ᠲᠡᠷᠡ ᠦᠶ᠎ᠡ ᠳᠤ ᠲᠡᠶᠢᠮᠦ ᠰᠠᠶᠢᠬᠠᠨ ᠪᠠᠶᠢᠭᠰᠠᠨ
ᠨᠡᠶᠢᠲᠡᠯᠡᠭᠰᠡᠨ ᠴᠠᠭ᠄
2021/1/19
             ᠲᠡᠷᠡ ᠦᠶ᠎ᠡ ᠳᠤ ᠲᠡᠶᠢᠮᠦ ᠰᠠᠶᠢᠬᠠᠨ ᠪᠠᠶᠢᠭᠰᠠᠨ                        — ᠰᠢᠨ᠎ᠡ ᠵᠢᠯ ᠤᠨ ᠵᠦᠡᠭᠨᠡᠯ ᠪᠤᠯᠭᠠᠨ ᠬᠦᠷᠭᠡᠮᠦᠬᠡᠣᠭᠡᠳ ᠢᠯᠭᠠᠯ ᠦᠭᠡᠢ ᠰᠤᠷᠭᠠᠵᠦ ᠠᠭᠤᠷᠯᠠᠲᠠᠭ ᠠᠬᠠᠮᠠᠳ ᠤᠨ ᠵᠠᠩ ᠨᠢ ᠰᠠᠶᠢᠬᠠᠨ ᠪᠠᠶᠢᠭᠰᠠᠨᠬᠡᠨ ᠢ ᠴᠤ ᠬᠠᠮᠵᠢᠵᠦ ᠬᠠᠯᠠᠮᠵᠢᠯᠠᠲᠠᠭ ᠰᠠᠭᠠᠬᠠᠯᠲᠠ ᠶᠢᠨ ᠬᠢᠨ ᠠᠭᠠᠯᠢ ᠨᠢ ᠰᠠᠶᠢᠬᠠᠨ ᠪᠠᠶᠢᠭᠰᠠᠨᠭᠡᠵᠢᠶ᠎ᠡ ᠬᠠᠮᠢᠭ᠎ᠠ ᠠᠭᠤᠯᠵᠠᠭᠰᠠᠨ ᠴᠣ᠋ ᠠᠮᠤᠷ ᠮᠠᠨᠲᠦ ᠠᠰᠠᠭᠤᠲᠠᠭ ᠮᠤᠷᠠᠯ ᠨᠢ ᠰᠠᠶᠢᠬᠠᠨ ᠪᠠᠶᠢᠭᠰᠠᠨᠬᠡᠯᠡ ᠠᠮᠠ ᠬᠡᠷᠡᠭ ᠵᠠᠷᠭᠤ ᠴᠦᠭᠡᠨ ᠡᠶ᠎ᠡ ᠨᠠᠶᠢᠷᠲᠠᠢ ᠶᠠᠪᠤᠯᠴᠠᠲᠠᠭ ᠰᠤᠷᠲᠠᠯ ᠨᠢ ᠰᠠᠶᠢᠬᠠᠨ ᠪᠠᠶᠢᠭᠰᠠᠨᠢᠷᠡᠭᠰᠡᠨ ᠭᠡᠶᠢᠴᠢᠨ ᠳᠤ ᠪᠠᠨ ᠠᠯᠢ ᠪᠠᠶᠢᠲᠠᠭ ᠢᠶᠠᠨ ᠲᠡᠮᠲᠡᠷᠢᠵᠦ ᠬᠦᠨᠲᠦᠯᠡᠲᠡᠭ ᠪᠠᠶᠢᠭᠰᠠᠨᠡᠷᠬᠢᠵᠦ ᠠᠶᠢᠯᠴᠢᠯᠠᠨ ᠰᠠᠭᠠᠲᠠᠭᠠᠷᠠᠢ ᠭᠡᠵᠦ ᠵᠦᠡᠭᠨᠡᠯ ᠲᠠᠢ ᠮᠤᠷᠲᠠᠭᠤᠯᠲᠠᠭ ᠪᠠᠶᠢᠭᠰᠠᠨᠵᠡᠭᠦᠨ ᠪᠠᠷᠠᠭᠤᠨ ᠠᠶᠢᠯ ᠬᠦᠷᠰᠢ ᠪᠠᠨ ᠵᠠᠯᠠᠵᠦ ᠱᠦᠯᠦ ᠤᠤᠭᠤᠯᠭᠠᠲᠠᠭ ᠪᠠᠶᠢᠭᠰᠠᠨᠵᠢᠷᠦᠬᠡ ᠠᠭᠤᠰᠬᠢ ᠬᠠᠪᠢᠷᠭ᠎ᠠ ᠲᠠᠯᠤ ᠭᠡᠵᠦ ᠬᠤᠪᠢ ᠲᠡᠭᠰᠢ ᠲᠦᠭᠡᠭᠡᠲᠡᠭ ᠪᠠᠶᠢᠭᠰᠠᠨᠢᠲᠡᠭᠰᠡᠨ ᠠᠶᠠᠭ᠎ᠠ ᠪᠠᠨ ᠲᠤᠯᠢᠶᠡ ᠭᠡᠬᠦ ᠤᠴᠢᠷ ᠲᠠᠢ ᠰᠤᠷᠭᠠᠯ ᠨᠢ ᠰᠠᠶᠢᠬᠠᠨ ᠪᠠᠶᠢᠭᠰᠠᠨᠢᠰᠢᠭᠡ ᠬᠤᠷᠠᠭ᠎ᠠ ᠬᠠᠷᠠ ᠭᠡᠬᠦ ᠠᠵᠢᠯ ᠳᠤ ᠭᠠᠷᠰᠢᠭᠤᠯᠬᠤ ᠵᠡᠬᠢᠶ᠎ᠠ ᠨᠢ ᠰᠠᠶᠢᠬᠠᠨ ᠪᠠᠶᠢᠭᠰᠠᠨᠢᠷ ᠲᠠᠢ ᠵᠡᠪᠰᠡᠭ ᠢ ᠬᠦᠮᠦᠨ ᠳᠤ ᠬᠠᠨᠲᠤᠭᠤᠯᠲᠠᠭ ᠦᠭᠡᠢ ᠴᠡᠭᠡᠷ ᠨᠢ ᠰᠠᠶᠢᠬᠠᠨ ᠪᠠᠶᠢᠭᠰᠠᠨᠢᠮ ᠲᠠᠮᠠᠭ᠎ᠠ ᠪᠠᠷ ᠮᠠᠯ ᠢᠶᠠᠨ ᠲᠠᠨᠢᠬᠤ ᠤᠯᠠᠮᠵᠢᠯᠠᠯ ᠨᠢ ᠴᠤ ᠪᠦᠷ ᠰᠠᠶᠢᠬᠠᠨ ᠪᠠᠶᠢᠭᠰᠠᠨᠬᠠᠭᠵᠠᠷᠬᠠᠢ ᠭᠤᠲᠤᠯ ᠲᠠᠢ ᠪᠢᠯᠡᠭᠤ ᠲᠡᠭᠦᠵᠢᠯᠡᠭᠡᠳ ᠠᠪᠠ ᠳᠤ ᠬᠦᠶᠦᠬᠦ ᠨᠢ ᠰᠠᠶᠢᠬᠠᠨ ᠪᠠᠶᠢᠭᠰᠠᠨᠬᠠᠶᠠ ᠡᠷᠬᠢᠯᠡᠲᠡᠭ ᠨᠠᠶᠢᠷ ᠨᠠᠭᠠᠲᠤᠮ ᠳᠤ ᠪᠦᠬᠡᠴᠢᠳ ᠤᠨ ᠪᠠᠷᠢᠯᠲᠤᠭᠠᠨ ᠨᠢ ᠰᠠᠶᠢᠬᠠᠨ ᠪᠠᠶᠢᠭᠰᠠᠨᠬᠠᠪᠤᠷ ᠤᠨ ᠰᠠᠶᠢᠬᠠᠨ ᠡᠷᠡᠨ ᠳᠤ ᠦᠷᠢᠶ᠎ᠡ ᠡᠰᠭᠡᠵᠦ ᠬᠤᠷᠠᠭ᠎ᠠ ᠴᠢᠮᠬᠢᠬᠦ ᠨᠢ ᠰᠠᠶᠢᠬᠠᠨ ᠪᠠᠶᠢᠭᠰᠠᠨᠬᠠᠯᠠᠭᠠᠢ ᠮᠦᠭᠦ ᠠᠷᠪᠠᠢ ᠪᠠᠷ ᠠᠮᠲᠠᠲᠦ ᠰᠠᠶᠢᠬᠠᠨ ᠵᠠᠭᠤᠰᠢ ᠭᠠᠷᠭᠠᠲᠠᠭ ᠨᠢ ᠰᠠᠶᠢᠬᠠᠨ ᠪᠠᠶᠢᠭᠰᠠᠨᠡᠬᠡ ᠪᠠᠨ ᠠᠯᠲᠠᠭᠰᠠᠨ ᠦᠨᠦᠴᠢᠨ ᠲᠦᠯ ᠢ ᠤᠭᠵᠢᠵᠦ ᠪᠤᠶᠢᠵᠢᠭᠤᠯᠲᠠᠭ ᠪᠠᠶᠢᠭᠰᠠᠨᠦᠷᠦᠭᠡᠯ ᠦᠪᠡᠷ ᠤᠨ ᠮᠠᠯ ᠰᠦᠷᠦᠭ ᠢ ᠪᠦᠬᠦᠲᠡ ᠶᠢ ᠬᠤᠮᠢᠨ ᠤᠰᠤᠯᠠᠲᠠᠭ ᠪᠠᠶᠢᠭᠰᠠᠨᠡᠪᠤᠯ ᠤᠨ ᠤᠷᠲᠦ ᠦᠲᠡᠰᠢ ᠪᠠᠷ ᠷᠠᠳᠢᠤ᠋ ᠦᠯᠢᠭᠡᠷ ᠰᠤᠨᠤᠰᠬᠤ ᠪᠠᠷ ᠬᠦᠯᠢᠶᠡᠲᠡᠭ ᠪᠠᠶᠢᠭᠰᠠᠨᠦᠤᠷ ᠤᠨ ᠴᠤᠯᠮᠤᠨ ᠲᠠᠢ ᠤᠷᠤᠯᠲᠤᠨ ᠪᠤᠰᠴᠦ ᠠᠷᠭᠠᠯ ᠲᠦᠯᠡᠭᠡᠨ ᠳᠤ ᠶᠠᠪᠤᠲᠠᠭ ᠪᠠᠶᠢᠭᠰᠠᠨᠬᠠᠲᠤᠯᠠᠩ ᠲᠠᠷᠢᠶ᠎ᠠ ᠭᠡᠵᠦ ᠬᠤᠪᠢᠶᠠᠭᠰᠠᠨ ᠦᠭᠡᠢ ᠲᠠᠩᠰᠤᠭ ᠲᠠᠯ᠎ᠠ ᠨᠢ ᠲᠡᠨᠢᠬᠦᠨ ᠪᠠᠶᠢᠭᠰᠠᠨᠬᠠᠲᠠᠭᠤᠵᠢᠯᠲᠠᠢ ᠬᠦᠲᠡᠯᠮᠤᠷᠢ ᠪᠠᠨ ᠲᠦᠰᠢᠭᠰᠡᠨ ᠠᠲᠠᠯ ᠦᠢᠯᠡᠰ ᠨᠢ ᠪᠤᠷᠤᠭᠵᠢᠭᠤᠨ ᠪᠠᠶᠢᠭᠰᠠᠨᠤᠯᠤᠰ ᠠᠴᠠ ᠬᠡᠮᠵᠢᠶᠡᠯᠡᠭᠰᠡᠨ ᠪᠢᠯᠧᠲ ᠢ ᠵᠡᠷᠤᠭᠰᠡᠨ ᠴᠦ ᠦᠷᠢ ᠰᠢᠷᠢ ᠨᠢ ᠪᠠᠭ᠎ᠠ ᠪᠠᠶᠢᠭᠰᠠᠨᠤᠨᠤᠭ᠎ᠠ ᠬᠡᠷᠡᠭᠰᠡᠯ ᠠᠮᠦ ᠶᠢ ᠪᠠᠨ ᠵᠢᠭᠡᠯᠡᠭᠦᠯᠲᠡᠭ ᠦᠷᠦ ᠰᠡᠳᠭᠢᠯ ᠨᠢ ᠵᠦᠭᠡᠯᠡᠨ ᠪᠠᠶᠢᠭᠰᠠᠨᠡᠷᠭᠢ ᠲᠤᠤᠷ ᠬᠠᠷᠠᠭᠲᠠᠲᠠᠭ ᠦᠭᠡᠢ ᠨᠤᠲᠤᠭ ᠤᠨ ᠵᠠᠮ ᠨᠢ ᠰᠠᠷᠠᠭᠤᠯᠬᠠᠨ ᠪᠠᠶᠢᠭᠰᠠᠨᠡᠵᠢ ᠨᠠᠭᠤᠷ ᠢ ᠵᠤᠷᠢᠭᠰᠠᠨ ᠲᠠᠪᠤᠰᠤᠨ ᠠᠶᠠᠨ ᠤ ᠲᠡᠷᠭᠡ ᠨᠢ ᠲᠠᠭᠠᠭᠠᠴᠠᠲᠠᠢ ᠪᠠᠶᠢᠭᠰᠠᠨᠲᠠᠪᠤᠷ᠎ᠠ ᠶᠢᠨ ᠤᠰᠤ ᠱᠣᠣᠬᠢᠭᠰᠠᠨ ᠬᠤᠪᠤᠡᠭ ᠤᠨ ᠴᠤᠭ ᠨᠢ ᠢᠯᠴᠢ ᠶᠡᠬᠡᠬᠡᠨ ᠪᠠᠶᠢᠭᠰᠠᠨᠲᠠᠮᠠᠬᠢ ᠲᠠᠢ ᠭᠠᠨᠭ᠍ᠰᠠ ᠪᠠᠨ ᠫᠤᠭᠰᠢᠭᠰᠠᠨ ᠡᠪᠤᠭᠡᠳ ᠨᠢ ᠬᠠᠭᠤᠴᠢ ᠤᠯᠠᠨ ᠲᠠᠢ ᠪᠠᠶᠢᠭᠰᠠᠨᠱᠠᠩᠲᠠ ᠭᠤᠷᠤᠬ᠎ᠠ ᠨᠠᠭᠤᠷ ᠤᠨ ᠬᠦᠪᠡᠭᠡ ᠪᠠᠷ ᠴᠡᠴᠡᠭ ᠮᠢᠷᠠᠯᠵᠠᠬᠤ ᠨᠢ ᠰᠠᠶᠢᠬᠠᠨ ᠪᠠᠶᠢᠭᠰᠠᠨᠱᠠᠯᠲᠠᠩ ᠨᠢᠴᠦᠬᠦᠨ ᠵᠢᠭᠠᠯ ᠤᠳ ᠭᠤᠤᠯ ᠤᠨ ᠤᠰᠤᠨ ᠳᠤ ᠨᠠᠭᠠᠳᠬᠤ ᠨᠢ ᠰᠠᠶᠢᠬᠠᠨ ᠪᠠᠶᠢᠭᠰᠠᠨᠡᠭᠡᠵᠡᠭᠡᠢ ᠬᠤᠷᠤᠳ ᠪᠢᠰᠢᠯᠠᠭ ᠠᠴᠠ ᠨᠢ ᠲᠤᠰᠤ ᠭᠢᠯᠲᠠᠭᠠᠨᠠᠬᠤ ᠨᠢ ᠰᠠᠶᠢᠬᠠᠨ ᠪᠠᠶᠢᠭᠰᠠᠨᠡᠯᠪᠡᠭ ᠲᠠᠩᠰᠤᠭ ᠨᠠᠮᠤᠷ ᠤᠨ ᠶᠠᠭᠠᠷᠠᠯ ᠳᠤ ᠭᠡᠭᠡᠷ᠎ᠡ ᠲᠤᠭᠤᠭᠠᠯᠠᠬᠤ ᠨᠢ ᠰᠠᠶᠢᠬᠠᠨ ᠪᠠᠶᠢᠭᠰᠠᠨᠰᠤᠶᠢᠯᠵᠦ ᠲᠦᠷᠦᠭᠰᠡᠨ ᠭᠤᠨᠵᠢ ᠲᠤᠭᠤᠯ ᠢᠶᠠᠨ ᠲᠠᠭᠠᠭᠤᠯᠵᠦ ᠢᠷᠡᠬᠦ ᠨᠢ ᠰᠠᠶᠢᠬᠠᠨ ᠪᠠᠶᠢᠭᠰᠠᠨᠰᠤᠨᠤᠷ ᠤᠷᠲᠦ ᠬᠤᠲᠠᠴᠢ ᠡᠵᠡᠨ ᠢᠶᠠᠨ ᠤᠭᠲᠤᠭᠠᠳ ᠰᠢᠷᠪᠠᠯᠵᠠᠬᠤ ᠨᠢ ᠰᠠᠶᠢᠬᠠᠨ ᠪᠠᠶᠢᠭᠰᠠᠨ︿︿ᠰᠤᠷᠲᠤᠭᠤ﹀﹀ ᠠᠪᠲᠠᠭ ᠴᠠᠭ᠂ ᠲᠤᠭᠤᠢ ᠬᠤᠶᠠᠷ ᠨᠢ ᠵᠠᠰᠠᠯ ᠪᠤᠯᠤᠭᠠᠳ ᠰᠠᠶᠢᠬᠠᠨ ᠪᠠᠶᠢᠭᠰᠠᠨᠰᠤᠮᠤ ᠠᠶᠢᠯ ᠤᠨ ᠰᠤᠷᠭᠠᠭᠤᠯᠢ ᠨᠤᠭᠤᠳ ᠨᠢ ᠰᠤᠶᠤᠯ ᠢ ᠭᠠᠶᠢᠬᠠᠭᠤᠯᠤᠭᠠᠳ ᠰᠠᠶᠢᠬᠠᠨ ᠪᠠᠶᠢᠭᠰᠠᠨᠭᠠᠯ ᠤᠨ ᠲᠠᠬᠢᠯᠭ᠎ᠠ ᠤᠶᠢᠷᠠᠳᠬᠤ ᠪᠠᠷ ᠭᠠᠲᠠᠨ᠎ᠠ ᠲᠤᠲᠤᠨ᠎ᠠ ᠪᠠᠨ ᠴᠡᠪᠡᠷᠯᠡᠬᠦ ᠨᠢ ᠰᠠᠶᠢᠬᠠᠨ ᠪᠠᠶᠢᠭᠰᠠᠨᠭᠠᠷ ᠤᠷᠠᠨ ᠤᠯᠤᠰ ᠢᠶᠠᠨ ᠭᠤᠶᠤᠵᠦ ᠭᠡᠷ ᠢᠶᠠᠨ ᠴᠠᠭᠠᠰᠣᠯᠠᠵᠦ ᠴᠢᠮᠡᠬᠦ ᠨᠢ ᠰᠠᠶᠢᠬᠠᠨ ᠪᠠᠶᠢᠭᠰᠠᠨᠰᠢᠨ᠎ᠡ ᠶᠢᠨ ᠨᠢᠭᠡᠨ ᠳᠤ ᠰᠢᠨ᠎ᠡ ᠬᠦᠷᠮ᠎ᠡ ᠲᠠᠢ ᠪᠤᠭᠤᠷᠤᠯ ᠳᠤ ᠪᠠᠨ ᠮᠦᠷᠭᠦᠬᠦ ᠨᠢ ᠰᠠᠶᠢᠬᠠᠨ ᠪᠠᠶᠢᠭᠰᠠᠨᠰᠢᠬᠢᠷ ᠪᠠᠭᠯᠠᠭᠰᠠᠨ ᠬᠡᠣᠭᠡᠳ ᠤᠨ ᠪᠤᠤᠪᠤ ᠲᠠᠢ ᠠᠶᠢᠯ ᠲᠤᠭᠤᠷᠢᠨ ᠵᠤᠯᠭᠠᠬᠤ ᠨᠢ ᠰᠠᠶᠢᠬᠠᠨ ᠪᠠᠶᠢᠭᠰᠠᠨᠬᠦᠲᠡᠭᠡ ᠪᠠᠶᠢᠭᠠᠯᠢ ᠨᠢ ᠨᠠᠷᠠ ᠰᠠᠯᠬᠢ ᠲᠡᠩᠴᠡᠭᠡᠳ ᠦᠶᠦᠭ ᠲᠠᠪᠠᠲᠠᠢ ᠪᠠᠶᠢᠭᠰᠠᠨᠬᠦᠮᠦᠨ ᠠᠷᠠᠳ ᠨᠢ ᠬᠦᠰᠡᠯ ᠵᠤᠷᠢᠭ ᠡᠪᠦᠷᠯᠡᠭᠡᠳ ᠬᠡᠶᠢᠮᠤᠷᠢ ᠵᠤᠯᠪᠤᠭ᠎ᠠ ᠲᠠᠢ ᠪᠠᠶᠢᠭᠰᠠᠨᠬᠡᠯᠡᠵᠦ ᠶᠠᠷᠢᠭᠠᠳ ᠪᠠᠷᠠᠰᠢ ᠦᠭᠡᠢ ᠦᠨᠡᠨ ᠤ ᠲᠠᠮᠠᠭ᠎ᠠ ᠲᠠᠢ ᠭᠡᠷᠡᠯᠲᠦ ᠲᠤᠷᠠᠰᠤᠮᠵᠢ ᠪᠠᠶᠢᠭᠰᠠᠨᠬᠡᠵᠢᠶ᠎ᠡ ᠡᠭᠦᠷᠢᠲᠡ ᠦᠷ᠎ᠡ ᠬᠤᠶᠢᠴᠢᠰ ᠲᠤ ᠪᠠᠨ ᠴᠡᠭᠡᠵᠢᠯᠡᠭᠦᠯᠬᠦ ᠢᠷᠠᠭᠤ ᠰᠢᠯᠦᠭ ᠪᠠᠶᠢᠭᠰᠠᠨ ᠡ︕ ᠁ ᠲᠡᠷᠡ ᠦᠶ᠎ᠡ ᠳᠤ ᠲᠠᠶᠢᠮᠦ ᠰᠠᠶᠢᠬᠠᠨ ᠪᠠᠶᠢᠭᠰᠠᠨ᠂ ᠰᠠᠶᠢᠬᠠᠨ ᠯᠡ ᠪᠠᠶᠢᠭᠰᠠᠨ︕          ᠪᠠᠭᠠᠷᠢᠨ ᠪᠠᠷᠠᠭᠤᠨ ᠬᠤᠰᠢᠭᠤᠨ ᠤ ᠳ᠋ᠠᠪᠠᠨ ᠪᠠᠯᠭᠠᠰᠤ ᠶᠢᠨ ᠵᠠᠰᠠᠭ ᠤᠨ ᠤᠷᠲᠤᠨ          ᠲᠡᠮᠦᠷᠪᠠᠭᠠᠨ᠎ᠠ                             13804766924
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备07002090号