ᠪᠠᠭᠠᠷᠢᠨ ᠨᠤᠶᠠᠳ ᠤᠨ ᠤᠭ ᠬᠢᠭᠡᠳ ᠪᠠᠭᠠᠷᠢᠨ ᠤ ︽ᠭᠦᠡᠭᠵᠦ  ᠶᠢᠨ ᠰᠤᠶᠤᠯ︾ ᠤᠨ  ᠲᠤᠬᠠᠢ ᠮᠦᠴᠢᠳ ᠦᠭᠦᠯᠡᠬᠦ ᠨᠢ  ︵    ᠳᠥᠷᠪᠡ ︶
ᠨᠡᠶᠢᠲᠡᠯᠡᠭᠰᠡᠨ ᠴᠠᠭ᠄
2020-08-08
  4᠂      ᠪᠢᠳᠡ ᠪᠦᠬᠦᠨ ᠤ ᠮᠡᠳᠡᠭᠡᠵᠢ ᠪᠠᠷ᠂ ᠬᠤᠶᠠᠷ ᠵᠠᠭᠤᠨ ᠳᠦᠴᠢᠨ ᠵᠢᠯ ᠤᠨ ᠡᠮᠦᠨᠡᠬᠢ ᠬᠦᠬᠡᠭᠴᠢᠨ ᠬᠤᠨᠢᠨ ᠵᠢᠯ ᠳᠠᠷᠤᠢ 1775 ᠤᠨ ᠳᠤ ᠮᠠᠨ ᠤ ᠳᠡᠭᠡᠳᠤ ᠦᠶ᠎ᠡ ᠶᠢᠨ ᠠᠯᠳᠠᠷᠳᠤ ᠲᠡᠦᠬᠡᠴᠢ  ᠪᠠᠭᠠᠷᠢᠨ ᠤ ᠪᠤᠷᠵᠢᠬᠢᠨ ᠤᠪᠤᠭᠳᠤ ᠬᠤᠶᠠᠳᠤᠭᠠᠷ ᠭᠡᠷ ᠤᠨ ᠲᠠᠶᠢᠵᠢ ᠢᠵᠠᠭᠤᠷᠳᠤ ᠷᠠᠰᠢᠫᠤᠩᠰᠤᠭ ᠮᠤᠩᠭᠤᠯ ᠤᠨ ᠲᠡᠦᠬᠡ ᠶᠢᠨ ᠲᠤᠯᠭᠤᠷ ᠪᠢᠴᠢᠭ ︽ᠳ᠋ᠠᠢ ᠶᠤᠸᠠᠨ ᠤᠯᠤᠰ ᠤᠨ ᠪᠤᠯᠤᠷ ᠡᠷᠢᠭᠡ︾ ᠪᠠᠨ ᠪᠢᠴᠢᠵᠤ ᠲᠡᠭᠦᠰᠦᠭᠰᠡᠨ ᠶᠤᠮ᠃ ᠡᠨᠡᠬᠦ ᠲᠡᠦᠬᠡ ᠶᠢᠨ ᠪᠢᠴᠢᠭ ᠨᠡᠶᠢᠳᠡ ᠲᠠᠪᠤᠨ ᠪᠦᠯᠦᠭ ᠠᠷᠪᠠᠨ ᠳᠡᠪᠲᠡᠷ᠂ ᠠᠷᠪᠠᠳᠤᠭᠠᠷ ᠳᠡᠪᠲᠡᠷ ᠲᠡᠭᠡᠨ ᠭᠦᠡᠭ ᠰᠧᠳᠡᠷ ᠤᠨ ᠬᠦᠪᠡᠬᠦᠨ ᠤᠯᠤᠰ ᠤᠨ ᠡᠹᠦ᠋ ᠪᠠᠭᠠᠷᠢᠨ ᠪᠠᠷᠠᠭᠤᠨ ᠭᠠᠷᠤᠨ ᠬᠤᠰᠢᠭᠤᠨ ᠤ ᠤᠤᠭᠠᠨ ᠵᠠᠰᠠᠭ ᠲᠦᠷᠤ ᠶᠢᠨ ᠵᠢᠶᠦ᠋ᠨ ᠸᠠᠩ ᠰᠧᠪᠳᠡᠨ ᠠᠴᠠ ᠨᠠᠢᠮᠠᠳᠠᠭᠢ ᠵᠢᠶᠦ᠋ᠨ ᠸᠠᠩ ᠪᠠᠳᠤ ᠬᠦᠷᠳᠡᠯᠡᠬᠢ᠂ ᠳᠠᠷᠤᠢ 1634—1775 ᠤᠨ ᠬᠦᠷᠲᠡᠯ᠎ᠠ 140 ᠭᠠᠷᠤᠢ ᠵᠢᠯ ᠤᠨ ᠪᠠᠭᠠᠷᠢᠨ ᠤ ᠲᠡᠦᠬᠡ ᠶᠢ ᠪᠢᠴᠢᠭᠰᠡᠨ ᠶᠤᠮ᠃ ᠶᠠᠭ ᠰᠠᠶ᠋ᠢᠬᠠᠨ ᠡᠨᠡᠬᠦ ᠲᠡᠦᠬᠡᠨ ᠪᠢᠴᠢᠭ  ᠪᠢᠴᠢᠭᠳᠡᠭᠡᠳ ᠬᠤᠶᠠᠷ ᠵᠠᠭᠤᠨ ᠳᠦᠴᠢᠨ ᠵᠢᠯ ᠤᠨ ᠤᠢ ᠪᠤᠯᠵᠤ ᠪᠠᠶᠢᠭ᠎ᠠ ᠳᠦᠷᠪᠡᠳᠡᠬᠢ ᠵᠢᠷᠠᠨ ᠤ ᠬᠦᠬᠡᠭᠴᠢᠨ ᠬᠤᠨᠢᠨ ᠵᠢᠯ ︵ᠤᠨ ᠲᠤᠭᠠᠯᠠᠯ ᠤᠨ 2015 ᠤᠨ︶ ᠳᠤᠨᠢ ᠪᠢᠳᠡ ᠳᠡᠭᠡᠳᠤ ᠡᠪᠦᠭᠡ ᠰᠧᠪᠳᠡᠨ ᠵᠢᠶᠦ᠋ᠨ ᠸᠠᠩ ᠤᠨ ᠨᠢᠭᠡᠨ ᠡᠷᠦᠭᠡ ᠠᠴᠠ ᠳᠡᠯᠭᠡᠷᠡᠭᠰᠡᠨ 1200 ᠰᠢᠬᠠᠮ ᠡᠷᠦᠬᠡ ᠶᠢᠨ 5000 ᠭᠠᠷᠤᠢ ᠬᠦᠮᠦᠨ ᠠᠮᠠ ᠶᠢ ᠪᠦᠷᠢᠳᠬᠡᠨ ᠲᠡᠮᠳᠡᠭᠯᠡᠭᠡᠳ ᠭᠤᠷᠪᠠᠨ ᠵᠠᠭᠤᠨ ᠨᠠᠶᠠᠨ ᠵᠢᠯ ᠤᠨ ᠲᠡᠦᠬᠡ ᠶᠢ ᠨᠢᠭᠡᠨ ᠤᠳᠠᠰᠤ ᠪᠠᠷ ᠬᠡᠯᠬᠢᠨ ᠳᠦᠴᠢ ᠶᠢᠰᠦᠨ ᠲᠦᠮᠡᠨ ᠦᠰᠦᠭ ᠢᠶᠠᠷ ᠨᠢᠭᠡᠨ ᠢᠵᠢ ᠳᠤ ᠪᠠᠭᠳᠠᠭᠠᠵᠤ ᠨᠠᠶᠢᠷᠠᠭᠤᠯᠤᠭᠰᠡᠨ ︽ᠬᠠᠭᠠᠨ ᠴᠢᠩᠭᠢᠰ ᠤᠨ ᠠᠯᠳᠠᠨ ᠤᠷᠤᠭᠳᠠᠨ — ᠶᠡᠭᠡ ᠪᠠᠭᠠᠷᠢᠨ ᠤ ᠰᠧᠪᠳᠡᠨ ᠵᠢᠶᠦ᠋ᠨ ᠸᠠᠩ ᠤᠨ ᠬᠤᠶᠢᠴᠢᠰ︾ ᠬᠡᠮᠡᠬᠦ ᠲᠡᠦᠬᠡ ᠶᠢᠨ ᠪᠢᠴᠢᠭ ᠮᠠᠨᠢ ᠶᠠᠭ ᠲᠡᠦᠬᠡᠨ ᠳᠤ ᠮᠦᠡᠭᠬᠡᠷᠡᠨ ᠦᠯᠡᠳᠡᠭᠰᠡᠨ ︽ᠳ᠋ᠠᠢ ᠶᠤᠸᠠᠨ ᠤᠯᠤᠰ ᠤᠨ ᠪᠤᠯᠤᠷ ᠡᠷᠢᠬᠡ︾ ᠬᠡᠮᠡᠬᠦ ᠠᠪᠤᠷᠭᠤ ᠪᠦᠳᠦᠭᠡᠯ ᠤᠨ ᠠᠷᠪᠠᠳᠤᠭᠠᠷ ᠳᠡᠪᠳᠡᠷ ᠤᠨ ᠵᠠᠯᠭᠠᠮᠵᠢ ᠪᠤᠯᠤᠭᠰᠡᠨ ᠬᠡᠮᠡᠷ ᠪᠤᠳᠤᠭᠳᠠᠬᠤ ᠪᠠᠷ ᠦᠯᠦ ᠪᠠᠷᠠᠨ  ᠮᠦᠨ ᠲᠡᠬᠦᠨ ᠤ ᠬᠤᠶᠠᠷ ᠵᠠᠭᠤᠨ ᠳᠦᠴᠢᠨ ᠵᠢᠯ ᠤᠨ ᠤᠢ ᠳᠤ  ᠨᠢ ᠪᠤᠰᠬᠠᠵᠤ ᠦᠭᠭᠦᠭᠰᠡᠨ ᠳᠤᠷᠠᠳᠬᠠᠯ ᠬᠡᠮᠡᠨ ᠰᠠᠨᠠᠭᠳᠠᠭᠠᠳ ᠪᠠᠶᠢᠬᠤ ᠶᠤᠮ᠃       ︽ᠳ᠋ᠠᠢ ᠶᠤᠸᠠᠨ ᠤᠯᠤᠰ ᠤᠨ ᠪᠤᠯᠤᠷ ᠡᠷᠢᠬᠡ︾ ᠠᠴᠠ ᠨᠠᠰᠢ ᠬᠤᠶᠠᠷ ᠵᠠᠭᠤᠨ ᠳᠦᠴᠢᠨ ᠵᠢᠯ ᠤᠨ ᠲᠤᠷᠰᠢ  ᠳᠤ ᠪᠠᠭᠠᠷᠢᠨ ᠤ ᠲᠡᠦᠬᠡᠨ ᠳᠤ ᠬᠤᠯᠪᠤᠭᠳᠠᠵᠤ ᠡᠬᠦᠰᠦᠭᠰᠡᠨ ᠲᠡᠦᠬᠡᠳᠤ ᠤᠴᠢᠷ  ᠬᠢᠭᠡᠳ ᠲᠠᠰᠤᠭ ᠪᠤᠰᠤᠭ ᠢᠶᠠᠷ ᠪᠢᠴᠢᠭᠳᠡᠭᠰᠡᠨ ᠪᠤᠶᠤ ᠲᠠᠯᠠᠷᠠᠵᠤ ᠪᠠᠯᠠᠷᠠᠭᠰᠡᠨ ᠵᠤᠶᠢᠯᠡᠰ ᠢ ᠴᠢᠳᠠᠨ ᠶᠠᠳᠠᠨ ᠰᠡᠷᠬᠦᠭᠡᠨ ᠪᠢᠴᠢᠭᠰᠡᠨ ᠪᠤᠶᠤ ᠬᠤᠷᠢᠶᠠᠩᠭᠤᠶᠢᠯᠠᠨ ᠨᠠᠶᠢᠷᠠᠭᠤᠯᠤᠭᠰᠡᠨ ᠮᠠᠨᠢ ᠤᠨ ᠤᠳᠠᠬᠤ ᠳᠤᠳᠤᠮ ᠤᠯᠠᠮ ᠴᠢᠬᠤᠯᠠ ᠪᠤᠯᠤᠭᠠᠳ ᠦᠶ᠎ᠡ ᠳᠠᠮᠵᠢᠬᠤ ᠳᠤᠳᠤᠮ ᠦᠨᠡᠳᠤ ᠡᠷᠳᠡᠨᠢ ᠪᠤᠯᠵᠤ᠂ ᠤᠷᠴᠢᠬᠤ ᠵᠠᠭᠤᠨ ᠤ ᠬᠤᠵᠢᠮ ᠤᠨ ᠴᠠᠭ ᠲᠤ ᠲᠡᠦᠬᠡᠨ ᠪᠠᠷᠢᠮᠳᠠ ᠪᠤᠯᠬᠤ ᠨᠢ ᠯᠠᠪᠳᠠᠢ ᠶᠤᠮ᠃ ᠡᠶᠢᠨᠬᠦ ᠪᠢᠳᠡ ᠡᠨᠡᠬᠦ ᠲᠡᠦᠬᠡᠳᠤ ᠠᠴᠢ ᠬᠤᠯᠪᠤᠭᠳᠠᠯ᠂ ᠠᠬᠤᠶᠢᠴᠢ ᠠᠴᠢ ᠬᠤᠯᠪᠤᠭᠳᠠᠯ ᠢᠶᠠᠷ ᠯᠤᠳᠤ ᠶᠡᠭᠡ᠂ ᠬᠠᠳᠠᠭᠠᠯᠠᠭᠠᠨ ᠤ ᠦᠷᠳᠡᠭ᠂ ᠰᠤᠳᠤᠯᠭᠠᠨ ᠤ ᠦᠷᠳᠡᠭ ᠢᠶᠠᠷ ᠮᠠᠰᠢ ᠦᠨᠳᠦᠷ ᠲᠡᠦᠬᠡᠨ ᠪᠢᠴᠢᠭ ᠢᠶᠠᠨ  2015 ᠤᠨ ᠤ10 ᠰᠠᠷ᠎ᠠ ᠶᠢᠨ 2 ᠤᠨ ᠪᠡᠯᠭᠡᠳᠤ ᠡᠳᠦᠷ᠂ ᠪᠢᠯᠢᠭ ᠤᠨ ᠬᠦᠬᠡᠭᠴᠢᠨ ᠬᠤᠨᠢᠨ ᠵᠢᠯ ᠤᠨ ᠨᠠᠢᠮᠠᠨ ᠰᠠᠷ᠎ᠠ ᠶᠢᠨ ᠬᠤᠷᠢᠨ ᠤ ᠦᠯᠵᠡᠶᠢᠳᠤ ᠡᠳᠦᠷ ᠦᠪᠡᠳᠡᠭᠰᠢ ᠶᠤᠰᠤᠯᠠᠯ ᠢᠶᠠᠷ ᠲᠠᠷᠬᠠᠭᠠᠭᠰᠡᠨ ᠪᠦᠭᠡᠳ ᠤᠯᠤᠰ᠂ ᠤᠷᠤᠨ ᠂ ᠬᠤᠳᠠ ᠬᠤᠰᠢᠭᠤᠨ ᠤ ᠨᠤᠮ ᠤᠨ ᠰᠠᠩ᠂ ᠳᠠᠩᠰᠠ ᠡᠪᠬᠡᠮᠡᠯ ᠤᠨ ᠤᠷᠳᠤᠨ᠂ ᠶᠡᠭᠡ ᠳᠡᠭᠡᠳᠤ ᠰᠤᠷᠭᠠᠭᠤᠯᠢ ᠪᠤᠶᠤ ᠰᠢᠨᠵᠢᠯᠡᠭᠡ ᠰᠤᠳᠤᠯᠭᠠᠨ ᠤ ᠨᠢᠭᠡᠴᠡ ᠳᠤ ᠢᠯᠡᠭᠡᠵᠤ ᠦᠭᠭᠦᠭᠰᠡᠨ ᠢᠶᠠᠷ ᠪᠠᠷᠠᠬᠤ ᠦᠭᠡᠢ ᠮᠤᠩᠭᠤᠯ ᠤᠯᠤᠰ ᠤᠨ ᠨᠤᠮ ᠤᠨ ᠰᠠᠩ ᠳᠤ ᠴᠤ ᠬᠦᠷᠭᠡᠭᠰᠡᠨ ᠶᠤᠮ᠃     ᠡᠳᠦᠭᠡ ᠳᠡᠯᠡᠬᠡᠢ ᠨᠡᠶᠢᠭᠡᠮ ᠤᠨ ᠬᠦᠭᠵᠢᠯᠳᠡ ᠶᠢᠨ ᠠᠶᠢᠵᠠᠮ ᠮᠠᠰᠢᠳᠠ ᠲᠦᠷᠭᠡᠰᠴᠤ᠂ ᠠᠵᠤ ᠠᠬᠤᠢ ᠳᠠᠶᠠᠭᠠᠷᠵᠢᠨ ᠮᠡᠳᠡᠭᠡ ᠵᠠᠩᠬᠢ ᠳᠡᠯᠡᠬᠡᠶᠢᠵᠢᠵᠤ᠂ ᠳᠦᠷᠤ ᠲᠤᠭᠳᠠᠮᠵᠢ ᠤᠯᠠᠨ  ᠲᠤᠶᠢᠯᠠᠰᠢᠷᠠᠭᠠᠳ ᠤᠭᠰᠠᠭ᠎ᠠ ᠶᠢᠨ ᠬᠠᠷᠢᠴᠠᠭ᠎ᠠ ᠬᠦᠡᠭᠭᠡᠨ᠂ ᠠᠰᠢᠭ ᠤᠨ ᠬᠠᠷᠢᠴᠠᠭ᠎ᠠ ᠴᠢᠬᠤᠯᠠ ᠪᠤᠯᠵᠤ ᠪᠠᠶᠢᠭ᠎ᠠ ᠪᠤᠯᠪᠠᠴᠤ ᠦᠨᠳᠦᠰᠦᠳᠡᠨ ᠤᠭᠰᠠᠭᠠᠳᠠᠨ ᠤ ᠪᠠᠳᠤ ᠰᠢᠵᠢᠮ᠂ ᠤᠪᠤᠭ ᠠᠶᠢᠮᠠᠭ ᠤᠨ ᠮᠦᠡᠭᠭᠡ ᠶᠢᠨ ᠬᠡᠯᠬᠢᠶ᠎ᠡ ᠦᠨᠢ ᠤᠷᠤᠰᠢᠬᠤ ᠨᠢ ᠯᠠᠪᠳᠠᠢ ᠶᠤᠮ ᠃ ᠡᠨᠡᠬᠦ ᠬᠡᠯᠬᠢᠶ᠎ᠡ ᠰᠢᠵᠢᠮ ᠤᠨ ᠤᠷᠤᠰᠢᠬᠤ ᠤᠷᠤᠨ ᠪᠤᠯ ᠳᠠᠷᠤᠢ ᠤᠳᠤᠮ ᠤᠨ ᠰᠤᠳᠤᠷ ᠲᠡᠦᠬᠡ ᠶᠢᠨ ᠪᠢᠴᠢᠭ ᠪᠤᠯᠤᠨ᠎ᠠ᠃  ᠡᠨᠡ ᠨᠤᠮ ᠤᠨ ᠲᠡᠦᠬᠡᠳᠤ ᠠᠴᠢ ᠬᠤᠯᠪᠤᠭᠳᠠᠯ ᠴᠢᠪ ᠬᠡᠮᠡᠨ ᠡᠨᠡ ᠪᠤᠶᠤ᠃ ᠰᠡᠴᠡᠨᠪᠢᠯᠢᠭ ︵ᠤᠯᠠᠭᠠᠨᠬᠠᠳᠠ ᠬᠤᠳᠠ ᠶᠢᠨ ᠪᠠᠭᠠᠷᠢᠨ ᠪᠠᠷᠠᠭᠤᠨ ᠬᠤᠰᠢᠭᠤᠨ ᠤ ᠤᠷᠴᠢᠭᠤᠯᠭ᠎ᠠ ᠶᠢᠨ ᠨᠡᠶᠢᠭᠡᠮᠯᠢᠭ ᠤᠨ ᠳᠠᠷᠤᠭ᠎ᠠ︶            
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备07002090号