| ︵4︶ ︽ᠰᠡᠴᠡᠨ ᠲᠡᠭᠡᠳᠦ ᠭᠦᠡᠭᠵᠦ᠂ ᠲᠠᠬᠢᠮᠳᠠᠭᠤ ᠠᠮᠤᠷᠯᠢᠩᠭᠤᠢ ᠭᠡᠭᠡᠨ ᠰᠤᠳᠤ ᠬᠤᠸᠠᠩᠭᠡᠤ ᠡᠵᠢ ᠶᠢᠨ ᠢᠶᠠᠨ | ᠤᠯᠠᠨ ᠠᠴᠠ ᠬᠡᠳᠦᠶᠢᠳᠦᠭᠰᠡᠨ ᠤᠯᠤᠰ ᠲᠦᠷᠦᠴᠢ ᠶᠢᠨ ᠴᠢᠳᠠᠪᠤᠷᠢ ᠪᠤᠯᠤᠨ ᠪᠤᠰᠤᠳ ᠠᠴᠠ ᠭᠠᠷᠮᠠᠭᠠᠢ ᠪᠤᠳᠤᠯᠭ᠎ᠠ | ᠤᠬᠠᠭᠠᠨ ᠢ ᠨᠢ ᠵᠠᠯᠭᠠᠮᠵᠢᠯᠠᠨ ᠴᠢᠳᠠᠭᠰᠠᠨ ᠶᠤᠮ ᠡ︾ ᠭᠡᠵᠦ ᠡᠩᠬᠡ ᠠᠮᠤᠭᠤᠯᠠᠩ ᠬᠠᠭᠠᠨ ᠤ ᠬᠡᠯᠡᠭᠰᠡᠨ ᠮᠡᠳᠦ ᠪᠠᠷ | ᠰᠡᠴᠡᠨ ᠲᠡᠭᠡᠳᠦ ᠭᠦᠡᠭᠵᠦ ᠦᠨᠡᠩᠬᠦ ᠤᠯᠤᠰ ᠲᠦᠷᠦᠴᠢ ᠶᠢᠨ ᠬᠠᠷᠠᠯᠳᠠ ᠰᠡᠳᠬᠢᠴᠡ ᠪᠠᠷ ᠬᠠᠭᠠᠨ ᠲᠦᠷᠦ ᠬᠢᠭᠡᠳ | ᠬᠤᠰᠢᠭᠤ ᠨᠤᠳᠤᠭ ᠤᠨ ᠬᠤᠭᠤᠷᠤᠨᠳᠤᠬᠢ ᠬᠠᠷᠢᠴᠠᠭ᠎ᠠ ᠶᠢ ᠮᠠᠰᠢᠳᠠ ᠰᠢᠯᠤᠭᠤᠳᠬᠠᠵᠦ ᠴᠢᠳᠠᠭᠠᠳ ᠬᠠᠷᠢᠯᠠᠭᠰᠠᠨ | ᠨᠤᠳᠤᠭ ᠪᠠᠭᠠᠷᠢᠨ ᠳᠠᠭᠠᠨ ᠨᠡᠯᠢᠶᠡᠳ ᠬᠡᠳᠦᠨ ᠶᠡᠭᠡ ᠦᠢᠯᠡᠰ ᠢ ᠪᠦᠳᠦᠭᠡᠭᠰᠡᠨ ᠶᠤᠮ᠃ | ᠡᠩ ᠲᠡᠷᠢᠭᠦᠨ ᠳᠤ᠂ ᠰᠡᠴᠡᠨ ᠲᠡᠭᠡᠳᠦ ᠭᠦᠡᠭᠵᠦ᠂ ᠴᠢᠩ ᠭᠦᠷᠦᠨ ᠤ ᠬᠠᠭᠠᠨ ᠤᠷᠳᠤᠨ ᠯᠤᠭ᠎ᠠ ᠶᠢᠨ ᠤᠨᠴᠠᠭᠠᠢ | ᠬᠠᠷᠢᠴᠠᠭ᠎ᠠ ᠪᠠᠨ ᠠᠰᠢᠭᠯᠠᠵᠦ᠂ ᠬᠤᠰᠢᠭᠤ ᠸᠠᠩ ᠢ ᠬᠠᠮᠵᠢᠨ᠂ ᠪᠠᠭᠠᠷᠢᠨ ᠳᠤ ᠳᠠᠭᠠᠷ᠎ᠠ ᠢᠷᠡᠭᠰᠡᠨ ᠤᠳᠤᠮ ᠨᠢᠭᠡᠳᠡᠢ | ᠬᠤᠨᠭ᠍ᠬᠢᠷᠡᠳ ᠠᠷᠪᠠᠨ ᠰᠤᠮᠤ ᠨᠡᠬᠦᠳᠡᠯ ᠠᠷᠠᠳ ᠲᠠᠭᠠᠨ ᠠᠪᠤᠷᠠᠯ ᠬᠠᠶᠢᠷᠠᠯᠠᠵᠦ ᠬᠤᠰᠢᠭᠤᠨ ᠤ ᠵᠡᠭᠦᠨ ᠡᠮᠦᠨ᠎ᠡ ᠵᠠᠬ᠎ᠠ | ᠪᠠᠷ ᠨᠤᠳᠤᠭ ᠵᠢᠭᠠᠵᠦ ᠲᠤᠭᠳᠠᠨᠢᠭᠤᠯᠪᠠ᠃ | ᠬᠤᠶᠠᠷ ᠲᠤ᠂ ᠴᠢᠩ ᠭᠦᠷᠦᠨ ᠤ ᠡᠶᠡᠪᠡᠷ ᠵᠠᠰᠠᠭᠴᠢ ᠶᠢᠨ ᠠᠷᠪᠠᠨ ᠲᠤᠯᠤᠳᠤᠭᠠᠷ ᠤᠨ ︵ᠨᠡᠶᠢᠳᠡ ᠶᠢᠨ ᠤᠨ | ᠲᠤᠭᠠᠯᠠᠯ ᠤᠨ 1660 ᠤᠨ︶ ᠳᠤ ᠰᠡᠴᠡᠨ ᠲᠡᠭᠡᠳᠦ ᠭᠦᠡᠭᠵᠦ᠂ ᠪᠠᠭᠠᠷᠢᠨ ᠪᠠᠷᠠᠭᠤᠨ ᠭᠠᠷᠤᠨ ᠬᠤᠰᠢᠭᠤ ᠪᠤᠯᠤᠨ | ᠤᠡᠭᠨᠢᠭᠤᠳ ᠵᠡᠭᠦᠨ ᠬᠤᠰᠢᠭᠤᠨ ᠤ ᠵᠠᠭᠠᠭ ᠪᠣᠯᠬᠤ ᠰᠢᠷᠠᠮᠦ᠋ᠷᠡᠨ ᠭᠤᠤᠯ ᠲᠡᠭᠡᠷ᠎ᠡ ᠬᠦᠭᠦᠷᠭᠡ ᠪᠠᠶᠢᠭᠤᠯᠵᠤ᠂ ᠡᠮᠦᠨ᠎ᠡ | ᠤᠮᠠᠷ᠎ᠠ ᠶᠢ ᠨᠡᠪᠳᠡᠷᠡᠭᠦᠯᠦᠨ ᠪᠤᠭᠤᠮᠳᠠ ᠶᠢᠨ ᠵᠠᠮ ᠢ ᠰᠢᠯᠤᠭᠤᠳᠬᠠᠭᠰᠠᠨ ᠠᠴᠠ ᠠᠷᠠᠳ ᠢᠷᠭᠡᠳ ᠤᠨ ᠠᠶᠠᠯᠠᠵᠦ | ᠵᠤᠷᠴᠢᠬᠤ ᠳᠤ ᠤᠨᠴᠠ ᠶᠢᠨ ᠲᠦᠭᠦᠮ ᠪᠤᠯᠭᠠᠭᠰᠠᠨ ᠡᠨᠡᠬᠦ ᠲᠡᠤᠬᠡᠳᠦ ᠠᠴᠢ ᠭᠠᠪᠢᠶ᠎ᠡ ᠢ ᠨᠢ ᠲᠤᠷᠠᠳᠬᠠᠨ ᠲᠡᠮᠳᠡᠭᠯᠡᠵᠦ | ᠲᠤᠰ ᠬᠦᠭᠦᠷᠭᠡ ᠶᠢ ︽ᠭᠦᠡᠭᠵᠦ ᠶᠢᠨ ᠬᠦᠭᠦᠷᠭᠡ︾ ᠬᠡᠮᠡᠨ ᠨᠡᠷᠡᠶᠢᠳᠴᠦ ᠪᠠᠶᠢᠭᠰᠠᠨ ᠶᠤᠮ᠃ | ᠭᠤᠷᠪᠠ ᠳᠤ᠂ ᠰᠡᠴᠡᠨ ᠲᠡᠭᠡᠳᠦ ᠭᠦᠡᠭᠵᠦ᠂ ᠲᠦᠪᠡᠳ ᠠᠴᠠ ᠤᠯᠠᠮᠵᠢᠯᠠᠯᠳᠤ ᠪᠤᠷᠬᠠᠨ ᠤ ᠱᠠᠰᠢᠨ ᠢ ᠲᠡᠯᠭᠡᠷᠡᠭᠦᠯᠬᠦ ᠶᠢ | ᠵᠤᠷᠢᠵᠦ᠂ ᠡᠩᠬᠡ ᠠᠮᠤᠭᠤᠯᠠᠩ ᠤᠨ ᠵᠢᠷᠭᠤᠳᠤᠭᠠᠷ ᠤᠨ ︵ᠨᠡᠶᠢᠳᠡ ᠶᠢᠨ ᠤᠨ ᠲᠤᠭᠠᠯᠠᠯ ᠤᠨ 1667 ᠤᠨ︶ ᠳᠤ | ᠪᠠᠭᠠᠷᠢᠨ ᠪᠠᠷᠠᠭᠤᠨ ᠭᠠᠷᠤᠨ ᠬᠤᠰᠢᠭᠤᠨ ᠳᠠᠬᠢ ᠤᠤᠭᠠᠨ ᠰᠦᠮ᠎ᠡ — ᠲᠡᠭᠦᠰ ᠪᠦᠷᠢᠳᠬᠡᠯᠳᠦ ᠰᠦᠮ᠎ᠡ ᠶᠢ | ᠪᠠᠶᠢᠭᠤᠯᠤᠭᠠᠳ᠂ ᠲᠦᠪᠡᠳ ᠤᠨ ᠪᠤᠷᠬᠠᠨ ᠱᠠᠰᠢᠨ ᠤ ᠰᠤᠶᠤᠯ ᠪᠤᠯᠤᠨ ᠡᠮ ᠡᠮᠨᠡᠯᠭᠡ ᠶᠢᠨ ᠮᠡᠷᠭᠡᠵᠢᠯ ᠢ ᠪᠠᠭᠠᠷᠢᠨ | ᠨᠤᠳᠤᠭ ᠲᠠᠭᠠᠨ ᠤᠯᠠᠮᠵᠢᠯᠠᠨ ᠲᠡᠯᠭᠡᠷᠡᠭᠦᠯᠦᠭᠡᠳ ᠠᠷᠠᠳ ᠢᠷᠭᠡᠳ ᠤᠨ ᠡᠮ ᠡᠮᠨᠡᠯᠭᠡ ᠡᠷᠡᠭᠦᠯ ᠡᠩᠬᠡ ᠶᠢᠨ ᠦᠢᠯᠡᠰ | ᠲᠤ ᠪᠠᠯᠠᠷᠠᠰᠢ ᠦᠭᠡᠢ ᠭᠠᠪᠢᠶ᠎ᠠ ᠵᠢᠳᠬᠦᠯ ᠢᠶᠠᠨ ᠡᠷᠭᠦᠪᠡ᠃ | ᠪᠠᠭᠠᠷᠢᠨ ᠨᠤᠳᠤᠭ ᠤᠨ ︽ᠭᠦᠡᠭᠵᠦ ᠶᠢᠨ ᠰᠣᠶᠤᠯ︾ ᠬᠡᠮᠡᠬᠦ ᠦᠪᠡᠷᠮᠢᠴᠡ ᠤᠨᠴᠠᠯᠢᠭ ᠪᠦᠬᠦᠢ ᠦᠪ ᠰᠤᠶᠤᠯ | ᠪᠦᠷᠢᠯᠳᠦᠭᠡᠳ ᠬᠡᠴᠢᠨᠡᠨ ᠵᠠᠭᠤᠨ ᠵᠢᠯ ᠪᠤᠯᠵᠦ ᠪᠠᠶᠢᠪᠠᠴᠦ ᠡᠨᠡ ᠨᠢ ᠦᠯᠢᠭᠡᠷ ᠲᠤᠮᠤᠭ ᠤᠨ ᠪᠢᠰᠢ᠂ ᠦᠨᠡᠨ ᠬᠦᠮᠦᠨ᠂ | ᠦᠨᠡᠨ ᠣᠴᠢᠷ ᠵᠢᠴᠢ ᠲᠡᠭᠦᠨ ᠤ ᠲᠡᠤᠬᠡᠨ ᠪᠠᠶᠢᠷᠢ ᠰᠠᠭᠤᠷᠢ᠂ ᠲᠡᠭᠦᠨ ᠤ ᠨᠦᠯᠦᠭᠡ᠂ ᠲᠡᠭᠦᠨ ᠤ ᠪᠤᠢ ᠪᠦᠬᠦᠢ ᠠᠴᠢ | ᠭᠠᠪᠢᠶ᠎ᠠ᠂ ᠲᠡᠭᠦᠨ ᠤ ᠰᠠᠨᠠᠭᠠᠴᠢᠯᠠᠭᠰᠠᠨ ᠱᠠᠰᠢᠨ ᠰᠢᠳᠦᠯᠭᠡ᠂ ᠡᠮ ᠡᠮᠨᠡᠯᠭᠡ᠂ ᠲᠡᠭᠦᠨ ᠢ ᠲᠠᠭᠠᠯᠠᠯ ᠲᠡᠭᠦᠰᠦᠭᠰᠡᠨ ᠤ | ᠬᠤᠶᠢᠨ᠎ᠡ ︽ᠰᠠᠬᠢᠭᠤᠯᠰᠠᠠᠴᠢᠯᠠᠨ︾ ᠰᠢᠳᠦᠭᠰᠡᠨ ᠠᠴᠠ ᠲᠠᠭᠠᠯᠳᠤᠨ ᠡᠭᠦᠰᠦᠭᠰᠡᠨ ᠦᠯᠢᠭᠡᠷ ᠲᠤᠮᠤᠭ᠂ ᠲᠡᠭᠦᠨ ᠤ | ᠦᠷ᠎ᠡ ᠬᠤᠶᠢᠴᠢᠰ᠂ ᠸᠠᠩ ᠭᠦᠡᠭ᠂ ᠤᠡᠭᠭᠤᠨ ᠢ ᠨᠢ ᠰᠠᠬᠢᠭᠴᠢ ᠵᠤᠯᠠᠴᠢᠳ ᠢ ᠪᠠᠭᠲᠠᠭᠠᠭᠰᠡᠨ ︽ᠰᠤᠶᠤᠯᠳᠤ | ᠪᠠᠭᠠᠷᠢᠨ︾ ᠤ ᠪᠢᠴᠢᠭ ᠤᠨ ᠮᠡᠷᠭᠡᠳ᠂ ᠡᠷᠳᠡᠮᠳᠡᠨ᠂ ᠰᠣᠳᠣᠯᠭᠠᠳᠠᠨ ᠨᠠᠷ ᠤᠨ ᠨᠠᠶᠢᠷᠠᠭᠤᠯᠤᠨ ᠪᠢᠴᠢᠭᠰᠡᠨ ᠲᠡᠤᠬᠡᠳᠦ | ᠮᠠᠲ᠋ᠧᠷᠢᠶᠠᠯ ᠢ ᠦᠪᠯᠡᠨ ᠤᠯᠠᠮᠵᠢᠯᠠᠵᠦ᠂ ᠦᠷᠭᠡᠨ ᠢᠶᠠᠷ ᠲᠡᠯᠭᠡᠷᠡᠭᠦᠯᠦᠭᠰᠡᠨ ᠲᠠᠢ ᠨᠢ ᠰᠢᠭᠤᠳ ᠬᠤᠯᠪᠤᠭ᠎ᠠ ᠲᠠᠢ ᠶᠤᠮ᠃ | | | ︵5︶ ᠠᠮᠧᠷᠢᠺᠠ ᠤᠯᠤᠰ ᠤᠨ ᠳ᠋ᠣᠺᠧ ᠶᠡᠭᠡ ᠰᠤᠷᠭᠠᠭᠤᠯᠢ ᠶᠢᠨ ᠲᠡᠤᠬᠡ ᠶᠢᠨ ᠤᠬᠠᠭᠠᠨ ᠤ ᠮᠠᠰᠲ᠋ᠧᠷ᠂ ᠪᠠᠭᠠᠷᠢᠨ | ᠨᠤᠳᠤᠭ ᠲᠠᠢ ᠵᠠᠯᠠᠭᠤ ᠡᠷᠳᠡᠮᠳᠡᠨ ᠪᠤᠷᠵᠢᠬᠢᠨ ᠤᠪᠤᠭᠳᠤ ᠲᠠᠮᠢᠷ ᠠᠪᠠᠭ᠋ᠠᠢ 2015 ᠤᠨ ᠳᠤ ︽ᠪᠠᠭᠠᠷᠢᠨ ᠪᠠᠷᠠᠭᠤᠨ | ᠬᠤᠰᠢᠭᠤᠨ ᠤ ᠬᠢᠨ ᠬᠢᠭᠡᠳ ᠰᠡᠴᠡᠨ ᠲᠡᠭᠡᠳᠦ ᠭᠦᠷᠦᠨ ᠭᠦᠡᠭᠵᠦ︾ 〈 巴林右旗与固伦淑慧 | 公主 〉ᠬᠡᠮᠡᠬᠦ ᠲᠤᠰᠬᠠᠢ ᠲᠡᠤᠬᠡᠨ ᠨᠤᠮ ᠢ ᠬᠢᠳᠡᠳ ᠬᠡᠯᠡ ᠪᠠᠷ ᠨᠠᠶᠢᠷᠠᠭᠤᠯᠤᠨ ᠲᠠᠷᠬᠠᠭᠠᠭᠰᠠᠨ ᠢ ᠳᠤᠤᠷᠠᠳᠤ | ᠪᠢᠴᠢᠭᠳᠡᠨ ᠪᠢ ᠮᠤᠩᠭᠤᠯ ᠬᠡᠯᠡ ᠲᠡᠭᠡᠷ᠎ᠡ ᠤᠷᠴᠢᠭᠤᠯᠤᠭᠠᠳ ᠤᠳᠤ ᠬᠡᠪᠯᠡᠯ ᠳᠤ ᠰᠢᠯᠵᠢᠭᠦᠯᠬᠦ ᠪᠠᠷ ᠪᠡᠯᠡᠳᠬᠡᠵᠦ ᠪᠤᠢ᠃ | ᠲᠤᠰ ᠨᠤᠮ ᠤᠨ ᠨᠠᠶᠢᠷᠠᠭᠤᠯᠤᠭᠴᠢ ᠡᠨᠡ ᠨᠤᠮ ᠢᠶᠠᠨ ᠪᠢᠴᠢᠬᠦ ᠳᠡᠭᠡᠨ ᠲᠤᠮᠳᠠᠳᠤ ᠤᠯᠤᠰ ᠤᠨ ᠲᠡᠤᠬᠡ ᠶᠢᠨ ᠰᠤᠳᠤᠷ | ᠪᠢᠴᠢᠭ ᠤᠨ ᠨᠢᠭᠡᠳᠦᠭᠡᠷ ᠬᠠᠳᠠᠭᠠᠯᠠᠯᠳᠠ ᠶᠢᠨ ᠭᠠᠵᠠᠷ᠂ ᠪᠡᠭᠡᠵᠢᠩ ᠤᠨ ᠰᠤᠳᠤᠷ ᠪᠢᠴᠢᠭ ᠤᠨ ᠬᠦᠷᠢᠶᠡᠯᠡᠩ᠂ | ᠦᠪᠦᠷ ᠮᠤᠩᠭᠤᠯ ᠤᠨ ᠲᠠᠩᠰᠠ ᠡᠪᠬᠡᠮᠡᠯ ᠤᠨ ᠭᠠᠵᠠᠷ᠂ ᠲᠠᠶᠢᠸᠠᠨ ᠤ ᠲᠠᠶᠢᠪᠸᠢ ᠳᠠᠬᠢ ᠲᠡᠦᠬᠡ ᠰᠤᠳᠤᠷ ᠤᠨ | ᠬᠠᠳᠠᠭᠠᠯᠠᠯᠳᠠ ᠶᠢᠨ ᠭᠠᠵᠠᠷ ᠪᠤᠯᠤᠨ ᠲᠤᠮᠳᠠᠳᠤ ᠤᠯᠤᠰ ᠤᠨ ᠨᠡᠶᠢᠭᠡᠮ ᠤᠨ ᠰᠢᠨᠵᠢᠯᠡᠬᠦ ᠤᠬᠠᠭᠠᠨ ᠤ ᠬᠦᠷᠢᠶᠡᠯᠡᠩ ᠤᠨ | ᠨᠤᠮ ᠤᠨ ᠰᠠᠩ᠂ ᠲᠦᠪ ᠤᠨ ᠦᠨᠳᠦᠰᠦᠳᠡᠨ ᠤ ᠶᠡᠭᠡ ᠰᠤᠷᠭᠠᠭᠤᠯᠢ ᠶᠢᠨ ᠨᠤᠮ ᠤᠨ ᠰᠠᠩ᠂ ᠦᠪᠦᠷ ᠮᠤᠩᠭᠤᠯ ᠤᠨ | ᠶᠡᠭᠡ ᠰᠤᠷᠭᠠᠭᠤᠯᠢ ᠶᠢᠨ ᠨᠤᠮ ᠤᠨ ᠰᠠᠩ ᠵᠡᠷᠭᠡ ᠡᠯ᠎ᠡ ᠭᠠᠵᠠᠷ ᠤᠨ ᠲᠤᠮᠤ ᠲᠤᠮᠤ ᠲᠠᠩᠰᠠ ᠡᠪᠬᠡᠮᠡᠯ ᠤᠨ ᠭᠠᠵᠠᠷ | ᠪᠤᠶᠤ ᠨᠤᠮ ᠤᠨ ᠰᠠᠩ ᠠᠴᠠ ᠡᠷᠳᠡᠨ ᠡᠳᠦᠭᠡ ᠲᠤᠳᠤᠭᠠᠳᠤ ᠭᠠᠳᠠᠭᠠᠳᠤ ᠶᠢᠨ ᠤᠯᠠᠨ ᠤᠯᠠᠨ ᠦᠨᠳᠦᠰᠦᠳᠡᠨ ᠤ | ᠬᠡᠯᠡ ᠪᠠᠷ ᠪᠢᠴᠢᠭᠳᠡᠨ ᠬᠡᠪᠯᠡᠭᠳᠡᠭᠰᠡᠨ᠂ ᠰᠤᠳᠤᠯᠤᠨ ᠨᠠᠶᠢᠷᠠᠭᠤᠯᠤᠭᠰᠠᠨ 97 ᠬᠤᠪᠢ ᠬᠤᠪᠤᠷ ᠴᠤᠬᠠᠭ᠂ ᠰᠤᠩᠭᠤᠳᠠᠭ | ᠨᠢᠭᠤᠴᠠ ᠰᠤᠳᠤᠷ ᠪᠢᠴᠢᠭ ᠲᠡᠤᠬᠡᠨ ᠮᠡᠲ᠋ᠧᠷᠢᠶᠠᠯ ᠢ ᠬᠠᠷᠭᠤᠭᠤᠯᠤᠨ ᠰᠤᠳᠤᠯᠵᠤ ᠨᠠᠶᠢᠷᠠᠭᠤᠯᠤᠭᠰᠠᠨ ᠠᠴᠠ ᠪᠠᠷᠢᠮᠳᠠᠳᠤ | ᠴᠢᠨᠠᠷ᠂ ᠰᠤᠷᠪᠤᠯᠵᠢᠳᠤ ᠴᠢᠨᠠᠷ᠂ ᠢᠳᠡᠭᠡᠮᠵᠢᠳᠤ ᠴᠢᠨᠠᠷ ᠢᠶᠠᠷ ᠪᠠᠳᠤᠯᠭ᠎ᠠ ᠲᠠᠢ ᠲᠡᠦᠬᠡ ᠶᠢᠨ ᠨᠤᠮ ᠪᠤᠯᠬᠤᠷ | ᠲᠡᠦᠬᠡ ᠪᠠᠨ ᠰᠤᠳᠤᠯᠬᠤ ᠳᠤᠷ᠎ᠠ ᠰᠤᠨᠢᠷᠬᠠᠯᠳᠡᠢ ᠪᠤᠶᠤ ᠲᠡᠦᠬᠡ ᠪᠠᠨ ᠰᠤᠳᠤᠯᠵᠤ ᠨᠤᠲᠠᠯᠠᠶᠠ ᠭᠡᠳ ᠪᠠᠷᠢᠮᠳᠠ ᠤᠯᠳᠠᠭ | ᠦᠭᠡᠢ᠂ ᠲᠡᠦᠬᠡ ᠶᠢᠨ ᠪᠠᠷᠢᠮᠳᠠ ᠶᠠᠭᠤ ᠪᠤᠯᠬᠤ ᠶᠢ ᠮᠡᠳᠡᠳᠡᠭ ᠦᠭᠡᠢ᠂ ᠬᠠᠮᠢᠭ᠎ᠠ ᠠᠴᠠ ᠡᠷᠢᠬᠦ ᠪᠠᠨ ᠴᠦ ᠮᠡᠳᠡᠳᠡᠭ | ᠦᠭᠡᠢ᠂ ᠵᠦᠪᠬᠡᠨ ︽ᠮᠢᠨᠤ ᠦᠵᠡᠬᠦ ᠪᠠᠷ᠂᠂᠂᠂᠂᠂︾᠂ ︽ᠮᠢᠨᠤ ᠪᠤᠳᠤᠬᠤ ᠪᠠᠷ᠂᠂᠂᠂᠂᠂︾᠂ ︽ᠮᠢᠨᠤ | ᠰᠤᠨᠤᠰᠤᠭᠰᠡᠨ ᠢᠶᠠᠷ᠂᠂᠂᠂᠂᠂᠂︾᠂ ︽ᠠᠷᠠᠳ ᠤᠨ ᠠᠮᠠᠨ ᠶᠠᠷᠢᠶᠠᠨ ᠳᠤ᠂᠂᠂᠂᠂᠂︾᠂ ︽ᠦᠯᠢᠭᠡᠷ ᠳᠤᠮᠤᠭ | ᠲᠤ ᠬᠡᠯᠡᠵᠤ ᠪᠠᠶᠢᠬᠤ ᠪᠠᠷ᠂᠂᠂᠂᠂᠂︾ ᠭᠡᠬᠦ ᠮᠡᠳᠤ ᠶᠢᠨ ᠰᠤᠳᠤᠯᠤᠭᠠᠴᠢ ᠪᠢᠳᠡ ᠪᠦᠬᠦᠨ ᠳᠤ ᠬᠤᠪᠤᠷ ᠴᠤᠬᠠᠭ | ᠪᠠᠷᠢᠮᠳᠠᠳᠤ ᠰᠤᠷᠪᠤᠯᠵᠢ ᠶᠢ ᠬᠠᠨᠭ᠍ᠭᠠᠵᠤ ᠦᠭᠭᠦᠭᠰᠡᠨ ᠨᠢ ᠪᠠᠶᠠᠷᠯᠠᠭᠤᠰᠢᠳᠡᠢ ᠤᠴᠢᠷ ᠪᠤᠯᠤᠨ᠎ᠠ᠃ ᠡᠷᠳᠡᠨ ᠡᠳᠦᠭᠡ᠂ | ᠳᠤᠳᠤᠭᠠᠳᠤ ᠭᠠᠳᠠᠭᠠᠳᠤ ᠶᠢᠨ ᠲᠡᠦᠬᠡ ᠰᠤᠳᠤᠯᠤᠭᠠᠴᠢ ᠨᠠᠷ ᠲᠡᠦᠬᠡ ᠶᠢᠨ ᠨᠤᠮ ᠰᠤᠳᠤᠷ ᠪᠤᠶᠤ ᠬᠠᠭᠤᠴᠢ ᠡᠳ᠋ | ᠦᠯᠦᠭ ᠮᠡᠳᠤ ᠶᠢᠨ ᠪᠤᠳᠠᠳᠤ ᠪᠠᠷᠢᠮᠳᠠ ᠪᠠᠷ ᠡᠰᠢ ᠪᠤᠯᠭᠠᠨ ᠰᠤᠳᠤᠯᠤᠨ ᠨᠤᠳᠠᠯᠠᠳᠠᠭ ᠠᠴᠠ ᠪᠢᠰᠢ ︽ᠪᠤᠳᠤᠭᠰᠡᠨ᠂ | ᠰᠤᠨᠤᠰᠤᠭᠰᠡᠨ ᠢᠶᠠᠷ ᠢᠶᠠᠨ ᠪᠤᠶᠤ ᠪᠠᠷᠢᠮᠳᠠ ᠦᠭᠡᠢ ᠠᠮᠠᠨ ᠦᠯᠢᠭᠡᠷ ᠢᠶᠠᠷ ᠡᠰᠢᠯᠡᠨ ᠨᠤᠳᠠᠯᠠᠵᠤ ᠪᠤᠯᠳᠠᠭ ᠦᠭᠡᠢ | ᠭᠡᠳᠡᠭ ᠢ ᠲᠡᠦᠬᠡ ᠶᠢᠨ ᠪᠠᠯᠠᠢ᠂ ᠰᠤᠶᠤᠯ ᠤᠨ ᠪᠠᠯᠠᠢ ᠪᠢᠰᠢ ᠯᠠ ᠶᠤᠮ ᠪᠤᠯ ᠪᠦᠷ ᠮᠡᠳᠡᠬᠦ ᠪᠠᠶᠢᠬ᠎ᠠ︖︕ | ︽ᠪᠠᠭᠠᠷᠢᠨ ᠪᠠᠷᠠᠭᠤᠨ ᠬᠤᠰᠢᠭᠤᠨ ᠤ ᠬᠢᠨ ᠬᠢᠭᠡᠳ ᠰᠡᠴᠡᠨ ᠲᠡᠭᠡᠳᠦ ᠭᠦᠷᠦᠨ ᠭᠦᠡᠭᠵᠦ︾ 〈 巴林右旗 | 与固伦淑慧公主 〉ᠬᠡᠮᠡᠬᠦ ᠨᠤᠮ ᠢ ᠨᠠᠶᠢᠷᠠᠭᠤᠯᠬᠤ ᠳᠤ ᠡᠰᠢᠯᠡᠭᠰᠡᠨ ᠨᠤᠮ ᠠᠴᠠ ᠬᠡᠳᠦ ᠶᠢ | ᠵᠢᠱᠢᠶᠡᠯᠡᠨ ᠲᠤᠷᠠᠳᠪᠠᠰᠤ᠄ | 1᠂ ︽︵ᠡᠩᠬᠡ ᠠᠮᠤᠭᠤᠯᠠᠩ︶ ᠴᠢᠩ ᠭᠦᠷᠦᠨ ᠤ ᠬᠠᠤᠯᠢ ᠲᠦᠷᠢᠮ ᠤᠨ ᠬᠤᠷᠢᠶᠠᠩᠭᠤᠢ᠂ 康熙᠂大清会 | 典︾ | 2᠂ ︽ᠴᠢᠩ ᠭᠦᠷᠦᠨ ᠤ ᠡᠪᠦᠭᠡ ᠲᠡᠭᠡᠳᠦᠰ᠂ ᠦᠬᠢᠳ ᠦᠷᠡᠰ ᠤᠨ ᠭᠤᠤᠯ ᠨᠠᠮᠳᠠᠷ ᠤᠨ ᠬᠠᠰ ᠲᠡᠪᠳᠠᠷ᠂ 清代 | 列祖女孙直档玉碟︾ | 3᠂ ︽ᠡᠩᠬᠡ ᠠᠮᠤᠭᠤᠯᠠᠩ ᠤᠨ ᠲᠦᠷᠦ ᠶᠢᠨ ᠤᠯᠠᠭᠠᠨ ᠴᠤᠬᠤᠯᠠᠪᠤᠷᠢᠳᠦ ᠮᠠᠨᠵᠦ ᠪᠢᠴᠢᠭ ᠤᠨ ᠠᠶᠢᠯᠠᠳᠬᠠᠯ ᠡᠪᠬᠡᠮᠡᠯ | ᠤᠨ ᠪᠦᠷᠢᠨ ᠤᠷᠴᠢᠭᠤᠯᠭ᠎ᠠ᠂康熙朝满文朱批奏折全译︾ | 4᠂ ︽ᠴᠢᠩ ᠬᠦᠷᠦᠨ ᠤ ᠡᠬᠢᠨ ᠤ ᠦᠶ᠎ᠡ ᠳᠠᠬᠢ ᠭᠠᠳᠠᠭᠠᠳᠤ ᠮᠤᠩᠭᠤᠯ ᠢ ᠵᠠᠰᠠᠬᠤ ᠶᠠᠪᠤᠳᠠᠯ ᠤᠨ ᠶᠠᠮᠤᠨ ᠤ ᠮᠠᠨᠵᠦ | ᠮᠤᠩᠭᠤᠯ ᠴᠣᠬᠤᠯᠠᠪᠣᠷᠢᠳᠦ ᠲᠡᠪᠳᠡᠷ᠂ 清朝前期理潘院满蒙文题本︾ | 5᠂ ︽ᠪᠤᠯᠤᠷ ᠡᠷᠢᠭᠡ᠂ 水晶念珠︾ | 6᠂ ︽ᠡᠷᠬᠢᠮ ᠲᠡᠭᠡᠳᠦ ᠭᠦᠡᠭᠵᠦ ᠮᠠᠮᠠ ᠶᠢᠨ ᠸᠠᠩ ᠨᠤᠶᠠᠳ ᠤᠨ ᠬᠠᠭᠤᠴᠢᠨ ᠤ ᠦᠨᠳᠦᠰᠦᠨ ᠤ ᠪᠢᠴᠢᠭ᠂ 尊贵 | 的公主妈妈之王公旧氏族谱︾ | 7᠂ ᠳ᠋ᠦ᠋ ᠵᠢᠶᠠ ᠵᠢᠢ ︵杜家骥︶᠄ ︽ᠮᠠᠨᠵᠤ ᠮᠤᠩᠭᠤᠯ ᠤᠨ ᠤᠷᠤᠭᠴᠠᠭᠠᠨ ᠤ ᠰᠤᠳᠤᠯᠤᠯ︾︔ | 8᠂ ᠪᠤᠶᠠᠨᠳᠡᠯᠭᠡᠷ᠄ ︽1628 ᠤᠨ ᠳᠤ ᠠᠶᠢᠰᠢᠨ ᠭᠦᠷᠦᠨ ᠤ ᠢᠵᠠᠭᠤᠷᠳᠠᠳ ᠬᠢᠭᠡᠳ ᠮᠤᠩᠭᠤᠯ | ᠢᠵᠠᠭᠤᠷᠳᠠᠳ ᠤᠨ ᠲᠤᠭᠳᠠᠭᠠᠭᠰᠡᠨ ᠨᠢᠭᠡᠨ ᠬᠤᠪᠢ ᠰᠦᠢ ᠲᠤᠭᠳᠠᠬᠤ ᠪᠤᠶᠤ ᠤᠷᠤᠭ ᠬᠤᠷᠢᠮ ᠤᠨ ᠪᠤᠯᠵᠤᠭ᠎ᠠ | ᠪᠢᠴᠢᠭ︾ ᠃ | 9᠂ ᠠᠮᠧᠷᠢᠺᠠ ᠤᠯᠤᠰ ᠤᠨ ᠮᠤᠩᠭᠤᠯ ᠰᠤᠳᠤᠯᠤᠭᠠᠴᠢ ᠵᠠᠭᠴᠢᠳᠰᠡᠴᠡᠨ ︵扎奇斯钦︶᠄ ︽ᠴᠢᠩ | ᠤᠯᠤᠰ ᠤᠨ ᠦᠶ᠎ᠡ ᠶᠢᠨ ᠮᠠᠨᠵᠤ ᠮᠤᠩᠭᠤᠯ ᠤᠨ ᠤᠷᠤᠭᠴᠠᠭᠠ︾︔ | ︵6︶ ᠪᠠᠭᠠᠷᠢᠨ ᠤ ᠬᠤᠶᠠᠷ ᠵᠢᠶᠦ᠋ᠨ ᠸᠠᠩ ᠳᠤ ᠮᠤᠷᠳᠠᠵᠤ ᠢᠷᠡᠭᠡᠳ ᠲᠠᠭᠠᠯᠠᠯ ᠪᠤᠯᠤᠭᠰᠠᠨ ᠬᠤᠶᠠᠷ | ᠭᠦᠡᠭᠵᠦ ᠶᠢᠨ ᠤᠡᠭᠭᠤᠨ ᠳᠤ ᠲᠤᠰᠬᠠᠢ ᠵᠤᠯᠠᠴᠢᠳ ᠲᠤᠬᠢᠷᠠᠭᠤᠯᠤᠭᠰᠠᠨ ᠤᠴᠢᠷ ᠤᠨ ᠲᠤᠬᠠᠢ ᠲᠡᠤᠬᠡ ᠰᠤᠳᠤᠯᠤᠭᠠᠴᠢ | ᠲᠠᠮᠢᠷ ᠠᠪᠠᠭ᠋ᠠᠢ ︽ᠪᠠᠭᠠᠷᠢᠨ ᠪᠠᠷᠠᠭᠤᠨ ᠬᠤᠰᠢᠭᠤᠨ ᠤ ᠬᠢᠨ ᠬᠢᠭᠡᠳ ᠰᠡᠴᠡᠨ ᠲᠡᠭᠡᠳᠦ ᠭᠦᠷᠦᠨ ᠭᠦᠡᠭᠵᠦ︾ ᠬᠡᠮᠡᠬᠦ | ᠨᠤᠮ ᠳᠠᠭᠠᠨ ︽1652 ᠤᠨ ︵ᠡᠶᠡᠪᠡᠷ ᠵᠠᠰᠠᠭᠴᠢ ᠶᠢᠨ ᠶᠢᠰᠦᠳᠦᠭᠡᠷ ᠤᠨ︶ ᠳᠤ ᠬᠦᠷᠦᠨ ᠭᠦᠡᠭᠵᠦ ᠶᠢᠨ | ᠤᠡᠭᠭᠤᠨ ᠢ ᠵᠢᠶᠦ᠋ᠨ ᠸᠠᠩ᠂ ᠪᠠᠶᠢᠯ᠎ᠡ ᠪᠠᠶᠢᠰᠠ ᠲᠠᠢ ᠠᠳᠠᠯᠢ ᠪᠠᠷ ᠵᠢᠷᠭᠤᠭᠠᠨ ᠡᠷᠦᠬᠡ ᠶᠢ ᠲᠤᠮᠢᠯᠠᠵᠦ ᠰᠠᠬᠢᠭᠤᠯᠵᠦ | ᠪᠤᠯᠤᠨ᠎ᠠ ᠬᠡᠮᠡᠨ ᠲᠤᠭᠳᠠᠭᠠᠪᠠ︾ ᠬᠡᠮᠡᠭᠰᠡᠨ ︵ᠡᠩᠬᠡ ᠠᠮᠤᠭᠤᠯᠠᠩ ︶ ︽ᠴᠢᠩ ᠭᠦᠷᠦᠨ ᠤ ᠬᠠᠤᠯᠢ ᠲᠦᠷᠢᠮ ᠤᠨ | ᠬᠤᠷᠢᠶᠠᠩᠭᠤᠢ᠂〈康熙᠂大清会典〉142 ᠳ᠋ᠣᠭᠠᠷ ᠪᠤᠳᠢ ︽ᠭᠠᠳᠠᠭᠠᠳᠤ ᠮᠤᠩᠭᠤᠯ ᠢ ᠵᠠᠰᠠᠬᠤ | ᠶᠠᠪᠤᠳᠠᠯ ᠤᠨ ᠶᠠᠮᠤᠨ᠂ ᠲᠦᠷᠪᠡᠳᠦᠭᠡᠷ ᠲᠡᠪᠳᠡᠷ᠂ ᠡᠶᠡᠪᠡᠷ ᠵᠠᠰᠠᠭᠴᠢ ᠶᠢᠨ ᠶᠢᠰᠦᠳᠦᠭᠡᠷ ᠤᠨ〈理潘院᠂丁 | 册᠂顺治九年〉︾ ᠲᠡᠤᠬᠡᠨ ᠮᠡᠲ᠋ᠧᠷᠢᠶᠠᠯ ᠢ ᠡᠰᠢᠯᠡᠨ ᠲᠤᠳᠤᠷᠬᠠᠶᠢᠯᠠᠭᠰᠠᠨ ᠪᠠᠶᠢᠨ᠎ᠠ᠃ | ᠡᠭᠦᠨ ᠠᠴᠠ ᠪᠢᠳᠡ ᠰᠡᠴᠡᠨ ᠲᠡᠭᠡᠳᠦ ᠬᠦᠷᠦᠨ ᠭᠦᠡᠭᠵᠦ ᠶᠢᠨ ᠤᠡᠭᠭᠤᠨ ᠢ ᠰᠠᠬᠢᠬᠤ ᠶᠠᠪᠤᠳᠠᠯ ᠢ ᠲᠦᠷᠦ ᠶᠢᠨ | ᠤᠷᠳᠤᠨ ᠤ ᠲᠤᠭᠳᠠᠭᠠᠯ ᠶᠤᠰᠤᠭᠠᠷ ᠲᠤᠬᠢᠷᠠᠭᠤᠯᠤᠭᠰᠠᠨ ᠭᠡᠳᠡᠭ ᠢ ᠲᠤᠳᠤᠷᠬᠠᠢ ᠤᠶᠢᠯᠠᠭᠠᠵᠦ ᠪᠤᠯᠤᠨ᠎ᠠ᠃ ᠭᠡᠪᠡᠴᠦ | ᠰᠡᠴᠡᠨ ᠲᠡᠭᠡᠳᠦ ᠭᠦᠡᠭᠵᠦ ᠶᠢᠨ ᠤᠡᠭᠭᠤᠨ ᠢ ᠰᠠᠬᠢᠭᠴᠢ ᠵᠤᠯᠠᠴᠢᠳ ᠵᠢᠷᠭᠤᠭᠠᠬᠠᠨ ᠡᠷᠦᠬᠡ ᠪᠠᠷ ᠲᠤᠭᠳᠠᠬᠤ ᠪᠢᠰᠢ᠂ | ᠬᠠᠷᠢᠨ ᠢᠨᠵᠢ ᠪᠠᠷ ᠢᠷᠡᠭᠰᠡᠨ ᠳᠤᠯᠤᠭᠠᠨ ᠤᠭᠰᠠᠭ᠎ᠠ ᠦᠨᠳᠦᠰᠦᠲᠡᠨ ︵ᠮᠤᠩᠭᠤᠯ ᠤᠭᠰᠠᠭᠠᠳᠠᠨ ᠤᠯᠠᠩᠬᠢ ᠲᠤᠭ᠎ᠠ | ᠶᠢ ᠡᠵᠡᠯᠡᠵᠤ ᠪᠠᠶᠢᠯ᠎ᠠ ᠭᠡᠵᠤ ᠲᠤᠬᠠᠢ ᠶᠢᠨ ᠤᠷᠤᠨ ᠤ ᠬᠢᠨ ᠪᠠᠳᠤ ᠲᠠᠢ ᠬᠡᠯᠡᠳᠡᠭ ᠶᠤᠮ︶ ᠠᠴᠠ ᠳᠦᠴᠢᠨ ᠡᠷᠦᠬᠡ | ᠶᠢ ᠲᠤᠬᠢᠷᠠᠭᠤᠯᠤᠭᠰᠠᠨ ᠪᠠᠶᠢᠨ᠎ᠠ᠂ ᠲᠤᠬᠠᠢ ᠶᠢᠨ ᠦᠶ᠎ᠡ ᠶᠢᠨ ᠳᠦᠴᠢᠨ ᠡᠷᠦᠬᠡ ᠨᠢ ᠡᠳᠦᠭᠡ ᠪᠤᠯᠬᠤ ᠳᠤ ᠭᠤᠷᠪᠠᠨ | ᠭᠠᠴᠠᠭ᠎ᠠ 600 ᠢᠯᠡᠬᠦᠤ ᠡᠷᠦᠬᠡ ᠲᠠᠢ ᠮᠠᠯᠵᠢᠬᠤ ᠤᠶᠢᠯᠡᠳᠪᠦᠷᠢᠯᠡᠯ ᠢ ᠡᠷᠬᠢᠯᠡᠭᠰᠡᠨ ᠮᠤᠩᠭᠤᠯ ᠠᠶᠢᠯ ᠪᠤᠯᠤᠭᠠᠳ | ᠪᠤᠢ᠃ | ᠠᠳᠡ ᠤᠨᠴᠠᠯᠠᠨ ᠳᠤᠷᠠᠳᠤᠭᠤᠰᠢᠲᠠᠢ ᠤᠴᠢᠷ ᠭᠡᠪᠡᠯ ᠵᠤᠯᠠᠴᠢᠨ ᠭᠤᠤᠯ ᠤᠨ ᠭᠤᠷᠪᠠᠨ ᠭᠠᠴᠠᠭ᠎ᠠ ᠨᠢ ᠵᠦᠪᠬᠡᠨ ︽ | ᠰᠡᠴᠡᠨ ᠳᠡᠭᠡᠳᠤ ᠭᠦᠷᠦᠨ ᠭᠦᠡᠭᠵᠤ︾ ᠶᠢᠨ ᠭᠡᠭᠡᠨ ᠢ ᠰᠠᠬᠢᠭᠴᠢ ᠵᠤᠯᠠᠴᠢᠳ ᠢᠶᠠᠷ ᠯᠠ ᠪᠦᠷᠢᠯᠳᠦᠭᠰᠡᠨ ᠪᠢᠰᠢ᠂ | ᠬᠠᠷᠢᠨ ᠬᠡᠴᠦᠨᠡᠨ ᠵᠠᠭᠤᠨ ᠤ ᠲᠤᠷᠰᠢ ᠴᠠᠭᠠᠨᠮᠦ᠋ᠷᠡᠨ ᠭᠤᠤᠯ ᠢ ᠪᠠᠨ ᠦᠭᠰᠦᠨ ᠤᠷᠤᠭᠤᠳᠠᠵᠤ ᠠᠵᠤ ᠲᠦᠷᠦᠵᠤ | ᠪᠠᠶᠢᠭᠰᠡᠨ ᠪᠤᠷᠵᠢᠬᠢᠨ᠂ ᠮᠦᠰᠦᠴᠢᠨ᠂ ᠵᠠᠶᠢᠰᠠᠩ᠂ ᠵᠠᠯᠠᠶᠢᠴᠢᠳ᠂ ᠪᠦᠬᠡᠴᠢᠳ᠂ ᠨᠢᠴᠦᠭᠦᠳ ᠵᠡᠷᠭᠡ ᠤᠯᠠᠨ ᠤᠯᠠᠨ | ᠢᠵᠠᠭᠤᠷ ᠤᠤᠭᠠᠯ ᠤᠳ ᠴᠤ ᠪᠠᠶᠢᠳᠠᠭ᠂ ᠠᠳᠡᠬᠢ ᠪᠤᠷᠵᠢᠭᠢᠳ ᠨᠢ ᠴᠦᠮ ᠰᠧᠪᠳᠡᠨ ᠸᠠᠩ᠂ ᠰᠡᠴᠡᠨ ᠳᠡᠭᠡᠳᠤ | ᠭᠦᠷᠦᠨ ᠭᠦᠡᠭᠵᠤ ᠶᠢᠨ ᠬᠤᠶᠢᠴᠢᠰ ᠪᠤᠯᠬᠤᠷ ᠦᠡᠭᠭᠡᠷᠡᠭᠰᠡᠨ ᠳᠡᠭᠡᠨ ᠡᠨᠡ ᠤᠰᠤ ᠨᠤᠳᠤᠭ ᠤᠨ ᠡᠵᠡᠨ ᠤ ᠬᠤᠪᠢ ᠪᠠᠷ | ᠬᠠᠮᠢᠶᠠᠷᠴᠤ ᠵᠠᠬᠢᠷᠠᠳᠠᠭ ᠮᠦᠷᠳᠡᠭᠡᠨ ᠪᠦᠬᠦᠶᠢᠯᠡ ᠳᠠᠬᠢᠯ ᠲᠠᠶᠢᠯᠠᠭ᠎ᠠ ᠶᠢᠨ ᠤᠶᠢᠯᠡ ᠶᠢ ᠬᠢᠨᠠᠨ ᠭᠦᠢᠴᠡᠳᠬᠡᠳᠡᠭ ᠶᠤᠮ᠃ | ᠤᠨ ᠤ ᠤᠳᠠᠭᠠᠨ ᠲᠡᠦᠬᠡ ᠶᠢᠨ ᠶᠠᠪᠤᠴᠠ ᠳᠤ ᠲᠡᠳᠡᠨ ᠤ ᠵᠠᠷᠢᠮ ᠨᠢ ᠦᠪᠡᠷ ᠢ ᠪᠠᠨ ︽ᠵᠤᠯᠠᠴᠢᠨ ᠤ ᠪᠤᠷᠵᠢᠬᠢᠳ︾᠂ | ︽ᠵᠤᠯᠠᠴᠢᠨ ᠪᠤᠷᠵᠢᠬᠢᠨ︾ ᠬᠡᠮᠡᠨ ᠲᠤᠳᠤᠳᠬᠠᠨ ᠬᠡᠯᠡᠳᠡᠭ ᠴᠤ ᠪᠤᠢ᠃ ᠡᠨᠡᠬᠦ ︽ᠵᠤᠯᠠᠴᠢᠨ︾ ᠭᠡᠳᠡᠭ ᠨᠢ ︽ | ᠪᠤᠷᠵᠢᠬᠢᠨ︾ ᠤᠪᠤᠭ ᠤᠨ ᠬᠢᠨᠢ ᠲᠤᠳᠤᠳᠬᠠᠯ ᠪᠢᠰᠢ᠂ ᠬᠠᠷᠢᠨ ᠰᠠᠭᠤᠭᠰᠠᠨ ︽ᠨᠤᠳᠤᠭ︾ ᠶᠢᠨ ᠬᠢᠨᠢ ᠳᠤᠳᠤᠳᠬᠠᠯ | ᠪᠤᠶᠤ ᠡᠰᠡᠬᠦᠯ᠎ᠡ ᠬᠢᠨᠠᠨ ᠭᠦᠢᠴᠡᠳᠬᠡᠳᠡᠭ ︽ᠵᠤᠯᠠᠴᠢ︾ ᠤᠶᠢᠯᠡ ᠶᠢᠨ ᠬᠢᠨᠢ ᠲᠤᠳᠤᠳᠬᠠᠯ ᠪᠠᠶᠢᠭ᠎ᠠ ᠶᠤᠮ᠃ ᠳᠠᠷᠤᠢ | ︽ᠠᠤᠬᠠᠨ ᠪᠤᠷᠵᠢᠬᠢᠨ︾᠂ ︽ᠵᠠᠷᠤᠳ ᠪᠤᠷᠵᠢᠬᠢᠨ︾ ᠭᠡᠬᠦ ᠲᠤᠬᠠᠢ ᠶᠢᠨ ᠤᠪᠤᠭ ᠠᠶᠢᠮᠠᠭᠳᠠᠨ ᠤ ᠰᠠᠭᠤᠭ᠎ᠠ ᠤᠰᠤ | ᠨᠤᠳᠤᠭ ᠢ ᠨᠢ ᠢᠯᠭᠠᠨ ᠳᠤᠳᠤᠳᠬᠠᠭᠰᠡᠨ ᠲᠠᠢ ᠠᠳᠠᠯᠢ ᠤᠬᠠᠭᠳᠠᠬᠤᠨ ᠪᠤᠯᠤᠨ᠎ᠠ᠃ ᠡᠨᠡ ᠨᠢ ᠡᠳᠦᠭᠡ ᠶᠢᠨ | ᠴᠡᠴᠡᠷᠯᠢᠭ ᠤᠨ ᠬᠡᠦᠬᠡᠳ ᠴᠤ ᠤᠶᠢᠯᠠᠭᠠᠴᠢᠬᠠᠬᠤ ᠳᠦᠭᠦᠮ ᠤᠬᠠᠭᠳᠠᠬᠤᠨ ᠪᠠᠶᠢᠳᠠᠯ᠎ᠠ᠂ ᠲᠦᠷᠤ ᠭᠦᠷᠦᠨ ᠤ | ᠤᠯᠠᠷᠢᠯ ᠤᠨ ᠲᠡᠦᠬᠡ᠂ ᠦᠨᠳᠦᠰᠦᠳᠡᠨ ᠤᠭᠰᠠᠭᠠᠳᠠᠨ ᠤ ᠬᠦᠭᠵᠢᠯ ᠤᠨ ᠲᠡᠦᠬᠡ ᠶᠢ ᠰᠤᠳᠤᠯᠬᠤ ᠶᠢ ᠰᠠᠨᠠᠭᠠᠰᠢᠷᠠᠵᠤ | ᠠᠳᠠᠯ᠎ᠠ ᠪᠠᠨ ᠠᠯᠢ ᠨᠢ ᠶᠠᠭᠤᠨ ᠤ ᠳᠤᠳᠤᠳᠬᠠᠯ ᠪᠤᠯᠬᠤ ᠶᠢ ᠢᠯᠭᠠᠵᠤ ᠮᠡᠳᠡᠬᠦ ᠦᠭᠡᠢ ᠰᠤᠳᠤᠯᠤᠭᠠᠴᠢ ᠨᠠᠷ ᠲᠠᠢ | ᠬᠡᠯᠡᠯᠴᠡᠬᠦ ᠤᠴᠢᠷ ᠶᠠᠭᠤᠨ︕︖ | ︽ᠭᠦᠡᠭᠵᠦ ᠶᠢᠨ ᠰᠤᠶᠤᠯ︾ ᠤᠨ ᠴᠢᠬᠤᠯᠠ ᠠᠭᠤᠯᠭ᠎ᠠ ᠶᠢᠨ ᠨᠢᠭᠡ ᠨᠢ ᠪᠤᠯᠬᠤ᠂ ᠵᠢᠯ ᠤᠨ ᠵᠢᠷᠭᠤᠭ᠎ᠠ ᠤᠳᠠᠭ᠎ᠠ ᠶᠢᠨ | ᠦᠪᠡᠳᠡᠭᠰᠢ ᠲᠠᠬᠢᠯᠭ᠎ᠠ ᠶᠢᠨ ᠵᠠᠩ ᠦᠢᠯᠡ ᠨᠢ ᠰᠢᠰᠲ᠋ᠧᠮᠵᠢᠭᠰᠡᠨ ᠰᠤᠶᠤᠯ ᠤᠨ ᠠᠭᠤᠯᠠᠬᠤᠨ ᠲᠠᠢ᠂ ᠲᠦᠷᠢᠮᠵᠢᠭᠰᠡᠨ | ᠤᠯᠠᠮᠵᠢᠯᠠᠯᠳᠤ ᠵᠤᠷᠰᠢᠯ ᠲᠠᠢ ᠮᠦᠷᠭᠦᠯ ᠲᠠᠬᠢᠯᠭ᠎ᠠ ᠪᠤᠯᠤᠭᠰᠠᠨ ᠤ ᠤᠯᠠᠮ ᠢᠶᠠᠷ ᠰᠡᠴᠡᠨ ᠲᠡᠭᠡᠳᠦ ᠬᠦᠷᠦᠨ ᠭᠦᠡᠭᠵᠦ | ᠶᠢᠨ ᠭᠡᠭᠡᠨ ᠢᠵᠡᠭᠤᠷ ᠨᠢ ᠨᠢᠭᠡᠨᠳᠡ ᠡᠨᠡ ᠤᠰᠤ ᠨᠤᠳᠤᠭ ᠤᠨ ︽ᠰᠠᠬᠢᠭᠤᠯᠰᠤᠨ︾ ᠪᠤᠯᠤᠭᠠᠳ᠂ ᠵᠢᠯ ᠵᠢᠯ ᠤᠨ | ᠰᠦᠵᠢᠭ ᠲᠠᠭᠠᠳᠬᠠᠯ ᠢ ᠨᠢ ᠬᠦᠯᠢᠶᠡᠨ ᠪᠡᠶᠡᠯᠡᠭᠦᠯᠦᠭᠴᠢ᠂ ᠤᠨ ᠤᠨ ᠤ ᠬᠦᠰᠡᠯ ᠵᠤᠷᠢᠯᠳᠠ ᠢ ᠨᠢ ᠢᠪᠡᠭᠡᠨ | ᠰᠤᠶᠤᠷᠬᠠᠭᠴᠢ᠂ ᠷᠢᠳᠢ ᠰᠢᠳᠢ ᠶᠢᠨ ᠬᠤᠪᠢᠯᠭᠠᠨ᠂ ᠦᠷ᠎ᠡ ᠬᠤᠶᠢᠴᠢᠰ᠂ ᠦᠨᠡᠨ ᠰᠦᠰᠦᠭᠳᠡᠨ ᠬᠢᠭᠡᠳ ᠦᠶ᠎ᠡ ᠦᠶ᠎ᠡ | ᠶᠢᠨ ᠵᠤᠯᠠᠴᠢᠳ ᠨᠠᠷ ᠤᠨ ᠲᠡᠭᠡᠳᠦ ᠰᠢᠳᠦᠭᠡᠨ ᠨᠢ ᠪᠤᠯᠤᠭᠰᠠᠨ ᠪᠠᠶᠢᠭ᠎ᠠ ᠶᠤᠮ᠃ | ᠪᠠᠭᠠᠷᠢᠨ ᠪᠠᠷᠠᠭᠤᠨ ᠬᠤᠰᠢᠭᠤ ᠪᠤᠯ ᠨᠡᠭᠦᠳᠡᠯᠴᠢᠨ ᠦᠨᠳᠦᠰᠦᠳᠡᠨ ᠤ ᠤᠤᠭᠠᠯ ᠨᠤᠳᠤᠭ᠂ ᠲᠠᠯ᠎ᠠ ᠶᠢᠨ ᠮᠠᠯᠴᠢᠳ ᠤᠨ | ᠲᠠᠩᠰᠤᠭ ᠦᠯᠦᠭᠡᠢ ᠶᠤᠮᠰᠠᠨ᠃ ︽ᠭᠦᠡᠭᠵᠦ ᠶᠢᠨ ᠰᠤᠶᠤᠯ︾ ᠪᠤᠯ ᠡᠨᠡ ᠨᠤᠳᠤᠭ ᠤᠨ ᠲᠡᠯᠭᠡᠷ ᠶᠡᠭᠡ ᠲᠡᠤᠬᠡᠳᠦ | ᠰᠤᠶᠤᠯ ᠤᠨ ᠲᠤᠳᠤᠷᠠᠬᠢ ᠦᠷᠦᠭᠡᠯ ᠠᠴᠠ ᠢᠯᠠᠭᠠᠭᠳᠠᠬᠤ ᠤᠨᠴᠠᠭᠠᠢ ᠨᠢᠭᠡᠨ ᠰᠤᠶᠤᠯ ᠤᠨ ᠦᠵᠡᠭᠳᠡᠯ ᠪᠤᠶᠤ ᠢᠯᠡᠷᠡᠯ | ᠪᠤᠯᠤᠨ᠎ᠠ᠃ ᠤᠴᠢᠷ ᠨᠢ ᠡᠭᠦᠨ ᠤ ᠲᠤᠳᠤᠷ᠎ᠠ ᠭᠤᠷᠪᠠᠨ ᠲᠠᠯ᠎ᠠ ᠶᠢᠨ ᠠᠭᠤᠯᠭ᠎ᠠ ᠪᠠᠭᠳᠠᠵᠦ ᠪᠤᠢ᠃ | ᠨᠢᠭᠡ ᠳᠤ᠂ ᠴᠢᠩ ᠭᠦᠷᠦᠨ ᠤ ᠬᠠᠭᠠᠨᠳᠦ ᠲᠦᠷᠦ ᠠᠴᠠ ᠪᠦᠬᠦᠶᠢᠯᠡ ᠤᠮᠠᠷᠠᠳᠤ ᠤᠷᠤᠨ ᠳᠤ ᠬᠡᠷᠡᠭᠵᠢᠭᠦᠯᠵᠦ | ᠪᠠᠶᠢᠭᠰᠠᠨ ᠲᠦᠷᠦ ᠶᠢᠨ ᠪᠤᠳᠤᠯᠭ᠎ᠠ ᠪᠤᠶᠤ ᠠᠷᠭ᠎ᠠ ᠪᠤᠳᠤᠯᠭ᠎ᠠ ᠶᠢᠨ ᠲᠡᠤᠬᠡᠳᠦ ᠤᠴᠢᠷ ᠲᠡᠷᠡ ᠬᠡᠪ ᠢᠶᠠᠷ ᠢᠶᠠᠨ | ᠬᠠᠳᠠᠭᠠᠯᠠᠭᠳᠠᠵᠦ ᠪᠤᠢ᠃ | ᠬᠤᠶᠠᠷ ᠲᠤ᠂ ᠴᠢᠩ ᠭᠦᠷᠦᠨ ᠤ ᠬᠠᠭᠠᠨᠳᠤ ᠲᠦᠷᠦ ᠠᠴᠠ ᠪᠤᠭᠤᠮᠳᠠ ᠶᠢᠨ ᠭᠠᠳᠠᠨᠠᠬᠢ ᠳᠤ ᠬᠠᠯᠠᠮᠵᠢᠯᠠᠨ ᠲᠠᠳᠠᠬᠤ | ᠪᠤᠶᠤ ᠬᠠᠷᠠᠳᠠᠨ ᠰᠡᠷᠭᠡᠶᠢᠯᠡᠬᠦ ᠠᠷᠭ᠎ᠠ ᠶᠢ ᠤᠶᠠᠯᠳᠤᠭᠤᠯᠤᠨ ᠬᠡᠷᠡᠭᠵᠢᠭᠦᠯᠵᠦ ᠪᠠᠶᠢᠭᠰᠠᠨ ᠲᠠᠯᠳᠠ ᠪᠤᠳᠤᠯᠭ᠎ᠠ ᠪᠤᠳᠠᠳᠤ | ᠤᠴᠢᠷ ᠤᠳ ᠬᠠᠳᠠᠭᠠᠯᠠᠭᠳᠠᠵᠦ ᠪᠤᠢ᠃ | ᠭᠤᠷᠪᠠ ᠳᠤ᠂ ᠴᠢᠩ ᠭᠦᠷᠦᠨ ᠤ ᠬᠠᠭᠠᠨᠳᠤ ᠲᠦᠷᠦ ᠶᠢᠨ ᠦᠶ᠎ᠡ ᠳᠠᠬᠢ ᠪᠠᠭᠠᠷᠢᠨ ᠤ ᠤᠯᠤᠰ ᠲᠦᠷᠦ᠂ ᠠᠵᠦ | ᠠᠬᠤᠢ᠂ ᠰᠤᠶᠤᠯ᠂ ᠠᠷᠠᠳ ᠢᠷᠭᠡᠳ᠂ ᠦᠨᠳᠦᠰᠦᠳᠡᠨ ᠶᠠᠰᠣᠳᠠᠨ ᠤ ᠨᠡᠭᠦᠳᠠᠯ ᠰᠠᠭᠤᠳᠠᠯ᠂ ᠨᠡᠶᠢᠭᠡᠮ ᠤᠨ | ᠬᠦᠭᠵᠢᠯᠳᠠ ᠬᠤᠪᠢᠷᠠᠯᠳᠠ ᠲᠡᠤᠬᠡ ᠪᠤᠯᠵᠦ ᠦᠯᠡᠳᠡᠭᠡᠳ ᠦᠨᠦᠳᠦᠷ ᠮᠠᠨ ᠳᠤ ᠰᠤᠳᠤᠯᠬᠤ ᠰᠡᠳᠦᠪ ᠰᠢᠨᠵᠢᠯᠡᠬᠦ | ᠰᠦᠪᠡᠭᠴᠢ ᠶᠢᠨ ᠨᠢᠭᠡ ᠨᠢ ᠪᠤᠯᠤᠭᠠᠳ ᠪᠤᠢ᠃ | ᠰᠡᠴᠡᠨᠪᠢᠯᠢᠭ ︵ᠤᠯᠠᠭᠠᠨᠬᠠᠳᠠ ᠬᠤᠳᠠ ᠶᠢᠨ ᠪᠠᠭᠠᠷᠢᠨ ᠪᠠᠷᠠᠭᠤᠨ ᠬᠤᠰᠢᠭᠤᠨ ᠤ ᠤᠷᠴᠢᠭᠤᠯᠭ᠎ᠠ ᠶᠢᠨ ᠨᠡᠶᠢᠭᠡᠮᠯᠢᠭ ᠤᠨ | ᠳᠠᠷᠤᠭ᠎ᠠ︶ | | | |