ᠰ᠊᠂ ᠬᠤᠷᠴᠢᠨᠬᠦᠤ | ᠲᠦᠮᠡᠨ ᠪᠤᠳᠠᠰ ᠠᠮᠢᠯᠠᠨ ᠰᠡᠷᠭᠦᠭᠡᠳ | ᠲᠦᠯ ᠤᠨ ᠲᠠᠭᠤᠨ ᠬᠦᠭ ᠨᠡᠮᠡᠭᠰᠡᠨ | ᠲᠤᠭᠤᠷᠢᠮᠣᠨᠤᠰᠤ ᠲᠤᠨᠤᠷᠠᠨ ᠮᠡᠯᠮᠡᠷᠡᠭᠰᠡᠨ | ᠲᠤᠷᠭᠠᠨ ᠬᠦᠷᠦᠰᠦᠨ ᠳᠤ ᠢᠷᠭᠤᠢ ᠨᠢᠳᠦᠯᠡᠭᠰᠡᠨ | ᠲᠤᠬᠤᠢ ᠪᠦᠷᠢᠳᠦ ᠨᠤᠭᠤᠭᠠᠷᠠᠨ ᠬᠦᠬᠡᠷᠡᠭᠰᠡᠨ | ᠲᠤᠭᠤᠳᠠᠭ ᠰᠢᠪᠠᠭᠤ ᠤᠷᠠᠨ ᠪᠦᠵᠢᠭᠯᠡᠭᠰᠡᠨ | ᠬᠠᠪᠤᠷ ᠤᠨ ᠤᠶᠠᠬᠠᠨ ᠴᠢᠮᠡᠭᠡ | ᠬᠠᠮᠤᠭ ᠪᠦᠬᠦᠨ ᠢ ᠮᠡᠳᠡᠭᠡᠯᠡᠯ᠎ᠡ᠃ | ᠬᠤᠯᠤᠰᠤᠳᠠᠢ ᠨᠠᠭᠤᠷ ᠴᠠᠶᠢᠯᠵᠠᠨ ᠴᠠᠯᠭᠢᠯᠠᠭᠰᠠᠨ | ᠬᠤᠨ ᠤ ᠰᠦᠷᠦᠭ ᠲᠡᠪᠳᠡᠷᠡᠨ ᠵᠠᠯᠡᠯᠡᠭᠰᠡᠨ | ᠬᠤᠳᠤᠭᠤᠷ ᠪᠦᠷᠢᠳᠦ ᠳᠤ ᠬᠠᠭᠳᠠ ᠰᠢᠪᠦᠭᠡᠯᠡᠭᠰᠡᠨ | ᠬᠤᠷᠠᠭ᠎ᠠ ᠢᠰᠢᠭᠡ ᠭᠦᠶᠦᠯᠳᠦᠨ ᠴᠢᠮᠬᠢᠯᠡᠭᠰᠡᠨ | ᠬᠤᠯᠤᠰᠤ ᠵᠡᠭᠡᠰᠦ ᠬᠢᠮᠤᠰᠯᠠᠨ ᠰᠤᠶᠤᠭᠠᠯᠠᠭᠰᠠᠨ | ᠬᠤᠷ᠎ᠠ ᠶᠢᠨ ᠪᠠᠶᠢᠭᠠᠯᠢ ᠨᠤᠭᠤᠭᠠᠷᠠᠨ ᠴᠡᠴᠡᠭᠯᠡᠭᠰᠡᠨ | ᠬᠠᠪᠤᠷ ᠤᠨ ᠤᠶᠠᠬᠠᠨ ᠴᠢᠮᠡᠭᠡ | ᠬᠠᠮᠤᠭ ᠪᠦᠬᠦᠨ ᠢ ᠮᠡᠳᠡᠭᠡᠯᠡᠯ᠎ᠡ᠃ | ᠤᠳᠠ ᠤᠯᠢᠶᠠᠰᠤ ᠬᠦᠯᠦᠭᠯᠡᠨ ᠨᠠᠬᠢᠶᠠᠯᠠᠭᠰᠠᠨ | ᠤᠷᠠᠨ ᠰᠢᠪᠠᠦᠬᠠᠢ ᠦᠨᠳᠡᠭᠡᠯᠡᠨ ᠪᠦᠵᠢᠭᠰᠡᠨ | ᠤᠷᠢᠬᠠᠨ ᠰᠠᠯᠬᠢ ᠰᠡᠪᠡᠯᠵᠡᠨ ᠢᠯᠪᠢᠭᠰᠡᠨ | ᠤᠯᠢᠶᠠᠷᠬᠠᠭ ᠬᠡᠦᠬᠡᠳ ᠬᠦᠭᠡᠷᠦᠨ ᠲᠤᠭᠯᠠᠭᠰᠠᠨ | ᠤᠯᠤᠰ ᠤᠷᠤᠨ ᠨᠠᠶᠢᠷᠠᠮᠳᠠᠭᠤ ᠬᠦᠭᠵᠢᠭᠰᠡᠨ | ᠤᠯᠠᠨᠲ᠋ᠦ᠋ᠮᠡᠨ ᠴᠢᠨᠡᠭᠡᠯᠢᠭᠵᠢᠨ ᠲᠠᠪᠰᠢᠭᠰᠠᠨ | ᠬᠠᠪᠤᠷ ᠤᠨ ᠤᠶᠠᠬᠠᠨ ᠴᠢᠮᠡᠭᠡ | ᠬᠠᠮᠤᠭ ᠪᠦᠬᠦᠨ ᠢ ᠮᠡᠳᠡᠭᠡᠯᠡᠯ᠎ᠡ᠃ | ᠠᠭᠤᠳᠠᠮ ᠨᠤᠳᠤᠭ ᠤᠨᠢᠶᠠᠷᠳᠤᠨ ᠴᠡᠩᠭᠡᠷᠯᠡᠭᠰᠡᠨ | ᠤᠷᠤᠰᠬᠠᠯ ᠭᠤᠣᠯ ᠤᠭᠠᠯᠵᠠᠯᠠᠨ ᠮᠤᠷᠤᠯᠵᠠᠭᠰᠠᠨ | ᠤᠷᠠᠨ ᠬᠠᠷᠢᠶᠠᠴᠠᠢ ᠡᠭᠦᠷ ᠢᠶᠠᠨ ᠵᠠᠰᠠᠭᠰᠠᠨ | ᠤᠭᠤᠯᠢ ᠰᠢᠪᠠᠭᠤ ᠤᠯᠢᠨ ᠲᠤᠩᠭᠤᠳᠤᠭᠰᠠᠨ | ᠤᠢ ᠰᠢᠭᠤᠢ ᠬᠦᠩᠭᠢᠨᠡᠨ ᠱᠤᠣᠭᠢᠭᠰᠠᠨ | ᠤᠯᠠᠨ ᠬᠦᠷᠦᠭᠡᠰᠦ ᠴᠤᠪᠦᠨ ᠭᠦᠶᠦᠯᠳᠦᠭᠰᠡᠨ | ᠬᠠᠪᠤᠷ ᠤᠨ ᠤᠶᠠᠬᠠᠨ ᠴᠢᠮᠡᠭᠡ | ᠬᠠᠮᠤᠭ ᠪᠦᠬᠦᠨ ᠢ ᠮᠡᠳᠡᠭᠡᠯᠡᠯ᠎ᠡ᠃ | ᠬᠦᠳᠡᠭᠡ ᠨᠣᠳᠤᠭ ᠬᠦᠭᠵᠢᠯ ᠢᠶᠠᠷ ᠪᠢᠯᠬᠠᠭᠰᠠᠨ | ᠬᠦᠯᠦᠭ ᠮᠤᠷᠢᠳ ᠢᠵᠢᠯᠢᠰᠢᠨ ᠢᠨᠴᠠᠭᠠᠭᠰᠠᠨ | ᠬᠦᠮᠦᠨ ᠠᠷᠠᠳ ᠬᠦᠰᠡᠯ ᠳᠡᠭᠡᠨ ᠵᠢᠳᠭᠦᠭᠰᠡᠨ | ᠬᠦᠭᠵᠢᠶᠡᠨᠳᠦ ᠴᠠᠭ ᠤᠨ ᠤᠷᠢᠬᠠᠨ ᠰᠠᠯᠬᠢ ᠰᠡᠪᠡᠯᠵᠡᠭᠰᠡᠨ | ᠬᠠᠪᠤᠷ ᠤᠨ ᠤᠶᠠᠬᠠᠨ ᠴᠢᠮᠡᠭᠡ | ᠬᠠᠮᠤᠭ ᠪᠦᠬᠦᠨ ᠢ ᠮᠡᠳᠡᠭᠡᠯᠡᠯ᠎ᠡ᠃ | 2019 12 8 | | |