— ᠮᠦᠩᠬᠡᠳᠦᠭᠦᠷᠡᠩ ᠵᠡᠷᠭᠡ ᠬᠦᠴᠤᠳᠡᠳ ᠤᠨ ᠨᠡᠮᠡᠭᠦᠷᠢ ᠬᠠᠨᠳᠢᠪ ᠤᠨ ᠠᠵᠢᠯᠯᠠᠭᠠᠨ ᠳᠤ ᠵᠤᠷᠢᠭᠤᠯᠪᠠ | ᠨᠤ᠂ ᠴᠢᠯᠠᠭᠤᠨᠪᠠᠭᠠᠨ᠎ᠠ | A | ᠴᠢᠪᠠᠭ᠎ᠠ ᠶᠢᠨ ᠡᠪᠤᠯ ᠲᠤᠯᠠᠭᠠᠨ ᠪᠠᠶᠢᠨ᠎ᠠ᠂ | ᠴᠠᠰᠤ ᠮᠦᠰᠤ ᠲᠠᠢ ᠴᠢᠪᠠᠭ᠎ᠠ ᠶᠢᠨ ᠡᠪᠤᠯ | ᠴᠡᠴᠡᠭ ᠨᠠᠪᠴᠢ ᠲᠡᠯᠭᠡᠷᠡᠴᠢᠬᠡᠮᠡ ᠲᠤᠯᠠᠭᠠᠬᠠᠨ ᠪᠠᠶᠢᠨ᠎ᠠ᠃ | ︽ᠠᠮᠢᠳᠤᠷᠡᠯ ᠬᠠᠶᠢᠷ᠎ᠠ ᠲᠡᠭᠡᠷ᠎ᠡ ᠲᠤᠭᠳᠠᠳᠠᠭ︾ ᠮᠤᠩᠭᠤᠯ ᠲᠠᠭᠤᠤ ᠶᠢᠨ ᠤᠶᠠᠩᠭ᠎ᠠ ᠡᠭᠡᠰᠢᠭ ᠲᠡᠭᠡᠷ᠎ᠡ | ᠮᠦᠩᠬᠡᠳᠦᠭᠦᠷᠡᠩ ᠨᠠᠷ ᠲᠠᠪᠢᠵᠤ ᠢᠷᠡᠨ᠎ᠡ᠃ | ᠬᠦᠴᠤ᠂ ᠤᠬᠠᠭᠠᠨ ᠤ ᠬᠤᠶᠡᠷ ᠶᠤᠩᠬᠤᠷ ᠢᠶᠠᠷ ︽ᠠᠪᠤᠷᠭᠤ︾ ᠠᠯᠳᠡᠷ ᠢᠶᠠᠨ ᠴᠢᠪᠬᠠᠳᠠᠭᠤᠯᠵᠤ ᠶᠠᠪᠤᠭᠰᠠᠨ — | ᠮᠠᠨ ᠤ ᠬᠦᠴᠤᠳᠡᠨ | ᠮᠤᠩᠭᠤᠯ ᠪᠦᠬᠡᠴᠤᠳ ᠤᠨ ᠠᠷᠠᠰᠤᠨ ᠵᠤᠳᠤᠭ ᠤᠨ ᠬᠢᠨᠢ ᠲᠤᠪᠤᠷᠤᠤ ᠂ ᠠᠯᠳᠡᠨ ᠨᠠᠷᠡᠨ ᠤ ᠭᠡᠷᠡᠯ ᠢᠯᠴᠢ ᠶᠢ | ᠪᠤᠤᠭᠢᠶᠠᠯᠠᠨ ᠭᠢᠯᠪᠠᠨ᠎ᠠ᠃ ᠠᠯᠳᠡᠷ ᠴᠤᠯᠡ ᠶᠢᠨ ᠬᠢᠨᠢ ᠴᠢᠮᠦᠭᠡ ᠲᠦᠭᠦᠷᠴᠤ᠂ ᠠᠷᠠᠳ ᠤᠨ ᠰᠡᠳᠬᠢᠯ ᠳᠤ ᠬᠦᠷᠦᠨ᠎ᠡ | ᠭᠡᠭᠴᠢ ᠡᠨᠡ ᠪᠠᠶᠢᠬ᠎ᠠ︕ | B | ᠴᠢᠪᠠᠭ᠎ᠠ ᠶᠢᠨ ᠡᠪᠤᠯ ᠲᠤᠯᠠᠭᠠᠨ ᠪᠠᠶᠢᠨ᠎ᠠ᠂ | ᠴᠠᠰᠤ ᠨᠢ ᠬᠠᠶᠢᠯᠤᠵᠤ᠂ ᠮᠦᠰᠤ ᠨᠢ ᠤᠶᠠᠷᠠᠴᠢᠬᠠᠮᠠ | ᠴᠢᠪᠠᠭ᠎ᠠ ᠶᠢᠨ ᠡᠪᠤᠯ ᠲᠤᠯᠠᠭᠠᠬᠠᠨ ᠪᠠᠶᠢᠨ᠎ᠠ᠃ | ᠰᠡᠳᠬᠢᠯ ᠬᠦᠷᠳᠡᠭ ᠭᠠᠵᠠᠷ ᠲᠤ ᠶᠠᠭᠤ ᠴᠤ ᠭᠦᠷᠳᠡᠭ ᠤᠨ ᠤᠴᠢᠷ᠂ ᠰᠡᠭᠦᠵᠢᠨ ᠲᠠᠮᠢᠷ᠂ ᠨᠢᠷᠤᠭᠤ ᠶᠢᠨ ᠬᠦᠴᠤᠨ | ᠢᠶᠠᠷ ᠨᠡᠶᠢᠭᠡᠮ ᠨᠡᠶᠢᠳᠡ ᠳᠤ ᠲᠠᠨᠢᠭᠳᠠᠵᠤ ᠶᠠᠪᠤᠭᠰᠠᠨ ᠠᠪᠤᠷᠭᠤᠴᠤᠳ ᠮᠢᠨᠢ ᠮᠠᠭᠰᠢᠵᠤ ᠢᠷᠡᠨ᠎ᠡ᠃ | ᠨᠤᠭᠳᠤᠯᠠᠵᠤ ᠪᠠᠭᠢᠯᠡᠭᠰᠡᠨ ᠪᠤᠯᠢᠭᠠᠷᠢ ᠶᠢᠨ ᠭᠤᠳᠤᠯ ᠨᠢ ᠭᠠᠵᠠᠷ ᠤᠨ ᠨᠢᠷᠤᠭᠤ ᠲᠤᠪᠰᠢᠳᠡᠵᠤ᠂ ᠭᠠᠯ ᠬᠠᠯᠠᠭᠤᠨ | ᠢᠯᠴᠢ ᠡᠨᠧᠷᠭᠢ ᠪᠠᠳᠠᠷᠭᠠᠵᠤ᠂ ᠬᠠᠷᠠᠭᠰᠠᠨ ᠰᠤᠨᠤᠰᠤᠭᠰᠠᠨ ᠪᠦᠬᠦᠨ ᠳᠤ ︽ᠬᠠᠶᠢᠷ᠎ᠠ᠂ ᠨᠠᠶᠢᠷ︾ ᠭᠡᠭᠴᠢ ᠶᠠᠭᠤ ᠶᠢ | ᠮᠡᠳᠡᠷᠡᠭᠦᠯᠦᠨᠠ᠃ | ᠬᠦᠴᠢᠷ ᠢ ᠮᠡᠳᠡᠳᠡᠭ ᠬᠦᠮᠦᠯᠢᠭ ᠴᠢᠨᠠᠷ ᠤᠨ ᠬᠢᠨᠢ ᠭᠡᠷᠡᠯ ᠢᠯᠴᠢ ᠴᠠᠩ ᠰᠠᠭᠰᠤᠷᠭ᠎ᠠ ᠲᠠᠢ ᠴᠢᠪᠠᠭ᠎ᠠ ᠶᠢᠨ ᠡᠪᠤᠯ ᠢ | ᠴᠠᠯ ᠨᠤᠭᠤᠭᠠᠨ ᠵᠤᠨ ᠤ ᠠᠶᠠᠯᠭᠤ ᠪᠠᠷ ᠵᠢᠷᠭᠠᠨ᠎ᠠ᠃ | C | ᠴᠢᠪᠠᠭ᠎ᠠ ᠶᠢᠨ ᠡᠪᠤᠯ ᠲᠤᠯᠠᠭᠠᠨ ᠪᠠᠶᠢᠨ᠎ᠠ᠂ | ᠴᠢᠨᠠᠷ ᠮᠦᠰᠤ ᠶᠢᠨ ᠠᠨᠳᠠᠭᠠᠢ᠂ ᠴᠠᠭᠠᠨ ᠰᠦ ᠶᠢᠨ ᠢᠷᠤᠭᠡᠯ ᠲᠠᠢ | ᠴᠢᠪᠠᠭ᠎ᠠ ᠶᠢᠨ ᠡᠪᠤᠯ ᠲᠤᠯᠠᠭᠠᠬᠠᠨ ᠪᠠᠶᠢᠨ᠎ᠠ᠃ | ᠬᠦᠴᠤ ᠬᠠᠶᠢᠷ᠎ᠠ ᠶᠢᠨ ᠬᠡᠮᠨᠡᠯ ᠲᠠᠢ᠂ ᠬᠦᠮᠤᠰ ᠤᠨ ᠰᠡᠳᠬᠢᠯ ᠳᠤ ᠲᠤᠯᠠᠭᠠᠬᠠᠨ ᠤᠷᠠᠢ ᠲᠠᠭᠤᠤ ᠶᠢᠨ ᠡᠭᠡᠰᠢᠭ | ᠲᠡᠭᠡᠷ᠎ᠡ ᠬᠦᠴᠤᠳᠡᠨ ᠪᠦᠬᠡᠴᠤᠳ ᠲᠡᠪᠢᠵᠤ ᠢᠷᠡᠨ᠎ᠡ᠃ | ᠬᠦᠰᠡᠯ ᠢᠳᠡᠭᠡᠯ ᠢᠶᠠᠷ ᠢᠶᠠᠨ ᠬᠦᠮᠤᠨ ᠨᠡᠶᠢᠭᠡᠮ ᠤᠨ ᠤᠷᠤᠨ ᠵᠠᠢ ᠳᠤ ᠵᠤᠭᠰᠤᠭ᠎ᠠ ᠪᠠᠷᠢᠯᠳᠤᠵᠤ᠂ ᠪᠤᠰᠤᠭ᠎ᠠ | ᠶᠠᠪᠤᠬᠤ ᠵᠤᠯᠪᠤᠭ᠎ᠠ ᠰᠠᠶᠢᠳᠠᠢ ᠪᠦᠬᠡᠴᠤᠳ ᠤᠨ ᠦᠩᠭᠡ ᠶᠢᠨ ᠰᠠᠶᠢᠬᠠᠨ ᠵᠠᠩᠭᠢᠶ᠎ᠠ ᠨᠢ ᠡᠭᠦᠯᠡ ᠰᠠᠯᠬᠢᠨ ᠤ ᠡᠮᠵᠢᠶᠡᠷᠢ | ᠶᠤᠮᠰᠢᠭ ᠮᠢᠷᠡᠯᠵᠡᠨ ᠡᠨᠡ ᠬᠤᠷᠸ᠎ᠠ ᠳᠤ ︽ᠶᠠᠭᠤ ᠡᠷᠭᠢᠮ︖︾ ᠭᠡᠳᠡᠭ ᠢ ᠤᠶᠠᠩᠭ᠎ᠠ ᠰᠢᠯᠦᠭ ᠰᠢᠭ ᠵᠢᠷᠤᠯᠠᠨᠠ᠃ | ᠬᠦᠴᠤ᠂ ᠬᠠᠶᠢᠷ᠎ᠠ ᠶᠢᠨ ᠬᠦᠩᠭᠡᠨ ᠵᠢᠭᠦᠷ ᠲᠠᠢ ᠬᠦᠴᠤᠳᠡᠨ ᠤᠯᠡᠨ ᠪᠦᠬᠡᠴᠤᠳ ᠮᠢᠨᠢ ᠨᠠᠶᠢᠷ ᠨᠠᠶᠢᠷ ᠤᠨ ᠲᠠᠯᠠᠪᠠᠢ | ᠳᠤ ᠡᠪᠤᠳᠡᠭ ᠲᠡᠭᠡᠨ ᠰᠢᠷᠤᠢ ᠦᠭᠡᠢ ᠵᠤᠭᠰᠤᠭ᠎ᠠ ᠪᠤᠰᠤᠭ᠎ᠠ ᠲᠠᠪᠢᠬᠦ ᠶᠢ ᠴᠢᠪᠠᠭ᠎ᠠ ᠶᠢᠨ ᠡᠪᠤᠯ ᠴᠠᠭᠠᠨ ᠰᠦ ᠶᠢᠨ | ᠰᠠᠴᠤᠯᠢ ᠲᠠᠢ ᠢᠷᠤᠭᠡᠨᠡᠮ︕ | 赤峰市巴林左旗草原传统文化协会 | 朝伦巴根 13804766874 | | |