ᠪᠠᠭᠠᠷᠢᠨ ᠨᠤᠶᠠᠳ ᠤᠨ ᠤᠭ ᠬᠢᠭᠡᠳ ᠪᠠᠭᠠᠷᠢᠨ ᠤ ︽ᠭᠦᠡᠭᠵᠦ  ᠶᠢᠨ ᠰᠤᠶᠤᠯ︾ ᠤᠨ  ᠲᠤᠬᠠᠢ ᠮᠦᠴᠢᠳ ᠦᠭᠦᠯᠡᠬᠦ ᠨᠢ  ︵  ᠬᠤᠶᠠᠷ ︶
ᠨᠡᠶᠢᠲᠡᠯᠡᠭᠰᠡᠨ ᠴᠠᠭ᠄
2020-08-08
    2᠂       ᠠᠷᠪᠠᠨ ᠨᠠᠢᠮᠠᠳᠤᠭᠠᠷ  ᠵᠠᠭᠤᠨ ᠤ ᠦᠶ᠎ᠡ ᠶᠢᠨ ᠮᠤᠩᠭᠤᠯ ᠦᠨᠳᠦᠰᠦᠳᠡᠨ ᠤ ᠠᠯᠳᠠᠷᠳᠤ ᠲᠡᠦᠬᠡᠴᠢ᠂ ᠪᠤᠳᠤᠯᠭᠠᠳᠡᠨ᠂ ᠰᠢᠭᠦᠮᠵᠢᠯᠡᠭᠴᠢ ᠪᠠᠭᠠᠷᠢᠨ ᠷᠠᠰᠢᠫᠣᠩᠰᠤᠭ⑥ ᠤᠨ 1774 —1775 ᠤᠨ ᠳᠤ ᠪᠢᠴᠢᠵᠤ ᠲᠡᠭᠦᠰᠬᠡᠭᠰᠡᠨ ︽ᠳ᠋ᠡᠢ ᠶᠤᠸᠠᠨ ᠤᠯᠤᠰ ᠤᠨ ᠪᠤᠯᠤᠷ ᠡᠷᠢᠬᠡ︾ ᠬᠡᠮᠡᠬᠦ ᠮᠤᠩᠭᠤᠯ ᠤᠨ ᠲᠡᠦᠬᠡ ᠶᠢᠨ ᠲᠤᠯᠭᠤᠷ ᠪᠢᠴᠢᠭ ᠤᠨ ᠭᠤᠤᠯ ᠠᠭᠤᠯᠭ᠎ᠠ ᠨᠢ ᠮᠤᠩᠭᠤᠯ ᠤᠨ ᠡᠬᠦᠰᠦᠯ᠂ ᠬᠠᠳ ᠤᠨ ᠦᠨᠳᠦᠰᠦᠨ᠂ ᠶᠤᠸᠠᠨ ᠤ ᠲᠡᠦᠬᠡ᠂ ᠶᠤᠸᠠᠨ ᠤ ᠳᠠᠷᠠᠭᠠᠬᠢ ᠮᠤᠩᠭᠤᠯ ᠤᠨ ᠡᠯ᠎ᠠ ᠬᠠᠭᠠᠳ ᠤᠨ ᠲᠡᠦᠬᠡ᠂ ᠨᠤᠶᠠᠳ ᠲᠦᠰᠢᠮᠡᠳ ᠤᠨ ᠲᠡᠦᠬᠡ ᠵᠡᠷᠭᠡ ᠨᠡᠶᠢᠳᠠ ᠲᠠᠪᠤᠨ ᠪᠦᠯᠦᠭ ᠠᠷᠪᠠᠨ ᠲᠡᠪᠳᠡᠷ ᠢᠶᠠᠷ ᠪᠦᠷᠢᠯᠳᠤᠵᠡᠢ᠃ ᠠᠷᠪᠠᠳᠤᠭᠠᠷ ᠳᠡᠪᠳᠡᠷ⑦ ᠲᠤ ︽ᠪᠠᠭᠠᠷᠢᠨ ᠤ ᠨᠤᠶᠠᠳ ᠤᠨ ᠤᠭ︾ ᠢ ᠠᠷᠢᠭᠤᠳᠬᠠᠨ ᠲᠡᠮᠳᠡᠭᠯᠡᠬᠦ ᠳᠡᠭᠡᠨ ︽ᠰᠠᠶᠢᠨ ᠳ᠋ᠠᠢ ᠶᠤᠸᠠᠨ ᠬᠠᠭᠠᠨ ᠤ ᠲᠠᠪᠤᠳᠤᠭᠠᠷ ᠬᠦᠪᠡᠬᠦᠨ ᠴᠢᠨ ᠸᠠᠩ ᠠᠯᠴᠤ ᠪᠤᠯᠤᠳ ᠪᠠᠷ ᠠᠭᠯᠠᠭ ᠤᠨ ᠠᠷᠪᠠᠨ ᠬᠤᠶᠠᠷ ᠬᠦᠷᠢᠶ᠎ᠡ ᠬᠡᠮᠡᠬᠦ ᠬᠠᠯᠠᠬ᠎ᠠ ᠠᠴᠠ ︵ᠰᠠᠯᠠᠵᠤ︶  ﹇ᠰᠠᠯᠵᠤ﹈ ᠪᠠᠭᠠᠷᠢᠨ᠂ ᠵᠠᠷᠤᠳ᠂ ᠬᠤᠨᠭ᠍ᠬᠢᠷᠠᠳ᠂ ᠪᠠᠶᠤᠳ᠂ ᠦᠴᠢᠶᠡᠳ  ᠬᠡᠮᠡᠬᠦ ᠲᠠᠪᠤᠨ ᠤᠳᠤᠭ ᠬᠠᠯᠬ᠎ᠠ ᠶᠢ ᠡᠵᠡᠯᠡᠯᠤᠭᠡ᠃ ᠸᠠᠩ ᠠᠯᠴᠤ ᠪᠤᠯᠤᠳ ᠠᠴᠠ ᠭᠠᠭᠴᠠ ᠬᠦᠪᠡᠬᠦᠨ ᠬᠤᠷᠠᠭᠴᠢ ᠬᠠᠰᠠᠷ ᠨᠤᠶᠠᠨ᠂ ᠬᠤᠷᠠᠭᠴᠢ ᠬᠠᠰᠠᠷ ᠠᠴᠠ ᠤᠪᠠᠰᠢ ᠤᠶᠢᠵᠢᠩ᠂ ᠰᠤᠪᠠᠭ᠋ᠠᠢ ᠳᠠᠷᠬᠠᠨ᠂ ᠤᠪᠠᠨ ᠪᠠᠶᠢᠮᠤ ᠳᠤᠭᠰᠢᠨ᠂ ᠰᠤᠨᠢᠨ ᠲᠠᠶᠢᠴᠢᠩ᠂ ᠱᠤᠬᠠᠭ ᠵᠤᠷᠢᠭᠳᠤ ᠬᠤᠨᠭ᠌ ᠪᠠᠭᠠᠳᠤᠷ ᠲᠠᠪᠤᠨ ᠬᠦᠪᠡᠬᠦᠨ ᠪᠠᠷ ᠲᠠᠪᠤᠨ ᠤᠳᠤᠭ ᠶᠢ ᠨᠢᠵᠢᠭᠡᠳ〈 ᠡᠵᠡᠯᠡᠵᠤ ᠪᠦᠷᠤᠨ  〉 ᠲᠡᠬᠦᠨᠴᠡ ᠡᠪᠦᠷ ᠤᠨ ᠲᠠᠪᠤᠨ ᠤᠳᠤᠭ ᠬᠠᠯᠬ᠎ᠠ ᠶᠢᠨ ᠨᠤᠶᠠᠨ ᠬᠡᠮᠡᠨ ᠠᠯᠳᠠᠷᠰᠢᠯᠤᠭ᠎ᠠ᠃       ᠰᠤᠪᠠᠭ᠋ᠠᠢ ᠳᠠᠷᠬᠠᠨ ᠨᠤᠶᠠᠨ ᠬᠤᠷᠠᠭᠴᠢ ᠬᠠᠰᠠᠷ ᠨᠤᠶᠠᠨ ᠤ ᠬᠤᠶᠠᠳᠤᠭᠠᠷ ᠬᠦᠪᠡᠬᠦᠨ ᠪᠠᠷ ᠪᠠᠭᠠᠷᠢᠨ ᠨᠤᠳᠤᠭ ᠢ ᠡᠵᠢᠯᠡᠯᠤᠭᠡ᠃ ᠰᠤᠪᠠᠭ᠋ᠠᠢ ᠳᠠᠷᠬᠠᠨ ᠨᠤᠶᠠᠨ ᠤ ᠭᠠᠭᠴᠠ ᠬᠦᠪᠡᠬᠦᠨ ᠪᠠᠭ᠎ᠠ ᠪᠠᠭᠠᠳᠤᠷ ᠨᠤᠶᠠᠨ᠂ ᠪᠠᠭ᠎ᠠ ᠪᠠᠭᠠᠳᠤᠷ ᠨᠤᠶᠠᠨ ᠠᠴᠠ ᠦᠪᠦᠭᠡᠳᠦᠢ ︵ᠦᠪᠦᠭᠡᠳᠡᠢ︶ ᠬᠤᠨᠭ᠌ ᠲᠠᠶᠢᠵᠢ᠂ ᠪᠠᠭᠠᠷᠢᠨ ᠤ ᠪᠠᠷᠠᠭᠤᠨ ᠬᠤᠰᠢᠭᠤᠨ ᠤ ᠵᠠᠰᠠᠭ ᠤᠨ ᠭᠦᠡᠭ ᠱᠢᠳᠠᠷ ︵ᠰᠠᠲᠠᠷ︶᠂ ᠬᠤᠳᠤᠭᠤᠷ ᠠᠰᠬ᠎ᠠ ︵ᠠᠩᠭ᠎ᠠ︶᠂ ᠪᠦᠭᠦᠳᠡᠭᠡᠷ ︵ᠪᠦᠭᠡᠳᠡᠷ︶ ᠠᠩᠬ᠎ᠠ᠂ ᠨᠡᠶᠢᠴᠢ ᠬᠤᠨᠭ᠌ ᠲᠠᠶᠢᠵᠢ ᠲᠠᠪᠤᠭᠤᠯᠠ ᠪᠤᠶᠤ᠃      ᠰᠧᠪᠳᠡᠨ ᠵᠢᠶᠦ᠋ᠨ ᠸᠠᠩ ——  ᠪᠠᠭ᠎ᠠ ᠪᠠᠭᠠᠳᠤᠷ ᠨᠤᠶᠠᠨ ᠤ ᠬᠤᠶᠠᠳᠤᠭᠠᠷ ᠬᠦᠪᠡᠬᠦᠨ ᠰᠧᠳᠡᠷ ᠭᠦᠡᠭ ᠤᠨ ᠬᠦᠪᠡᠬᠦᠨ᠂ 1648—1667 ᠤᠨ ᠪᠤᠯᠳᠠᠯ᠎ᠠ  ᠬᠤᠷᠢᠨ ᠵᠢᠯ ᠵᠠᠰᠠᠭ ᠪᠠᠷᠢᠪᠠ᠃       ᠰᠧᠪᠳᠡᠨ ᠵᠢᠶᠦ᠋ᠨ ᠸᠠᠩ ᠠᠴᠠ ᠳᠡᠳ᠋ ᠵᠡᠷᠭᠡ ᠲᠠᠶᠢᠵᠢ ᠴᠤᠰᠭᠡᠢ᠂ ᠵᠠᠰᠠᠭ ᠲᠦᠷᠤ ᠶᠢᠨ  ᠵᠢᠶᠦ᠋ᠨ ᠸᠠᠩ ᠸᠴᠢᠷ᠂ ᠭᠦᠡᠭ ᠭᠡᠷᠡᠯᠳᠤ᠂ ᠭᠦᠡᠭ ᠨᠠᠮᠵᠠ᠂ ᠰᠢᠳᠠᠷ ᠲᠤᠷ ᠶᠠᠪᠤᠬᠤ ᠲᠦᠷᠤ ᠶᠢᠨ ᠡᠹᠦ᠋ ᠲᠤᠰᠠᠯᠠᠭᠴᠢ ᠲᠡᠷᠢᠬᠦᠨ ᠵᠡᠷᠭᠡ ᠲᠠᠶᠢᠵᠢ ᠠᠷᠠᠪᠳᠠᠨ ᠲᠠᠪᠤᠭᠤᠯᠠ᠃⑧        ᠸᠴᠢᠷ ᠵᠢᠶᠦ᠋ᠨ ᠸᠠᠩ ——  ᠰᠧᠪᠳᠡᠨ ᠸᠠᠩ ᠤᠨ ᠬᠤᠶᠠᠳᠤᠭᠠᠷ ᠬᠦᠪᠡᠬᠦᠨ᠂ 1668 —1684 ᠤᠨ ᠪᠤᠯᠳᠠᠯ᠎ᠠ ᠠᠷᠪᠠᠨ ᠲᠠᠪᠤᠨ ᠵᠢᠯ ᠵᠠᠰᠠᠭ ᠪᠠᠷᠢᠪᠠ᠃        ᠨᠠᠮᠳᠠᠭ ᠵᠢᠶᠦ᠋ᠨ ᠸᠠᠩ —— ᠸᠴᠢᠷ ᠸᠠᠩ ᠤᠨ ᠶᠡᠭᠡ ᠬᠦᠪᠡᠬᠦᠨ᠂ 1684 —1703 ᠤᠨ ᠪᠤᠯᠳᠠᠯ᠎ᠠ ᠠᠷᠪᠠ ᠶᠢᠰᠦᠨ ᠵᠢᠯ ᠵᠠᠰᠠᠭ ᠪᠠᠷᠢᠪᠠ᠃        ᠦᠷᠬᠦᠨ ᠵᠠᠩᠵᠤᠨ ᠵᠢᠶᠦ᠋ᠨ ᠸᠠᠩ —— ᠸᠴᠢᠷ ᠸᠠᠩ ᠤᠨ ᠳᠡᠳ᠋ ᠬᠦᠪᠡᠬᠦᠨ᠂ 1704 —1721 ᠤᠨ ᠪᠤᠯᠳᠠᠯ᠎ᠠ ᠠᠷᠪᠠᠨ ᠳᠤᠯᠤᠭᠠᠨ ᠵᠢᠯ ᠵᠠᠰᠠᠭ ᠪᠠᠷᠢᠪᠠ᠃        ᠷᠢᠮᠪᠤ ᠵᠢᠶᠦ᠋ᠨ ᠸᠠᠩ ——  ᠦᠷᠬᠦᠨ ᠸᠠᠩ ᠤᠨ ᠬᠦᠪᠡᠬᠦᠨ᠂ 1722 —1730 ᠤᠨ ᠪᠤᠯᠳᠠᠯ᠎ᠠ ᠨᠠᠢᠮᠠᠨ ᠵᠢᠯ ᠵᠠᠰᠠᠭ ᠪᠠᠷᠢᠪᠠ᠃        ᠰᠠᠩᠷᠢᠳᠠ ᠵᠠᠩᠵᠤᠨ ᠳᠡᠳ᠋ ᠳ᠋ᠠ ᠸᠠᠩ —— ᠸᠴᠢᠷ ᠸᠠᠩ ᠤᠨ ᠭᠤᠳᠠᠭᠠᠷ ᠬᠦᠪᠡᠬᠦᠨ᠂ 1730 —1748 ᠤᠨ ᠪᠤᠯᠳᠠᠯ᠎ᠠ  ᠠᠷᠪᠠᠨ ᠨᠠᠢᠮᠠᠨ ᠵᠢᠯ ᠵᠠᠰᠠᠭ ᠪᠠᠷᠢᠪᠠ᠃        ᠷᠢᠨᠴᠢᠨ ᠴᠢᠨ ᠸᠠᠩ —— ᠰᠠᠩᠷᠢᠳᠠ ᠸᠠᠩ ᠤᠨ ᠬᠦᠪᠡᠬᠦᠨ᠂ 1748 —1755 ᠤᠨ ᠪᠤᠯᠳᠠᠯ᠎ᠠ ᠳᠤᠯᠤᠭᠠᠨ ᠵᠢᠯ ᠵᠠᠰᠠᠭ ᠪᠠᠷᠢᠪᠠ᠃        ᠪᠠᠳᠤ ᠵᠠᠩᠵᠤᠨ ᠴᠢᠨ ᠸᠠᠩ ——  ᠷᠢᠨᠴᠢᠨ ᠸᠠᠩ ᠤᠨ ᠳᠡᠳ᠋ ᠬᠦᠪᠡᠬᠦᠨ᠂ 1756 —1799 ᠤᠨ ᠪᠤᠯᠳᠠᠯ᠎ᠠ  ᠳᠦᠴᠢᠨ ᠭᠤᠷᠪᠠᠨ ᠵᠢᠯ ᠵᠠᠰᠠᠭ ᠪᠠᠷᠢᠪᠠ᠃        ᠭᠦᠡᠭ ᠰᠢᠳᠠᠷ ︵ᠰᠡᠳᠡᠷ︶ ᠤᠨ ᠦᠷ᠎ᠡ ᠡᠳᠡᠭᠡᠷ ᠪᠠᠷ ᠪᠠᠭᠠᠷᠢᠨ ᠤ ᠪᠠᠷᠠᠭᠤᠨ ᠬᠤᠰᠢᠭᠤᠨ ᠤ ᠨᠤᠶᠠᠳ ᠠᠮᠤᠢ ᠃ ᠶᠡᠭᠡ ᠶᠤᠸᠠᠨ ᠲᠠᠶᠢᠽᠤ ᠪᠤᠭᠳᠠ ᠴᠢᠩᠭᠢᠰ ᠬᠠᠭᠠᠨ ᠠᠴᠠ ᠲᠡᠷᠢᠬᠦᠯᠡᠵᠤ ᠰᠢᠳᠠᠷ ᠲᠤᠷ ᠶᠠᠪᠤᠬᠤ ᠬᠢᠵᠠᠭᠠᠷ ᠢ ᠲᠤᠭᠳᠠᠭᠠᠭᠴᠢ ᠵᠡᠬᠦᠨ ᠡᠳᠡᠭᠡᠳ ᠤᠨ ᠲᠤᠰᠠᠯᠠᠭᠴᠢ ᠵᠠᠩᠵᠤᠨ ᠵᠤᠤ ᠤᠳᠠ ᠶᠢᠨ ᠴᠢᠭᠤᠯᠭᠠᠨ ᠤ ᠳᠡᠳ᠋ ᠲᠡᠷᠢᠬᠦᠨ᠂ ᠪᠠᠭᠠᠷᠢᠨ ᠤ ᠵᠠᠰᠠᠭ ᠲᠦᠷᠤ ᠶᠢᠨ ᠵᠢᠶᠦ᠋ᠨ ᠸᠠᠩ ᠭᠤᠷᠪᠠᠨ ᠵᠡᠷᠭᠡ ᠲᠡᠮᠳᠡᠭᠯᠡᠭᠰᠡᠨ ᠪᠠᠳᠤ ᠪᠠᠷ ᠬᠤᠷᠢᠨ ᠲᠠᠪᠤᠳᠤᠭᠠᠷ ᠦᠶ᠎ᠡ⑨ ᠲᠤᠷ ᠮᠦᠨ ᠠᠮᠤᠢ᠃ ᠡᠨᠡ ᠪᠤᠯ ᠳᠠᠷᠤᠢ ᠶᠡᠭᠡ ᠲᠡᠦᠬᠡᠴᠢ ᠷᠠᠰᠢᠫᠣᠩᠰᠤᠭ ᠤᠨ ︽ᠳ᠋ᠡᠢ ᠶᠤᠸᠠᠨ ᠤᠯᠤᠰ ᠤᠨ ᠪᠤᠯᠤᠷ ᠡᠷᠢᠬᠡ︾ ᠶᠢᠨ ᠠᠷᠪᠠᠳᠤᠭᠠᠷ ᠳᠡᠪᠳᠡᠷ ᠲᠤ ᠪᠢᠴᠢᠭᠳᠡᠭᠰᠡᠨ ︽ᠪᠠᠭᠠᠷᠢᠨ ᠨᠤᠶᠠᠳ ᠤᠨ ᠤᠭ︾ ᠪᠤᠯᠤᠨ᠎ᠠ᠃     ︽ᠳ᠋ᠡᠢ ᠶᠤᠸᠠᠨ ᠤᠯᠤᠰ ᠤᠨ ᠪᠤᠯᠤᠷ ᠡᠷᠢᠬᠡ︾ ᠶᠢ ᠬᠠᠭᠠᠨ ᠴᠢᠩᠬᠢᠰ ᠤᠨ ᠬᠤᠷᠢᠨ ᠲᠠᠪᠤᠳᠤᠭᠠᠷ ᠦᠶ᠎ᠡ ᠶᠢᠨ ᠰᠢᠭᠤᠳ ᠤᠳᠤᠮ ᠤᠨ ᠬᠤᠶᠢᠴᠢᠰ᠂ ᠪᠠᠭᠠᠷᠢᠨ ᠵᠠᠰᠠᠭ ᠤᠨ ᠨᠠᠢᠮᠠᠳᠤᠭᠠᠷ ᠦᠶ᠎ᠡ ᠶᠢᠨ ᠵᠢᠶᠦ᠋ᠨ ᠸᠠᠩ ᠪᠠᠳᠤ ᠶᠢ ᠲᠤᠰᠢᠶᠠᠯ ᠳᠤ ᠠᠭᠰᠠᠨ ᠴᠠᠭ ᠲᠤ ᠪᠢᠴᠢᠵᠤ ᠲᠡᠬᠦᠰᠦᠭᠰᠡᠨ ᠤᠴᠢᠷ ᠠᠴᠠ ︽ᠪᠠᠭᠠᠷᠢᠨ ᠨᠤᠶᠠᠳ ᠤᠨ ᠤᠭ︾ ᠤᠨ ᠲᠤᠬᠠᠢ ᠲᠡᠮᠳᠡᠭᠯᠡᠯ ᠲᠤᠰ ᠪᠢᠴᠢᠭ ᠲᠤ ᠡᠶᠢᠨᠬᠦ  ᠦᠨᠳᠤᠷᠯᠡᠵᠡᠢ᠃ ᠡᠬᠦᠨ ᠠᠴᠠ ᠵᠠᠯᠭᠠᠵᠤ ᠳᠤᠤᠷᠠᠳᠤ ᠪᠢᠴᠢᠭᠳᠡᠨ ᠪᠢ ᠪᠠᠷ ᠪᠠᠭᠠᠷᠢᠨ ᠨᠤᠶᠠᠳ ᠤᠨ ᠬᠡᠷᠬᠢᠮ ᠢ ᠵᠠᠯᠭᠠᠮᠵᠢᠯᠠᠭᠰᠡᠳ ᠢ ᠲᠡᠦᠬᠡ ᠶᠢᠨ ᠪᠢᠴᠢᠭ ᠢᠶᠠᠷ ᠢᠯᠭᠠᠨ ᠳᠤᠳᠤᠷᠠᠭᠤᠯᠪᠠᠰᠤ᠄     ᠰᠤᠳᠨᠠᠮᠳᠤᠷᠵᠢ ᠵᠢᠶᠦ᠋ᠨ ᠸᠠᠩ —— ᠪᠠᠳᠤ ᠴᠢᠨ ᠸᠠᠩ ᠤᠨ ᠬᠤᠶᠠᠳᠤᠭᠠᠷ ᠬᠦᠪᠡᠬᠦᠨ᠂ ᠴᠢᠭᠤᠯᠭᠠᠨ ᠤ ᠰᠢᠳᠬᠡᠭᠴᠢ ᠬᠤᠰᠢᠭᠤᠨ ᠵᠠᠰᠠᠭ 1799 — 1827 ᠤᠨ ᠪᠤᠯᠳᠠᠯ᠎ᠠ ᠬᠤᠷᠢᠨ ᠨᠠᠢᠮᠠᠨ ᠵᠢᠯ ᠵᠠᠰᠠᠭ ᠪᠠᠷᠢᠪᠠ᠃      