ᠪᠠᠭᠠᠷᠢᠨ ᠨᠤᠶᠠᠳ ᠤᠨ ᠤᠭ ᠬᠢᠭᠡᠳ ᠪᠠᠭᠠᠷᠢᠨ ᠤ ︽ᠭᠦᠡᠭᠵᠦ  ᠶᠢᠨ ᠰᠤᠶᠤᠯ︾ ᠤᠨ  ᠲᠤᠬᠠᠢ ᠮᠦᠴᠢᠳ ᠦᠭᠦᠯᠡᠬᠦ ᠨᠢ  ︵    ᠭᠤᠷᠪᠠ ︶
ᠨᠡᠶᠢᠲᠡᠯᠡᠭᠰᠡᠨ ᠴᠠᠭ᠄
2020-08-08
      3᠂      ︽ᠡᠷᠬᠢᠮ ᠳᠡᠭᠡᠳᠤ ᠬᠦᠡᠭᠵᠤ ᠮᠠᠮᠠ ᠶᠢᠨ ᠸᠠᠩ ᠨᠤᠶᠠᠳ ᠤᠨ ᠬᠠᠭᠤᠴᠢᠨ ᠤ ᠦᠨᠳᠦᠰᠦᠨ ᠤ ᠪᠢᠴᠢᠭ︾⑩ ︵ᠲᠤᠭᠤᠭᠰᠢ ︿ᠦᠨᠳᠦᠰᠦᠨ ᠤ ᠪᠢᠴᠢᠭ︶ ᠬᠡᠮᠡᠨ ᠳᠦᠭᠦᠮᠴᠢᠯᠡᠪᠡ︶ ᠬᠡᠮᠡᠬᠦ ᠪᠠᠭᠠᠷᠢᠨ ᠪᠠᠷᠠᠭᠤᠨ ᠬᠤᠰᠢᠭᠤᠨ ᠤ ᠸᠠᠩ ᠨᠤᠶᠠᠳ ᠤᠨ ᠢᠵᠠᠭᠤᠷ᠂ ᠦᠶ᠎ᠡ ᠵᠠᠯᠭᠠᠮᠵᠢᠯᠠᠯ ᠪᠠ ᠤᠶᠢᠯᠡ ᠠᠵᠢᠯᠯᠠᠭ᠎ᠠ ᠶᠢ ᠲᠡᠮᠳᠡᠭᠯᠡᠭᠰᠡᠨ ᠬᠤᠰᠢᠭᠤ ᠨᠤᠳᠤᠭ ᠤᠨ ᠲᠡᠦᠬᠡ ᠶᠢᠨ ᠲᠤᠯᠭᠤᠷ ᠪᠢᠴᠢᠭ ᠪᠢᠴᠢᠭᠳᠡᠭᠡᠳ 240 ᠭᠠᠷᠤᠢ ᠵᠢᠯ ᠪᠤᠯᠵᠤ᠂ ᠤᠯᠠᠨ ᠭᠠᠷ ᠢᠶᠠᠷ ᠬᠠᠭᠤᠯᠤᠭᠳᠠᠨ ᠳᠠᠮᠵᠢᠭᠳᠠᠭᠰᠡᠨ ᠠᠴᠠ ᠪᠤᠯᠵᠤ ᠨᠤᠮ ᠤᠨ ᠡᠬᠢ ᠠᠳᠠᠭ ᠨᠢ ᠭᠡᠭᠡᠭᠳᠡᠨ᠂ ᠵᠤᠬᠢᠶᠠᠭᠴᠢ ᠶᠢᠨ ᠠᠯᠳᠠᠷ᠂ ᠵᠤᠬᠢᠶᠠᠭᠳᠠᠭᠰᠡᠨ ᠤᠨ ᠵᠢᠯ ᠢ ᠨᠢ ᠲᠡᠦᠬᠡ ᠰᠤᠳᠤᠯᠤᠭᠠᠴᠢ ᠨᠠᠷ ᠡᠳᠦᠭᠡ ᠪᠤᠯᠳᠠᠯ᠎ᠠ ᠪᠠᠳᠤᠳᠠᠢ ᠲᠤᠳᠤᠯᠠᠵᠤ ᠳᠡᠶᠢᠯᠦᠭᠡ ᠦᠭᠡᠢ ᠴᠦ ᠡᠨᠡ  ᠨᠢ ᠪᠠᠭᠠᠷᠢᠨ ᠤᠳᠤᠭ ᠤᠨ ᠰᠠᠳᠡᠷ ᠭᠦᠡᠭ ᠠᠴᠠ ᠨᠠᠢᠮᠠᠳᠤᠭᠠᠷ ᠦᠶ᠎ᠡ ᠶᠢᠨ ᠵᠠᠰᠠᠭ ᠲᠦᠷᠤ ᠶᠢᠨ ᠵᠢᠶᠦ᠋ᠨ ᠸᠠᠩ ᠪᠠᠳᠤ ᠬᠦᠷᠳᠡᠯᠡᠬᠢ ᠨᠤᠶᠠᠳ ᠤᠨ ᠦᠶ᠎ᠡ ᠵᠠᠯᠭᠠᠮᠵᠢ ᠵᠢᠴᠢ ᠲᠡᠦᠬᠡᠳᠤ ᠤᠴᠢᠷ ᠤᠳ ᠢ ᠤᠨ ᠳᠠᠷᠠᠭᠠᠯᠠᠨ ᠪᠢᠴᠢᠭᠰᠡᠨ ᠪᠤᠯᠬᠤᠷ ᠳᠠᠬᠢᠵᠤ ᠤᠯᠳᠠᠰᠢ ᠦᠭᠡᠢ ᠰᠤᠷᠪᠤᠯᠵᠢ ᠮᠠᠲ᠋ᠧᠷᠢᠶᠠᠯ  ᠭᠡᠳᠡᠭ ᠨᠢ ᠶᠠᠷᠢᠶᠠᠨ ᠦᠭᠡᠢ ᠶᠤᠮ᠃      ᠳᠤᠤᠷᠠᠳᠤ ᠪᠢᠴᠢᠭᠳᠡᠨ ᠪᠢ ᠪᠠᠷ᠂ ᠶᠡᠭᠡ ᠲᠡᠦᠬᠡᠴᠢ ᠷᠠᠰᠢᠫᠣᠩᠰᠤᠭ ᠤᠨ ︽ᠳ᠋ᠠᠢ ᠶᠤᠸᠠᠨ ᠤᠯᠤᠰ ᠤᠨ ᠪᠤᠯᠤᠷ ᠡᠷᠢᠬᠡ︾ ᠶᠢᠨ ᠠᠷᠪᠠᠳᠤᠭᠠᠷ ᠳᠡᠪᠳᠡᠷ ᠬᠢᠭᠡᠳ ᠲᠡᠬᠦᠨ ᠠᠴᠠ ᠬᠤᠵᠢᠳ ᠰᠢᠭ᠋ ᠪᠢᠴᠢᠭᠳᠡᠭᠰᠡᠨ ︽ᠦᠨᠳᠦᠰᠦᠨ ᠤ ᠪᠢᠴᠢᠭ︾ ᠤᠨ ᠠᠭᠤᠯᠭ᠎ᠠ ᠪᠤᠯᠤᠨ ᠪᠠᠭᠠᠷᠢᠨ ᠤ ᠲᠤᠬᠠᠢ ᠶᠢᠨ ᠦᠶ᠎ᠡ ᠶᠢᠨ ᠲᠡᠦᠬᠡᠳᠤ ᠤᠴᠢᠷ ᠤᠳ ᠢ ᠨᠢᠭᠳᠠᠯᠠᠨ ᠬᠠᠷᠭᠤᠭᠤᠯᠵᠤ ᠦᠵᠡᠬᠦᠯᠡᠷ ᠠᠳᠠᠯᠢ ᠨᠢᠭᠡᠨ ᠤᠴᠢᠷ ᠢ ᠠᠳᠠᠯᠢ ᠨᠢᠭᠡᠨ ᠦᠵᠡᠯᠳᠡ ᠪᠠᠷ ᠠᠳᠠᠯᠢ ᠨᠢᠭᠡᠨ ᠪᠢᠴᠢᠯᠭᠡ ᠶᠢᠨ ᠬᠡᠯᠪᠡᠷᠢ ᠪᠠᠷ ᠪᠢᠴᠢᠬᠦ ᠳᠡᠭᠡᠨ ᠡᠮᠦᠨᠡᠬᠢ ᠳᠤᠨᠢ ᠲᠤᠪᠴᠢ ᠬᠤᠷᠢᠶᠠᠩᠭᠤᠢ᠂ ᠬᠤᠶᠢᠨᠠᠬᠢ ᠳᠤᠨᠢ ᠳᠡᠯᠭᠡᠷᠡᠩᠭᠦᠢ ᠨᠠᠷᠢᠯᠢᠭ ᠪᠢᠴᠢᠭᠰᠡᠨ ᠰᠢᠭ ᠰᠠᠨᠠᠭᠳᠠᠭᠠᠳ᠂ ᠦᠪᠦᠷ ᠮᠤᠩᠭᠤᠯ ᠤᠨ ᠪᠠᠭᠰᠢ ᠶᠢᠨ ᠶᠡᠭᠡ ᠰᠤᠷᠭᠠᠭᠤᠯᠢ ᠶᠢᠨ ᠡᠷᠳᠡᠮᠳᠡᠨ ᠬᠤᠶᠠᠷ ᠪᠠᠭᠰᠢᠳᠡᠨ ᠨ᠊᠂ ᠰᠠᠶᠢᠰᠢᠶᠠᠯᠳᠤ᠂ ᠬᠠᠰᠪᠠᠭᠠᠨ᠎ᠠ ᠶᠢᠨ ︽ᠪᠠᠭᠠᠷᠢᠨ ᠤ ᠲᠡᠦᠬᠡ ᠰᠤᠶᠤᠯ ᠤᠨ ᠰᠤᠷᠪᠤᠯᠵᠢ ᠪᠢᠴᠢᠭ︾᠂ ︽ᠡᠷᠬᠢᠮ ᠳᠡᠭᠡᠳᠤ ᠭᠦᠡᠭᠵᠤ ᠮᠠᠮᠠ ᠶᠢᠨ ᠸᠠᠩ ᠨᠤᠶᠠᠳ ᠤᠨ ᠬᠠᠭᠤᠴᠢᠨ ᠤ ᠦᠨᠳᠦᠰᠦᠨ ᠤ ᠪᠢᠴᠢᠭ︾ ᠤᠨ ᠰᠤᠳᠤᠯᠤᠯ ᠲᠠᠨᠢᠯᠴᠠᠭᠤᠯᠭ᠎ᠠ ᠳᠠᠭᠠᠨ ᠳᠤᠷᠠᠳᠤᠭᠰᠡᠨ ︽ᠦᠨᠳᠦᠰᠦᠨ ᠤ ᠪᠢᠴᠢᠭ︾ ᠤᠨ ᠵᠤᠬᠢᠶᠠᠭᠴᠢ ᠨᠢ ᠷᠠᠰᠢᠫᠣᠩᠰᠤᠭ ᠮᠦᠨ ᠪᠤᠯᠪᠠᠤ ᠬᠡᠮᠡᠨ ᠲᠠᠪᠤᠨ ᠵᠤᠷᠪᠤᠰ ᠵᠢᠱᠢᠶ᠎ᠡ ᠪᠠᠷ ᠲᠠᠭᠠᠮᠠᠭᠠᠯᠠᠭᠰᠡᠨ ᠨᠢ ᠵᠤᠶᠢᠳᠡᠢ ᠰᠢᠭ ᠪᠤᠳᠤᠭᠳᠠᠬᠤ ᠶᠤᠮ᠃ ᠡᠳᠡᠭᠡᠷ ᠤᠴᠢᠷ ᠢ ᠴᠢᠨᠠᠭᠰᠢ ᠰᠤᠳᠤᠯᠬᠤ ᠰᠠᠨᠠᠭ᠎ᠠ ᠲᠠᠢ ᠮᠡᠷᠭᠡᠳ ᠤᠨ ᠤᠷᠮ᠎ᠠ ᠶᠢ ᠬᠦᠳᠡᠯᠭᠡᠵᠤ ᠤᠭ ᠵᠤᠬᠢᠶᠠᠯ ᠳᠤᠨᠢ ᠲᠠᠳᠠᠬᠤ ᠶᠢᠨ ᠲᠦᠯᠦᠭᠡ ᠠᠳᠡ ᠰᠦᠪᠡᠭᠴᠢ ᠦᠯᠡᠳᠡᠭᠡᠨ ᠲᠠᠯᠪᠢᠰᠤ︕      ︽ᠦᠨᠳᠦᠰᠤᠨ ᠤ ᠪᠢᠴᠢᠭ︾ ᠲᠤ ︽᠁ ᠰᠠ ᠭᠦᠡᠭ ︵ᠰᠡᠳᠡᠷ ᠭᠦᠡᠭ︶ ᠤᠨ ᠬᠦᠪᠡᠬᠦᠨ ᠰᠧᠪᠳᠡᠨ ᠭᠦᠡᠭ ᠢ ᠡᠶᠡᠪᠡᠷ ᠵᠠᠰᠠᠭᠴᠢ ᠬᠠᠭᠠᠨ ᠴᠢᠨᠤ ᠡᠴᠢᠭᠡ ᠰᠠ ᠭᠦᠡᠭ ᠤᠯᠤᠰ ᠲᠦᠷᠤ ᠲᠤᠷ ᠮᠠᠨ ᠤ ︵ᠮᠠᠨᠢ︶ ᠶᠡᠭᠡ  ᠬᠦᠴᠦ ᠦᠭᠭᠦᠭᠰᠡᠨ ᠲᠤᠯᠠ ᠴᠢᠮᠠᠶᠢ ᠶᠢ ᠦᠷ᠎ᠠ ᠶᠢᠨ ᠦᠷ᠎ᠠ ᠲᠤᠷ ᠬᠢᠶᠦ᠋ᠨ ︵ᠵᠢᠶᠦ᠋ᠨ︶ ᠸᠠᠩ ᠪᠤᠯᠭᠠᠪᠠ ᠬᠡᠮᠡᠨ  ᠭᠢᠨᠭ ︵ᠵᠢᠩ︶ ᠬᠤᠳᠠ ᠠᠴᠠ ᠰᠠᠶᠢᠳ ᠵᠠᠷᠤᠵᠤ ᠵᠠᠷᠯᠢᠭ ᠤᠨ ᠡᠷᠳᠡᠨᠢ ᠲᠠᠮᠠᠭᠠᠳᠤ ᠪᠢᠴᠢᠭ ᠲᠤᠷᠠᠭ᠎ᠠ ︵ ᠲᠤᠷᠭ᠎ᠠ︶ ᠮᠦᠡᠭᠬᠦᠨ ᠱᠠᠩᠨᠠᠪᠠ᠃ ᠡᠳᠦᠭᠡ ᠪᠤᠯᠳᠠᠯ᠎ᠠ ᠡᠷᠳᠡᠨᠢ ᠲᠠᠮᠠᠭᠠᠳᠤ ᠪᠢᠴᠢᠭ ᠮᠠᠨ ᠤ ᠲᠠᠮᠠᠭᠠᠨ ᠤ ᠭᠠᠵᠠᠷ ᠪᠤᠢ᠂ ᠮᠦᠨ ᠲᠡᠷᠡ ᠬᠠᠭᠠᠨ ᠦᠬᠢᠨ ᠳᠡᠬᠦᠤ ᠭᠦᠡᠭᠵᠤ ᠶᠢ ᠱᠠ ᠸᠠᠩ ᠳᠤᠷ ᠰᠡᠴᠡᠨ ᠳᠡᠭᠡᠳᠤ ᠤᠯᠤᠰ ᠤᠨ ᠬᠦᠡᠭᠵᠤ ᠬᠡᠮᠡᠨ ᠡᠷᠭᠦᠮᠵᠢᠯᠡᠵᠤ ᠬᠠᠶᠢᠷᠠᠯᠠᠬᠤᠢ ᠴᠠᠭ ᠳᠤᠷ ᠭᠤᠷᠪᠠᠨ ᠵᠠᠭᠤᠨ ᠦᠷᠦᠭ  ﹇ᠦᠷᠤᠭᠡ﹈  ﹇ᠡᠷᠦᠭᠡ﹈ ᠮᠠᠨᠵᠤ ᠤᠯᠤᠰ ᠲᠦᠮᠡᠨ ᠯᠠᠩ ᠤᠨ ᠲᠠᠷᠢᠶᠠᠨ ᠤ ᠭᠠᠵᠠᠷ᠂ ᠢᠷᠭᠡᠨ ᠱᠢᠪ ᠬᠤᠤᠯᠴᠢᠨ ︵ ᠭᠤᠤᠯᠴᠢᠨ︶ ᠬᠠᠶᠢᠷᠠᠯᠠᠪᠠ᠃ ᠰᠡ ᠸᠠᠩ ᠤᠨ ᠴᠠᠭᠠᠨ ᠳ᠋ᠠᠷ᠎ᠠ ᠬᠠᠳᠤᠨ ᠤ ᠬᠦᠪᠡᠬᠦᠨ ᠴᠤᠭ᠍ᠭᠢᠪᠠ ︵ᠴᠤᠶᠢᠵᠠᠪ︶ ᠲᠡᠬᠦᠨᠤ ᠠᠴᠢ ᠦᠷ᠎ᠠ ᠴᠠᠭᠠᠨ ᠨᠠᠭᠤᠷᠤᠨ ᠲᠠᠶᠢᠵᠢ ⑪ᠨᠠᠷ ᠪᠤᠢ᠃       ᠰᠡᠴᠡᠨ ᠳᠡᠭᠡᠳᠤ ᠬᠦᠡᠭᠵᠤ ᠶᠢᠨ ᠶᠡᠭᠡ ᠬᠦᠪᠡᠬᠦᠨ ᠸᠴᠢᠷ᠂ ᠬᠤᠶᠠᠳᠤᠭᠠᠷ ᠬᠦᠪᠡᠬᠦᠨ ᠭᠡᠷᠡᠯᠳᠤ᠂ ᠭᠤᠳᠠᠭᠠᠷ ᠬᠦᠪᠡᠬᠦᠨ ᠨᠠᠮᠵᠠ ︵ ᠨᠠᠮᠴᠠ︶ ᠲᠦᠳᠦᠭᠡᠷ ᠬᠦᠪᠡᠬᠦᠨ ᠠᠷᠠᠪᠳᠡᠨ ᠪᠤᠢ ⑫︾ ᠬᠡᠮᠡᠨ  ᠰᠧᠪᠳᠡᠨ ᠵᠢᠶᠦ᠋ᠨ ᠸᠠᠩ ᠰᠡᠴᠡᠨ ᠳᠡᠭᠡᠳᠤ ᠭᠦᠡᠭᠵᠤ ᠬᠤᠶᠠᠷ ᠠᠴᠠ ᠦᠷ᠎ᠡ ᠠᠴᠢᠷ ᠦᠷᠡᠵᠢᠨ ᠳᠡᠯᠭᠡᠷᠡᠭᠰᠡᠨ᠂  ᠪᠠᠭᠠᠷᠢᠨ ᠤ ᠨᠠᠢᠮᠠᠳᠤᠭᠠᠷ ᠦᠶ᠎ᠡ ᠶᠢᠨ ᠵᠠᠰᠠᠭ ᠲᠦᠷᠤ ᠶᠢᠨ ᠵᠢᠶᠦ᠋ᠨ ᠸᠠᠩ ᠪᠠᠳᠤ᠂ ᠡᠵᠡᠨ ᠤ ᠵᠠᠷᠯᠢᠭ ᠢᠶᠠᠷ 1776 ᠤᠨ ᠤ ᠡᠪᠦᠯ ᠬᠤᠶᠢᠳᠤ ᠭᠠᠵᠠᠷ ᠤᠨ ᠬᠢᠵᠠᠭᠠᠷ ᠳ᠋ᠠᠬᠢᠨ ᠢ ᠲᠤᠭᠳᠠᠭᠠᠭᠴᠢ ᠶᠡᠭᠡ ᠵᠠᠩᠵᠤᠨ ᠢᠶᠠᠷ ᠶᠠᠪᠤᠬᠤ ᠳᠤ ᠬᠦᠪᠡᠬᠦᠨ  ᠰᠤᠳᠨᠠᠮᠳᠤᠷᠵᠢ ᠶᠢ  ᠨᠢ ᠴᠢᠭᠤᠯᠭᠠᠨ ᠤ  ᠰᠢᠳᠬᠡᠭᠴᠢ ᠬᠤᠰᠢᠭᠤᠨ ᠵᠠᠰᠠᠭ ᠪᠤᠯᠭᠠᠭᠰᠡᠨ ᠵᠡᠷᠭᠡ ᠲᠡᠦᠬᠡᠳᠤ ᠤᠴᠢᠷ ᠤᠳ ᠢ ᠪᠢᠴᠢᠭᠡᠳ ︽ᠦᠨᠳᠦᠰᠤᠨ ᠤ ᠪᠢᠴᠢᠭ︾ ᠢᠶᠠᠨ ᠲᠡᠭᠦᠰᠭᠡᠵᠤ᠂ ᠦᠵᠦᠭ ᠪᠢᠷ ᠢᠶᠠᠨ ᠲᠠᠯᠪᠢᠵᠠᠢ᠃        ︽ᠦᠨᠳᠤᠰᠦᠨ ᠤ ᠪᠢᠴᠢᠭ︾ ᠤᠨ ᠠᠭᠤᠯᠭ᠎ᠠ ᠶᠢ ᠬᠤᠷᠢᠶᠠᠩᠭᠤᠶᠢᠯᠠᠪᠠᠰᠤ᠄      ᠨᠢᠭᠡ ᠳᠤ᠂ 1640 ᠭᠡᠳ ᠤᠨ ᠠᠴᠠ ᠡᠮᠦᠨᠡᠬᠢ ᠦᠶ᠎ᠡ ᠶᠢᠨ ᠮᠤᠩᠭᠤᠯ ᠬᠠᠭᠠᠳ ᠪᠤᠯᠤᠨ ᠲᠠᠪᠤᠨ ᠤᠳᠤᠭ ᠬᠠᠯᠬ᠎ᠠ ᠶᠢᠨ ᠨᠤᠶᠠᠳ ᠤᠨ ᠦᠶ᠎ᠡ ᠵᠠᠯᠭᠠᠮᠵᠢ ᠶᠢ ᠲᠤᠪᠴᠢ ᠲᠤᠭᠠᠴᠢᠨ ᠦᠭᠦᠯᠡᠵᠡᠢ᠃      ᠬᠤᠶᠠᠷ ᠲᠤ᠂ 1640 — 1770  ‍ᠭᠠᠳ ᠤᠨ ᠬᠦᠷᠳᠡᠯᠡᠬᠢ 130 ᠭᠠᠷᠤᠢ ᠵᠢᠯ ᠤᠨ ᠪᠠᠭᠠᠷᠢᠨ ᠪᠠᠷᠠᠭᠤᠨ ᠬᠤᠰᠢᠭᠤᠨ ᠤ ᠨᠠᠢᠮᠠᠨ ᠦᠶ᠎ᠡ ᠶᠢᠨ ᠵᠠᠰᠠᠭ ᠸᠠᠩ ᠨᠠᠷ ᠤᠨ ᠦᠶ᠎ᠡ ᠵᠠᠯᠭᠠᠮᠵᠢ᠂ ᠤᠶᠢᠯᠡ ᠶᠠᠪᠤᠳᠠᠯ᠂ ᠴᠢᠩ ᠤᠨ ᠲᠦᠷᠦ ᠶᠢᠨ ᠬᠡᠳᠦᠨ ᠬᠠᠭᠠᠳ ᠠᠴᠠ ᠪᠠᠷᠠᠭᠤᠨ ᠪᠠᠭᠠᠷᠢᠨ ᠤ ᠸᠠᠩ ᠨᠤᠶᠠᠳ ᠲᠤ ᠭᠦᠡᠭᠵᠤ ᠪᠠᠨ ᠪᠠᠭᠤᠯᠭᠠᠵᠤ ᠦᠭᠭᠦᠭᠰᠡᠨ᠂ ᠭᠦᠡᠭᠵᠤ ᠨᠠᠷ ᠤᠨ ᠴᠢᠬᠤᠯᠠ ᠪᠦᠬᠦᠢ ᠤᠶᠢᠯᠡ ᠠᠵᠢᠯᠯᠠᠭ᠎ᠠ᠂ ᠪᠠᠭᠠᠷᠢᠨ ᠳᠤ ᠰᠢᠷ᠎ᠠ ᠶᠢᠨ ᠱᠠᠰᠢᠨ ᠢ ᠳᠡᠯᠭᠡᠷᠡᠬᠦᠯᠦᠨ ᠬᠦᠭᠵᠢᠭᠦᠯᠦᠭᠰᠡᠨ ᠶᠠᠪᠤᠴᠠ᠂ ᠬᠤᠰᠢᠭᠤ ᠸᠠᠩ ᠬᠢᠭᠡᠳ ᠬᠦᠡᠭᠵᠤ ᠨᠠᠷ ᠤᠨ ᠤᠡᠭᠭᠤᠨ ᠢ ᠬᠡᠵᠢᠶ᠎ᠡ ᠬᠠᠮᠢᠭ᠎ᠠ ᠪᠠᠶᠢᠭᠤᠯᠤᠭᠰᠡᠨ᠂ ᠰᠢᠯᠵᠢᠬᠦᠯᠦᠭᠰᠡᠨ᠂ ᠬᠤᠨᠭ᠍ᠬᠢᠷᠠᠳ ᠨᠠᠢᠮᠠᠨ ᠰᠤᠮᠤᠨ ᠤ ᠢᠷᠡᠯ ᠵᠡᠷᠭᠡ ᠶᠢ ᠲᠤᠪᠴᠢ ᠳᠤᠳᠤᠷᠠᠭᠤᠨ ᠦᠭᠦᠯᠡᠨ ᠲᠡᠮᠳᠡᠭᠯᠡᠵᠡᠢ᠃      ᠳᠤᠤᠷᠠᠳᠤ ᠮᠢᠨᠤ ᠦᠵᠡᠬᠦ ᠪᠠᠷ ︽ᠡᠷᠬᠢᠮ ᠳᠡᠭᠡᠳᠤ ᠭᠦᠡᠭᠵᠤ ᠮᠠᠮᠠ ᠶᠢᠨ ᠬᠠᠭᠤᠴᠢᠨ ᠤ ᠦᠨᠳᠦᠰᠤᠨ ᠤ ᠪᠢᠴᠢᠭ︾ ᠨᠢ ᠲᠡᠦᠬᠡ ᠶᠢᠨ ᠡᠯᠡᠭᠡᠯᠳᠡ ᠳᠤ ᠵᠤᠬᠢᠶᠠᠭᠴᠢ ᠶᠢᠨ ᠠᠯᠳᠠᠷ᠂ ᠵᠤᠬᠢᠶᠠᠭᠳᠠᠭᠰᠡᠨ ᠤᠨ ᠵᠢᠯ ᠨᠢ ᠭᠡᠭᠡᠭᠳᠡᠭᠰᠡᠨ ᠪᠤᠯᠪᠠᠴᠤ ᠮᠦᠨ ᠮᠠᠨ ᠤ ᠪᠠᠷᠠᠭᠤᠨ ᠪᠠᠭᠠᠷᠢᠨ ᠤ ᠤᠤᠭᠠᠨ ᠵᠠᠰᠠᠭ ᠰᠧᠪᠳᠡᠨ ᠠᠴᠠ ᠨᠠᠢᠮᠠᠳᠤᠭᠠᠷ ᠦᠶ᠎ᠡ ᠶᠢᠨ ᠵᠠᠰᠠᠭ ᠸᠠᠩ ᠪᠠᠳᠤ ᠬᠦᠷᠳᠡᠯᠡᠬᠢ 140 ᠭᠠᠷᠤᠢ ᠵᠢᠯ ᠤᠨ ᠬᠤᠭᠤᠴᠠᠭᠠᠨ ᠤ ᠪᠦᠷᠢᠨ ᠪᠢᠴᠢᠭ  ᠪᠤᠯᠬᠤ  ᠨᠢ ᠳᠠᠮᠵᠢᠭ ᠦᠭᠡᠢ ᠶᠤᠮ᠃ ᠤᠴᠢᠷ ᠨᠢ ᠮᠠᠨ ᠤ ᠪᠠᠷᠠᠭᠤᠨ ᠪᠠᠭᠠᠷᠢᠨ ᠤ ᠲᠤᠬᠠᠢ ᠶᠢᠨ ᠦᠶ᠎ᠡ ᠶᠢᠨ ᠲᠡᠦᠬᠡᠳᠤ ᠬᠡᠷᠡᠭ ᠤᠴᠢᠷ ᠢ ︽ᠦᠨᠳᠦᠰᠦᠨ ᠤ ᠪᠢᠴᠢᠭ︾ ᠮᠡᠳᠤ ᠤᠨ ᠳᠠᠷᠠᠭᠠᠯᠠᠨ ᠲᠡᠮᠳᠡᠭᠯᠡᠭᠰᠡᠨ ᠲᠡᠦᠬᠡ ᠶᠢᠨ ᠪᠢᠴᠢᠭ ᠡᠬᠦᠨ ᠠᠴᠠ ᠠᠰᠳᠠᠭᠠᠨ ᠶᠡᠷᠤᠨᠢ ᠤᠯᠳᠠᠭ᠎ᠠ ᠦᠭᠡᠢ᠃ ᠡᠶᠢᠮᠤ ᠠᠴᠠ ᠪᠢᠳᠡ ︽ᠦᠨᠳᠤᠰᠤᠨ ᠤ ᠪᠢᠴᠢᠭ︾ ᠤᠨ ᠪᠠᠷᠢᠮᠳᠠᠳᠤ ᠴᠢᠨᠠᠷ᠂ ᠢᠳᠡᠭᠡᠮᠵᠢᠳᠤ ᠴᠢᠨᠠᠷ ᠪᠤᠯᠤᠨ ᠲᠡᠦᠬᠡᠳᠤ ᠦᠷᠳᠡᠭ ᠢ ᠵᠠᠪᠠᠯ ᠭᠦᠢᠴᠡᠳ ᠨᠤᠳᠠᠯᠬᠤ ᠴᠢᠬᠤᠯᠠ ᠲᠠᠢ ᠶᠤᠮ᠃       ᠤᠨ ᠲᠤᠭᠠᠯᠠᠯ ᠤᠨ 1700 — 1800 ‍ᠭᠠᠳ ᠤᠨ ᠤ ᠬᠤᠭᠤᠷᠤᠨᠳᠤ ᠪᠢᠴᠢᠭᠳᠡᠭᠰᠡᠨ ᠦᠵᠦᠮᠦᠴᠢᠨ ᠭᠤᠮᠪᠤᠵᠠᠪ ᠤᠨ  ︽ᠭᠠᠨᠭ᠍ᠭ᠎ᠠ ᠶᠢᠨ ᠤᠷᠤᠰᠬᠠᠯ︾᠂ ᠪᠠᠭᠠᠷᠢᠨ ᠷᠠᠰᠢᠫᠣᠩᠰᠤᠭ ᠤᠨ ︽ᠪᠤᠯᠤᠷ ᠡᠷᠢᠬᠡ︾᠂ ᠵᠤᠬᠢᠶᠠᠭᠴᠢ ᠨᠢ ᠳᠤᠳᠤ ᠦᠭᠡᠢ ︽ᠡᠷᠬᠢᠮ ᠳᠡᠭᠡᠳᠤ ᠭᠦᠡᠭᠵᠤ ᠮᠠᠮᠠ ᠶᠢᠨ ᠸᠠᠩ ᠨᠤᠶᠠᠳ ᠤᠨ ᠬᠠᠭᠤᠴᠢᠨ ᠤ ᠦᠨᠳᠦᠰᠤᠨ ᠤ ᠪᠢᠴᠢᠭ︾ ᠪᠤᠯᠤᠨ 1993 ᠤᠨ ᠤ 10 ᠰᠠᠷ᠎ᠠ ᠳᠤ ᠪᠠᠭᠠᠷᠢᠨ ᠪᠠᠷᠠᠭᠤᠨ ᠬᠤᠰᠢᠭᠤᠨ ᠤ ᠠᠷᠠᠳ ᠤᠨ ᠵᠠᠰᠠᠭ ᠤᠨ ᠤᠷᠳᠤᠨ ᠠᠴᠠ ᠨᠠᠶᠢᠷᠠᠭᠤᠯᠤᠨ ᠲᠠᠷᠬᠠᠭᠠᠭᠰᠡᠨ ︽ᠪᠠᠭᠠᠷᠢᠨ ᠪᠠᠷᠠᠭᠤᠨ ᠬᠤᠰᠢᠭᠤᠨ ᠤ ᠤᠶᠢᠯᠠᠯᠭ᠎ᠠ︾ ᠬᠡᠮᠡᠬᠦ ᠳᠦᠷᠪᠡᠨ ᠢᠵᠢ ᠲᠡᠦᠬᠡ ᠶᠢᠨ ᠠᠪᠤᠷᠭᠤ ᠪᠦᠳᠦᠭᠡᠯ ᠪᠤᠯ ᠬᠡᠨ ᠴᠦ ᠬᠡᠵᠢᠶ᠎ᠡ ᠴᠦ ᠦᠭᠡᠶᠢᠰᠭᠡᠵᠤ ᠴᠢᠳᠠᠰᠢ ᠦᠭᠡᠢ᠂ ᠦᠭᠡᠷᠡᠴᠢᠯᠡᠵᠤ ᠪᠤᠯᠤᠰᠢ ᠦᠭᠡᠢ᠂ ᠠᠮᠠᠨ ᠦᠯᠢᠭᠡᠷ᠂ ᠳᠤᠮᠤᠭ ᠶᠠᠷᠢᠶ᠎ᠠ ᠴᠦ ᠤᠷᠤᠯᠠᠵᠤ ᠳᠡᠶᠢᠯᠤᠰᠢ ᠦᠭᠡᠢ᠂ ᠦᠡᠭᠭᠡᠷᠡᠭᠰᠡᠨ᠂ ᠤᠳᠤ᠂  ᠢᠷᠡᠭᠡᠳᠦᠢ  ᠶᠢᠨ ᠪᠠᠷᠢᠮᠳᠠᠳᠤ ᠲᠤᠯᠭᠤᠷ ᠪᠢᠴᠢᠭ ᠪᠤᠯᠤᠨ᠎ᠠ᠃ᠰᠡᠴᠡᠨᠪᠢᠯᠢᠭ ︵ᠤᠯᠠᠭᠠᠨᠬᠠᠳᠠ ᠬᠤᠳᠠ ᠶᠢᠨ ᠪᠠᠭᠠᠷᠢᠨ ᠪᠠᠷᠠᠭᠤᠨ ᠬᠤᠰᠢᠭᠤᠨ ᠤ ᠤᠷᠴᠢᠭᠤᠯᠭ᠎ᠠ ᠶᠢᠨ ᠨᠡᠶᠢᠭᠡᠮᠯᠢᠭ ᠤᠨ ᠳᠠᠷᠤᠭ᠎ᠠ︶
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备07002090号