ᠪᠠᠭᠠᠷᠢᠨ ᠠᠶᠢᠮᠠᠭ ᠡᠷᠴᠢᠰ ᠮᠦᠷᠠᠨ ᠤ ᠬᠦᠪᠡᠭᠡ ᠠᠴᠠ ᠭᠡᠵᠢᠶ᠎ᠡ ᠡᠮᠤᠨᠡᠰᠢ ᠨᠡᠭᠦᠭᠰᠡᠨ ᠲᠤᠬᠠᠢ ᠮᠦᠴᠢᠳ ᠦᠭᠦᠯᠠᠭᠦ ᠨᠢ︵ᠲᠤᠤᠷᠠᠳᠤ ︶
ᠨᠡᠶᠢᠲᠡᠯᠡᠭᠰᠡᠨ ᠴᠠᠭ᠄
2020-08-09
    1294 ᠤᠨ ᠳᠤ ᠬᠤᠪᠢᠯᠠᠢ ᠬᠠᠭᠠᠨ ᠨᠠᠰᠤ ᠪᠠᠷᠠᠪᠠ᠃ ᠲᠡᠷᠡ ᠭᠤᠴᠢ ᠭᠠᠷᠤᠢ ᠵᠢᠯ ᠬᠠᠶᠢᠳᠦ ᠯᠤᠭ᠎ᠠ ᠲᠠᠶᠢᠯᠠᠯᠳᠤᠭᠠᠳ ᠡᠴᠤᠰ ᠤᠨ ᠢᠯᠠᠯᠳᠠ ᠤᠯᠵᠦ ᠲᠡᠶᠢᠯᠦᠭᠰᠡᠨ ᠦᠭᠡᠢ ᠨᠠᠰᠤᠨ ᠲᠡᠭᠦᠰᠭᠡᠯ ᠪᠤᠯᠵᠠᠢ᠃ ᠲᠡᠭᠦᠨ ᠤ ᠠᠴᠢ ᠭᠦᠪᠡᠭᠦᠨ ᠲᠠᠮᠤᠷ ᠬᠠᠭᠠᠨ ᠰᠠᠭᠤᠷᠢᠨ ᠢ ᠵᠠᠯᠭᠠᠮᠵᠢᠯᠠᠵᠦ᠂ ᠪᠠᠷᠠᠭᠤᠨ ᠬᠤᠶᠢᠳᠦ ᠳᠤ ᠴᠡᠷᠢᠭ ᠤᠨ ᠭᠦᠴᠤᠨ  ᠢᠶᠠᠨ ᠤᠯᠠᠮ ᠴᠢᠩᠭᠠᠳᠬᠠᠪᠠ᠃ 1297 ᠤᠨ ᠳᠤ ᠶᠡᠭᠡ ᠵᠠᠩᠵᠤᠨ ᠱᠤᠩᠬᠷ         ︽ᠤᠮᠠᠷᠠᠰᠢ ᠲᠠᠶᠢᠯᠠᠬᠤ ᠪᠦᠭᠦ ᠴᠡᠷᠢᠭ ᠢ ᠵᠠᠭᠢᠷᠤᠨ ᠠᠯᠳᠠᠢ ᠠᠭᠤᠯᠠ ᠶᠢ ᠲᠠᠪᠠᠵᠦ ᠪᠠᠭᠠᠷᠢᠨ ᠤ ᠨᠤᠳᠤᠭ ᠢ ᠲᠤᠪᠳᠤᠯᠪᠠ︾  ﹇6﹈᠃ ︽ᠪᠠᠭᠠᠷᠢᠨ ᠠᠶᠢᠮᠠᠭ ᠤᠨ ᠵᠠᠩᠵᠤᠨ ᠲᠡᠷᠭᠡᠳᠠᠢ ᠡᠮᠤᠨ᠎ᠠ ᠲᠠᠯ᠎ᠠ ᠶᠢᠨ ᠲᠠᠷᠤᠬᠤ ᠭᠤᠤᠯ ᠲᠡᠭᠡᠷ᠎ᠡ ᠰᠠᠷᠠᠯᠵᠢ ᠪᠤᠰᠬᠠᠵᠦ᠂ ᠴᠡᠷᠢᠭ ᠨᠢ ᠴᠦᠮ ᠢᠶᠠᠷ ᠢᠶᠠᠨ ᠰᠦᠭᠦᠷᠠᠨ ᠰᠠᠭᠤᠵᠦ ᠨᠤᠮᠤ ᠰᠤᠮᠤ ᠪᠠᠨ ᠤᠨᠢᠯᠠᠵᠦ ᠪᠠᠶᠢᠪᠠ᠃︾  ﹇7﹈᠃ ︽ᠬᠠᠭᠠᠨ ᠤ ᠴᠡᠷᠢᠭ ᠤᠨ ᠰᠤᠮᠤ ᠲᠠᠳᠠᠨ ᠤ ᠲᠡᠭᠡᠷ᠎ᠡ ᠲᠤᠰᠴᠤ ᠲᠡᠶᠢᠯᠭᠦ ᠦᠭᠡᠢ ᠵᠠᠶᠢᠳᠠᠢ ᠪᠠᠶᠢᠵᠠᠢ᠃ ᠱᠤᠩᠬᠤᠷ ᠪᠦᠷᠢᠶ᠎ᠡ ᠦᠯᠢᠶᠠᠯᠭᠡᠨ ᠵᠠᠷᠯᠢᠭ ᠪᠤᠯᠵᠦ ᠪᠦᠭᠦ ᠴᠡᠷᠢᠭ ᠦᠨᠳᠤᠷ ᠲᠠᠭᠤᠨ ᠢᠶᠠᠷ ᠬᠠᠰᠭᠢᠷᠤᠯᠳᠤᠬᠤ ᠳᠤ︾  ﹇8﹈ ᠪᠠᠭᠠᠷᠢᠨ ᠤ ᠴᠡᠷᠢᠭ ᠪᠠᠶᠢᠯᠳᠤᠭᠰᠠᠨ ᠦᠭᠡᠢ ᠵᠢᠭᠤᠳᠠᠵᠠᠢ᠃ ︽ᠱᠤᠩᠬᠤᠷ ᠰᠢᠭᠤᠳ ᠨᠡᠭᠡᠮᠵᠢᠯᠠᠵᠦ ᠲᠠᠪᠢᠨ ᠭᠠᠵᠠᠷ ᠭᠦᠭᠡᠭᠡᠭᠡᠳ ᠲᠠᠳᠠᠨ ᠤ ᠴᠡᠷᠢᠭ ᠮᠤᠷᠢ᠂ ᠴᠠᠴᠠᠷ ᠮᠠᠶᠢᠬᠠᠨ ᠢ ᠨᠢ ᠪᠦᠭᠦᠨ ᠢ ᠤᠯᠵᠠᠯᠠᠵᠦ ᠪᠤᠴᠠᠪᠠ︾  ﹇9﹈᠃ ᠬᠠᠶᠢᠳᠦ ᠶᠢᠨ ᠪᠠᠭᠠᠷᠢᠨ ᠠᠶᠢᠮᠠᠭ ᠢ ᠲᠤᠰᠠᠯᠠᠬᠤ ᠪᠠᠷ ᠢᠷᠡᠭᠦᠯᠦᠭᠰᠡᠨ ᠪᠦᠪᠠᠢ ᠶᠢᠨ ᠴᠡᠷᠢᠭ ᠮᠦᠨ ᠭᠦ ᠱᠤᠩᠬᠤᠷ ᠤᠨ ᠴᠡᠷᠢᠭ ᠲᠤ ᠴᠤᠭᠢᠭᠳᠠᠵᠦ ᠬᠤᠶᠢᠰᠢ ᠪᠤᠴᠠᠵᠠᠢ  ﹇10﹈᠃ ᠡᠭᠦᠨ ᠠᠴᠠ ᠲᠠᠷᠠᠭ᠎ᠠ 1299 ᠤᠨ ᠳᠤ ᠲᠠᠮᠤᠷ ᠬᠠᠭᠠᠨ ᠤ ᠠᠴᠢ ᠭᠦᠪᠡᠭᠦᠨ ᠬᠠᠶᠢᠱᠠᠨ ᠵᠠᠷᠯᠢᠭ ᠢᠶᠠᠷ ᠠᠯᠳᠠᠢ ᠠᠭᠤᠯᠠᠨ ᠳᠤ ᠤᠴᠢᠵᠦ ᠪᠠᠷᠠᠭᠤᠨ ᠬᠤᠶᠢᠳᠦ ᠶᠢᠨ ᠪᠦᠭᠦ ᠴᠡᠷᠢᠭ ᠢ ᠵᠠᠭᠢᠷᠤᠨ ᠬᠠᠶᠢᠳᠦ ᠶᠢᠨ ᠴᠡᠷᠢᠭ ᠢ ᠰᠠᠷᠭᠡᠶᠢᠯᠠᠨ ᠰᠠᠭᠤᠪᠠ᠃ 1301 ᠤᠨ ᠳᠤ ᠬᠠᠶᠢᠳᠦ ᠴᠠᠭᠠᠳᠠᠢ ᠬᠠᠭᠠᠨᠳᠦ ᠤᠯᠤᠰ ᠤᠨ ᠡᠵᠡᠨ ᠲᠤᠸ᠎ᠡ ᠲᠠᠢ ᠬᠤᠯᠪᠤᠭᠠᠯᠠᠵᠦ ᠵᠠᠬᠦᠨᠰᠢ ᠬᠠᠷᠠᠬᠤᠷᠤᠮ ᠵᠦᠭ ᠲᠤᠪᠳᠤᠯᠪᠠ᠃ ᠲᠤᠸ᠎ᠡ ᠪᠤᠯ ᠬᠠᠶᠢᠳᠦ ᠶᠢ ᠲᠠᠮᠵᠢᠵᠦ ᠶᠤᠸᠠᠨ ᠤᠯᠤᠰ ᠤᠨ ᠭᠢᠯᠢ ᠭᠢᠵᠠᠭᠠᠷ ᠤᠷᠤᠭᠤ ᠵᠢᠯ ᠲᠠᠷᠠᠭᠠᠯᠠᠨ ᠬᠠᠯᠳᠠᠵᠦ ᠪᠠᠶᠢᠵᠠᠢ᠃ ᠡᠨᠡ ᠤᠳᠠᠭ᠎ᠠ ᠲᠡᠷᠡ ᠬᠠᠶᠢᠳᠦ ᠲᠠᠢ ᠴᠤᠭᠭᠠᠷ ᠵᠡᠭᠦᠨᠰᠢ ᠲᠦᠷᠢᠨ ᠤᠷᠤᠪᠠ᠃ ᠭᠡᠪᠠᠴᠤ ᠲᠡᠭᠦᠨ ᠤ ᠵᠠᠮ ᠬᠤᠯᠠ ᠪᠤᠯᠬᠤᠷ ᠭᠡᠳᠤᠨ ᠡᠳᠤᠷ ᠬᠤᠶᠢᠨ᠎ᠠ ᠭᠦᠷᠴᠤ ᠢᠷᠠᠵᠠᠢ᠃ ᠬᠠᠶᠢᠳᠦ ᠶᠢᠨ ᠴᠡᠷᠢᠭ ᠬᠠᠭᠠᠨ ᠤ ᠠᠴᠢ ᠬᠠᠶᠢᠱᠠᠨ ᠨᠠᠷ ᠤᠨ ᠴᠡᠷᠢᠭ ᠲᠠᠢ ᠠᠯᠳᠠᠢ ᠳᠤ ᠤᠴᠠᠷᠠᠨ ᠰᠢᠷᠤᠭᠦᠨ ᠲᠤᠯᠤᠯᠳᠤᠪᠠ᠃ ᠬᠤᠶᠠᠷ ᠲᠠᠯ᠎ᠠ ᠶᠢᠨ ᠴᠡᠷᠢᠭ ᠴᠦᠮ ᠬᠠᠷᠠᠰᠠᠯᠳᠠᠢ ᠬᠤᠭᠢᠷᠠᠵᠦ ᠬᠠᠶᠢᠳᠦ ᠶᠢᠨ ᠴᠡᠷᠢᠭ ᠲᠠᠷᠤᠭᠳᠠᠵᠦ ᠤᠬᠤᠷᠢᠪᠠ᠃ ᠭᠡᠶ᠎ᠡ ᠲᠡᠷᠡ ︽ᠬᠤᠶᠠᠷ ᠡᠳᠤᠷ ᠤᠨ ᠲᠠᠷᠠᠭ᠎ᠠ᠂ ᠲᠠᠭᠢᠨ ᠪᠦᠭᠦᠢ ᠤᠯᠠᠨ ᠢᠶᠠᠨ ᠨᠠᠶᠢᠯᠠᠭᠦᠯᠤᠨ ᠲᠠᠶᠢᠯᠠᠷ᠎ᠠ ᠢᠷᠠᠵᠦ ᠬᠠᠷᠡᠠᠭᠳᠠ ᠭᠡᠭᠦ ᠭᠠᠵᠠᠷ ᠶᠡᠭᠡ ᠪᠠᠷ ᠲᠠᠶᠢᠯᠠᠯᠳᠤᠪᠠ︾ ﹇11﹈᠃ ︽ᠬᠠᠶᠢᠳᠦ ᠬᠤᠤᠷᠳᠦ ᠰᠤᠮᠤᠨ ᠳᠤ ᠤᠨᠤᠭᠳᠠᠵᠦ︾ ﹇12﹈ ᠴᠡᠷᠢᠭ ᠨᠢ ᠪᠤᠳᠠᠷᠠᠵᠦ ᠢᠯᠠᠭᠳᠠᠵᠠᠢ᠃ ᠲᠤᠸ᠎ᠡ ︽ᠤᠷᠳᠦ ᠭᠡᠮᠡᠭᠦ ᠭᠠᠵᠠᠷ ︵ᠤᠳᠤᠭᠢ ᠡᠷᠳᠡᠨᠢ ᠵᠤᠤ ᠶᠢᠨ ᠪᠠᠶᠢᠭ᠎ᠠ ᠭᠠᠵᠠᠷ︶ ᠢ ᠲᠤᠪᠳᠤᠯᠠᠭᠰᠠᠨ ᠳᠤ ᠤᠪᠰᠢ ᠱᠤᠩᠬᠤᠷ ᠭᠢᠭᠡᠳ ᠠᠰᠢᠭ ᠭᠦᠷᠭᠡᠨ ᠲᠤᠰᠤᠨ ᠪᠠᠶᠢᠯᠳᠤᠵᠦ ᠲᠤᠸ᠎ᠡ ᠰᠢᠷᠬᠠᠳᠤᠵᠦ ᠪᠤᠷᠤᠭᠤᠯᠠᠪᠠ︾ ﹇13﹈᠃ ᠬᠠᠶᠢᠳᠦ ᠪᠤᠴᠠᠬᠤ ᠵᠠᠮ ᠳᠠᠭᠠᠨ ᠰᠢᠷᠬ᠎ᠠ ᠨᠢ ᠭᠦᠨᠳᠤᠷᠠᠵᠦ ᠰᠠᠷ᠎ᠠ ᠶᠢᠨ ᠲᠠᠷᠠᠭ᠎ᠠ ᠨᠠᠰᠤ ᠪᠠᠷᠠᠪᠠ᠃ ᠲᠡᠭᠦᠨ ᠤ ᠭᠦᠪᠡᠭᠦᠨ ᠴᠠᠪᠠᠷ ᠰᠠᠭᠤᠷᠢᠨ ᠢ ᠨᠢ ᠵᠠᠯᠭᠠᠮᠵᠢᠯᠠᠵᠠᠢ᠃ ᠤᠯᠠᠨ ᠵᠢᠯ ᠶᠤᠸᠠᠨ ᠤ ᠲᠦᠷᠦ ᠶᠢ ᠡᠰᠠᠷᠭᠦᠴᠠᠵᠦ᠂ ᠬᠤᠪᠢᠯᠠᠢ ᠬᠠᠭᠠᠨ ᠢ ᠰᠠᠭᠤᠷᠢᠨ ᠠᠴᠠ ᠨᠢ ᠤᠨᠠᠭᠠᠬᠤ ᠭᠡᠵᠦ ᠰᠦᠰᠦᠯᠠᠨ ᠪᠠᠶᠢᠯᠳᠤᠭᠰᠠᠨ ᠬᠠᠶᠢᠳᠦ ᠨᠠᠰᠤ ᠪᠠᠷᠠᠵᠦ᠂ ᠲᠤᠸ᠎ᠡ ᠪᠠᠰᠠ ᠦᠪᠠᠷ ᠢᠶᠠᠨ ᠰᠢᠷᠬᠠᠳᠤᠭᠰᠠᠨ ᠲᠤᠯᠠ ᠬᠠᠭᠠᠨ ᠤ ᠲᠦᠷᠤᠯ ᠬᠤᠭᠤᠷᠤᠨᠳᠦ ᠪᠠᠨ ᠡᠪᠰᠡᠭᠦ ᠨᠢ ᠬᠤᠶᠠᠷ ᠲᠠᠯ᠎ᠠ  ᠳᠤ ᠴᠦᠮ ᠠᠰᠢᠭᠳᠠᠢ ᠤᠴᠢᠷ ᠪᠤᠯᠵᠠᠢ᠃ ᠲᠡᠶᠢᠮᠦ ᠠᠴᠠ 1303 ᠤᠨ ᠳᠤ  ︽ᠲᠤᠸ᠎ᠡ᠂ ᠴᠠᠪᠠᠷ᠂ ᠮᠢᠩᠯᠢᠭᠳᠡᠮᠤᠷ ᠨᠠᠷ ᠲᠦᠰᠢᠮᠠᠯ ᠲᠤᠮᠢᠯᠠᠵᠦ ᠲᠠᠶᠢᠳᠤᠬᠤ ᠪᠠᠨ ᠵᠤᠭᠰᠤᠵᠦ ᠨᠠᠶᠢᠷᠠᠮᠳᠠᠬᠤ ᠶᠢ ᠭᠦᠰᠠᠪᠠ︾ ﹇14﹈᠃ 1304 ᠤᠨ  ᠳᠤ ︽ᠲᠤᠸ᠎ᠡ ᠪᠤᠯᠤᠨ ᠴᠠᠪᠠᠷ ᠵᠡᠷᠭᠡ ᠭᠦᠮᠤᠰ ᠡᠯᠴᠢ ᠲᠤᠮᠢᠯᠠᠨ ᠢᠷᠡᠭᠦᠯᠵᠦ ᠡᠯᠰᠡᠨ ᠲᠠᠭᠠᠪᠠ︾ ﹇15﹈᠃ ᠡᠭᠦᠨ  ᠠᠴᠠ ᠲᠠᠷᠠᠭ᠎ᠠ 1306 ᠤᠨ ᠳᠤ ᠲᠤᠸ᠎ᠡ ᠨᠠᠰᠤ ᠪᠠᠷᠠᠵᠦ᠂ ᠲᠡᠭᠦᠨ ᠤ ᠠᠬᠠᠮᠠᠳ ᠭᠦᠪᠡᠭᠦᠨ ᠭᠤᠨᠴᠤᠭ ᠬᠠᠭᠠᠨ ᠰᠠᠭᠤᠷᠢᠨ ᠢ ᠨᠢ ᠵᠠᠯᠭᠠᠮᠵᠢᠯᠠᠵᠠᠢ᠃ ᠲᠤᠬᠠᠢ ᠶᠢᠨ ᠦᠶ᠎ᠡ ᠳᠤ ︽ᠴᠠᠪᠠᠷ ᠭᠡᠳᠤᠶᠢᠪᠠᠷ ᠠᠯᠪᠠ ᠭᠠᠶᠢᠯᠢ ᠲᠤᠰᠢᠶᠠᠵᠦ ᠪᠠᠶᠢᠭᠰᠠᠨ ᠪᠤᠯᠪᠠᠴᠤ ᠮᠦᠨ ᠭᠦ ᠴᠡᠷᠢᠭ ᠤᠨ ᠰᠦᠷ ᠲᠡᠭᠡᠨ ᠡᠷᠳᠤᠵᠦ ᠪᠠᠶᠢᠳᠠᠯ ᠢ ᠠᠵᠢᠭᠯᠠᠨ ᠬᠠᠭᠠᠨ ᠳᠤ ᠮᠦᠷᠭᠦᠭᠦ  ᠪᠠᠷ ᠢᠷᠡᠭᠦ ᠦᠭᠡᠢ ᠪᠠᠶᠢᠭᠰᠠᠨ︾ ﹇16﹈ ᠲᠤᠯᠠ ᠲᠤᠰ ᠵᠢᠯ ︵1306 ᠤᠨ︶ ᠬᠠᠶᠢᠱᠠᠨ ᠴᠡᠷᠢᠭ ᠲᠠᠶᠢᠴᠢᠯᠠᠨ ︽ᠠᠯᠳᠠᠢ ᠠᠭᠤᠯᠠ ᠶᠢ ᠲᠠᠪᠠᠵᠦ ᠴᠠᠪᠠᠷ ᠤᠨ ᠲᠡᠭᠦᠦ ᠤᠯᠤᠰ ︵ᠤᠷᠤᠰ︶ ᠤᠨ ᠡᠮ᠎ᠠ ᠦᠷ᠎ᠠ᠂ ᠪᠤᠭᠤᠯ ᠵᠠᠷᠤᠳᠠᠰᠤᠨ  ᠢ ᠨᠢ ᠤᠯᠵᠠᠯᠠᠵᠦ︾ ﹇17﹈ ᠠᠪᠤᠪᠠ᠃ ︽ᠴᠠᠪᠠᠷ ᠴᠢᠨᠠᠭᠰᠢ ᠲᠤᠸ᠎ᠡ ᠠᠶᠢᠮᠠᠭ ᠲᠤ ᠵᠢᠭᠤᠳᠠᠨ ᠤᠴᠢᠭᠰᠠᠨ᠎ᠠ ᠲᠡᠭᠦᠨ ᠤ ᠭᠡᠷ ᠤᠨ ᠭᠦᠮᠤᠰ ᠪᠠ ᠭᠡᠷ ᠮᠠᠶᠢᠬᠠᠨ ᠲᠡᠷᠭᠡ ᠭᠦᠰᠭᠡ ᠶᠢ ᠨᠢ ᠤᠯᠵᠠᠯᠠᠭᠠᠳ ᠭᠢᠵᠠᠭᠠᠷ ᠤᠷᠤᠨ ᠢ ᠲᠦᠪᠰᠢᠳᠭᠡᠵᠠᠢ︾ ﹇18﹈᠃ 1310 ᠤᠨ ᠳᠤ ᠴᠠᠪᠠᠷ ᠬᠠᠭᠠᠨ ᠳᠤ ᠪᠠᠷᠠᠭᠠᠳᠠᠷ᠎ᠠ ᠢᠷᠠᠵᠦ ᠶᠤᠸᠠᠨ ᠤ ᠲᠦᠷᠦ  ᠳᠤ ᠪᠦᠷᠢᠮᠤᠰᠤᠨ ᠪᠠᠭᠤᠵᠦ ᠦᠭᠪᠠ᠃ ᠲᠡᠭᠡᠭᠰᠡᠨ ᠠᠴᠠ 1260 ᠤᠨ ᠠᠴᠠ ᠡᠭᠢᠯᠡᠭᠰᠡᠨ ᠪᠠᠷᠠᠭᠤᠨ ᠬᠤᠶᠢᠳᠦ ᠶᠢᠨ ᠸᠠᠩ ᠨᠠᠷ ᠤᠨ ᠤᠷᠪᠠᠯᠭᠠᠨ 1306 ᠤᠨ ᠳᠤ ᠲᠦᠪᠰᠢᠷᠠᠵᠦ᠂ ᠴᠢᠩᠭᠢᠰ ᠬᠠᠭᠠᠨ ᠤ ᠠᠴᠢ ᠵᠢᠴᠢ ᠨᠠᠷ ᠬᠤᠭᠤᠷᠤᠨᠳᠦ ᠪᠠᠨ ᠬᠠᠭᠠᠨ ᠰᠠᠭᠤᠷᠢᠨ ᠪᠤᠯᠢᠶᠠᠯᠳᠤᠭᠰᠠᠨ ᠬᠠᠭᠠᠴᠠᠯ 1310 ᠤᠨ ᠳᠤ ᠰᠠᠶ᠋ᠢ ᠪᠦᠷᠢᠮᠤᠰᠤᠨ ᠡᠶᠡᠰᠴᠤ᠂ ᠲᠠᠪᠢ ᠭᠠᠷᠤᠢ ᠵᠢᠯ ᠦᠷᠭᠦᠯᠵᠢᠯᠡᠭᠰᠡᠨ ᠶᠡᠭᠡ ᠲᠠᠶᠢᠨ ᠲᠦᠪᠰᠢᠷᠡᠭᠰᠡᠨ ᠠᠴᠠ ᠪᠠᠭᠠᠷᠢᠨ ᠲᠦᠮᠠᠨ ᠪᠤᠯᠤᠨ ᠭᠢᠷᠭᠢᠰ ᠤᠨ ᠤᠯᠠᠨ ᠠᠶᠢᠮᠠᠭ ᠲᠠᠭᠢᠨ ᠶᠡᠭᠡ ᠶᠤᠸᠠᠨ ᠤᠯᠤᠰ ᠤᠨ ᠬᠠᠷᠢᠶᠠᠨ ᠳᠤ ᠤᠷᠤᠵᠠᠢ᠃      ᠪᠠᠷᠠᠭᠤᠨ ᠬᠤᠶᠢᠳᠦ ᠶᠢᠨ ᠲᠠᠶᠢᠨ ᠲᠠᠭᠤᠰᠤᠭᠰᠠᠨ ᠤ ᠲᠠᠷᠠᠭ᠎ᠠ ᠪᠠᠭᠠᠷᠢᠨ ᠲᠦᠮᠠᠨ ᠭᠡᠭᠦ ᠨᠠᠷ᠎ᠠ ᠲᠡᠤᠭᠡ ᠰᠤᠳᠤᠷ  ᠲᠤ ᠨᠢᠭᠡ ᠦᠶ᠎ᠡ ᠲᠤᠷᠠᠳᠤᠭᠳᠠᠬᠤ ᠪᠠᠨ ᠪᠤᠯᠢᠵᠠᠢ᠃ ︽ᠲᠤᠮᠳᠠᠳᠤ ᠤᠯᠤᠰ ᠤᠨ ᠡᠷᠳᠠᠨ ᠤ ᠭᠠᠵᠠᠷ ᠤᠨ ᠵᠢᠷᠤᠭ ᠤᠨ ᠡᠮᠭᠢᠳᠭᠡᠯ︾ ᠤᠨ ᠶᠤᠸ᠋ᠨᠨ ᠤᠯᠤᠰ ᠤᠨ ᠦᠶ᠎ᠡ ᠶᠢᠨ ᠵᠢᠷᠤᠭ ᠲᠤ ᠦᠵᠠᠪᠠᠯ ᠡᠷᠴᠢᠰ ᠮᠦᠷᠠᠨ ᠠᠴᠠ ᠵᠡᠭᠦᠨᠰᠢ᠂ ᠤᠪᠠᠢ ᠮᠦᠷᠠᠨ ᠤ ᠲᠡᠭᠡᠳᠤ ᠤᠷᠤᠰᠬᠠᠯ ᠤᠷᠤᠨ ᠳᠤ ᠪᠠᠭᠠᠷᠢᠨ ᠲᠦᠮᠠᠨ ᠤ ᠨᠠᠷ᠎ᠠ ᠪᠠᠶᠢᠨ᠎ᠠ᠃ ᠭᠡᠳᠡᠯ᠎ᠡ ᠮᠢᠩ ᠤᠯᠤᠰ  ᠤᠨ ᠦᠶ᠎ᠠ ᠶᠢᠨ ᠵᠢᠷᠤᠭ ᠲᠤ ᠤᠤᠯ ᠤᠨ ᠠᠶᠢᠮᠠᠭ ᠤᠭᠰᠠᠭᠠᠳᠠᠨ ᠠᠴᠠ ᠲᠡᠯᠡᠩᠭᠦᠳ᠂ ᠭᠢᠷᠭᠢᠰ ᠵᠡᠷᠭᠡ ᠠᠶᠢᠮᠠᠭ ᠤᠳ ᠪᠠᠶᠢᠵᠦ᠂ ᠪᠠᠭᠠᠷᠢᠨ ᠲᠦᠮᠠᠨ ᠤ ᠨᠠᠷ᠎ᠠ ᠬᠠᠷᠠᠭᠳᠠᠬᠤ ᠦᠭᠡᠢ ᠪᠤᠯᠵᠠᠢ᠃ ᠡᠭᠦᠨ ᠠᠴᠠ ᠦᠵᠠᠪᠠᠯ ᠪᠠᠭᠠᠷᠢᠨᠴᠤᠳ ᠦᠭᠡᠷ᠎ᠡ ᠭᠠᠵᠠᠷ ᠨᠡᠭᠦᠭᠰᠡᠨ ᠠᠴᠠ ᠲᠤᠬᠠᠢ ᠶᠢᠨ ᠦᠶ᠎ᠡ ᠶᠢᠨ ᠭᠠᠵᠠᠷ ᠤᠨ ᠵᠢᠷᠤᠭ ᠲᠤ ᠯᠠᠪ ᠲᠡᠮᠳᠡᠭᠯᠡᠭᠰᠡᠨ ᠦᠭᠡᠢ ᠶᠠᠪᠤᠳᠠᠯ ᠪᠤᠯᠵᠠᠢ᠃ᠪᠠᠷᠠᠭᠤᠨ ᠬᠤᠶᠢᠳᠦ ᠭᠢᠵᠠᠭᠠᠷ ᠲᠦᠪᠰᠢᠷᠡᠭᠰᠡᠨ ᠠᠴᠠ ᠬᠤᠶᠢᠨ᠎ᠠ᠂ ᠠᠷᠪᠠᠨ ᠲᠠᠪᠤᠳᠤᠭᠠᠷ ᠵᠠᠭᠤᠨ ᠤ ᠰᠠᠭᠦᠯᠴᠢ᠂ ᠠᠷᠪᠠᠨ ᠵᠢᠷᠭᠤᠳᠤᠭᠠᠷ ᠵᠠᠭᠤᠨ ᠤ ᠡᠭᠢᠨ ᠤ ᠦᠶ᠎ᠡ ᠳᠤ ᠪᠠᠳᠤᠮᠦ᠋ᠡᠭᠭᠡ ᠲᠠᠶᠠᠨ ᠬᠠᠭᠠᠨ ᠪᠦᠭᠦ ᠮᠤᠩᠭᠤᠯ ᠢᠶᠠᠨ ᠵᠢᠷᠭᠤᠭᠠᠨ ᠲᠦᠮᠠᠨ ᠬᠤᠪᠢᠶᠠᠭᠰᠠᠨ ᠳᠤ ᠵᠡᠭᠦᠨ ᠭᠤᠷᠪᠠᠨ ᠲᠦᠮᠠᠨ ᠤ ᠬᠠᠯᠬ᠎ᠠ ᠲᠦᠮᠠᠨ ᠳᠤ ᠪᠠᠭᠠᠷᠢᠨᠴᠤᠳ ᠨᠢᠭᠡ ᠤᠳᠤᠭ ᠪᠤᠯᠵᠦ ᠪᠠᠭᠠᠷᠢᠨ ᠤᠳᠤᠭ ᠭᠡᠵᠦ ᠲᠤᠷᠠᠳᠤᠭᠳᠠᠵᠠᠢ᠃ ᠬᠠᠯᠬ᠎ᠠ ᠲᠦᠮᠠᠨ ᠪᠤᠯ ᠬᠠᠯᠬ᠎ᠠ ᠭᠤᠤᠯ ᠲᠠᠭᠠᠤ ᠲᠠᠷᠬᠠᠵᠦ ᠪᠠᠶᠢᠭᠰᠠᠨ ᠢᠶᠠᠷ ᠬᠠᠯᠬ᠎ᠠ ᠲᠦᠮᠠᠨ ᠭᠡᠭᠦ ᠨᠠᠷ᠎ᠠ ᠲᠠᠢ ᠪᠤᠯᠵᠠᠢ ᠭᠡᠳᠡᠭ ᠲᠤᠯᠠ ᠪᠠᠭᠠᠷᠢᠨᠴᠤᠳ ᠲᠡᠷᠡ ᠦᠶ᠎ᠡ  ᠳᠤ ᠯᠠᠪ ᠬᠠᠯᠬ᠎ᠠ ᠭᠤᠤᠯ ᠳᠤ ᠨᠤᠳᠤᠭᠰᠢᠵᠦ ᠪᠠᠶᠢᠵᠠᠢ᠃ ᠭᠡᠪᠠᠴᠤ ᠡᠷᠴᠢᠰ ᠮᠦᠷᠠᠨ ᠤ ᠭᠦᠪᠡᠭᠡ ᠠᠴᠠ ᠭᠡᠵᠢᠶ᠎ᠡ ᠠᠳᠠ ᠨᠡᠭᠦᠵᠦ ᠢᠷᠡᠭᠰᠡᠨ ᠲᠤᠬᠠᠢ ᠲᠤᠳᠤᠷᠬᠠᠢ ᠲᠡᠮᠳᠡᠭᠯᠡᠯ ᠬᠠᠷᠠᠭᠳᠠᠭ᠎ᠠ ᠦᠭᠡᠢ ᠪᠠᠶᠢᠵᠦ ᠪᠢᠯᠠ᠃ 1287 ᠤᠨ  ᠳᠤ ᠬᠤᠪᠢᠯᠠᠢ ᠬᠠᠭᠠᠨ ᠨᠠᠶᠠᠨ ᠤ ᠤᠷᠪᠠᠯᠭᠠᠨ ᠢ ᠲᠦᠪᠰᠢᠳᠭᠡᠭᠰᠡᠨ ᠤ ᠲᠠᠷᠠᠭ᠎ᠠ᠂ ᠬᠠᠶᠢᠳᠦ ᠶᠢᠨ ᠡᠵᠡᠮᠰᠢᠯ ᠤᠷᠤᠨ  ᠲᠠᠢ ᠵᠠᠯᠭᠠᠵᠦ ᠪᠠᠶᠢᠭ᠎ᠠ ᠭᠠᠵᠠᠷ ᠤᠨ ᠭᠦᠮᠤᠨ ᠠᠮᠠ ᠶᠢ ᠴᠦᠭᠡᠳᠭᠡᠭᠦ ᠭᠡᠵᠦ ᠭᠢᠷᠭᠢᠰᠴᠤᠳ ᠤᠨ ᠨᠢᠭᠡ ᠪᠦᠯᠦᠭ ᠢ ᠨᠠᠶᠠᠨ ᠤ ᠡᠵᠡᠮᠰᠢᠵᠦ ᠪᠠᠶᠢᠭᠰᠠᠨ ᠤᠷᠤᠨ ᠳᠤ ᠨᠡᠭᠦᠯᠭᠡᠵᠠᠢ᠃ ᠭᠡᠪᠠᠴᠤ ᠬᠤᠪᠢᠯᠠᠢ ᠬᠠᠭᠠᠨ ᠨᠠᠰᠤ ᠪᠠᠷᠠᠭᠰᠠᠨ ᠠᠴᠠ ᠬᠤᠶᠢᠨ᠎ᠠ᠂ 1297 ᠤᠨ ᠳᠤ ᠱᠤᠩᠬᠤᠷ ᠤᠨ ᠴᠡᠷᠢᠭ ᠠᠯᠳᠠᠢ ᠠᠭᠤᠯᠠ ᠶᠢ ᠲᠠᠪᠠᠵᠦ ᠪᠠᠭᠠᠷᠢᠨ ᠤ ᠨᠤᠳᠤᠭ ᠢ ᠲᠤᠪᠳᠤᠯᠬᠤ ᠦᠶ᠎ᠡ ᠳᠤ ᠪᠠᠭᠠᠷᠢᠨᠴᠤᠳ ᠮᠦᠨ ᠭᠦ ᠲᠡᠷᠡ ᠡᠷᠴᠢᠰ ᠮᠦᠷᠠᠨ ᠤ ᠭᠦᠪᠡᠭᠡᠨ ᠳᠤ ᠪᠠᠶᠢᠭᠰᠠᠨ ᠲᠤᠯᠠ ᠲᠡᠳᠡᠭᠡᠷ ᠵᠡᠭᠦᠨᠰᠢ ᠨᠡᠭᠦᠯᠭᠡᠭᠰᠡᠨ ᠭᠡᠷᠭᠢᠰᠴᠤᠳ ᠤᠨ ᠲᠤᠳᠤᠷ᠎ᠠ ᠪᠠᠭᠠᠷᠢᠨ ᠭᠦᠮᠤᠰ ᠬᠤᠯᠢᠯᠳᠤᠵᠦ ᠪᠠᠶᠢᠭᠰᠠᠨ ᠮᠠᠭᠠᠳ ᠪᠤᠯᠪᠠᠴᠤ ᠤᠯᠠᠨ ᠪᠢᠰᠢ ᠨᠢ ᠢᠯᠠᠷᠭᠡᠢ ᠪᠤᠯᠪᠠ᠃ ᠬᠠᠷᠢᠨ 1304 ᠤᠨ ᠳᠤ ᠴᠠᠪᠠᠷ᠂ ᠲᠤᠸ᠎ᠡ ᠨᠠᠷ ᠶᠤᠸᠠᠨ ᠤ ᠲᠦᠷᠦ ᠳᠤ ᠪᠠᠭᠤᠵᠦ ᠦᠭᠭᠦᠭᠰᠡᠨ ᠠᠴᠠ ᠲᠠᠷᠠᠭ᠎ᠠ᠂ ᠪᠠᠷᠠᠭᠤᠨ ᠬᠤᠶᠢᠳᠦ ᠶᠢᠨ ᠦᠯᠤᠰᠭᠦᠯᠠᠩ ᠠᠷᠠᠳ ᠬᠠᠷᠠᠬᠤᠷᠤᠮ ᠵᠦᠭ ᠶᠡᠭᠡ ᠪᠠᠷ ᠨᠡᠭᠦᠳᠡᠯᠯᠡᠭᠰᠡᠨ ᠲᠤᠬᠠᠢ ᠲᠡᠤᠭᠡᠨ ᠳᠤ ᠪᠤᠳᠠᠳᠠᠢ ᠲᠡᠮᠳᠡᠭᠯᠡᠯ ᠪᠠᠶᠢᠵᠠᠢ᠃ ᠵᠢᠱᠢᠶᠠᠯᠠᠪᠠᠯ ︽ᠮᠤᠩᠭᠤᠯ ᠦᠨᠳᠤᠰᠤᠳᠡᠨ ᠤ ᠪᠦᠷᠢᠨ ᠲᠡᠤᠭᠡ︾ ᠶᠢᠨ ᠵᠢᠷᠭᠤᠳᠤᠭᠠᠷ ᠪᠤᠳᠢ ᠶᠢᠨ 78 ᠳ᠋ᠤᠭᠠᠷ ᠨᠢᠭᠤᠷ ᠲᠤ ︽ᠬᠠᠶᠢᠳᠦ ᠶᠢᠨ ᠤᠷᠪᠠᠯᠭᠠᠨ ᠠᠴᠠ ᠰᠠᠭᠦᠯᠠᠷ ᠠᠷᠤ ᠭᠠᠵᠠᠷ ᠤᠨ ᠭᠦᠮᠤᠨ ᠴᠡᠷᠢᠭ ᠤᠨ ᠠᠶᠤᠯ ᠠᠴᠠ ᠵᠠᠶᠢᠯᠠᠨ ᠡᠮᠤᠨᠡᠰᠢ ᠨᠡᠭᠦᠭᠰᠡᠨ ᠢᠨᠤ ᠲᠠᠯᠠᠨ ᠲᠦᠮᠨ ᠳᠤ ᠭᠦᠷᠴᠤᠭᠦᠢ︾ ᠭᠡᠵᠦ ᠲᠡᠮᠳᠡᠭᠯᠡᠵᠦ ᠪᠤᠢ᠃ ᠡᠭᠦᠨ ᠳᠤ ᠪᠠᠭᠠᠷᠢᠨ ᠲᠦᠮᠠᠨ ᠲᠡᠷᠡ ᠦᠶ᠎ᠡ  ᠳᠤ ᠬᠠᠷᠠᠬᠤᠷᠤᠮ ᠠᠴᠠ ᠠᠯᠤᠰ ᠬᠤᠯᠠ ᠪᠠᠷᠠᠭᠤᠨ ᠬᠤᠶᠢᠨ᠎ᠠ ᠵᠦᠭ ᠪᠠᠶᠢᠭᠰᠠᠨ ᠲᠤᠯᠠ ᠠᠳᠠ ᠭᠡᠯᠡᠵᠦ ᠪᠠᠶᠢᠭ᠎ᠠ ︽ᠠᠷᠤ ᠭᠠᠵᠠᠷ ᠤᠨ ᠭᠦᠮᠤᠨ︾ ᠭᠡᠳᠡᠭ ᠲᠤ ᠪᠠᠭᠠᠷᠢᠨᠴᠤᠳ ᠴᠦᠮ ᠪᠠᠭᠳᠠᠵᠦ ᠪᠤᠯᠬᠤ ᠶᠤᠮ᠃ ᠲᠡᠭᠢᠪᠠᠯ ᠪᠠᠭᠠᠷᠢᠨ ᠤ ᠠᠷᠠᠳ ᠶᠠᠭ ᠲᠠᠪᠢ ᠭᠠᠷᠤᠢ ᠵᠢᠯ ᠲᠠᠶᠢᠨ ᠤ ᠭᠦᠯ ᠳᠤ ᠲᠠᠯᠭᠢᠭᠳᠠᠵᠦ ᠭᠦᠮᠤᠨ ᠠᠷᠠᠳ ᠨᠢ ᠰᠤᠶᠢᠳᠴᠤ ᠲᠤᠶᠢᠯ ᠳᠤ ᠲᠤᠯᠤᠭᠰᠠᠨ ᠪᠤᠯᠬᠤᠷ ᠬᠤᠶᠠᠷ ᠲᠠᠯ᠎ᠠ ᠶᠢᠨ ᠲᠠᠶᠢᠨ ᠨᠢᠭᠡᠨᠳᠠ ᠵᠤᠭᠰᠤᠭᠰᠠᠨ ᠪᠤᠯᠪᠠᠴᠤ ᠲᠠᠭᠢᠭᠠᠳ ᠠᠯᠢ ᠨᠢᠭᠡ ᠸᠠᠩ  ᠨᠢ ᠤᠷᠪᠠᠪᠠᠯ ᠪᠠᠰᠠ ᠲᠠᠶᠢᠨ ᠪᠤᠰᠬᠤ ᠪᠤᠯᠤᠨ᠎ᠠ ᠭᠡᠵᠦ ᠴᠡᠷᠢᠭ ᠲᠠᠶᠢᠨ ᠠᠴᠠ ᠠᠶᠤᠵᠦ ᠡᠮᠤᠨᠡᠰᠢ ᠨᠡᠭᠦᠵᠦ ᠢᠷᠡᠭᠰᠡᠨ ᠮᠠᠭᠠᠳ ᠶᠤᠮ᠃ ︽ᠮᠤᠩᠭᠤᠯ ᠤᠨ ᠲᠡᠤᠭᠡᠨ ᠲᠡᠮᠳᠡᠭᠯᠡᠯ︾ ᠤᠨ ᠲᠡᠷᠢᠭᠦᠨ ᠲᠡᠪᠳᠠᠷ ᠤᠨ 580 ᠳ᠋ᠤᠭᠠᠷ ᠨᠢᠭᠤᠷ ᠲᠤ 1308 ᠤᠨ ᠤ ︽3 ᠰᠠᠷ᠎ᠠ ᠳᠤ ᠬᠠᠷᠠᠬᠤᠷᠤᠮ ᠳᠤ ᠤᠴᠢᠭᠰᠠᠨ ᠶᠠᠳᠠᠭᠤ ᠠᠷᠡᠳ ᠨᠢᠭᠡᠨᠳᠠ ᠨᠠᠶᠠᠠ ᠵᠢᠷᠭᠤᠭᠠᠨ ᠲᠦᠮᠠ ᠨᠠᠢᠮᠠᠨ ᠮᠢᠩᠭᠠᠨ ᠡᠷᠦᠭᠡ ᠪᠤᠯᠵᠤ︾ ᠠᠯᠪᠠᠨ ᠤ ᠲᠠᠯ᠎ᠠ ᠠᠴᠠ ︽ᠬᠤᠶᠠᠷ ᠵᠠᠭᠤᠨ ᠲᠦᠮᠠᠨ ᠲᠤᠯᠤᠭᠠᠢ ᠵᠤᠭᠤᠰ ᠭᠠᠷᠭᠠᠵᠤ ᠦᠴᠢᠴᠡᠷ᠂ ᠠᠷᠭᠠᠰᠤᠨ ᠢ ᠲᠤᠮᠢᠯᠠᠨ ᠲᠠᠷᠢᠶᠠᠨ ᠦᠷ᠎ᠠ ᠲᠠᠷᠢᠶᠠᠯᠠᠩ ᠤᠨ ᠪᠠᠭᠠᠵᠢ ᠪᠤᠯᠤᠨ ᠵᠢᠭᠠᠰᠤᠨ ᠲᠤᠤᠷ ᠬᠤᠪᠢᠶᠠᠨ ᠦᠭᠴᠤ ᠲᠠᠷᠢᠶ᠎ᠠ ᠵᠢᠭᠠᠰᠤᠨ ᠤ ᠠᠵᠢᠯ ᠬᠢᠯᠭᠡᠵᠤ ᠠᠮᠢ ᠪᠠᠨ ᠲᠡᠵᠢᠭᠡᠭᠳᠤᠨ ᠭᠡᠮᠡᠭᠡᠳ ᠠᠯᠪᠠᠨ ᠠᠴᠠ ᠬᠤᠭᠤᠯᠠ ᠬᠦᠨᠠᠰᠤ ᠬᠠᠨᠭ᠍ᠭᠠᠬᠤ ᠶᠢ ᠵᠤᠭᠰᠤᠭᠠᠪᠠ︾ ᠭᠡᠵᠤ ᠲᠠᠮᠳᠡᠭᠯᠡᠵᠤ ᠪᠤᠢ᠃ ᠡᠨᠠ ᠬᠦ ᠨᠠᠶᠠᠨ ᠵᠢᠷᠭᠤᠭᠠᠨ ᠲᠦᠮᠠᠨ ᠡᠷᠦᠭᠡ ᠶᠢ ᠲᠠᠪᠤᠨ ᠠᠮᠠ ᠪᠠᠷ ᠲᠡᠭᠰᠢᠳᠭᠡᠵᠤ ᠪᠤᠳᠤᠪᠠᠯ ᠮᠤᠩᠭᠤᠯ ᠤᠯᠤᠰ ᠤᠨ ᠤᠳᠤ ᠶᠢᠨ ᠪᠦᠬᠦ ᠬᠦᠮᠦᠨ ᠠᠮᠠ ᠠᠴᠠ ᠵᠠᠭᠤᠨ ᠲᠦᠮᠠ ᠢᠯᠠᠬᠦᠦ᠂ ᠨᠠᠶᠠᠨ ᠵᠢᠷᠭᠤᠭᠠᠨ ᠲᠦᠮᠠᠨ ᠬᠦᠮᠦᠨ ᠠᠮᠠ ᠪᠠᠷ ᠪᠤᠳᠤᠭᠰᠠᠨ ᠴᠤ ᠪᠠᠷᠤᠭ ᠤᠳᠤ ᠶᠢᠨ ᠪᠦᠬᠦ ᠬᠦᠮᠦᠨ ᠠᠮᠠ ᠶᠢᠨ ᠭᠤᠷᠪᠠᠨ ᠤ ᠨᠢᠭᠡ ᠰᠢᠬᠠᠮ ᠳᠤ ᠦᠢᠷᠠᠳᠤᠨ᠎ᠠ᠃ ᠲᠠᠶᠢᠮᠤ ᠮᠤᠨᠳᠤᠭ ᠲᠤᠭᠠᠨ ᠤ ᠤᠯᠠᠨ ᠬᠦᠮᠦᠨ ᠤ ᠲᠤᠳᠤᠷ᠎ᠠ ᠤᠯᠠᠨ ᠵᠢᠯ ᠲᠠᠶᠢᠨ ᠤ ᠬᠦᠯ ᠳᠤ ᠬᠦᠨᠳᠤ ᠲᠡᠯᠬᠢᠨᠳᠠᠭᠰᠠᠨ ᠪᠠᠭᠠᠷᠢᠨ ᠤ ᠠᠷᠡᠳ ᠯᠠᠪ ᠪᠠᠶᠢᠵᠤ ᠲᠠᠭᠠᠷᠠᠨ᠎ᠠ᠃ ᠲᠤᠰ ᠲᠠᠷᠢᠬᠦᠨ ᠲᠠᠪᠳᠡᠷ ᠤᠨ 604 ᠳ᠋ᠤᠭᠡᠷ ᠨᠢᠭᠤᠷ ᠲᠤ ᠠᠷᠤ ᠭᠠᠵᠠᠷ ᠠᠴᠠ ᠨᠠᠬᠦᠨ ᠢᠷᠡᠭᠰᠠᠨ ︽ᠲᠡᠳᠡᠭᠡᠷ ᠠᠷᠠᠳ ᠪᠤᠯ ᠴᠦᠮ ᠬᠠᠶᠢᠳᠦ ᠶᠢᠨ ᠬᠠᠷᠢᠶᠠᠨ ᠳᠠᠬᠢ ᠢᠷᠭᠡᠳ ᠶᠤᠮ᠃ ᠴᠠᠪᠠᠯ ︵ᠴᠠᠪᠠᠷ︶ ᠢ ᠤᠷᠤᠵᠦ ᠦᠭᠭᠦᠭᠰᠡᠨ ᠬᠤᠶᠢᠨ᠎ᠠ ᠲᠡᠳᠠ ᠡᠮᠤᠨᠡᠰᠢ ᠪᠠᠨ ᠨᠡᠭᠦᠵᠦ ᠬᠠᠷᠠᠬᠤᠷᠤᠮ ᠳᠤ ᠭᠦᠷᠴᠤ ᠪᠢᠯᠠ︾ ᠭᠡᠵᠦ ᠲᠤᠳᠤᠷᠬᠠᠢ ᠲᠡᠮᠳᠡᠭᠯᠡᠵᠦ ᠪᠤᠢ᠃ ᠪᠠᠭᠠᠷᠢᠨ ᠲᠦᠮᠠᠨ ᠪᠤᠯ ᠶᠠᠭ ᠬᠠᠶᠢᠳᠦ ᠶᠢᠨ ᠬᠠᠷᠢᠶᠠᠨ ᠳᠤ ᠪᠠᠶᠢᠭᠰᠠᠨ ᠪᠦᠭᠡᠳ ᠡᠷᠭᠡᠰᠢᠶᠡᠭᠳᠡᠭᠰᠡᠨ ᠤᠨ ᠵᠢᠯ ᠨᠢ ᠬᠢᠷᠬᠢᠰᠴᠤᠳ ᠠᠴᠠ ᠪᠠᠰᠠ ᠤᠷᠳᠦ ᠶᠤᠮ᠃ ᠢᠯᠠᠩᠭᠤᠶ᠎ᠡ ︽ᠮᠤᠩᠭᠤᠯ ᠰᠤᠳᠤᠯᠤᠯ ᠤᠨ ᠨᠠᠪᠳᠠᠷᠭᠡᠢ ᠲᠤᠯᠢ︾ ︵ᠡᠷᠳᠠᠨ ᠤ ᠲᠡᠤᠭᠡ︶ ᠶᠢᠨ 181 ᠳ᠋ᠤᠭᠡᠷ ᠨᠢᠭᠤᠷ ᠲᠤ᠂ 1307 ᠤᠨ ᠳᠤ ︽ᠪᠠᠷᠠᠭᠤᠨ ᠬᠤᠶᠢᠳᠦ ᠶᠢᠨ ᠤᠷᠪᠠᠭᠰᠠᠨ ᠨᠤᠶᠠᠳ ᠤᠨ ᠬᠠᠷᠢᠶᠠᠳᠦ ᠤᠯᠠᠨ ᠤ ᠤᠯᠠᠩᠭᠢ ᠨᠢ ᠶᠤᠸᠠᠨ ᠤᠯᠤᠰ ᠲᠤ ᠲᠠᠭᠠᠷ᠎ᠠ ᠢᠷᠡᠭᠰᠡᠨ ᠲᠤᠯᠠ ᠰᠠᠷᠭᠡᠶᠢᠯᠠᠭᠦ ᠴᠡᠷᠢᠭ ᠢ ᠠᠯᠳᠠᠢ ᠠᠭᠤᠯᠠ ᠶᠢᠨ ᠠᠷᠤ ᠳᠤ ᠰᠢᠯᠵᠢᠭᠦᠯᠵᠦ᠂ ᠪᠠᠭᠠᠷᠢᠨ ᠲᠡᠷᠢᠶ᠎ᠡ ᠲᠠᠷᠢᠭᠤᠯᠬᠤ ᠪᠠ ᠲᠠᠭᠠᠷ᠎ᠠ ᠢᠷᠡᠭᠰᠡᠳ ᠢ ᠠᠯᠳᠠᠢ ᠶᠢᠨ ᠦᠯᠭᠡ ᠳᠤ ︵ᠦᠪᠤᠷ ᠲᠤ ︶ ᠲᠦᠪᠭᠢᠨᠠᠭᠦᠯᠤᠨ ᠰᠠᠭᠤᠯᠭᠠᠵᠦ ᠲᠠᠭᠢᠨ ᠤᠷᠪᠠᠭ᠋ᠤ ᠶᠢ ᠰᠠᠷᠭᠡᠶᠢᠯᠠᠪᠠ︾ ᠭᠡᠵᠦ ᠲᠡᠮᠳᠡᠭᠯᠡᠵᠦ ᠪᠤᠢ᠃ ᠡᠨᠡ ᠭᠦ ᠰᠠᠷᠭᠡᠶᠢᠯᠠᠭᠦ ᠴᠡᠷᠢᠭ ᠢᠶᠠᠨ ᠠᠯᠳᠠᠢ ᠶᠢᠨ ᠠᠷᠤ ᠳᠤ ᠰᠢᠯᠵᠢᠭᠦᠯᠵᠦ ᠪᠠᠭᠠᠷᠢᠨ ᠲᠠᠷᠢᠶ᠎ᠡ ᠲᠠᠷᠢᠭᠤᠯᠬᠤ ᠭᠡᠳᠡᠭ ᠨᠢ ᠶᠠᠭ ᠪᠠᠭᠠᠷᠢᠨ ᠠᠶᠢᠮᠠᠭ ᠢ ᠡᠮᠤᠨᠡᠰᠢ ᠨᠡᠭᠦᠯᠭᠡᠵᠦ ᠨᠤᠳᠤᠭᠯᠠᠵᠦ ᠪᠠᠶᠢᠭᠰᠠᠨ ᠭᠠᠵᠠᠷ ᠨᠢ ᠴᠡᠷᠢᠭ ᠰᠠᠭᠤᠯᠭᠠᠵᠦ ᠲᠡᠷᠢᠶ᠎ᠡ ᠲᠠᠷᠢᠭᠤᠯᠤᠭᠰᠠᠨ ᠠᠴᠠ ᠪᠠᠭᠠᠷᠢᠨ ᠲᠡᠷᠢᠶ᠎ᠡ ᠭᠡᠵᠦ ᠨᠠᠷᠠᠯᠠᠵᠦ ᠭᠡᠯᠡᠭᠰᠡᠨ ᠶᠠᠪᠤᠳᠠᠯ ᠪᠦᠭᠡᠳ ︽ᠤᠷᠪᠠᠭᠰᠠᠨ ᠨᠤᠶᠠᠳ  ᠤᠨ ᠬᠠᠷᠢᠶᠠᠳᠦ ᠨᠠᠷ ᠤᠨ ᠤᠯᠠᠩᠭᠢ ᠨᠢ︾ ᠭᠡᠵᠦ ᠪᠠᠶᠢᠭ᠎ᠠ ᠳᠤ ᠪᠠᠭᠠᠷᠢᠨ ᠠᠶᠢᠮᠠᠭ ᠪᠠᠰᠠ ᠪᠠᠭᠳᠠᠬᠤ ᠨᠢ ᠶᠠᠷᠢᠶᠠᠨ ᠦᠭᠡᠢ ᠲᠠᠭᠠᠷᠠᠵᠦ ᠪᠤᠯᠬᠤ ᠶᠤᠮ᠃ ᠲᠠᠯᠠᠩᠭᠦᠳ ᠠᠶᠢᠮᠠᠭ ᠪᠠᠭᠠᠷᠢᠨ ᠠᠶᠢᠮᠠᠭ ᠯᠤᠭ᠎ᠠ ᠬᠠᠶᠢᠳᠦ ᠳᠤ ᠬᠠᠷᠢᠶᠠᠯᠠᠭᠳᠠᠵᠦ ᠲᠡᠶᠢᠨ ᠤ ᠠᠶᠤᠯ ᠳᠤ ᠠᠳᠠᠯᠢ ᠭᠠᠮᠰᠢᠭᠳᠠᠭᠰᠠᠨ ᠪᠤᠯᠪᠠᠴᠤ᠂ ᠲᠡᠳᠡᠨ ᠤ ᠤᠯᠠᠩᠭᠢ ᠨᠢ ᠤᠤᠭᠠᠯ ᠨᠤᠳᠤᠭ ᠲᠠᠭᠠᠨ ᠦᠯᠠᠳᠠᠵᠦ᠂ ᠮᠢᠩ ᠤᠯᠤᠰ ᠤᠨ ᠦᠶ᠎ᠡ ᠳᠤ ᠪᠠᠰᠠ ᠲᠠᠨᠳᠠ ᠪᠠᠨ ᠪᠠᠶᠢᠭᠰᠠᠨ ᠠᠴᠠ ᠮᠢᠩ ᠤᠨ ᠦᠶ᠎ᠡ ᠶᠢᠨ ᠭᠠᠵᠠᠷ  ᠤᠨ ᠵᠢᠷᠤᠭ ᠲᠤ ᠨᠠᠷ᠎ᠠ ᠨᠢ ᠲᠡᠷᠡ ᠭᠠᠵᠠᠷ ᠲᠠᠭᠠᠨ ᠦᠯᠠᠳᠠᠵᠦ᠂ ᠪᠠᠭᠠᠷᠢᠨ ᠠᠶᠢᠮᠠᠭ ᠨᠢᠭᠡᠨᠳᠠ ᠠᠯᠳᠠᠢ ᠶᠢᠨ ᠦᠪᠤᠷ ᠤᠷᠤᠭᠤ ᠨᠡᠭᠦᠭᠰᠡᠨ ᠠᠴᠠ ᠲᠡᠷᠡ ᠭᠠᠵᠠᠷ ᠤᠨ ᠵᠢᠷᠤᠭ ᠲᠤ ᠨᠠᠷ᠎ᠠ ᠨᠢ ᠠᠯᠠᠭ᠎ᠠ ᠪᠤᠯᠤᠭᠰᠠᠨ ᠮᠠᠭᠠᠳ ᠶᠤᠮ᠃     ᠪᠠᠭᠴᠠᠯᠠᠪᠠᠯ᠂ ᠪᠠᠭᠠᠷᠢᠨᠴᠤᠳ 1304 ᠤᠨ ᠠᠴᠠ 1310 ᠤᠨ ᠤ ᠬᠤᠭᠤᠷᠤᠨᠳᠦ ᠡᠷᠴᠢᠰ ᠮᠦᠷᠠᠨ ᠤ ᠭᠦᠪᠡᠭᠡ ᠠᠴᠠ ᠡᠮᠤᠨᠡᠰᠢ ᠬᠠᠷᠠᠬᠤᠷᠤᠮ ᠤᠷᠤᠭᠤ ᠨᠠᠬᠦᠳᠠᠯᠯᠠᠨ ᠢᠷᠠᠵᠤ ᠲᠡᠭᠦᠨ ᠠᠴᠠ ᠰᠠᠭᠦᠯᠠᠷ ᠪᠠᠯᠴᠢᠭᠡᠷ ᠰᠤᠩᠭᠤᠵᠦ ᠨᠡᠭᠦᠵᠦ ᠮᠠᠯᠵᠢᠭᠰᠠᠭᠠᠷ ᠬᠤᠵᠢᠮ ᠨᠢ ᠬᠠᠯᠬ᠎ᠠ ᠭᠤᠤᠯ ᠤᠨ ᠰᠠᠪᠠ ᠭᠠᠵᠠᠷ ᠲᠤᠭᠳᠠᠨᠢᠵᠦ᠂ ᠪᠠᠳᠤᠮᠦ᠋ᠩᠭᠡ ᠲᠠᠶᠠᠨ ᠬᠠᠭᠠᠨ ᠤ ᠦᠶ᠎ᠡ ᠶᠢᠨ ᠬᠠᠯᠬ᠎ᠠ ᠲᠦᠮᠠᠨ ᠳᠤ ᠪᠠᠭᠠᠷᠢᠨ ᠤᠳᠤᠭ ᠭᠡᠭᠦ‍ ᠨᠢᠭᠡ ᠤᠳᠤᠭ ᠪᠤᠯᠤᠨ ᠪᠦᠷᠢᠯᠳᠤᠵᠦ᠂ ᠪᠠᠭᠠᠷᠢᠨ ᠭᠡᠭᠦ ᠨᠠᠷ᠎ᠠ ᠨᠢᠭᠡᠨ ᠵᠠᠰᠠᠭ ᠵᠠᠭᠢᠷᠭᠠᠨ ᠤ ᠨᠢᠭᠡᠴᠠ ᠶᠢᠨ ᠬᠤᠪᠢ ᠪᠠᠷ ᠲᠡᠤᠭᠡᠨ᠎ᠠ ᠲᠠᠭᠢᠨ ᠢᠯᠡᠷᠡᠭᠰᠡᠨ ᠶᠠᠪᠤᠳᠠᠯ ᠯᠠᠪ ᠮᠦᠨ᠃ ᠤᠩᠰᠢᠭᠴᠢ ᠮᠡᠷᠭᠡᠳ ᠲᠤᠰ ᠵᠤᠭᠢᠶᠠᠯ ᠢ ᠭᠢᠨᠠᠨ ᠰᠤᠳᠤᠯᠵᠦ᠂ ᠭᠡᠷᠪᠠ ᠪᠤᠷᠤᠭᠤ ᠦᠭᠦᠯᠡᠭᠰᠡᠨ ᠵᠤᠶᠢᠯ ᠪᠠᠶᠢᠪᠠᠯ ᠰᠠᠶᠢᠳᠤᠷ ᠵᠠᠯᠠᠷᠠᠭᠤᠯᠬᠤ ᠶᠢ ᠴᠢᠩ ᠰᠡᠳᠭᠢᠯ ᠢᠶᠠᠷ ᠭᠦᠰᠠᠨ ᠨᠠᠶᠢᠳᠠᠵᠦ ᠪᠠᠶᠢᠨ᠎ᠠ᠃ᠵᠠᠭᠦᠯᠳᠠ᠄ ﹇1﹈ ᠴᠠᠩᠳᠦ ᠶᠢᠨ ᠲᠠᠮᠳᠢᠨᠰᠦ᠋ᠷᠤᠩ ᠤᠨ ︽ᠮᠤᠩᠭᠤᠯ ᠤᠨ ᠨᠢᠭᠤᠴᠠ ᠲᠤᠪᠴᠢᠶᠠᠨ︾᠂ ᠦᠪᠤᠷ ᠮᠤᠩᠭᠤᠯ ᠤᠨ ᠠᠷᠠᠳ ᠤᠨ ᠭᠡᠪᠯᠡᠯ ᠤᠨ ᠬᠤᠷᠢᠶ᠎ᠡ᠂ 2017 ᠤᠨ᠂ 220 ᠳ᠋ᠤᠭᠠᠷ ᠨᠢᠭᠤᠷ ᠲᠤ᠃ ﹇2﹈ ᠪᠠᠢ ᠴᠤ ᠢ ᠶᠢᠨ ︽ᠦᠪᠤᠷ ᠬᠠᠯᠬ᠎ᠠ ᠲᠠᠪᠤᠨ ᠤᠳᠤᠭ ᠤᠨ ᠲᠡᠤᠭᠡ ᠰᠤᠳᠤᠯᠤᠯ︾ ︵ᠭᠢᠳᠠᠳ︶᠂ ᠦᠨᠳᠤᠰᠤᠳᠡᠨ ᠤ ᠭᠡᠪᠯᠡᠯ ᠤᠨ ᠬᠤᠷᠢᠶ᠎ᠡ᠂ 2011 ᠤᠨ᠂ 129 ᠳ᠋ᠤᠭᠡᠷ ᠨᠢᠭᠤᠷ ᠲᠤ᠃ ﹇3﹈ ﹇4﹈ ﹇12﹈ ︽ᠮᠤᠩᠭᠤᠯ ᠰᠤᠳᠤᠯᠤᠯ ᠤᠨ ᠨᠠᠪᠳᠠᠷᠭᠡᠢ ᠲᠤᠯᠢ︾ ︵ᠡᠷᠳᠠᠨ ᠤ ᠲᠡᠤᠭᠡ︶᠂ ᠦᠪᠤᠷ ᠮᠤᠩᠭᠤᠯ ᠤᠨ ᠠᠷᠠᠳ ᠤᠨ ᠭᠡᠪᠯᠡᠯ ᠤᠨ ᠬᠤᠷᠢᠶ᠎ᠡ᠂ 2010 ᠤᠨ᠂ 697᠂ 886 ᠳ᠋ᠤᠭᠠᠷ ᠨᠢᠭᠤᠷ᠃ ﹇5﹈ ﹇11﹈ ᠲᠦ᠋ ᠵᠢᠢ ᠶᠢᠨ ︽ᠮᠤᠩᠭᠤᠯ ᠤᠨ ᠲᠡᠤᠭᠡᠨ ᠲᠡᠮᠳᠡᠭᠯᠡᠯ︾ ︵ᠲᠡᠷᠢᠭᠦᠨ ᠲᠡᠪᠳᠠᠷ︶᠂ ᠦᠪᠤᠷ ᠮᠤᠩᠭᠤᠯ ᠤᠨ ᠠᠷᠠᠳ ᠤᠨ ᠭᠡᠪᠯᠡᠯ ᠤᠨ ᠬᠤᠷᠶ᠎ᠡ᠂ 2007 ᠤᠨ᠂ 465 ᠳ᠋ᠤᠭᠠᠷ ᠨᠢᠭᠤᠷ ᠪᠤᠯᠤᠨ ︽ᠶᠤᠸᠠᠨ ᠤᠯᠤᠰ ᠤᠨ ᠲᠡᠤᠭᠡ︾ ︵ᠲᠡᠳ᠋ ᠲᠠᠪᠳᠠᠷ︶᠂ ᠦᠪᠤᠷ ᠮᠤᠩᠭᠤᠯ ᠤᠨ ᠠᠷᠠᠳ ᠤᠨ ᠭᠡᠪᠯᠡᠯ ᠤᠨ ᠬᠤᠷᠢᠶ᠎ᠡ᠂ 2017 ᠤᠨ᠂ 105᠂ 400 ᠳ᠋ᠤᠭᠠᠷ ᠨᠢᠭᠤᠷ᠃ ﹇6﹈ ﹇7﹈ ﹇8﹈ ﹇9﹈ ﹇10﹈ ﹇13﹈ ᠲᠦ᠋ ᠵᠢᠢ ᠶᠢᠨ ︽ᠮᠤᠩᠭᠤᠯ ᠤᠨ ᠲᠡᠤᠭᠡᠨ ᠲᠡᠮᠳᠡᠭᠯᠡᠯ︾ ︵ᠲᠠᠪᠤᠳᠤᠭᠠᠷ ᠲᠠᠪᠳᠠᠷ︶᠂ ᠦᠪᠤᠷ ᠮᠤᠩᠭᠤᠯ ᠤᠨ ᠠᠷᠠᠳ ᠤᠨ ᠭᠡᠪᠯᠡᠯ ᠤᠨ ᠬᠤᠷᠢᠶ᠎ᠡ᠂ 2007 ᠤᠨ᠂ 60᠂ 77 ᠳ᠋ᠤᠭᠠᠷ ᠨᠢᠭᠤᠷ᠃ ﹇14﹈ ﹇15﹈ ﹇16﹈ ﹇17﹈ ﹇18﹈ ᠲᠦ᠋ ᠵᠢᠢ ᠶᠢᠨ ︽ᠮᠤᠩᠭᠤᠯ ᠤᠨ ᠲᠡᠤᠭᠡᠨ ᠲᠡᠮᠳᠡᠭᠯᠡᠯ︾ ︵ᠲᠠᠷᠢᠭᠦᠨ ᠲᠡᠪᠳᠠᠷ︶᠂ ᠦᠪᠤᠷ ᠮᠤᠩᠭᠤᠯ ᠤᠨ ᠠᠷᠠᠳ ᠤᠨ ᠭᠡᠪᠯᠡᠯ ᠤᠨ ᠬᠤᠷᠢᠶ᠎ᠡ᠂ 2007 ᠤᠨ᠂ 546᠂ 552᠂ 563 ᠳ᠋ᠤᠭᠠᠷ ᠨᠢᠭᠤᠷ᠃ᠠᠰᠢᠭᠯᠠᠭᠰᠠᠨ ᠨᠤᠮ ᠵᠤᠬᠢᠶᠠᠯ᠄1. ᠲᠠᠶᠢᠴᠢᠭᠤᠳ ᠮᠠᠨᠰᠠᠩ ᠤᠨ ︽ᠮᠤᠩᠭᠤᠯ ᠤᠨ ᠨᠢᠭᠤᠴᠠ ᠲᠤᠪᠴᠢᠶᠠᠨ︾᠂ ᠦᠪᠤᠷ ᠮᠤᠩᠭᠤᠯ ᠤᠨ ᠠᠷᠡᠳ ᠤᠨ ᠬᠡᠪᠯᠡᠯ ᠤᠨ ᠬᠤᠷᠢᠶ᠎ᠠ᠂ 2017 ᠤᠨ᠃2. ᠷᠠᠰᠢᠳ᠋ — ᠠᠳ᠋ — ᠳ᠋ᠢᠨ ᠤ ︽ᠰᠣᠳᠤᠷ ᠤᠨ ᠴᠢᠭᠤᠯᠭᠠᠨ︾᠂ ᠦᠨᠳᠤᠰᠤᠳᠠᠨ ᠤ ᠬᠡᠪᠯᠡᠯ ᠤᠨ ᠬᠤᠷᠢᠶ᠎ᠠ ᠂ 2015 ᠤᠨ᠃3. ᠪᠠᠢ ᠴᠤ ᠢ ᠶᠢᠨ ︽ᠦᠪᠤᠷ ᠬᠠᠯᠬ᠎ᠠ ᠲᠠᠪᠤᠨ ᠤᠳᠤᠭ ᠤᠨ ᠲᠡᠤᠭᠡ ᠰᠤᠳᠤᠯᠤᠯ︾ ︵ᠬᠢᠳᠡᠳ︶᠂ ᠦᠨᠳᠤᠰᠤᠳᠠᠨ ᠤ ᠬᠡᠪᠯᠡᠯ ᠤᠨ ᠬᠤᠷᠢᠶ᠎ᠠ᠂ 2017 ᠤᠨ᠃4. ᠷᠠᠰᠢᠫᠤᠩᠰᠤᠭ ᠤᠨ ︽ᠪᠤᠯᠤᠷ ᠡᠷᠢᠭᠡ︾ ︵ᠲᠤᠳᠤᠭᠠᠳᠤ ᠮᠠᠲ᠋ᠧᠷᠢᠶᠠᠯ︶᠂ ᠪᠠᠭᠠᠷᠢᠨ ᠪᠠᠷᠠᠭᠤᠨ ᠬᠤᠰᠢᠭᠤᠨ ᠤ ᠤᠯᠤᠰ ᠲᠦᠷᠦ ᠶᠢᠨ ᠵᠦᠪᠯᠡᠯᠭᠡᠨ ᠤ ᠬᠤᠷᠢᠶ᠎ᠠ᠂ 2018 ᠤᠨ᠃5. ᠲᠠᠶᠢᠴᠢᠭᠤᠳ ᠮᠠᠨᠰᠠᠩ ᠤᠨ ︽ᠮᠤᠩᠭᠤᠯ ᠦᠨᠳᠤᠰᠤᠳᠠᠨ ᠤ ᠪᠦᠷᠢᠨ ᠲᠡᠤᠭᠡ︾ ᠲᠠᠪᠤᠳᠤᠭᠠᠷ ᠲᠠᠪᠳᠡᠷ᠂ ᠯᠢᠶᠤᠤᠨᠢᠩ ᠤᠨ ᠦᠨᠳᠤᠰᠤᠳᠠᠨ ᠤ ᠬᠡᠪᠯᠡᠯ ᠤᠨ ᠬᠤᠷᠢᠶ᠎ᠠ᠂ 2004 ᠤᠨ᠃6. ᠲᠦ᠋ ᠵᠢᠢ ᠶᠢᠨ ︽ᠮᠤᠩᠭᠤᠯ ᠤᠨ ᠲᠡᠤᠬᠡᠨ ᠲᠠᠮᠳᠡᠭᠯᠡᠯ︾ ᠨᠢᠭᠡᠳᠤᠭᠡᠷ ᠠᠴᠠ ᠲᠠᠪᠤᠳᠤᠭᠠᠷ ᠲᠠᠪᠳᠡᠷ᠂ ᠦᠪᠤᠷ ᠮᠤᠩᠭᠤᠯ ᠤᠨ ᠠᠷᠡᠳ ᠤᠨ ᠬᠡᠪᠯᠡᠯ ᠤᠨ ᠬᠤᠷᠢᠶ᠎ᠠ᠂ 2007 ᠤᠨ᠃7. ︽ᠮᠤᠩᠭᠤᠯ ᠰᠤᠳᠤᠯᠤᠯ ᠤᠨ ᠨᠠᠪᠳᠡᠷᠬᠡᠢ ᠲᠤᠯᠢ︾ ︵ᠡᠷᠳᠡᠨ ᠤ ᠲᠡᠤᠭᠡ︶᠂ ︵ᠴᠡᠷᠢᠭ ᠤᠨ ᠶᠠᠪᠤᠳᠠᠯ︶᠂ ︵ᠬᠠᠭᠤᠴᠢ ᠰᠤᠳᠤᠯᠤᠯ︶᠂ ᠦᠪᠤᠷ ᠮᠤᠩᠭᠤᠯ ᠤᠨ ᠠᠷᠡᠳ ᠤᠨ ᠬᠡᠪᠯᠡᠯ ᠤᠨ ᠬᠤᠷᠢᠶ᠎ᠠ᠂ 2008 ᠤᠨ᠂ 2010 ᠤᠨ᠂ 2012 ᠤᠨ᠃8. ︽ᠶᠤᠸ᠋ᠨᠨ ᠤᠯᠤᠰ ᠤᠨ ᠲᠠᠤᠭᠡ︾ ᠲᠡᠷᠢᠬᠦᠨ᠂ ᠲᠡᠳ᠋᠂ ᠭᠤᠳᠠᠭᠠᠷ ᠲᠠᠪᠳᠡᠷ᠂ ᠦᠪᠤᠷ ᠮᠤᠩᠭᠤᠯ ᠤᠨ ᠠᠷᠡᠳ  ᠤᠨ ᠬᠡᠪᠯᠡᠯ ᠤᠨ ᠬᠤᠷᠢᠶ᠎ᠠ᠂ 2016 ᠤᠨ᠂ 2017 ᠤᠨ᠂ 2019 ᠤᠨ᠃9. ︽ ᠲᠠᠢ ᠶᠤᠸ᠋ᠨᠨ ᠤᠯᠤᠰ ᠤᠨ ᠪᠢᠴᠢᠭ︾᠂ ᠦᠪᠤᠷ ᠮᠤᠩᠭᠤᠯ ᠤᠨ ᠰᠤᠶᠤᠯ ᠤᠨ ᠬᠡᠪᠯᠡᠯ ᠤᠨ ᠬᠤᠷᠢᠶ᠎ᠠ᠂ 2017 ᠤᠨ᠃10. ᠬᠦᠨ ᠦᠢᠯᠠᠰ ᠤᠨ ︽ᠠᠷᠢᠬᠪᠦ᠋ᠭᠡ᠂ ᠬᠠᠶᠢᠳᠤ᠂ ᠪᠤᠶᠠᠨᠳᠤ︾᠂ ᠦᠪᠤᠷ ᠮᠤᠩᠭᠤᠯ ᠤᠨ ᠰᠤᠶᠤᠯ ᠤᠨ ᠬᠡᠪᠯᠡᠯ  ᠤᠨ ᠬᠤᠷᠢᠶ᠎ᠠ᠂ 2017 ᠤᠨ᠃11. ᠭᠡᠰᠢᠭᠪᠡᠳᠤ ᠶᠢᠨ ︽ᠮᠤᠩᠭᠤᠯ ᠬᠠᠭᠠᠳ ᠤᠨ ᠴᠢᠭᠤᠯᠭᠠᠨ︾᠂ ᠦᠪᠤᠷ ᠮᠤᠩᠭᠤᠯ ᠤᠨ ᠰᠢᠨᠵᠢᠯᠠᠬᠦ ᠤᠬᠠᠭᠠᠨ ᠲᠧᠭᠨᠢᠭ ᠮᠡᠷᠭᠡᠵᠢᠯ ᠤᠨ ᠬᠡᠪᠯᠡᠯ ᠤᠨ ᠬᠤᠷᠢᠶ᠎ᠠ᠂ 2016 ᠤᠨ᠃12. ᠰᠠᠩᠳᠠᠢ ᠶᠢᠨ ︽ᠴᠢᠩᠬᠢᠰ ᠬᠠᠭᠠᠨ ᠠᠴᠠ ᠬᠤᠪᠢᠯᠠᠢ ᠬᠦᠷᠳᠡᠯᠡᠬᠢ ᠵᠠᠭᠤᠨ ᠬᠦᠮᠦᠨ ᠤ ᠲᠤᠪᠴᠢ ᠨᠠᠮᠳᠠᠷ︾᠂ ᠦᠪᠤᠷ ᠮᠤᠩᠭᠤᠯ ᠤᠨ ᠰᠤᠶᠤᠯ ᠤᠨ ᠬᠡᠪᠯᠡᠯ ᠤᠨ ᠬᠤᠷᠢᠶ᠎ᠠ᠂ 2017 ᠤᠨ᠃13. ᠬᠤᠷᠯᠠᠤᠨ ᠮᠧᠰᠢᠭᠡ ᠶᠢᠨ ︽ᠮᠤᠩᠭᠤᠯ ᠤᠨ ᠨᠢᠭᠤᠴᠠ ᠲᠤᠪᠴᠢᠶᠠᠨ ᠤ ᠭᠠᠵᠠᠷ ᠤᠰᠤᠨ ᠤ ᠨᠠᠷ᠎ᠠ ᠶᠢᠨ ᠰᠢᠨᠵᠢᠯᠠᠯ︾᠂ ᠦᠪᠤᠷ ᠮᠤᠩᠭᠤᠯ ᠤᠨ ᠰᠤᠶᠤᠯ ᠤᠨ ᠬᠡᠪᠯᠡᠯ ᠤᠨ ᠬᠤᠷᠢᠶ᠎ᠠ᠂ 2017 ᠤᠨ᠃14. ᠫᠸᠡᠭ ᠳ᠋ᠠ ᠶᠠ ᠨᠠᠷ ᠤᠨ ︽ᠪᠤᠭᠳᠠ ᠪᠠᠭᠠᠳᠤᠷ ᠤᠨ ᠪᠠᠶ᠎ᠠ ᠪᠠᠷ ᠲᠠᠶᠢᠯᠠᠭᠰᠠᠨ ᠲᠠᠮᠳᠡᠭᠯᠡᠯ︾᠂ ᠦᠪᠤᠷ ᠮᠤᠩᠭᠤᠯ ᠤᠨ ᠰᠤᠶᠤᠯ ᠤᠨ ᠬᠡᠪᠯᠡᠯ ᠤᠨ ᠬᠤᠷᠢᠶ᠎ᠠ᠂ 2017 ᠤᠨ᠃15. ᠴᠦᠢᠵᠢ ᠶᠢᠨ ︽ᠪᠠᠭᠠᠷᠢᠨ ᠤᠳᠤᠭ ᠤᠨ ᠨᠤᠳᠤᠭ ᠤᠰᠤ︾ ︵ᠵᠤᠬᠢᠶᠠᠯ︶᠂ ︽ᠪᠠᠷᠠᠭᠤᠨ ᠪᠠᠭᠠᠷᠢᠨ ᠤ ᠰᠤᠶᠤᠯ ᠲᠡᠤᠭᠡ︾ ᠶᠢᠨ ᠬᠤᠶᠠᠳᠤᠭᠠᠷ ᠡᠮᠬᠢᠳᠭᠡᠯ᠂ 2009 ᠤᠨ᠃16. ︽ᠲᠤᠮᠳᠠᠳᠤ ᠤᠯᠤᠰ ᠤᠨ ᠡᠷᠳᠡᠨ ᠤ ᠭᠠᠵᠠᠷ ᠤᠨ ᠵᠢᠷᠤᠭ ᠤᠨ ᠡᠮᠬᠢᠳᠭᠡᠯ︾ ︵ᠶᠤᠸ᠋ᠨᠨ ᠤᠯᠤᠰ᠂ ᠮᠢᠩ ᠤᠯᠤᠰ ᠤᠨ ᠦᠶ᠎ᠠ︶᠂ ᠲᠤᠮᠳᠠᠳᠤ ᠤᠯᠤᠰ ᠤᠨ ᠭᠠᠵᠠᠷ ᠤᠨ ᠵᠢᠷᠤᠭ ᠤᠨ ᠬᠡᠪᠯᠡᠯ ᠤᠨ ᠬᠤᠷᠢᠶ᠎ᠠ᠃ᠬᠠᠷᠢᠯᠴᠠᠬᠤ ᠬᠠᠶ᠋ᠢᠭ᠄内蒙古巴林右旗大板镇产业园8号信箱  ᠤᠳᠠᠰᠤ᠄ 0476 — 6227845᠂ 155 6044 1882ᠲᠤᠷᠵᠢᠰᠠᠩᠪᠤ   ︵ᠪᠠᠭᠠᠷᠢᠨ ᠪᠠᠷᠠᠭᠤᠨ ᠬᠤᠰᠢᠭᠤᠨ ᠤ ᠨᠠᠮ ᠤᠨ ᠬᠤᠷᠢᠶ᠎ᠠ ᠶᠢᠨ ᠠᠵᠢᠯ ᠠᠴᠠ ᠪᠠᠨ ᠠᠮᠠᠷᠠᠭᠰᠠᠨ ᠺᠠᠳ᠋ᠷ᠂ ᠤᠷᠤᠨ ᠨᠤᠳᠤᠭ   ᠤᠨ  ᠲᠡᠤᠭᠡ  ᠰᠤᠳᠤᠯᠤᠭᠴᠢ︶2020. 3. 22 ᠳᠤ
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备07002090号