ᠪᠠᠭᠠᠷᠢᠨ ᠨᠤᠶᠠᠳ ᠤᠨ ᠤᠭ ᠬᠢᠭᠡᠳ ᠪᠠᠭᠠᠷᠢᠨ ᠤ ︽ᠭᠦᠡᠭᠵᠦ  ᠶᠢᠨ ᠰᠤᠶᠤᠯ︾ ᠤᠨ  ᠲᠤᠬᠠᠢ ᠮᠦᠴᠢᠳ ᠦᠭᠦᠯᠡᠬᠦ ᠨᠢ  ︵  ᠲᠠᠪᠤ︶
ᠨᠡᠶᠢᠲᠡᠯᠡᠭᠰᠡᠨ ᠴᠠᠭ᠄
2020-08-08
 ᠬᠤᠶᠠᠷ᠂ ᠪᠠᠷᠠᠭᠤᠨ ᠪᠠᠭᠠᠷᠢᠨ ᠤ ︽ᠭᠦᠡᠭᠵᠦ   ᠶᠢᠨ ᠰᠤᠶᠤᠯ︾           1᠂ ᠤᠳᠤᠷᠢᠳᠤᠨ ᠦᠭᠦᠯᠡᠬᠦᠢ      ᠤᠵᠤᠭᠤᠷ ᠠᠴᠠ ᠢᠨᠠᠭᠰᠢ ᠲᠤᠳᠤᠭᠠᠳᠤ ᠭᠠᠳᠠᠭᠠᠳᠤ ᠶᠢᠨ ᠶᠠᠮᠠᠷ ᠨᠢᠭᠡᠨ ︽ᠲᠡᠤᠬᠡᠳᠦ ᠰᠤᠶᠤᠯ︾ ᠪᠦᠷᠢᠯᠳᠦᠨ ᠬᠦᠭᠵᠢᠬᠦ ᠳᠡᠭᠡᠨ ᠲᠤᠬᠠᠢ ᠶᠢᠨ ᠨᠡᠶᠢᠭᠡᠮ ᠤᠨ ᠭᠦᠨ ᠵᠤᠵᠠᠭᠠᠨ ᠰᠤᠶᠤᠯ ᠤᠨ ᠬᠦᠷᠦᠰᠦᠨ ᠳᠤ ᠰᠠᠭᠤᠷᠢᠯᠠᠵᠦ᠂ ᠤᠷᠳᠤ ᠤᠳᠠᠭᠠᠨ ᠲᠡᠤᠬᠡ ᠶᠢᠨ ᠶᠠᠪᠤᠴᠠ ᠳᠤ ᠲᠦᠯᠦᠪᠰᠢᠨ ᠲᠡᠭᠦᠯᠳᠡᠷᠵᠢᠳᠡᠭ ᠶᠤᠮ ᠪᠠᠶᠢᠨ᠎ᠠ᠃ ᠬᠡᠬᠦ ᠳᠡᠭᠡᠨ ᠡᠨᠡᠬᠦ ︽ᠲᠡᠤᠬᠡᠳᠦ ᠰᠤᠶᠤᠯ︾ ᠨᠢ ᠲᠤᠬᠠᠢ ᠶᠢᠨ ᠨᠤᠳᠤᠭ ᠤᠷᠤᠨ ᠪᠤᠶᠤ ᠲᠤᠬᠠᠢ ᠶᠢᠨ ᠦᠨᠳᠦᠰᠦᠳᠡᠨ  ᠤ ᠬᠠᠷᠢᠶᠠᠨ ᠳᠤ ᠨᠡᠯᠢᠶᠡᠳ ᠲᠡᠭᠡᠳᠦ ᠬᠡᠮᠵᠢᠶᠡᠨ ᠤ ᠰᠤᠶᠤᠯ ᠤᠨ ᠲᠦᠪᠰᠢᠨ ᠳᠤ ᠬᠦᠷᠦᠭᠰᠡᠨ ᠪᠠᠶᠢᠬᠤ᠂ ᠨᠡᠯᠢᠶᠡᠳ ᠦᠷᠭᠡᠨ ᠬᠡᠪᠴᠢᠶᠡᠳᠦ ᠰᠤᠶᠤᠯ ᠢᠷᠭᠡᠨᠰᠢᠯ ᠤᠨ ᠬᠡᠯᠪᠡᠷᠢ ᠲᠠᠢ ᠪᠠᠶᠢᠬᠤ᠂ ᠨᠡᠯᠢᠶᠡᠳ ᠰᠢᠰᠲᠸᠡᠮᠵᠢᠭᠰᠡᠨ ᠭᠦᠨᠵᠡᠭᠡᠢ ᠨᠡᠶᠢᠭᠡᠮ ᠤᠨ ᠠᠵᠢᠯᠯᠠᠭᠠᠨ ᠲᠠᠢ ᠪᠠᠶᠢᠬᠤ᠂  ᠲᠤᠬᠠᠢ ᠶᠢᠨ ᠤᠰᠤ ᠨᠤᠳᠤᠭ ᠤᠨ ᠢᠵᠠᠭᠤᠷ ᠰᠤᠶᠤᠯ ᠲᠠᠢ ᠠᠭᠤᠰᠤᠯᠴᠠᠵᠤ ᠲᠡᠭᠦᠯᠳᠡᠷᠵᠢᠨ ᠬᠦᠭᠵᠢᠭᠰᠡᠨ ᠪᠠᠶᠢᠬᠤ᠂ ᠲᠤᠬᠠᠢ ᠶᠢᠨ ᠨᠤᠳᠤᠭ ᠤᠷᠤᠨ ᠤ ᠨᠡᠶᠢᠭᠡᠮ ᠤᠨ ᠡᠯ᠎ᠡ ᠲᠠᠪᠬᠤᠷᠭ᠎ᠠ ᠳᠤ ᠪᠦᠷᠢᠨ ᠮᠡᠳᠡᠷᠡᠭᠳᠡᠭᠰᠡᠨ ᠪᠠᠶᠢᠬᠤ ᠵᠡᠷᠭᠡ ᠨᠦᠭᠦᠴᠡᠯ ᠢᠶᠠᠷ ᠢᠯᠡᠷᠡᠳᠡᠭ ᠪᠠᠶᠢᠨ᠎ᠠ᠃ ᠡᠨᠡ ᠪᠤᠯ ᠲᠠᠷᠤᠢ ︽ᠲᠡᠤᠬᠡᠳᠦ ᠰᠤᠶᠤᠯ︾ ᠤᠨ ᠲᠤᠪᠴᠢ ᠤᠬᠠᠭᠳᠠᠬᠤᠨ ᠪᠤᠯᠤᠨ᠎ᠠ᠃ ᠪᠠᠷᠠᠭᠤᠨ ᠪᠠᠭᠠᠷᠢᠨ ᠤ ︽ᠭᠦᠡᠭᠵᠤ ᠶᠢᠨ ᠰᠤᠶᠤᠯ︾ ᠨᠢ ᠶᠠᠭ ᠡᠶᠢᠮᠦᠷᠬᠦ ᠬᠤᠰᠢᠭᠤ ᠨᠤᠳᠤᠭ ᠤᠨ ᠲᠡᠦᠬᠡ ᠶᠢᠨ ᠬᠦᠭᠵᠢᠯᠳᠠ ᠶᠢ ᠳᠠᠭᠠᠯᠳᠤᠨ ᠡᠬᠦᠰᠦᠭᠰᠡᠨ ᠤᠷᠤᠨ ᠨᠤᠳᠤᠭ ᠤᠨ ᠳᠤᠷᠠᠳᠬᠠᠯ ᠤᠨ ᠰᠢᠨᠵᠢ ᠴᠢᠨᠠᠷ ᠲᠠᠢ  ︽ᠲᠡᠦᠬᠡᠳᠤ ᠰᠤᠶᠤᠯ︾ ᠪᠤᠯᠤᠨ᠎ᠠ᠃     ᠮᠠᠨᠵᠤ ᠶᠢᠨ ᠬᠠᠭᠠᠨ᠂ ᠴᠢᠩ ᠤᠨ ᠳᠦᠷᠤ ᠶᠢ ᠪᠠᠶᠢᠭᠤᠯᠴᠢᠬᠠᠭᠰᠡᠨ ᠴᠠᠭ ᠲᠤ ᠲᠠᠳᠡᠨ ᠢ ᠡᠶᠡᠳᠡᠨ ᠳᠠᠭᠠᠭᠰᠡᠨ ᠴᠦ ᠡᠷᠬᠡᠭᠰᠢᠶᠡᠭᠳᠡᠵᠤ᠂ ᠡᠰᠡᠷᠭᠦᠴᠡᠨ ᠮᠦᠷᠭᠦᠯᠳᠦᠭᠰᠡᠨ ᠨᠢ ᠴᠦ ᠡᠷᠬᠡᠭᠰᠢᠶᠡᠭᠳᠡᠪᠡ᠃ ᠡᠶᠡᠳᠡᠨ ᠳᠠᠭᠠᠭᠰᠡᠨ ᠨᠢ ᠦᠪᠡᠷ ᠢ ᠪᠠᠨ ᠬᠠᠮᠠᠭᠠᠯᠠᠵᠤ ᠴᠢᠳᠠᠭᠰᠡᠨ ᠪᠠᠶᠢᠬᠤ ᠳᠤ᠂ ᠡᠰᠡᠷᠭᠦᠴᠡᠨ ᠮᠦᠷᠭᠦᠯᠳᠦᠭᠰᠡᠨ ᠨᠢ ᠡᠳᠦᠢ ᠲᠡᠳᠦᠢ ᠬᠤᠬᠢᠷᠠᠭᠰᠡᠨ ᠶᠤᠮ᠃ ᠡᠨᠡ ᠪᠤᠯ ᠶᠠᠮᠠᠷ ᠴᠦ ᠲᠦᠷᠤ ᠶᠢᠨ ᠮᠠᠰᠢᠨ ᠤ ᠦᠪᠡᠷ ᠢ ᠪᠠᠨ ᠬᠠᠮᠠᠭᠠᠯᠠᠵᠤ᠂ ᠦᠷᠢᠰᠦᠯᠳᠦᠭᠴᠢ ᠪᠠᠨ ᠳᠠᠷᠤᠩᠭᠤᠶᠢᠯᠠᠬᠤ ᠡᠬᠦᠷᠭᠡ ᠴᠢᠳᠠᠪᠬᠢ ᠨᠢ ᠪᠤᠯᠤᠨ᠎ᠠ᠃       ᠴᠢᠩ ᠬᠦᠷᠦᠨ ᠤ ᠡᠬᠢᠨ ᠤ ᠦᠶ᠎ᠡ ᠳᠤ ᠪᠠᠭᠠᠷᠢᠨ ᠬᠤᠰᠢᠭᠤ᠂ ᠪᠤᠰᠤᠳ ᠬᠤᠰᠢᠭᠤ ᠴᠢᠭᠤᠯᠭᠠᠨ ᠲᠠᠢ ᠠᠳᠠᠯᠢ ᠪᠠᠷ ᠴᠢᠩ ᠤᠨ ᠵᠠᠬᠢᠷᠭᠠᠨ ᠳᠤ ᠤᠷᠤᠴᠢᠬᠠᠭᠰᠡᠨ ᠪᠤᠯᠪᠠᠴᠤ᠂ ᠪᠠᠭᠠᠷᠢᠨ ᠤ ᠨᠤᠶᠠᠳ ᠢᠵᠠᠭᠤᠷᠳᠠᠳ ᠤᠨ ᠲᠡᠦᠬᠡᠳᠤ ᠭᠠᠪᠢᠶ᠎ᠠ ᠵᠢᠳᠬᠦᠯ ᠪᠠᠶᠢᠭᠰᠡᠨ ᠦᠭᠡᠢ ᠪᠤᠯ᠂ ᠮᠠᠨᠵᠤ ᠶᠢᠨ ᠬᠠᠭᠠᠨ ᠳᠤ ᠲᠠᠭᠠᠯᠠᠭᠳᠠᠵᠤ᠂ ᠮᠠᠨᠵᠤ ᠶᠢᠨ ᠬᠦᠡᠭᠵᠤ ᠳᠤ ᠲᠤᠭᠤᠭᠳᠠᠭᠰᠡᠨ ᠸᠠᠩ ᠨᠤᠶᠠᠳ ᠪᠠᠶᠢᠭᠰᠡᠨ ᠦᠭᠡᠢ ᠪᠤᠯ ᠮᠠᠨᠵᠤ ᠪᠠᠭᠠᠷᠢᠨ ᠤᠷᠤᠭᠴᠠᠭᠠᠬᠤ ᠦᠭᠡᠢ ᠪᠠᠶᠢᠬᠤ᠂ ᠮᠠᠨᠵᠤ ᠪᠠᠭᠠᠷᠢᠨ ᠤᠷᠤᠭᠴᠠᠭᠠᠭᠰᠡᠨ ᠦᠭᠡᠢ ᠪᠤᠯ ᠪᠠᠭᠠᠷᠢᠨ ᠳᠤ ᠭᠦᠡᠭᠵᠤ ᠶᠢᠨ ᠰᠤᠶᠤᠯ ᠳᠡᠯᠭᠡᠷᠡᠬᠦ ᠦᠭᠡᠢ ᠪᠠᠶᠢᠬᠤ᠂ ᠡᠨᠡ ᠨᠢ ᠳᠠᠷᠤᠢ ᠭᠠᠳᠠᠭᠠᠳᠤ ᠳᠤᠳᠤᠭᠠᠳᠤ ᠨᠦᠬᠦᠴᠡᠯ ᠰᠢᠯᠳᠠᠭᠠᠨ ᠵᠤᠬᠢᠯᠳᠤᠭᠰᠡᠨ ᠤ ᠦᠷ᠎ᠡ ᠳ᠋ᠦᠡᠭ ᠪᠤᠯᠤᠨ᠎ᠠ᠃                                        2᠂ ᠭᠤᠤᠯ ᠦᠭᠦᠯᠡᠬᠦᠢ      ︵1︶ ᠪᠠᠷᠠᠭᠤᠨ ᠪᠠᠭᠠᠷᠢᠨ ᠳᠤ ︽ᠭᠦᠡᠭᠵᠤ ᠶᠢᠨ ᠰᠤᠶᠤᠯ︾ ᠬᠡᠮᠡᠬᠦ ᠰᠢᠨ᠎ᠡ ᠤᠬᠠᠭᠳᠠᠬᠤᠨ᠂ ᠰᠢᠨ᠎ᠡ ᠨᠡᠷᠡᠶᠢᠳᠦᠯ ᠳᠤᠷᠠᠳᠤᠭᠳᠠᠭᠠᠳ ᠲᠡᠳᠦᠢ ᠤᠳᠠᠭᠠᠳᠤᠢ ᠴᠤ ᠵᠤᠯᠠᠴᠢᠨᠴᠤᠳ ᠢ ᠪᠠᠭᠲᠠᠭᠠᠭᠰᠡᠨ ᠪᠠᠭᠠᠷᠢᠨ ᠤ ᠦᠶ᠎ᠡ ᠦᠶ᠎ᠡ ᠶᠢᠨ ᠡᠷᠳᠡᠮᠳᠡᠨ ᠰᠤᠳᠤᠯᠤᠭᠠᠴᠢᠳ᠂ ᠪᠠᠭᠠᠷᠢᠨ ᠳᠤ ᠬᠤᠯᠪᠤᠭᠳᠠᠭᠰᠡᠨ ᠮᠠᠨᠵᠤ ᠶᠢᠨ ᠲᠡᠦᠬᠡ᠂ ᠪᠠᠭᠠᠷᠢᠨ ᠳᠤ ᠮᠤᠷᠳᠠᠵᠤ ᠢᠷᠡᠭᠰᠡᠨ ᠭᠦᠡᠭᠵᠤ ᠭᠡᠭᠡ ᠨᠠᠷ ᠤᠨ ᠢᠵᠠᠭᠤᠷ ᠤᠳᠤᠮ᠂ ᠢᠨᠵᠢ ᠳᠠᠭᠠᠯᠳᠠ ᠪᠠᠷ ᠢᠷᠡᠭᠰᠡᠳ ᠤᠨ ᠦᠡᠭᠭᠡᠷᠡᠭᠰᠡᠨ ᠡᠳᠦᠭᠡ ᠶᠢ ᠰᠤᠳᠤᠯᠤᠭᠰᠠᠭᠠᠷ ᠬᠡᠳᠦᠨ ᠵᠠᠭᠤᠨ ᠤᠨ ᠪᠤᠯᠵᠤ ᠡᠳᠦᠭᠡ ᠨᠢᠭᠡᠨᠳᠡ ᠪᠠᠭᠠᠷᠢᠨ ᠳᠤ ᠬᠤᠯᠪᠤᠭᠳᠠᠭᠰᠡᠨ ᠮᠠᠨᠵᠤ ᠶᠢᠨ ᠲᠡᠦᠬᠡ ᠪᠠᠷ ᠰᠤᠳᠤᠯᠤᠭᠲᠠᠬᠤᠨ ᠢᠶᠠᠨ ᠪᠤᠯᠭᠠᠭᠰᠡᠨ ︽ᠲᠡᠦᠬᠡᠳᠤ ᠰᠤᠶᠤᠯ︾ ᠳᠠᠷᠤᠢ ᠪᠠᠷᠠᠭᠤᠨ ᠪᠠᠭᠠᠷᠢᠨ ᠤ ︽ ᠭᠦᠡᠭᠵᠤ ᠶᠢᠨ ᠰᠤᠶᠤᠯ︾ ᠤᠨ ᠰᠢᠨᠵᠢᠯᠡᠭᠡᠨ‌‍ᠪᠤᠯᠵᠤ ᠪᠠᠶᠢᠭ᠎ᠠ ᠶᠤᠮ᠃        ᠪᠠᠷᠠᠭᠤᠨ ᠪᠠᠭᠠᠷᠢᠨ ᠤ ︽ᠭᠦᠡᠭᠵᠦ ᠶᠢᠨ ᠰᠣᠶᠣᠯ︾ ᠨᠢ ᠲᠠᠪᠤᠨ ᠲᠠᠯ᠎ᠠ  ᠶᠢᠨ ᠨᠦᠭᠦᠴᠡᠯ ᠰᠢᠯᠳᠠᠭᠠᠨ  ᠢᠶᠠᠷ ᠪᠦᠷᠢᠯᠳᠦᠭᠰᠡᠨ ᠲᠦᠯᠦᠪ ᠪᠤᠢ᠃ᠨᠢᠭᠡ ᠳᠤ᠂ ᠴᠢᠩ ᠭᠦᠷᠦᠨ ᠤ ᠬᠠᠭᠠᠨᠳᠦ ᠲᠦᠷᠦ ᠶᠢᠨ ᠲᠠᠶᠢᠽᠦ᠋ᠡᠭ ᠬᠠᠭᠠᠨ ᠬᠤᠸᠠᠩ ᠲᠠᠢ ᠵᠢᠢ ᠶᠢᠨ ᠲᠠᠪᠤᠳᠤᠭᠠᠷ ᠦᠬᠢᠨ ᠰᠡᠴᠡᠨ ᠲᠡᠭᠡᠳᠦ ᠭᠦᠷᠦᠨ ᠭᠦᠡᠭᠵᠦ ᠠᠲ᠋ᠦ᠋᠂  1648 ᠤᠨ ᠤ 2 ᠰᠠᠷ᠎ᠠ ᠳᠤ  ᠪᠠᠭᠠᠷᠢᠨ ᠪᠠᠷᠠᠭᠤᠨ ᠭᠠᠷᠤᠨ ᠬᠤᠰᠢᠭᠤᠨ ᠤ ᠤᠤᠭᠠᠨ ᠵᠠᠰᠠᠭ᠂ ᠤᠯᠤᠰ ᠲᠤᠷ ᠲᠤᠰᠠᠯᠠᠭᠴᠢ ᠭᠦᠡᠭ ᠰᠧᠪᠳᠡᠨ ᠳᠤ ᠮᠤᠷᠳᠠᠵᠦ ᠢᠷᠡᠭᠰᠡᠨ ᠪᠤᠶᠤ 1691 ᠤᠨ ᠳᠤ ᠴᠢᠩ ᠭᠦᠷᠦᠨ ᠤ  ᠡᠩᠬᠡ ᠠᠮᠤᠭᠤᠯᠠᠩ ᠬᠠᠭᠠᠨ ᠤ ᠬᠤᠶᠠᠳᠤᠭᠠᠷ ᠦᠬᠢᠨ ᠦᠯᠡᠮᠵᠢ ᠬᠡᠮᠵᠢᠶᠡᠳᠤ ᠭᠦᠷᠦᠨ ᠭᠦᠡᠭᠵᠤ ᠪᠠᠭᠠᠷᠢᠨ ᠪᠠᠷᠠᠭᠤᠨ ᠭᠠᠷᠤᠨ ᠬᠤᠰᠢᠭᠤᠨ ᠤ ᠳᠦᠷᠪᠡᠳᠦᠭᠡᠷ ᠦᠶ᠎ᠡ ᠶᠢᠨ ᠵᠠᠰᠠᠭ ᠲᠦᠷᠤ ᠶᠢᠨ ᠵᠢᠶᠦ᠋ᠨ ᠸᠠᠩ ᠦᠷᠬᠦᠨ ᠳᠤ ᠮᠤᠷᠳᠠᠵᠤ ᠢᠷᠡᠭᠰᠡᠨ ᠠᠴᠠ ᠲᠡᠳᠡᠨᠠᠷ ᠤᠨ ᠨᠡᠶᠢᠭᠡᠮ ᠤᠨ ᠪᠠᠶᠢᠷᠢ ᠰᠠᠭᠤᠷᠢ᠂ ᠤᠯᠤᠰ ᠲᠦᠷᠦ ᠳᠠᠬᠢ ᠨᠦᠯᠦᠭᠡᠯᠡᠯ ᠠᠴᠠ ᠪᠤᠯᠤᠭᠰᠠᠨ ᠲᠡᠤᠬᠡᠳᠦ ᠬᠡᠷᠡᠭ ᠤᠴᠢᠷ᠂ ᠰᠣᠶᠣᠯ ᠢᠷᠭᠡᠨᠰᠢᠯ ᠤᠨ ᠠᠵᠢᠯᠯᠠᠭᠠᠨ᠂ ᠬᠠᠳᠠᠮ ᠤᠨ ᠨᠤᠳᠤᠭ ᠪᠠᠭᠠᠷᠢᠨ ᠳᠠᠭᠠᠨ  ᠨᠠᠰᠤᠨ ᠲᠤᠷᠰᠢ ᠠᠮᠢᠳᠤᠷᠠᠵᠦ ᠲᠡᠮᠡᠴᠡᠵᠦ ᠪᠦᠳᠦᠭᠡᠭᠰᠡᠨ ᠡᠭᠦᠳᠦᠯᠳᠡ ᠶᠢᠨ ᠴᠢᠨᠠᠷ ᠲᠠᠢ ᠲᠡᠤᠬᠡᠳᠦ ᠭᠠᠪᠢᠶ᠎ᠠ ᠵᠢᠳᠬᠦᠯ ᠵᠡᠷᠭᠡ ᠨᠢ ᠭᠤᠤᠯ ᠴᠢᠬᠤᠯᠠ ᠨᠦᠬᠦᠴᠡᠯ ᠪᠤᠯᠤᠭᠰᠠᠨ᠃ᠬᠤᠶᠠᠷ ᠲᠤ᠂ ᠴᠢᠩ ᠬᠦᠷᠦᠨ ᠤ ᠬᠤᠶᠠᠷ ᠬᠦᠡᠭᠵᠤ ︽ᠤᠷᠤᠭ ᠢᠶᠠᠷ ᠡᠪᠰᠡᠬᠦ︾ ᠤᠷᠳᠤᠨ ᠤ ᠪᠤᠳᠤᠯᠭ᠎ᠠ ᠪᠠᠨ ᠵᠢᠷᠤᠮᠯᠡᠵᠤ᠂ ᠪᠤᠭᠤᠮᠳᠠ ᠶᠢᠨ ᠭᠠᠳᠠᠨᠠᠬᠢ ᠶᠡᠭᠡ ᠪᠠᠭᠠᠷᠢᠨ ᠳᠤ ᠮᠤᠷᠳᠠᠨ ᠢᠷᠡᠭᠡᠳ ᠪᠠᠭᠠᠷᠢᠨ ᠤ ᠢᠵᠠᠭᠤᠷᠳᠠᠳ ᠤᠨ ᠦᠷ᠎ᠠ ᠠᠴᠢᠷ ᠢ ᠲᠡᠭᠰᠢ ᠪᠠᠷ ᠳᠡᠯᠭᠡᠷᠡᠬᠦᠯᠤᠨ ᠬᠦᠮᠦᠵᠢᠬᠦᠯᠦᠭᠰᠡᠨ ᠢᠶᠠᠷ ᠦᠯᠤ ᠪᠠᠷᠠᠨ᠂ ᠢᠨᠵᠢ ᠪᠠᠷ ᠳᠠᠭᠠᠭᠤᠯᠵᠤ ᠢᠷᠡᠭᠰᠡᠨ ᠮᠤᠩᠭᠤᠯ ᠭᠤᠤᠯᠴᠢᠭᠤ ᠮᠠᠨᠵᠤ᠂ ᠬᠢᠲᠠᠳ᠂ ᠰᠢᠪᠡᠭᠡ ︵ᠱᠢᠪ︶᠂ ᠬᠤᠤᠯᠴᠢᠨ ︵ᠭᠤᠤᠯᠴᠢᠨ︶᠂ ᠲᠠᠭᠤᠷ ︵ᠳᠠᠭᠤᠷᠤᠨ︶ ᠳᠤᠯᠤᠭᠠᠨ ᠤᠭᠰᠠᠭ᠎ᠠ ᠦᠨᠳᠦᠰᠦᠳᠡᠨ ᠢᠶᠠᠷ ᠪᠦᠷᠢᠯᠳᠤᠭ᠍ᠰᠡᠨ 540 ᠡᠷᠦᠭᠡ ᠠᠷᠠᠳ ᠢᠷᠭᠡᠳ ᠢᠶᠠᠨ ᠡᠨᠡ ᠨᠤᠳᠤᠭ ᠤᠨ ᠤᠤᠭᠠᠯ ᠲᠠᠢ ᠬᠠᠷᠢᠯᠴᠠᠨ ᠠᠭᠤᠰᠤᠯᠴᠠᠭᠤᠯᠵᠤ ᠴᠢᠳᠠᠭᠰᠡᠨ ᠠᠴᠠ ᠲᠡᠦᠬᠡ ᠶᠢᠨ ᠶᠠᠪᠤᠴᠠ ᠳᠤ ᠴᠦᠮ ᠪᠦᠬᠦᠨ ᠬᠡᠯᠡ ᠨᠢᠭᠡᠳᠡᠢ᠂ ᠰᠤᠶᠤᠯ ᠨᠢᠭᠡᠳᠡᠢ᠂ ᠵᠠᠩ ᠤᠶᠢᠯᠡ ᠨᠢᠭᠡᠳᠡᠢ ᠦᠨᠳᠦᠰᠦᠳᠡᠨ ᠤ ᠭᠤᠤᠯ ᠴᠤᠭᠴᠠ ᠪᠤᠯᠵᠤ ᠪᠦᠷᠢᠯᠳᠦᠭᠡᠳ  ᠡᠨᠡ ᠨᠤᠳᠤᠭ ᠤᠨ ᠠᠵᠤ ᠠᠬᠤᠢ᠂ ᠰᠤᠶᠤᠯ᠂ ᠨᠡᠶᠢᠭᠡᠮ ᠤᠨ ᠬᠦᠴᠦᠨ ᠢ ᠵᠤᠬᠢᠴᠠᠯ ᠲᠠᠢ ᠡᠷᠴᠢᠮ ᠲᠠᠢ ᠴᠢᠩᠭᠠᠳᠬᠠᠵᠤ ᠴᠢᠳᠠᠭᠰᠡᠨ ᠪᠠᠶᠢᠨ᠎ᠠ᠃ ᠡᠬᠦᠨ ᠢ ︽ᠭᠦᠡᠭᠵᠤ ᠶᠢᠨ ᠰᠤᠶᠤᠯ︾ ᠤᠨ ᠬᠠᠮᠤᠭ ᠤᠨ ᠳᠤᠪᠤᠶᠢᠮ᠎ᠠ᠂ ᠬᠠᠮᠤᠭ ᠤᠨ ᠴᠢᠬᠤᠯᠠ ᠲᠡᠦᠬᠡᠳᠤ ᠠᠴᠢ ᠬᠤᠯᠪᠤᠭᠳᠠᠯ ᠭᠡᠵᠤ ᠬᠡᠯᠡᠵᠤ ᠪᠤᠯᠤᠨ᠎ᠠ᠃ᠭᠤᠷᠪᠠ ᠳᠤ᠂ ᠲᠡᠦᠬᠡᠨ ᠮᠠᠲ᠋ᠧᠷᠢᠶᠠᠯ ᠢ ᠦᠨᠳᠦᠰᠦᠯᠡᠪᠡᠯ᠂ 1634 ᠤᠨ ᠳᠤ ᠬᠤᠶᠢᠳᠤ ᠠᠯᠳᠠᠨ ᠤᠯᠤᠰ ᠠᠴᠠ ᠪᠠᠭᠠᠷᠢᠨ ᠠᠶᠢᠮᠠᠭ ᠤᠨ ᠳᠦᠷᠪᠡᠨ ᠵᠠᠬ᠎ᠠ ᠨᠠᠢᠮᠠᠨ ᠬᠢᠵᠠᠭᠠᠷ ᠢ ᠳᠤᠳᠤᠷᠬᠠᠢ ᠵᠠᠭᠠᠭᠯᠠᠵᠤ᠂ ᠪᠠᠭᠠᠷᠢᠨ ᠠᠶᠢᠮᠠᠭ ᠢ ᠪᠠᠷᠠᠭᠤᠨ ᠵᠡᠬᠦᠨ ᠬᠤᠶᠠᠷ ᠭᠠᠷᠤᠨ ᠪᠤᠯᠭᠠᠨ ᠬᠤᠪᠢᠶᠠᠵᠤ᠂ ᠲᠤᠰᠪᠦᠷᠢ ᠳᠤ 800 ᠡᠷᠦᠭᠡ ᠬᠤᠪᠢᠶᠠᠭᠠᠳ᠂ ᠰᠧᠪᠳᠡᠨ ᠢ ᠪᠠᠷᠠᠭᠤᠨ ᠭᠠᠷᠤᠨ ᠵᠠᠰᠠᠭ ᠡᠷᠭᠦᠮᠵᠢᠯᠡᠪᠡ᠃ ᠡᠶᠢᠨᠬᠦ ᠳᠡᠮᠡᠢ ᠤᠳᠠᠯ ᠦᠭᠡᠢ 1648 ᠤᠨ ᠳᠤ ᠰᠡᠴᠡᠨ ᠳᠡᠭᠡᠳᠤ ᠭᠦᠷᠦᠨ ᠬᠦᠡᠭᠵᠤ ᠰᠧᠪᠳᠡᠨ ᠳᠤ ᠮᠤᠷᠳᠠᠵᠤ ᠢᠷᠡᠬᠦ ᠳᠡᠭᠡᠨ 300 ᠡᠷᠦᠭᠡ ᠢᠨᠵᠢ ᠳᠠᠭᠠᠯᠳᠠ ᠲᠠᠢ ᠢᠷᠡᠪᠡ᠂ 43 ᠵᠢᠯ ᠤᠨ ᠬᠢᠨᠢ ᠳᠠᠷᠠᠭ᠎ᠠ᠂ ᠳᠠᠷᠤᠢ1691 ᠤᠨ ᠳᠤ ᠦᠯᠡᠮᠵᠢ ᠬᠡᠮᠵᠢᠶᠡᠳᠤ ᠭᠦᠷᠦᠨ ᠭᠦᠡᠭᠵᠤ ᠦᠷᠬᠦᠨ ᠵᠢᠶᠦ᠋ᠨ ᠸᠠᠩ ᠳᠤ ᠮᠤᠷᠳᠠᠵᠤ ᠢᠷᠡᠬᠦ ᠳᠡᠭᠡᠨ ᠪᠠᠰᠠ 240 ᠡᠷᠦᠭᠡ ᠢᠨᠵᠢ ᠲᠠᠢ ᠢᠷᠡᠪᠡ᠃ ᠨᠠᠢᠮᠠᠬᠠᠨ ᠵᠠᠭᠤᠨ ᠡᠷᠦᠭᠡ ᠲᠠᠢ ᠪᠠᠶᠢᠭᠰᠡᠨ ᠬᠤᠰᠢᠭᠤᠨ ᠳᠤ ᠳᠦᠴᠢᠭᠡᠳᠬᠡᠨ ᠵᠢᠯ ᠤᠨ ᠳᠤᠳᠤᠷ᠎ᠠ ᠬᠤᠶᠠᠷᠬᠠᠨ ᠤᠳᠠᠭ᠎ᠠ ᠳᠤ 540 ᠡᠷᠦᠭᠡ ᠨᠡᠮᠡᠭᠳᠡᠯ᠎ᠡ ᠭᠡᠳᠡᠭ ᠪᠤᠯ ᠯᠤᠳᠤ ᠶᠡᠭᠡ ᠬᠤᠪᠢᠷᠠᠯᠳᠠ ᠪᠤᠯᠤᠨ᠎ᠠ᠂ ᠨᠠᠷᠢᠯᠢᠭ ᠪᠤᠳᠤᠪᠠᠯ 67.5% ᠢᠶᠠᠷ ᠨᠡᠮᠡᠭᠳᠡᠯ᠎ᠡ ᠭᠡᠰᠡᠨ ᠤᠴᠢᠷ᠃ ᠭᠡᠬᠦ ᠳᠤ ᠨᠤᠳᠤᠭ ᠤᠨ ᠤᠤᠭᠠᠯ ᠤᠨ 67.5% ᠶᠢ ᠡᠵᠡᠯᠡᠭᠰᠡᠨ ᠢᠨᠵᠢᠴᠤᠳ ᠶᠠᠭᠠᠬᠢᠬᠤ ᠳᠠᠭᠠᠨ ᠠᠰ ᠢᠶᠠᠷ ᠢᠶᠠᠨ ᠪᠦᠯᠦᠭᠯᠡᠵᠤ ᠢᠨᠵᠢ ᠲᠤᠰᠬᠤᠨ ᠪᠠᠶᠢᠭᠤᠯᠤᠭᠰᠡᠨ ᠦᠭᠡᠢ᠂ ᠮᠠᠨᠵᠤ ᠰᠤᠷᠭᠠᠭᠤᠯᠢ ᠡᠷᠬᠢᠯᠡᠭᠰᠡᠨ ᠦᠭᠡᠢ ᠪᠠᠷ ᠪᠠᠭᠠᠷᠢᠨ ᠨᠤᠳᠤᠭ ᠲᠤ ᠲᠡᠶᠢᠮᠤ ᠬᠢᠯᠪᠠᠷ ᠠᠭᠤᠰᠴᠢᠬᠠᠭᠰᠡᠨ ᠪᠤᠢ︖ ᠡᠨᠡ ᠠᠰᠠᠭᠤᠳᠠᠯ ᠤᠨ ᠲᠤᠬᠠᠢ ᠲᠦᠷᠤ ᠶᠢᠨ ᠱᠠᠩᠨᠠᠯᠳᠤ ᠠᠯᠳᠠᠷᠳᠤ ᠵᠤᠬᠢᠶᠠᠯᠴᠢ ᠬ᠋᠊᠂ ᠰᠢᠷᠠᠪᠵᠠᠮᠰᠤ ᠭᠤᠸᠠᠢ ︽ᠱᠠᠩᠳᠤ ᠭᠡᠶᠢᠪᠤᠡᠭ ᠬᠦᠷᠳᠤ ᠪᠠᠯᠭᠠᠰᠤ︾⑬ᠬᠡᠮᠡᠬᠦ ᠨᠤᠮ ᠳᠠᠬᠢ ︽ᠪᠠᠭᠠᠷᠢᠨ ᠬᠦᠬᠦᠷᠭᠡ︾⑭ ᠭᠡᠬᠦ ᠲᠡᠦᠬᠡᠨ ᠨᠠᠶᠢᠷᠠᠭᠤᠯᠤᠯ ᠤᠨ ᠵᠡᠬᠦᠯᠳᠡ ⑮ ᠲᠡᠭᠡᠨ ︽ᠭᠦᠡᠭᠵᠤ ᠳᠤ ᠢᠨᠵᠢ ᠪᠤᠯᠭᠠᠨ ᠳᠠᠭᠠᠭᠤᠯᠤᠭᠰᠡᠨ ᠳᠠᠯᠠᠨ ᠬᠤᠶᠠᠷ ᠮᠡᠷᠭᠡᠵᠢᠯ ᠤᠨ ᠤᠷᠠᠨ ᠳᠠᠷᠬᠠᠨ᠃ ᠲᠡᠳᠡᠨ ᠢ ᠢᠨᠵᠢ ᠮᠠᠨᠵᠤ ᠭᠡᠳᠡᠭ᠃ ᠦᠨᠡᠨᠳᠡᠭᠡᠨ ᠲᠡᠳᠡ ᠪᠤᠯ ᠮᠠᠨᠵᠤ ᠪᠢᠰᠢ᠂ ᠬᠢᠲᠠᠳ ᠴᠤ ᠪᠢᠰᠢ᠂ ᠬᠠᠷᠢᠨ ᠬᠤᠶᠢᠳᠤ ᠠᠯᠳᠠᠨ ᠤᠯᠤᠰ ᠤᠨ ᠡᠬᠢᠨ ᠤ  ᠦᠶ᠎ᠡ ᠳᠤ ᠬᠤᠷᠴᠢᠨ ᠤ ᠨᠤᠶᠠᠳ ᠮᠠᠨᠵᠤ ᠶᠢᠨ ᠬᠠᠭᠠᠳ ᠲᠤ ᠦᠬᠢᠳ ᠢᠶᠠᠨ ᠡᠬᠡᠨᠠᠷ ᠪᠤᠯᠭᠠᠨ ᠦᠭᠬᠦ ᠦᠶ᠎ᠡ ᠳᠤ ᠮᠠᠰᠢ ᠤᠯᠠᠨ ᠠᠯᠪᠠᠳᠤ ᠬᠠᠷᠢᠶᠠᠳᠤ᠂ ᠢᠨᠵᠢ ᠵᠢᠨᠵᠢ ᠳᠠᠭᠠᠭᠤᠯᠤᠨ ᠢᠯᠡᠭᠡᠭᠰᠡᠨ ᠪᠦᠭᠡᠳ ᠴᠢᠩ ᠤᠯᠤᠰ ᠪᠡᠭᠡᠵᠢᠩ ᠳᠤ ᠤᠷᠤᠵᠤ ᠨᠡᠶᠢᠰᠯᠡᠭᠰᠡᠨ ᠬᠤᠶᠢᠨ᠎ᠠ᠂ ᠲᠡᠳᠡᠭᠡᠷ ᠬᠦᠮᠦᠰ ᠬᠠᠳᠤᠨ ᠢ ᠳᠠᠭᠠᠵᠤ ᠪᠤᠭᠤᠮᠳᠠ ᠳᠤ ᠤᠷᠤᠵᠤ ᠰᠠᠭᠤᠭᠠᠳ ᠠᠭᠠᠵᠢᠮ ᠳᠠᠭᠠᠨ ᠬᠢᠲᠠᠳ ᠤᠪᠤᠭ ᠠᠪᠴᠤ ᠤᠯᠠᠷᠢᠪᠠ᠃ ᠮᠠᠨᠵᠤ ᠶᠢᠨ ᠬᠠᠭᠠᠳ ᠦᠬᠢᠳ ᠢᠶᠠᠨ ᠮᠤᠩᠭᠤᠯ ᠸᠠᠩ ᠭᠦᠡᠭ ᠳᠤ ᠮᠤᠷᠳᠠᠭᠤᠯᠬᠤ ᠦᠶ᠎ᠡ ᠳᠤ ᠲᠡᠳᠡᠨ ᠢ ᠳᠠᠬᠢᠭᠠᠳ ᠢᠨᠵᠢ ᠪᠤᠯᠭᠠᠨ ᠬᠤᠶᠢᠰᠢ ᠢᠯᠡᠭᠡᠭᠰᠡᠨ ᠠᠵᠢ᠃  ᠴᠢᠩ ᠤᠯᠤᠰ ᠤᠨ ᠡᠬᠢᠨ ᠤ ᠬᠠᠤᠯᠢ ᠳᠤ ᠬᠢᠲᠠᠳ ᠬᠦᠮᠦᠨ ᠢ ᠬᠠᠮᠤᠭ ᠳᠤᠤᠷᠠᠳᠤ ᠲᠡᠰ ᠤᠨ ᠪᠤᠭᠤᠯ ᠢᠶᠠᠷ ᠦᠵᠡᠳᠡᠭ ᠲᠤᠯᠠ ᠬᠠᠭᠠᠨ ᠤ  ᠬᠦᠡᠭᠵᠤ ᠶᠢ ᠳᠠᠭᠠᠵᠤ ᠮᠤᠷᠳᠠᠬᠤ ᠬᠢᠷᠢ ᠭᠡᠮ ᠳᠡᠲᠡᠨ ᠳᠤ ᠪᠠᠶᠢᠬᠤ ᠦᠭᠡᠢ ᠪᠦᠭᠡᠳ ᠲᠡᠳᠡᠨ ᠤ ᠴᠠᠭᠠᠨ ᠬᠡᠷᠡᠮ ᠠᠴᠠ ᠬᠤᠶᠢᠰᠢ ᠭᠠᠷᠬᠤ ᠶᠢ ᠴᠢᠩᠭ᠎ᠠ ᠴᠠᠭᠠᠵᠠᠯᠠᠵᠤ ᠪᠠᠶᠢᠭᠰᠡᠨ ᠶᠤᠮ᠃  ᠲᠡᠭᠡᠬᠦ ᠪᠠᠷ ᠢᠶᠠᠨ ᠭᠦᠡᠭᠵᠤ ᠶᠢ ᠳᠠᠭᠠᠵᠤ ᠢᠷᠡᠭᠰᠡᠨ ᠢᠨᠵᠢ ᠮᠠᠨᠵᠤ  ᠨᠤᠭᠤᠳ ᠬᠢᠲᠠᠳ ᠭᠠᠷᠤᠯᠳᠠᠢ ᠤᠯᠤᠰ ᠪᠢᠰᠢ᠂ ᠬᠠᠷᠢᠨ ᠬᠤᠷᠴᠢᠨ ᠮᠤᠩᠭᠤᠯᠴᠤᠳ ᠪᠤᠶᠤ ᠮᠠᠨᠵᠤ ᠶᠢᠨ ᠲᠦᠷᠤ ᠳᠤ ᠭᠠᠪᠢᠶ᠎ᠠ ᠪᠠᠶᠢᠭᠤᠯᠤᠨ ᠪᠡᠭᠡᠵᠢᠩ ᠳᠤ ᠤᠷᠤᠵᠤ ᠰᠠᠭᠤᠭᠠᠳ ᠬᠠᠶᠢᠯᠤᠭᠳᠠᠭᠰᠡᠨ ᠪᠤᠰᠤᠳ ᠮᠤᠩᠭᠤᠯᠴᠤᠳ ᠤᠨ ᠬᠤᠶᠢᠴᠢ ᠪᠤᠯᠬᠤ ᠶᠢ ᠤᠶᠢᠷ᠎ᠠ ᠳᠤ ᠴᠢᠩ ᠤᠯᠤᠰ ᠤᠨ ᠬᠠᠭᠤᠴᠢᠨ ᠲᠠᠩᠰᠠ ᠡᠪᠬᠡᠮᠡᠯ ᠠᠴᠠ ᠢᠯᠡᠷᠡᠬᠦᠯᠪᠡ︾ ᠭᠡᠵᠡᠢ᠃ ᠶᠡᠭᠡ ᠵᠤᠬᠢᠶᠠᠯᠴᠢ ᠴᠢᠩ ᠭᠦᠷᠦᠨ ᠤ ᠬᠠᠭᠤᠴᠢᠨ ᠳᠠᠩᠰᠠ ᠶᠢᠨ ᠤᠭ ᠡᠰᠢ ᠶᠢ ᠬᠡᠳᠦᠶᠢᠪᠡᠷ ᠨᠠᠷᠢᠯᠢᠭ ᠳᠤᠷᠠᠳᠤᠭᠰᠡᠨ ᠦᠭᠡᠢ ᠴᠤ  ᠡᠨᠡ ᠨᠢ ᠴᠢᠩ ᠤᠨ ᠲᠦᠷᠤ ᠶᠢᠨ ᠳᠠᠩᠰᠠ ᠠᠴᠠ ᠪᠠᠷᠢᠮᠳᠠ ᠲᠠᠢ ᠭᠡᠳᠡᠭ ᠨᠢ ᠪᠠᠳᠤ ᠲᠠᠢ ᠤᠴᠢᠷ ᠪᠤᠯᠤᠨ᠎ᠠ᠃ ᠲᠡᠦᠬᠡ ᠶᠢᠨ ᠶᠠᠪᠤᠴᠠ᠂ ᠲᠦᠷᠤ ᠭᠦᠷᠦᠨ ᠤ ᠤᠷᠴᠢᠯ᠂ ᠦᠨᠳᠦᠰᠦᠳᠡᠨ ᠤᠭᠰᠠᠭᠠᠳᠠᠨ ᠤ ᠬᠤᠭᠤᠷᠤᠨᠳᠤᠬᠢ ᠶᠠᠪᠤᠯᠴᠠᠭ᠎ᠠ ᠤᠷᠤᠭᠴᠠᠭ᠎ᠠ ᠠᠴᠠ ᠪᠤᠯᠤᠭᠠᠳ ᠪᠤᠭᠤᠮᠳᠠ ᠳᠤ ᠤᠷᠤᠵᠤ᠂ ᠮᠠᠨᠵᠤ ᠪᠤᠶᠤ ᠬᠢᠲᠠᠳ ᠲᠤ ᠬᠠᠶᠢᠯᠤᠭᠳᠠᠭᠰᠡᠨ ᠨᠢᠭᠡ ᠪᠦᠯᠦᠭ ᠮᠤᠩᠭᠤᠯᠴᠤᠳ ᠳᠠᠬᠢᠨ ᠢᠨᠵᠢ ᠪᠠᠷ ᠲᠤᠮᠢᠯᠠᠭᠳᠠᠨ ᠮᠤᠩᠭᠤᠯ ᠨᠤᠳᠤᠭ ᠲᠠᠭᠠᠨ ᠪᠤᠴᠠᠭᠠᠳ ᠢᠷᠡᠴᠢᠬᠡᠭᠰᠡᠨ ᠪᠤᠯᠬᠤᠷ ᠦᠪᠡᠷ ᠤᠨ ᠢᠵᠠᠭᠤᠷ ᠬᠡᠯᠡ ᠰᠤᠶᠤᠯ ᠢᠶᠠᠨ ᠰᠡᠷᠭᠦᠭᠡᠬᠦ ᠨᠢ ᠭᠠᠷ ᠤᠨ ᠠᠯᠠᠭ᠎ᠠ ᠪᠠᠨ ᠬᠦᠷᠪᠡᠬᠦᠯᠬᠦ ᠮᠡᠳᠤ ᠢᠯᠭᠤᠮ ᠭᠡᠳᠡᠭ ᠢ ᠬᠡᠯᠡᠬᠦ ᠦᠭᠡᠢ ᠴᠤ ᠭᠡᠰᠡᠨ ᠪᠦᠷ ᠮᠡᠳᠡᠬᠦ ᠤᠴᠢᠷ᠃ ᠬᠠᠭᠠᠨ ᠤᠷᠳᠤᠨ ᠤ ᠲᠤᠮᠢᠯᠠᠯᠳᠠ ᠪᠠᠷ ᠢᠷᠡᠭᠰᠡᠨ ᠢᠨᠵᠢᠴᠤᠳ ᠤᠨ ᠤᠯᠠᠩᠬᠢ ᠨᠢ ᠬᠡᠷᠪᠡ ᠵᠢᠩᠬᠢᠨᠢ ᠮᠠᠨᠵᠤ ᠪᠤᠶᠤ ᠬᠢᠲᠠᠳ ᠪᠠᠶᠢᠭᠰᠡᠨ ᠶᠤᠮ ᠪᠤᠯ᠂ ᠦᠪᠡᠷ ᠤᠨ ᠲᠦᠷᠦᠯᠭᠢ ᠬᠡᠯᠡ ᠰᠤᠶᠤᠯ ᠢᠶᠠᠨ ᠦᠷᠭᠦᠯᠵᠢᠯᠡᠨ ᠬᠡᠷᠡᠭᠯᠡᠵᠤ ᠬᠦᠭᠵᠢᠬᠦᠯᠬᠦ ᠶᠢ ᠵᠤᠷᠢᠭᠰᠡᠨ ᠶᠤᠮ ᠪᠤᠯ ᠮᠦᠨ ᠲᠤᠬᠠᠢ ᠶᠢᠨ ᠦᠶ᠎ᠡ ᠳᠡᠭᠡᠨ ᠦᠪᠡᠷ ᠢᠶᠠᠨ ᠰᠤᠷᠭᠠᠭᠤᠯᠢ ᠡᠷᠬᠢᠯᠡᠴᠢᠬᠡᠭᠰᠡᠨ ᠴᠤ ᠪᠠᠶᠢᠵᠤ ᠮᠡᠳᠡᠨ᠎ᠡ᠃ ᠦᠪᠡᠷ ᠤᠨ ᠲᠤᠰᠠᠭᠠᠷ ᠵᠠᠬᠢᠷᠠᠭ᠎ᠠ ᠪᠠᠨ ᠪᠠᠶᠢᠭᠤᠯᠴᠢᠬᠠᠭᠰᠡᠨ ᠴᠤ ᠪᠠᠶᠢᠵᠤ ᠮᠡᠳᠡᠨ᠎ᠡ᠃ ᠭᠡᠳᠡᠯ᠎ᠡ ᠡᠶᠢᠮᠦᠷᠬᠦ ᠤᠴᠢᠷ ᠶᠠᠭ ᠡᠬᠦᠰᠦᠭᠰᠡᠨ ᠦᠭᠡᠢ ᠪᠠᠷ ᠲᠠᠪᠤᠨ ᠵᠠᠭᠤᠨ ᠳᠦᠴᠢᠨ ᠡᠷᠦᠭᠡ ᠢᠨᠵᠢᠴᠤᠳ ᠪᠠᠭᠠᠷᠢᠨ ᠨᠤᠳᠤᠭ ᠤᠨ ᠢᠵᠠᠭᠤᠷ ᠮᠤᠩᠭᠤᠯ ᠲᠠᠢ ᠵᠠᠪᠰᠠᠷ ᠦᠭᠡᠢ ᠨᠢᠭᠳᠠᠷᠠᠵᠤ ᠨᠢᠭᠡᠨ ᠬᠡᠯᠡᠨ᠎ᠡ ᠨᠢᠭᠡᠳᠴᠤ ᠴᠢᠳᠠᠭᠰᠡᠨ ᠪᠠᠶᠢᠨ᠎ᠠ᠃ ᠡᠨᠡ ᠨᠢ ᠠᠯᠳᠠᠷᠳᠤ ᠵᠤᠬᠢᠶᠠᠯᠴᠢ᠂ ᠲᠡᠦᠬᠡᠴᠢ ᠬ᠋᠊᠂ ᠰᠢᠷᠠᠪᠵᠠᠮᠰᠤ ᠶᠢᠨ ︽…… ᠭᠦᠡᠭᠵᠤ ᠶᠢ ᠳᠠᠭᠠᠵᠤ ᠢᠷᠡᠭᠰᠡᠨ ᠢᠨᠵᠢ ᠮᠠᠨᠵᠤ ᠨᠤᠭᠤᠳ ᠬᠢᠲᠠᠳ ᠭᠠᠷᠤᠯᠳᠡᠢ ᠤᠯᠤᠰ ᠪᠢᠰᠢ᠂ ᠬᠠᠷᠢᠨ ᠬᠤᠷᠴᠢᠨ ᠮᠤᠩᠭᠤᠯᠴᠤᠳ ᠪᠤᠶᠤ ᠮᠠᠨᠵᠤ ᠶᠢᠨ ᠲᠦᠷᠤ  ᠳᠤ ᠭᠠᠪᠢᠶ᠎ᠠ ᠪᠠᠶᠢᠭᠤᠯᠤᠨ ᠪᠡᠭᠡᠵᠢᠩ ᠳᠤ ᠤᠷᠤᠵᠤ ᠰᠠᠭᠤᠭᠠᠳ ᠬᠠᠶᠢᠯᠤᠭᠳᠠᠭᠰᠡᠨ ᠪᠤᠰᠤᠳ ᠮᠤᠩᠭᠤᠯᠴᠤᠳ ᠤᠨ ᠬᠤᠶᠢᠴᠢ……︾ ᠪᠤᠯᠤᠨ᠎ᠠ ᠭᠡᠳᠡᠭ ᠮᠠᠭᠠᠳᠯᠠᠯᠳᠠ ᠵᠦᠪ ᠭᠡᠳᠡᠭ ᠢ ᠪᠤᠳᠠᠳᠤ ᠲᠡᠦᠬᠡ ᠪᠠᠷ ᠭᠡᠷᠡᠴᠢᠯᠡᠵᠤ ᠪᠠᠶᠢᠭ᠎ᠠ ᠤᠴᠢᠷ ᠪᠤᠯᠤᠨ᠎ᠠ᠃ ᠡᠨᠡ ᠤᠳᠬ᠎ᠠ ᠠᠴᠠ ᠠᠪᠴᠤ ᠬᠡᠯᠡᠪᠡᠯ ᠲᠤᠬᠠᠢ ᠶᠢᠨ ᠦᠶ᠎ᠡ ᠳᠤ ᠴᠢᠩ ᠤᠨ ᠲᠦᠷᠤ ᠮᠠᠨ ᠤ ᠪᠤᠭᠤᠮᠳᠠ ᠶᠢᠨ ᠭᠠᠳᠠᠨᠠᠬᠢ ᠮᠤᠩᠭᠤᠯᠴᠤᠳ ᠤᠨ ᠴᠡᠪᠡᠷ ᠴᠢᠨᠠᠷ ᠢ ᠪᠠᠷᠢᠮᠳᠠᠯᠠᠵᠤ ᠪᠠᠳᠤᠯᠠᠬᠤ ᠶᠢ ᠴᠤ ᠤᠨᠴᠠ ᠴᠢᠬᠤᠯᠠᠴᠢᠯᠠᠵᠤ ᠪᠠᠶᠢᠭᠰᠡᠨ ᠢ ᠲᠤᠬᠠᠢ ᠶᠢᠨ ᠦᠶ᠎ᠡ ᠶᠢᠨ ᠲᠡᠦᠬᠡ ᠭᠦᠢᠴᠡᠳ ᠬᠠᠷᠠᠭᠤᠯᠵᠤ ᠪᠤᠢ᠃ ᠭᠡᠶ᠎ᠡ᠂ ᠬᠤᠵᠢᠮ ᠤᠨ ᠵᠠᠷᠢᠮ ᠬᠦᠮᠦᠰ ᠤᠳ ᠡᠨᠡ ᠲᠤᠬᠠᠢ ᠲᠠᠢ ᠲᠡᠦᠬᠡᠨ ᠮᠠᠲ᠋ᠧᠷᠢᠶᠠᠯ ᠢ ᠤᠯᠵᠤ ᠦᠵᠡᠬᠦ ᠪᠤᠯᠤᠯᠴᠠᠭ᠎ᠠ ᠦᠭᠡᠢ ᠪᠤᠶᠤ ᠤᠯᠵᠤ ᠦᠵᠡᠭᠰᠡᠨ ᠴᠤ ᠭᠦᠢᠴᠡᠳ ᠤᠶᠢᠯᠠᠭᠠᠵᠤ ᠳᠡᠶᠢᠯᠬᠦ ᠦᠭᠡᠢ ᠠᠴᠠ ᠪᠠᠨ ᠪᠤᠯᠵᠤ ᠦᠡᠭᠭᠡᠷᠡᠭᠰᠡᠨ ᠲᠡᠦᠬᠡᠨ ᠤᠴᠢᠷ ᠢ ᠦᠪᠡᠷ ᠤᠨ ᠢᠪᠴᠤᠤ ᠦᠵᠡᠯᠳᠡ ᠪᠠᠷ ᠢᠶᠠᠨ᠂ ᠡᠳᠦᠭᠡ ᠴᠠᠭ ᠤᠨ ᠳᠤᠨᠳᠠᠭᠤᠷ ᠰᠡᠳᠬᠢᠴᠡ ᠪᠠᠷ ᠢᠶᠠᠨ ᠶᠠᠷᠢᠭᠠᠳ ᠪᠠᠶᠢᠬᠤ ᠶᠢ ᠪᠤᠷᠤᠭᠤᠳᠬᠠᠭᠰᠡᠨ ᠤ ᠬᠡᠷᠡᠭ ᠴᠤ ᠠᠯᠠᠭ᠎ᠠ᠂ ᠬᠠᠷᠢᠨ ᠲᠡᠦᠬᠡ ᠪᠤᠯ ᠲᠡᠦᠬᠡ ᠪᠠᠷ ᠢᠶᠠᠨ ᠪᠠᠶᠢᠳᠠᠭ ᠢ ᠢᠳᠡᠭᠡᠵᠤ ᠯᠠ ᠪᠠᠶᠢᠪᠠᠯ ᠪᠤᠯᠴᠢᠬᠠᠬᠤ ᠬᠡᠷᠡᠭ ᠶᠤᠮ᠃ ᠭᠡᠶ᠎ᠡ᠂ ᠲᠡᠦᠬᠡ ᠶᠢᠨ ᠶᠠᠪᠤᠴᠠ ᠳᠤ ᠮᠠᠨᠵᠤ ᠭᠦᠡᠭᠵᠤ ᠶᠢ ᠪᠠᠭᠳᠠᠭᠠᠭᠰᠡᠨ ᠬᠡᠰᠡᠭ ᠪᠦᠯᠦᠭ ᠮᠠᠨᠵᠤᠴᠤᠳ ᠤᠨ ᠤᠯᠠᠮᠵᠢᠯᠠᠯᠳᠤ ᠰᠤᠶᠤᠯ᠂ ᠱᠠᠰᠢᠨ ᠰᠢᠳᠦᠯᠭᠡ᠂ ᠵᠠᠩ ᠤᠶᠢᠯᠡ ᠨᠢ ᠪᠠᠭᠠᠷᠢᠨ ᠨᠤᠳᠤᠭ ᠲᠤ ︽ᠭᠦᠡᠭᠵᠤ ᠶᠢᠨ ᠰᠤᠶᠤᠯ︾ ᠪᠦᠷᠢᠯᠳᠤᠨ ᠬᠦᠭᠵᠢᠬᠦ ᠳᠤ ᠲᠡᠦᠬᠡᠳᠤ ᠨᠦᠬᠦᠴᠡᠯ ᠪᠤᠯᠵᠤ ᠴᠢᠳᠠᠭᠰᠡᠨ ᠨᠢ ᠢᠯᠡ ᠤᠴᠢᠷ ᠪᠤᠶᠤ᠃ᠳᠦᠷᠪᠡ ᠳᠤ᠂ ᠰᠡᠴᠡᠨ ᠳᠡᠭᠡᠳᠦ ᠬᠦᠩᠵᠦ᠂ ᠵᠢᠷᠠ ᠶᠢᠰᠦᠨ ᠨᠠᠰᠤᠨ ᠳᠠᠭᠠᠨ᠂ ᠤᠨ ᠲᠤᠭᠠᠯᠠᠯ ᠤᠨ 1700 ᠳ᠋ᠤᠭᠠᠷ ᠤᠨ ᠳᠤ ᠪᠡᠭᠡᠵᠢᠩ ᠬᠤᠳᠠᠨ᠎ᠠ ᠲᠠᠭᠠᠯᠠᠯ ᠲᠡᠬᠦᠰᠦᠭᠰᠡᠨ᠎ᠠ ᠡᠩᠬᠡ ᠠᠮᠤᠭᠤᠯᠠᠩ ᠬᠠᠭᠠᠨ ᠦᠪᠡᠷ ᠤᠨ ᠪᠡᠶ᠎ᠡ ᠪᠠᠷ ᠳᠠᠬᠢᠯ ᠳᠠᠶᠢᠯᠠᠭ᠎ᠠ ᠶᠢ ᠬᠦᠨᠳᠦ ᠪᠠᠷ ᠬᠦᠢᠴᠡᠳᠬᠡᠨ᠂ ᠭᠤᠷᠪᠠᠨᠳᠠ ᠳᠠᠶᠢᠬᠤ ᠪᠢᠴᠢᠭ ⑯ ᠢᠶᠠᠷ ᠭᠡᠮᠡᠷᠡᠵᠦ᠂ ᠬᠦᠮᠦᠨ ᠲᠦᠷᠦᠭᠰᠡᠳ ᠤᠨ ᠡᠰᠢ ᠶᠤᠰᠤᠨ ᠢᠶᠠᠷ ᠬᠠᠷᠢᠯᠠᠭᠰᠠᠨ ᠨᠤᠲᠤᠭ ᠪᠠᠭᠠᠷᠢᠨ ᠳᠤᠨᠢ ᠤᠩᠭᠤᠨ ᠪᠠᠶᠢᠭᠤᠯᠵᠦ᠂ ︽ᠤᠷᠳᠤᠨ  ᠠᠴᠠ ᠤᠶᠢᠯᠡᠳᠦᠭᠰᠡᠨ ᠤᠩᠭᠤᠨ ᠤ ᠲᠤᠷᠠᠳᠬᠠᠯ ᠪᠢᠴᠢᠭ ︵御制圹志文︶︾ ⑰ ᠲᠡᠷᠢᠬᠦᠳᠡᠨ ᠢ ᠪᠦᠷᠢᠨ ᠪᠤᠯᠭᠠᠵᠦ᠂ ᠬᠠᠭᠠᠨ ᠤ ᠲᠠᠶᠢᠽᠢ ᠪᠠᠷ ᠬᠠᠮᠠᠭᠠᠯᠠᠭᠤᠯᠤᠨ ᠪᠠᠭᠠᠷᠢᠨ ᠨᠤᠲᠤᠭ ᠲᠤᠨᠢ ᠬᠦᠷᠭᠡᠵᠦ ᠬᠦᠨᠳᠦᠳᠬᠡᠨ ᠤᠷᠤᠰᠢᠭᠤᠯᠤᠭᠰᠠᠨ᠂ 1701 ᠤᠨ ᠤ 7 ᠰᠠᠷ᠎ᠠ ᠳᠤ ᠡᠩᠬᠡ ᠠᠮᠤᠭᠤᠯᠠᠩ ᠬᠠᠭᠠᠨ ᠬᠦᠪᠡᠭᠦᠳ ᠢᠶᠠᠨ ᠲᠠᠭᠠᠭᠤᠯᠵᠦ ᠵᠤᠭᠠᠴᠠᠷ᠎ᠠ ᠭᠠᠷᠬᠤ ᠳᠠᠭᠠᠨ ᠪᠠᠭᠠᠷᠢᠨ ᠳᠤ ᠮᠤᠷᠢᠯᠠᠨ ᠰᠠᠭᠠᠳᠠᠵᠦ ᠬᠦᠪᠡᠭᠦᠳ ᠢᠶᠠᠨ ᠲᠤᠮᠢᠯᠠᠨ ᠭᠦᠡᠭᠵᠦ ᠶᠢᠨ ᠤᠡᠭᠭᠤᠨ ᠳᠤ ᠤᠴᠢᠭᠤᠯᠵᠦ ᠰᠠᠴᠤᠯᠢ ᠡᠷᠭᠦᠨ᠂ ᠮᠦᠨ ᠤᠨ ᠤ 9 ᠰᠠᠷ᠎ᠠ ᠳᠤ ᠡᠩᠬᠡ ᠠᠮᠤᠭᠤᠯᠠᠩ ᠡᠵᠡᠨ ᠠᠪᠠᠯᠠᠷ᠎ᠠ ᠭᠠᠷᠬᠤ ᠲᠠᠰᠢᠶᠠᠷᠠᠮ ᠮᠥᠨ ᠪᠠᠭᠠᠷᠢᠨ ᠳᠤ ᠲᠠᠬᠢᠨᠳᠠ ᠮᠤᠷᠢᠯᠠᠨ ᠪᠠᠭᠤᠵᠦ᠂ ᠭᠦᠡᠭᠵᠦ ᠶᠢᠨ ᠤᠡᠭᠭᠤᠨ ᠢ ᠪᠠᠷᠠᠳᠠᠨ᠂ ᠰᠠᠷᠬᠤᠳ ᠲᠡᠷᠢᠭᠦᠳᠠᠨ ᠰᠠᠴᠣᠯᠢ ᠡᠷᠭᠦᠭᠰᠡᠨ⑱ ᠵᠡᠷᠭᠡ ᠴᠢᠩ ᠭᠦᠷᠦᠨ ᠤ ᠬᠠᠭᠠᠨ ᠤᠷᠳᠤᠨ ᠤ ᠵᠠᠩ ᠦᠢᠯᠡ ᠶᠢ ᠪᠤᠭᠤᠮᠳᠠ ᠶᠢᠨ ᠭᠠᠳᠠᠨᠠᠬᠢ ᠪᠠᠭᠠᠷᠢᠨ ᠨᠤᠳᠤᠭ ᠲᠤ ᠤᠯᠠᠮᠵᠢᠯᠠᠭᠰᠠᠨ ᠨᠢ ᠪᠠᠰᠠ ᠨᠢᠭᠡᠨ ᠨᠦᠭᠦᠴᠡᠯ ᠪᠤᠯᠤᠭᠰᠠᠨ ᠪᠤᠶᠤ᠃      ᠲᠠᠪᠤ ᠳᠤ᠂ ᠴᠢᠩ ᠭᠦᠷᠦᠨ ᠤ ᠭᠦᠡᠭᠵᠦ᠂ ᠪᠠᠭᠠᠷᠢᠨ ᠵᠢᠶᠦ᠋ᠨ ᠸᠠᠩ ᠰᠧᠪᠳᠠᠨ ᠤ ᠬᠠᠳᠤᠨ᠂  ᠸᠴᠢᠷ ᠵᠢᠶᠦ᠋ᠨ ᠶᠢᠨ ᠲᠦᠷᠦᠭᠰᠡᠨ ᠡᠬᠡ᠂ ᠨᠠᠮᠳᠠᠭ ᠵᠢᠶᠦ᠋ᠨ ᠸᠠᠩ ᠤᠨ ᠲᠦᠷᠦᠭᠰᠡᠨ ᠡᠮᠡᠭᠡ ᠰᠡᠴᠡᠨ ᠲᠡᠭᠡᠳᠦ ᠶᠢ ᠲᠠᠭᠠᠯᠠᠯ ᠲᠡᠭᠦᠰᠦᠭᠰᠡᠨ ᠤ ᠲᠠᠷᠠᠭᠠᠬᠢ ᠭᠤᠷᠪᠠᠭ᠋ᠠᠨ ᠵᠢᠯ ᠤᠨ ᠲᠤᠳᠤᠷ᠎ᠠ ᠤᠡᠭᠭᠤᠨ ᠢ ᠨᠢ ᠬᠤᠶᠠᠷᠳᠠ ᠰᠢᠯᠵᠢᠭᠦᠯᠦᠭᠰᠡᠨ⑲ ᠤ ᠨᠢᠭᠤᠴᠠ ᠪᠢᠳᠡᠭᠦᠦ ᠰᠤᠨᠢᠨ ᠤᠴᠢᠷ᠂ ᠲᠠᠯᠳᠠ ᠶᠢᠨ ᠵᠤᠷᠢᠯᠭ᠎ᠠ᠂ ᠨᠡᠶᠢᠭᠡᠮ ᠤᠨ ᠨᠦᠯᠦᠭᠡ ᠨᠢ ᠤᠷᠳᠤ ᠤᠳᠠᠭᠠᠨ ᠲᠡᠤᠬᠡ ᠶᠢᠨ ᠶᠠᠪᠤᠴᠠ ᠳᠤ ᠲᠣᠬᠠᠢ ᠶᠢᠨ ᠬᠦᠮᠦᠨ ᠰᠡᠴᠡᠨ ᠲᠡᠭᠡᠳᠦ ᠭᠦᠡᠭᠵᠦ ᠶᠢ ︽ᠰᠠᠬᠢᠭᠤᠯᠰᠤᠨᠴᠢᠯᠠᠬᠤ︾ ᠳᠤ ᠬᠦᠷᠭᠡᠵᠦ᠂ ︽ᠭᠦᠡᠭᠵᠦ ᠶᠢᠨ ᠰᠤᠶᠤᠯ︾ ᠭᠡᠬᠦ ᠡᠨᠡᠬᠦ ᠤᠨᠴᠠᠭᠠᠢ ᠰᠤᠶᠤᠯ ᠤᠨ ᠠᠭᠤᠯᠭ᠎ᠠ ᠠᠭᠠᠵᠢᠮ ᠢᠶᠠᠷ ᠪᠦᠷᠢᠯᠳᠦᠬᠦ ᠳᠤ ᠪᠠᠰᠠ ᠨᠢᠭᠡ ᠨᠦᠭᠦᠴᠡᠯ ᠰᠢᠯᠳᠠᠭᠠᠨ ᠪᠤᠯᠵᠦ᠂ ᠨᠢᠭᠡ ᠬᠡᠮᠵᠢᠶᠡᠨ ᠤ ᠰᠤᠶᠤᠯ ᠤᠨ ᠠᠭᠤᠯᠤᠬᠤᠨ ᠲᠠᠢ ᠂ ᠨᠢᠭᠡ ᠬᠡᠪᠴᠢᠶᠡᠨ ᠤ ᠰᠤᠶᠤᠯ ᠢᠷᠭᠡᠨᠰᠢᠯ ᠤᠨ ᠠᠵᠢᠯᠯᠠᠭᠠᠨ ᠲᠠᠢ ᠪᠤᠯᠭᠠᠵᠦ ᠴᠢᠳᠠᠭᠰᠠᠨ ᠪᠠᠶᠢᠨ᠎ᠠ᠃     ᠲᠤᠪᠴᠢᠯᠠᠨ ᠦᠭᠦᠯᠡᠪᠡᠰᠤ ᠲᠡᠭᠡᠷ᠎ᠡ ᠲᠤᠷᠠᠳᠤᠭᠰᠠᠨ ᠲᠠᠪᠤᠨ ᠲᠡᠦᠬᠡᠳᠤ ᠤᠴᠢᠷ ᠢ ᠪᠠᠭᠠᠷᠢᠨ ᠤ ︽ᠭᠦᠡᠭᠵᠦ  ᠶᠢᠨ ᠰᠣᠶᠣᠯ︾ ᠬᠡᠮᠡᠬᠦ ᠦᠵᠡᠭᠳᠡᠯ ᠪᠤᠶᠤ ᠢᠯᠡᠷᠡᠯ ᠪᠤᠢ ᠪᠤᠯᠤᠭᠰᠠᠨ ᠤ ᠬᠢᠨᠢ ᠲᠤᠳᠤᠭᠠᠳᠤ ᠨᠦᠭᠦᠴᠡᠯ ᠭᠠᠳᠠᠭᠠᠳᠤ ᠰᠢᠯᠳᠠᠭᠠᠨ ᠭᠡᠵᠦ ᠬᠡᠯᠡᠵᠦ ᠪᠤᠯᠤᠨ᠎ᠠ᠃ ᠰᠡᠴᠡᠨᠪᠢᠯᠢᠭ ︵ᠤᠯᠠᠭᠠᠨᠬᠠᠳᠠ ᠬᠤᠳᠠ ᠶᠢᠨ ᠪᠠᠭᠠᠷᠢᠨ ᠪᠠᠷᠠᠭᠤᠨ ᠬᠤᠰᠢᠭᠤᠨ ᠤ ᠤᠷᠴᠢᠭᠤᠯᠭ᠎ᠠ ᠶᠢᠨ ᠨᠡᠶᠢᠭᠡᠮᠯᠢᠭ ᠤᠨ ᠳᠠᠷᠤᠭ᠎ᠠ︶
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备07002090号