ᠪᠠᠭᠠᠷᠢᠨ ᠨᠤᠶᠠᠳ ᠤᠨ ᠤᠭ ᠬᠢᠭᠡᠳ ᠪᠠᠭᠠᠷᠢᠨ ᠤ ︽ᠭᠦᠡᠭᠵᠦ  ᠶᠢᠨ ᠰᠤᠶᠤᠯ︾ ᠤᠨ  ᠲᠤᠬᠠᠢ ᠮᠦᠴᠢᠳ ᠦᠭᠦᠯᠡᠬᠦ ᠨᠢ  ︵  ᠨᠠᠢᠮᠠ︶
ᠨᠡᠶᠢᠲᠡᠯᠡᠭᠰᠡᠨ ᠴᠠᠭ᠄
2020-08-08
   3᠂ ᠲᠤᠪᠴᠢᠯᠠᠨ ᠦᠭᠦᠯᠡᠬᠦᠢ       ︵1︶ ︽ᠭᠦᠡᠭᠵᠤ ᠶᠢᠨ ᠰᠤᠶᠤᠯ︾ ᠢ ᠢᠷᠡᠯ ᠢᠵᠠᠭᠤᠷ ᠠᠴᠠ ᠨᠢ ᠦᠭᠦᠯᠡᠪᠡᠯ᠂ ᠴᠢᠩ ᠭᠦᠷᠦᠨ ᠤ ᠬᠠᠭᠠᠨ ᠤ ᠭᠦᠡᠭᠵᠤ᠂ ᠤᠷᠳᠤᠨ ᠤ ᠭᠡᠭᠡ ᠵᠢᠴᠢ ᠲᠡᠳᠡᠨᠤᠰ ᠤᠨ ᠢᠨᠵᠢ ᠳᠠᠭᠠᠯᠳᠠ ᠨᠠᠷ ᠬᠢᠵᠠᠭᠠᠷ ᠤᠨ ᠬᠤᠰᠢᠭᠤ ᠪᠠᠭᠠᠷᠢᠨ ᠳᠤ ᠬᠠᠷᠢᠯᠠᠵᠤ ᠮᠣᠷᠳᠠᠵᠤ ᠢᠷᠡᠬᠦ ᠳᠡᠭᠡᠨ ᠠᠪᠴᠢᠷᠠᠭᠰᠡᠨ ᠰᠤᠶᠤᠯ ᠰᠤᠷᠳᠠᠬᠤᠨ᠂ ᠵᠠᠩ ᠤᠶᠢᠯᠡ ᠶᠢᠨ ᠬᠢᠨᠢ ᠡᠨᠡ ᠨᠤᠳᠤᠭ ᠲᠠᠬᠢ ᠲᠤᠰᠬᠠᠯ ᠬᠢᠭᠡᠳ ᠪᠡᠶᠡᠯᠡᠯ ᠪᠤᠯᠤᠨ᠎ᠠ᠃      ︵2︶ ︽ᠭᠦᠡᠭᠵᠤ ᠶᠢᠨ ᠰᠤᠶᠤᠯ︾ ᠢ ᠰᠢᠨᠵᠢ ᠴᠢᠨᠠᠷ ᠠᠴᠠ ᠨᠢ ᠬᠡᠯᠡᠪᠡᠯ ᠲᠡᠦᠬᠡ ᠶᠢᠨ ᠰᠢᠯᠳᠠᠭᠠᠨ᠂ ᠲᠦᠷᠤ ᠭᠦᠷᠦᠨ ᠤ ᠤᠷᠴᠢᠯ ᠰᠤᠯᠢᠭᠳᠠᠯ ᠪᠤᠶᠤ ᠤᠰᠤ ᠨᠤᠳᠤᠭ ᠤᠨ ᠢᠵᠠᠭᠤᠷ ᠰᠤᠶᠤᠯ ᠯᠤᠭ᠎ᠠ ᠶᠢᠨ ᠠᠭᠤᠰᠤᠯᠴᠠᠭ᠎ᠠ ᠪᠠᠷ ᠨᠦᠬᠦᠴᠡᠯᠳᠤᠨ ᠪᠦᠷᠢᠯᠳᠤᠭ᠍ᠰᠡᠨ ᠤᠷᠤᠨ ᠨᠤᠳᠤᠭ ᠤᠨ ᠳᠤᠷᠠᠳᠬᠠᠯ ᠤᠨ ᠴᠢᠨᠠᠷ ᠲᠠᠢ  ᠤᠨᠴᠠᠭᠠᠢ ᠨᠢᠭᠡᠨ ᠰᠤᠶᠤᠯ ᠪᠤᠯᠤᠨ᠎ᠠ᠃       ︵3︶ ︽ᠭᠦᠡᠭᠵᠤ ᠶᠢᠨ ᠰᠤᠶᠤᠯ︾ ᠢ ᠤᠷᠤᠰᠢᠬᠤᠢ ᠬᠡᠯᠪᠡᠷᠢ ᠠᠴᠠ ᠨᠢ ᠠᠵᠢᠪᠡᠯ ᠮᠠᠨᠵᠤ ᠮᠤᠩᠭᠤᠯ ᠰᠤᠶᠤᠯ ᠤᠶᠠᠯᠳᠤᠨ ᠵᠤᠬᠢᠴᠠᠯᠳᠤᠭᠠᠳ᠂ ᠡᠨᠡ ᠨᠤᠳᠤᠭ ᠤᠨ ᠨᠡᠶᠢᠭᠡᠮ ᠤᠨ ᠡᠯ᠎ᠡ ᠳᠠᠪᠬᠤᠷᠭ᠎ᠠ ᠳᠤ ᠪᠦᠷᠢᠨ ᠮᠡᠳᠡᠷᠡᠭᠳᠡᠭᠰᠡᠨ ᠦᠵᠡᠭᠳᠡᠯ ᠤᠨ ᠦᠷᠭᠦᠯᠵᠢᠯᠡᠯ ᠪᠤᠯᠤᠨ᠎ᠠ᠃      ︵4︶ ︽ᠭᠦᠡᠭᠵᠤ ᠶᠢᠨ ᠰᠤᠶᠤᠯ︾ ᠢ  ᠪᠠᠷᠠᠭᠤᠨ ᠪᠠᠭᠠᠷᠢᠨ ᠤ ᠲᠡᠦᠬᠡ   ᠲᠠᠢ ᠬᠤᠯᠪᠤᠭᠳᠠᠭᠰᠠᠨ ᠲᠡᠦᠬᠡᠳᠤ ᠠᠴᠢ ᠬᠤᠯᠪᠤᠭᠳᠠᠯ ᠠᠴᠠ ᠨᠢ ᠶᠠᠷᠢᠪᠠᠯ᠂1640 —1940 ᠭᠡᠳ ᠤᠨ ᠪᠤᠯᠳᠠᠯᠠᠬᠢ ᠭᠤᠷᠪᠠᠨ ᠵᠠᠭᠤᠭᠠᠳ ᠵᠢᠯ ᠤᠨ ᠲᠤᠷᠰᠢ᠂ ᠪᠠᠭᠠᠷᠢᠨ ᠬᠤᠰᠢᠭᠤᠨ ᠤ ᠦᠶ᠎ᠡ ᠦᠶ᠎ᠡ ᠶᠢᠨ ᠸᠠᠩ ᠨᠤᠶᠠᠳ ᠠᠭᠤᠤᠴᠢ ᠪᠤᠳᠤᠯᠭ᠎ᠠ ᠠᠯᠤᠰ ᠤᠨ ᠬᠠᠷᠠᠯᠳᠠ ᠪᠠᠷ ᠠᠯᠢᠪᠠ ᠪᠦᠬᠦᠨ ᠢ ᠡᠶᠡᠷᠬᠦᠤ ᠪᠠᠷ ᠵᠤᠬᠢᠴᠠᠭᠤᠯᠤᠨ  ᠂ ᠴᠢᠩ ᠬᠦᠷᠦᠨ ᠤ ᠬᠠᠭᠠᠨ ᠲᠦᠷᠦ ᠯᠦᠭᠡ ᠶᠢᠨ ᠤᠨᠴᠠᠭᠠᠢ ᠬᠠᠷᠢᠴᠠᠭ᠎ᠠ ᠪᠠᠨ ᠠᠰᠢᠭᠯᠠᠵᠤ᠂ ᠬᠤᠰᠢᠭᠤ ᠨᠤᠳᠤᠭ ᠤᠨ ᠪᠠᠶᠢᠷᠢ ᠰᠠᠭᠤᠷᠢ ᠪᠠᠨ  ᠪᠠᠬᠢᠵᠢᠭᠦᠯᠬᠦ ᠶᠢᠨ ᠵᠡᠷᠭᠡ ᠪᠠᠷ ᠲᠦᠷᠤ ᠶᠢᠨ ᠤᠷᠳᠤᠨ ᠤ ᠪᠤᠳᠦᠯᠭ᠎ᠠ ᠪᠠᠷ ᠲᠤᠮᠢᠯᠠᠨ ᠢᠷᠡᠭᠦᠯᠦᠭᠰᠡᠨ ᠭᠦᠡᠭᠵᠤ  ᠭᠡᠭᠡ ᠪᠤᠶᠤ ᠲᠡᠳᠡᠨ ᠤ ᠢᠨᠵᠢ ᠳᠠᠭᠠᠯᠳᠠ ᠳᠤᠯᠤᠭᠠᠨ ᠤᠭᠰᠠᠭ᠎ᠠ ᠦᠨᠳᠦᠰᠦᠳᠡᠨ ᠤ 540 ᠡᠷᠦᠭᠡ ᠠᠷᠠᠳ ᠢ  ᠤᠤᠭᠠᠯ  ᠰᠤᠶᠥᠯ ᠳᠠᠭᠠᠨ  ᠠᠭᠤᠰᠬᠠᠵᠤ  ᠂ ᠨᠢᠭᠡᠨ ᠬᠡᠯᠡᠨ᠎ᠡ ᠨᠢᠭᠡᠳᠭᠡᠵᠤ ᠴᠢᠳᠠᠭᠠᠳ ᠬᠤᠰᠢᠭᠤ ᠨᠤᠳᠤᠭ ᠤᠨ  ᠪᠤᠳᠠᠲᠦ ᠬᠦᠴᠦᠨ ᠢᠶᠠᠨ  ᠮᠠᠰᠢᠲᠠ ᠴᠢᠩᠭᠠᠳᠬᠠᠨ ᠠᠯᠳᠠᠷ ᠨᠡᠷ᠎ᠠ ᠪᠠᠨ ᠤᠯᠤᠰ ᠤᠷᠤᠨ ᠴᠢᠨᠠᠭᠰᠢᠯᠠᠭᠠᠳ ᠳᠡᠯᠡᠭᠡᠢ ᠳ᠋ᠠᠬᠢᠨ᠎ᠠ ᠮᠠᠨᠳᠤᠭᠤᠯᠵᠤ ᠶᠠᠪᠤᠭᠰᠠᠨ ᠲᠡᠦᠬᠡᠳᠦ ᠭᠠᠪᠢᠶ᠎ᠠ ᠵᠢᠳᠬᠦᠯ ᠪᠤᠯᠤᠨ᠎ᠠ᠃ ᠡᠨᠡ ᠪᠤᠯ ᠳᠠᠷᠤᠢ ᠴᠢᠩ ᠬᠦᠷᠦᠨ ᠤ ᠦᠶ᠎ᠡ ᠳᠠᠬᠢ ᠪᠠᠷᠠᠭᠤᠨ ᠪᠠᠭᠠᠷᠢᠨ ᠤ  ᠭᠤᠷᠪᠠᠨ ᠵᠠᠭᠤᠭᠠᠳ ᠵᠢᠯ ᠤᠨ ᠬᠡᠰᠡᠭ ᠲᠠᠦᠬᠡᠳᠦ ᠤᠴᠢᠷ ᠬᠢᠭᠡᠳ ︽ᠭᠦᠡᠭᠵᠤ ᠶᠢᠨ ᠰᠤᠶᠤᠯ︾ ᠤᠨ ᠲᠤᠬᠠᠢ ᠲᠡᠦᠬᠡᠳᠤ ᠲᠤᠪᠴᠢᠯᠠᠯ ᠪᠤᠯᠤᠨ᠎ᠠ᠃      ᠲᠡᠤᠬᠡ ᠪᠤᠯ ᠲᠡᠤᠬᠡ ᠪᠠᠷ ᠢᠶᠠᠨ ᠪᠠᠶᠢᠳᠠᠭ ᠮᠦᠷᠳᠡᠭᠡᠨ ᠬᠤᠵᠢᠮ ᠤᠨ ᠬᠦᠮᠦᠰ ᠰᠤᠳᠤᠯᠵᠦ ᠰᠢᠨᠵᠢᠯᠡᠵᠦ ᠪᠤᠯᠳᠠᠭ ᠠᠴᠠ ᠪᠢᠰᠢ ᠦᠭᠡᠶᠢᠰᠭᠡᠵᠦ ᠴᠢᠳᠠᠳᠠᠭ ᠦᠭᠡᠢ᠂ ᠦᠭᠡᠷᠡᠴᠢᠯᠡᠵᠦ ᠪᠤᠯᠳᠠᠭ ᠦᠭᠡᠢ ᠪᠠᠳᠤᠶᠤᠰᠤ ᠪᠠᠶᠢᠳᠠᠭ ᠶᠤᠮ᠃ ᠬᠡᠳᠡᠯ᠎ᠡ ᠡᠨᠡᠬᠦ ᠪᠠᠳᠤᠶᠤᠰᠤ ᠶᠢ ᠶᠠᠷᠦᠨᠢ ᠤᠶᠢᠯᠠᠭᠠᠳᠠᠭ ᠦᠭᠡᠢ ᠤᠨᠴᠠ ᠴᠦᠬᠡᠨ ︽ᠳᠡᠥᠬᠡ ᠰᠤᠶᠤᠯ ᠤᠨ ᠨᠡᠪᠳᠡᠷᠬᠡᠢ ᠡᠷᠳᠡᠮᠳᠡᠳ︾ ᠪᠤᠰᠤᠳ ᠤᠨ ᠳᠤᠬᠢᠯᠳᠠ ᠪᠠᠷ ᠬᠡᠨᠡᠳᠳᠡ ᠰᠡᠬᠡᠬᠡᠷᠡᠵᠤ᠂ ᠳᠠᠭᠠᠮᠠᠭ ᠢᠶᠠᠷ᠂ ᠰᠡᠵᠢᠭᠯᠡᠯ ᠢᠶᠠᠷ᠂ ᠳᠤᠷᠭᠤᠨ ᠳᠤᠳᠠᠭᠤ ᠰᠤᠨᠤᠰᠬᠠᠯ ᠢᠶᠠᠷ᠂ ᠳᠤᠮᠤᠭ ᠦᠯᠢᠬᠡᠷ ᠤᠨ ᠰᠦᠪᠡᠭᠴᠢ ᠪᠠᠷ᠂ ᠦᠪᠡᠷ ᠪᠤᠰᠤᠳ ᠤᠨ ᠦᠷᠢᠰᠦᠯᠳᠦᠬᠡᠨ ᠤ ᠡᠬᠦᠳᠡᠨ ᠠᠴᠠ᠂  ᠶᠠᠮᠡᠷ ᠨᠢᠬᠡᠨ ᠳᠡᠥᠬᠡᠨ ᠤᠴᠢᠷ ᠢ ᠦᠪᠡᠷ ᠤᠨ ᠰᠡᠳᠬᠢᠴᠠ ᠪᠠᠷ ᠢᠶᠠᠨ᠂ ᠤᠳᠤ ᠴᠠᠭ ᠤᠨ ᠬᠠᠨᠳᠤᠰᠢ ᠪᠠᠷ ᠦᠭᠡᠷᠡᠴᠢᠯᠡᠵᠦ ᠪᠢᠴᠢᠬᠦ ᠶᠢ ᠰᠡᠳᠦᠵᠦ ᠪᠠᠶᠢᠬᠤ ᠨᠢ ᠬᠦᠰᠡᠭᠦᠶᠢᠴᠢ ᠦᠵᠡᠯ ᠤᠨ ᠢᠨᠢᠶᠡᠳᠦᠮ ᠲᠠᠢ ᠲᠤᠭᠯᠠᠭᠠᠮ ᠪᠤᠯᠵᠤ ᠪᠤᠢ᠂  ᠬᠡᠨ ᠬᠦᠮᠦᠨ ᠦᠪ ᠦᠨᠡᠨᠬᠦ ᠦᠪᠡᠷ ᠤᠨ ᠰᠠᠨᠠᠭ᠎ᠠ ᠪᠠᠷ ᠢᠶᠠᠨ ᠲᠡᠦᠬᠡ ᠶᠢ ᠦᠭᠡᠷᠡᠴᠢᠯᠡᠨ ᠪᠢᠴᠢᠭᠡᠳ ᠴᠢᠳᠠᠴᠢᠬᠠᠭᠰᠡᠨ ᠴᠦ ᠦᠩᠬᠡᠷᠡᠭᠰᠡᠨ ᠳᠦᠷᠦ ᠶᠢᠨ ᠡᠨᠡ ᠳᠤᠬᠠᠢ ᠲᠠᠢ ᠳᠡᠥᠬᠡ  ᠶᠢᠨ ᠪᠢᠴᠢᠭ ᠢ ᠪᠦᠬᠦᠨ ᠢ ᠰᠦᠢᠳᠬᠡᠵᠤ ᠬᠠᠶᠠᠭᠠᠳ᠂ ᠦᠪᠡᠷ ᠤᠨ ᠪᠦᠳᠦᠬᠡᠯ ᠢᠶᠠᠨ ᠤᠷᠤᠨ ᠪᠠᠶᠢᠷᠢ ᠳᠤᠨᠢ ᠳᠠᠯᠪᠢᠬᠤ ᠦᠭᠡᠢ ᠯᠡ ᠶᠤᠮ ᠪᠤᠯ ︽ᠰᠠᠯᠬᠢᠨ ᠳᠤ ᠰᠠᠩ ᠲᠠᠯᠪᠢᠵᠤ︾  ᠪᠡᠶ᠎ᠡ ᠪᠠᠨ ᠬᠠᠭᠤᠷᠤᠭᠰᠡᠨ ᠬᠢᠳᠠᠯ ᠪᠤᠯᠴᠢᠬᠠᠬᠤ ᠦᠭᠡᠢ ᠤᠤ⁈ ᠤᠳᠤᠬᠠᠨ ᠳᠤ ᠴᠢᠮᠡᠭᠡ ᠵᠠᠩᠬᠢ ᠳᠡᠯᠡᠬᠡᠶᠢᠵᠢᠨ ᠠᠵᠤ ᠠᠬᠤᠢ ᠳᠠᠶᠠᠭᠠᠷᠵᠢᠵᠤ᠂ ᠦᠨᠳᠦᠰᠦᠳᠡᠨ ᠪᠦᠬᠦᠨ ᠬᠠᠷᠢᠯᠴᠠᠨ ᠠᠭᠤᠰᠤᠯᠴᠠᠬᠤ ᠬᠠᠨᠳᠤᠰᠢ ᠶᠢᠨ ᠶᠡᠭᠡ ᠬᠦᠭᠰᠦᠭᠡᠨ ᠤ ᠳᠤᠮᠳᠠ ᠪᠢᠳᠡ ᠦᠡᠭᠭᠡᠷᠡᠭᠰᠡᠨ ᠲᠡᠦᠬᠡᠨ ᠳᠡᠭᠡᠨ ᠭᠦᠢᠴᠡᠳ ᠲᠠᠨᠢᠯᠲᠠ ᠲᠠᠢ ᠪᠠᠶᠢᠬᠤ ᠮᠦᠷᠳᠡᠭᠡᠨ ᠢᠷᠡᠭᠡᠳᠦᠢ  ᠶᠢᠨ  ᠬᠠᠷᠠᠯᠳᠠ ᠳᠠᠭᠠᠨ ᠢᠳᠡᠭᠡᠯ ᠲᠡᠭᠦᠯᠳᠡᠷ ᠪᠠᠶᠢᠵᠤ ᠪᠦᠯᠬᠦᠮᠳᠡᠯ ᠨᠢᠭᠲᠠᠷᠠᠯ ᠢ ᠲᠡᠷᠢᠬᠦᠨ ᠪᠠᠶᠢᠷᠢᠨ ᠳᠤ ᠲᠠᠯᠪᠢᠨ᠂ ᠶᠡᠭᠡ ᠶᠢ ᠰᠡᠳᠬᠢᠨ ᠬᠤᠯᠠ ᠶᠢ ᠪᠤᠳᠤᠵᠤ᠂ ᠪᠠᠶᠢᠳᠠᠭ ᠪᠦᠬᠦᠨ ᠢ ᠪᠠᠭᠳᠠᠭᠠᠵᠤ ᠯᠡ ᠪᠠᠶᠢᠪᠠᠯ ᠳᠡᠥᠬᠡ ᠶᠢᠨ ᠶᠠᠪᠤᠴᠠ ᠳᠤ ᠠᠯᠢᠪᠠ ᠪᠦᠬᠦᠨ ᠠᠶᠠᠨᠳᠠᠭᠠᠨ ᠢᠯᠭᠠᠷᠠᠵᠤ ᠰᠠᠶᠢᠨ ᠰᠠᠶᠢᠬᠠᠨ ᠵᠦᠭ ᠲᠡᠭᠡᠨ ᠬᠦᠭᠵᠢᠬᠦ ᠨᠢ ᠯᠠᠪᠳᠠᠢ ᠶᠤᠮ᠃                                                                                  2019 ᠤᠨ ᠤ 5 ᠰᠠᠷ᠎ᠠ ————————————————————      ᠵᠡᠬᠦᠯᠳᠡ᠄      ① ︽ᠪᠠᠭᠠᠷᠢᠨ ᠨᠤᠶᠠᠳ ᠤᠨ ᠤᠭ︾᠄  ᠦᠵᠦᠮᠦᠴᠢᠨ ᠭᠤᠮᠪᠤᠵᠠᠪ ᠤᠨ ︽ᠭᠠᠨᠭ᠍ᠭ᠎ᠠ ᠶᠢᠨ ᠤᠷᠤᠰᠬᠠᠯ︾ ᠤᠨ 128 ᠳ᠋ᠤᠭᠠᠷ ᠨᠢᠭᠤᠷ ᠲᠤ︔     ② ︽ᠭᠠᠨᠭ᠍ᠭ᠎ᠠ ᠶᠢᠨ ᠤᠷᠤᠰᠬᠠᠯ︾᠄  ᠴᠤᠶᠢᠵᠢ ᠲᠤᠯᠭᠠᠨ ᠬᠠᠷᠢᠴᠠᠭᠤᠯᠵᠤ ᠲᠠᠶᠢᠯᠪᠦᠷᠢᠯᠠᠪᠠ᠂ ᠦᠪᠦᠷ ᠮᠤᠩᠭᠤᠯ ᠤᠨ ᠠᠷᠠᠳ ᠤᠨ ᠬᠡᠪᠯᠡᠯ ᠤᠨ ᠬᠤᠷᠢᠶ᠎ᠠ᠂  1980 ᠤᠨ ᠤ 10 ᠰᠠᠷ᠎ᠠ ᠶᠢᠨ ᠠᠩᠬᠠᠳᠤᠭᠠᠷ ᠬᠡᠪ︔      ③ᠭᠤᠮᠪᠤᠵᠠᠪ ᠤᠨ ︽ᠭᠠᠨᠭ᠍ᠭ᠎ᠠ ᠶᠢᠨ ᠤᠷᠤᠰᠬᠠᠯ︾᠄ 174 ᠳ᠋ᠤᠭᠠᠷ ᠨᠢᠭᠤᠷ  ︔      ④ ︽ᠠᠩᠬᠠᠨ ᠤ ᠪᠦᠯᠦᠭ︾᠄  ︽ᠭᠠᠨᠭ᠍ᠭ᠎ᠠ ᠶᠢᠨ ᠤᠷᠤᠰᠬᠠᠯ︾ 40 ᠳ᠋ᠤᠭᠡᠷ ᠨᠢᠭᠤᠷ︔      ⑤ ︽ᠨᠦᠭᠦᠭᠡ ᠪᠦᠯᠦᠭ︾᠄  ︽ᠭᠠᠨᠭ᠍ᠭ᠎ᠠ ᠶᠢᠨ ᠤᠷᠤᠰᠬᠠᠯ︾ 141 ᠳ᠋ᠤᠭᠡᠷ ᠨᠢᠭᠤᠷ︔     ⑥ᠰᠦᠯᠹᠤᠩᠭ᠎ᠠ᠄ ︽ᠠᠯᠳᠠᠨ ᠤ ᠰᠠᠯᠠᠭ᠎ᠠ ᠮᠦᠴᠢᠷᠯᠡᠨ ᠳᠡᠯᠭᠡᠷᠡᠭᠰᠡᠨ ᠴᠠᠭᠠᠨᠮᠦ᠋ᠷᠡᠨ︾ ᠦᠪᠦᠷ ᠮᠤᠩᠭᠤᠯ ᠤᠨ ᠠᠷᠠᠳ ᠤᠨ ᠬᠡᠪᠯᠡᠯ ᠤᠨ ᠬᠤᠷᠢᠶ᠎ᠠ᠂ 1990 ᠤᠨ ᠤ ᠠᠩᠬᠠᠳᠤᠭᠠᠷ ᠬᠡᠪ᠂ 97 ᠳ᠋ᠤᠭᠠᠷ ᠨᠢᠭᠤᠷ︔      ⑦ᠷᠠᠰᠢᠫᠣᠩᠰᠤᠭ᠄ ︽ᠪᠤᠯᠤᠷ ᠡᠷᠢᠬᠡ︾᠂ ᠬᠦᠬᠡᠨ᠋ᠦ᠋ᠨᠳᠦᠷ ᠬᠠᠷᠭᠤᠭᠤᠯᠤᠨ ᠲᠤᠯᠭᠠᠪᠠ᠃1985 ᠤᠨ ᠤ 3 ᠰᠠᠷ᠎ᠠ᠂ ᠠᠩᠬᠠᠳᠤᠭᠠᠷ ᠬᠡᠪ᠂ ᠡᠮᠦᠨᠡᠬᠢ ᠦᠭᠡ᠃       ⑧ ︽ᠠᠷᠪᠠᠳᠤᠭᠠᠷ ᠳᠡᠪᠳᠡᠷ︾᠄ ︽ᠪᠤᠯᠤᠷ ᠡᠷᠢᠬᠡ︾ ᠶᠢᠨ ᠳᠤᠤᠷᠠᠳᠤ ᠳᠡᠪᠳᠡᠷ 385 ᠳ᠋ᠤᠭᠠᠷ ᠨᠢᠭᠤᠷ︔       ⑨ ︽ᠪᠤᠯᠤᠷ ᠡᠷᠢᠭᠡ︾ ᠶᠢᠨ ᠳᠤᠤᠷᠠᠳᠤ ᠳᠡᠪᠳᠡᠷ 395 ᠳ᠋ᠤᠭᠠᠷ ᠨᠢᠭᠤᠷ︔       ⑩ ︽ᠪᠤᠯᠤᠷ ᠡᠷᠢᠭᠡ︾ ᠶᠢᠨ ᠳᠤᠤᠷᠠᠳᠤ ᠳᠡᠪᠳᠡᠷ 406 ᠳ᠋ᠤᠭᠠᠷ ᠨᠢᠭᠤᠷ︔      ⑪ ︽ᠡᠷᠬᠢᠮ ᠳᠡᠭᠡᠳᠤ ᠬᠦᠡᠭᠵᠤ ᠮᠠᠮᠠ ᠶᠢᠨ ᠸᠠᠩ ᠨᠤᠶᠠᠳ ᠤᠨ ᠬᠠᠭᠤᠴᠢᠨ ᠤ ᠦᠨᠳᠦᠰᠦᠨ ᠤ ᠪᠢᠴᠢᠭ︾ ᠄  ᠨ᠊᠂ ᠰᠠᠶᠢᠰᠢᠶᠠᠯᠳᠤ᠂ ᠬᠠᠰᠪᠠᠭᠠᠨ᠎ᠠ — ︽ᠪᠠᠭᠠᠷᠢᠨ ᠤ ᠲᠡᠦᠬᠡ ᠰᠤᠶᠤᠯ ᠤᠨ ᠰᠤᠷᠪᠤᠯᠵᠢ ᠪᠢᠴᠢᠭ︾ ᠤᠨ18—65 ᠳ᠋ᠤᠭᠠᠷ ᠨᠢᠭᠤᠷ᠂ ᠦᠪᠦᠷ ᠮᠤᠩᠭᠤᠯ ᠤᠨ ᠰᠤᠶᠤᠯ ᠤᠨ ᠬᠡᠪᠯᠡᠯ ᠤᠨ ᠬᠤᠷᠢᠶ᠎ᠠ᠂ 2005 ᠤᠨ ᠤ 10 ᠰᠠᠷ᠎ᠠ ᠠᠩᠬᠠᠳᠤᠭᠠᠷ ᠬᠡᠪ︔⑫ ︽ᠭᠤᠷᠪᠠᠨᠳᠠ ᠲᠠᠶᠢᠬᠤ ᠪᠢᠴᠢᠭ︾᠄ ︽ᠪᠠᠭᠠᠷᠢᠨ ᠪᠠᠷᠠᠭᠤᠨ ᠬᠤᠰᠢᠭᠤᠨ ᠤ ᠤᠶᠢᠯᠠᠯᠭ᠎ᠠ︾ ᠮᠤᠩᠭᠤᠯ ᠬᠡᠪᠯᠡᠯ᠂ 1993 ᠤᠨ ᠤ 9 ᠰᠠᠷ᠎ᠠ᠂ ᠠᠩᠬᠠᠳᠤᠭᠠᠷ ᠬᠡᠪ᠂ 703— 704 ᠳ᠋ᠤᠭᠡᠷ ᠨᠢᠭᠤᠷ︔⑬ ︽ᠤᠷᠳᠤᠨ ᠠᠴᠠ ᠤᠶᠢᠯᠡᠳᠦᠭᠰᠡᠨ ᠤᠡᠭᠭᠤᠨ ᠤ ᠳᠤᠷᠠᠳᠬᠠᠯ ᠪᠢᠴᠢᠭ  ︵御制圹志文︶᠄ ︽ᠪᠠᠭᠠᠷᠢᠨ ᠪᠠᠷᠠᠭᠤᠨ ᠬᠤᠰᠢᠭᠤᠨ ᠤ ᠤᠶᠢᠯᠠᠯᠭ᠎ᠠ︾ ᠮᠤᠩᠭᠤᠯ ᠬᠡᠪᠯᠡᠯ᠂ 1993 ᠤᠨ ᠤ 9 ᠰᠠᠷ᠎ᠠ᠂ ᠠᠩᠬᠠᠳᠤᠭᠠᠷ ᠬᠡᠪ᠂ 698 — 699 ᠳ᠋ᠤᠭᠡᠷ ᠨᠢᠭᠤᠷ︔⑭ᠲᠠᠮᠢᠷ᠄ ︽ᠪᠠᠭᠠᠷᠢᠨ ᠪᠠᠷᠠᠭᠤᠨ ᠬᠤᠰᠢᠭᠤᠨ ᠤ ᠬᠢᠨ ᠬᠢᠭᠡᠳ ᠰᠡᠴᠡᠨ ᠳᠡᠭᠡᠳᠤ ᠬᠦᠷᠦᠨ ᠭᠦᠡᠭᠵᠤ  ︿巴林右旗与固伦淑慧公主︶︾15 ᠳ᠋ᠤᠭᠠᠷ ᠨᠢᠭᠤᠷ᠂ ᠦᠪᠦᠷ ᠮᠤᠩᠭᠤᠯ ᠤᠨ ᠠᠷᠠᠳ ᠤᠨ ᠬᠡᠪᠯᠡᠯ ᠤᠨ ᠬᠤᠷᠢᠶ᠎ᠠ᠂ 2015 ᠤᠨ ᠤ 9 ᠰᠠᠷ᠎ᠠ ᠶᠢᠨ ᠬᠡᠪᠯᠡᠯ  ︵ᠬᠢᠲᠠᠳ ᠬᠡᠪᠯᠡᠯ︶︔       ⑮ ︽ᠪᠠᠭᠠᠷᠢᠨ ᠪᠠᠷᠠᠭᠤᠨ ᠬᠤᠰᠢᠭᠤᠨ ᠤ ᠤᠶᠢᠯᠠᠯᠭ᠎ᠠ︾ ᠮᠤᠩᠭᠤᠯ ᠬᠡᠪᠯᠡᠯ᠂ ᠦᠪᠦᠷ ᠮᠤᠩᠭᠤᠯ ᠤᠨ ᠠᠷᠠᠳ ᠤᠨ ᠬᠡᠪᠯᠡᠯ ᠤᠨ ᠬᠤᠷᠢᠶ᠎ᠠ᠂ 1993 ᠤᠨ ᠤ 9 ᠰᠠᠷ᠎ᠠ ᠶᠢᠨ ᠬᠡᠪᠯᠡᠯ᠂ 871 ᠳ᠋ᠤᠭᠠᠷ ᠨᠢᠭᠤᠷ  ︔⑯ᠲᠠᠮᠢᠷ᠄ ︽ᠪᠠᠭᠠᠷᠢᠨ ᠪᠠᠷᠠᠭᠤᠨ ᠬᠤᠰᠢᠭᠤᠨ ᠤ ᠬᠢᠨ ᠬᠢᠭᠡᠳ ᠰᠡᠴᠡᠨ ᠳᠡᠭᠡᠳᠤ ᠭᠦᠷᠦᠨ ᠭᠦᠡᠭᠵᠤ︾ ᠬᠢᠲᠠᠳ ᠬᠡᠪᠯᠡᠯ᠂ ᠦᠪᠦᠷ ᠮᠤᠩᠭᠤᠯ ᠤᠨ ᠠᠷᠠᠳ ᠤᠨ ᠬᠡᠪᠯᠡᠯ ᠤᠨ ᠬᠤᠷᠢᠶ᠎ᠠ᠂ 2015 ᠤᠨ ᠤ 9 ᠰᠠᠷ᠎ᠠ ᠶᠢᠨ ᠬᠡᠪᠯᠡᠯ᠂ 8 ᠳ᠋ᠤᠭᠠᠷ ᠨᠢᠭᠤᠷ︔⑰ ᠡᠩᠬᠡ ᠠᠮᠤᠭᠤᠯᠠᠩ ᠬᠠᠭᠠᠨ ᠪᠠᠭᠠᠷᠢᠨ ᠳᠤ ᠭᠤᠷᠪᠠᠳᠡᠬᠢ ᠤᠳᠠᠭ᠎ᠠ ᠢᠷᠡᠭᠡᠳ ᠪᠢᠴᠢᠭᠰᠡᠨ ᠪᠢᠴᠢᠭᠡᠰᠦ  ︵1706 ᠤᠨ︶︔      ⑱ ︽ᠪᠠᠭᠠᠷᠢᠨ ᠤ ᠳᠦᠷᠪᠡᠨ ᠭᠡᠷ ᠤᠨ ᠲᠠᠶᠢᠵᠢ︾᠄ ︽ᠪᠠᠷᠠᠭᠤᠨ ᠪᠠᠭᠠᠷᠢᠨ ᠤ ᠰᠤᠶᠤᠯ ᠲᠡᠦᠭᠡ︾ ᠬᠢᠲᠠᠳ ᠬᠡᠪᠯᠡᠯ᠂ ᠬᠤᠶᠠᠳᠤᠭᠠᠷ ᠡᠮᠬᠢᠳᠬᠡᠯ᠂ 12 ᠳ᠋ᠤᠭᠠᠷ ᠨᠢᠭᠤᠷ ᠲᠤ︔ ᠳᠤᠮᠳᠠᠳᠤ ᠤᠯᠤᠰ ᠤᠨ ᠠᠷᠠᠳ ᠤᠨ ᠤᠯᠤᠰ ᠲᠦᠷᠤ ᠶᠢᠨ ᠵᠦᠪᠯᠡᠯᠭᠡᠨ ᠢ ᠪᠠᠭᠠᠷᠢᠨ ᠪᠠᠷᠠᠭᠤᠨ ᠬᠤᠰᠢᠭᠤᠨ ᠤ ᠬᠠᠷᠢᠶ᠎ᠠ ᠶᠢᠨ ᠰᠤᠶᠤᠯ ᠲᠡᠦᠬᠡ ᠨᠠᠶᠢᠷᠠᠭᠤᠯᠬᠤ ᠵᠦᠪᠯᠡᠯ ᠂ 1991 ᠤᠨ ᠤ 6 ᠰᠠᠷ᠎ᠠ︔⑲ ᠲᠠᠮᠢᠷ᠄ ︽ᠪᠠᠭᠠᠷᠢᠨ ᠪᠠᠷᠠᠭᠤᠨ ᠬᠤᠰᠢᠭᠤᠨ ᠤ ᠬᠢᠨ ᠬᠢᠭᠡᠳ ᠰᠡᠴᠡᠨ ᠳᠡᠭᠡᠳᠤ ᠭᠦᠷᠦᠨ ᠭᠦᠡᠭᠵᠤ︾ ᠬᠢᠲᠠᠳ ᠬᠡᠪᠯᠡᠯ᠂ 13 ᠳ᠋ᠤᠭᠠᠷ ᠨᠢᠭᠤᠷ᠂ 2015 ᠤᠨ ᠤ 9 ᠰᠠᠷ᠎ᠠ᠂ ᠠᠩᠬᠠᠳᠤᠭᠠᠷ ᠬᠡᠪᠯᠡᠯ︔                                      QQ ᠨᠤᠮᠧᠷ᠄ 1074038858          ᠬᠠᠷᠢᠯᠴᠠᠬᠤ ᠤᠳᠠᠰᠤ᠄ 13848877364    ᠰᠡᠴᠡᠨᠪᠢᠯᠢᠭ ︵ᠤᠯᠠᠭᠠᠨᠬᠠᠳᠠ ᠬᠤᠳᠠ ᠶᠢᠨ ᠪᠠᠭᠠᠷᠢᠨ ᠪᠠᠷᠠᠭᠤᠨ ᠬᠤᠰᠢᠭᠤᠨ ᠤ ᠤᠷᠴᠢᠭᠤᠯᠭ᠎ᠠ ᠶᠢᠨ ᠨᠡᠶᠢᠭᠡᠮᠯᠢᠭ ᠤᠨ ᠳᠠᠷᠤᠭ᠎ᠠ︶                                
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备07002090号