ᠦᠨᠡᠬᠡᠷ ᠪᠤᠳᠤᠵᠤ ᠤᠯᠤᠭᠰᠠᠨ ᠦᠭᠡᠢ ︵ᠬᠡᠥᠬᠡᠳ ᠤᠨ ᠦᠭᠦᠯᠡᠯᠭᠡ︶ | ᠸ᠊᠂ ᠠᠭᠤᠯᠠ | ᠨᠢᠭᠡ | ︽ᠳ᠋ᠦᠩ ᠂ ᠳ᠋ᠦᠩ ᠂᠂᠂᠂᠂᠂᠂︾ | ᠦᠨᠡᠬᠡᠷ ᠠᠷᠭ᠎ᠠ ᠦᠭᠡᠢ ᠂ ᠪᠠᠰᠠ ᠯᠡ ᠢᠷᠡᠵᠡᠢ ︕ | ᠲᠡᠳᠡ ᠪᠠᠰᠠ ᠯᠡ ᠠᠪᠤ ᠶᠢ ᠡᠷᠢᠬᠦ ᠪᠠᠷ ᠢᠷᠡᠭᠰᠡᠨ ᠪᠠᠶᠢᠯᠭᠦᠢ︕ ᠬᠡᠩ︕ ᠪᠢ ᠰᠠᠶ᠋ᠢ ᠲᠡᠳᠡᠨ ᠢ | ᠤᠶᠢᠰᠢᠶᠠᠬᠤ ᠦᠭᠡᠢ᠂ ᠲᠡᠳᠡ ᠠᠶ᠎ᠠ ᠪᠠᠷ ᠢᠶᠠᠨ ᠪᠤᠯᠤᠭ︕ ᠡᠨᠡ ᠤᠳᠠᠭ᠎ᠠ ᠪᠢ ᠲᠠᠨ ᠳᠤ ᠶᠠᠭᠠᠬᠢᠭᠰᠠᠨ ᠴᠦ | ᠡᠭᠦᠳᠡ ᠨᠡᠬᠡᠭᠡᠵᠦ ᠦᠭᠬᠦ ᠦᠭᠡᠢ︕ | ᠳ᠋ᠦᠩ ︕ ᠳ᠋ᠦᠩ ︕᠂᠂᠂᠂᠂ ᠬᠡᠨ ᠪᠤᠢ︖ ᠲᠠ ᠶᠠᠭᠤᠨ ᠳᠤ ᠲᠡᠭᠡᠵᠦ ᠠᠭᠤᠷᠯᠠᠵᠤ ᠪᠠᠶᠢᠬᠤ | ᠪᠤᠢ︕ ᠮᠠᠨ ᠤ ᠡᠭᠦᠳᠡ ᠶᠢ ᠪᠠᠯᠪᠠᠴᠠᠬᠤ ᠭᠡᠵᠦ ᠪᠠᠶᠢᠨ᠎ᠠ ᠤᠤ ︖ | ︽ᠡᠭᠦᠳᠡ ᠲᠤᠭᠰᠢᠬᠤ ᠬᠡᠷᠡᠭ ᠦᠭᠡᠢ ︕ ᠮᠢᠨᠦ ᠠᠪᠤ ᠠᠵᠢᠯ ᠠᠴᠠ ᠪᠠᠨ ᠪᠠᠭᠤᠵᠤ ᠢᠷᠡᠭᠡ ᠦᠭᠡᠢ︕︾ | ᠭᠡᠵᠦ ᠪᠢ ᠠᠭᠤᠷᠳᠠᠢ ᠪᠠᠷ ᠡᠭᠦᠳᠡᠨ ᠵᠦᠭ ᠶᠠᠪᠤᠭᠰᠠᠭᠠᠷ ᠪᠠᠶᠢᠵᠤ ᠶᠡᠭᠡ ᠲᠠᠭᠤᠨ ᠢᠶᠠᠷ ᠬᠡᠯᠡᠪᠡ᠃ | ︽ᠬᠠ ᠬᠠ ︕᠂᠂᠂᠂᠂ ᠴᠡᠴᠡᠭ ᠡ︕ ᠴᠢ ᠴᠤᠬᠤᠮ ᠶᠠᠭᠠᠬᠢᠭᠰᠠᠨ ᠶᠤᠮ ᠪᠤᠢ︖ ᠪᠢ ᠪᠤᠯ | ᠲᠠᠷᠤᠢ ᠠᠪᠤ ᠴᠢᠨᠢ ᠰᠢᠦ ︕︾ | ᠠᠪᠤ ᠶᠢᠨ ᠲᠠᠰᠤᠯ ᠲᠠᠭᠤ ᠶᠢ ᠰᠤᠨᠤᠰᠤᠭᠰᠠᠨ ᠪᠢ ᠲᠡᠷᠡ ᠲᠠᠷᠤᠢ ᠳᠤ ᠨᠢ ᠪᠠᠴᠢᠮᠳᠠᠨ ᠰᠠᠨᠳᠤᠷᠬᠤ ᠶᠢᠨ | ᠵᠡᠷᠭᠡ ᠪᠠᠷ ᠡᠭᠦᠳᠡ ᠪᠠᠨ ᠨᠡᠬᠡᠭᠡᠪᠡ᠃ | ᠠᠪᠤ ᠡᠭᠦᠳᠡ ᠪᠠᠷ ᠤᠷᠤᠵᠤ ᠢᠷᠡᠮᠡᠭᠴᠡ᠂ ᠮᠢᠨᠦ ᠵᠦᠭ ᠭᠦᠯᠦᠶᠢᠨ ᠬᠠᠷᠠᠵᠤ ᠪᠠᠶᠢᠭᠰᠠᠭᠠᠷ ᠄ ︽ ᠵᠠ︕ | ᠲᠠ ᠶᠠᠭᠤᠨ ᠳᠤ ᠲᠡᠭᠡᠵᠦ ᠮᠠᠭᠤ ᠴᠢᠷᠠᠶᠢᠯᠠᠭᠠᠳᠠᠭᠤᠷᠯᠠᠵᠤ ᠪᠠᠶᠢᠬᠤ ᠶᠤᠮ ᠪᠤᠢ︖ ᠴᠤᠬᠤᠮ ᠬᠡᠨ ᠳᠤ | ᠠᠭᠤᠷᠯᠠᠵᠤ ᠪᠠᠶᠢᠬᠤ ᠶᠤᠮ ᠪᠤᠢ ︖︾ | ︽ᠬᠡᠩ︕ ᠪᠦᠷ ᠴᠢᠨᠦ ᠤᠷᠰᠢᠭ ᠠᠴᠠ ᠪᠤᠯᠵᠠᠢ ᠂ ᠨᠠᠳᠠ ᠶᠢ ᠪᠦᠬᠦᠶᠢᠯᠡ ᠨᠢᠭᠡ ᠦᠳᠡ ᠶᠢᠨ ᠬᠤᠶᠢᠨ᠎ᠠ | ᠲᠠᠰᠬᠠᠯ ᠢ ᠪᠠᠰᠠ ᠠᠮᠤᠷ ᠬᠢᠯᠭᠡᠭᠰᠡᠨ ᠦᠭᠡᠢ︕︾ | ᠡᠭᠦᠨ ᠢ ᠰᠤᠨᠤᠰᠤᠭᠰᠠᠨ ᠠᠪᠤ ᠨᠢ ᠲᠦᠢᠯ ᠢᠶᠠᠷ ᠭᠠᠶᠢᠬᠠᠰᠢ ᠠᠯᠳᠠᠨ᠄ ︽ ᠮᠢᠨᠦ ᠡᠨᠡᠬᠦ ᠮᠠᠭᠤ ᠬᠡᠥᠬᠡ ᠡ︕ | ᠲᠠᠰᠬᠠᠯ ᠢᠶᠠᠨ ᠬᠢᠵᠦ ᠲᠡᠶᠢᠯᠬᠦ ᠦᠭᠡᠢ ᠪᠤᠯ᠂ ᠬᠠᠷᠢᠨ ᠠᠪᠤ ᠳᠤ ᠪᠠᠨ ᠲᠡᠭᠡᠵᠦ ᠠᠭᠤᠷᠯᠠᠬᠤ ᠨᠢ ᠶᠠᠭᠤ ᠪᠤᠢ ︖︾ | | ︽ᠪᠢ ᠲᠠᠨ ᠳᠤ ᠠᠭᠤᠷᠯᠠᠬᠤ ᠦᠭᠡᠢ ᠪᠠᠶᠢᠵᠤ ᠪᠤᠯᠤᠨ᠎ᠠ ᠤᠤ ︖ ᠡᠨᠡ ᠨᠢᠭᠡ ᠦᠳᠡ ᠶᠢᠨ | ᠬᠤᠶᠢᠨ᠎ᠠ ᠮᠠᠨ ᠤ ᠭᠡᠷ ᠤᠨ ᠬᠦᠷᠢᠶᠡᠨ ᠡᠭᠦᠳᠡ ᠶᠢ ᠲᠤᠯᠤᠭ᠎ᠠ ᠨᠠᠢᠮᠠᠨ ᠬᠦᠮᠦᠨ ᠢᠷᠡᠵᠦ ᠲᠤᠭᠰᠢᠭᠠᠳ᠂ ᠲᠡᠳᠡᠭᠡᠷ | ᠬᠦᠮᠦᠰ ᠡᠨᠡ ᠲᠡᠷᠡ ᠶᠢ ᠠᠰᠠᠭᠤᠭᠠᠳ᠂ ᠨᠠᠳᠠ ᠶᠢ ᠠᠮᠤᠷ ᠲᠠᠰᠬᠠᠯ ᠬᠢᠯᠭᠡᠬᠦ ᠦᠭᠡᠢ︕ ᠲᠡᠭᠡᠭᠡᠳ ᠲᠡᠳᠡ ᠭᠡᠷ ᠲᠤ | ᠤᠷᠤᠵᠤ ᠢᠷᠡᠮᠡᠭᠴᠡ ᠰᠠᠭᠤᠭᠠᠳ ᠶᠠᠪᠤᠬᠤ ᠦᠭᠡᠢ︕ ᠶᠠᠩᠵᠤ ᠪᠦᠷᠢ ᠶᠢᠨ ᠠᠰᠠᠭᠤᠯᠳᠠ ᠠᠰᠠᠭᠤᠭᠠᠳ ᠦᠨᠡᠬᠡᠷ | ᠨᠠᠳᠠ ᠶᠢ ᠠᠮᠤᠷ ᠪᠠᠶᠢᠯᠭᠠᠬᠤ ᠦᠭᠡᠢ︕ ᠠᠪᠤ ᠲᠠ ᠦᠢᠯᠡᠳᠪᠦᠷᠢ ᠶᠢᠨ ᠲᠠᠷᠤᠭ᠎ᠠ ᠪᠤᠯᠤᠭᠰᠠᠨ ᠠᠴᠠ ᠨᠠᠰᠢ | ᠲᠡᠳᠡ ᠨᠠᠷ ᠴᠤᠬᠤᠮ ᠶᠠᠭᠤᠨ ᠳᠤ ᠭᠡᠷ ᠲᠤ ᠢᠷᠡᠵᠦ ᠪᠠᠶᠢᠬᠤ ᠶᠢ ᠮᠡᠳᠡᠬᠦ ᠦᠭᠡᠢ︕︾ ᠭᠡᠵᠦ ᠲᠤᠳᠤᠷ᠎ᠠ ᠪᠠᠨ | ᠠᠭᠤᠷᠯᠠᠵᠤ ᠪᠠᠶᠢᠭᠰᠠᠨ ᠠᠭᠠᠰᠢ ᠪᠠᠨ ᠪᠦᠷ ᠠᠪᠤ ᠳᠤ ᠭᠠᠷᠭᠠᠪᠠ ᠃ | ︽ᠪᠤᠯᠵᠠᠢ︕ ᠪᠤᠯᠵᠠᠢ ︕ ᠮᠢᠨᠦ ᠬᠠᠶᠢᠷᠠᠳᠤ ᠡᠷᠳᠡᠨᠢ ᠡ ︕ ᠪᠦᠷ ᠠᠪᠤ ᠶᠢᠨ ᠴᠢᠨᠢ ᠪᠤᠷᠤᠭᠤ ᠪᠤᠯᠵᠠᠢ | ᠂ ᠡᠳᠡᠭᠡᠷ ᠴᠠᠭ ᠢ ᠴᠢᠨᠢ ᠬᠤᠵᠢᠮ ᠠᠪᠤ ᠨᠢ ᠴᠢᠮ᠎ᠠ ᠳᠤ ᠲᠦᠯᠦᠵᠦ ᠦᠭᠭᠦᠶ᠎ᠡ ᠪᠤᠯᠬᠤ ᠦᠭᠡᠢ ᠤᠤ︖ ᠠᠪᠤ | ᠨᠢ᠂᠂᠂᠂᠂᠂︾ ᠭᠡᠵᠦ ᠬᠡᠯᠡᠵᠦ ᠪᠠᠷᠠᠬᠤ ᠲᠠᠰᠢᠷᠠᠮ ᠳᠤ ᠂ ᠠᠪᠤ ᠲᠡᠷᠡᠬᠦ ᠪᠤᠳᠠᠭᠠᠨ ᠰᠢᠷᠡᠭᠡᠨ ᠲᠡᠭᠡᠷ᠎ᠡ ᠬᠢ | ᠨᠢᠭᠡ ᠪᠤᠭᠴᠤ ᠠᠷᠢᠬᠢ ᠲᠠᠮᠠᠬᠢ ᠶᠢ ᠤᠯᠵᠤ ᠦᠵᠡᠪᠡ ᠃ ᠡᠭᠦᠨ ᠢ ᠦᠵᠡᠭᠰᠡᠨ ᠠᠪᠤ ᠶᠢᠨ ᠴᠢᠷᠠᠢ ᠲᠡᠷᠡ | ᠲᠤᠥᠷ᠎ᠠ ᠪᠠᠨ ᠮᠠᠭᠤ ᠪᠤᠯᠵᠤ ᠴᠢᠩᠭ᠎ᠠ ᠲᠦᠪᠯᠡᠭᠦᠨ ᠢᠶᠠᠷ ︽ᠴᠡᠴᠡᠭ ᠡ ︕ ᠡᠨᠡ ᠴᠤᠬᠤᠮ ᠶᠠᠭᠤᠨ ᠤ | ᠠᠷᠢᠬᠢ ᠲᠠᠮᠠᠬᠢ ᠪᠤᠢ︖ ︾ | ︽ᠦᠨᠡᠬᠡᠷ ᠨᠠᠳᠠ ᠶᠢ ᠠᠭᠤᠷᠯᠠᠭᠤᠯᠤᠨ᠎ᠠ ᠳ᠋ᠠ︕ ᠰᠠᠶ᠋ᠢ ᠶᠢᠨ ᠤᠷᠤᠵᠤ ᠢᠷᠡᠭᠰᠡᠨ ᠲᠡᠷᠡᠬᠦ ᠬᠠᠷ᠎ᠠ | ᠰᠠᠬᠠᠯ ᠲᠠᠢ ᠬᠦᠮᠦᠨ ᠴᠤᠬᠤᠮ ᠶᠠᠮᠠᠷ ᠤᠴᠢᠷ ᠲᠠᠢ ᠶᠢ ᠪᠢ ᠮᠡᠳᠡᠬᠦ ᠦᠭᠡᠢ︕ ᠡᠨᠡᠬᠦ ᠪᠤᠭᠴᠤ ᠲᠠᠢ ᠶᠠᠭᠤᠮ᠎ᠠ ᠪᠠᠨ | ᠰᠢᠷᠡᠭᠡᠨ ᠲᠡᠭᠡᠷ᠎ᠡ ᠲᠠᠯᠪᠢᠮᠠᠭᠴᠠ ᠪᠠᠰᠠ ᠮᠢᠨᠦ ᠵᠦᠭ ᠬᠠᠨᠳᠤᠵᠤ ︿ᠶᠠᠭᠤᠮ᠎ᠠ ᠨᠢ ᠪᠠᠭ᠎ᠠ ᠪᠤᠯᠪᠠᠴᠤ᠂ ᠰᠡᠳᠭᠢᠯ ᠪᠤᠯ | ᠦᠨᠡᠨ ᠶᠤᠮ﹀ ᠭᠡᠵᠦ ᠬᠡᠯᠡᠭᠡᠳ ᠲᠠᠷᠤᠶᠢᠬᠠᠨ ᠪᠤᠴᠠᠨ ᠶᠠᠪᠤᠯ᠎ᠠ ︕︾ | ︽ᠲᠡᠷᠡ ᠨᠡᠷ᠎ᠡ ᠤᠪᠤᠭ ᠢᠶᠠᠨ ᠦᠯᠡᠳᠡᠭᠡᠭᠰᠡᠨ ᠦᠭᠡᠢ ᠤᠤ︖︾ | ︽ᠦᠭᠡᠢ︕ ᠲᠡᠷᠡ ᠬᠡᠯᠡᠬᠦ ᠳᠤ ᠪᠠᠨ ︿ ᠴᠢᠨᠦ ᠠᠪᠤ ᠴᠢᠨᠢ ᠯᠠᠪ ᠨᠠᠳᠠ ᠶᠢ ᠤᠶᠢᠯᠠᠭᠠᠬᠤ ᠶᠤᠮ﹀ | ᠭᠡᠨ᠎ᠡ ︾ | ︽ᠬᠠ ᠬᠠ ︕ ᠲᠡᠷᠡ ᠨᠠᠳᠠ ᠶᠢ ᠰᠢᠯᠭᠠᠵᠤ ᠪᠠᠶᠢᠬᠤ ᠨᠢ ᠤᠤ︖ ᠡᠨᠡ ᠴᠢᠨᠢ ᠶᠤᠰᠤᠳᠠᠢ ᠨᠠᠳᠠ | ᠲᠠᠢ ᠨᠠᠭᠠᠳᠤᠮ ᠬᠢᠵᠤ ᠪᠠᠶᠢᠭ᠎ᠠ ᠶᠠᠪᠤᠳᠠᠯ ᠪᠢᠰᠢᠦ ︖︾ ᠭᠡᠵᠦ ᠲᠡᠭᠦᠨ ᠤ ᠠᠪᠤ ᠨᠢ ᠰᠠᠬᠠᠯ ᠢᠶᠠᠨ ᠠᠬᠢᠨ ᠲᠠᠬᠢᠨ | ᠰᠢᠪᠳᠤᠷᠤᠭᠰᠠᠭᠠᠷ ᠪᠠᠶᠢᠵᠤ᠂ ᠨᠢᠳᠦ ᠪᠠᠨ ᠭᠦᠯᠢᠪᠡᠯᠵᠡᠭᠦᠯᠦᠨ ᠪᠠᠶᠢᠵᠤ᠂ ᠢᠨᠢᠶᠡᠭᠰᠡᠭᠡᠷ ᠄ ︽ ᠬᠡᠷᠡᠭ ᠶᠠᠪᠤᠳᠠᠯ | ᠤᠳᠤ ᠨᠢᠭᠡᠨᠳᠡ ᠡᠶᠢᠮᠦ ᠪᠤᠯᠵᠤ ᠪᠠᠶᠢᠬᠤ ᠶᠤᠮ ᠴᠢᠨᠢ ᠦᠢᠯᠡᠳᠪᠦᠷᠢ ᠶᠢᠨ ᠲᠠᠷᠤᠭ᠎ᠠ ᠪᠤᠯᠤᠭᠰᠠᠨ ᠪᠢ ᠢᠷᠡᠭᠰᠡᠳ ᠢ | ᠨᠢᠭᠡᠴᠦ ᠬᠤᠷᠢᠭᠯᠠᠬᠤ ᠦᠭᠡᠢ᠂ ᠡᠳ᠋ ᠪᠤᠳᠠᠰ ᠢ ᠨᠢ ᠬᠤᠷᠢᠶᠠᠭᠰᠠᠨ ᠴᠤ ᠲᠡᠳᠡ ᠨᠠᠷ ᠲᠤ ᠯᠠᠪᠳᠠᠢ ᠪᠤᠴᠠᠭᠠᠵᠤ | ᠦᠭᠬᠦ ᠡᠳᠦᠷ ᠪᠠᠶᠢᠨ᠎ᠠ ︕︾ | ︽ᠶᠠᠭᠤ ᠭᠡᠨ᠎ᠡ︖ ᠠᠪᠤ ᠡ ᠂᠂᠂᠂᠂᠂᠂ ᠪᠤᠰᠤᠳ ᠤᠨ ᠪᠡᠯᠡᠭ ᠢ ᠠᠪᠴᠢᠬᠠᠭᠠᠳ ᠴᠢ︕︾ | ᠭᠡᠵᠦ ᠪᠢ ᠰᠤᠴᠢᠭᠰᠠᠨ ᠬᠦᠴᠦᠨ ᠳᠤ ᠪᠠᠨ ᠪᠤᠰᠴᠤ ᠵᠤᠭᠰᠤᠪᠠ ᠃ | ᠡᠭᠦᠨ ᠢ ᠰᠤᠨᠤᠰᠤᠭᠰᠠᠨ ᠠᠪᠤ ᠲᠤᠳᠤᠷ᠎ᠠ ᠨᠢ ᠶᠡᠬᠡᠯ᠎ᠡ ᠡᠪ ᠦᠭᠡᠶᠢᠳᠡᠭᠰᠡᠨ ᠮᠠᠶ᠋ᠢᠭᠳᠠᠢ ᠪᠠᠷ ᠭᠠᠷ | ᠡᠷᠭᠢᠭᠦᠯᠦᠨ ︽ᠡᠨᠡ ᠶᠠᠮᠡᠷ ᠯᠡ ᠲᠡᠶᠢᠮᠦ ᠬᠠᠴᠢᠨ ᠵᠢᠭᠳᠡᠢ ᠶᠠᠪᠤᠳᠠᠯ ᠠᠵᠠᠢ︖ ᠲᠡᠭᠡᠭᠡᠳ ᠪᠢ ᠶᠠᠮᠠᠷ ᠲᠡᠳᠡᠨ ᠢ | ᠰᠢᠬᠠᠮᠳᠠᠭᠤᠯᠵᠤ ᠪᠠᠶᠢᠭᠠᠳ ᠠᠪᠤᠭᠰᠠᠨ ᠶᠠᠪᠤᠳᠠᠯ ᠤᠭᠳᠤ ᠪᠢᠰᠢ ︕ ᠬᠠᠷᠢᠨ ᠲᠡᠳᠡ ᠰᠠᠶᠢᠨ ᠲᠤᠷ᠎ᠠ ᠠᠴᠠ ᠪᠠᠨ | ᠠᠪᠴᠢᠷᠠᠭᠰᠠᠨ ᠪᠢᠰᠢᠦ︖ ᠲᠡᠭᠦᠨ ᠢ ᠪᠢ ᠬᠤᠷᠢᠶᠠᠭᠰᠠᠨ ᠴᠦ ᠬᠤᠵᠢᠮ ᠦᠨᠡᠨ ᠮᠦᠨ ᠢ ᠢᠯᠠᠭᠠᠷᠠᠭᠤᠯᠬᠤ | ᠡᠳᠦᠷ ᠯᠠᠪ ᠪᠠᠶᠢᠨ᠎ᠠ ᠳ᠋ᠠ ︕ ᠲᠠᠬᠢᠭᠠᠳ ᠬᠡᠯᠡᠪᠡᠯ ᠂ ᠪᠢ ᠪᠠᠰᠠ ᠲᠡᠳᠡᠭᠡᠷ ᠪᠡᠯᠡᠭ ᠠᠪᠴᠢᠷᠠᠭᠰᠠᠨ ᠬᠦᠮᠦᠨ ᠢ | ᠲᠤᠳᠤᠯᠠᠵᠤ ᠲᠡᠶᠢᠯᠬᠦ ᠦᠭᠡᠢ ᠶᠤᠮ ᠴᠢᠨᠢ ᠶᠠᠮᠠᠷ ᠠᠷᠭ᠎ᠠ ᠪᠠᠶᠢᠨ᠎ᠠ ᠳ᠋ᠠ ︖ ᠪᠡᠯᠡᠭ ᠢ ᠨᠢ ᠠᠪᠠᠴᠢᠵᠤ ᠦᠭᠭᠦᠶ᠎ᠡ | ᠭᠡᠬᠦ ᠳᠤ ᠪᠢ ᠴᠤᠬᠤᠮ ᠬᠡᠨ ᠳᠤ ᠦᠭᠬᠦ ᠪᠤᠢ︖ ᠴᠢ ᠬᠡᠯᠡᠪᠡᠯ ᠂᠂᠂᠂᠂᠂ ︾ | ︽ᠵᠠ︕ ᠠᠪᠤ ᠮᠢᠨᠢ ᠡ ᠂᠂᠂᠂᠂᠂᠂ ︾ ᠭᠡᠳ ᠮᠢᠨᠦ ᠲᠡᠭᠡᠷᠡᠬᠢ ᠠᠭᠤᠷᠯᠠᠭᠰᠠᠨ ᠮᠡᠳᠦ ᠪᠠᠷ | ᠠᠪᠤ ᠬᠠᠷᠢᠨ ᠲᠡᠶᠢᠮᠦ ᠬᠢᠯᠪᠠᠷᠬᠠᠨ ᠢᠶᠠᠷ ᠪᠤᠰᠤᠳ ᠤᠨ ᠶᠠᠭᠤᠮ᠎ᠠ ᠶᠢ ᠲᠤᠷ᠎ᠠ ᠪᠠᠷ ᠬᠤᠷᠢᠶᠠᠭᠰᠠᠨ ᠡᠳ᠋ ᠠᠰᠢᠭ ᠲᠤ | ᠰᠢᠨᠤᠬᠠᠶᠢᠷᠠᠭᠰᠠᠨ ᠨᠢᠭᠡᠨ ᠨᠤᠶᠠᠨ ᠪᠤᠯᠴᠢᠬᠠᠭᠰᠠᠨ ᠶᠤᠮ ᠤᠤ ︖ ᠡᠭᠦᠨ ᠢ ᠪᠢ ᠦᠨᠡᠨ ᠪᠤᠳᠤᠵᠤ | ᠤᠯᠤᠭᠰᠠᠨ ᠦᠭᠡᠢ︕ | ᠬᠤᠶᠠᠷ | ᠬᠡᠳᠦᠨ ᠡᠳᠦᠷ ᠤᠨ ᠲᠤᠷᠰᠢ᠂ ᠭᠡᠷ ᠲᠤ ᠢᠷᠡᠵᠦ ᠠᠪᠤ ᠶᠢ ᠡᠷᠢᠬᠦ ᠬᠦᠮᠦᠨ ᠤᠯᠠᠮ ᠠᠴᠠ ᠤᠯᠠᠮ ᠤᠯᠠᠨ | ᠪᠤᠯᠵᠤ ᠢᠷᠡᠪᠡ᠃ ᠢᠷᠡᠭᠰᠡᠳ ᠰᠢᠬᠢᠷ ᠵᠢᠮᠢᠰ ᠠᠪᠴᠢᠷᠠᠬᠤ ᠦᠭᠡᠢ ᠪᠤᠯ ᠠᠷᠢᠬᠢ ᠲᠠᠮᠠᠬᠢ ᠠᠪᠴᠢᠷᠠᠭᠠᠳ | ᠢᠷᠡᠭᠰᠡᠨ ᠪᠦᠬᠦᠨ ᠬᠤᠭᠤᠰᠤᠨ ᠭᠠᠷ ᠢᠶᠠᠷ ᠭᠡᠷ ᠲᠤ ᠤᠷᠤᠵᠤ ᠢᠷᠡᠳᠡᠭ ᠦᠭᠡᠢ ᠪᠠᠶᠢᠯ᠎ᠠ ᠃ ᠲᠡᠭᠡᠭᠡᠳ ᠡᠳᠡᠭᠡᠷ | ᠭᠡᠷ ᠲᠤ ᠢᠷᠡᠭᠰᠡᠳ ᠤᠯᠠᠩᠬᠢ ᠨᠢ ᠦᠳᠡ ᠶᠢᠨ ᠦᠶ᠎ᠡ ᠪᠠᠷ ᠪᠤᠶᠤ ᠤᠷᠤᠢ ᠬᠠᠷᠠᠩᠭᠤᠢ ᠪᠠᠷ ᠢᠷᠡᠵᠦ᠂ ᠲᠡᠳᠡᠨᠠᠷ | ᠤᠷᠢᠳᠠᠪᠡᠷ ᠲᠤᠭᠤᠭᠠᠨ ᠭᠡᠷ ᠲᠤ ᠤᠷᠤᠵᠤ᠂ ᠭᠡᠷ ᠲᠤ ᠪᠤᠰᠤᠳ ᠬᠦᠮᠦᠨ ᠦᠭᠡᠢ ᠪᠤᠯᠪᠠᠯ ᠰᠠᠶ᠋ᠢ ᠲᠤᠳᠤᠭᠰᠢ ᠪᠠᠨ | ᠤᠷᠤᠵᠤ ᠢᠷᠡᠳᠡᠭ ᠰᠡᠨ ᠃ ᠲᠡᠳᠡᠭᠡᠷ ᠬᠦᠮᠦᠰ ᠤᠨ ᠵᠠᠷᠢᠮ ᠨᠢ ᠶᠡᠬᠡᠯ᠎ᠡ ᠡᠭ ᠮᠡᠭ ᠭᠡᠵᠦ᠂ ᠶᠠᠭ ᠪᠤᠰᠤᠳ ᠤᠨ | ᠶᠠᠭᠤᠮ᠎ᠠ ᠶᠢ ᠭᠤᠯᠠᠭᠠᠶᠢᠯᠠᠭᠰᠠᠨ ᠮᠡᠳᠦ ᠂ ᠪᠠᠰᠠ ᠵᠠᠷᠢᠮ ᠨᠢ ᠰᠢᠭᠤᠳ ᠤᠷᠤᠵᠤ ᠢᠷᠡᠵᠦ ᠶᠡᠬᠡᠯ᠎ᠡ ᠤᠥᠯ ᠠᠴᠠ | ᠲᠠᠨᠢᠯ ᠲᠠᠰᠤᠯ ᠮᠡᠳᠦ ᠪᠠᠶᠢᠳᠠᠭ ᠲᠤᠯᠠ ᠪᠢ ᠲᠡᠳᠡᠨ ᠤ ᠨᠢᠭᠡ ᠯᠡ ᠦᠭᠡ ᠶᠢ ᠨᠢ ᠰᠤᠨᠤᠰᠪᠠᠯ ᠲᠠᠷᠤᠢ ᠶᠠᠪᠤᠳᠠᠯ | ᠤᠴᠢᠷ ᠢ ᠨᠢ ᠭᠠᠳᠠᠷᠯᠠᠨ ᠮᠡᠳᠡᠳᠡᠭ ᠰᠠᠨ᠂ ᠤᠴᠢᠷ ᠨᠢ ᠦᠢᠯᠡᠳᠪᠦᠷᠢ ᠶᠢᠨ ᠰᠢᠨ᠎ᠡ ᠰᠠᠭᠤᠬᠤ ᠭᠡᠷ ᠪᠠᠷᠢᠵᠤ | ᠲᠠᠭᠤᠰᠤᠭᠠᠳ ᠪᠠᠶᠢᠬᠤ ᠲᠤᠯᠠ ᠪᠠᠷᠤᠭ ᠯᠡ ᠠᠪᠤ ᠪᠠᠷ ᠲᠡᠳᠡᠨ ᠤ ᠲᠤᠰ ᠲᠤᠰ ᠤᠨ ᠬᠢᠨᠢ ᠰᠠᠨᠠᠭ᠎ᠠ ᠶᠢ ︽ | ᠭᠦᠢᠴᠡᠳᠭᠡᠯᠭᠡᠬᠦ ︾ ᠪᠠᠷ ᠪᠠᠶᠢᠬ᠎ᠠ ︖ ᠡᠭᠦᠨ ᠳᠤ ᠠᠪᠤ ᠬᠠᠷᠢᠨ ᠢᠷᠡᠭᠰᠡᠨ ᠪᠦᠬᠦᠨ ᠳᠤ ᠲᠤᠭᠳᠠᠭᠰᠠᠨ | ᠨᠢᠭᠡ ᠶᠡᠷᠦᠩᠬᠡᠢ ᠬᠠᠷᠢᠭᠤᠯᠳᠠ ᠪᠠᠷ ︽ᠰᠠᠭᠤᠬᠤ ᠭᠡᠷ ᠤᠨ ᠠᠰᠠᠭᠤᠳᠠᠯ ᠳᠤ ᠪᠢᠳᠡ ᠵᠠᠪᠠᠯ ᠠᠯᠢᠪᠠ ᠪᠦᠬᠦᠨ ᠳᠤ | ᠪᠤᠳᠠᠳᠠᠢ ᠠᠴᠠ ᠡᠭᠦᠰᠬᠦ ᠵᠠᠷᠴᠢᠮ ᠢ ᠪᠠᠷᠢᠮᠳᠠᠯᠠᠨ ᠶᠠᠷᠢᠯᠴᠠᠵᠤ ᠪᠠᠶᠢᠭᠠᠳ ᠲᠤᠭᠳᠠᠭᠠᠨ᠎ᠠ ᠂ ᠨᠦᠬᠦᠴᠡᠯ ᠳᠤ | ᠨᠡᠶᠢᠴᠡᠬᠦ ᠶᠢ ᠨᠢ ᠯᠠᠪᠳᠠᠢ ᠬᠠᠷᠠᠭᠠᠯᠵᠠᠨ᠎ᠠ ᠂ ᠭᠡᠶ᠎ᠡ᠂ ᠲᠠᠨ ᠤ ᠡᠳᠡᠭᠡᠷ ᠠᠪᠴᠢᠷᠠᠭᠰᠠᠨ ᠪᠡᠯᠡᠭ ᠢᠶᠠᠨ ᠵᠠᠪᠠᠯ | ᠡᠬᠡᠭᠦᠯᠦᠨ ᠠᠪᠠᠴᠢᠬᠤ ᠬᠡᠷᠡᠭᠳᠡᠢ ︕︾ | ᠬᠡᠯᠡᠯᠭᠡᠨ ᠦᠭᠡᠢ ᠲᠡᠳᠡᠨᠡᠷ ᠠᠪᠴᠢᠷᠠᠭᠰᠠᠨ ᠡᠳ᠋ ᠪᠤᠳᠠᠰ ᠢᠶᠠᠨ ᠨᠢᠭᠡᠴᠦ ᠬᠦᠮᠦᠨ ᠭᠡᠳ ᠡᠬᠡᠭᠦᠯᠦᠨ | ᠠᠪᠠᠴᠢᠭᠰᠠᠨ ᠦᠭᠡᠢ︕ ᠠᠷᠭ᠎ᠠ ᠪᠤᠰᠤ ᠠᠪᠤ ᠲᠡᠳᠡᠭᠡᠷ ᠢ ᠨᠢ ᠤᠪᠤᠭᠠᠯᠠᠭᠰᠠᠭᠠᠷ ᠪᠠᠶᠢᠵᠤ ᠠᠪᠳᠠᠷ᠎ᠠ ᠨᠢᠭᠡᠨᠳᠡ | ᠲᠦᠭᠦᠷᠦᠭᠰᠡᠨ ᠪᠠᠶᠢᠨ᠎ᠠ ᠃ ᠪᠢ ᠨᠢᠭᠡ ᠲᠠᠯ᠎ᠠ ᠪᠠᠷ ᠠᠪᠤ ᠪᠠᠨ ᠰᠢᠷᠳᠡᠪᠡᠯ᠂ ᠲᠡᠷᠡ ᠡᠳᠡᠭᠡᠷ ᠪᠤᠳᠠᠰ ᠨᠢᠭᠡᠪᠦᠷᠢ ᠶᠢ | ᠶᠡᠬᠡᠯ᠎ᠡ ᠡᠮᠬᠢ ᠵᠢᠷᠦᠮ ᠲᠠᠢ᠂ ᠲᠡᠰ ᠲᠠᠷᠠᠭᠠᠯᠠᠨ ᠵᠢᠭᠰᠠᠭᠠᠨ ᠲᠠᠯᠪᠢᠵᠦ ᠯᠡ ᠪᠠᠶᠢᠪᠠ ᠃ ᠬᠡᠩ︕ ᠡᠭᠦᠨ ᠠᠴᠠ | ᠦᠵᠡᠬᠦᠯ᠎ᠡ ᠲᠡᠭᠦᠨ ᠤ ᠲᠤᠳᠤᠷ᠎ᠠ ᠪᠠᠰᠠ ᠶᠡᠬᠡᠯ᠎ᠡ ᠪᠠᠶᠠᠷᠳᠠᠢ ᠪᠠᠶᠢᠬᠤ ᠮᠠᠭᠠᠳ ︕ | ᠮᠢᠨᠦ ᠮᠡᠳᠡᠭᠡᠵᠢ ᠪᠠᠷ ᠠᠪᠤ ᠦᠩᠭᠡᠷᠡᠭᠰᠡᠨ ᠳᠤ ᠡᠶᠢᠮᠦ ᠪᠠᠶᠢᠭᠰᠠᠨ ᠦᠭᠡᠢ ᠳ᠋ᠠ︕ ᠨᠢᠳᠦᠨᠦᠨ ᠵᠢᠯ | ᠨᠠᠭᠠᠴᠤ ᠡᠵᠢ ᠮᠢᠨᠢ ᠤᠯᠠᠨ ᠠᠷᠪᠢᠨ ᠪᠡᠯᠡᠭ ᠰᠠᠯᠳᠠ ᠠᠪᠴᠠᠷᠠᠨ ᠠᠪᠤ ᠶᠢ ᠡᠷᠢᠵᠤ ᠢᠷᠡᠪᠡ ᠃ ᠲᠡᠷᠡ ᠦᠶᠡᠰ | ᠲᠤ ᠠᠪᠤ ᠵᠦᠪᠬᠡᠨ ᠦᠢᠯᠡᠳᠪᠦᠷᠢ ᠶᠢᠨ ᠤᠳᠤᠷᠢᠳᠤᠯᠭ᠎ᠠ ᠶᠢᠨ ᠨᠢᠭᠡᠨ ᠡᠩ ᠤᠨ ᠭᠡᠰᠢᠭᠦᠨ ᠪᠠᠶᠢᠭᠰᠠᠨ ᠶᠤᠮ᠃ | ᠨᠠᠭᠠᠴᠤ ᠡᠵᠢ ᠠᠪᠤ ᠶᠢ ᠵᠠᠷᠤᠵᠤ ᠪᠠᠶᠢᠭᠠᠳ ᠦᠢᠯᠡᠳᠪᠦᠷᠢ ᠶᠢᠨ ᠲᠠᠷᠤᠭ᠎ᠠ ᠳᠤ ᠬᠡᠳᠦᠨ ᠲᠤᠬᠢᠷᠠᠮᠵᠢᠳᠠᠢ ᠦᠭᠡ | ᠬᠡᠯᠡᠭᠦᠯᠵᠦ ᠪᠠᠶᠢᠭᠠᠳ ᠦᠪᠡᠷ ᠤᠨ ᠬᠦᠥ ᠪᠠᠨ ᠦᠢᠯᠡᠳᠪᠦᠷᠢ ᠳᠤ ᠬᠡᠳᠦᠨ ᠰᠠᠷ᠎ᠠ ᠠᠵᠢᠯ ᠬᠢᠯᠭᠡᠬᠦ ᠪᠠᠷ | ᠭᠤᠶᠤᠴᠢᠯᠠᠪᠠ ᠃ ᠡᠭᠦᠨ ᠳᠤ ᠠᠪᠤ ᠄ ︽ ᠵᠠ ᠡᠬᠡᠴᠢ ᠡ ︕ ᠴᠢᠨᠦ ᠡᠨᠡᠬᠦ ᠶᠠᠪᠤᠳᠠᠯ ᠢ ᠪᠢ ᠲᠠᠷᠤᠭ᠎ᠠ ᠳᠤ | ᠬᠡᠯᠡᠵᠦ ᠲᠡᠶᠢᠯᠬᠦ ᠦᠭᠡᠢ ︕︾ ᠭᠡᠵᠦ ᠡᠷᠡᠰ ᠲᠠᠰᠤ ᠬᠡᠯᠡᠬᠦ ᠳᠤ ᠨᠠᠭᠠᠴᠤ ᠡᠵᠢ ᠲᠡᠷᠡ ᠲᠠᠷᠤᠢ ᠳᠤ ᠢᠷᠡᠭᠰᠡᠨ | ᠮᠦᠷ ᠢᠶᠠᠷ ᠢᠶᠠᠨ ᠪᠤᠴᠠᠨ ᠶᠠᠪᠤᠭᠠᠳ ᠤᠳᠤ ᠪᠤᠯᠳᠠᠯ᠎ᠠ ᠮᠠᠨ ᠤ ᠭᠡᠷ ᠲᠤ ᠲᠠᠬᠢᠨ ᠬᠦᠯ ᠭᠢᠰᠭᠢᠭᠰᠡᠨ ᠦᠭᠡᠢ | ᠶᠤᠮ᠃ | ᠭᠤᠷᠪᠠ | ᠤᠶᠢᠷ᠎ᠡ ᠶᠢᠨ ᠬᠡᠳᠦᠨ ᠡᠳᠦᠷ ᠠᠴᠠ ᠨᠠᠰᠢ ᠪᠢ ᠠᠪᠤ ᠶᠢᠨ ᠠᠯᠬᠤᠮ ᠨᠢᠭᠡᠪᠦᠷᠢ ᠶᠢ ᠠᠵᠢᠭᠯᠠᠵᠤ ᠯᠡ | ᠪᠠᠶᠢᠪᠠ᠃ | ᠪᠢ ᠤᠯᠠᠮ ᠠᠪᠤ ᠳᠤ ᠲᠤᠷ᠎ᠠ ᠦᠭᠡᠶᠢᠴᠡᠵᠦ ᠪᠠᠶᠢᠪᠠ᠂ ᠤᠴᠢᠷ ᠨᠢ ᠪᠢ ᠲᠡᠭᠦᠨ ᠤ ᠢᠨᠢᠶᠡᠬᠦ ᠶᠢ ᠨᠢ | ᠰᠤᠨᠤᠰᠪᠠᠯ ᠶᠡᠷᠦ ᠨᠢ ᠬᠢ ᠬᠢ ︕ ᠬᠠ ᠬᠠ ︕ ᠭᠡᠳ ᠯᠡ ᠪᠠᠶᠢᠨ᠎ᠠ᠂ ᠲᠡᠷᠡ ᠶᠠᠭ ᠨᠠᠳᠠ ᠲᠠᠢ | ᠨᠠᠭᠠᠳᠤᠮ ᠬᠢᠵᠦ ᠪᠠᠶᠢᠬᠤ ᠮᠡᠳᠦ ᠃ ᠲᠡᠭᠦᠨ ᠤ ᠬᠡᠯᠡᠬᠦ ᠦᠭᠡ ᠶᠢ ᠨᠢ ᠰᠤᠨᠤᠰᠪᠠᠯ ᠂ ᠶᠡᠷᠦ ᠨᠢ ᠬᠠᠢ︕ ᠠᠢ︕ | ᠭᠡᠳ ᠯᠡ ᠴᠢᠬᠢᠨ ᠳᠤ ᠲᠦᠢᠯ ᠤᠨ ᠠᠶ᠎ᠠ ᠦᠭᠡᠢ ᠰᠠᠨᠠᠭᠳᠠᠳᠠᠭ ᠪᠢᠯᠡ ᠂᠂᠂᠂᠂᠂ ᠨᠢᠭᠡ ᠯᠡ ᠦᠭᠡ ᠪᠠᠷ | ᠬᠡᠯᠡᠪᠡᠯ ᠂ ᠪᠢ ᠤᠯᠠᠮ ᠠᠴᠠ ᠤᠯᠠᠮ ᠠᠪᠤ ᠳᠤ ᠲᠤᠷ᠎ᠠ ᠦᠭᠡᠶᠢᠴᠡᠵᠦ ᠡᠬᠢᠯᠡᠭᠰᠡᠨ ᠲᠤᠯᠠ ᠲᠡᠷᠡ ᠨᠠᠳᠠᠳᠤ ᠦᠭᠡ | ᠶᠠᠷᠢᠬᠤ ᠪᠤᠯᠭᠠᠨ ᠪᠢ ᠰᠡᠮᠡᠬᠡᠷ ᠲᠤᠳᠤᠷ᠎ᠠ ᠪᠠᠨ ᠄ ᠬᠡᠩ︕ ᠬᠡᠨ ᠲᠡᠭᠦᠨ ᠢ ᠲᠦᠪ ᠪᠤᠰᠤ ᠪᠠᠷ ᠶᠠᠪᠤᠳᠠᠯ | ᠬᠢᠭᠡᠳ ᠯᠡ ᠪᠠᠢ ᠭᠡᠰᠡᠨ ᠪᠤᠢ ︕ ᠭᠡᠵᠦ ᠠᠭᠤᠷᠯᠠᠳᠠᠭ᠃ | ᠮᠢᠨᠦ ᠰᠡᠷᠡᠵᠦ ᠮᠡᠳᠡᠭᠰᠡᠨ ᠢᠶᠠᠷ ᠄ ᠤᠳᠠᠭ᠎ᠠ ᠪᠦᠷᠢ ᠭᠡᠷ ᠲᠤ ᠲᠡᠳᠡᠭᠡᠷ ᠬᠦᠮᠦᠰ ᠢᠷᠡᠭᠡᠳ ᠶᠠᠪᠤᠭᠰᠠᠨ ᠤ | ᠲᠠᠷᠠᠭ᠎ᠠ ᠨᠢ ᠠᠪᠤ ᠶᠡᠷᠦ ᠨᠢ ᠨᠢᠭᠡᠨ ᠬᠦᠬᠡ ᠭᠠᠳᠠᠷ ᠲᠠᠢ ᠲᠡᠮᠳᠡᠭᠯᠡᠯ ᠤᠨ ᠲᠡᠪᠳᠡᠷ ᠢᠶᠠᠨ ᠭᠠᠷᠭᠠᠵᠤ ᠲᠡᠭᠡᠷ᠎ᠡ ᠨᠢ | ᠬᠡᠳᠦᠨ ᠦᠰᠦᠭ ᠡᠷᠢᠶᠡᠴᠡᠵᠦ ᠪᠠᠶᠢᠳᠠᠭ ᠂ ᠮᠢᠨᠦ ᠪᠠᠷᠤᠭᠯᠠᠬᠤ ᠪᠠᠷ ᠠᠪᠤ ᠯᠠᠪ ᠲᠡᠳᠡᠭᠡᠷ ᠠᠪᠴᠤ ᠢᠷᠡᠭᠰᠡᠨ ᠪᠡᠯᠡᠭ ᠢ | ᠨᠢ ᠨᠠᠷᠢᠨ ᠨᠢᠭᠳᠠ ᠲᠡᠮᠳᠡᠭᠯᠡᠵᠦ ᠪᠠᠶᠢᠬᠤ ᠨᠢ ᠲᠡᠷᠡ ᠪᠢᠯᠡ ᠃ ᠪᠢ ᠨᠢᠭᠡᠨ ᠡᠳᠦᠷ ᠤᠨ ᠤᠷᠤᠢ ᠶᠢᠨ | ᠬᠤᠭᠤᠯᠠᠨ ᠤ ᠲᠠᠷᠠᠭ᠎ᠠ ᠂ ᠠᠪᠤ ᠭᠠᠳᠠᠭᠰᠢ ᠭᠠᠷᠤᠭᠰᠠᠨ ᠲᠠᠰᠢᠷᠠᠮ ᠢᠶᠠᠷ ᠠᠪᠤ ᠶᠢᠨ ᠬᠡᠪᠳᠡᠬᠦ ᠤᠷᠤ ᠶᠢᠨ ᠲᠡᠷᠭᠡᠳᠡ | ᠨᠢ ᠤᠴᠢᠵᠤ᠂ ᠲᠡᠷᠡᠬᠦ ᠬᠦᠬᠡ ᠭᠠᠳᠠᠷ ᠲᠠᠢ ᠲᠡᠪᠳᠡᠷ ᠢ ᠨᠢ ᠬᠡᠳᠦᠨ ᠨᠢᠭᠤᠷ ᠤᠷᠪᠠᠭᠤᠯᠤᠨ ᠦᠵᠡᠬᠦ ᠳᠤ᠂ | ᠦᠨᠡᠬᠡᠷ ᠨᠠᠷᠢᠨ ᠨᠢᠭᠳᠠ ᠲᠡᠮᠳᠡᠭᠯᠡᠨ ᠪᠢᠴᠢᠭᠰᠡᠨ ᠢ ᠨᠢ ᠬᠠᠷᠠᠭᠠᠳ᠂ ᠡᠨᠡ ᠴᠢᠨᠢ ᠦᠨᠡᠬᠡᠷ ᠨᠢᠭᠡᠨ ᠲᠡᠪᠳᠡᠷ ︽ | ᠪᠡᠯᠡᠭ ᠬᠤᠷᠢᠶᠠᠭᠰᠠᠨ ᠲᠡᠮᠳᠡᠭᠯᠡᠯ ᠤᠨ ᠲᠡᠪᠳᠡᠷ ︾ ᠶᠤᠮ ᠪᠠᠶᠢᠨ᠎ᠠ ᠳ᠋ᠠ︕ | ᠪᠠ᠊ xx ᠄ ᠦᠯᠢᠶᠠᠩ ᠠᠷᠢᠬᠢ ᠬᠤᠶᠠᠷ ᠯᠤᠩᠬᠤ ᠂ ᠰᠦᠨ ᠲᠠᠯᠬ᠎ᠠ ᠬᠤᠶᠠᠷ ᠤᠭᠤᠳᠠ ᠃ | ᠵᠠ᠊ xx ᠄ ᠬᠤᠸᠠᠩ ᠭᠧ ᠰᠢᠶᠠᠩ ᠲᠠᠮᠠᠬᠢ ᠬᠤᠶᠠᠷ ᠵᠤᠷᠪᠤᠰ᠂ ᠨᠠᠷᠢᠯᠢᠭ ᠬᠢᠴᠡ ᠲᠠᠢ ᠪᠤᠭᠤᠷᠰᠤᠭ | ᠬᠤᠶᠠᠷ ᠬᠠᠶᠢᠷᠴᠠᠭ᠃ | ᠲ᠊ xx᠄ ᠯᠦᠩ ᠵᠢᠩ ᠴᠠᠢ ᠬᠤᠶᠠᠷ ᠪᠠᠭᠯᠠᠭ᠎ᠠ ᠂᠂᠂᠂᠂᠂᠂᠂ | ᠪᠢ ᠦᠵᠡᠬᠦ ᠪᠠᠷ ᠢᠶᠠᠨ ᠦᠵᠡᠭᠡᠳ᠂ ᠲᠤᠳᠤᠷ᠎ᠠ ᠪᠠᠨ ᠤᠯᠠᠮ ᠶᠡᠭᠡ ᠪᠠᠷ ᠠᠪᠤ ᠳᠤ ᠪᠠᠨ ᠲᠤᠷ᠎ᠠ ᠦᠭᠡᠶᠢᠴᠡᠨ᠂ | ᠪᠤᠰᠤᠳ ᠤᠨ ᠶᠠᠭᠤᠮ᠎ᠠ ᠶᠢ ᠠᠪᠤᠭᠠᠳ ᠪᠠᠰᠠ ᠲᠡᠪᠳᠡᠷ ᠪᠤᠯᠭᠠᠨ ᠬᠠᠳᠠᠭᠠᠯᠠᠭᠠᠳ ᠶᠠᠭᠠᠬᠢᠬᠤ ᠶᠤᠮ︖ ᠪᠤᠰᠤᠳ | ᠠᠴᠠ ᠢᠴᠢᠨ ᠵᠤᠪᠠᠭ᠋ᠤ ᠦᠭᠡᠢ ᠶᠤᠮ ᠪᠤᠯ ︖ ᠬᠠᠢ ︕ ᠡᠨᠡ ᠨᠢ ᠶᠤᠰᠤᠳᠠᠢ ᠡᠩ ᠤᠨ ᠦᠭᠡᠨ ᠳᠤ ᠬᠢ ︽ | ᠪᠤᠰᠤᠳ ᠤᠨ ᠶᠠᠭᠤᠮ᠎ᠠ ᠶᠢ ᠢᠳᠡᠭᠰᠡᠨ ᠬᠦᠮᠦᠨ ᠤ ᠠᠮᠠ ᠨᠢ ᠵᠦᠭᠡᠯᠡᠨ᠂ ᠪᠤᠰᠤᠳ ᠤᠨ ᠶᠠᠭᠤᠮ᠎ᠠ ᠶᠢ ᠠᠪᠤᠭᠰᠠᠨ | ᠬᠦᠮᠦᠨ ᠤ ᠭᠠᠷ ᠨᠢ ᠵᠦᠭᠡᠯᠡᠨ︾ ᠭᠡᠳᠡᠭᠴᠢᠯᠡᠨ ᠲᠡᠳᠡᠨᠡᠷ ᠤᠨ ᠨᠡᠷ᠎ᠡ ᠶᠢ ᠨᠢ ᠰᠠᠶᠢᠬᠠᠨ ᠪᠢᠴᠢᠵᠤ ᠲᠠᠯᠪᠢᠬᠤ ᠦᠭᠡᠢ | ᠶᠤᠮ ᠪᠤᠯ ᠰᠡᠭᠦᠯ ᠳᠤ ᠴᠤᠬᠤᠮ ᠬᠡᠷᠬᠢᠨᠦᠷᠢ ᠶᠢ ᠨᠢ ᠲᠦᠯᠦᠬᠦ ᠶᠤᠮ ᠪᠤᠯ ᠳ᠋ᠠ︕ | ᠦᠵᠡᠬᠦᠯ᠎ᠡ ᠠᠪᠤ ᠦᠨᠡᠬᠡᠷ ᠢᠴᠢᠵᠦ ᠵᠤᠪᠠᠭ᠋ᠤ ᠶᠢ ᠮᠡᠳᠡᠬᠦ ᠦᠭᠡᠢ ᠨᠢᠭᠡᠨ ᠦᠢᠯᠡᠳᠪᠦᠷᠢ ᠶᠢᠨ ᠲᠠᠷᠤᠭ᠎ᠠ | ᠪᠠᠶᠢᠨ᠎ᠠ ᠳ᠋ᠠ ︕ ᠡᠭᠦᠨ ᠢ ᠪᠢ ᠦᠩᠭᠡᠷᠡᠭᠰᠡᠨ ᠳᠤ ᠶᠠᠭ ᠪᠤᠳᠤᠵᠤ ᠤᠯᠤᠭᠰᠠᠨ ᠦᠭᠡᠢ ᠳ᠋ᠠ︕ | ᠲᠦᠷᠪᠡ | ︽ᠴᠡᠴᠡᠭ ᠡ ︕ ᠴᠢᠨᠦ ᠲᠡᠷᠡ ᠬᠦ ᠪᠤᠳᠤᠭ ᠤᠨ ᠯᠤᠩᠬᠤ ᠴᠢᠨᠢ ᠬᠠᠮᠢᠭ᠎ᠠ ᠪᠠᠶᠢᠬᠤ ᠪᠤᠢ︖︾ | ︽ᠮᠡᠳᠡᠬᠦ ᠦᠭᠡᠢ︕︾ | ︽ᠴᠡᠴᠡᠭ ᠡ ︕ ᠮᠢᠨᠦ ᠲᠡᠷᠡ ᠨᠢᠭᠡ ᠦᠰᠦᠨ ᠪᠢᠷ ᠢ ᠤᠯᠵᠤ ᠦᠵᠡᠭᠰᠡᠨ ᠤᠤ ︖︾ | ︽ᠤᠯᠵᠤ ᠦᠵᠡᠭᠰᠡᠨ ᠦᠭᠡᠢ ︕︾ | ︽ᠴᠡᠴᠡᠭ ᠡ ︕ ᠬᠤᠷᠳᠤᠨ ᠠᠳᠡ ᠢᠷᠡᠭᠡᠳ ᠨᠠᠳᠠ ᠳᠤ ᠬᠠᠪᠰᠤᠷᠠᠭᠠᠴᠢ ᠳ᠋ᠠ ︕︾ | ︽ᠪᠢ ᠴᠢᠯᠦᠭᠡ ᠪᠠᠶᠢᠬᠤ ᠦᠭᠡᠢ ︕ ︾ | ᠡᠨᠡ ᠦᠶ᠎ᠡ ᠳᠤ ᠠᠪᠤ ᠲᠤᠳᠤᠨ᠎ᠠ ᠦᠷᠦᠭᠡ ᠠᠴᠠ ᠭᠠᠷᠴᠤ ᠢᠷᠡᠨ ᠂ ᠴᠢᠷᠠᠢ ᠲᠡᠭᠡᠷ᠎ᠡ ᠪᠠᠨ ᠶᠡᠬᠡᠯ᠎ᠡ | ᠢᠨᠢᠶᠡᠮᠰᠦᠭᠯᠡᠭᠰᠡᠭᠡᠷ ︽ ᠴᠡᠴᠡᠭ ᠡ ︕ ᠲᠠ ᠪᠠᠰᠠ ᠶᠠᠭᠤᠨ ᠳᠤ ᠲᠡᠭᠡᠵᠦ ᠮᠠᠭᠤ ᠴᠢᠷᠠᠶᠢᠯᠠᠵᠤ ᠪᠠᠶᠢᠬᠤ ᠪᠤᠢ︖ | ︾ | ᠪᠢ ᠠᠪᠤ ᠶᠢᠨ ᠵᠦᠭ ᠨᠢᠳᠦ ᠪᠠᠨ ᠭᠦᠯᠦᠶᠢᠨ ᠬᠠᠷᠠᠵᠤ᠂ ᠶᠠᠭ ᠯᠡ ᠲᠡᠭᠦᠨ ᠢ ᠦᠴᠦᠬᠡᠨ ᠴᠦ | ᠤᠶᠢᠰᠢᠶᠠᠬᠤ ᠴᠦ ᠦᠭᠡᠢ ᠮᠡᠳᠦ ᠪᠠᠷ ᠲᠤᠭᠤᠢ ᠵᠤᠭᠰᠤᠨ᠎ᠠ ᠃ | ᠠᠪᠤ ᠬᠠᠷᠢᠨ ᠨᠠᠳᠠ ᠵᠦᠭ ᠭᠠᠷ ᠰᠤᠩᠭᠠᠨ᠂ ᠭᠠᠷ ᠢ ᠠᠳᠬᠤᠨ ᠲᠤᠳᠤᠨ᠎ᠠ ᠦᠷᠦᠭᠡᠨ ᠳᠤ | ᠤᠷᠤᠭᠠᠳ ᠲᠦᠢᠯ ᠤᠨ ᠪᠠᠶᠠᠰᠤᠩᠭᠤᠢ ᠪᠠᠷ ᠄ ︽ ᠴᠡᠴᠡᠭ ᠡ ︕ ᠴᠢ ᠦᠵᠡᠭᠡᠴᠢ ᠳ᠋ᠡ︕ ᠡᠳᠡᠭᠡᠷ | ᠠᠪᠳᠠᠷ᠎ᠠ ᠲᠦᠭᠦᠷᠡᠩ ᠠᠷᠢᠬᠢ ᠲᠠᠮᠠᠬᠢ ᠵᠢᠮᠢᠰ ᠪᠤᠭᠤᠷᠰᠤᠭ ᠢ ᠦᠵᠡᠭᠡᠳ ᠴᠢ ᠪᠠᠶᠠᠷᠯᠠᠬᠤ ᠦᠭᠡᠢ ᠤᠤ ︖ ︾ | ᠪᠢ ᠤᠷᠤᠭᠤᠯ ᠢᠶᠠᠨ ᠮᠤᠰᠢᠯᠭᠠᠵᠤ ᠲᠡᠭᠦᠨ ᠤ ᠵᠦᠭ ᠰᠢᠭᠤᠳ ︽ᠬᠡᠩ ︕ ᠴᠢᠨᠦ ᠲᠡᠳᠡᠭᠡᠷ | ︿ ᠰᠢᠬᠢᠷ ᠢᠶᠠᠷ ᠦᠩᠭᠡᠯᠡᠭᠰᠡᠨ ᠰᠤᠮᠤ﹀ ᠶᠢ ᠦᠵᠡᠭᠡᠳ ᠬᠡᠨ ᠪᠠᠶᠠᠷᠯᠠᠬᠤ ᠶᠤᠮ ᠪᠤᠢ ︕︾ | ᠪᠢ ᠠᠭᠤᠷᠯᠠᠬᠤ ᠳᠤ ᠪᠠᠨ ᠨᠢᠳᠦᠨ ᠠᠴᠠ ᠨᠢᠯᠪᠤᠰᠤ ᠴᠤ ᠤᠷᠤᠰᠤᠨ ᠭᠠᠷᠪᠠ᠂ ᠴᠤᠬᠤᠮ ᠶᠠᠭᠤᠨ | ᠠᠴᠠ ᠪᠤᠯᠤᠭᠰᠠᠨ ᠢ ᠴᠦ ᠪᠤᠥ ᠮᠡᠳᠡ︕ ᠪᠢ ᠤᠯᠠᠮ ᠠᠭᠤᠷᠯᠠᠬᠤ ᠲᠤᠳᠤᠮ ᠠᠪᠤ ᠬᠠᠷᠢᠨ ᠤᠯᠠᠮ ᠪᠠᠶᠠᠷᠯᠠᠨ | ᠬᠦᠭᠰᠡᠵᠦ ᠪᠠᠶᠢᠭᠰᠠᠭᠠᠷ ᠨᠠᠳᠠ ᠶᠢ ᠲᠡᠪᠡᠷᠢᠨ ᠠᠪᠤᠪᠠ ᠃ | ︽ᠠᠪᠤ ᠡ ︕ ᠲᠠ ᠪᠢᠳᠡᠭᠡᠢ ᠪᠠᠶᠠᠷᠯᠠᠭᠠᠷᠠᠢ︕ ᠴᠢ ᠦᠷᠭᠦᠯᠵᠢᠯᠡᠨ ᠢᠩᠭᠢᠭᠡᠳ ᠯᠡ ᠪᠠᠶᠢᠪᠠᠯ ᠲᠤᠮᠤ | ᠶᠠᠯ᠎ᠠ ᠬᠢᠭᠰᠡᠨ ᠶᠠᠪᠤᠳᠠᠯ ᠪᠤᠯᠤᠨ᠎ᠠ ᠰᠢᠦ︕ ᠮᠠᠨ ᠤ ᠪᠠᠭᠰᠢ ᠦᠷᠭᠦᠯᠵᠢ ᠮᠠᠨᠤᠰ ᠲᠤ ᠄ ︿ᠨᠡᠶᠢᠳᠡ ᠶᠢᠨ ᠶᠠᠭᠤᠮ᠎ᠠ | ᠶᠢ ᠤᠯᠠᠮ ᠢᠳᠡᠬᠦ ᠲᠤᠳᠤᠮ ᠬᠢᠯᠪᠠᠷᠬᠠᠨ ᠢᠶᠠᠷ ᠬᠤᠪᠳᠤᠭ ᠰᠢᠨᠤᠬᠠᠢ ᠪᠤᠯᠵᠤ ᠂ ᠱᠠᠮᠰᠢᠭᠰᠠᠨ ᠬᠡᠷᠡᠭ ᠲᠤ | ᠤᠷᠤᠳᠠᠭ᠂᠂᠂᠂᠂᠂﹀ ︾ | ︽ᠵᠠ︕ ᠪᠤᠯᠵᠠᠢ︕ ᠪᠤᠯᠵᠠᠢ︕᠂᠂᠂᠂ ᠴᠢᠯᠦᠭᠡ ᠪᠠᠷ ᠢᠶᠠᠨ ᠠᠪᠤ ᠨᠢ ᠲᠤᠰᠬᠠᠶᠢᠯᠠᠨ ᠴᠢᠨᠦ | ᠤᠯᠤᠰ ᠲᠦᠷᠦ ᠶᠢᠨ ᠬᠢᠴᠢᠶᠡᠯ ᠢ ᠴᠢᠨᠢ ᠰᠤᠨᠤᠰᠤᠶ᠎ᠠ ᠃ ᠭᠡᠳᠡᠯ᠎ᠡ᠂ ᠴᠢ ᠤᠳᠤ ᠪᠠᠷ ᠨᠠᠳᠠ ᠶᠢ ᠬᠠᠪᠰᠤᠷᠬᠤ | ᠬᠡᠷᠡᠭᠳᠡᠢ ︾ ᠭᠡᠳ ᠠᠪᠦ ᠨᠢᠭᠡ ᠲᠤᠮᠤ ᠪᠤᠭᠴᠤ ᠭᠠᠷᠭᠠᠭᠠᠳ ᠲᠡᠳᠡᠭᠡᠷ ᠠᠪᠳᠠᠷ᠎ᠠ ᠲᠦᠭᠦᠷᠡᠭᠰᠡᠨ ︽ ᠪᠡᠯᠡᠭ | ᠰᠠᠯᠳᠠ ᠶᠢᠨ ᠪᠤᠳᠠᠰ ︾ ᠢ ᠨᠢᠭᠡ ᠨᠢᠭᠡ ᠪᠠᠷ ᠪᠤᠭᠴᠤᠨ ᠲᠤᠳᠤᠷ᠎ᠠ ᠂᠂᠂᠂᠂᠂ | ᠡᠨᠡ ᠦᠶᠡᠰ ᠪᠢ ᠬᠠᠷᠢᠨ ᠤᠬᠠᠭᠠᠨ ᠲᠦᠬᠦᠭᠡ ᠶᠢ ᠨᠢ ᠤᠯᠵᠤ ᠶᠠᠳᠠᠨ ᠪᠠᠶᠢᠵᠤ᠂ ᠠᠪᠤ ᠴᠤᠬᠤᠮ | ᠶᠠᠮᠠᠷ ᠠᠷᠭ᠎ᠠ ᠭᠠᠷᠭᠠᠵᠤ ᠪᠠᠶᠢᠬᠤ ᠶᠢ ᠭᠠᠳᠠᠷᠯᠠᠵᠤ ᠴᠢᠳᠠᠬᠤ ᠦᠭᠡᠢ ᠪᠠᠶᠢᠯ᠎ᠠ ᠃ | ᠥ ︕ ᠪᠢ ᠬᠠᠷᠢᠨ ᠤᠳᠤ ᠮᠡᠳᠡᠭᠰᠡᠨ ︕ ᠮᠢᠨᠦ ᠪᠠᠭ᠎ᠠ ᠠᠪᠠᠭ᠎ᠠ ᠡᠵᠢ ᠲᠠᠷᠤᠢ ᠨᠢᠭᠡᠨ | ᠲᠡᠯᠭᠡᠭᠦᠷ ᠡᠷᠬᠢᠯᠡᠵᠦ ᠪᠠᠶᠢᠬᠤ ᠪᠢᠰᠢᠦ︖ ᠠᠪᠤ ᠯᠠᠪᠳᠠᠢ ᠡᠳᠡᠭᠡᠷ ᠠᠷᠢᠬᠢ᠂ ᠲᠠᠮᠠᠬᠢ᠂ ᠪᠤᠭᠤᠷᠰᠤᠭ ᠤᠳ ᠢ | ᠠᠪᠠᠭ᠎ᠠ ᠡᠵᠢ ᠶᠢᠨ ᠲᠡᠯᠭᠡᠭᠦᠷ ᠲᠤ ᠠᠪᠠᠴᠢᠨ ᠤᠷᠤᠯᠠᠭᠤᠯᠤᠨ ᠬᠤᠳᠠᠯᠳᠤᠭᠤᠯᠵᠤ ᠪᠠᠶᠢᠭᠠᠳ ᠵᠤᠭᠤᠰ ᠬᠤᠪᠢᠯᠭᠠᠬᠤ | ᠪᠠᠷ ᠪᠠᠶᠢᠨ᠎ᠠ ᠰᠢᠦ︕ | ᠶᠠᠭ ᠰᠠᠶ᠋ᠢᠬᠠᠨ ᠡᠨᠡ ᠦᠶ᠎ᠡ ᠳᠤ ᠡᠭᠦᠳᠡ ᠠᠯᠭᠤᠷᠬᠠᠨ ᠢᠶᠠᠷ ᠨᠡᠬᠡᠭᠡᠭᠳᠡᠨ ᠠᠪᠤ ᠶᠢᠨ ᠦᠢᠯᠡᠳᠪᠦᠷᠢ | ᠶᠢᠨ ᠨᠠᠷᠢᠨ ᠪᠢᠴᠢᠭᠡᠴᠢ ᠪᠠᠶᠠᠷ ᠠᠪᠠᠭ᠎ᠠ ᠤᠷᠤᠵᠤ ᠢᠷᠡᠨ᠂ ᠭᠠᠷ ᠲᠠᠭᠠᠨ ᠬᠡᠳᠦᠨ ᠨᠤᠭᠤᠯᠠᠭᠤᠰᠤᠳᠠᠢ ᠪᠠᠷᠤᠭ | ᠯᠡ ᠲᠠᠩᠰᠠ ᠶᠢᠨ ᠭᠠᠷᠳᠠᠮᠠᠯ ᠪᠠᠷᠢᠵᠤ ᠪᠠᠶᠢᠪᠠ ᠃ | ᠠᠪᠤ ᠪᠠᠶᠠᠷ ᠠᠪᠠᠭ᠎ᠠ ᠶᠢ ᠦᠵᠡᠮᠡᠭᠴᠡ ᠲᠦᠢᠯ ᠢᠶᠠᠷ ᠪᠠᠶᠠᠷᠯᠠᠨ︽ᠪᠠᠶᠠᠷ ᠡ ︕ ᠴᠢᠨᠦ ᠢᠷᠡᠭᠰᠡᠨ | ᠴᠢᠨᠢ ᠶᠠᠭ ᠴᠠᠭ ᠲᠠᠭᠠᠨ ᠲᠠᠭᠠᠷᠠᠵᠠᠢ᠂ ᠴᠢᠨᠦ ᠠᠳᠬᠤᠵᠤ ᠪᠠᠶᠢᠭ᠎ᠠ ᠴᠠᠭᠠᠰᠤ ᠴᠢᠨᠢ ᠬᠡᠳᠦᠢ ᠵᠤᠭᠤᠰ ᠬᠦᠷᠦᠭᠰᠡᠨ | ᠪᠤᠢ︖ ︾ | ︽ᠲᠦᠷᠪᠡᠨ ᠲᠦᠭᠦᠷᠢᠭ ︕ ᠠ ︕ ᠡᠨᠡ ᠴᠢᠨᠢ ᠭᠠᠷᠳᠠᠮᠠᠯ ᠪᠠᠶᠢᠨ᠎ᠠ ᠰᠢᠦ ᠂᠂᠂᠂᠂︾ | ᠠᠪᠤ ᠬᠠᠷᠢᠨ ᠲᠡᠷᠡᠬᠦ ᠭᠠᠷᠳᠠᠮᠠᠯ ᠢ ᠨᠢ ᠤᠷᠠᠨ ᠬᠠᠶᠠᠭᠠᠳ ︽ ᠡᠭᠦᠨ ᠢ ᠪᠢ ᠬᠤᠪᠢ ᠶᠢᠨ | ᠵᠤᠭᠤᠰ ᠢᠶᠠᠷ ᠭᠠᠷᠭᠠᠶ᠎ᠠ ︕ ᠵᠠ ︕ ᠴᠢ ᠨᠠᠰᠢ ᠪᠠᠨ ᠢᠷ᠎ᠡ︕ ᠨᠠᠳᠠ ᠲᠠᠢ ᠬᠠᠮᠵᠢᠯᠴᠠᠵᠤ ᠪᠠᠶᠢᠭᠠᠳ | ᠡᠳᠡᠭᠡᠷ ᠲᠤᠮᠤ ᠪᠤᠭᠴᠤ ᠲᠠᠢ ᠶᠠᠭᠤᠮ᠎ᠠ ᠶᠢ ᠮᠢᠨᠦ ᠠᠵᠢᠯᠯᠠᠬᠤ ᠭᠡᠷ ᠲᠤ ᠠᠪᠠᠴᠢᠶ᠎ᠠ ︕︾ | ᠶᠠᠭᠤ ᠭᠡᠨ᠎ᠡ ︖ ᠠᠯᠪᠠᠨ ᠭᠡᠷ ᠲᠤ ᠪᠠᠨ ᠠᠪᠠᠴᠢᠬᠤ ᠭᠡᠨ᠎ᠡ︖ ᠡᠩ ᠤᠨ ᠦᠶᠡᠰ ᠬᠦᠮᠦᠰ ᠪᠦᠷ | ᠨᠠᠳᠠ ᠶᠢ ᠲᠠᠷᠢᠬᠢ ᠲᠤᠯᠤᠭᠠᠢ ᠨᠢ ᠬᠤᠷᠴᠠ ᠰᠡᠷᠭᠡᠭ ᠭᠡᠵᠦ ᠬᠡᠯᠡᠳᠡᠭ ᠲᠤᠯᠠ ᠡᠨᠡ ᠤᠳᠠᠭ᠎ᠠ ᠲᠠ ᠤᠯᠠᠨ ᠬᠠᠷᠢᠨ | ᠮᠢᠨᠦ ᠶᠠᠭᠠᠬᠢᠬᠤ ᠭᠡᠵᠦ ᠪᠠᠶᠢᠬᠤ ᠶᠢ ᠮᠡᠳᠡᠭᠰᠡᠨ ᠬᠦᠮᠦᠨ ᠪᠠᠶᠢᠬᠤ ᠦᠭᠡᠢ ᠪᠠ ︖ ᠭᠡᠰᠡᠨ ᠮᠠᠶ᠋ᠢᠭ ᠲᠠᠢ ᠠᠪᠤ | ᠴᠤᠬᠤᠮ ᠶᠠᠭᠠᠬᠢᠬᠤ ᠭᠡᠵᠦ ᠪᠠᠶᠢᠬᠤ ᠶᠢ ᠮᠡᠳᠡᠬᠦ ᠦᠭᠡᠢ ︕ | ᠡᠭᠦᠳᠡᠨ ᠤ ᠭᠠᠳᠠᠨ᠎ᠠ ᠭᠠᠷᠤᠭᠠᠳ ᠠᠪᠤ ᠬᠠᠷᠢᠨ ᠪᠡᠶ᠎ᠡ ᠡᠷᠭᠢᠨ ︽ᠬᠦᠢ︕ ᠬᠦᠯᠢᠶᠡᠵᠦ ᠪᠠᠶᠢᠭᠠᠷᠠᠢ ︕ | ︾ ᠭᠡᠵᠦ ᠬᠡᠯᠡᠭᠡᠳ ᠲᠡᠷᠡᠬᠦ ᠬᠦᠬᠡ ᠭᠠᠳᠠᠷ ᠲᠠᠢ ᠲᠡᠮᠳᠡᠭᠯᠡᠯ ᠤᠨ ᠲᠡᠪᠳᠡᠷ ᠢᠶᠠᠨ ᠤᠷᠪᠠᠭᠤᠯᠤᠭᠠᠳ᠂ ᠲᠡᠭᠦᠨ ᠤ | ᠲᠤᠮᠳᠠ ᠠᠴᠠ ᠨᠢ ᠨᠢᠭᠡ ᠨᠢᠭᠤᠷ ᠢ ᠤᠷᠠᠵᠤ ᠠᠪᠤᠭᠠᠳ ᠨᠠᠳᠠ ᠳᠤ ᠭᠠᠷᠳᠠᠭᠤᠯᠤᠨ᠄ ︽ᠴᠡᠴᠡᠭ ᠡ︕ ᠴᠢᠨᠦ | ᠦᠰᠦᠨ ᠪᠢᠷ ᠪᠢᠴᠢᠬᠦ ᠨᠡᠯᠢᠶᠡᠳ ᠵᠦᠭᠡᠷ ᠲᠤᠯᠠ ᠴᠢ ᠡᠭᠦᠨ ᠢ ᠦᠵᠡᠵᠦ ᠪᠠᠶᠢᠭᠠᠳ ᠨᠢᠭᠡᠨ ᠬᠤᠪᠢ ︿ ᠪᠤᠳᠠᠰ | ᠡᠷᠢᠬᠦ ᠮᠡᠳᠡᠭᠳᠡᠯ﹀ ᠪᠢᠴᠢᠭᠡᠷᠡᠢ︕ ᠭᠡᠬᠦ ᠳᠤ ᠪᠠᠨ ᠠᠳᠠᠯᠢᠬᠠᠨ ᠭᠤᠷᠪᠠᠨ ᠬᠤᠪᠢ ᠪᠤᠯᠭᠠᠨ ᠪᠢᠴᠢᠭᠡᠳ ᠨᠠᠳᠠᠳᠤ | ᠠᠪᠴᠢᠷᠠᠭᠠᠷᠠᠢ ︕ ᠴᠢ ᠡᠨᠡᠬᠦ ᠲᠡᠮᠳᠡᠭᠯᠡᠯ ᠲᠡᠭᠡᠷᠡᠬᠢ ᠨᠡᠷᠡᠰ ᠢ ᠵᠠᠬ᠎ᠠ ᠲᠠᠷᠠᠭᠠᠯᠠᠨ ᠬᠠᠭᠤᠯᠤᠭᠠᠳ ᠡᠨᠡ ᠤᠷᠤᠢ | ᠶᠢᠨ ᠲᠤᠯᠤᠭᠠᠨ ᠴᠠᠭ ᠲᠤ ᠵᠠᠪᠠᠯ ᠦᠢᠯᠡᠳᠪᠦᠷᠢ ᠶᠢᠨ ᠮᠢᠨᠦ ᠠᠵᠢᠯᠯᠠᠬᠤ ᠭᠡᠷ ᠲᠤ ᠠᠪᠠᠴᠢᠵᠤ ᠦᠭᠭᠦᠭᠡᠷᠡᠢ ︕ | ᠡᠨᠡ ᠤᠷᠤᠢ ᠶᠢᠨ ᠴᠠᠭ ᠢ ᠠᠰᠢᠭᠯᠠᠨ ᠲᠡᠳᠡᠭᠡᠷ ᠬᠦᠮᠦᠰ ᠲᠤ ᠠᠪᠴᠢᠷᠠᠭᠰᠠᠨ ᠡᠳᠡᠭᠡᠷ ᠪᠤᠳᠠᠰ ᠢᠶᠠᠨ ᠲᠠᠨᠢᠵᠤ | ᠠᠪᠤᠭᠤᠯᠬᠤ ᠠᠵᠢᠯ ᠢ ᠬᠢᠬᠦ ᠪᠠᠷ ᠪᠤᠯᠪᠠ ᠂ ᠡᠶᠢᠮᠦ ᠠᠴᠠ ᠴᠢ ᠤᠷᠢᠳᠠᠪᠡᠷ ᠲᠤᠪ ᠲᠤᠳᠤᠷᠬᠠᠢ ᠪᠢᠴᠢᠭᠡᠷᠡᠢ ︖ | ᠪᠢ ᠠᠵᠢᠯᠯᠠᠬᠤ ᠭᠡᠷ ᠲᠤ ᠬᠦᠷᠪᠡᠯ ᠪᠤᠰᠤᠳ ᠨᠢᠭᠡᠨ ᠬᠦᠮᠦᠨ ᠢ ᠤᠯᠵᠤ ᠲᠤᠰᠬᠠᠶᠢᠯᠠᠨ ᠴᠢᠨᠦ ᠪᠢᠴᠢᠭᠰᠡᠨ ᠢ | ᠠᠵᠢᠯᠯᠠᠬᠤ ᠭᠡᠷ ᠤᠨ ᠬᠠᠨ᠎ᠠ ᠲᠡᠭᠡᠷ᠎ᠡ ᠨᠠᠭᠠᠵᠤ ᠲᠠᠯᠪᠢᠶ᠎ᠠ ︕ ︾ | ᠠᠪᠤ ᠢᠩᠭᠢᠵᠦ ᠬᠡᠯᠡᠵᠦ ᠪᠠᠷᠠᠩᠭᠤᠳᠠ ᠂ ᠪᠠᠶᠠᠷ ᠠᠪᠠᠭ᠎ᠠ ᠲᠠᠢ ᠬᠠᠮᠵᠠᠯᠴᠠᠨ ᠲᠡᠷᠡᠬᠦ ᠬᠦᠨᠳᠦ ᠨᠦᠰᠡᠷ | ᠲᠤᠮᠤ ᠪᠤᠭᠴᠤ ᠲᠠᠢ ︽ ᠪᠡᠯᠡᠭ ᠰᠠᠯᠳᠠ︾ ᠶᠢ ᠲᠠᠮᠨᠠᠵᠤ᠂ ︽ᠠᠪᠴᠢᠷᠠᠭᠰᠠᠨ ᠡᠵᠡᠨ︾ ᠳᠤ ᠨᠢ | ᠲᠠᠨᠢᠭᠤᠯᠬᠤ ᠪᠠᠷ ᠶᠠᠪᠤᠪᠠ ᠃ ᠪᠢ ᠠᠪᠤ ᠶᠢᠨ ᠡᠨᠡᠬᠦ ᠭᠡᠨᠡᠳᠳᠡ ᠶᠢᠨ ᠦᠢᠯᠡ ᠬᠦᠳᠡᠯᠭᠡᠭᠡᠨ ᠳᠤ ᠭᠠᠶᠢᠬᠠᠰᠢ | ᠠᠯᠳᠠᠨ᠂ ᠤᠳᠠᠳᠠᠯ᠎ᠠ ᠪᠠᠨ ᠮᠡᠯᠡᠷᠡᠨ ᠵᠤᠭᠰᠤᠭᠠᠳ ᠪᠤᠳᠤᠯᠭ᠎ᠠ ᠪᠤᠯᠪᠠ᠃ ᠤᠥᠯ ᠨᠢ ᠡᠨᠡ ᠬᠡᠳᠦᠨ ᠡᠳᠦᠷ ᠲᠤ | ᠮᠢᠨᠦ ᠠᠪᠤ ᠬᠠᠷᠢᠨ ᠨᠠᠳᠠ ᠶᠢ ᠲᠤᠷᠰᠢᠬᠤ ᠮᠠᠶ᠋ᠢᠭ ᠲᠠᠢ ᠠᠷᠭ᠎ᠠ ᠭᠠᠷᠭᠠᠨ᠂ ᠲᠠᠮ ᠢᠶᠠᠷ ᠨᠠᠳᠠ ᠪᠠᠷ ᠨᠠᠭᠠᠳᠤᠮ ᠬᠢᠵᠦ | ᠪᠠᠶᠢᠭᠰᠠᠨ ᠨᠢ ᠡᠨᠡ ᠪᠢᠯᠡ᠃ | ᠡᠨᠡᠬᠦ ᠭᠱᠠᠨ ᠳᠤ ᠂ ᠮᠢᠨᠦ ᠲᠤᠳᠤᠷ᠎ᠠ ᠠᠭᠤᠷᠯᠠᠵᠤ ᠪᠠᠶᠢᠭᠰᠠᠨ ᠠᠯᠢᠪᠠ ᠬᠢᠯᠢᠩ ᠪᠦᠷ ᠠᠷᠢᠯᠪᠠ ᠃ | ᠦᠵᠡᠵᠦ ᠪᠠᠶᠢᠳᠠᠯ᠎ᠠ ᠮᠢᠨᠦ ᠨᠢᠳᠦᠨ ᠡᠮᠦᠨ᠎ᠡ ᠄ ᠦᠢᠯᠡᠳᠪᠦᠷᠢ ᠶᠢᠨ ᠠᠵᠢᠯᠯᠠᠬᠤ ᠭᠡᠷ ᠲᠤᠳᠤᠷ᠎ᠠ ᠂ ᠴᠠᠬᠢᠯᠭᠠᠨ | ᠭᠡᠷᠡᠯ ᠲᠤᠸᠠᠯᠠᠵᠤ᠂ ᠠᠪᠤ ᠲᠡᠷᠡᠬᠦ ᠲᠤᠮᠤ ᠪᠤᠭᠴᠤ ᠶᠢᠨ ᠲᠤᠳᠤᠷ᠎ᠠ ᠠᠴᠠ ᠲᠡᠳᠡᠭᠡᠷ ᠪᠤᠳᠠᠰ ᠤᠳ ᠢ ᠨᠢᠭᠡ ᠨᠢᠭᠡ ᠪᠠᠷ | ᠠᠪᠴᠤ ᠭᠠᠷᠭᠠᠭᠠᠳ᠂ ᠲᠡᠳᠡᠭᠡᠷ ᠤᠨ ᠲᠤᠰ ᠲᠤᠰ ᠤᠨ ︽ ᠠᠪᠴᠢᠷᠠᠭᠰᠠᠨ ᠡᠵᠡᠨ ︾ ᠳᠤ ᠨᠢ ᠪᠤᠴᠠᠭᠠᠵᠤ | ᠦᠭᠬᠦ ᠳᠤ ᠂ ᠲᠡᠳᠡᠭᠡᠷ ᠡᠵᠡᠨ ᠨᠢ ᠴᠤᠬᠤᠮ ᠬᠡᠴᠦᠨᠡᠨ ᠡᠪ ᠦᠭᠡᠶᠢᠳᠡᠬᠦ ᠶᠤᠮ ᠪᠤᠯ ᠳ᠋ᠠ ︕ | ᠤᠥᠯ ᠨᠢ ᠮᠢᠨᠦ ᠠᠪᠤ ᠲᠠᠷᠤᠢ ᠡᠶᠢᠮᠦ ᠨᠢᠭᠡᠨ ᠰᠤᠳᠤ ᠮᠡᠷᠭᠡᠨ ᠠᠷᠭ᠎ᠠ ᠭᠠᠷᠭᠠᠭᠰᠠᠨ ᠢ ᠪᠢ | ᠦᠨᠡᠬᠡᠷ ᠪᠤᠳᠤᠵᠤ ᠤᠯᠤᠭᠰᠠᠨ ᠦᠭᠡᠢ ︕ | | ᠵᠤᠬᠢᠶᠠᠭᠴᠢ ᠄ ᠸ᠊᠂ ᠠᠭᠤᠯᠠ ᠰᠤᠷᠭᠠᠨ ᠬᠦᠮᠦᠵᠢᠯ ᠤᠨ ᠰᠤᠨᠢᠨ ᠰᠡᠳᠭᠦᠯ ᠤᠨ ᠬᠡᠪᠯᠡᠯ ᠤᠨ ᠬᠤᠷᠢᠶ᠎ᠠ | ᠬᠠᠷᠢᠯᠴᠠᠬᠤ ᠤᠳᠠᠰᠤ ᠄ 13847456589 | 地址:010010呼和浩特市赛罕区兴安南路武警黄金 | 二队南侧蒙吉利3一楼西侧 | 瓦.阿古拉 13847456589 | |