ᠨᠠᠮᠵᠢᠯᠸᠠᠩᠴᠤᠭ ᠵᠢᠶᠦ᠋ᠨ ᠸᠠᠩ ——1827 —1869 ᠤᠨ ᠪᠤᠯᠳᠠᠯ᠎ᠠ ᠳᠦᠴᠢᠨ ᠬᠤᠶᠠᠷ ᠵᠢᠯ ᠵᠠᠰᠠᠭ ᠪᠠᠷᠢᠪᠠ᠃      ᠠᠯᠮᠠᠰᠪᠠᠭᠠᠳᠤᠷ ᠵᠢᠶᠦ᠋ᠨ ᠸᠠᠩ —— ᠨᠠᠮᠵᠢᠯᠸᠠᠩᠴᠤᠭ ᠵᠢᠶᠦ᠋ᠨ ᠸᠠᠩ ᠤᠨ ᠬᠦᠤ᠂ 1870 —1873 ᠤᠨ ᠪᠤᠯᠳᠠᠯ᠎ᠠ ᠭᠤᠷᠪᠠᠨ ᠵᠢᠯ ᠵᠠᠰᠠᠭ ᠪᠠᠷᠢᠪᠠ᠃      ᠡᠷᠬᠢᠮᠪᠠᠶᠠᠷ ᠵᠢᠶᠦ᠋ᠨ ᠸᠠᠩ  ——  ᠠᠯᠮᠠᠰᠪᠠᠭᠠᠳᠤᠷ ᠵᠢᠶᠦ᠋ᠨ ᠸᠠᠩ ᠤᠨ ᠳᠡᠬᠦᠤ᠂ 1874 —1890 ᠤᠨ ᠪᠤᠯᠳᠠᠯ᠎ᠠ ᠠᠷᠪᠠᠨ ᠵᠢᠷᠭᠤᠭᠠᠨ ᠵᠢᠯ ᠵᠠᠰᠠᠭ ᠪᠠᠷᠢᠪᠠ᠃      ᠵᠠᠭᠠᠷ ᠳ᠋ᠠ ᠸᠠᠩ ᠵᠤᠤ ᠤᠳᠠ ᠴᠢᠭᠤᠯᠭᠠᠨ ᠤ ᠲᠡᠷᠢᠬᠦᠨ —— ᠡᠷᠬᠢᠮᠪᠠᠶᠠᠷ ᠵᠢᠶᠦ᠋ᠨ ᠸᠠᠩ ᠤᠨ ᠬᠦᠤ᠂1896 — 1933 ᠤᠨ ᠪᠤᠯᠳᠠᠯ᠎ᠠ ᠭᠤᠴᠢᠨ ᠲᠤᠯᠤᠭᠠᠨ ᠵᠢᠯ ᠵᠠᠰᠠᠭ ᠪᠠᠷᠢᠪᠠ᠃     ᠰᠡᠴᠡᠨᠪᠢᠯᠢᠭ ︵ᠤᠯᠠᠭᠠᠨᠬᠠᠳᠠ ᠬᠤᠳᠠ ᠶᠢᠨ ᠪᠠᠭᠠᠷᠢᠨ ᠪᠠᠷᠠᠭᠤᠨ ᠬᠤᠰᠢᠭᠤᠨ ᠤ ᠤᠷᠴᠢᠭᠤᠯᠭ᠎ᠠ ᠶᠢᠨ ᠨᠡᠶᠢᠭᠡᠮᠯᠢᠭ ᠤᠨ ᠳᠠᠷᠤᠭ᠎ᠠ︶
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备07002090号