠲᠠᠶᠢᠵᠢ ︵ᠲᠠᠪᠤᠨᠠᠩ︶ ᠨᠡᠶᠢᠳᠡ 8 ᠬᠦᠮᠦᠨ᠂ ᠡᠭᠦᠨ ᠤ ᠲᠤᠳᠤᠷ᠎ᠠ ᠵᠠᠰᠠᠭ ᠲᠦᠷᠦ ᠶᠢᠨ 6 ᠬᠦᠮᠦᠨ᠂ ᠡᠷᠭᠡ ᠦᠭᠡᠢ ᠰᠤᠯᠠ ᠲᠠᠶᠢᠵᠢ ︵ᠲᠠᠪᠤᠨᠠᠩ︶ 2 ᠬᠦᠮᠦᠨ᠂ ᠵᠢᠱᠢᠶᠡᠯᠡᠪᠡᠯ ᠬᠡᠰᠢᠭᠳᠡᠨ ᠬᠤᠰᠢᠭᠤᠨ ᠤ ᠡᠯ᠎ᠡ ᠵᠠᠰᠠᠭ ᠲᠦᠷᠦ ᠶᠢᠨ ᠸᠠᠩ ᠪᠦᠷ ᠲᠡᠷᠢᠬᠦᠨ ᠵᠡᠷᠭᠡ ᠶᠢᠨ ᠲᠠᠶᠢᠵᠢ ᠪᠤᠯᠤᠨ᠎ᠠ᠃ ᠪᠠᠰᠠ ᠬᠦᠩ ᠤᠨ ᠬᠡᠷᠭᠡᠮ ᠴᠤᠯᠠ ᠬᠦᠷᠳᠡᠭᠰᠡᠨ ᠪᠠᠶᠢᠨ᠎ᠠ᠃ ᠵᠢᠱᠢᠶᠡᠯᠡᠪᠡᠯ ᠠᠷᠤ ᠬᠤᠷᠴᠢᠨ ᠬᠤᠰᠢᠭᠤᠨ ᠤ ᠸᠠᠩ ᠸᠠᠩᠵᠢᠯᠫᠡᠷᠯᠠᠢ ᠤᠯᠤᠰ ᠤᠨ ᠲᠦᠰᠢᠶ᠎ᠡ ᠬᠦᠩ ᠬᠡᠷᠭᠡᠮ ᠴᠤᠯᠠ ᠲᠡᠷᠢᠬᠦᠨ ᠵᠡᠷᠭᠡ ᠶᠢᠨ ᠲᠠᠶᠢᠵᠢ ᠪᠤᠯᠤᠨ᠎ᠠ᠃ ᠬᠤᠶᠠᠳᠤᠭᠠᠷ ᠲᠠᠶᠢᠵᠢ ︵ᠲᠠᠪᠤᠨᠠᠩ︶ ᠦᠪᠦᠷ ᠮᠤᠩᠭᠤᠯ ᠤᠨ 49 ᠬᠤᠰᠢᠭᠤᠨ ᠳᠤ ᠵᠠᠰᠠᠭ ᠲᠦᠷᠦ ᠶᠢᠨ ᠸᠠᠩ ᠬᠦᠷᠳᠡᠭᠰᠡᠨ ᠬᠦᠮᠦᠨ ᠦᠭᠡᠢ᠃ ⒉ ᠲᠠᠶᠢᠴᠢᠩ ᠬᠦᠷᠦᠨ ᠤ ᠦᠶ᠎ᠡ ᠶᠢᠨ ᠮᠤᠩᠭᠤᠯ ᠬᠤᠰᠢᠭᠤᠨ ᠤ ᠨᠤᠶᠠᠳ ᠤᠨ ᠲᠠᠭᠤᠳᠠᠯᠭ᠎ᠠ  ᠵᠠᠰᠠᠭ ᠸᠠᠩ ︵札萨克王︶ ᠮᠤᠩᠭᠤᠯ ᠬᠢᠳᠠᠳ ᠬᠦᠮᠦᠨ ᠪᠦᠷ ᠸᠠᠩᠶᠧ ᠬᠡᠵᠦ ᠬᠦᠨᠳᠦᠳᠭᠡᠨ ᠲᠠᠭᠤᠳᠠᠨ᠎ᠠ᠃ ᠨᠢᠭᠡᠨ ᠬᠤᠰᠢᠭᠤᠨ ᠤ ᠵᠠᠰᠠᠭ ᠲᠦᠷᠦ ᠶᠢ ᠡᠷᠬᠢᠯᠡᠬᠦ ᠡᠵᠡᠨ ᠪᠤᠯᠤᠨ᠎ᠠ᠃ ᠦᠭᠡᠷ᠎ᠡ ᠪᠠᠷ ᠬᠡᠯᠡᠪᠡᠯ ᠨᠢᠭᠡᠨ ᠬᠤᠰᠢᠭᠤᠨ ᠤ ᠡᠭᠦᠷᠢᠳᠡ ᠦᠶ᠎ᠡ ᠤᠯᠠᠷᠢᠬᠤ ᠡᠵᠡᠨ ᠪᠤᠯᠤᠨ᠎ᠠ᠃ ᠠᠯᠢᠪᠡ ᠡᠷᠭᠡ ᠪᠦᠷ ᠡᠭᠦᠨ ᠤ ᠪᠡᠶ᠎ᠡ ᠳᠤ ᠪᠠᠶᠢᠨ᠎ᠠ᠃ ᠡᠳᠦᠭᠡ ᠶᠢᠨ ᠨᠢᠭᠡ ᠬᠤᠰᠢᠭᠤᠨ ᠤ ᠱᠦᠵᠢ ᠮᠡᠳᠦ᠃  ᠲᠤᠰᠠᠯᠠᠭᠴᠢ ᠲᠠᠶᠢᠵᠢ ︵ᠲᠠᠪᠤᠨᠠᠩ︶ ︵协理台吉或塔布囊︶ ᠸᠠᠩᠶ᠋ᠶᠧ ᠶᠢ ᠬᠠᠪᠰᠤᠷᠤᠨ ᠲᠤᠰᠠᠯᠬᠠᠤ ᠲᠡᠳ᠋ ᠸᠠᠩ ᠪᠤᠯᠤᠨ᠎ᠠ᠃ ᠡᠳᠦᠭᠡ ᠶᠢᠨ ᠨᠢᠭᠡ ᠬᠤᠰᠢᠭᠤᠨ ᠤ ᠲᠡᠳ᠋ ᠱᠦᠵᠢ ᠮᠡᠳᠦ᠃ ᠵᠠᠷᠢᠮ ᠬᠤᠰᠢᠭᠤᠨ ᠳᠤ ᠶᠡᠭᠡ ᠲᠤᠰᠠᠯᠠᠭᠴᠢ᠂ ᠢᠯᠡᠭᠡ ᠲᠤᠰᠠᠯᠠᠭᠴᠢ ᠬᠡᠵᠦ ᠬᠤᠪᠢᠶᠠᠨ᠎ᠠ᠃ ᠲᠤᠰᠠᠯᠠᠭᠴᠢ ᠠᠨᠤ ᠲᠦᠷᠦ ᠶᠢᠨ ᠡᠷᠭᠡ ᠶᠢ ᠰᠤᠮᠤ ᠬᠦᠷᠳᠡᠯ᠎ᠡ ᠬᠠᠮᠢᠶᠠᠷᠤᠨ᠎ᠠ᠃ ᠸᠠᠩ ᠶᠧ ᠬᠡᠷᠡᠭ ᠶᠠᠪᠤᠳᠠᠯ ᠢᠶᠠᠷ ᠭᠠᠳᠠᠭᠰᠢ ᠭᠠᠷᠬᠤ  ᠳᠤ ᠲᠤᠰᠠᠯᠠᠭᠴᠢ ᠲᠠᠶᠢᠵᠢ ᠸᠠᠩᠶᠧ ᠶᠢᠨ ᠲᠤᠰᠢᠶᠠᠯ ᠢ ᠲᠦᠷ ᠴᠠᠭ ᠡᠷᠬᠢᠯᠡᠨ᠎ᠡ᠃ ᠵᠢᠱᠢᠶᠡᠯᠡᠪᠡᠯ ᠠᠤᠬᠠᠨ ᠤ ᠵᠠᠰᠠᠭ ᠲᠦᠷᠦ ᠶᠢᠨ ᠵᠢᠦ᠋ᠨ ᠸᠠᠩ ᠭᠤᠮᠪᠤᠵᠠᠪ ᠵᠠᠷᠯᠢᠭ ᠢᠶᠠᠷ ᠪᠡᠭᠡᠵᠢᠩ ᠳᠤ ᠤᠴᠢᠵᠤ᠂ ᠴᠢᠩ ᠬᠦᠷᠦᠨ ᠤ ᠵᠠᠰᠠᠭ ᠲᠦᠷᠦ ᠦᠭᠡᠷᠡᠴᠢᠯᠡᠬᠦ ᠬᠤᠷᠠᠯ ᠳᠤ ᠤᠷᠤᠯᠴᠠᠬᠤ ᠳᠤ ᠲᠤᠰᠠᠯᠠᠭᠴᠢ ᠲᠠᠶᠢᠵᠢ ᠬᠡᠨᠳᠦᠨᠵᠠᠪ ᠲᠦᠷ ᠬᠤᠰᠢᠭᠤᠨ ᠤ ᠵᠠᠰᠠᠭ ᠲᠦᠷᠦ ᠶᠢ ᠬᠠᠮᠢᠶᠠᠷᠴᠦ᠂ ᠰᠦ᠋ ᠴᠢᠨ᠂ ᠸᠠᠩ ᠱᠠᠨ ᠴᠢ ᠶᠢ ᠤᠯᠠᠭᠠᠨᠬᠠᠳᠠ ᠳᠤ ᠬᠦᠷᠴᠦ ᠤᠭᠳᠤᠪᠠ᠃  ᠬᠤᠰᠢᠭᠤ ᠶᠢ ᠵᠠᠬᠢᠷᠬᠤ ᠰᠠᠶᠢᠳ ︵管旗章京︶ ᠮᠤᠩᠭᠤᠯ ᠢᠶᠠᠷ ᠵᠠᠬᠢᠷᠤᠭᠴᠢ ᠬᠡᠵᠦ ᠲᠠᠭᠤᠳᠠᠨ᠎ᠠ᠃ ᠨᠢᠭᠡᠨ ᠬᠤᠰᠢᠭᠤᠨ ᠤ ᠬᠠᠮᠤᠭ ᠦᠨᠳᠦᠷ ᠵᠠᠰᠠᠭ ᠵᠠᠬᠢᠷᠭ᠎ᠠ ᠶᠢ ᠬᠠᠮᠢᠶᠠᠷᠬᠤ ᠨᠤᠶᠠᠨ ᠪᠤᠯᠤᠨ᠎ᠠ᠃ ︽ᠦᠭᠡᠰ ᠤᠨ ᠲᠠᠯᠠᠢ︾ ᠳᠤ ︽一旗最高行政长官︾ ᠬᠡᠵᠦ ᠲᠡᠮᠳᠡᠭᠯᠡᠵᠦ ᠪᠠᠶᠢᠨ᠎ᠠ᠃ ᠶᠡᠷᠦ ᠳᠤ ᠪᠠᠨ ᠸᠠᠩᠶᠧ ᠶᠢ ᠲᠦᠯᠦᠭᠡᠯᠡᠵᠦ ᠨᠢᠭᠡᠨ ᠬᠤᠰᠢᠭᠤᠨ ᠤ ᠭᠠᠳᠠᠨ᠎ᠠ ᠲᠤᠳᠤᠷᠠᠬᠢ ᠠᠯᠢᠪᠡ ᠬᠡᠷᠡᠭ ᠢ ᠶᠡᠷᠦᠩᠭᠡᠶᠢᠯᠡᠨ ᠬᠠᠮᠢᠶᠠᠷᠤᠨ ᠰᠢᠢᠳᠪᠦᠷᠢᠯᠡᠨ᠎ᠡ᠃ ᠲᠠᠷᠤᠢ ᠨᠢᠭᠡᠨ ᠬᠤᠰᠢᠭᠤ ᠴᠡᠷᠢᠭ ᠪᠠ ᠲᠦᠷᠦ ᠶᠢᠨ ᠡᠷᠭᠡ ᠶᠢᠨ ᠲᠡᠷᠢᠬᠦᠨ ᠨᠤᠶᠠᠨ ᠪᠤᠯᠤᠨ᠎ᠠ᠃ ᠡᠶᠡᠪᠡᠷ ᠵᠠᠰᠠᠭᠴᠢ ᠶᠢᠨ 17 ᠤᠨ ᠤ 3 ᠰᠠᠷ᠎ᠠ ᠳᠤ ᠬᠢᠳᠠᠳ ᠢᠶᠠᠷ ︽都统︾ ︵ᠳ᠋ᠦ᠋ ᠲᠦᠩ︶ ᠬᠡᠵᠦ ᠲᠤᠭᠳᠠᠭᠠᠨ ᠨᠡᠷᠡᠯᠡᠵᠠᠢ᠃  ᠮᠠᠶᠢᠷᠠᠨ ᠤ ᠵᠠᠩᠬᠢ ︵梅勒章京或梅林章京︶ ᠮᠠᠨᠵᠤ ᠦᠭᠡ ︽ᠮᠦᠷᠦ︾ ᠬᠡᠰᠡᠨ ᠤᠳᠬ᠎ᠠ ᠲᠠᠢ᠂ ᠨᠢᠭᠡᠨ ᠬᠤᠰᠢᠭᠤᠨ ᠤ ᠬᠠᠮᠤᠭ ᠦᠨᠳᠦᠷ ᠵᠠᠰᠠᠭ ᠵᠠᠬᠢᠷᠭᠠᠨ ᠤ ᠲᠡᠳ᠋ ᠬᠠᠮᠢᠶᠠᠷᠤᠭᠴᠢ ᠨᠤᠶᠠᠨ ᠪᠤᠯᠤᠨ᠎ᠠ ︵一旗最高行政副长官︶᠃ ᠡᠶᠡᠪᠡᠷ ᠵᠠᠰᠠᠭᠴᠢ  ᠶᠢᠨ 17 ᠤᠨ ᠤ 3 ᠰᠠᠷ᠎ᠠ ᠳᠤ ᠲᠡᠳ᠋ ᠳ᠋ᠦ᠋ ᠲᠦᠩ ︵副都统︶ ᠬᠡᠵᠦ ᠨᠡᠷᠡᠯᠡᠨ ᠲᠤᠭᠳᠠᠭᠠᠪᠠ᠃ ᠡᠭᠦᠨ ᠤ ᠲᠤᠳᠤᠷ᠎ᠠ ᠲᠠᠮᠠᠭᠠᠨ ᠮᠡᠶᠢᠷᠡᠨ᠂ ᠡᠳ᠋ ᠬᠦᠷᠦᠩᠭᠡ ᠬᠠᠮᠢᠶᠠᠷᠬᠤ ᠮᠡᠶᠢᠷᠡᠨ᠂ ᠠᠯᠪᠠᠳᠠᠨ ᠬᠠᠷᠢᠶᠠᠳᠤ ᠶᠢ ᠬᠠᠮᠢᠶᠠᠷᠬᠤ ᠮᠡᠶᠢᠷᠡᠨ᠂ ᠴᠡᠷᠢᠭ ᠤᠨ ᠮᠡᠶᠢᠷᠡᠨ ᠬᠡᠵᠦ ᠬᠤᠪᠢᠶᠠᠨ᠎ᠠ᠃  ᠲᠤᠰᠠᠯᠠᠨ ᠵᠠᠬᠢᠷᠤᠭᠴᠢ ︵昂邦或安本︶ ᠡᠨᠡ ᠪᠤᠯ ᠡᠯ᠎ᠡ ᠮᠤᠩᠭᠤᠯ ᠬᠤᠰᠢᠭᠤᠨ ᠳᠤ ᠲᠤᠰᠬᠠᠢ ᠨᠡᠷᠡᠯᠡᠭᠰᠡᠨ ᠨᠤᠶᠠᠨ ᠪᠤᠯᠤᠨ᠎ᠠ᠃ ᠸᠠᠩ ᠤᠨ ᠤᠷᠳᠤᠨ ᠤ ᠲᠤᠳᠤᠭᠠᠳᠤ ᠭᠠᠳᠠᠭᠠᠳᠤ ᠶᠢᠨ ᠠᠯᠢᠪᠡ ᠬᠡᠷᠡᠭ ᠢ ᠬᠠᠮᠢᠶᠠᠷᠬᠤ ᠨᠤᠶᠠᠨ ᠪᠤᠯᠤᠨ᠎ᠠ᠃  ᠰᠤᠷᠤᠯᠴᠠᠭᠰᠠᠨ ᠲᠦᠰᠢᠮᠡᠯ ᠪᠤᠶᠤ ᠪᠢᠴᠢᠭ ᠤᠨ ᠳ᠋ᠠ ︵笔帖式︶ ᠴᠢᠩ ᠬᠦᠷᠦᠨ ᠤ ᠡᠯ᠎ᠡ ᠶᠠᠮᠤᠨ ᠳᠤ ᠪᠦᠷ ᠡᠶᠢᠮᠦ ᠨᠤᠶᠠᠨ ᠪᠠᠶᠢᠨ᠎ᠠ᠃ ᠮᠤᠩᠭᠤᠯ ᠬᠤᠰᠢᠭᠤᠨ ᠳᠤ ᠪᠠᠰᠠ ᠡᠶᠢᠮᠦ ᠲᠤᠰᠬᠠᠢ ᠨᠤᠶᠠᠨ ᠪᠠᠶᠢᠨ᠎ᠠ᠃ ᠸᠠᠩ ᠤᠨ ᠤᠷᠳᠤᠨ ᠤ ᠠᠯᠢᠪᠠ ᠪᠢᠴᠢᠭ ᠲᠠᠩᠰᠠ ᠶᠢ ᠬᠠᠮᠢᠶᠠᠷᠴᠤ᠂ ᠲᠡᠭᠡᠭᠰᠢ ᠮᠡᠳᠡᠭᠦᠯᠬᠦ᠂ ᠲᠤᠷᠤᠭᠰᠢ ᠵᠠᠷᠯᠠᠬᠤ ᠪᠦᠷ ᠡᠨᠡ ᠨᠤᠶᠠᠨ ᠤ ᠭᠠᠷ ᠠᠴᠠ ᠪᠢᠴᠢᠨ ᠲᠤᠭᠳᠠᠭᠠᠨ᠎ᠠ᠃ ᠨᠤᠶᠠᠨ ᠵᠡᠷᠭᠡ ᠲᠠᠪᠰᠢᠬᠤ ᠨᠢ ᠪᠦᠷ ᠡᠨᠡ ᠵᠡᠷᠭᠡ ᠠᠴᠠ ᠲᠡᠭᠡᠭᠰᠢ ᠠᠪᠠᠷᠢᠨ ᠭᠠᠷᠤᠨ᠎ᠠ᠃  ᠵᠠᠯᠠᠨ ᠵᠠᠩᠬᠢ ︵甲喇或札兰章京︶ ᠡᠨᠡ ᠨᠤᠶᠠᠨ ᠴᠡᠷᠢᠭ ᠤᠨ ᠴᠢᠨᠠᠷ ᠲᠠᠢ ᠲᠤᠰᠢᠶᠠᠯ ᠪᠤᠯᠤᠨ᠎ᠠ᠃ ᠡᠶᠡᠪᠡᠷ ᠵᠠᠰᠠᠭᠴᠢ ᠶᠢᠨ 17 ᠤᠨ ᠤ 3 ᠰᠠᠷ᠎ᠠ ᠳᠤ ᠬᠢᠳᠠᠳ ᠢᠶᠠᠷ ︽参领︾ ᠬᠡᠵᠦ ᠲᠤᠭᠳᠠᠭᠠᠵᠤ᠂ ᠮᠤᠩᠭᠤᠯ ᠢᠶᠠᠷ ᠵᠠᠯᠠᠨ ︵札兰︶ ᠬᠡᠵᠦ ᠨᠡᠷᠡᠯᠡᠪᠡ᠃ ᠮᠤᠷᠢᠳᠤ ᠴᠡᠷᠢᠭ ᠤᠨ ᠨᠢᠭᠡ ᠬᠤᠯᠪᠤᠭᠠᠳᠤ ᠴᠡᠷᠢᠭ ︵750 — 900︶ ᠢ ᠤᠳᠤᠷᠢᠳᠤᠨ᠎ᠠ᠃ ᠡᠭᠦᠨ ᠤ ᠲᠤᠳᠤᠷ᠎ᠠ ᠶᠡᠭᠡ ᠵᠠᠯᠠᠨ᠂ ᠢᠯᠡᠭᠡ ᠵᠠᠯᠠᠨ ᠬᠡᠵᠦ ᠬᠤᠪᠢᠶᠠᠨ᠎ᠠ᠃  ᠰᠤᠮᠤᠨ ᠵᠠᠩᠬᠢ ︵苏木章京︶ ᠡᠨᠡ ᠨᠤᠶᠠᠨ ᠪᠠᠰᠠ ᠴᠡᠷᠢᠭ ᠤᠨ ᠴᠢᠨᠠᠷ ᠲᠠᠢ᠂ ᠬᠢᠳᠠᠳ ᠢᠶᠠᠷ ︽佐领︾ ᠪᠤᠶᠤ ︽箭长︾ ᠬᠡᠵᠦ ᠲᠠᠭᠤᠳᠠᠨ᠎ᠠ᠃ ᠮᠤᠩᠭᠤᠯ ᠦᠭᠡ ︽ᠵᠠᠩᠬᠢ︾ ᠬᠡᠵᠦ ᠲᠠᠭᠤᠳᠠᠨ᠎ᠠ᠃ ᠨᠢᠭᠡ ᠰᠤᠮᠤ 150 — 200 ᠡᠷ᠎ᠡ ᠴᠡᠷᠢᠭ  ᠢᠶᠠᠷ ᠪᠦᠷᠢᠳᠦᠨ᠎ᠡ᠃  ᠲᠠᠷᠵᠢ ︵达尔加︶ ᠬᠢᠳᠠᠳ ᠢᠶᠠᠷ ︽什长︾ ︵十长︶ ᠬᠡᠵᠦ ᠲᠠᠭᠤᠳᠠᠨ᠎ᠠ᠃ ᠠᠷᠪᠠᠨ ᠬᠡᠷ ᠤᠨ ᠠᠯᠪᠠᠳᠤ ᠶᠢ ᠬᠠᠮᠢᠶᠠᠷᠬᠤ ᠨᠤᠶᠠᠨ᠃  ᠤᠷᠤᠯᠠᠨ ᠬᠦᠭᠡᠭᠴᠢ ︵孔督︶ ᠪᠠᠰᠠ ︽ᠪᠤᠰᠢᠭᠤ︾᠂ ︽ᠰᠢᠮᠳᠠᠭᠤᠯᠬᠤ︾ ︵催促人︶ ᠬᠡᠰᠡᠨ ᠤᠳᠬ᠎ᠠ ᠲᠠᠢ᠃ ᠰᠤᠮᠤᠨ ᠵᠠᠩᠬᠢ ᠶᠢᠨ ᠬᠠᠪᠰᠤᠷᠤᠭᠴᠢ ᠪᠤᠯᠤᠨ᠎ᠠ᠃  ᠠᠷᠪᠠᠨ ᠤ ᠲᠠᠷᠤᠭ᠎ᠠ ︵转达︶ ᠬᠢᠳᠠᠳ ᠢᠶᠠᠷ ︽护写校︾ ᠬᠡᠵᠦ ᠲᠠᠭᠤᠳᠠᠨ᠎ᠠ᠃ ᠰᠤᠮᠤᠨ ᠵᠠᠩᠬᠢ ᠲᠤᠤᠷᠠᠬᠢ ᠠᠷᠪᠠᠨ ᠠᠯᠪᠠᠳᠤ ᠡᠷ᠎ᠡ ᠶᠢ ᠬᠠᠮᠢᠶᠠᠷᠤᠨ᠎ᠠ᠃  ᠠᠷᠠᠳ ︵白日︶ ᠬᠢᠳᠠᠳ ᠢᠶᠠᠷ ︽护写︾ ᠬᠡᠨ᠎ᠡ᠃ ᠨᠢᠭᠡᠳᠦᠭᠡᠷ ᠲᠡᠰ ᠤᠨ ᠴᠡᠷᠢᠭ ᠢ ᠬᠡᠯᠡᠨ᠎ᠡ᠃  ᠬᠤᠶᠠᠭ ︵护雅格︶  ᠬᠢᠳᠠᠳ ᠢᠶᠠᠷ ︽马甲︾ ᠬᠡᠵᠦ ᠲᠠᠭᠤᠳᠠᠨ᠎ᠠ᠃ ᠬᠤᠶᠠᠳᠤᠭᠠᠷ ᠲᠡᠰ ᠤᠨ ᠴᠡᠷᠢᠭ ᠪᠤᠯᠤᠨ᠎ᠠ᠃  ᠪᠤᠭᠳᠠ ︵包衣︶ ᠪᠦᠭᠦᠯᠢ ᠨᠡᠷ᠎ᠡ ︽ᠪᠤᠭᠳᠠ ᠠᠭ᠎ᠠ︾᠂ ︽ᠪᠤᠢ︾ ᠨᠢ ︽ᠬᠡᠷ ᠤᠨ︾ ᠬᠡᠰᠡᠨ ᠤᠳᠬ᠎ᠠ ᠲᠠᠢ᠂ ︽ᠠᠭ᠎ᠠ︾ ᠨᠢ ︽ᠪᠤᠭᠤᠯ︾ ᠬᠡᠰᠡᠨ ᠤᠳᠬ᠎ᠠ ᠲᠠᠢ᠃ ᠨᠡᠶᠢᠯᠡᠭᠦᠯᠦᠨ ᠬᠡᠯᠡᠪᠡᠯ ︽ᠬᠡᠷ ᠤᠨ ᠪᠤᠭᠤᠯ︾ ᠬᠡᠰᠡᠨ ᠤᠳᠬ᠎ᠠ ᠪᠤᠯᠤᠨ᠎ᠠ᠃ ᠡᠳᠡᠭᠡᠷ ᠬᠦᠮᠦᠨ ᠡᠳᠦᠷ ᠪᠦᠷᠢ ᠸᠠᠩ ᠤᠨ ᠤᠷᠳᠤᠨ ᠳᠤ ᠬᠠᠷ᠎ᠠ ᠠᠵᠢᠯ ᠬᠢᠨ᠎ᠡ᠃  ⒊ ᠲᠠᠶᠢᠴᠢᠩ ᠬᠦᠷᠦᠨ ᠤ ᠦᠶ᠎ᠡ ᠶᠢᠨ ᠮᠠᠨᠵᠤ ᠮᠤᠩᠭᠤᠯ ᠤᠨ ᠤᠷᠤᠭ ᠬᠤᠯᠪᠤᠭᠠᠨ ᠤ ᠨᠡᠶᠢᠷᠡᠳᠦᠯ ︵清代满蒙联姻之称谓︶ ᠡᠨᠡ ᠪᠦᠯᠦᠭ ᠤᠨ ᠤᠳᠬ᠎ᠠ ᠶᠢ ︽ᠲᠠᠶᠢᠴᠢᠩ ᠬᠦᠷᠦᠨ ᠤ ᠬᠡᠪ ᠲᠦᠷᠢᠮ ᠤᠨ ᠴᠤᠪᠤᠷᠠᠯ︾ ᠢ ᠦᠨᠳᠦᠰᠦᠯᠡᠵᠦ᠂ ︽ᠲᠠᠪᠤᠨ ᠵᠦᠢᠯ ᠤᠨ ᠦᠰᠦᠭ ᠢᠶᠠᠷ ᠬᠠᠪᠰᠤᠷᠤᠭᠰᠠᠨ ᠮᠠᠨᠵᠤ ᠦᠭᠡᠨ ᠤ ᠲᠤᠯᠢ ᠪᠢᠴᠢᠭ︾ ᠲᠠᠢ ᠬᠠᠷᠢᠴᠠᠭᠤᠯᠤᠨ ᠲᠡᠮᠳᠡᠭᠯᠡᠪᠡ᠃ ⑴ ᠬᠦᠩᠵᠦ ︵公主︶ ᠲᠤᠰᠬᠠᠢ ᠬᠠᠭᠠᠨ ᠤ ᠬᠡᠦᠭᠡᠨ ᠢ ᠬᠡᠯᠡᠨ᠎ᠡ᠃ ᠡᠭᠦᠨ ᠤ ᠲᠤᠳᠤᠷ᠎ᠠ ᠬᠠᠭᠠᠨ ᠬᠠᠳᠤᠨ ︵ᠬᠤᠸᠠᠩᠬᠡᠦ︶ ᠠᠴᠠ ᠲᠦᠷᠦᠭᠰᠡᠨ ᠬᠡᠦᠭᠡᠨ ᠨᠢ ︽ᠬᠦᠷᠦᠨ ᠬᠦᠩᠵᠦ︾ ︵固伦公主︶ ᠬᠡᠵᠦ ᠲᠠᠭᠤᠳᠠᠨ᠎ᠠ᠃ ᠮᠤᠩᠭᠤᠯ ᠢᠶᠠᠷ ︽ᠤᠯᠤᠰ ᠤᠨ ᠬᠦᠩᠵᠦ︾ ᠬᠡᠵᠦ ᠲᠠᠭᠤᠳᠠᠨ᠎ᠠ᠃ ᠹᠧᠢ ᠫᠢᠨ ︵妃嫔︶ ᠠᠴᠠ ᠲᠦᠷᠦᠭᠰᠡᠨ ᠬᠡᠦᠭᠡᠨ ᠢ ︽ᠬᠤᠱᠤᠢ︾ ᠬᠡᠰᠡᠨ ᠨᠡᠷᠡᠰ ᠮᠤᠩᠭᠤᠯ ᠢᠶᠠᠷ ︽ᠠᠶᠢᠮᠠᠭ︾ ᠪᠤᠶᠤ ︽ᠪᠦᠯᠦᠭ︾ ᠬᠡᠰᠡᠨ ᠤᠳᠬ᠎ᠠ ᠲᠠᠢ᠃    ⑵ᠠᠪᠠᠭᠠᠢ ︵格格︶ ᠬᠠᠭᠠᠨ ᠤ ᠲᠦᠷᠦᠯ ᠤᠭᠰᠠᠭ᠎ᠠ ᠠᠴᠠ ᠲᠦᠷᠦᠭᠰᠡᠨ ᠬᠡᠦᠭᠡᠨ ᠢ ᠪᠦᠷ ᠠᠪᠠᠭᠠᠢ ︵格格︶ ᠬᠡᠵᠦ ᠲᠠᠭᠤᠳᠠᠨ᠎ᠠ᠃ ᠡᠭᠦᠨ ᠤ ᠲᠤᠳᠤᠷ᠎ᠠ ᠪᠠᠰᠠ ᠲᠠᠪᠤᠨ ᠲᠡᠰ ᠬᠤᠪᠢᠶᠠᠨ᠎ᠠ᠃ ᠲᠠᠷᠤᠢ ᠬᠤᠱᠤᠢ ᠠᠪᠠᠭᠠᠢ ︵郡主︶︔ ᠲᠦᠷᠦ ᠶᠢᠨ ᠠᠪᠠᠭᠠᠢ ︵县主︶︔ ᠪᠠᠶᠢᠯᠠ ᠶᠢᠨ ᠬᠦᠪᠡᠭᠦᠨ ᠲᠦᠷᠦ ᠶᠢᠨ ᠠᠪᠠᠭᠠᠢ ︵郡君︶︔ ᠬᠤᠰᠢᠭᠤᠨ ᠤ ᠠᠪᠠᠭᠠᠢ ︵县君︶︔ ᠬᠦᠩ ᠤᠨ ᠬᠦᠪᠡᠭᠦᠨ ᠠᠪᠠᠭᠠᠢ ︵乡君︶᠃ ᠲᠠᠷᠠᠭ᠎ᠠ ᠪᠠᠷ ᠨᠢᠭᠡ ᠨᠢᠭᠡ ᠪᠠᠷ ᠲᠠᠶᠢᠯᠤᠨ ᠦᠭᠦᠯᠡᠶ᠎ᠡ᠄  ① ᠤᠯᠤᠰ ᠤᠨ ᠬᠦᠩᠵᠦ ︵固伦公主︶ ︽ᠬᠦᠷᠦᠨ︾ ᠠᠨᠤ ᠮᠠᠨᠵᠤ ᠦᠭᠡ ᠪᠤᠯᠤᠨ᠎ᠠ᠃ ᠮᠤᠩᠭᠤᠯ ᠢᠶᠠᠷ ︽ᠤᠯᠤᠰ︾ ᠬᠡᠰᠡᠨ ᠦᠭᠡ᠃ ᠵᠢᠱᠢᠶᠡᠯᠡᠪᠡᠯ ᠲᠠᠶᠢᠽᠦ᠋ᠩ ᠬᠤᠩ ᠲᠠᠶᠢᠵᠢ ᠶᠢᠨ ᠲᠠᠪᠤᠳᠤᠭᠠᠷ ᠬᠡᠦᠭᠡᠨ ᠠᠲ᠋ᠦ᠋ ︵ᠬᠡᠦᠭᠡᠨ ᠵᠢᠭᠠᠰᠤ ᠬᠡᠰᠡᠨ ᠤᠳᠬ᠎ᠠ ᠲᠠᠢ︶ ᠠᠴᠢᠯᠠᠯ ᠡᠯᠪᠡᠷᠢᠯᠳᠦ ᠬᠤᠸᠠᠩᠬᠦᠦ ᠰᠢᠶᠤᠤ ᠵᠤᠸᠠᠩ ᠠᠴᠠ ᠲᠦᠷᠦᠭᠰᠡᠨ ᠪᠤᠯᠬᠤᠷ ︽ᠤᠯᠤᠰ ᠤᠨ ᠬᠦᠩᠵᠦ︾ ᠬᠡᠵᠦ ᠨᠡᠷᠡᠯᠡᠵᠠᠢ᠃ ᠡᠨᠡ ᠬᠦᠩᠵᠦ ᠡᠶᠡᠪᠡᠷ ᠵᠠᠰᠠᠭᠴᠢ ᠶᠢᠨ 3 ᠤᠨ ᠤ 8 ᠰᠠᠷ᠎ᠠ ᠳᠤ ᠲᠠᠬᠢᠨ ᠪᠠᠭᠠᠷᠢᠨ ᠤ ᠰᠠᠪᠳᠠᠨ ᠸᠠᠩ  ᠲᠠᠢ ᠬᠤᠷᠢᠮᠯᠠᠵᠤ᠂ ᠡᠩᠭᠡ ᠠᠮᠤᠭᠤᠯᠠᠩ ᠤᠨ 10 ᠤᠨ ᠳᠤ ︽ᠰᠡᠴᠡᠨ ᠲᠡᠭᠡᠳᠦ ᠬᠦᠷᠦᠨ ᠬᠦᠩᠵᠦ︾ ᠬᠡᠵᠦ ᠬᠠᠶᠢᠷᠠᠯᠠᠨ ᠲᠤᠭᠳᠠᠭᠠᠪᠠ᠃ ︽ᠰᠡᠴᠡᠨ ᠲᠡᠭᠡᠳᠦ︾ ᠨᠢ ᠡᠷᠭᠦᠮᠵᠢᠯᠡᠭᠰᠡᠨ ᠴᠤᠯᠠ᠂ ︽ᠬᠦᠷᠦᠨ︾ ᠨᠢ ᠵᠡᠷᠭᠡ ᠬᠡᠷᠭᠡᠮ ᠂ ᠰᠠᠶᠢᠰᠢᠶᠠᠯᠳᠤ ᠢᠷᠦᠭᠡᠯᠳᠦ ᠶᠢᠨ 16 ᠤᠨ ᠳᠤ   ︽ᠰᠡᠴᠡᠨ ᠲᠡᠭᠡᠳᠦ᠂ ᠬᠦᠷᠦᠨ᠂ ᠬᠦᠩᠵᠦ︾ ᠬᠡᠵᠦ ᠵᠢᠷᠤᠮᠴᠢᠨ ᠨᠢᠭᠡᠳᠭᠡᠵᠠᠢ᠃ ᠲᠦᠷᠦ ᠬᠡᠷᠡᠯᠳᠦ ᠶᠢᠨ 14 ᠤᠨ ᠤ 5 ᠰᠠᠷ᠎ᠠ ᠳᠤ ᠬᠠᠭᠠᠨ ᠡᠵᠡᠨ ᠤ ᠵᠠᠷᠯᠢᠭ ᠢᠶᠠᠷ ︽ᠬᠦᠷᠦᠨ︾ ᠵᠡᠷᠭᠡ ᠬᠡᠷᠭᠡᠮ ᠢ ᠠᠯᠪᠠ ᠪᠠᠷ ᠤᠤᠯ ᠤᠨ ᠡᠷᠭᠦᠮᠵᠢᠯᠡᠭᠰᠡᠨ ᠴᠤᠯᠠ ᠶᠢᠨ ᠬᠤᠶᠢᠨ᠎ᠠ ᠨᠢ ᠵᠡᠷᠭᠡ ᠬᠡᠷᠭᠡᠮ ᠢ ᠪᠢᠴᠢᠵᠦ᠂ ᠲᠤᠮᠳᠠᠬᠢ ᠲᠤᠰᠤᠯ ᠢ ᠨᠢ ᠤᠷᠬᠢᠵᠤ᠂ ︽ᠰᠡᠴᠡᠨ ᠲᠡᠭᠡᠳᠦ ᠬᠦᠷᠦᠨ ᠬᠦᠩᠵᠦ︾ ᠬᠡᠵᠦ ᠪᠢᠴᠢᠵᠦ ᠵᠤᠷᠰᠢᠪᠠ᠃ ᠡᠶᠢᠮᠦ ᠠᠴᠠ ᠵᠠᠷᠢᠮ ᠬᠦᠮᠦᠨ ᠬᠢᠳᠠᠳ ᠢᠶᠠᠷ ︽固伦淑惠公主︾ ᠬᠡᠵᠦ ᠪᠢᠴᠢᠬᠦ ᠨᠢ ᠵᠤᠬᠢᠰ ᠦᠭᠡᠢ ᠪᠢᠴᠢᠯᠭᠡ ᠪᠤᠯᠤᠨ᠎ᠠ᠃ ︽淑惠固伦公主︾ ᠬᠡᠵᠦ ᠪᠢᠴᠢᠪᠡᠰᠦ ᠰᠠᠶ᠋ᠢ ᠵᠤᠬᠢᠨ᠎ᠠ᠃  ② ᠬᠤᠱᠤᠢ ᠬᠦᠩᠵᠦ ︵和硕公主︶ ︽ᠬᠤᠱᠤᠢ︾ ᠮᠠᠨᠵᠤ ᠦᠭᠡ᠂ ︽ᠨᠢᠭᠡᠨ ᠲᠠᠯ᠎ᠠ ᠶᠢᠨ︾ ︵一方︶ ᠬᠡᠰᠡᠨ ᠤᠳᠬ᠎ᠠ ᠲᠠᠢ᠃ ᠮᠤᠩᠭᠤᠯ ᠦᠭᠡᠨ ᠤ ︽ᠠᠶᠢᠮᠠᠭ︾ ᠬᠡᠰᠡᠨ ᠦᠭᠡ᠃ ᠵᠢᠱᠢᠶᠡᠯᠡᠪᠡᠯ ᠡᠩᠭᠡ ᠠᠮᠤᠭᠤᠯᠠᠩ ᠤᠨ 3 ᠳ᠋ᠤᠭᠠᠷ ᠬᠡᠦᠭᠡᠨ ᠦᠯᠦᠮᠵᠢ ᠬᠡᠮᠵᠢᠶᠡᠳᠦ ᠬᠦᠩᠵᠦ ᠲᠠᠳᠠᠪᠤᠷᠢ ᠡᠭᠡᠨᠡᠷ ᠮᠠ ᠵᠢᠶᠠ ᠤᠪᠤᠭᠳᠤ ᠠᠴᠠ ᠲᠦᠷᠦᠭᠰᠡᠨ ᠪᠤᠯᠬᠤᠷ ︽ᠬᠤᠱᠤᠢ ᠬᠦᠩᠵᠦ︾ ︵和硕公主︶ ᠡᠷᠭᠦᠮᠵᠢᠯᠡᠪᠡ᠃ ᠡᠩᠭᠡ ᠠᠮᠤᠭᠤᠯᠠᠩ ᠤᠨ 30 ᠤᠨ ᠤ 6 ᠰᠠᠷ᠎ᠠ ᠳᠤ ᠰᠠᠪᠳᠠᠨ ᠤ ᠤᠮᠪᠤᠯᠦ ᠦᠷᠭᠡᠨ ᠲᠠᠢ ᠬᠤᠷᠢᠮᠯᠠᠵᠤ᠂ ︽ᠦᠯᠦᠮᠵᠢ ᠬᠡᠮᠵᠢᠶᠡᠳᠦ ᠬᠤᠱᠤᠢ ᠬᠦᠩᠵᠦ︾ ︵荣宪和硕公主︶ ᠬᠡᠵᠦ ᠡᠷᠭᠦᠮᠵᠢᠯᠡᠭᠳᠡᠪᠡ᠃ ᠰᠡᠭᠦᠯᠡᠷ ᠡᠷ᠎ᠡ ᠡᠮ᠎ᠡ ᠬᠤᠶᠠᠭᠤᠯᠠ ᠴᠢᠩ ᠬᠦᠷᠦᠨ ᠳᠤ ᠭᠠᠪᠢᠶ᠎ᠠ ᠪᠠᠶᠢᠭᠤᠯᠤᠭᠰᠠᠨ ᠰᠢᠯᠳᠠᠭᠠᠨ ᠢᠶᠠᠷ ᠲᠡᠭᠡᠭᠰᠢ ᠲᠡᠪᠰᠢᠭᠤᠯᠵᠤ᠂ ︽ᠦᠯᠦᠮᠵᠢ ᠬᠡᠮᠵᠢᠶᠡᠳᠦ ᠬᠦᠷᠦᠨ ᠬᠦᠩᠵᠦ︾ ︵荣宪固伦公主︶ ᠬᠡᠵᠦ ᠨᠡᠷᠡᠶᠢᠳᠪᠡ᠃ ③ ᠠᠪᠠᠭᠠᠢ ︵格格︶ ᠬᠤᠷᠢᠮᠯᠠᠭᠠᠳᠤᠢ ᠬᠠᠭᠠᠨ ᠲᠦᠷᠦᠯ ᠤᠭᠰᠠᠭ᠎ᠠ ᠶᠢᠨ ᠬᠡᠦᠭᠡᠨ ᠤ ᠲᠠᠭᠤᠳᠠᠯᠭ᠎ᠠ ᠪᠤᠯᠤᠨ᠎ᠠ᠃ ᠠᠪᠠᠭᠠᠢ ᠨᠢ ᠮᠠᠨᠵᠤ ᠪᠠᠷ ︽ᠭᠡᠭᠡ︾ ︵格格︶᠂ ᠬᠢᠳᠠᠳ ᠢᠶᠠᠷ ︽小姐︾ ᠬᠡᠵᠦ ᠲᠠᠭᠤᠳᠠᠨ᠎ᠠ᠃ ᠲᠤᠤᠷ᠎ᠠ ᠪᠢᠳᠡ ᠠᠪᠠᠯᠢ ᠬᠠᠳᠤᠨ  ᠠᠴᠠ ᠲᠦᠷᠦᠭᠰᠡᠨ ᠠᠪᠠᠭᠠᠢ ᠶᠢ ᠲᠡᠰ ᠲᠠᠷᠠᠭᠠᠯᠠᠨ ᠦᠭᠦᠯᠡᠶ᠎ᠡ᠃  ᠬᠤᠱᠤᠢ ᠠᠪᠠᠭᠠᠢ ︵和硕公主︶ ᠬᠠᠭᠠᠨ ᠤ ᠲᠦᠷᠦᠯ ᠤᠭᠰᠠᠭ᠎ᠠ ᠶᠢᠨ ᠴᠢᠨ ᠸᠠᠩ ᠤᠨ ᠬᠡᠦᠭᠡᠨ ᠢ ᠬᠡᠯᠡᠨ᠎ᠡ᠃ ᠵᠢᠱᠢᠶᠡᠯᠡᠪᠡᠯ ᠡᠩᠭᠡ ᠠᠮᠤᠭᠤᠯᠠᠩ ᠤᠨ ᠠᠪᠠᠯᠢ ᠬᠤᠸᠠᠩᠬᠡᠦ ᠶᠢᠨ ᠲᠦᠷᠦᠭᠰᠡᠨ ᠬᠦᠦ ᠶᠦᠨ ᠺᠠᠩ ᠤᠨ ᠨᠠᠢᠮᠠᠳᠤᠭᠠᠷ ᠬᠡᠦᠭᠡᠨ ᠵᠢᠶᠦ᠋ᠨ ᠵᠦ ︵郡主︶ ᠨᠠᠶᠢᠷᠠᠯᠳᠤ ᠲᠦᠪ ᠤᠨ 7 ᠤᠨ ᠤ 12 ᠰᠠᠷ᠎ᠠ ᠳᠤ ᠠᠤᠬᠠᠨ ᠬᠤᠰᠢᠭᠤᠨ ᠤ ᠲᠠᠶᠢᠵᠢ ᠴᠢᠸᠠᠩᠳᠤᠷᠵᠢ ᠲᠠᠢ ᠬᠤᠷᠢᠮᠯᠠᠵᠤ᠂᠂ ︽ᠵᠢᠶᠦ᠋ᠨ ᠵᠦ ᠬᠤᠱᠤᠢ ᠠᠪᠠᠭᠠᠢ︾ ︵郡主和硕公主︶ ᠬᠡᠵᠦ ᠲᠠᠭᠤᠳᠠᠨ᠎ᠠ᠃ ᠬᠦᠷᠭᠡᠨ ᠨᠢ ︽ᠬᠤᠱᠤᠢ ᠲᠠᠪᠤᠨᠠᠩ︾ ᠬᠡᠵᠦ ᠲᠠᠭᠤᠳᠠᠨ᠎ᠠ᠃  ᠲᠦᠷᠦ ᠶᠢᠨ ᠠᠪᠠᠭᠠᠢ ︵多罗格格︶ ᠬᠠᠭᠠᠨ ᠤ ᠲᠦᠷᠦᠯ ᠤᠭᠰᠠᠭ᠎ᠠ ᠵᠢᠶᠦ᠋ᠨ ᠸᠠᠩ ᠤᠨ ᠬᠡᠦᠭᠡᠨ ᠤ ᠲᠠᠭᠤᠳᠠᠯᠭ᠎ᠠ ᠪᠤᠯᠤᠨ᠎ᠠ᠃ ᠬᠢᠳᠠᠳ ᠢᠶᠠᠷ ︽县主︾ ᠬᠡᠵᠦ ᠬᠡᠯᠡᠨ᠎ᠡ᠃ ᠵᠢᠱᠢᠶᠡᠯᠡᠪᠡᠯ ᠴᠧᠩ ᠵᠢᠶᠦ᠋ᠨ ᠸᠠᠩ ᠬᠤᠩ ᠴᠠᠩ ᠤᠨ ᠨᠠᠢᠮᠠᠳᠤᠭᠠᠷ ᠬᠡᠦᠭᠡᠨ ᠲᠦᠷᠦ ᠶᠢᠨ ᠠᠪᠠᠭᠠᠢ ︵县主︶ ᠰᠠᠶᠢᠰᠢᠶᠠᠯᠳᠤ ᠢᠷᠦᠭᠡᠯᠳᠦ ᠶᠢᠨ 7 ᠤᠨ ᠤ 12 ᠰᠠᠷ᠎ᠠ ᠳᠤ ᠠᠤᠬᠠᠨ ᠤ ᠭᠤᠷᠪᠠᠳᠤᠭᠠᠷ ᠵᠡᠷᠭᠡ ᠶᠢᠨ ᠲᠠᠶᠢᠵᠢ ᠲᠠᠯᠠᠶᠢᠪᠠᠯᠠ ᠲᠠᠢ ᠬᠤᠷᠢᠮᠯᠠᠵᠤ᠂ ︽ᠬᠤᠰᠢᠭᠤ ᠡᠵᠡᠨ ᠲᠦᠷᠦ ᠶᠢᠨ ᠠᠪᠠᠭᠠᠢ︾ ︵县主多罗格格︶ ᠬᠡᠵᠦ ᠲᠠᠭᠤᠳᠠᠵᠤ᠂ ᠬᠦᠷᠭᠡᠨ ᠨᠢ ︽ᠬᠤᠰᠢᠭᠤᠨ ᠤ ᠡᠵᠡᠨ ᠲᠦᠷᠦ ᠶᠢᠨ ᠲᠠᠪᠤᠨᠠᠩ︾ ︵县主多罗额驸︶ ᠬᠡᠵᠦ ᠲᠠᠭᠤᠳᠠᠨ᠎ᠠ᠃ ᠪᠠᠶᠢᠯᠠ ᠶᠢᠨ ᠬᠦᠪᠡᠭᠦᠨ ᠠᠪᠠᠭᠠᠢ ︵贝勒女多罗格格︶ ᠬᠠᠭᠠᠨ ᠤ ᠲᠦᠷᠦᠯ ᠤᠭᠰᠠᠭ᠎ᠠ ᠪᠠᠶᠢᠯᠠ ᠶᠢᠨ ᠬᠡᠦᠭᠡᠨ ᠤ ᠲᠠᠭᠤᠳᠠᠯᠭ᠎ᠠ ᠪᠤᠯᠤᠨ᠎ᠠ᠃ ᠬᠢᠳᠠᠳ ᠢᠶᠠᠷ ︽郡君︾ ᠬᠡᠵᠦ ᠲᠠᠭᠤᠳᠠᠨ᠎ᠠ᠃ ᠵᠢᠱᠢᠶᠡᠯᠡᠪᠡᠯ ᠪᠠᠶᠢᠯᠠ ᠶᠦᠩ ᠵᠦ ᠶᠢᠨ ᠬᠤᠶᠠᠳᠤᠭᠠᠷ ᠬᠡᠦᠭᠡᠨ᠂ ᠲᠦᠷᠦ ᠬᠡᠷᠡᠯᠳᠦ ᠶᠢᠨ 12 ᠤᠨ ᠤ 10 ᠰᠠᠷ᠎ᠠ ᠳᠤ ᠬᠠᠷᠠᠴᠢᠨ ᠵᠠᠰᠠᠭ ᠲᠦᠷᠦ ᠶᠢᠨ ᠵᠢᠶᠦ᠋ᠨ ᠸᠠᠩ ᠪᠤᠨᠢᠶᠠᠪᠠᠶᠠᠷ ᠤᠨ ᠶᠡᠭᠡ ᠬᠦᠪᠡᠭᠦᠨ ᠰᠡᠪᠡᠭᠳᠤᠷᠵᠢ ᠲᠠᠢ ᠬᠤᠷᠢᠮᠯᠠᠵᠤ᠂ ︽ᠪᠡᠶᠢᠯᠡ ᠶᠢᠨ ᠬᠦᠪᠡᠭᠦᠨ ᠠᠪᠠᠭᠠᠢ︾ ᠬᠡᠵᠦ ᠲᠠᠭᠤᠳᠠᠵᠤ᠂ ᠬᠦᠷᠭᠡᠨ ᠨᠢ ︽ᠲᠦᠷᠦ ᠶᠢᠨ ᠪᠡᠶᠢᠯᠡ ᠶᠢᠨ ᠲᠠᠪᠤᠨᠠᠩ︾ ︵郡君多罗额驸︶ ᠬᠡᠵᠦ ᠲᠠᠭᠤᠳᠠᠨ᠎ᠠ᠃  ᠬᠤᠰᠢᠭᠤᠨ ᠤ ᠠᠪᠠᠭᠠᠢ ︵固山格格︶ ᠬᠠᠭᠠᠨ ᠤ ᠲᠦᠷᠦᠯ ᠤᠭᠰᠠᠭ᠎ᠠ ᠪᠡᠶᠢᠰᠡ ᠶᠢᠨ ᠬᠡᠦᠭᠡᠨ ᠤ ᠲᠠᠭᠤᠳᠠᠯᠭ᠎ᠠ ᠪᠤᠯᠤᠨ᠎ᠠ᠃ ᠬᠢᠳᠠᠳ ᠢᠶᠠᠷ ︽县君︾ ᠬᠡᠵᠦ ᠲᠠᠭᠤᠳᠠᠨ᠎ᠠ᠃ ᠵᠢᠱᠢᠶᠡᠯᠡᠪᠡᠯ ᠪᠡᠶᠢᠰᠡ ᠶᠦᠨ ᠲᠠᠩ ᠤᠨ ᠬᠤᠶᠠᠳᠤᠭᠠᠷ ᠬᠡᠦᠭᠡᠨ᠂ ᠡᠩᠭᠡ ᠠᠮᠤᠭᠤᠯᠠᠩ ᠤᠨ 58 ᠤᠨ ᠤ 5 ᠰᠠᠷ᠎ᠠ ᠳᠤ ᠪᠠᠭᠠᠷᠢᠨ ᠬᠤᠰᠢᠭᠤᠨ ᠤ ᠺᠠᠮᠪᠤ ᠵᠢᠶᠦ᠋ᠨ ᠸᠠᠩ ᠲᠠᠢ ᠬᠤᠷᠢᠮᠯᠠᠵᠤ᠂ ︽ᠰᠢᠶᠠᠨ ᠵᠢᠶᠦ᠋ᠨ ᠬᠤᠰᠢᠭᠤ ᠠᠪᠭᠠᠢ︾ ︵县君固山格格︶ ᠬᠡᠵᠦ ᠲᠠᠭᠤᠳᠠᠨ᠎ᠠ᠃ ᠬᠦᠷᠭᠡᠨ ᠨᠢ ︽ᠬᠤᠰᠢᠭᠤᠨ ᠤ ᠲᠠᠪᠤᠨᠠᠩ︾ ︵县君固山额驸︶ ᠬᠡᠵᠦ ᠲᠠᠭᠤᠳᠠᠨ᠎ᠠ᠃  ᠬᠦᠩ ᠤᠨ ᠬᠦᠪᠡᠬᠦᠨ ᠠᠪᠠᠭᠠᠢ ︵乡君公格格︶ ᠬᠠᠭᠠᠨ ᠤ ᠲᠦᠷᠦᠯ ᠤᠭᠰᠠᠭ᠎ᠠ ᠶᠢᠨ ᠤᠯᠤᠰ ᠤᠨ ᠲᠦᠰᠢᠶ᠎ᠡ ᠬᠦᠩ᠂ ᠤᠯᠤᠰ ᠤᠨ ᠲᠤᠰᠠᠯᠠᠬᠤ ᠬᠦᠩ ᠤᠨ ᠬᠡᠦᠭᠡᠨ  ᠤ ᠲᠠᠭᠤᠳᠠᠯᠭ᠎ᠠ ᠪᠤᠯᠤᠨ᠎ᠠ᠃ ᠬᠢᠳᠠᠳ ᠢᠶᠠᠷ ︽乡君公格格︾ ᠬᠡᠨ᠎ᠡ᠃ ᠵᠢᠱᠢᠶᠡᠯᠡᠪᠡᠯ ᠤᠯᠤᠰ ᠤᠨ ᠲᠦᠰᠢᠶ᠎ᠡ ᠬᠦᠩ ᠶᠦᠩ ᠭᠠᠩ ᠤᠨ ᠶᠡᠭᠡ ᠬᠡᠦᠭᠡᠨ᠂ ᠲᠦᠷᠦ ᠬᠡᠷᠡᠯᠳᠦ ᠶᠢᠨ 5 ᠤᠨ ᠤ 12 ᠰᠠᠷ᠎ᠠ ᠳᠤ ᠬᠠᠷᠠᠴᠢᠨ  ᠤ ᠲᠠᠪᠤᠨᠠᠩ ᠷᠠᠰᠢᠴᠢᠳᠠᠷ ᠲᠠᠢ ᠬᠤᠷᠢᠮᠯᠠᠵᠤ᠂ ︽ᠰᠢᠶᠠᠩ ᠵᠢᠶᠦ᠋ᠨ ᠬᠦᠩ ᠤᠨ ᠠᠪᠠᠭᠠᠢ︾ ︵乡君公格格︶ ᠬᠡᠵᠦ ᠲᠠᠭᠤᠳᠠᠵᠤ᠂ ᠬᠦᠷᠭᠡᠨ ᠨᠢ ︽ᠬᠦᠩ ᠤᠨ ᠠᠪᠠᠭᠠᠢ ᠶᠢᠨ ᠲᠠᠪᠤᠨᠠᠩ︾ ︵乡君额驸︶ ᠬᠡᠵᠦ ᠲᠠᠭᠤᠳᠠᠨ᠎ᠠ᠃ ⒋ ᠲᠠᠶᠢᠴᠢᠩ ᠬᠦᠷᠦᠨ ᠤ ᠦᠶ᠎ᠡ ᠮᠤᠩᠭᠤᠯ ᠬᠤᠰᠢᠭᠤᠨ ᠳᠤ ᠶᠡᠷᠦᠳᠡ ᠶᠢᠨ ᠬᠡᠷᠡᠭᠯᠡᠬᠦ ᠨᠤᠶᠠᠨ ᠵᠡᠷᠭᠡ ᠶᠢᠨ ᠨᠡᠷᠡᠰ ᠦᠭᠡ ⑴ ᠬᠠᠸᠠᠨ ︵哈番︶ ᠬᠢᠳᠠᠳ ᠢᠶᠠᠷ ︽行走︾ ᠬᠡᠵᠦ ᠲᠠᠭᠤᠳᠠᠨ᠎ᠠ᠃ ᠡᠳᠦᠷ ᠲᠤ ᠡᠭᠡᠯᠵᠢ ᠵᠢᠵᠢᠭᠦᠷ ᠬᠢᠬᠦ ᠬᠡᠰᠡᠨ ᠤᠳᠬ᠎ᠠ ᠲᠠᠢ᠃ ᠬᠠᠭᠠᠨ ᠡᠵᠡᠨ ᠪᠠ ᠶᠡᠭᠡ ᠰᠠᠶᠢᠳ ᠤᠨ ᠬᠤᠭᠤᠷᠤᠨᠳᠤᠬᠢ ᠶᠢᠨ ᠵᠢᠵᠢᠭᠦᠷᠳᠡᠬᠦ ᠶᠢ ︽ᠬᠠᠭᠠᠨ ᠰᠠᠶᠢᠳ ᠬᠤᠭᠤᠷᠤᠨᠳᠤᠬᠢ ᠶᠢᠨ ᠵᠢᠵᠢᠭᠦᠷ︾ ᠬᠡᠵᠦ᠂ ᠴᠡᠷᠢᠭ ᠤᠨ ᠶᠠᠮᠤᠨ ᠤ ᠬᠡᠷᠭᠡᠮ ᠰᠠᠶᠢᠳ ᠲᠤ ᠵᠢᠵᠢᠭᠦᠷᠳᠡᠬᠦ ᠶᠢ ︽ᠵᠢᠵᠢᠭᠦᠷ ᠤᠨ ᠬᠡᠷᠡᠭ ᠬᠢᠬᠦ ᠬᠠᠸᠠᠨ︾ ᠬᠡᠵᠦ ᠲᠠᠭᠤᠳᠠᠨ᠎ᠠ᠃ ᠲᠡᠭᠷᠢ ᠲᠡᠳᠭᠦᠭᠴᠢ ᠶᠢᠨ ᠲᠡᠷᠢᠬᠦᠨ ᠤᠨ 7 ᠰᠠᠷ᠎ᠠ ᠳᠤ ᠲᠠᠪᠤᠨ ᠲᠡᠰ ᠤᠨ ᠲᠠᠭᠤᠳᠠᠯᠭ᠎ᠠ ᠪᠠᠷ ᠲᠤᠭᠳᠠᠭᠠᠵᠠᠢ᠃ ᠵᠢᠩᠰᠡ ᠬᠠᠸᠠᠨ᠂ ᠬᠢᠳᠠᠳ ᠢᠶᠠᠷ ︽子︾᠂ ᠲᠦᠷᠪᠡᠳᠦᠭᠡᠷ ᠲᠡᠰ︔ ᠳ᠋ᠡᠳ᠋ ᠲᠦᠰᠢᠮᠡᠯ ︵ᠠᠰᠠᠬᠠᠨᠢ ᠬᠠᠸᠠᠨ︶᠂ ᠬᠢᠳᠠᠳ ᠢᠶᠠᠷ ︽男︾᠂ ᠲᠠᠪᠤᠳᠤᠭᠠᠷ ᠲᠡᠰ︔ ᠲᠡᠰᠯᠡᠭᠰᠡᠨ ᠲᠦᠰᠢᠮᠡᠯ ︵ᠠᠳᠠᠬ᠎ᠠ ᠬᠠᠸᠠᠨ︶᠂ ᠬᠢᠳᠠᠳ ᠢᠶᠠᠷ ︵轻车都尉︶ ᠬᠡᠵᠦ ᠲᠠᠭᠤᠳᠠᠨ᠎ᠠ︔ ᠬᠡᠷᠡᠭᠯᠡᠭᠳᠡᠬᠦ ᠲᠦᠰᠢᠮᠡᠯ ︵ᠪᠠᠶᠢᠳᠠᠯᠠ ᠬᠠᠪᠤᠯᠠ ᠬᠠᠸᠠᠨ︶᠂ ᠬᠢᠳᠠᠳ ᠢᠶᠠᠷ ︽骑都尉︾ ᠬᠡᠵᠦ ᠲᠠᠭᠤᠳᠠᠨ᠎ᠠ︔ ᠭᠤᠷᠳᠢ ᠲᠦᠰᠢᠮᠡᠯ ︵ᠲᠤᠰᠠᠯᠠᠬᠤ ᠬᠠᠸᠠᠨ︶᠂ ᠬᠢᠳᠠᠳ ᠢᠶᠠᠷ ︽云都尉︾ ᠬᠡᠵᠦ ᠲᠠᠭᠤᠳᠠᠨ᠎ᠠ᠃ ⑵ ᠵᠠᠩᠬᠢ ︵章京︶ ᠲᠠᠶᠢᠴᠢᠩ ᠬᠦᠷᠦᠨ ᠤ ᠦᠶ᠎ᠡ ᠳᠤ ᠤᠯᠠᠩᠬᠢ ᠴᠡᠷᠢᠭ ᠤᠨ ᠲᠤᠰᠢᠶᠠᠯ ᠢ ︽ᠵᠠᠩᠬᠢ︾ ᠬᠡᠵᠦ ᠲᠠᠭᠤᠳᠠᠨ᠎ᠠ᠃ ᠪᠦᠬᠦ ᠤᠯᠤᠰ ᠤᠨ ᠤᠯᠤᠰ ᠲᠦᠷᠦ ᠶᠢᠨ ᠵᠦᠪᠯᠡᠯᠭᠡᠨ ᠤ ᠲᠡᠦᠭᠡ ᠮᠠᠲ᠋ᠧᠷᠢᠶᠠᠯ ᠳᠤ ︽当差伎人之通称︾ ᠬᠡᠵᠦ ᠲᠠᠶᠢᠯᠪᠤᠷᠢᠯᠠᠵᠠᠢ᠃ ᠡᠭᠦᠨ ᠤ ᠲᠤᠳᠤᠷ᠎ᠠ ᠬᠤᠶᠠᠷ ᠲᠠᠯ᠎ᠠ ᠶᠢᠨ ᠠᠭᠤᠯᠭ᠎ᠠ ᠲᠠᠢ᠃ ᠨᠢᠭᠡ ᠨᠢ᠂ ᠴᠡᠷᠢᠭ ᠤᠨ ᠴᠢᠨᠠᠷ ᠲᠠᠢ ᠡᠷᠬᠢᠯᠡᠭᠴᠢ ᠲᠤᠰᠢᠶᠠᠯ︔ ᠬᠤᠶᠠᠷ ᠨᠢ᠂ ᠬᠠᠭᠠᠨ ᠡᠵᠡᠨ ᠵᠢᠴᠢ ᠲᠦᠷᠦᠯ ᠤᠭᠰᠠᠭ᠎ᠠ ᠠᠴᠠ ᠭᠠᠳᠠᠨ᠎ᠠ  ᠶᠢᠨ ᠵᠠᠭᠤᠨ ᠤᠪᠤᠭᠳᠤ ᠬᠡᠷᠭᠡᠮ ᠰᠠᠶᠢᠳ ᠠᠴᠠ ᠶᠡᠷᠦ ᠶᠢᠨ ᠠᠷᠠᠳ ᠬᠦᠷᠳᠡᠯ᠎ᠡ ᠪᠦᠷ ᠠᠰᠢᠨᠬᠢᠤᠷᠤ ᠶᠠᠯᠠᠳᠠᠨ ᠤᠪᠤᠭᠳᠤ ᠶᠢᠨ ᠪᠤᠭᠤᠯ ᠪᠤᠯᠤᠨ᠎ᠠ᠃ ᠡᠶᠢᠮᠦ ᠤᠴᠢᠷ ᠠᠴᠠ ᠠᠯᠢᠪᠠ ᠲᠦᠷᠦ ᠶᠢᠨ ᠲᠦᠰᠢᠮᠡᠯ ᠴᠡᠷᠢᠭ ᠤᠨ ᠨᠤᠶᠠᠨ ᠪᠦᠷ ︽ᠵᠠᠩᠬᠢ︾ ᠬᠡᠵᠦ ᠪᠤᠭᠤᠯ ᠤᠨ ᠴᠢᠨᠠᠷ ᠢᠶᠠᠷ ᠲᠠᠭᠤᠳᠠᠨ᠎ᠠ᠃ ⑶ ᠬᠤᠰᠢᠭᠤ ︵固山︶ ︽ᠦᠭᠡᠰ ᠤᠨ ᠲᠠᠯᠠᠢ︾ ᠳᠤ ︽固山︾ ᠢ ︽ᠬᠤᠰᠢᠭᠤ︾ ᠬᠡᠵᠦ ᠲᠡᠮᠳᠡᠭᠯᠡᠵᠦ ᠪᠠᠶᠢᠨ᠎ᠠ᠃ ᠮᠠᠨᠵᠤ ᠦᠭᠡ ︽ᠬᠤᠱᠠ︾ ᠬᠡᠵᠦ ᠪᠢᠴᠢᠨ᠎ᠡ᠃ ︽ᠬᠤᠰᠢᠭᠤ︾ ᠬᠡᠰᠡᠨ ᠦᠭᠡ ᠵᠠᠰᠠᠭ ᠲᠦᠷᠦ᠂ ᠴᠡᠷᠢᠭ ᠬᠤᠶᠠᠷ ᠴᠢᠨᠠᠷ ᠲᠠᠢ᠂            ︽ᠬᠠᠪᠰᠤᠷᠤᠭᠴᠢ︾ ᠬᠡᠰᠡᠨ ᠦᠭᠡᠨ ᠠᠴᠠ ᠢᠷᠡᠯᠳᠠᠢ᠃ ᠤᠭ ᠢᠷᠡᠯ ᠪᠤᠯ ᠬᠤᠶᠢᠳᠤ ᠠᠯᠳᠠᠨ ᠤᠯᠤᠰ ᠤᠨ ᠠᠩᠬ᠎ᠠ ᠦᠶ᠎ᠡ ᠠᠰᠢᠨᠬᠢᠤᠷᠤ ᠠᠯᠳᠠᠨ ᠤᠪᠤᠭᠳᠤ ᠶᠢᠨ ᠢᠵᠠᠭᠤᠷᠳᠠᠨ ᠮᠤᠩᠭᠤᠯ ᠲᠠᠢ ᠨᠢᠭᠳᠠᠷᠠᠨ ᠬᠤᠯᠪᠤᠬᠤ ᠶᠢᠨ ᠲᠦᠯᠦᠭᠡ ︽ᠮᠤᠩᠭᠤᠯ ᠠᠰᠢᠨᠬᠢᠤᠷᠤ ᠡᠷᠭᠡ ᠲᠡᠭᠰᠢ︾ ᠬᠡᠵᠦ ᠬᠦᠨᠳᠦᠳᠭᠡᠨ ᠠᠭᠠᠰᠢᠯᠠᠵᠤ᠂ ᠬᠤᠶᠢᠳᠤ ᠠᠯᠳᠠᠨ ᠮᠤᠩᠭᠤᠯ ᠦᠨᠳᠦᠰᠦᠳᠡᠨ ᠪᠤᠯ ︽ᠲᠤᠳᠤᠨᠤ ᠬᠠᠨᠢ︾ ᠬᠡᠵᠦ ᠦᠭᠦᠯᠡᠵᠦ᠂ ᠨᠤᠶᠠᠷᠬᠠᠭᠴᠢ ᠶᠢᠨ ᠴᠢᠷᠮᠡᠶᠢᠯᠠᠭ᠎ᠠ ᠪᠠᠷ ᠮᠠᠨᠵᠤ ᠮᠤᠩᠭᠤᠯ ᠤᠨ ᠬᠤᠯᠪᠤᠭᠠᠳᠤ ᠠᠶᠢᠮᠠᠭ ᠤᠨ ᠲᠤᠮᠤ ᠴᠡᠷᠢᠭ ᠤᠨ ᠵᠤᠬᠢᠶᠠᠨ ᠪᠠᠶᠢᠭᠤᠯᠤᠯᠭ᠎ᠠ ᠪᠤᠯᠵᠤ᠂ ᠬᠤᠩ ᠲᠠᠶᠢᠵᠢ ᠶᠢᠨ ᠦᠶ᠎ᠡ ᠳᠤ ᠴᠢᠩ ᠬᠦᠷᠦᠨ ᠤ ᠵᠠᠰᠠᠭ ᠤᠨ ᠡᠷᠭᠡ ᠪᠠᠳᠤ ᠪᠠᠬᠢ ᠪᠤᠯᠤᠭᠰᠠᠨ ᠤ ᠰᠢᠯᠳᠠᠭᠠᠨ ᠢᠶᠠᠷ ︽ᠬᠤᠰᠢᠭᠤ︾ ᠠᠨᠤ ᠮᠤᠩᠭᠤᠯ ᠤᠨ ᠵᠠᠰᠠᠭ ᠵᠠᠬᠢᠷᠭ᠎ᠠ ᠶᠢᠨ ᠨᠢᠭᠡᠴᠡ ᠪᠤᠯᠵᠤ᠂ ᠡᠳᠦᠭᠡ ᠪᠤᠯᠳᠠᠯ᠎ᠠ ᠦᠷᠭᠦᠯᠵᠢᠯᠡᠵᠦ ᠬᠡᠷᠡᠭᠯᠡᠵᠦ ᠪᠠᠶᠢᠨ᠎ᠠ᠃  ᠬᠠᠳᠤᠨ ︵福晋︶ ᠬᠡᠷᠭᠡᠢ᠂ ᠬᠢᠳᠠᠳ ᠢᠶᠠᠷ ︽妻子︾᠂ ᠡᠭᠦᠨ ᠳᠤ ᠢᠵᠠᠭᠤᠷᠳᠠᠨ ᠡᠮᠡᠭᠳᠡᠢ ᠬᠡᠰᠡᠨ ᠤᠳᠬ᠎ᠠ ᠲᠠᠢ᠃ ᠴᠢᠨ ᠸᠠᠩ  ᠤᠨ ᠬᠡᠷᠭᠡᠢ ᠶᠢ ︽ᠲᠠᠪᠤᠨᠠᠩ ᠬᠤᠱᠤᠢ ᠬᠠᠳᠤᠨ︾᠂ ᠵᠢᠶᠦ᠋ᠨ ᠸᠠᠩ ᠤᠨ ᠬᠡᠷᠭᠡᠢ ᠶᠢ ︽ᠲᠦᠷᠦ ᠶᠢᠨ ᠬᠠᠳᠤᠨ︾᠂ ᠪᠡᠶᠢᠯᠡ ᠶᠢᠨ ᠬᠡᠷᠭᠡᠢ ᠶᠢ ︽ᠪᠡᠶᠢᠯᠡ ᠶᠢᠨ ᠬᠠᠳᠤᠨ︾᠂ ᠪᠡᠶᠢᠰᠡ ᠶᠢᠨ ᠬᠡᠷᠭᠡᠢ ᠶᠢ ︽ᠪᠡᠶᠢᠰᠡ ᠶᠢᠨ ᠬᠠᠳᠤᠨ︾ ᠬᠡᠵᠦ ᠲᠤᠰ ᠪᠦᠷᠢ ᠲᠠᠭᠤᠳᠠᠨ᠎ᠠ᠃ ᠴᠢᠨ ᠬᠦᠷᠦᠨ ᠤ ᠦᠶ᠎ᠡ ᠳᠤ ᠮᠠᠯᠠᠭᠠᠢ ᠶᠢᠨ ᠤᠷᠤᠢ ᠳᠠᠬᠢ ᠬᠠᠳᠬᠤᠵᠤ ᠪᠠᠶᠢᠭ᠎ᠠ ᠰᠤᠪᠤᠳ ᠤᠨ ᠲᠤᠭ᠎ᠠ ᠠᠴᠠ ᠬᠠᠳᠤᠨ ᠤ ᠵᠡᠷᠭᠡ ᠲᠡᠰ ᠢ ᠮᠡᠳᠡᠵᠦ ᠪᠤᠯᠤᠨ᠎ᠠ᠃ ᠴᠢᠨ ᠸᠠᠩ ᠬᠠᠳᠤᠨ 9 ᠬᠠᠳᠬᠤᠵᠤ᠂ ᠵᠢᠶᠦ᠋ᠨ ᠸᠠᠩ ᠤᠨ ᠬᠠᠳᠤᠨ 8 ᠬᠠᠳᠬᠤᠵᠤ᠂ ᠪᠠᠶᠢᠯᠠ ᠶᠢᠨ ᠬᠠᠳᠤᠨ 7 ᠬᠠᠳᠬᠤᠵᠤ᠂ ᠪᠡᠶᠢᠰᠡ ᠶᠢᠨ ᠬᠠᠳᠤᠨ 6 ᠬᠠᠳᠬᠤᠵᠤ᠂ ᠤᠯᠤᠰ ᠤᠨ ᠲᠦᠰᠢᠶ᠎ᠡ ᠬᠦᠩ ᠤᠨ ᠬᠠᠳᠤᠨ 5 ᠬᠠᠳᠬᠤᠵᠤ᠂ ᠤᠯᠤᠰ ᠲᠤᠷ ᠲᠤᠰᠠᠯᠠᠬᠤ ᠬᠦᠩ 4 ᠬᠠᠳᠬᠵᠤ ᠁ ᠬᠢᠶ᠎ᠡ ︵侍卫︶ ᠴᠢᠩ ᠬᠦᠷᠦᠨ ᠤ ᠦᠶ᠎ᠡ ᠳᠤ ᠮᠠᠨᠵᠤ ᠮᠤᠩᠭᠤᠯ ᠤᠨ ᠭᠠᠪᠢᠶᠠᠳᠤ ᠲᠦᠰᠢᠮᠡᠯ ᠤᠨ ᠲᠡᠭᠦᠦ ᠪᠤᠶᠤ ᠬᠦᠪᠡᠭᠦᠨ ᠵᠢᠴᠢ ᠴᠡᠷᠢᠭ ᠤᠨ ᠤᠷᠤᠭᠰᠠᠳ ᠳᠤ ᠬᠢᠶ᠎ᠠ ᠬᠦᠷᠳᠡᠭᠡᠨ᠎ᠡ᠃ ᠨᠡᠶᠢᠳᠡ 1᠂ 2᠂ 3 ᠲᠡᠰ ᠬᠤᠪᠢᠶᠠᠨ᠎ᠠ᠃ ᠲᠤᠰ ᠪᠦᠷᠢ ᠳᠤ ᠲᠦᠷᠦ ᠳᠤ ᠶᠠᠪᠤᠬᠤ ᠬᠢᠶ᠎ᠠ᠂ ᠴᠢᠶᠠᠨ ᠴᠢᠩ ᠮᠧᠨ ᠤ ᠬᠢᠶ᠎ᠠ᠂ ᠬᠡᠷᠭᠡᠮ ᠰᠠᠶᠢᠳ ᠤᠨ ᠬᠢᠶ᠎ᠠ ᠵᠡᠷᠭᠡ ᠪᠤᠯᠤᠨ᠎ᠠ᠃ ᠶᠡᠷᠦ  ᠶᠢᠨ ᠡᠭᠦᠳᠡᠨ ᠬᠢᠶ᠎ᠠ ᠬᠡᠵᠦ 1᠂ 2᠂ 3 ᠲᠡᠰ ᠪᠠᠶᠢᠨ᠎ᠠ᠃ ᠡᠭᠦᠳᠡᠨ ᠬᠢᠶ᠎ᠠ ᠶᠢ ᠴᠢᠶᠠᠨ ᠴᠢᠩ ᠮᠧᠨ ᠤ ᠡᠭᠦᠳᠡᠨ ᠳᠤ ᠤᠷᠤᠭᠤᠯᠬᠤ ᠦᠭᠡᠢ᠃ ᠮᠤᠩᠭᠤᠯ ᠸᠠᠩ ᠬᠦᠩ ᠪᠠᠰᠠ ᠬᠢᠶ᠎ᠠ ᠲᠠᠢ᠂ ᠵᠢᠱᠢᠶᠡᠯᠡᠪᠡᠯ ᠠᠤᠬᠠᠨ ᠪᠠᠷᠠᠭᠤᠨ ᠭᠠᠷ ᠤᠨ ᠵᠠᠰᠠᠭ ᠲᠦᠷᠦ ᠶᠢᠨ ᠵᠢᠶᠦ᠋ᠨ ᠸᠠᠩ ᠰᠡᠷᠡᠩᠳᠤᠩᠷᠤᠪ ᠤᠨ ᠦᠶ᠎ᠡ ᠶᠢᠨ ᠲᠤᠰᠠᠯᠠᠨ ᠵᠠᠬᠢᠷᠤᠭᠴᠢ ᠨᠤᠶᠠᠨ ᠠᠯᠳᠠᠨᠬᠡᠰᠢᠭ ᠪᠠᠰᠠ ᠬᠢᠶ᠎ᠠ ᠶᠢᠨ ᠲᠤᠰᠢᠶᠠᠯ ᠲᠠᠢ᠂ ᠮᠠ ᠤᠪᠤᠭᠳᠤ ᠪᠤᠯᠬᠤᠷ ᠬᠦᠮᠦᠰ ᠪᠦᠷ ᠮᠠ ᠯᠤᠤᠶᠧ ᠬᠡᠵᠦ ᠬᠦᠨᠳᠦᠳᠭᠡᠨ ᠲᠠᠭᠤᠳᠠᠨ᠎ᠠ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备07002090号