ᠪᠠᠭᠠᠷᠢᠨ ᠨᠤᠶᠠᠳ ᠤᠨ ᠤᠭ ᠬᠢᠭᠡᠳ ᠪᠠᠭᠠᠷᠢᠨ ᠤ ︽ᠭᠦᠡᠭᠵᠦ  ᠶᠢᠨ ᠰᠤᠶᠤᠯ︾ ᠤᠨ  ᠲᠤᠬᠠᠢ ᠮᠦᠴᠢᠳ ᠦᠭᠦᠯᠡᠬᠦ ᠨᠢ  ︵  ᠵᠢᠷᠭᠤᠭ᠎ᠠ︶
ᠨᠡᠶᠢᠲᠡᠯᠡᠭᠰᠡᠨ ᠴᠠᠭ᠄
2020-08-08
 ︵2︶ ᠴᠢᠩ ᠭᠦᠷᠦᠨ ᠤ ᠬᠠᠭᠠᠨᠳᠤ ᠲᠦᠷᠦ᠂ ᠨᠡᠶᠢᠳᠡ ᠶᠢᠨ ᠤᠨ ᠲᠤᠭᠠᠯᠠᠯ ᠤᠨ 1616 ᠤᠨ ᠳᠤ ᠲᠦᠷᠦ ᠪᠠᠶᠢᠭᠤᠯᠵᠦ᠂ ᠡᠬᠢᠯᠡᠬᠦ ᠳᠡᠭᠡᠨ ᠬᠤᠶᠢᠳᠦ ᠠᠯᠳᠠᠨ ᠤᠯᠤᠰ ᠬᠡᠮᠡᠵᠤ᠂1636 ᠤᠨ ᠠᠴᠠ ᠤᠯᠤᠰ ᠤᠨ ᠴᠤᠯᠠ ᠪᠠᠨ ᠴᠢᠩ ᠤᠯᠤᠰ ᠭᠡᠵᠦ ᠬᠠᠯᠠᠭᠠᠳ᠂1644 ᠤᠨ ᠳᠤ  ᠪᠤᠭᠤᠮᠳᠠ ᠶᠢᠨ ᠳᠤᠳᠤᠷ᠎ᠠ ᠤᠷᠤᠵᠦ ᠨᠡᠶᠢᠰᠯᠡᠪᠠ᠃ ᠨᠡᠶᠢᠳᠡ 12 ᠬᠠᠭᠠᠨ ᠰᠠᠭᠤᠷᠢᠨ ᠳᠤ ᠰᠠᠭᠤᠵᠦ᠂ 295 ᠵᠢᠯ ᠪᠤᠯᠤᠭᠠᠳ 1911 ᠤᠨ ᠳᠤ ᠲᠦᠷᠦ ᠨᠢ ᠮᠦᠬᠦᠪᠡ᠃     ᠬᠡᠳᠦᠬᠡᠨ ᠠᠷᠪᠠᠨ ᠲᠦᠮᠡᠨ ᠮᠤᠷᠢᠳᠤ ᠴᠡᠷᠢᠭ ᠢᠶᠠᠷ ᠠᠽᠢᠶ᠎ᠠ ᠡᠸᠦ᠋ᠷᠦᠫᠡ ᠬᠤᠶᠠᠷ ᠲᠢᠪ  ᠢ ᠡᠷᠬᠡᠰᠢᠶᠡᠵᠤ ᠦᠡᠭᠭᠡᠷᠡᠭᠰᠡᠨ ᠬᠤᠤᠰ ᠦᠭᠡᠢ ᠬᠦᠴᠦᠷᠭᠡᠭ ᠮᠤᠩᠭᠤᠯᠴᠤᠳ ᠲᠤ ᠬᠠᠨᠳᠤᠭᠤᠯᠤᠭᠰᠡᠨ ︽ᠱᠠᠰᠢᠨ ᠢᠶᠠᠷ ᠨᠤᠮᠤᠭᠠᠳᠬᠠᠵᠤ᠂ ᠤᠷᠤᠭ ᠢᠶᠠᠷ ᠡᠪᠰᠡᠬᠦ︾ ᠮᠠᠨᠵᠤ ᠴᠢᠩ ᠤᠨ ᠬᠠᠳᠠᠭᠤ ᠪᠤᠳᠤᠯᠭ᠎ᠠ ᠵᠦᠭᠡᠯᠡᠨ ᠠᠷᠭ᠎ᠠ ᠨᠢ ᠭᠤᠷᠪᠠᠨ ᠵᠠᠭᠤ ᠢᠯᠡᠬᠦᠤ ᠵᠢᠯ ᠡᠷᠴᠢᠮᠳᠡᠢ  ᠶᠠᠪᠤᠭᠳᠠᠭᠰᠡᠨ ᠠᠴᠠ ᠰᠢᠭᠤᠳ ᠬᠤᠯᠪᠤᠭᠳᠠᠭᠰᠠᠨ ᠬᠦᠮᠦᠨ 595 ᠳᠤ ᠬᠦᠷᠴᠤ  ᠮᠤᠩᠭᠤᠯ ᠤᠨ ᠵᠢᠷᠢᠮ᠂ ᠵᠤᠤ ᠤᠳᠠ᠂ ᠰᠢᠯᠢᠩᠭᠤᠤᠯ᠂ ᠬᠦᠬᠡᠬᠤᠳᠠ᠂ ᠠᠯᠠᠭᠱᠠ᠂ ᠵᠡᠭᠦᠠᠭᠠᠷ᠂ ᠬᠠᠯᠬ᠎ᠠ ᠵᠡᠷᠭᠡ ᠳᠤᠯᠤᠭᠠᠨ ᠴᠢᠭᠤᠯᠭᠠᠨ ᠤ ᠬᠤᠷᠴᠢᠨ᠂ ᠪᠠᠭᠠᠷᠢᠨ᠂ ᠠᠳᠬᠨ᠂ ᠨᠠᠢᠮᠠᠨ᠂ ᠤᠡᠭᠨᠢᠭᠤᠳ᠂ ᠬᠠᠷᠠᠴᠢᠨ᠂ ᠲᠦᠮᠡᠳ᠂ ᠠᠷᠤ ᠬᠤᠷᠴᠢᠨ᠂ ᠠᠪᠠᠭ᠎ᠠ᠂ ᠴᠠᠬᠠᠷ᠂ ᠰᠦᠨᠢᠳ᠂ ᠦᠵᠦᠮᠦᠴᠢᠨ ᠪᠤᠯᠤᠨ ᠭᠤᠪᠢ ᠶᠢᠨ ᠠᠷᠤ ᠶᠢᠨ  ᠲᠦᠰᠢᠶᠡᠳᠤ ᠬᠠᠨ ᠢ ᠪᠠᠭᠳᠠᠭᠠᠭᠰᠡᠨ ᠠᠷᠪᠠᠨ ᠲᠠᠪᠤᠨ ᠬᠤᠰᠢᠭᠤ ᠨᠤᠳᠤᠭ ᠲᠠᠢ ᠴᠦᠮ ᠤᠷᠤᠭ  ᠤᠨ ᠬᠤᠯᠪᠤᠭ᠎ᠠ ᠪᠠᠶᠢᠭᠤᠯᠤᠭᠰᠡᠨ ᠠᠴᠠ ᠪᠤᠯᠵᠤ᠂ ᠲᠡᠷᠡᠬᠦ ᠲᠡᠦᠬᠡᠨ ᠬᠤᠭᠤᠴᠠᠭᠠᠨ ᠳᠤ ᠳᠠᠶᠠᠭᠠᠷ ᠮᠤᠩᠭᠤᠯ ᠤᠨ ᠳᠤᠳᠤᠷ᠎ᠠ ᠮᠠᠨᠵᠤ ᠶᠢᠨ ᠵᠢᠭᠡ  ᠵᠢᠭᠡᠨᠴᠢᠷ  ᠬᠡᠴᠦᠨᠡᠨ ᠭᠠᠷᠤᠭᠰᠡᠨ ᠢ ᠤᠷᠳᠤᠨ ᠤ ᠳᠠᠩᠰᠠᠨ ᠳᠠᠭᠠᠨ ᠲᠡᠮᠳᠡᠭᠯᠡᠭᠰᠡᠨ ᠦᠭᠡᠢ ᠭᠡᠵᠤ ᠦᠭᠡᠢ ᠶᠤᠮ᠂ ᠵᠦᠪᠬᠡᠨ ᠮᠠᠨ ᠤ ᠦᠪᠡᠷ ᠤᠨ ᠨᠦᠬᠦᠴᠡᠯ ᠰᠢᠯᠳᠠᠭᠠᠨ ᠠᠴᠠ ᠪᠤᠯᠵᠤ ᠳᠤᠳᠤᠭᠠᠳᠤ ᠤᠴᠢᠷ᠂ ᠪᠤᠳᠠᠳᠡᠢ ᠲᠤᠭ᠎ᠠ ᠶᠢ ᠨᠢ ᠤᠯᠵᠤ ᠴᠢᠳᠠᠭ᠎ᠠ ᠦᠭᠡᠢ ᠯᠠ ᠳᠡᠳᠤᠢ᠃ ᠮᠠᠨ ᠤ ᠪᠠᠷᠠᠭᠤᠨ ᠪᠠᠭᠠᠷᠢᠨ ᠤ ᠢᠵᠠᠭᠤᠷᠲᠠᠳ ᠲᠤ ᠮᠤᠷᠳᠠᠭᠰᠡᠨ ᠭᠤᠷᠪᠠᠨ ᠬᠦᠡᠭᠵᠤ᠂ ᠬᠤᠷᠢᠨ ᠳᠤᠯᠤᠭᠠᠨ ᠭᠡᠭᠡ ᠠᠴᠠ ᠪᠤᠷᠵᠢᠭᠢᠨ ᠤᠳᠤᠮ ᠤᠨ ᠦᠷ᠎ᠠ ᠠᠴᠢᠷ ᠦᠷᠡᠵᠢᠵᠤ ᠳᠡᠯᠭᠡᠷᠡᠨ ᠤᠳᠤᠮ ᠵᠠᠯᠭᠠᠵᠤ ᠪᠠᠶᠢᠭᠰᠡᠨ ᠪᠤᠳᠠᠳᠤ ᠤᠴᠢᠷ ᠢ ᠮᠡᠳᠡᠷᠡᠬᠦ ᠯᠠ ᠬᠡᠷᠡᠭᠳᠡᠢ᠂ ᠮᠠᠨᠤᠰ ᠤᠨ ᠪᠡᠶ᠎ᠡ ᠴᠤᠭᠴᠠᠰ ᠲᠤ ᠴᠤ ᠮᠠᠨᠵᠤ ᠡᠬᠡ ᠶᠢᠨ ᠤᠳᠤᠮ ᠤᠨ ᠡᠰ ᠪᠠᠶᠢᠬᠤ ᠨᠢ ᠯᠠᠪᠳᠠᠢ ᠶᠤᠮ᠃ ᠬᠦᠮᠦᠨ ᠲᠦᠷᠦᠯᠬᠢᠳᠡᠨ ᠦᠨᠢ ᠤᠳᠠᠭᠠᠨ ᠲᠡᠦᠬᠡ ᠶᠢᠨ ᠶᠠᠪᠤᠴᠠ ᠳᠠᠭᠠᠨ ᠵᠤᠬᠢᠬᠤ ᠤᠷᠤᠨ᠂ ᠵᠤᠬᠢᠬᠤ ᠴᠠᠭ ᠦᠶ᠎ᠡ᠂ ᠵᠤᠬᠢᠬᠤ ᠲᠡᠦᠬᠡᠨ ᠨᠦᠬᠦᠴᠡᠯ ᠰᠢᠯᠳᠠᠭᠠᠨ ᠠᠴᠠ ᠪᠤᠯᠵᠤ᠂ ᠵᠤᠬᠢᠬᠤ ᠬᠡᠪᠴᠢᠶᠡᠨ ᠳᠤ ᠠᠳᠠᠯᠢ ᠪᠤᠰᠤ ᠦᠨᠳᠦᠰᠦᠳᠡᠨ ᠤᠭᠰᠠᠭᠠᠳᠡᠨ ᠬᠠᠷᠢᠯᠴᠠᠨ  ᠤᠷᠤᠭᠴᠠᠭᠠᠵᠤ᠂ ᠬᠠᠷᠢᠯᠴᠠᠨ ᠠᠭᠤᠰᠤᠯᠴᠠᠵᠤ ᠪᠠᠶᠢᠭᠰᠡᠨ ᠢ ᠬᠡᠵᠢᠶ᠎ᠡ ᠴᠦ ᠬᠤᠷᠢᠭᠯᠠᠵᠤ ᠳᠡᠶᠢᠯᠤᠭ᠍ᠰᠡᠨ ᠦᠭᠡᠢ᠂ ᠬᠡᠨ ᠴᠤ ᠦᠭᠡᠶᠢᠰᠭᠡᠵᠤ  ᠴᠢᠳᠠᠭᠰᠡᠨ ᠦᠭᠡᠢ ᠭᠡᠳᠡᠭ ᠢ ᠲᠡᠦᠬᠡ ᠭᠡᠷᠡᠴᠢᠯᠡᠵᠤ ᠪᠤᠢ᠃  ᠡᠶᠢᠮᠦᠷᠬᠦ ᠤᠴᠢᠷ  ᠤᠳᠤᠬᠠᠨ ᠳᠤ ᠨᠡᠩ ᠦᠷᠭᠡᠨ ᠬᠡᠪᠴᠢᠶ᠎ᠡ ᠪᠠᠷ  ᠬᠦᠭᠵᠢᠬᠦ ᠬᠠᠨᠳᠤᠰᠢ ᠲᠠᠢ ᠪᠠᠶᠢᠬᠤ ᠶᠢ ᠡᠷᠡᠬᠦᠯ ᠰᠠᠷᠠᠭᠤᠯ ᠬᠦᠮᠦᠨ ᠪᠦᠬᠦᠨ ᠮᠡᠳᠡᠬᠦ ᠪᠠᠶᠢᠬᠤ᠃  ᠳᠠᠬᠢᠭᠠᠳ ᠬᠡᠯᠡᠪᠡᠯ ᠡᠨᠡ ᠨᠢ ᠶᠠᠮᠠᠷ ᠨᠢᠭᠡᠨ ᠬᠦᠮᠦᠰ ᠤᠨ ᠮᠡᠳᠡᠷᠡᠬᠦ ᠪᠠ ᠡᠰᠡᠬᠦ ᠪᠠᠷ ᠪᠤᠯᠳᠠᠭ ᠤᠴᠢᠷ ᠤᠭᠳᠤ ᠪᠢᠰᠢ᠂ ᠬᠠᠷᠢᠨ ᠲᠡᠳᠡᠨ ᠤ ᠲᠡᠦᠬᠡ ᠰᠤᠶᠤᠯ ᠤᠨ ᠮᠡᠳᠡᠯᠭᠡ ᠶᠢᠨ ᠬᠢᠷᠢ ᠬᠡᠮᠵᠢᠶ᠎ᠡ ᠠᠴᠠ ᠪᠠᠨ ᠪᠤᠯᠵᠤ ᠨᠠᠭᠠᠳᠤᠬᠢ ᠶᠠᠪᠤᠳᠠᠯ ᠢᠶᠠᠨ ᠯᠡ ᠶᠠᠷᠢᠬᠤ ᠠᠴᠠ ᠪᠢᠰᠢ᠂ ᠴᠢᠨᠠᠳᠤᠬᠢ ᠤᠴᠢᠷ ᠢ ᠨᠢ ᠮᠡᠳᠡᠳᠡᠭ ᠦᠭᠡᠢ ᠨᠢ ᠤᠶᠢᠯᠠᠭᠠᠮᠵᠢᠳᠡᠢ ᠶᠤᠮ᠃ ᠭᠡᠶ᠎ᠡ᠂ ᠦᠵᠡᠭᠡᠳᠦᠢ ᠶᠠᠭᠤᠮ᠎ᠠ ᠪᠦᠬᠦᠨ ᠢ ᠪᠠᠨ ᠤᠷᠤᠰᠢᠬᠤ ᠦᠭᠡᠢ ᠬᠡᠮᠡᠨ ᠪᠤᠳᠤᠬᠤ ᠪᠤᠶᠤ ᠮᠡᠳᠡᠭᠡᠳᠦᠢ ᠤᠴᠢᠷ ᠪᠤᠯᠭᠠᠨ ᠢ ᠪᠠᠶᠢᠬᠤ ᠦᠭᠡᠢ ᠭᠡᠵᠤ ᠵᠢᠳᠬᠦᠭᠡᠳ ᠪᠠᠶᠢᠬᠤ ᠶᠢ ᠶᠠᠭᠤ ᠭᠡᠯᠳᠡᠢ ᠪᠢᠯᠡ︖ ᠮᠠᠨᠵᠤ ᠴᠢᠩ ᠤᠨ ᠬᠢᠨ ᠲᠦᠷᠤ ᠶᠢᠨ ᠲᠠᠪᠴᠠᠩ ᠳᠤ ᠪᠠᠶᠢᠭᠰᠡᠨ ᠳᠠᠭᠠᠨ ᠵᠦᠪᠬᠡᠨ ᠮᠤᠩᠭᠤᠯ ᠤᠨ ᠠᠯᠳᠠᠨ ᠤᠷᠤᠭᠳᠠᠨ — ᠪᠤᠷᠵᠢᠬᠢᠳ ᠬᠢᠬᠡᠳ ᠤᠷᠢᠶᠠᠩᠬᠠᠢ ᠠᠶᠢᠮᠠᠭ ᠤᠨ ᠬᠢᠨ ᠲᠠᠢ ᠯᠠ ᠤᠷᠤᠭᠴᠠᠭᠠᠵᠤ᠂ ᠮᠤᠩᠭᠤᠯ ᠤᠨ ᠠᠯᠳᠠᠨ ᠤᠷᠤᠭᠳᠡᠳ ᠤᠨ ᠦᠷ᠎ᠠ ᠬᠤᠶᠢᠴᠢᠰ᠂ ᠮᠠᠨᠵᠤ ᠶᠢᠨ ᠬᠠᠭᠠᠨ ᠢᠵᠠᠭᠤᠷᠳᠠᠳ ᠤᠨ ᠵᠢᠭᠡ ᠵᠢᠭᠡᠨᠴᠢᠷ ᠤᠨ ᠨᠡᠶᠢᠭᠡᠮ ᠤᠨ ᠪᠠᠶᠢᠷᠢ ᠰᠠᠭᠤᠷᠢ ᠶᠢ ᠰᠤᠯᠠᠷᠠᠭᠤᠯᠤᠯ ᠦᠭᠡᠢ ᠪᠠᠳᠤᠳᠬᠠᠨ᠂ ᠬᠤᠰᠢᠭᠤ ᠪᠤᠶᠤ ᠴᠢᠭᠤᠯᠭᠠᠨ ᠤ ᠬᠡᠷᠬᠢᠮ ᠵᠡᠷᠭᠡ ᠶᠢ ᠦᠶ᠎ᠡ ᠤᠯᠠᠷᠢᠨ ᠵᠠᠯᠭᠠᠮᠵᠢᠯᠠᠭᠤᠯᠤᠭᠠᠳ᠂ ᠬᠠᠭᠠᠨ ᠤᠷᠳᠤᠨ ᠠᠴᠠ ᠬᠤᠰᠢᠭᠤ ᠨᠤᠳᠤᠭ ᠬᠦᠷᠳᠡᠯᠡᠬᠢ ᠪᠦᠬᠦᠶᠢᠯᠡ ᠡᠷᠬᠡ ᠶᠢ ᠨᠢᠭᠡᠨ ᠠᠳᠬᠤᠨ ᠳᠤ ᠲᠦᠪᠯᠡᠷᠡᠭᠦᠯᠵᠤ ᠪᠠᠶᠢᠭᠰᠡᠨ ᠶᠤᠮ᠃ ᠬᠡᠳᠦᠢ ᠲᠡᠶᠢᠮᠦ ᠪᠤᠯᠪᠠᠴᠦ ᠮᠤᠩᠭᠤᠯ ᠤᠨ ᠠᠯᠢ ᠨᠢᠭᠡᠨ ᠨᠤᠳᠤᠭ ᠤᠷᠤᠨ ᠪᠤᠶᠤ ᠠᠶᠢᠮᠠᠭ ᠤᠭᠰᠠᠭ᠎ᠠ ᠶᠢᠨ ᠲᠤᠳᠤᠷ᠎ᠠ ︽ᠭᠦᠡᠭᠵᠦ ᠶᠢᠨ ᠰᠣᠶᠣᠯ︾ ᠬᠡᠬᠦ ᠤᠷᠤᠭ ᠤᠨ ᠬᠤᠯᠪᠤᠭ᠎ᠠ ᠠᠴᠠ ᠡᠭᠦᠰᠦᠭᠰᠡᠨ ︽ᠰᠤᠶᠤᠯ︾ ᠶᠡᠷᠦᠨᠢ ᠪᠤᠢ ᠪᠤᠯᠤᠭᠰᠠᠨ ᠦᠭᠡᠢ᠂ ᠬᠠᠷᠢᠨ ᠴᠠᠭ  ᠤᠨ ᠤᠷᠤᠰᠬᠠᠯ ᠢ ᠲᠠᠭᠠᠯᠳᠤᠨ ᠮᠠᠷᠳᠠᠨ ᠤᠷᠬᠢᠭᠳᠠᠭᠰᠠᠨ ᠪᠠᠶᠢᠬᠤ ᠳᠤ ᠵᠦᠪᠬᠡᠨ ᠪᠠᠭᠠᠷᠢᠨ ᠨᠤᠳᠤᠭ ᠲᠤ ᠯᠠ ᠴᠢᠩ  ᠤᠨ ᠲᠦᠷᠦ ᠶᠢᠨ ︽ᠭᠦᠡᠭᠵᠦ ᠶᠢᠨ ᠰᠤᠶᠤᠯ︾ ᠬᠡᠬᠦ ᠤᠨᠴᠠᠭᠠᠢ  ᠠᠭᠤᠯᠤᠭᠳᠠᠬᠤᠨ᠂ ᠤᠨᠴᠠᠭᠠᠢ ᠬᠡᠯᠪᠡᠷᠢ ᠪᠦᠬᠦᠢ ︽ᠰᠤᠶᠤᠯ︾ ᠤᠷᠳᠤ ᠤᠳᠠᠭᠠᠨ ᠲᠡᠦᠬᠡ ᠶᠢᠨ ᠶᠠᠪᠤᠴᠠ ᠳᠤ ᠠᠭᠠᠵᠢᠮ ᠢᠶᠠᠷ ᠪᠦᠷᠢᠯᠳᠦᠭᠰᠡᠨ ᠪᠠᠶᠢᠨ᠎ᠠ᠃ ᠲᠤᠤᠷᠠᠳᠤ ᠮᠢᠨᠤ ᠦᠵᠡᠬᠦ ᠪᠠᠷ ᠡᠨᠡᠬᠦ ︽ᠰᠤᠶᠤᠯ︾ ᠨᠢ ᠢᠯᠡ ᠲᠤᠳᠤ ᠲᠡᠤᠬᠡᠳᠦ ᠴᠢᠨᠠᠷ᠂ ᠠᠷᠠᠳᠴᠢ ᠴᠢᠨᠠᠷ᠂ ᠰᠤᠶᠤᠯ ᠢᠷᠭᠡᠨᠰᠢᠯᠳᠤ ᠴᠢᠯᠦᠭᠡᠳᠦ ᠴᠢᠨᠠᠷ ᠪᠤᠶᠤ ᠨᠤᠳᠤᠭ ᠤᠷᠤᠨᠴᠢ ᠬᠢᠵᠠᠭᠠᠷᠳᠠᠮᠠᠯ ᠴᠢᠨᠠᠷ ᠲᠠᠢ ᠭᠡᠳᠡᠭ ᠢ ᠭᠦᠢᠴᠡᠳ  ᠬᠠᠷᠠᠭᠤᠯᠵᠤ ᠪᠦᠬᠦᠢ ᠪᠠᠭᠠᠷᠢᠨ ᠤ ᠪᠤᠷᠵᠢᠭᠢᠨ ᠢᠵᠠᠭᠤᠷᠳᠠᠳ ᠢ ᠪᠠᠭᠳᠠᠭᠠᠭᠰᠡᠨ ᠡᠨᠡ ᠨᠤᠳᠤᠭ ᠤᠨ ᠦᠶ ᠤᠯᠠᠨ ᠠᠶᠢᠮᠠᠭ ᠤᠭᠰᠠᠭᠠᠳᠡᠳ ᠬᠦᠮᠦᠨ ᠲᠦᠷᠦᠭᠰᠡᠳ ᠤᠨ ᠡᠰᠢ ᠶᠤᠰᠤᠨ ᠢ ᠪᠠᠳᠤᠳᠠ ᠵᠢᠷᠤᠮᠯᠡᠨ ᠤᠳᠤᠮ ᠤᠭᠰᠠᠭ᠎ᠠ ᠪᠠᠨ ᠴᠢᠩᠳᠠ ᠳᠡᠭᠡᠳᠦᠯᠡᠳᠡᠭ ᠤᠯᠠᠮᠵᠢᠯᠠᠯᠳᠤ ᠰᠤᠶᠤᠯ ᠰᠤᠷᠳᠠᠬᠤᠨ ᠤ ᠬᠢᠨᠢ ᠪᠤᠳᠠᠳᠤ ᠲᠡᠦᠬᠡ ᠭᠡᠷᠡᠴᠢᠯᠡᠵᠤ ᠪᠠᠶᠢᠭ᠎ᠠ ᠶᠤᠮ᠃  ᠶᠠᠭ ᠡᠶᠢᠮᠤ ᠤᠴᠢᠷ ᠠᠴᠠ ᠡᠨᠡᠬᠦ ᠰᠤᠶᠤᠯ ᠨᠢ ᠴᠢᠩ ᠭᠦᠷᠦᠨ ᠤ ᠬᠠᠭᠠᠨᠳᠤ ᠲᠦᠷᠦ᠂ ᠲᠤᠮᠳᠠᠳᠤ ᠢᠷᠭᠡᠨ ᠤᠯᠤᠰ᠂ ᠪᠦᠭᠦᠳᠡ ᠨᠠᠶᠢᠷᠠᠮᠳᠠᠬᠤ ᠲᠤᠮᠳᠠᠳᠤ ᠠᠷᠠᠳ ᠤᠯᠤᠰ ᠤᠨ ᠲᠦᠷᠪᠠᠨ ᠵᠠᠭᠤᠭᠠᠳ ᠵᠢᠯ ᠤᠨ ᠲᠡᠦᠬᠡ ᠶᠢᠨ ᠶᠠᠪᠤᠴᠠ ᠳᠤ ᠲᠠᠰᠤᠷᠠᠯᠳᠠ ᠦᠭᠡᠢ ᠬᠦᠭᠵᠢᠨ ᠦᠷᠨᠢᠭᠰᠡᠭᠡᠷ ᠪᠠᠶᠢᠵᠦ᠂ ᠨᠢᠭᠡᠨ ᠢᠵᠢ ᠰᠤᠶᠤᠯ ᠤᠨ ᠰᠢᠰᠲ᠋ᠧᠮ ᠪᠤᠯᠵᠦ ᠪᠦᠷᠢᠯᠳᠦᠭᠡᠳ᠂ ᠡᠨᠡ ᠨᠤᠳᠤᠭ ᠤᠨ ᠦᠨᠳᠦᠰᠦᠳᠡᠨ ᠤᠭᠰᠠᠭᠠᠳᠠᠨ ᠨᠤᠭᠤᠳ ᠤᠨ ᠪᠦᠯᠬᠦᠮᠳᠡᠯ ᠢ ᠤᠯᠠᠮ ᠨᠢᠭᠳᠠᠷᠠᠭᠤᠯᠵᠦ᠂ ᠡᠨᠡ ᠤᠷᠤᠨ ᠤ ᠨᠡᠶᠢᠭᠡᠮ ᠤᠨ ᠬᠦᠭᠵᠢᠯᠳᠡ ᠶᠢ ᠡᠷᠴᠢ ᠲᠠᠢ ᠲᠦᠯᠬᠢᠨ ᠠᠬᠢᠭᠤᠯᠤᠭᠰᠠᠭᠠᠷ ᠢᠷᠡᠭᠰᠡᠨ ᠪᠠᠶᠢᠨ᠎ᠠ᠃ ᠡᠭᠦᠨ ᠢ ᠲᠤᠰ ︽ᠰᠤᠶᠤᠯ︾ ᠤᠨ ᠨᠡᠶᠢᠭᠡᠮ ᠳᠤ ᠦᠵᠡᠭᠦᠯᠦᠭᠰᠡᠨ ᠵᠤᠬᠢᠬᠤ ᠬᠡᠮᠵᠢᠶᠡᠨ ᠤ ᠲᠡᠤᠬᠡᠳᠦ ᠠᠴᠢ ᠬᠤᠯᠪᠤᠭᠳᠠᠯ ᠭᠡᠵᠦ ᠬᠡᠯᠡᠵᠦ ᠪᠤᠯᠤᠨ᠎ᠠ᠃      ︵3︶ ᠲᠠᠶᠢᠽᠦ᠋ᠡᠭ ᠬᠠᠭᠠᠨ ᠬᠤᠸᠠᠩ ᠲᠠᠢ ᠵᠢᠢ ᠬᠢᠭᠡᠳ ᠲᠡᠬᠢᠮᠳᠠᠭᠤ ᠠᠮᠤᠷᠯᠢᠩᠭᠤᠢ ᠭᠡᠭᠡᠨ ᠰᠤᠳᠤ ᠬᠤᠸᠠᠩᠭᠡᠤ ᠪᠤᠮᠪᠤᠳᠠᠢ ᠬᠤᠶᠠᠷ ᠠᠴᠠ ᠲᠦᠷᠪᠠᠨ ᠬᠡᠤᠬᠡᠳ ᠮᠡᠨᠳᠦᠯᠡᠪᠡ᠂ ᠲᠠᠷᠤᠢ ᠬᠤᠸᠠᠩ ᠲᠠᠢ ᠵᠢᠢ ᠶᠢᠨ ᠲᠦᠷᠪᠠᠳᠦᠭᠡᠷ ᠬᠡᠤᠬᠡᠨ ᠶᠦᠡᠭ ᠮᠦ ︵雍穆︶ ᠭᠦᠡᠭᠵᠦ᠂ ᠲᠠᠪᠤᠳᠤᠭᠠᠷ ᠬᠡᠤᠬᠡᠨ ᠰᠡᠴᠡᠨ ᠲᠡᠭᠡᠳᠦ ︵淑慧︶ ᠭᠦᠡᠭᠵᠦ᠂ ᠲᠤᠯᠤᠳᠤᠭᠠᠷ ᠬᠡᠤᠬᠡᠨ ᠳ᠋ᠤᠸᠠᠨ ᠰᠢᠶᠠᠨ ︵端献︶ ᠭᠦᠡᠭᠵᠦ᠂ ᠶᠢᠰᠦᠳᠦᠭᠡᠷ ᠬᠦᠪᠡᠭᠦᠨ ᠹᠦ᠋ ᠯᠢᠨ ︵福林︶ ᠬᠠᠭᠠᠨ ᠪᠤᠯᠤᠨ᠎ᠠ᠃ᠴᠢᠩ ᠭᠦᠷᠦᠨ ᠤ ᠲᠡᠤᠬᠡᠨ ᠮᠠᠲ᠋ᠧᠷᠢᠶᠠᠯ ᠳᠤ ︽ᠰᠡᠴᠡᠨ ᠲᠡᠭᠡᠳᠦ ᠭᠦᠡᠭᠵᠦ᠂ ᠲᠡᠭᠷᠢ ᠶᠢᠨ ᠰᠡᠴᠡᠨ ᠤ ᠵᠢᠷᠭᠤᠳᠤᠭᠠᠷ ᠤᠨ ︵1632 ᠤᠨ︶ ᠤ ᠴᠠᠭᠠᠨ ᠰᠠᠷ᠎ᠠ ᠶᠢᠨ ᠰᠢᠨ᠎ᠡ ᠶᠢᠨ ᠨᠠᠢᠮᠠᠨ ᠤ ᠮᠤᠷᠢᠨ ᠴᠠᠭ ᠲᠤᠷ ᠪᠤᠷᠵᠢᠬᠢᠨ ᠤᠪᠤᠭᠳᠤ ᠬᠤᠷᠴᠢᠨ ᠪᠠᠶᠢᠯᠠ ᠵᠠᠶᠢᠰᠠᠩ ᠤᠨ ᠬᠤᠶᠠᠳᠤᠭᠠᠷ ᠦᠬᠢᠨ᠂ ᠴᠢᠩ ᠭᠦᠷᠦᠨ ᠤ ᠲᠡᠶᠢᠽᠦ᠋ᠡᠭ ᠬᠠᠭᠠᠨ ᠬᠤᠸᠠᠩ ᠲᠠᠢ ᠵᠢᠢ ᠶᠢᠨ ᠬᠠᠳᠤᠨ ᠲᠠᠬᠢᠮᠳᠠᠭᠤ ᠠᠮᠤᠷᠯᠢᠩᠭᠤᠢ ᠬᠡᠬᠡᠨ ᠰᠤᠳᠤ ᠬᠤᠸᠠᠩᠭᠡᠤ ︵孝庄文皇后︶ ᠠᠴᠠ ᠮᠡᠨᠳᠦᠯᠡᠪᠠ᠂ ᠲᠠᠷᠤᠢ ᠨᠡᠶᠢᠳᠡ ᠶᠢᠨ ᠤᠨ ᠲᠤᠭᠠᠯᠠᠯ ᠤᠨ 1632 ᠳ᠋ᠤᠭᠠᠷ ᠤᠨ ᠤ 2 ᠰᠠᠷ᠎ᠠ ᠶᠢᠨ 27 ᠤ ᠡᠳᠦᠷ  ᠤᠨ 11 — 13 ᠴᠠᠭ ᠲᠤ ᠮᠠᠨᠳᠦᠯᠡᠵᠡᠢ︾ ᠬᠡᠮᠡᠨ ᠲᠡᠮᠳᠡᠭᠯᠡᠵᠦ ᠪᠤᠢ᠃ᠬᠦᠷᠦᠨ — ᠮᠠᠨᠵᠦ ᠦᠭᠡ᠂ ᠤᠯᠤᠰ ᠬᠡᠮᠡᠬᠦ ᠤᠳᠬ᠎ᠠ ᠲᠠᠢ᠂  ᠠᠳᠡ ᠭᠦᠡᠭᠵᠦ ᠶᠢᠨ ᠵᠡᠷᠭᠡ ᠲᠡᠰ ᠢ ᠢᠯᠡᠳᠬᠡᠵᠦ ᠪᠤᠢ᠃ ᠰᠡᠴᠡᠨ ᠲᠡᠭᠡᠳᠦ — ᠭᠦᠡᠭᠵᠦ ᠶᠢᠨ ᠴᠤᠯᠠ ᠡᠷᠭᠦᠮᠵᠢᠯᠡᠯ᠃ ᠬᠠᠭᠠᠨ ᠤ ᠬᠡᠤᠬᠡᠨ ᠢ ︽ᠬᠦᠷᠦᠨ ᠭᠦᠡᠭᠵᠦ︾ ᠬᠡᠮᠡᠳᠡᠭ᠃ ᠬᠠᠭᠠᠨ ᠤ ᠡᠭᠡᠴᠢ ᠦᠬᠢᠨ ᠲᠡᠭᠦᠦ ᠶᠢ ︽ᠡᠷᠬᠢᠨ ᠭᠦᠡᠭᠵᠦ︾ ᠬᠡᠮᠡᠳᠡᠭ᠃ ᠬᠠᠭᠠᠨ ᠤ ᠠᠪᠠᠭ᠎ᠠ ᠡᠭᠡᠴᠢ   ᠶᠢ ︽ᠡᠷᠬᠢᠨ ᠶᠡᠭᠡ ᠭᠦᠡᠭᠵᠦ︾ ᠬᠡᠮᠡᠳᠡᠭ᠃ᠴᠢᠩ ᠭᠦᠷᠦᠨ ᠤ ᠬᠠᠭᠠᠨ ᠤᠷᠳᠤᠨ ᠤ ︽ᠠᠯᠳᠠᠨ ᠤ ᠰᠠᠯᠠᠭ᠎ᠠ ᠬᠠᠰ ᠤᠨ ᠮᠦᠴᠢᠷ︾ — ᠰᠡᠴᠡᠨ ᠲᠡᠭᠡᠳᠦ ᠬᠦᠷᠦᠨ ᠭᠦᠡᠭᠵᠦ ᠪᠤᠯ ᠲᠠᠶᠢᠽᠦ᠋ᠡᠭ ᠬᠠᠭᠠᠨ ᠬᠤᠸᠠᠩ ᠲᠠᠢ ᠵᠢᠢ ᠶᠢᠨ ᠬᠡᠤᠬᠡᠨ᠂ ᠱᠾᠢᠽᠤ ᠬᠠᠭᠠᠨ ᠡᠶᠡᠪᠡᠷ ᠵᠠᠰᠠᠭᠴᠢ ᠹᠦ᠋ ᠯᠢᠨ ᠤ ᠡᠭᠡᠴᠢ᠂ ᠱᠸᠡᠭᠽᠤ ᠬᠠᠭᠠᠨ ᠡᠩᠬᠡ ᠠᠮᠤᠭᠤᠯᠠᠩ ᠤᠨ ᠠᠪᠠᠭ᠎ᠠ ᠡᠭᠡᠴᠢ ᠨᠢ ᠪᠤᠯᠤᠨ᠎ᠠ᠃ᠴᠢᠩ ᠭᠦᠷᠦᠨ ᠤ ᠬᠠᠭᠠᠨ ᠤ ᠤᠷᠳᠤᠨ ᠤ ᠠᠷᠪᠠᠨ ᠲᠤᠯᠤᠭᠠᠬᠠᠨ ᠨᠠᠰᠤ ᠲᠠᠢ ᠰᠡᠴᠡᠨ ᠲᠡᠭᠡᠳᠦ ᠭᠦᠡᠭᠵᠦ᠂ ᠬᠤᠸᠠᠩᠭᠡᠤ ᠡᠵᠢ ᠪᠤᠯᠤᠨ ᠬᠠᠭᠠᠨ ᠡᠵᠡᠨ ᠲᠦᠷᠦᠭᠰᠡᠨ ᠲᠡᠭᠦᠦ ᠹᠦ᠋ ᠯᠢᠨ ᠤ ᠪᠠᠨ ᠲᠦᠷᠦ ᠶᠢᠨ ᠨᠤᠶᠠᠷᠬᠠᠯ ᠤᠨ ᠪᠠᠶᠢᠷᠢ ᠰᠠᠭᠤᠷᠢ ᠪᠠᠨ ᠪᠠᠳᠤᠳᠬᠠᠬᠤ   ᠪᠠᠷ ᠵᠤᠷᠢᠯᠭ᠎ᠠ ᠪᠠᠨ ᠪᠤᠯᠭᠠᠭᠰᠠᠨ ︽ᠤᠯᠤᠰ ᠲᠦᠷᠦ ᠶᠢᠨ ᠤᠷᠤᠭ ᠡᠪᠰᠡᠯ︾  ᠤᠨ ᠰᠠᠨᠠᠭᠠᠴᠢᠯᠠᠭ᠎ᠠ ᠶᠢ ᠵᠢᠷᠤᠮᠯᠠᠨ ᠲᠠᠭᠠᠵᠦ᠂ ᠡᠶᠡᠪᠡᠷ ᠵᠠᠰᠠᠭᠴᠢ ᠶᠢᠨ ᠲᠠᠪᠤᠳᠤᠭᠠᠷ ᠤᠨ ︵1648 ᠤᠨ︶ ᠤ ᠬᠤᠶᠠᠷ ᠰᠠᠷ᠎ᠠ ᠳᠤ ᠲᠦᠷᠬᠦᠮ ᠲᠦᠷᠦᠯ ᠬᠠᠯᠠᠭᠤᠨ ᠪᠦᠯᠢ ᠠᠴᠠ ᠪᠠᠨ ᠠᠶᠠᠷᠯᠠᠨ᠂ ᠲᠦᠷᠦ ᠶᠢᠨ ᠨᠡᠶᠢᠰᠯᠡᠯ ᠪᠡᠭᠡᠵᠢᠩ ᠬᠤᠳᠠ ᠠᠴᠠ ᠵᠠᠶᠢᠳᠠᠵᠦ᠂ ᠪᠤᠭᠤᠮᠳᠠ ᠶᠢᠨ ᠭᠠᠳᠠᠨᠠᠬᠢ ᠪᠠᠭᠠᠷᠢᠨ ᠨᠤᠳᠤᠭ ᠲᠤ ᠮᠤᠷᠳᠠᠨ ᠢᠷᠡᠵᠦ᠂ ᠶᠤᠸᠠᠨ ᠲᠠᠶᠢᠽᠤ ᠴᠢᠩᠬᠢᠰ ᠬᠠᠭᠠᠨ ᠤ ᠬᠤᠷᠢᠨ ᠨᠢᠭᠡᠳᠦᠭᠡᠷ ᠦᠶ᠎ᠡ ᠶᠢᠨ ᠬᠤᠶᠢᠴᠢᠰ᠂ ᠪᠠᠭᠠᠷᠢᠨ ᠪᠠᠷᠠᠭᠤᠨ ᠭᠠᠷᠤᠨ ᠬᠤᠰᠢᠭᠤᠨ ᠤ ᠤᠤᠭᠠᠨ ᠵᠠᠰᠠᠭ᠂ ᠤᠯᠤᠰ ᠲᠤᠷ ᠲᠤᠰᠠᠯᠠᠭᠴᠢ ᠬᠦᠡᠭ ᠰᠧᠪᠳᠡᠨ ᠲᠠᠢ ᠤᠷᠤᠭᠯᠠᠪᠠ᠃ᠲᠡᠯᠡᠬᠡᠢ ᠳ᠋ᠡᠬᠢᠨ ᠢ ᠡᠷᠬᠡᠰᠢᠶᠡᠵᠦ ᠦᠡᠭᠭᠡᠷᠡᠭᠰᠡᠨ ᠮᠤᠩᠭᠤᠯ ᠬᠠᠭᠠᠨ ᠤ ᠬᠤᠶᠢᠴᠢᠰ ᠲᠤ ᠮᠠᠨᠵᠦ ᠬᠠᠭᠠᠨ ᠭᠦᠡᠭᠵᠦ ᠪᠠᠨ ᠮᠤᠷᠳᠠᠭᠤᠯᠬᠤ ᠨᠢ ᠲᠤᠬᠠᠢ ᠶᠢᠨ ᠦᠶ᠎ᠡ ᠳᠡᠭᠡᠨ ᠤᠯᠤᠰ ᠢᠶᠠᠨ ᠵᠠᠰᠠᠵᠦ᠂ ᠲᠦᠷᠦ ᠪᠠᠨ ᠪᠠᠳᠤᠳᠬᠠᠬᠤ ᠴᠢᠬᠤᠯᠠ ᠪᠤᠳᠤᠯᠭ᠎ᠠ ᠨᠢ ᠪᠤᠶᠤ ᠪᠤᠳᠠᠳᠤ ᠠᠷᠭ᠎ᠠ ᠨᠢ ᠪᠠᠶᠢᠵᠤ᠂ ᠴᠢᠩ ᠤᠨ ᠲᠦᠷᠦ ᠶᠢᠨ ᠤᠷᠳᠤᠨ ᠬᠢᠭᠡᠳ ᠭᠠᠳᠠᠭᠠᠳᠤ ᠮᠤᠩᠭᠤᠯ ᠤᠨ ᠢᠵᠠᠭᠤᠷᠳᠠᠳ ᠬᠤᠭᠤᠷᠤᠨᠳᠦ ᠪᠠᠨ ᠬᠠᠷᠢᠯᠴᠠᠨ ᠬᠠᠷᠠᠭᠠᠯᠵᠠᠵᠦ᠂ ᠬᠠᠮᠳᠤ ᠪᠠᠷ ᠠᠰᠢᠭ ᠬᠦᠷᠳᠡᠨ᠂ ᠬᠢᠵᠠᠭᠠᠷ ᠢ ᠲᠠᠶᠢᠳᠬᠠᠷᠠᠭᠤᠯᠵᠦ᠂ ᠪᠦᠬᠦ ᠲᠠᠯ᠎ᠠ ᠪᠠᠷ ᠬᠦᠭᠵᠢᠭᠦᠯᠬᠦ ᠶᠢᠨ ᠬᠢᠨᠢ ᠱᠠᠭᠠᠷᠳᠠᠯᠭ᠎ᠠ ᠪᠠᠶᠢᠭᠰᠠᠨ ᠶᠤᠮ᠃ ᠡᠨᠡᠬᠦ ᠱᠠᠭᠠᠷᠳᠠᠯᠭ᠎ᠠ ᠠᠴᠠ ᠪᠠᠨ ᠪᠤᠯᠵᠦ᠂ ᠴᠢᠩ ᠬᠦᠷᠦᠨ ᠤ ᠲᠠᠶᠢᠽᠦ᠋ᠡᠭ ᠬᠠᠭᠠᠨ ᠤ ᠲᠠᠪᠤᠳᠤᠭᠠᠷ ᠦᠬᠢᠨ ᠰᠡᠴᠡᠨ ᠲᠡᠭᠡᠳᠦ ᠭᠦᠡᠭᠵᠦ᠂ ᠡᠩᠬᠡ ᠠᠮᠤᠭᠤᠯᠠᠩ ᠬᠠᠭᠠᠨ ᠤ ᠭᠤᠳᠠᠭᠠᠷ ᠦᠬᠢᠨ ᠷᠦᠡᠭ ᠰᠢᠶᠠᠨ ᠭᠦᠡᠭᠵᠦ᠂ ᠴᠢᠨ ᠸᠠᠩ ᠬᠤᠨᠭ᠌ ᠵᠤ᠋ ᠶᠢᠨ ᠤᠤᠭᠠᠨ ᠦᠬᠢᠨ ᠡᠾᠧ ᠸᠠᠨ ᠭᠦᠡᠭᠵᠦ ᠵᠡᠷᠭᠡ ᠭᠤᠷᠪᠠᠨ ᠭᠦᠡᠭᠵᠦ ᠪᠠᠨ ᠪᠠᠭᠠᠷᠢᠨ ᠳᠤ ᠮᠤᠷᠳᠠᠭᠤᠯᠵᠦ ᠦᠭᠭᠦᠭᠰᠡᠨ ᠠᠴᠠ ᠭᠠᠳᠠᠨ᠎ᠠ ᠪᠠᠰᠠ ᠬᠤᠷᠢᠨ ᠲᠤᠯᠤᠭᠠᠨ ᠭᠡᠭᠡ ᠶᠢ ᠤᠷᠢᠳ ᠬᠤᠵᠢᠳ ᠪᠠᠭᠠᠷᠢᠨ ᠪᠠᠷᠠᠭᠤᠨ ᠭᠠᠷᠤᠨ ᠬᠤᠰᠢᠭᠤᠨ ᠳᠤ ᠤᠷᠤᠭᠯᠠᠭᠤᠯᠵᠦ ᠦᠭᠭᠦᠭᠰᠡᠨ ᠪᠠᠶᠢᠨ᠎ᠠ᠃ ᠡᠶᠢᠨᠬᠦ ᠴᠢᠩ ᠭᠦᠷᠦᠨ ᠤ ᠠᠶᠢᠰᠢᠨ ᠬᠢᠷᠤᠤ ᠢᠵᠠᠭᠤᠷᠳᠤ ᠬᠠᠭᠠᠨ ᠤᠭᠰᠠᠭ᠎ᠠ ᠶᠢᠨ ᠬᠢᠨ ᠬᠢᠭᠡᠳ ᠶᠡᠭᠡ ᠮᠤᠩᠭᠤᠯ ᠤᠨ ᠠᠯᠳᠠᠨ ᠤᠷᠤᠭᠳᠠᠨ᠂ ᠪᠠᠭᠠᠷᠢᠨ ᠬᠤᠰᠢᠭᠤᠨ ᠤ ᠨᠤᠶᠠᠯᠠᠭᠴᠢᠳ ᠤᠨ ᠦᠷ᠎ᠡ ᠠᠴᠢ ᠨᠠᠷ ᠲᠠᠷᠡ ᠴᠠᠭ ᠲᠤ ᠦᠶ᠎ᠡ ᠦᠶ᠎ᠡ ᠶᠢᠨ ᠤᠷᠤᠭ ᠰᠠᠳᠤᠨ ᠪᠤᠯᠤᠯᠴᠠᠭᠰᠠᠨ ᠲᠡᠭᠡᠷ᠎ᠡ ᠪᠠᠨ ᠰᠧᠪᠳᠡᠨ ᠸᠠᠩ᠂ ᠰᠡᠴᠡᠨ ᠲᠡᠭᠡᠳᠦ ᠭᠦᠡᠭᠵᠦ ᠶᠢᠨ ᠦᠷ᠎ᠡ ᠬᠤᠶᠢᠴᠢᠰ ᠪᠠᠭᠠᠷᠢᠨ ᠤ ᠲᠦᠷᠪᠠᠨ ᠭᠡᠷ ᠤᠨ ᠲᠠᠶᠢᠵᠢ ᠬᠡᠮᠡᠭᠳᠡᠵᠦ᠂ ᠬᠤᠰᠢᠭᠤ ᠵᠠᠰᠠᠭ ᠤᠨ ᠸᠠᠩ ᠭᠦᠡᠭ ᠤᠨ ᠰᠠᠭᠤᠷᠢᠨ ᠢ ᠦᠶ᠎ᠡ ᠤᠯᠠᠷᠢᠨ ᠡᠵᠡᠯᠡᠵᠦ᠂  ᠬᠤᠰᠢᠭᠤ ᠨᠤᠳᠤᠭ ᠤᠨ ᠢᠶᠠᠨ ᠲᠡᠦᠬᠡᠳᠤ ᠪᠠᠶᠢᠷᠢ ᠰᠠᠭᠤᠷᠢ ᠶᠢ ᠪᠠᠳᠤᠳᠬᠠᠨ ᠠᠯᠳᠠᠷ ᠬᠦᠨᠳᠤ ᠶᠢ ᠨᠢ ᠮᠠᠨᠳᠤᠭᠤᠯᠤᠭᠰᠠᠭᠠᠷ ᠢᠷᠡᠭᠰᠡᠨ ᠶᠤᠮ᠃ᠰᠡᠴᠡᠨᠪᠢᠯᠢᠭ ︵ᠤᠯᠠᠭᠠᠨᠬᠠᠳᠠ ᠬᠤᠳᠠ ᠶᠢᠨ ᠪᠠᠭᠠᠷᠢᠨ ᠪᠠᠷᠠᠭᠤᠨ ᠬᠤᠰᠢᠭᠤᠨ ᠤ ᠤᠷᠴᠢᠭᠤᠯᠭ᠎ᠠ ᠶᠢᠨ ᠨᠡᠶᠢᠭᠡᠮᠯᠢᠭ ᠤᠨ ᠳᠠᠷᠤᠭ᠎ᠠ︶
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备07002090号