ᠬᠠᠪᠤᠷ ᠪᠢ ᠬᠠᠶᠢᠷ᠎ᠠ ᠪᠠᠨ ᠬᠡᠯᠡᠨ᠎ᠡ
ᠨᠡᠶᠢᠲᠡᠯᠡᠭᠰᠡᠨ ᠴᠠᠭ᠄
2021/1/19
           ᠶ᠋᠊᠂ ᠬᠠᠶᠢᠷ᠎ᠠ ᠳᠤᠷᠠᠯᠠᠯ ᠤᠨ ᠤᠴᠢᠭ ᠢᠶᠠᠨ ᠨᠠᠷᠠᠨ ᠠᠴᠠ ᠰᠢᠵᠢᠮᠯᠠᠵᠤ ᠲᠤᠭᠤᠨᠤᠨ ᠤ ᠴᠢᠨᠢ ᠳᠤᠩᠭᠤᠯᠠᠢ ᠪᠠᠷ ᠭᠡᠭᠡ ᠪᠡᠯᠡᠭᠯᠡᠵᠤ ᠲᠤᠭᠤᠷᠭᠠᠨ ᠤ ᠴᠢᠨᠢ ᠪᠦᠰᠡᠯᠡᠭᠦᠷ ᠢ ᠤᠭᠤᠷᠠᠭ ᠢᠶᠠᠷ ᠮᠢᠯᠢᠶᠠᠵᠤ ᠲᠤᠭᠤᠯ ᠤᠨ ᠪᠡᠯᠴᠢᠭᠡᠷ ᠲᠤ ᠴᠢᠨᠢ ᠢᠷᠭᠤᠢ ᠨᠢᠳᠦᠯᠡᠭᠦᠯᠦᠭᠡᠳ ᠬᠠᠪᠤᠷ ᠪᠢ ᠬᠠᠶᠢᠷ᠎ᠠ ᠪᠠᠨ ᠬᠡᠯᠡᠨ᠎ᠡ ᠲᠤᠯᠤᠭᠠᠳ ᠤᠨ ᠤᠷᠤᠢ ᠠᠴᠠ ᠠᠶᠠᠯᠭᠤ ᠵᠢᠮᠪᠤᠷᠳᠡᠭᠦᠯᠵᠤ ᠲᠤᠷᠤᠮ ᠤᠨ ᠨᠢᠯᠪᠤᠰᠣ ᠶᠢ ᠳᠠᠭᠤᠣ ᠪᠠᠷ ᠢᠶᠠᠨ ᠠᠷᠴᠢᠵᠤ ᠲᠤᠯᠭ᠎ᠠ ᠶᠢᠨ ᠭᠠᠯ ᠢ ᠴᠢᠨᠢ ᠨᠠᠶᠢᠷᠠᠭ ᠢᠶᠠᠷ ᠢᠶᠠᠨ ᠬᠦᠭᠵᠢᠭᠡᠵᠤ ᠳᠤᠮᠪᠤ ᠲᠠᠢ ᠴᠠᠶᠢᠨ ᠳᠤ ᠴᠢᠨᠢ ᠰᠡᠳᠭᠢᠯ ᠢᠶᠠᠨ ᠰᠦᠯᠡᠭᠡᠳ ᠬᠠᠪᠤᠷ ᠪᠢ ᠬᠠᠶᠢᠷ᠎ᠠ ᠪᠠᠨ ᠬᠡᠯᠡᠨ᠎ᠡ ᠭᠠᠯᠪᠡ ᠶᠢᠨ ᠰᠠᠯᠬᠢᠨ ᠠᠴᠠ ᠮᠦᠷ ᠢ ᠴᠢᠨᠢ ᠬᠠᠶᠢᠵᠤ ᠭᠠᠵᠡᠷ ᠤᠨ ᠵᠢᠷᠦᠭᠡᠨ ᠠᠴᠠ ᠰᠦᠵᠢᠭ ᠬᠦᠪᠤᠷᠡᠭᠦᠯᠵᠤ ᠭᠠᠳᠠᠰᠤ ᠤᠳᠤᠨ ᠠᠴᠠ ᠤᠬᠠᠭᠠᠨ ᠢ ᠴᠢᠨᠢ ᠬᠡᠮᠨᠡᠵᠤ ᠭᠠᠯᠠᠭᠤᠳ ᠤᠨ ᠳᠠᠭᠤᠨ ᠢᠶᠠᠷ ᠪᠤᠳᠤᠯ ᠢᠶᠠᠨ ᠠᠷᠭᠠᠳᠠᠭᠠᠳ ᠬᠠᠪᠤᠷ ᠪᠢ ᠬᠠᠶᠢᠷ᠎ᠠ ᠪᠠᠨ ᠬᠡᠯᠡᠨ᠎ᠡ ᠬᠠᠶᠢᠯ ᠤᠨ ᠤᠰᠤᠨ ᠳᠤ ᠰᠡᠭᠦᠳᠡᠷ ᠢᠶᠠᠨ ᠠᠷᠢᠭᠤᠯᠠᠵᠤ ᠬᠠᠭᠳᠠᠨ ᠤ ᠦᠡᠭᠭᠡᠨ ᠳᠤ ᠬᠠᠷᠠᠭ᠎ᠠ ᠪᠠᠨ ᠤᠨᠠᠭᠠᠵᠤ ᠨᠠᠭᠤᠷ ᠤᠨ ᠮᠡᠯᠮᠡᠢ ᠳᠤ ᠳᠤᠤᠯᠢᠶᠠᠨ ᠪᠢᠳᠡᠷᠯᠠᠭᠤᠯᠵᠤ ᠨᠢᠭᠤᠴᠠᠬᠠᠨ ᠬᠦᠰᠡᠯ ᠢᠶᠠᠨ ᠵᠢᠷᠦᠭᠡᠨ ᠳᠤ ᠪᠠᠨ ᠰᠢᠪᠡᠨᠠᠭᠡᠳ ᠬᠠᠪᠤᠷ ᠪᠢ ᠬᠠᠶᠢᠷ᠎ᠠ ᠪᠠᠨ ᠬᠡᠯᠡᠨ᠎ᠡ ᠠᠩᠬᠠᠨ ᠤ ᠪᠤᠷᠤᠭᠠᠨ ᠢᠶᠠᠷ ᠵᠤᠯᠠᠢ ᠪᠠᠨ ᠦᠨᠦᠰᠦᠭᠦᠯᠵᠤ ᠠᠭᠳᠠ ᠶᠢᠨ ᠵᠢᠯᠤᠭᠤ ᠪᠠᠨ ᠴᠢᠮ᠎ᠠ ᠵᠦᠭ ᠢᠶᠠᠨ ᠵᠠᠯᠠᠵᠤ ᠦᠯᠢ ᠶᠢᠨ ᠤᠪᠤᠭᠠᠨ ᠳᠤ ᠪᠠᠨ ᠬᠡᠶᠢᠮᠦᠷᠢ ᠪᠠᠨ ᠰᠢᠪᠰᠢᠵᠤ ᠠᠨᠳᠠᠭᠠᠢ ᠲᠠᠩᠭᠠᠷᠢᠭ ᠢᠶᠠᠨ ᠦᠷᠦᠴᠡᠨ ᠳᠤ ᠪᠠᠨ ᠶᠡᠭᠦᠯᠡᠭᠡᠳ ᠬᠠᠪᠤᠷ ᠪᠢ ᠬᠠᠶᠢᠷ᠎ᠠ ᠪᠠᠨ ᠬᠡᠯᠡᠨ᠎ᠡ
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备07002090号