ᠪᠠᠭᠠᠷᠢᠨ ᠠᠶᠢᠮᠠᠭ ᠡᠷᠴᠢᠰ ᠮᠦᠷᠠᠨ ᠤ ᠬᠦᠪᠡᠭᠡ ᠠᠴᠠ ᠭᠡᠵᠢᠶ᠎ᠡ ᠡᠮᠤᠨᠡᠰᠢ ᠨᠡᠭᠦᠭᠰᠡᠨ ᠲᠤᠬᠠᠢ ᠮᠦᠴᠢᠳ ᠦᠭᠦᠯᠠᠭᠦ ᠨᠢ ︵ᠲᠡᠭᠡᠳᠦ ︶
ᠨᠡᠶᠢᠲᠡᠯᠡᠭᠰᠡᠨ ᠴᠠᠭ᠄
2020-08-09
       ᠲᠤᠷᠵᠢᠰᠠᠩᠪᠤ   ︵ᠪᠠᠭᠠᠷᠢᠨ ᠪᠠᠷᠠᠭᠤᠨ ᠬᠤᠰᠢᠭᠤᠨ ᠤ ᠨᠠᠮ ᠤᠨ ᠬᠤᠷᠢᠶ᠎ᠠ ᠶᠢᠨ ᠠᠵᠢᠯ ᠠᠴᠠ ᠪᠠᠨ ᠠᠮᠠᠷᠠᠭᠰᠠᠨ ᠺᠠᠳ᠋ᠷ᠂ ᠤᠷᠤᠨ ᠨᠤᠳᠤᠭ   ᠤᠨ  ᠲᠡᠤᠭᠡ  ᠰᠤᠳᠤᠯᠤᠭᠴᠢ︶      ᠠᠭᠤᠯᠭ᠎ᠠ ᠶᠢᠨ ᠲᠤᠪᠴᠢ᠄      ᠪᠠᠭᠠᠷᠢᠨ ᠠᠶᠢᠮᠠᠭ 1206 ᠤᠨ ᠠᠴᠠ ᠲᠠᠷᠠᠭᠠᠬᠠᠨ ᠡᠷᠴᠢᠰ ᠮᠦᠷᠡᠨ ᠠᠴᠠ ᠵᠠᠬᠦᠨᠰᠢ᠂ ᠤᠪᠠᠢ ᠮᠦᠷᠡᠨ ᠤ ᠲᠡᠭᠡᠳᠤ ᠤᠷᠤᠰᠬᠠᠯ ᠤᠷᠤᠨ ᠢᠶᠠᠷ ᠨᠤᠳᠤᠭᠯᠠᠵᠤ᠂ 1304 — 1310 ᠤᠨ ᠤ ᠬᠤᠭᠤᠷᠤᠨᠳᠤ ᠵᠠᠬᠦᠨ ᠡᠮᠤᠨᠠᠰᠢ ᠬᠠᠷᠠᠬᠤᠷᠤᠮ ᠤᠷᠤᠭᠤ ᠨᠠᠬᠦᠳᠠᠯᠯᠠᠵᠠᠢ᠃ᠵᠠᠩᠬᠢᠯᠠᠭ᠎ᠠ ᠶᠢᠨ ᠦᠭᠡ᠄ᠪᠠᠭᠠᠷᠢᠨ ᠠᠶᠢᠮᠠᠭ᠂ ᠡᠷᠴᠢᠰ ᠮᠦᠷᠡᠨ᠂ 1304 — 1310 ᠤᠨ᠂ ᠬᠠᠷᠠᠬᠤᠷᠤᠮ᠂ ᠬᠠᠯᠬ᠎ᠠ ᠭᠤᠤᠯ᠂ ᠪᠠᠭᠠᠷᠢᠨ ᠤᠳᠤᠭ     ᠪᠠᠭᠠᠷᠢᠨ ᠠᠶᠢᠮᠠᠭ ᠤᠨ ᠪᠠᠭᠠᠷᠢᠨ ᠭᠡᠭᠦ ᠦᠭᠡ ᠬᠠᠮᠤᠭ ᠠᠩᠬ᠎ᠠ ᠪᠠᠭᠠᠷᠢᠳᠠᠢ ᠭᠡᠭᠦ ᠭᠦᠮᠤᠨ ᠤ ᠨᠠᠷ᠎ᠠ ᠠᠴᠠ ᠡᠭᠦᠰᠴᠠᠢ᠃ ︽ᠮᠤᠩᠭᠤᠯ ᠤᠨ ᠨᠢᠭᠤᠴᠠ ᠲᠤᠪᠴᠢᠶᠠᠨ︾ ᠳᠤ ᠲᠡᠮᠳᠡᠭᠯᠡᠭᠰᠡᠨ ᠠᠴᠠ ᠦᠨᠳᠤᠰᠤᠯᠠᠪᠠᠯ᠂ ᠠᠯᠤᠨ ᠭᠤᠸ᠎ᠡ ᠬᠠᠳᠤᠨ ᠠᠴᠠ ᠮᠡᠨᠳᠦᠯᠡᠭᠰᠡᠨ ᠪᠤᠳᠠᠨᠴᠢᠷ ᠮᠤᠩᠬᠠᠭ ᠲᠦᠷᠪᠠᠨ ᠠᠬ᠎ᠠ ᠲᠠᠢ ᠪᠠᠨ ᠲᠦᠩᠭᠡᠯᠢᠭ ᠭᠤᠷᠤᠬᠠᠨ ᠳᠤ ᠲᠤᠭᠳᠠᠨᠢᠵᠦ ᠪᠠᠶᠢᠭᠰᠠᠨ ᠡᠵᠡᠨ ᠦᠭᠡᠢ ᠢᠷᠭᠡᠳ ᠢ ᠡᠵᠡᠯᠡᠵᠦ ᠠᠪᠤᠭᠰᠠᠨ ᠳᠠᠭᠠᠨ ᠨᠢᠭᠡᠨ ᠵᠢᠷᠮᠤᠰᠤᠨ ᠪᠦᠰᠠᠭᠦᠢ ᠶᠢ ᠬᠤᠪᠢᠨ ᠳᠠᠭᠠᠨ ᠬᠤᠯᠪᠤᠵᠠᠢ᠃ ᠲᠡᠷᠡ ᠪᠦᠰᠠᠭᠦᠢ ᠦᠵᠡᠭᠳᠡᠵᠦ ᠨᠢᠭᠡᠨ ᠭᠦᠪᠡᠭᠦᠨ ᠲᠠᠢ ᠪᠤᠯᠤᠭᠰᠠᠨ ᠳᠤ ᠭᠡᠪᠠᠯᠢ ᠳᠤ ᠲᠠᠭᠠᠵᠦ ᠢᠷᠡᠭᠰᠡᠨ ᠭᠦᠪᠡᠭᠦᠨ᠂ ᠬᠠᠷᠢ ᠤᠪᠤᠭ ᠤᠨ ᠭᠡᠤᠭᠡᠳ ᠭᠡᠵᠦ ᠵᠠᠴᠢᠷᠳᠠᠢ ᠭᠡᠭᠦ ᠨᠠᠷ᠎ᠠ ᠦᠭᠴᠤ ᠵᠠᠳᠠᠷᠠᠨ ᠤᠪᠤᠭᠳᠠᠨ ᠪᠤᠯᠭᠠᠪᠠ᠃ ᠦᠪᠠᠷ ᠲᠠᠢ ᠨᠢ ᠠᠮᠢᠳᠤᠷᠠᠭᠰᠠᠨ ᠤ ᠲᠡᠷᠠᠭ᠎ᠠ ᠲᠠᠭᠢᠨ ᠲᠦᠷᠦᠭᠰᠡᠨ ᠭᠦᠪᠡᠭᠦᠨ ᠢᠶᠠᠨ ᠪᠠᠷᠢᠵᠦ ᠠᠪᠤᠭᠰᠠᠨ ᠡᠭᠡᠨᠠᠷ ᠠᠴᠠ ᠲᠦᠷᠤᠪᠠ ᠭᠡᠵᠦ ᠪᠠᠷᠢᠳᠠᠢ ᠭᠡᠮᠡᠨ ᠨᠠᠷᠠᠯᠠᠵᠠᠢ᠃ ᠪᠠᠷᠢᠳᠠᠢ ᠶᠢᠨ ᠬᠤᠶᠢᠴᠢᠰ ᠨᠢ ᠪᠠᠭᠠᠷᠢᠨ ᠤᠪᠤᠭᠳᠠᠨ ᠪᠤᠯᠵᠠᠢ᠃ ᠬᠤᠵᠢᠮ ᠨᠢ ᠮᠠᠨᠠᠨ ᠪᠠᠭᠠᠷᠢᠨ᠂ ᠨᠢᠴᠤᠭᠦᠨ ᠪᠠᠭᠠᠷᠢᠨ ᠭᠡᠭᠦ ᠬᠤᠶᠠᠷ ᠰᠠᠯᠪᠤᠷᠢ ᠤᠪᠤᠭ ᠡᠭᠦᠰᠴᠤ᠂ ᠡᠷᠤᠭᠡ ᠠᠮᠠ ᠨᠢ ᠶᠡᠭᠡᠳᠠ ᠤᠯᠠᠰᠢᠷᠠᠭᠰᠠᠨ ᠠᠴᠠ ᠲᠠᠳᠠᠨᠤᠰ ᠢ ᠬᠠᠮᠳᠦ ᠳᠤᠨᠢ ᠪᠠᠭᠠᠷᠢᠨ ᠠᠶᠢᠮᠠᠭ ᠭᠡᠵᠦ ᠨᠢᠭᠡ ᠠᠶᠢᠮᠠᠭ ᠪᠤᠯᠭᠠᠵᠦ ᠭᠡᠯᠡᠭᠦ ᠪᠤᠯᠪᠠ᠃ ᠲᠤᠬᠠᠢ ᠶᠢᠨ ᠦᠶ᠎ᠡ ᠳᠤ ᠪᠠᠭᠠᠷᠢᠨ ᠠᠶᠢᠮᠠᠭ ᠤᠨ ᠤᠯᠠᠩᠭᠢ ᠨᠢ ᠤᠨᠤᠨ ᠮᠦᠷᠠᠨ ᠤ ᠤᠷᠤᠰᠬᠠᠯ ᠲᠠᠭᠠᠤ᠂ ᠤᠳᠤ ᠶᠢᠨ ᠮᠤᠩᠭᠤᠯ ᠤᠯᠤᠰ ᠤᠨ ᠬᠡᠨᠳᠠᠢ ᠠᠶᠢᠮᠠᠭ ᠢᠶᠠᠷ ᠲᠠᠷᠬᠠᠨ ᠠᠮᠢᠳᠤᠷᠠᠵᠦ ᠪᠠᠶᠢᠵᠠᠢ᠃     ᠨᠠᠶᠢᠳᠠ ᠶᠢᠨ ᠤᠨ ᠲᠤᠭᠠᠯᠠᠯ ᠤᠨ 1206 ᠤᠨ ᠳᠤ ᠴᠢᠩᠭᠢᠰ ᠬᠠᠭᠠᠨ ᠶᠡᠭᠡ ᠮᠤᠩᠭᠤᠯ ᠤᠯᠤᠰ ᠢ ᠪᠠᠶᠢᠭᠤᠯᠬᠤ ᠦᠶ᠎ᠡ ᠳᠤ ᠪᠠᠭᠠᠷᠢᠨ ᠠᠶᠢᠮᠠᠭ ᠤᠨ ᠠᠬᠠᠯᠠᠭᠴᠢ ᠬᠤᠷᠴᠢ ᠨᠤᠶᠠᠨ ᠶᠡᠭᠡ ᠵᠢᠳᠭᠦᠯ ᠦᠵᠡᠭᠦᠯᠦᠭᠰᠡᠨ ᠲᠤᠯᠠ ᠲᠦᠮᠠᠨ ᠤ ᠨᠤᠶᠠᠨ ᠡᠷᠭᠦᠮᠵᠢᠯᠡᠭᠳᠡᠵᠠᠢ᠃ ᠲᠡᠭᠦᠨ ᠳᠤ ︽ᠭᠤᠷᠪᠠᠨ ᠮᠢᠩᠭᠠᠨ ᠪᠠᠭᠠᠷᠢᠨ ᠤ ᠲᠡᠭᠡᠷ᠎ᠡ ᠲᠠᠬᠠᠢ ᠠᠰᠢᠭ ᠬᠤᠶᠠᠷ ᠤᠨ ᠬᠠᠮᠳᠦ ᠠᠷᠳᠠᠭᠢᠨ᠂ ᠴᠢᠨᠤᠰ᠂ ᠲᠡᠭᠦᠯᠢᠰ᠂ ᠲᠠᠯᠠᠩᠭᠦᠳ ᠠᠶᠢᠮᠠᠭ ᠢ ᠨᠠᠶᠢᠯᠠᠭᠦᠯᠵᠦ ᠲᠦᠮᠠᠨ ᠢᠷᠭᠡᠨ ᠪᠤᠯᠭᠠᠭᠠᠳ ᠬᠤᠷᠴᠢ ᠵᠠᠭᠢᠷᠴᠤ᠂ ᠡᠷᠴᠢᠰ ᠮᠦᠷᠠᠨ ᠤ ᠲᠠᠭᠠᠤ ᠤᠢ ᠶᠢᠨ ᠢᠷᠭᠡᠨ ᠳᠤ ᠭᠦᠷᠳᠡᠯᠡᠭᠢ ᠨᠤᠳᠤᠭ ᠢ ᠡᠵᠡᠮᠰᠢᠵᠦ᠂ ᠪᠠᠰᠠ ᠤᠢ ᠶᠢᠨ ᠲᠦᠮᠠᠨ ᠢᠷᠭᠡᠨ ᠢ ᠲᠠᠷᠤᠭᠠᠯᠠᠵᠦ ᠮᠡᠳᠤᠳᠤᠭᠡᠢ︾  ﹇1﹈ ᠭᠡᠵᠦ ᠵᠠᠷᠯᠢᠭ ᠪᠤᠯᠵᠦ ᠰᠤᠶᠤᠷᠬᠠᠵᠠᠢ᠃ ᠲᠡᠭᠡᠭᠰᠡᠨ ᠠᠴᠠ ᠪᠠᠭᠠᠷᠢᠨ ᠠᠶᠢᠮᠠᠭ ᠡᠷᠴᠢᠰ ᠮᠦᠷᠠᠨ ᠤ ᠲᠡᠭᠡᠳᠦ ᠤᠷᠤᠰᠬᠠᠯ ᠠᠴᠠ ᠵᠡᠭᠦᠨᠰᠢ ᠤᠪᠠᠢ ᠮᠦᠷᠠᠨ ᠤ ᠲᠡᠭᠡᠳᠦ ᠤᠷᠤᠰᠬᠠᠯ ᠤᠷᠤᠨ ᠢᠶᠠᠷ ᠨᠤᠳᠤᠭᠯᠠᠨ ᠰᠠᠭᠤᠵᠠᠢ᠃ ᠪᠠᠭᠴᠠᠯᠠᠪᠠᠯ᠂ ᠪᠠᠷᠢᠳᠠᠢ ᠠᠴᠠ ᠪᠠᠭᠠᠷᠢᠨ ᠤᠪᠤᠭᠳᠠᠨ ᠡᠭᠦᠰᠴᠤ᠂ ᠪᠠᠭᠠᠷᠢᠨ ᠤᠪᠤᠭᠳᠠᠳ ᠪᠠᠭᠠᠷᠢᠨ ᠠᠶᠢᠮᠠᠭ ᠪᠤᠯᠵᠦ᠂ ᠪᠠᠭᠠᠷᠢᠨ ᠠᠶᠢᠮᠠᠭ ᠨᠢ ᠴᠢᠩᠭᠢᠰ ᠬᠠᠭᠠᠨ  ᠤ ᠰᠤᠶᠤᠷᠬᠠᠯ ᠢᠶᠠᠷ ᠪᠠᠭᠠᠷᠢᠨ ᠲᠦᠮᠠᠳᠦ ᠪᠤᠯᠤᠨ ᠡᠷᠭᠦᠮᠵᠢᠯᠡᠭᠳᠡᠵᠦ ᠪᠠᠷᠠᠭᠤᠨ ᠬᠤᠶᠢᠳᠦ ᠭᠢᠵᠠᠭᠠᠷ ᠤᠨ ᠦᠷᠭᠡᠨ ᠠᠭᠤᠳᠠᠮ ᠭᠠᠵᠠᠷ ᠨᠤᠳᠤᠭᠰᠢᠨ ᠮᠠᠯᠵᠢᠵᠠᠢ᠃ ᠬᠠᠮᠢᠶ᠎ᠡ ᠪᠦᠭᠦᠢ ᠰᠤᠷᠪᠤᠯᠵᠢ ᠪᠢᠴᠢᠭ ᠪᠠ ᠡᠷᠳᠡᠨ ᠤ ᠭᠠᠵᠠᠷ ᠤᠨ ᠵᠢᠷᠤᠭ ᠠᠴᠠ ᠦᠨᠳᠤᠰᠤᠯᠠᠪᠠᠯ᠂ ᠪᠠᠭᠠᠷᠢᠨ ᠲᠦᠮᠠᠨ ᠤ ᠡᠷᠭᠦᠮᠵᠢᠯᠡᠭᠳᠡᠭᠰᠡᠨ ᠭᠠᠵᠠᠷ ᠨᠤᠳᠤᠭ ᠨᠢ ᠤᠳᠤ ᠶᠢᠨ ᠮᠤᠩᠭᠤᠯ ᠤᠯᠤᠰ ᠤᠨ ᠭᠢᠯᠢ ᠭᠢᠵᠠᠭᠠᠷ ᠠᠴᠠ ᠪᠠᠷᠠᠭᠤᠨ ᠬᠤᠶᠢᠭᠤᠷ᠂ ᠡᠷᠴᠢᠰ ᠮᠦᠷᠠᠨ ᠤ ᠲᠡᠭᠡᠳᠦ ᠤᠷᠤᠰᠬᠠᠯ ᠠᠴᠠ ᠵᠡᠭᠦᠨᠰᠢ᠂ ᠶᠧᠨᠢᠰᠢ ᠮᠦᠷᠠᠨ ᠤ ᠲᠡᠭᠡᠳᠦ ᠤᠷᠤᠰᠬᠠᠯ ᠳᠠᠬᠢ ᠭᠢᠷᠭᠢᠰ ᠤᠨ ᠤᠯᠠᠨ ᠠᠶᠢᠮᠠᠭ ᠲᠤ ᠭᠦᠷᠴᠤ ᠲᠡᠳᠡᠨ ᠲᠠᠢ ᠵᠠᠯᠭᠠᠯᠳᠤᠵᠦ ᠪᠠᠶᠢᠵᠠᠢ᠃ ᠤᠤᠯ ᠨᠢ ᠴᠢᠩᠭᠢᠰ ᠬᠠᠭᠠᠨ ᠪᠠᠷᠠᠭᠤᠨ ᠬᠤᠶᠢᠳᠦ ᠭᠢᠵᠠᠭᠠᠷ ᠤᠷᠤᠨ ᠢ ᠡᠵᠡᠯᠡᠵᠦ ᠠᠪᠤᠭᠰᠠᠨ ᠤ ᠲᠠᠷᠠᠭ᠎ᠠ ᠲᠠᠨᠳᠠᠭᠢ ᠭᠠᠵᠠᠷ ᠨᠤᠳᠤᠭ ᠢ ᠦᠪᠠᠷ ᠤᠨ ︽ᠶᠡᠭᠡ ᠬᠠᠳᠤᠨ ᠠᠴᠠ ᠲᠦᠷᠦᠭᠰᠡᠨ ᠵᠦᠴᠢ᠂ ᠴᠠᠭᠠᠳᠠᠢ᠂ ᠦᠭᠡᠳᠠᠢ᠂ ᠲᠤᠯᠤᠢ ᠵᠡᠷᠭᠡ ᠲᠦᠷᠪᠠᠨ ᠭᠦᠪᠡᠭᠦᠨ ᠳᠡᠭᠡᠨ ᠬᠤᠪᠢᠶᠠᠵᠦ ᠦᠭᠭᠦ ᠦᠶ᠎ᠡ ᠳᠤ ᠪᠠᠭᠠᠷᠢᠨ ᠠᠶᠢᠮᠠᠭ ᠲᠤ ᠡᠨᠡ ᠭᠠᠵᠠᠷ ᠠᠴᠠ ᠪᠠᠰᠠ ᠡᠷᠭᠦᠮᠵᠢᠯᠠᠵᠦ ᠦᠭᠭᠦᠭᠰᠡᠨ︾ ﹇2﹈ ᠪᠠᠶᠢᠵᠠᠢ᠃ ︽ᠲᠤᠮᠳᠠᠳᠤ ᠤᠯᠤᠰ  ᠤᠨ ᠡᠷᠳᠠᠨ ᠤ ᠭᠠᠵᠠᠷ ᠤᠨ ᠵᠢᠷᠤᠭ ᠤᠨ ᠡᠮᠭᠢᠳᠭᠡᠯ︾ ᠤᠨ ᠶᠤᠸᠠᠨ ᠤᠯᠤᠰ ᠤᠨ ᠦᠶ᠎ᠡ ᠶᠢᠨ ᠵᠢᠷᠤᠭ ᠲᠤ ᠦᠵᠠᠪᠠᠯ ᠂ ᠡᠷᠴᠢᠰ ᠮᠦᠷᠠᠨ ᠠᠴᠠ ᠪᠠᠷᠠᠭᠤᠨᠰᠢᠭᠢ ᠨᠢ ᠴᠢᠩᠭᠢᠰ ᠬᠠᠭᠠᠨ ᠠᠬᠠᠮᠠᠳ ᠭᠦᠪᠡᠭᠦᠨ ᠵᠦᠴᠢ ᠳᠡᠭᠡᠨ ᠦᠮᠴᠢᠯᠠᠭᠦᠯᠵᠦ ᠦᠭᠭᠦᠭᠰᠡᠨ ᠭᠠᠵᠠᠷ ᠪᠠᠶᠢᠪᠠ᠃ ᠡᠷᠴᠢᠰ ᠮᠦᠷᠠᠨ ᠤ ᠵᠡᠭᠦᠨ ᠭᠦᠪᠡᠭᠡ ᠠᠴᠠ ᠵᠡᠭᠦᠨᠰᠢ᠂ ᠤᠪᠠᠢ ᠮᠦᠷᠠᠨ ᠤ ᠲᠡᠭᠡᠳᠦ ᠤᠷᠤᠰᠬᠠᠯ ᠤᠨ ᠰᠠᠪᠠ ᠭᠠᠵᠠᠷ ᠤᠳ ᠪᠤᠯ ᠴᠢᠩᠭᠢᠰ ᠬᠠᠭᠠᠨ ᠠᠴᠠ ᠪᠠᠭᠠᠷᠢᠨ ᠲᠦᠮᠠᠨ ᠳᠤ ᠰᠤᠶᠤᠷᠬᠠᠵᠦ ᠦᠭᠭᠦᠭᠰᠡᠨ ᠨᠤᠳᠤᠭ ᠪᠠᠶᠢᠵᠠᠢ᠃ ᠲᠡᠭᠦᠨ ᠠᠴᠠ ᠵᠡᠭᠦᠨᠰᠢ ᠶᠧᠨᠢᠰᠠᠢ ᠮᠦᠷᠠᠨ ᠤ ᠲᠡᠭᠡᠳᠦ ᠤᠷᠤᠰᠬᠠᠯ ᠢ ᠲᠠᠭᠠᠭᠰᠠᠨ ᠭᠢᠷᠭᠢᠰ ᠤᠨ ᠤᠯᠠᠨ ᠠᠶᠢᠮᠠᠭ ᠤᠨ ᠭᠠᠵᠠᠷ ᠨᠢ ᠴᠢᠩᠭᠢᠰ ᠬᠠᠭᠠᠨ ᠤ ᠤᠳᠬᠤᠨ ᠭᠦᠪᠡᠭᠦᠨ ᠲᠤᠯᠤᠢ ᠶᠢᠨ ᠡᠷᠭᠦᠮᠵᠢᠯᠠᠯ ᠤᠨ ᠨᠤᠳᠤᠭ ᠪᠠᠶᠢᠵᠦ᠂ ᠪᠠᠭᠠᠷᠢᠨ ᠲᠦᠮᠠᠨ ᠤ ᠤᠷᠢᠳᠠᠭᠤᠷ ᠨᠢ ᠴᠢᠩᠭᠢᠰ ᠬᠠᠭᠠᠨ ᠤ ᠭᠤᠳᠠᠭᠠᠷ ᠭᠦᠪᠡᠭᠦᠨ ᠦᠭᠡᠳᠠᠢ ᠳᠤ ᠦᠮᠴᠢᠯᠡᠭᠦᠯᠦᠭᠰᠡᠨ ᠭᠠᠵᠠᠷ ᠪᠠᠶᠢᠪᠠ᠃ ᠲᠡᠭᠦᠨ ᠠᠴᠠ ᠡᠮᠤᠨᠡᠭᠦᠷ ᠴᠢᠩᠭᠢᠰ ᠬᠠᠭᠠᠨ ᠤ ᠲᠡᠳ᠋ ᠭᠦᠪᠡᠭᠦᠨ ᠴᠠᠭᠠᠳᠠᠢ  ᠶᠢᠨ ᠬᠤᠪᠢᠳᠠᠭᠰᠠᠨ ᠤᠷᠤᠨ ᠪᠠᠶᠢᠵᠠᠢ᠃ ᠲᠡᠤᠭᠡ ᠶᠢᠨ ᠡᠷᠳᠠᠮᠳᠠᠨ ᠪᠠᠢ ᠴᠤ ᠢ ᠪᠠᠭᠰᠢ ᠶᠢᠨ ︽ᠦᠪᠤᠷ ᠬᠠᠯᠬ᠎ᠠ ᠲᠠᠪᠤᠨ ᠤᠳᠤᠭ ᠤᠨ ᠲᠡᠤᠭᠡ ᠰᠤᠳᠤᠯᠤᠯ︾ ᠭᠡᠭᠦ ᠨᠤᠮ ᠳᠤ ᠲᠤᠷᠠᠳᠤᠭᠰᠠᠨ ᠠᠴᠠ ᠦᠨᠳᠤᠰᠤᠯᠠᠪᠠᠯ᠂ ᠪᠠᠭᠠᠷᠢᠨ ᠲᠦᠮᠠᠨ ᠤ ᠭᠠᠵᠠᠷ ᠤᠨ ᠬᠠᠮᠤᠭ ᠬᠤᠶᠢᠳᠦ ᠪᠡᠶ᠎ᠡ ᠪᠠᠷ ᠨᠢ ᠪᠠᠭᠠᠷᠢᠨ ᠠᠶᠢᠮᠠᠭ ᠲᠠᠷᠬᠠᠨ ᠮᠠᠯᠵᠢᠵᠦ᠂ ᠲᠡᠭᠦᠨ ᠤ ᠤᠷᠢᠳᠠᠭᠤᠷ ᠨᠢ ᠲᠡᠯᠠᠩᠭᠦᠳ ᠠᠶᠢᠮᠠᠭ ᠪᠠᠰᠠ ᠪᠠᠷᠠᠭᠤᠨ ᠠᠴᠠ ᠵᠡᠭᠦᠨᠰᠢ ᠲᠠᠷᠬᠠᠨ ᠨᠤᠳᠤᠭᠯᠠᠵᠦ ᠪᠠᠶᠢᠭᠰᠠᠨ ᠪᠦᠭᠡᠳ ᠲᠡᠭᠦᠨ ᠤ ᠡᠮᠤᠨᠡᠭᠦᠷ ᠲᠡᠭᠦᠯᠢᠰ ᠠᠶᠢᠮᠠᠭ ᠠᠯᠳᠠᠢ ᠠᠭᠤᠯᠠ ᠶᠢᠨ ᠬᠤᠶᠢᠳᠦ ᠭᠡᠰᠡᠭ ᠢᠶᠠᠷ ᠦᠭᠡᠳᠠᠢ ᠶᠢᠨ ᠡᠵᠡᠮᠰᠢᠯ ᠤᠷᠤᠨ ᠲᠠᠢ ᠵᠠᠬ᠎ᠠ ᠵᠠᠯᠭᠠᠵᠦ ᠪᠠᠶᠢᠪᠠ᠃ ᠴᠢᠨᠤᠰ ᠠᠶᠢᠮᠠᠭ ᠪᠠᠭᠠᠷᠢᠨ ᠠᠶᠢᠮᠠᠭ ᠲᠠᠢ ᠬᠠᠮᠳᠦ ᠪᠠᠶᠢᠭᠰᠠᠨ ᠠᠴᠠ ᠲᠡᠷᠡ ᠭᠠᠵᠠᠷ ᠢ ᠪᠠᠭᠠᠷᠢᠨ ᠤ ᠭᠠᠵᠠᠷ ᠭᠡᠭᠦ ᠪᠤᠶᠤ ᠴᠢᠨᠤᠰ ᠤᠨ ᠭᠠᠵᠠᠷ ᠭᠡᠵᠦ ᠭᠡᠯᠡᠳᠡᠭ ᠪᠠᠶᠢᠵᠠᠢ᠃ ᠲᠡᠶᠢᠮᠦ ᠠᠴᠠ ᠪᠠᠭᠠᠷᠢᠨ ᠲᠦᠮᠠᠨ ᠤ ᠭᠠᠵᠠᠷ ᠨᠤᠳᠤᠭ ᠪᠠᠷᠠᠭᠤᠨ᠂ ᠵᠡᠭᠦᠨ᠂ ᠡᠮᠤᠨᠡᠭᠦᠷ ᠭᠤᠷᠪᠠᠨ ᠲᠠᠯ᠎ᠠ ᠪᠠᠷ ᠢᠶᠠᠨ ᠴᠢᠩᠭᠢᠰ ᠬᠠᠭᠠᠨ ᠤ ᠲᠦᠷᠪᠠᠨ ᠬᠦᠪᠡᠬᠦᠨ ᠤ ᠬᠤᠪᠢᠨ ᠤ ᠡᠷᠭᠦᠮᠵᠢᠯᠠᠯ ᠤᠨ ᠭᠠᠵᠠᠷ ᠨᠤᠳᠤᠭ ᠪᠠᠶᠢᠵᠦ᠂ ᠬᠤᠶᠢᠭᠤᠷ ᠢᠶᠠᠨ ᠡᠵᠡᠭᠦᠢ ᠵᠠᠯᠢᠭᠦᠳ ᠪᠤᠯᠬᠤᠷ ᠭᠢᠯᠢ ᠭᠢᠵᠠᠭᠠᠷ ᠨᠢ ᠠᠮᠤᠷ ᠲᠦᠪᠰᠢᠨ ᠤᠷᠤᠰᠢᠨ ᠠᠮᠢᠳᠤᠷᠠᠵᠦ ᠪᠠᠶᠢᠵᠠᠢ᠃ ᠭᠡᠪᠠᠴᠤ ᠴᠢᠩᠭᠢᠰ ᠬᠠᠭᠠᠨ ᠠᠴᠠ ᠰᠠᠭᠦᠯᠠᠷ ᠠᠴᠢ ᠵᠢᠴᠢ ᠨᠠᠷ ᠨᠢ ᠪᠠᠷᠠᠭᠤᠨ ᠬᠤᠶᠢᠳᠦ ᠳᠤ ᠬᠠᠷᠢᠯᠴᠠᠨ ᠡᠷᠭᠡ ᠵᠡᠷᠭᠡ᠂ ᠭᠠᠵᠠᠷ ᠨᠤᠳᠤᠭ  ᠢᠶᠠᠨ ᠪᠤᠯᠢᠶᠠᠯᠳᠤᠵᠦ᠂ ᠬᠤᠭᠤᠷᠤᠨᠳᠦ ᠪᠠᠨ ᠶᠡᠭᠡ ᠲᠠᠶᠢᠨ ᠲᠤᠯᠤᠯᠳᠤᠭᠠᠨ ᠪᠤᠯᠤᠭᠰᠠᠨ ᠠᠴᠠ ᠪᠠᠭᠠᠷᠢᠨ ᠲᠦᠮᠠᠨ ᠤ ᠠᠷᠠᠳ ᠲᠠᠶᠢᠨ ᠤ ᠭᠦᠯ ᠳᠤ ᠶᠡᠭᠡ ᠲᠠᠭᠠᠷᠢᠭᠳᠠᠭᠰᠠᠨ ᠪᠠᠶᠢᠵᠠᠢ᠃      ᠴᠢᠩᠭᠢᠰ ᠬᠠᠭᠠᠨ ᠠᠴᠠ ᠰᠠᠭᠦᠯᠠᠷ᠂ ᠮᠦᠩᠭᠡ ᠬᠠᠭᠠᠨ ᠤ ᠦᠶ᠎ᠡ ᠳᠤ ᠵᠦᠴᠢ ᠶᠢᠨ ᠬᠠᠭᠠᠨᠳᠦ ᠤᠯᠤᠰ ᠲᠤ ᠪᠠᠳᠦ ᠰᠠᠭᠤᠷᠢᠨ ᠳᠤ ᠪᠠᠶᠢᠵᠦ᠂ ᠦᠭᠡᠳᠠᠢ ᠶᠢᠨ ᠦᠮᠴᠢᠯᠠᠯ ᠤᠨ ᠭᠠᠵᠠᠷ ᠲᠤ ᠲᠡᠭᠦᠨ ᠤ ᠤᠮᠪᠤᠯᠤ ᠬᠠᠶᠢᠳᠦ ᠡᠵᠡᠨ ᠮᠡᠳᠡᠵᠦ ᠪᠠᠶᠢᠪᠠ᠃ ᠲᠤᠯᠤᠢ ᠶᠢᠨ ᠡᠷᠭᠦᠮᠵᠢᠯᠡᠭᠳᠡᠭᠰᠡᠨ ᠨᠤᠳᠤᠭ ᠢ ᠲᠡᠭᠦᠨ ᠤ ᠤᠳᠬᠤᠨ ᠭᠦᠪᠡᠭᠦᠨ ᠠᠷᠢᠭᠪᠦ᠋ᠭᠡ ᠵᠠᠯᠭᠠᠮᠵᠢᠯᠠᠭᠠᠳ ᠪᠠᠶᠢᠵᠠᠢ᠃ 1259 ᠤᠨ ᠳᠤ ᠮᠦᠩᠭᠡ ᠬᠠᠭᠠᠨ ᠨᠠᠰᠤ ᠪᠠᠷᠠᠪᠠ᠃ ᠲᠠᠷᠠᠭ᠎ᠠ ᠵᠢᠯ ᠨᠢ ᠲᠡᠭᠦᠨ ᠤ ᠶᠡᠭᠡ ᠲᠡᠭᠦᠦ ᠬᠤᠪᠢᠯᠠᠢ ᠱᠠᠩᠳᠦ ᠳᠤ ᠦᠪᠠᠷ ᠢ ᠢᠶᠠᠨ ᠬᠠᠭᠠᠨ ᠡᠷᠭᠦᠮᠵᠢᠯᠠᠵᠦ᠂ ᠤᠨ ᠤ ᠴᠤᠯᠠ ᠪᠠᠨ ︽ᠵᠦᠡᠭ ᠲᠦᠡᠭ︾ ᠭᠡᠮᠡᠪᠠ᠃ ᠬᠤᠪᠢᠯᠠᠢ ᠶᠢᠨ ᠪᠠᠭ᠎ᠠ ᠲᠡᠭᠦᠦ ᠠᠷᠢᠭᠪᠦ᠋ᠭᠡ ᠡᠨᠡ ᠭᠦ ᠤᠴᠢᠷ ᠢ ᠡᠰᠡ ᠵᠦᠪᠰᠢᠶᠠᠷᠠᠨ ᠬᠠᠷᠠᠬᠤᠷᠤᠮ ᠳᠤ ᠪᠡᠶ᠎ᠡ ᠪᠠᠨ ᠬᠠᠭᠠᠨ ᠡᠷᠭᠦᠮᠵᠢᠯᠠᠵᠠᠢ᠃ ᠨᠢᠭᠡ ᠡᠴᠢᠭᠡ ᠡᠭᠡ ᠠᠴᠠ ᠮᠡᠨᠳᠦᠯᠡᠭᠰᠡᠨ ᠠᠬ᠎ᠠ ᠲᠡᠭᠦᠦ ᠬᠤᠶᠠᠷ ᠬᠠᠭᠠᠨ ᠬᠠᠷᠢᠯᠴᠠᠨ ᠡᠯᠴᠢ ᠲᠤᠮᠢᠯᠠᠨ ᠮᠡᠳᠡᠭᠳᠡᠵᠦ ᠨᠠᠶᠢᠷ ᠲᠠᠯᠪᠢᠭᠤᠯᠬᠤ ᠭᠡᠰᠡᠨ ᠪᠤᠯᠪᠠᠴᠤ ᠭᠡᠨ ᠠᠯᠢᠨ ᠴᠤ ᠬᠠᠭᠠᠨ ᠤᠷᠤ ᠪᠠᠨ ᠦᠭᠭᠦ ᠲᠤᠷ᠎ᠠ ᠦᠭᠡᠢ᠃ ᠰᠠᠭᠦᠯ ᠳᠡᠭᠡᠨ ᠭᠡᠳᠤᠨ ᠵᠢᠯ ᠴᠡᠷᠢᠭ ᠤᠨ ᠭᠦᠴᠤᠨ ᠢᠶᠠᠷ ᠲᠤᠯᠤᠯᠳᠤᠭᠠᠳ ᠠᠷᠢᠭᠪᠦ᠋ᠭᠡ ᠨᠢ ᠴᠡᠷᠢᠭ ᠮᠤᠷᠢ᠂ ᠡᠳ᠋ ᠤᠨ ᠭᠦᠴᠤᠨ ᠪᠠᠭᠤᠷᠠᠢ ᠪᠠᠷ ᠢᠶᠠᠨ ᠲᠡᠶᠢᠯᠦᠭᠳᠡᠵᠦ᠂ 1264 ᠤᠨ ᠳᠤ ᠬᠤᠪᠢᠯᠠᠢ ᠳᠤ ᠪᠠᠭᠤᠵᠦ ᠦᠭᠴᠠᠢ᠃ ᠡᠨᠡ ᠭᠦ ᠠᠬ᠎ᠠ ᠲᠡᠭᠦᠦ ᠬᠤᠶᠠᠷ ᠤᠨ ᠬᠠᠭᠠᠨ ᠰᠠᠭᠤᠷᠢᠨ ᠪᠤᠯᠢᠶᠠᠯᠳᠤᠭᠰᠠᠨ ᠲᠦᠷᠪᠠᠨ ᠵᠢᠯ ᠢᠯᠠᠬᠦᠦ ᠶᠢᠨ ᠶᠡᠭᠡ ᠲᠠᠶᠢᠨ ᠳᠤ ᠪᠠᠭᠠᠷᠢᠨ ᠲᠦᠮᠠᠨ ᠠᠷᠢᠭᠪᠦ᠋ᠭᠡ ᠳᠤ ᠡᠷᠭᠡᠰᠢᠶᠡᠭᠳᠡᠵᠦ ᠲᠡᠭᠦᠨ ᠳᠤ ᠠᠯᠪᠠ ᠪᠠᠷᠢᠴᠠ ᠡᠷᠭᠦᠵᠦ ᠪᠠᠶᠢᠪᠠ᠃ ᠠᠷᠢᠭᠪᠦ᠋ᠭᠡ ᠶᠢ ᠬᠠᠭᠠᠨ ᠰᠠᠭᠤᠬᠤ ᠦᠶ᠎ᠡ ᠳᠤ ᠲᠡᠮᠵᠢᠭᠰᠡᠨ ᠨᠤᠶᠠᠳ ᠲᠦᠰᠢᠮᠠᠳ ᠪᠦᠷ ᠬᠤᠪᠢᠯᠠᠢ ᠬᠠᠭᠠᠨ ᠳᠤ ᠤᠷᠢᠳ ᠪᠤᠶᠤ ᠬᠤᠵᠢᠳ ᠪᠠᠭᠤᠵᠦ ᠦᠭᠴᠠᠢ᠃ ᠭᠡᠪᠠᠴᠤ ᠦᠭᠡᠳᠠᠢ ᠬᠠᠭᠠᠨ ᠤ ᠤᠮᠪᠤᠯᠤ ᠬᠠᠶᠢᠳᠦ ᠪᠠᠭᠤᠵᠦ ᠦᠭᠭᠦᠭᠰᠡᠨ ᠦᠭᠡᠢ᠂ ᠬᠤᠪᠢᠯᠠᠢ ᠬᠠᠭᠠᠨ ᠲᠡᠭᠦᠨ ᠢ ᠪᠠᠷᠠᠭᠠᠳᠠᠬᠤ ᠪᠠᠷ ᠢᠷ᠎ᠠ ᠭᠡᠵᠦ ᠲᠠᠭᠤᠳᠠᠭᠤᠯᠤᠭᠰᠠᠨ ᠳᠤ ︽ᠵᠠᠮ ᠬᠤᠯᠠ᠂ ᠠᠭᠳᠠ ᠲᠤᠷᠠᠩᠬᠠᠢ︾ ᠭᠡᠵᠦ ᠰᠢᠯᠳᠠᠭᠯᠠᠭᠠᠳ ᠭᠤᠷᠪᠠᠨ ᠵᠢᠯ ᠬᠤᠶᠢᠰᠢᠯᠠᠪᠠ᠃ ᠲᠡᠷᠡ ᠬᠤᠪᠢᠯᠠᠢ ᠶᠢᠨ ᠬᠠᠭᠠᠨ ᠰᠠᠭᠤᠷᠢᠨ ᠳᠤ ᠰᠠᠭᠤᠭᠰᠠᠨ ᠢ ᠲᠡᠭᠡᠳᠤᠰ ᠤᠨ ᠶᠤᠰᠤᠨ ᠠᠴᠠ ᠲᠠᠷᠰᠯᠠᠪᠠ᠂ ᠦᠭᠡᠳᠠᠢ ᠶᠢᠨ ᠬᠤᠶᠢᠴᠢᠰ ᠠᠴᠠ ᠵᠠᠯᠭᠠᠮᠵᠢᠯᠠᠪᠠᠯ ᠵᠤᠭᠢᠨ᠎ᠠ ᠭᠡᠵᠦ ᠦᠵᠠᠵᠦ ᠡᠷᠡᠰ ᠡᠰᠡᠷᠭᠦᠴᠠᠭᠦ ᠪᠤᠳᠤᠯ ᠡᠭᠦᠰᠴᠠᠢ᠃ ᠲᠡᠷᠡ ᠵᠦᠴᠢ ᠪᠤᠯᠤᠨ ᠴᠠᠭᠠᠳᠠᠢ ᠬᠠᠭᠠᠨᠳᠦ ᠤᠯᠤᠰ ᠲᠠᠢ ᠬᠤᠯᠪᠤᠭᠠᠯᠠᠵᠦ ᠭᠠᠵᠠᠷ ᠨᠤᠳᠤᠭ ᠢᠶᠠᠨ ᠦᠷᠭᠡᠳᠭᠡᠨ ᠴᠡᠷᠢᠭ ᠮᠤᠷᠢ ᠡᠯᠰᠡᠵᠦ᠂ 1267 ᠤᠨ ᠠᠴᠠ ᠡᠭᠢᠯᠠᠵᠦ ᠶᠤᠸᠠᠨ ᠤᠯᠤᠰ ᠤᠨ ᠡᠰᠡᠷᠭᠦ ᠲᠤᠪᠳᠤᠯᠠᠪᠠ᠃ ᠬᠤᠪᠢᠯᠠᠢ ᠬᠠᠭᠠᠨ ᠡᠨᠡ ᠤᠴᠢᠷ ᠲᠤ ᠭᠦᠴᠦ ᠲᠠᠯᠪᠢᠵᠦ ᠦᠪᠠᠷ ᠤᠨ ᠭᠦᠪᠡᠭᠦᠨ ᠨᠤᠮᠤᠬᠠᠨ ᠢ ᠪᠠᠷᠠᠭᠤᠨ ᠬᠤᠶᠢᠳᠦ ᠳᠤ ᠪᠸᠢ ᠫᠢᠡᠭ ᠸᠠᠩ ᠢᠶᠠᠷ ᠲᠤᠮᠢᠯᠠᠨ ᠤᠴᠢᠭᠤᠯᠵᠦ ᠬᠠᠶᠢᠳᠦ ᠶᠢ ᠲᠠᠶᠢᠯᠠᠭᠤᠯᠪᠠ᠃ ᠭᠡᠳᠡᠯ᠎ᠠ ᠨᠤᠮᠤᠬᠠᠨ ᠢ ᠲᠤᠰᠠᠯᠠᠵᠦ ᠬᠠᠮᠳᠦ ᠲᠠᠶᠢᠯᠠᠬᠤ ᠪᠠᠷ ᠤᠴᠢᠭᠰᠠᠨ ᠰᠢᠷᠭᠢ᠂ ᠲᠤᠭᠳᠠᠮᠤᠷ ᠵᠡᠷᠭᠡ ᠲᠦᠷᠤᠯ ᠤᠨ ᠸᠠᠩ ᠨᠠᠷ ᠬᠤᠤᠪᠢᠯᠳᠤᠨ ᠤᠷᠪᠠᠵᠦ᠂ ᠨᠤᠮᠤᠬᠠᠨ ᠢ ᠪᠠᠷᠢᠪᠴᠢᠯᠠᠨ ᠬᠠᠶᠢᠳᠦ ᠳᠤ ᠭᠦᠷᠭᠡᠵᠦ ᠦᠭᠭᠦᠭᠡᠳ ᠦᠪᠠᠷᠰᠠᠳ ᠢᠶᠠᠨ ᠵᠡᠭᠦᠨ ᠬᠤᠶᠢᠰᠢ ᠲᠦᠷᠢᠨ ᠤᠴᠢᠵᠦ ᠪᠠᠭᠠᠷᠢᠨ ᠲᠦᠮᠠᠨ ᠪᠤᠯᠤᠨ ᠭᠢᠷᠭᠢᠰ ᠤᠨ ᠭᠠᠵᠠᠷ  ᠢ ᠡᠵᠡᠯᠡᠵᠦ ᠠᠪᠤᠪᠠ᠃ ᠲᠡᠭᠡᠭᠰᠡᠨ ᠠᠴᠠ ᠪᠠᠭᠠᠷᠢᠨ ᠲᠦᠮᠠᠨ ᠦᠪᠴᠢ ᠪᠠᠷ ᠢᠶᠠᠨ ᠰᠢᠷᠭᠢ ᠨᠠᠷ ᠲᠤ ᠡᠷᠭᠡᠰᠢᠶᠡᠭᠳᠡᠵᠦ ᠲᠡᠳᠡᠨ ᠤ ᠤᠷᠪᠠᠭᠰᠠᠨ ᠴᠡᠷᠢᠭ ᠲᠤ ᠲᠠᠯᠭᠢᠭᠳᠠᠵᠠᠢ᠃     ᠰᠢᠷᠭᠢ᠂ ᠲᠤᠭᠳᠠᠮᠤᠷ ᠨᠠᠷ ᠲᠡᠨᠳᠠ ᠭᠦᠯ ᠲᠤᠭᠳᠠᠨᠢᠭᠰᠠᠨ ᠤ ᠲᠠᠷᠠᠭ᠎ᠠ ᠡᠮᠤᠨᠡᠰᠢ ᠬᠠᠷᠠᠬᠤᠷᠤᠮ ᠤᠷᠤᠭᠤ ᠤᠯᠠᠨ ᠲᠠᠭᠢᠨ ᠲᠤᠪᠳᠤᠯᠵᠦ᠂ ᠲᠤᠪᠳᠤᠯᠬᠤ ᠪᠦᠷᠢ ᠬᠠᠭᠠᠨ ᠤ ᠴᠡᠷᠢᠭ ᠲᠤ ᠢᠯᠠᠭᠳᠠᠨ ᠴᠡᠷᠢᠭ ᠮᠤᠷᠢ ᠨᠢ ᠬᠤᠭᠢᠷᠠᠭᠰᠠᠭᠠᠷ᠂ ᠡᠴᠤᠰ ᠲᠤ ᠲᠤᠭᠳᠠᠮᠤᠷ ᠠᠯᠠᠭᠳᠠᠵᠦ᠂ ︽ᠰᠢᠷᠭᠢ ᠰᠠᠭᠦᠯᠠᠷ ᠨᠢ ᠶᠤᠸᠠᠨ ᠤᠯᠤᠰ ᠲᠤ ᠪᠠᠭᠤᠵᠦ ᠦᠭᠪᠠ︾ ﹇3﹈᠃ ︽ᠢᠩᠭᠢᠭᠡᠳ ᠲᠤᠯᠤᠭᠠᠨ ᠵᠢᠯ ᠦᠷᠭᠦᠯᠵᠢᠯᠡᠭᠰᠡᠨ ᠰᠢᠷᠭᠢ ᠨᠠᠷ ᠤᠨ ᠤᠷᠪᠠᠯᠭᠠᠨ ᠲᠦᠪᠰᠢᠷᠠᠪᠠ︾  ﹇4﹈᠃ ᠭᠡᠶ᠎ᠡ ᠰᠢᠷᠭᠢ ᠲᠤᠭᠳᠠᠮᠤᠷ ᠨᠠᠷ ᠤᠨ ᠲᠤᠶᠢᠪᠡᠭᠡᠯᠭᠡ ᠲᠠᠷᠤᠩᠭᠤᠶᠢᠯᠠᠭᠳᠠᠭᠰᠠᠨ ᠪᠤᠯᠪᠠᠴᠤ ᠬᠠᠶᠢᠳᠦ ᠪᠠᠭᠠᠷᠢᠨ ᠲᠦᠮᠠᠨ ᠪᠤᠯᠤᠨ ᠭᠢᠷᠭᠢᠰ ᠤᠨ ᠭᠠᠵᠠᠷ ᠢ ᠡᠵᠡᠯᠡᠨ ᠠᠪᠴᠤ ᠶᠤᠸᠠᠨ ᠤ ᠲᠦᠷᠦ ᠶᠢᠨ ᠡᠰᠡᠷᠭᠦ ᠦᠷᠭᠦᠯᠵᠢᠯᠠᠨ ᠲᠤᠪᠳᠤᠯᠪᠠ᠃ ᠲᠡᠶᠢᠮᠦ  ᠠᠴᠠ ᠪᠠᠭᠠᠷᠢᠨ ᠲᠦᠮᠠᠨ ᠰᠢᠷᠭᠢ ᠶᠢᠨ ᠡᠵᠡᠷᠭᠡᠭᠯᠡᠯ ᠠᠴᠠ ᠰᠠᠶ᠋ᠢ ᠭᠡᠯᠳᠤᠷᠢᠳᠠᠯ᠎ᠠ ᠬᠠᠶᠢᠳᠦ ᠶᠢᠨ ᠡᠵᠡᠮᠰᠢᠯ ᠳᠤ ᠤᠷᠤᠵᠦ ᠂ ᠲᠠᠶᠢᠨ ᠤ ᠡᠷᠭᠢᠯᠭᠡᠨ ᠳᠤ ᠲᠠᠭᠢᠨ ᠲᠠᠪᠳᠠᠨ ᠬᠠᠮᠤᠷᠠᠭᠳᠠᠭᠰᠠᠨ ᠪᠤᠯᠬᠤᠷ 1288 ᠤᠨ ᠤ ︽12 ᠳ᠋ᠤᠭᠠᠷ ᠰᠠᠷ᠎ᠠ  ᠳᠤ ᠪᠠᠭᠠᠷᠢᠨ ᠠᠶᠢᠮᠠᠭ ᠤᠨ ᠭᠤᠷᠪᠠᠨ ᠵᠠᠭᠤᠨ ᠶᠠᠷᠠᠨ ᠭᠦᠮᠤᠨ ᠬᠠᠶᠢᠳᠦ ᠶᠢᠨ ᠡᠵᠡᠮᠰᠢᠯ ᠠᠴᠠ ᠰᠠᠯᠵᠦ ᠶᠤᠸᠠᠨ ᠤᠯᠤᠰ ᠲᠤ ᠲᠠᠭᠠᠷ᠎ᠠ ᠢᠷᠠᠵᠠᠢ︾  ﹇5﹈᠃ ᠬᠠᠶᠢᠳᠦ ᠭᠠᠵᠠᠷ ᠨᠤᠳᠤᠭ ᠴᠡᠷᠢᠭ ᠮᠤᠷᠢ ᠪᠠᠨ ᠤᠯᠠᠮ ᠦᠷᠭᠡᠳᠭᠡᠭᠰᠡᠨ ᠳᠤ ᠬᠤᠪᠢᠯᠠᠢ ᠬᠠᠭᠠᠨ ᠲᠤᠳᠤᠬ᠎ᠠ ᠶᠢ ᠲᠤᠮᠢᠯᠠᠨ ᠶᠡᠭᠡ ᠴᠡᠷᠢᠭ ᠢᠶᠠᠷ ᠭᠢᠷᠭᠢᠰ ᠤᠨ ᠲᠠᠪᠤᠨ ᠠᠶᠢᠮᠠᠭ  ᠤᠨ ᠭᠠᠵᠠᠷ ᠢ ᠡᠵᠡᠯᠡᠨ ᠠᠪᠴᠠᠢ᠃ ᠭᠡᠶ᠎ᠡ ᠪᠠᠭᠠᠷᠢᠨ ᠪᠤᠯᠤᠨ ᠲᠠᠯᠠᠩᠭᠦᠳ ᠠᠶᠢᠮᠠᠭ ᠮᠦᠨ ᠭᠦ ᠬᠠᠶᠢᠳᠦ ᠶᠢᠨ ᠡᠵᠡᠮᠰᠢᠯ  ᠳᠤ ᠵᠠᠭᠢᠷᠤᠭᠳᠠᠵᠦ ᠪᠠᠶᠢᠪᠠ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备07002090号