ᠪᠠᠭᠠᠷᠢᠨ ᠨᠤᠶᠠᠳ ᠤᠨ ᠤᠭ ᠬᠢᠭᠡᠳ ᠪᠠᠭᠠᠷᠢᠨ ᠤ ︽ᠭᠦᠡᠭᠵᠦ  ᠶᠢᠨ ᠰᠤᠶᠤᠯ︾ ᠤᠨ  ᠲᠤᠬᠠᠢ ᠮᠦᠴᠢᠳ ᠦᠭᠦᠯᠡᠬᠦ ᠨᠢ
ᠨᠡᠶᠢᠲᠡᠯᠡᠭᠰᠡᠨ ᠴᠠᠭ᠄
2020-08-07
         ᠰᠡᠴᠡᠨᠪᠢᠯᠢᠭ ︵ᠤᠯᠠᠭᠠᠨᠬᠠᠳᠠ ᠬᠤᠳᠠ ᠶᠢᠨ ᠪᠠᠭᠠᠷᠢᠨ ᠪᠠᠷᠠᠭᠤᠨ ᠬᠤᠰᠢᠭᠤᠨ ᠤ ᠤᠷᠴᠢᠭᠤᠯᠭ᠎ᠠ ᠶᠢᠨ ᠨᠡᠶᠢᠭᠡᠮᠯᠢᠭ ᠤᠨ ᠳᠠᠷᠤᠭ᠎ᠠ︶ ᠨᠢᠭᠡ᠂ ᠪᠠᠷᠠᠭᠤᠨ ᠪᠠᠭᠠᠷᠢᠨ ᠤ ᠨᠤᠶᠠᠳ ᠤᠨ ᠤᠭ ①      ᠡᠷᠳᠡᠨ ᠡᠳᠦᠭᠡ ᠳᠤᠳᠤᠭᠠᠳᠤ ᠭᠠᠳᠠᠭᠠᠳᠤ ᠶᠢᠨ  ᠮᠤᠩᠭᠤᠯ ᠤᠨ ᠲᠡᠦᠭᠡ ᠶᠢ ᠰᠤᠳᠤᠯᠤᠭᠠᠴᠢ ᠡᠷᠳᠡᠮᠳᠡᠨ ᠨᠠᠷ ᠤᠨ ᠮᠤᠩᠭᠤᠯ ᠲᠦᠷᠤ ᠶᠢᠨ ᠡᠵᠡᠨ ᠬᠠᠳ ᠪᠠ ᠨᠤᠶᠠᠳ ᠤᠨ ᠤᠭ ᠢᠵᠠᠭᠤᠷ ᠤᠨ ᠲᠤᠬᠠᠢ ᠮᠤᠩᠭᠤᠯ ᠢᠶᠠᠷ ᠢᠶᠠᠨ ᠪᠢᠴᠢᠭᠰᠡᠨ ᠰᠤᠷᠪᠤᠯᠵᠢ ᠪᠢᠴᠢᠭ ᠬᠢᠭᠡᠳ ᠬᠤᠰᠢᠭᠤ ᠨᠤᠳᠤᠭ ᠠᠴᠠ ᠬᠠᠭᠠᠨᠳᠤ ᠲᠦᠷᠤ ᠶᠢᠨ ᠰᠤᠳᠤᠷ ᠲᠡᠦᠬᠡᠨ ᠳᠤ ᠬᠦᠷᠳᠡᠯ᠎ᠡ  ᠬᠠᠳᠠᠭᠠᠯᠠᠭᠳᠠᠭᠰᠡᠨ ᠪᠠᠷᠢᠮᠳᠠᠳᠤ ᠲᠡᠦᠬᠡ ᠶᠢᠨ ᠨᠤᠮ ᠢ ᠤᠯᠳᠠᠭᠰᠡᠨ ᠬᠡᠮᠵᠢᠶ᠎ᠡ ᠪᠠᠷ  ᠢᠶᠠᠨ ᠬᠠᠷᠭᠤᠭᠤᠯᠤᠨ ᠨᠢᠭᠳᠠᠯᠠᠵᠤ᠂ ︽ᠪᠠᠭᠠᠷᠢᠨ ᠤ ᠨᠤᠶᠠᠳ ᠤᠨ ᠤᠭ︾ ᠢ ᠲᠤᠪᠴᠢᠯᠠᠨ ᠳᠤᠳᠤᠷᠠᠭᠤᠯᠬᠤ ᠪᠠᠷ ᠤᠷᠤᠯᠳᠤᠭᠰᠡᠨ ᠮᠠᠨᠢ ᠡᠨᠡ ᠪᠤᠶᠤ᠃              1᠂     ᠠᠷᠪᠠᠨ ᠳᠤᠯᠤᠳᠤᠭᠠᠷ ᠵᠠᠭᠤᠨ ᠤ ᠳᠤᠤᠷ᠎ᠠ ᠬᠠᠭᠠᠰ ᠠᠴᠠ ᠠᠷᠪᠠᠨ ᠨᠠᠢᠮᠠᠳᠤᠭᠠᠷ ᠵᠠᠭᠤᠨ ᠤ ᠳᠡᠭᠡᠷ᠎ᠡ ᠬᠠᠭᠠᠰ ᠤᠨ ᠦᠶᠡᠰ ᠢᠶᠠᠷ ᠪᠡᠭᠡᠵᠢᠩ ᠳᠤ ᠠᠭᠰᠠᠨ ︽ᠲᠠᠩᠭᠤᠳ ᠪᠢᠴᠢᠭ ᠤᠨ ᠰᠤᠷᠭᠠᠭᠤᠯᠢ ᠶᠢᠨ ᠪᠦᠬᠦᠳᠡ ᠶᠢ ᠵᠠᠬᠢᠷᠤᠭᠴᠢ ᠰᠠᠶᠢᠳ ᠲᠡᠷᠢᠬᠦᠨ ᠵᠡᠷᠭᠡ ᠶᠢᠨ ᠲᠠᠶᠢᠵᠢ ᠡᠹᠦ᠋ ᠦᠵᠦᠮᠦᠴᠢᠨ ᠭᠤᠮᠪᠤᠵᠠᠪ︾ ᠪᠠᠷ 1725 ᠤᠨ ᠳᠤ ᠪᠢᠴᠢᠵᠤ ᠲᠡᠭᠦᠰᠭᠡᠭᠰᠡᠨ ︽ᠭᠠᠨᠭ᠍ᠭ᠎ᠠ ᠶᠢᠨ ᠤᠷᠤᠰᠬᠠᠯ︾ ᠬᠡᠮᠡᠬᠦ ᠤᠨ ᠳᠠᠷᠠᠭᠠᠯᠠᠭᠰᠡᠨ ᠲᠡᠦᠬᠡ ᠶᠢᠨ ᠪᠢᠴᠢᠭ ᠲᠤ ᠪᠠᠭᠠᠷᠢᠨ ᠢ ᠪᠠᠭᠳᠠᠭᠠᠭᠰᠡᠨ ᠬᠤᠷᠢᠨ ᠭᠤᠷᠪᠠᠨ ᠠᠶᠢᠮᠠᠭᠳᠠᠨ ᠤ ᠨᠤᠶᠠᠳ ᠤᠨ ᠤᠭ ᠢ ᠪᠦᠷᠢᠳᠭᠡᠨ ᠳᠤᠳᠤᠷᠠᠭᠤᠯᠤᠭᠰᠡᠨ ᠨᠢ  ᠰᠡᠵᠢᠭᠯᠡᠰᠢ ᠦᠭᠡᠢ ᠪᠠᠷᠢᠮᠳᠠᠳᠤ ᠴᠢᠨᠠᠷ᠂ ᠦᠨᠡᠯᠡᠰᠢ ᠦᠭᠡᠢ ᠲᠡᠦᠬᠡᠳᠤ ᠦᠷᠲᠡᠭ ᠲᠠᠢ ᠭᠡᠳᠡᠭ ᠢ ᠮᠤᠩᠭᠤᠯ ᠤᠨ ᠲᠡᠦᠬᠡ ᠶᠢ ᠰᠤᠳᠤᠯᠤᠭᠠᠴᠢ ᠨᠠᠷ ᠬᠡᠳᠦᠨ ᠵᠠᠭᠤᠨ ᠤ ᠳᠤᠷᠰᠢ ᠨᠤᠳᠠᠯᠠᠭᠰᠠᠭᠠᠷ ᠢᠷᠡᠭᠰᠡᠨ ᠪᠦᠭᠡᠳ ᠳᠡᠯᠡᠭᠡᠢ ᠶᠢᠨ ᠠᠯᠳᠠᠷᠳᠤ ᠲᠡᠦᠬᠡᠴᠢ ᠪᠠᠭᠠᠷᠢᠨ ᠷᠠᠰᠢᠫᠣᠩᠰᠤᠭ ᠤᠨ 1774 — 1775 ᠤᠨ ᠳᠤ ᠪᠢᠴᠢᠵᠤ ᠲᠡᠬᠦᠰᠭᠡᠭᠰᠡᠨ ︽ᠳ᠋ᠠᠢ ᠶᠤᠸᠠᠨ ᠤᠯᠤᠰ ᠤᠨ ᠪᠤᠯᠤᠷ ᠡᠷᠢᠬᠡ︾ ᠬᠡᠮᠡᠬᠦ ᠲᠡᠦᠬᠡᠨ ᠰᠤᠳᠤᠷ ᠠᠴᠠ 50 ᠵᠢᠯ ᠤᠨ ᠡᠮᠦᠨ᠎ᠡ ᠪᠢᠴᠢᠭᠳᠡᠭᠰᠡᠨ ᠤᠴᠢᠷ ᠠᠴᠠ ᠰᠡᠬᠦᠯᠴᠢ ᠶᠢᠨ ᠦᠶ᠎ᠡ ᠶᠢᠨ ᠲᠡᠦᠬᠡᠴᠢ ᠨᠠᠷ ᠲᠤ ᠰᠤᠷᠪᠤᠯᠵᠢ ᠪᠤᠯᠤᠭᠰᠠᠭᠠᠷ ᠢᠷᠡᠭᠰᠡᠨ ᠭᠡᠳᠡᠭ ᠨᠢ ᠶᠠᠷᠢᠶᠠᠨ ᠦᠭᠡᠢ ᠤᠴᠢᠷ ᠶᠤᠮ᠃      ᠲᠡᠦᠬᠡᠴᠢ ᠭᠤᠮᠪᠤᠵᠠᠪ ︽ᠭᠠᠨᠭ᠍ᠭ᠎ᠠ ᠶᠢᠨ ᠤᠷᠤᠰᠬᠠᠯ︾ ᠤᠨ ᠲᠡᠭᠦᠰᠬᠡᠯ ᠳᠡᠭᠡᠨ ︽ᠲᠠᠶᠢᠴᠢᠩ ᠤᠯᠤᠰ ᠤᠨ ᠨᠠᠶᠢᠷᠠᠯᠳᠤ ᠲᠦᠪᠡ ︵ᠲᠦᠪ︶ ᠤᠨ ᠭᠤᠳᠠᠭᠠᠷ ᠤᠨ ᠳᠦᠷᠪᠡᠨ ᠰᠠᠷ᠎ᠠ ᠶᠢᠨ ᠰᠠᠶᠢᠨ ᠡᠳᠦᠷ᠎ᠠ ᠲᠡᠭᠦᠰᠭᠡᠪᠡᠢ︾② ᠬᠡᠮᠡᠨ ᠲᠡᠮᠳᠡᠭᠯᠡᠵᠤ ᠪᠠᠶᠢᠬᠤ ᠨᠢ ᠴᠢᠪ ᠬᠡᠮᠡᠨ ᠨᠡᠶᠢᠳᠡ ᠶᠢᠨ ᠤᠨ ᠲᠤᠭᠠᠯᠠᠯ ᠤᠨ1725 ᠤᠨ ᠪᠤᠯᠤᠨ᠎ᠠ᠃ ᠵᠤᠬᠢᠶᠠᠭᠴᠢ ᠲᠤᠰ ᠨᠤᠮ ᠳᠠᠭᠠᠨ ᠮᠤᠩᠭᠤᠯ ᠤᠨ ᠲᠦᠷᠤ ᠶᠢᠨ ᠡᠵᠡᠨ ᠬᠠᠳ ᠪᠠ ᠨᠤᠶᠠᠳ ᠤᠨ ᠭᠤᠤᠯ ᠤᠭᠰᠠᠭᠠᠨ ᠤ ᠤᠯᠠᠮᠵᠢᠯᠠᠯ ᠢ ᠤᠨ ᠳᠠᠷᠠᠭᠠᠯᠠᠨ ᠪᠢᠴᠢᠬᠦ ᠳᠡᠭᠡᠨ ︽ᠠᠩᠬᠠᠨ ᠤ ᠪᠦᠯᠦᠭ︾③᠂ ︽ᠨᠦᠬᠦᠭᠡ ᠪᠦᠯᠦᠭ︾ ④ ᠬᠡᠮᠡᠨ ᠬᠤᠶᠠᠷ ᠪᠦᠯᠦᠭ ᠲᠤ ᠬᠤᠪᠢᠶᠠᠭᠠᠳ ︽ᠠᠩᠬᠠᠨ ᠤ ᠪᠦᠯᠦᠭ︾ ᠲᠡᠭᠡᠨ ︽ᠬᠢᠶᠡᠳ ᠶᠠᠰᠤᠳᠡᠨ ᠤ ᠠᠯᠳᠠᠨ ᠤᠷᠤᠭ ᠤᠨ ᠤᠭ ᠦᠨᠳᠦᠰᠦᠨ︾ —— ᠶᠤᠸᠠᠨ ᠲᠠᠶᠢᠽᠦ ᠴᠢᠩᠬᠢᠰ ᠬᠠᠭᠠᠨ ᠲᠡᠬᠦᠨᠴᠢᠯᠡᠨ ᠲᠡᠭᠦᠨ ᠠᠴᠠ ᠬᠤᠶᠢᠰᠢᠬᠢ ᠮᠤᠩᠭᠤᠯ ᠲᠦᠷᠦ ᠶᠢᠨ ᠡᠯ᠎ᠡ ᠬᠠᠳ ᠤᠨ ᠵᠠᠯᠭᠠᠮᠵᠢᠯᠠᠯ ᠪᠠ ᠴᠢᠩᠬᠢᠰ ᠬᠠᠭᠠᠨ ᠤ ︽ᠠᠯᠳᠠᠨ ᠤᠷᠤᠭ︾ ᠠᠴᠠ ᠰᠢᠭᠤᠳ ᠡᠭᠦᠰᠦᠭᠰᠡᠨ ᠠᠶᠢᠮᠠᠭ ᠤᠨ ᠨᠤᠶᠠᠳ ᠤᠨ ᠵᠠᠯᠭᠠᠮᠵᠢᠯᠠᠯ ᠢ ᠪᠢᠴᠢᠭᠡᠳ ︽ᠨᠦᠬᠦᠭᠡ ᠪᠦᠯᠦᠭ︾  ᠲᠡᠭᠡᠨ ᠴᠢᠩᠬᠢᠰ ᠬᠠᠭᠠᠨ ᠤ ᠳᠡᠬᠦᠤ ᠨᠠᠷ ᠪᠤᠯᠤᠨ ᠲᠡᠳᠡᠨ ᠤ ᠦᠷ᠎ᠠ ᠠᠴᠢᠨᠠᠷ ᠤᠨ ᠬᠠᠷᠢᠶ᠎ᠠ ᠠᠶᠢᠮᠠᠭ ᠤᠨ ᠨᠤᠶᠠᠳ ᠤᠨ ᠵᠠᠯᠭᠠᠮᠵᠢᠯᠠᠯ᠂ ᠮᠤᠩᠭᠤᠯ ᠤᠨ ᠲᠡᠦᠬᠡᠨ ᠳᠠᠬᠢ ᠨᠡᠷᠡᠳᠤ  ᠰᠠᠶᠢᠳ ᠪᠠ ᠮᠤᠩᠭᠤᠯ ᠤᠨ ᠨᠡᠶᠢᠭᠡᠮ ᠤᠨ ᠵᠠᠰᠠᠭ ᠵᠠᠬᠢᠷᠭᠠᠨ ᠤ ᠪᠠᠶᠢᠭᠤᠯᠤᠮᠵᠢ ᠬᠢᠭᠡᠳ ᠲᠤᠬᠠᠢ ᠶᠢᠨ ᠦᠶ᠎ᠡ ᠶᠢᠨ ᠶᠡᠷᠤᠩᠬᠡᠢ ᠪᠠᠶᠢᠳᠠᠯ ᠵᠡᠷᠭᠡ ᠶᠢ ᠪᠢᠴᠢᠭᠰᠡᠨ ᠪᠠᠶᠢᠨ᠎ᠠ᠃ ᠳᠠᠷᠠᠭ᠎ᠠ  ᠳᠤᠨᠢ ︽ᠭᠠᠨᠭ᠍ᠭ᠎ᠠ ᠶᠢᠨ ᠤᠷᠤᠰᠬᠠᠯ︾ ᠤᠨ ᠭᠤᠤᠯ ᠬᠡᠰᠡᠭ ᠪᠤᠯᠬᠤ ᠴᠢᠩ ᠭᠦᠷᠦᠨ ᠤ ᠡᠬᠢᠨ ᠤ ᠦᠶ᠎ᠡ ᠪᠠᠷ ᠮᠤᠩᠭᠤᠯ ᠤᠷᠤᠨ ᠬᠤᠰᠢᠭᠤ ᠠᠶᠢᠮᠠᠭ ᠪᠤᠯᠵᠤ ᠬᠤᠪᠢᠶᠠᠭᠳᠠᠭᠰᠡᠨ ᠵᠢᠴᠢ ᠲᠡᠳᠡᠭᠡᠷ ᠤᠨ ︽ᠨᠤᠶᠠᠳ ᠤᠨ ᠤᠭ  ︾  ᠵᠢᠴᠢ ᠬᠡᠷᠬᠢᠮ ᠵᠡᠷᠭᠡ ᠶᠢ ᠦᠶ᠎ᠡ ᠳᠠᠷᠠᠭᠠᠯᠠᠨ ᠲᠤᠭᠠᠴᠠᠵᠠᠢ᠃     ︽ᠠᠩᠬᠠᠨ ᠤ ᠪᠦᠯᠦᠭ︾ ᠲᠡᠭᠡᠨ ᠬᠠᠭᠠᠨ ᠴᠢᠩᠬᠢᠰ ᠤᠨ ︽ᠠᠯᠳᠠᠨ ᠤᠷᠤᠭ︾ ᠠᠴᠠ ᠡᠭᠦᠰᠦᠭᠰᠡᠨ ᠠᠶᠢᠮᠠᠭ ᠤᠨ ᠨᠤᠶᠠᠳ ᠤᠨ ᠤᠭ —— ᠴᠠᠬᠠᠷ᠂ ᠦᠵᠦᠮᠦᠴᠢᠨ᠂ ᠠᠤᠬᠠᠨ᠂ ᠨᠠᠢᠮᠠᠨ᠂ ᠤᠷᠳᠤᠰ᠂ ᠲᠦᠮᠡᠳ᠂ ᠬᠠᠭᠤᠴᠢᠳ᠂ ᠭᠡᠰᠢᠭᠳᠡᠨ᠂ ᠵᠠᠷᠤᠳ᠂ ᠪᠠᠭᠠᠷᠢᠨ᠂ ᠬᠠᠷᠠᠴᠢᠨ᠂ ᠤᠷᠠᠳ᠂ ᠲᠠᠲ᠋ᠠᠷ᠂ ᠤᠷᠢᠶᠠᠩᠬᠠᠨ᠂ ᠬᠠᠯᠬ᠎ᠠ ᠵᠡᠷᠭᠡ ᠠᠷᠪᠠᠨ ᠲᠠᠪᠤᠨ ᠠᠶᠢᠮᠠᠭᠳᠠᠨ ᠤ ᠨᠤᠶᠠᠳ ᠤᠨ ᠵᠠᠯᠭᠠᠮᠵᠢᠯᠠᠯ ᠢ ᠪᠢᠴᠢᠭᠡᠳ ︽ᠨᠦᠬᠦᠭᠡ ᠪᠦᠯᠦᠭ︾ ᠲᠡᠭᠡᠨ ᠬᠠᠭᠠᠨ ᠴᠢᠩᠭᠢᠰ ᠤᠨ ᠲᠡᠭᠦᠤ ᠨᠠᠷ ᠪᠤᠯᠤᠨ ᠲᠡᠳᠡᠨ ᠤ ᠦᠷ᠎ᠠ ᠠᠴᠢ ᠨᠠᠷ ᠤᠨ ᠬᠠᠷᠢᠶ᠎ᠠ ᠠᠶᠢᠮᠠᠭ ᠤᠨ ᠨᠤᠶᠠᠳ ᠤᠨ ᠵᠠᠯᠭᠠᠮᠵᠢᠯᠠᠯ ᠪᠤᠯᠬᠤ ᠮᠤᠤᠮᠢᠩᠭᠠᠨ᠂ ᠨᠤᠨ ᠬᠤᠷᠴᠢᠨ ︵ᠡᠬᠦᠨ ᠳᠤ ᠳᠦᠷᠪᠡᠳ᠂ ᠭᠤᠷᠯᠤᠰ᠂ ᠵᠠᠯᠠᠶᠢᠳ ᠪᠠᠭᠳᠠᠨ᠎ᠠ︶  ᠂ ᠠᠷᠤ ᠬᠤᠷᠴᠢᠨ᠂ ᠳᠦᠷᠪᠡᠨ ᠬᠡᠦᠬᠡᠳ᠂ ᠬᠦᠬᠡᠨᠠᠭᠤᠷ ᠤᠨ ᠦᠭᠡᠯᠡᠳ ︵ᠤᠶᠢᠷᠠᠳ︶᠂ ᠤᠡᠭᠨᠢᠭᠤᠳ  ᠂ ᠠᠪᠠᠭ᠎ᠠ ᠵᠡᠷᠭᠡ ᠨᠠᠢᠮᠠᠨ ᠮᠤᠩᠭᠤᠯ ᠠᠶᠢᠮᠠᠭᠳᠠᠨ ᠤ ︽ᠨᠤᠶᠠᠳ ᠤᠨ ᠤᠭ︾ ᠢ ᠪᠢᠴᠢᠵᠡᠢ᠃      ︽ᠠᠩᠬᠠᠨ ᠤ ᠪᠦᠯᠦᠭ︾ —— ︽ᠠᠯᠳᠠᠨ ᠤᠷᠤᠭ︾ ᠤᠨ ᠠᠷᠪᠠᠳᠤᠭᠠᠷ ᠲᠤ ᠵᠢᠭᠰᠠᠭᠠᠭᠳᠠᠭᠰᠡᠨ ︽ᠪᠠᠭᠠᠷᠢᠨ ᠨᠤᠶᠠᠳ ᠤᠨ ᠤᠭ︾ ᠢ ᠲᠤᠪᠴᠢᠯᠠᠨ ᠪᠢᠴᠢᠬᠦ ᠳᠡᠭᠡᠨ᠄ ︽ᠤᠪᠰᠢ ᠤᠶᠢᠵᠢᠩ ᠨᠤᠶᠠᠨ ᠤ ᠳᠡᠬᠦᠤ ᠰᠤᠪᠤᠬᠠᠢ ᠳᠠᠷᠬᠠᠨ ᠨᠤᠶᠠᠨ ᠤ ᠬᠦᠪᠡᠬᠦᠨ ᠤᠭᠪᠤᠳᠡᠢ ᠨᠤᠶᠠᠨ᠂ ᠲᠡᠭᠦᠨᠤ ᠬᠦᠪᠡᠬᠦᠨ ᠰᠡᠷᠡᠩ ᠬᠤᠨᠭ᠌ ᠲᠠᠶᠢᠵᠢ᠂ ᠲᠡᠬᠦᠨᠤ ᠬᠦᠤ ᠤᠷᠴᠢᠨ ᠪᠠᠶᠢᠰᠡ᠂ ᠲᠡᠬᠦᠨᠤ ᠬᠦᠤ ᠡᠷᠳᠡᠨᠢ ᠪᠡᠶᠢᠰᠡ᠂ ᠤᠭᠪᠤᠳᠡᠢ ᠶᠢᠨ ᠳ᠋ᠡᠭᠦᠤ ᠰᠡᠳᠡᠷ ᠲᠠᠶᠢᠶ᠋ᠢ ︵ᠲᠠᠶᠢᠵᠢ︶ ᠶᠢᠨ ᠬᠦᠪᠡᠬᠦᠨ ᠰᠧᠪᠳᠡᠨ ᠸᠠᠩ᠂ ᠲᠡᠬᠦᠨᠤ ᠬᠦᠤ ᠸᠠᠴᠢᠷ ᠸᠠᠩ᠂ ᠲᠡᠬᠦᠨᠤ ᠬᠦᠤ ᠨᠠᠮᠳᠠᠭ᠎ᠠ ᠸᠠᠩ᠂ ᠰᠡᠳᠡᠷ ᠳᠠᠶᠢᠶ᠋ᠢ ︵ᠲᠠᠶᠢᠵᠢ︶ ᠶᠢᠨ ᠳ᠋ᠡᠭᠦᠤ ᠬᠤᠳᠤᠬᠤᠷ ᠠᠩᠬᠠᠨ ᠤ ᠬᠦᠤ ᠮᠡᠭᠶᠤᠰᠠᠷᠢ ᠪᠠᠶᠢᠰᠠ᠂ ᠲᠡᠬᠦᠨᠤ ᠬᠦᠤ ᠤᠷᠴᠢᠨ ᠪᠡᠶᠢᠰᠡ᠃ ᠪᠠᠭᠠᠷᠢᠨ ᠨᠤᠶᠠᠳ ᠡᠳᠡᠨ ᠪᠤᠢ︾ ᠬᠡᠮᠡᠨ ᠲᠤᠪᠴᠢ ᠲᠤᠳᠤᠷᠠᠭᠤᠨ ᠲᠡᠮᠳᠡᠭᠯᠡᠵᠡᠢ᠃ ᠠᠩᠬᠠᠷᠤᠭᠤᠰᠢᠳᠡᠢ ᠨᠢ ᠪᠠᠭᠠᠷᠢᠨ ᠤ ᠬᠤᠶᠠᠳᠤᠭᠠᠷ ᠦᠶ᠎ᠡ ᠶᠢᠨ ᠵᠠᠰᠠᠭ ᠲᠦᠷᠤ ᠶᠢᠨ ᠵᠢᠶᠦ᠋ᠨ ᠸᠠᠩ ᠸᠴᠢᠷ ᠤᠨ ᠶᠡᠭᠡ ᠬᠦᠪᠡᠬᠦᠨ ᠨᠠᠮᠳᠠᠭ 1684 ᠤᠨ ᠳᠤ ᠡᠴᠢᠭᠡ ᠶᠢᠨ ᠢᠶᠠᠨ ᠬᠡᠷᠬᠢᠮ ᠢ ᠵᠠᠯᠭᠠᠮᠵᠢᠯᠠᠵᠤ᠂ 19 ᠵᠢᠯ ᠵᠠᠰᠠᠭ ᠪᠠᠷᠢᠭᠠᠳ 1703 ᠤᠨ ᠳᠤ ᠲᠠᠭᠠᠯᠠᠯ ᠲᠡᠬᠦᠰᠦᠭᠰᠡᠨ ᠤ ᠳᠠᠷᠠᠭ᠎ᠠ ᠲᠡᠭᠦᠨ ᠤ ᠳᠡᠭᠦᠤ ᠦᠷᠭᠦᠨ 1704 ᠤᠨ ᠳᠤ ᠵᠢᠶᠦ᠋ᠨ ᠸᠠᠩ ᠤᠨ ᠲᠤᠰᠢᠶᠠᠯ ᠢ ᠵᠠᠯᠭᠠᠮᠵᠢᠯᠠᠨ ᠠᠪᠤᠭᠰᠡᠨ ᠤᠴᠢᠷ⑥ ᠢ ᠪᠢᠴᠢᠭᠰᠡᠨ ᠦᠭᠡᠢ ᠨᠢ ᠳᠠᠷᠤᠢ ᠨᠠᠮᠳᠠᠭ ᠵᠢᠶᠦ᠋ᠨ ᠸᠠᠩ ᠢ ᠲᠤᠰᠢᠶᠠᠯ ᠳᠤ ᠪᠠᠶᠢᠭᠰᠡᠨ 1703 ᠤᠨ ᠤ ᠦᠶ᠎ᠡ ᠪᠠᠷ ︽ᠪᠠᠭᠠᠷᠢᠨ ᠨᠤᠶᠠᠳ ᠤᠨ ᠤᠭ︾ ᠤᠨ ᠪᠦᠯᠦᠭ ᠢ ᠪᠢᠴᠢᠵᠤ ᠳᠠᠭᠤᠰᠬᠠᠵᠡᠢ ᠭᠡᠳᠡᠭ ᠢ ᠬᠠᠷᠠᠭᠤᠯᠵᠤ ᠪᠤᠢ᠃ ᠡᠬᠦᠨ ᠠᠴᠠ ᠪᠢᠳᠡ ᠦᠵᠦᠮᠦᠴᠢᠨ ᠭᠤᠮᠪᠤᠵᠠᠪ ᠤᠨ ᠪᠢᠴᠢᠭᠰᠡᠨ  ︽ᠪᠠᠭᠠᠷᠢᠨ ᠨᠤᠶᠠᠳ ᠤᠨ ᠤᠭ︾ ᠨᠢ ᠪᠠᠭᠠᠷᠢᠨ ᠷᠠᠰᠢᠫᠣᠩᠰᠤᠭ ᠤᠨ ︽ᠳ᠋ᠠᠢ ᠶᠤᠸᠠᠨ ᠤᠯᠤᠰ ᠤᠨ ᠪᠤᠯᠤᠷ ᠡᠷᠢᠬᠡ︾ ᠶᠢᠨ ︽ᠠᠷᠪᠠᠳᠤᠭᠠᠷ ᠳᠡᠪᠳᠡᠷ︾ ᠠᠴᠠ 72 ᠵᠢᠯ ᠤᠨ ᠡᠮᠦᠨ᠎ᠡ ᠪᠢᠴᠢᠭᠳᠡᠵᠡᠢ ᠭᠡᠳᠡᠭ ᠢ ᠮᠡᠳᠡᠵᠤ ᠪᠤᠯᠤᠨ᠎ᠠ᠃     ᠦᠪᠦᠷ ᠮᠤᠩᠭᠤᠯ ᠤᠨ ᠨᠡᠶᠢᠭᠡᠮ ᠤᠨ ᠰᠢᠨᠵᠢᠯᠡᠬᠦ ᠤᠬᠠᠭᠠᠨ ᠤ ᠬᠦᠷᠢᠶᠡᠯᠡᠭ ᠤᠨ ᠮᠤᠩᠭᠤᠯ ᠤᠨ ᠲᠡᠦᠬᠡ ᠶᠢ ᠰᠤᠳᠤᠯᠤᠭᠠᠴᠢ ᠡᠷᠳᠡᠮᠳᠡᠨ ᠴᠤᠶᠢᠵᠢ ᠠᠪᠤᠭᠠᠢ1980 ᠤᠨ ᠳᠤ ︽ᠭᠠᠨᠭ᠍ᠭ᠎ᠠ ᠶᠢᠨ ᠤᠷᠤᠰᠬᠠᠯ︾ ᠢ ᠲᠤᠯᠭᠠᠨ ᠬᠠᠷᠭᠤᠭᠤᠯᠵᠤ᠂ ︽ᠪᠠᠭᠠᠷᠢᠨ ᠨᠤᠶᠠᠳ ᠤᠨ ᠤᠭ︾ ᠤᠨ ᠲᠤᠬᠠᠢ ᠵᠡᠭᠦᠯᠳᠡ ᠲᠠᠶᠢᠯᠪᠤᠷᠢ ᠬᠠᠳᠠᠬᠤ ᠳᠠᠭᠠᠨ ︽ᠮᠤᠩᠭᠤᠯ ᠤᠨ ᠨᠡᠬᠦᠳᠡᠯ ᠮᠠᠯᠵᠢᠯ ᠤᠨ ᠲᠡᠮᠳᠡᠭᠯᠡᠯ︾ ᠠᠴᠠ ᠡᠰᠢ ᠲᠠᠳᠠᠵᠤ᠂ ︽ᠶᠤᠸᠠᠨ ᠲᠠᠶᠢᠽᠦ ᠶᠢᠨ ᠠᠷᠪᠠᠨ ᠵᠢᠷᠭᠤᠳᠤᠭᠠᠷ ᠦᠶ᠎ᠡ ᠶᠢᠨ ᠠᠴᠢ ᠠᠯᠴᠤ ᠪᠤᠯᠤᠳ ᠤᠨ ᠬᠦᠪᠡᠬᠦᠨ ᠬᠤᠷᠠᠭᠴᠢ ᠬᠠᠰᠠᠷ ᠠᠴᠠ ᠬᠤᠶᠠᠷ ᠬᠦᠪᠡᠬᠦᠨ ᠪᠤᠶᠤ ᠂ ᠳᠡᠳ᠋ ᠢᠨᠤ ᠰᠤᠪᠤᠬᠠᠢ ᠳᠠᠷᠬᠠᠨ ᠨᠤᠶᠠᠨ ᠤ ᠦᠶ᠎ᠡ ᠳᠤᠷ ᠬᠠᠷᠢᠶᠠᠳᠤ ᠠᠶᠢᠮᠠᠭ ᠶᠤᠭᠠᠨ ᠪᠠᠭᠠᠷᠢᠨ ᠬᠡᠮᠡᠨ ᠨᠡᠷᠡᠶᠢᠳᠴᠤᠬᠦᠢ︾ ᠭᠡᠵᠡᠢ᠃      ᠰᠧᠪᠳᠡᠨ ᠸᠠᠩ ᠤᠨ ᠲᠤᠬᠠᠢ ᠲᠠᠶᠢᠯᠪᠤᠷᠢ ᠬᠠᠳᠠᠬᠤ ᠳᠠᠭᠠᠨ  ᠄ ᠴᠢᠩ ᠭᠦᠷᠦᠨ ᠤ ︽ ᠵᠠᠷᠯᠢᠭ ᠢᠶᠠᠷ ᠲᠤᠭᠳᠠᠭᠠᠭᠰᠡᠨ ᠮᠤᠩᠭᠤᠯ ᠬᠤᠳᠤᠩ ᠠᠶᠢᠮᠠᠭ ᠤᠨ ᠸᠠᠩ ᠭᠦᠡᠭ ᠤᠳ ᠤᠨ ᠢᠯᠡᠳᠬᠡᠯ  ᠱᠠᠰᠲᠢᠷ︾ ᠠᠴᠠ ᠡᠰᠢ ᠲᠠᠳᠠᠵᠤ  ᠂ ᠡᠶᠡᠪᠡᠷ ᠵᠠᠰᠠᠭᠴᠢ ᠶᠢᠨ ᠲᠠᠪᠤᠳᠤᠭᠠᠷ ᠤᠨ ︵1648︶ ᠳᠤ ᠰᠧᠪᠳᠡᠨ ᠢ ᠤᠯᠤᠰ ᠲᠤᠷ ᠲᠤᠰᠠᠯᠠᠭᠴᠢ ᠭᠦᠡᠭ ᠡᠷᠭᠦᠮᠵᠢᠯᠡᠵᠤ ᠮᠠᠨᠵᠤ ᠶᠢᠨ ᠱᠤ᠋ ᠡᠾᠦ᠋ᠢ ᠬᠦᠡᠭᠵᠤ ︵ᠡᠩᠬᠡ ᠠᠮᠤᠭᠤᠯᠠᠩ ᠬᠠᠭᠠᠨ ᠤ ᠠᠪᠠᠭ᠎ᠠ ᠡᠭᠡᠴᠢ︶ ᠶᠢ  ᠰᠧᠪᠳᠡᠨ ᠳᠤ ᠡᠬᠡᠨᠠᠷ ᠪᠤᠯᠭᠠᠨ ᠬᠤᠯᠪᠤᠵᠡᠢ᠃ ᠡᠶᠡᠪᠡᠷ ᠵᠠᠰᠠᠭᠴᠢ ᠶᠢᠨ ᠳᠤᠯᠤᠳᠤᠭᠠᠷ ᠤᠨ ᠳᠤ(1650︶ ᠰᠧᠪᠳᠡᠨ ᠵᠠᠰᠠᠭ ᠲᠦᠷᠦ ᠶᠢᠨ ᠵᠢᠶᠦ᠋ᠨ ᠸᠠᠩ ᠡᠷᠭᠦᠮᠵᠢᠯᠡᠭᠳᠡᠪᠡ᠃ ᠡᠩᠬᠡ ᠠᠮᠤᠭᠤᠯᠠᠩ ᠤᠨ ᠵᠢᠷᠭᠤᠳᠤᠭᠠᠷ ᠤᠨ ᠳᠤ ᠨᠠᠰᠤ ᠪᠠᠷᠠᠪᠠ᠃ ᠱᠤ᠋ ᠡᠾᠦ᠋ᠢ ᠭᠦᠡᠭᠵᠤ ᠪᠠᠭᠠᠷᠢᠨ ᠳᠤ ᠢᠷᠡᠭᠡᠳ ᠭᠤᠷᠪᠠᠨ ᠬᠡᠦᠬᠡᠳ ᠲᠠᠢ ᠪᠤᠯᠪᠠ᠂ ᠶᠡᠭᠡ ᠬᠦᠪᠡᠬᠦᠨ ᠸᠴᠢᠷ᠂ ᠳᠡᠳ᠋ ᠢᠨᠤ ᠭᠡᠷᠡᠯᠳᠤ᠂ ᠭᠤᠳᠠᠭᠠᠷ ᠠᠨᠤ ᠨᠠᠮᠵᠠ︾ ᠭᠡᠵᠡᠢ᠃     ᠰᠧᠪᠳᠡᠨ ᠸᠠᠩ ᠬᠢᠭᠡᠳ ᠱᠤ᠋ ᠡᠾᠦ᠋ᠢ ᠬᠦᠡᠭᠵᠤ ᠶᠢᠨ ᠲᠦᠳᠦᠭᠡᠷ ᠬᠦᠪᠡᠬᠦᠨ ᠠᠷᠠᠪᠳᠠᠨ ᠲᠤᠰ ᠲᠡᠮᠳᠡᠭᠯᠡᠯ ᠠᠴᠠ ᠭᠡᠭᠡᠭᠳᠡᠭᠰᠡᠨ ᠤᠴᠢᠷ ᠤᠨ ᠲᠤᠬᠠᠢ ᠳᠤᠤᠷᠠᠳᠤ ᠮᠢᠨᠤ ᠮᠠᠭᠠᠳᠯᠠᠬᠤ ᠪᠠᠷ ᠲᠤᠰ ᠨᠤᠮ ᠢ ᠡᠬᠢᠯᠡᠵᠤ ᠪᠢᠴᠢᠬᠦ ᠶᠢᠨ ᠴᠠᠭ  ᠲᠤ ᠱᠤ᠋ ᠡᠾᠦ᠋ᠢ ᠭᠦᠡᠭᠵᠤ ᠶᠢᠨ ᠲᠦᠳᠦᠭᠡᠷ ᠬᠦᠪᠡᠬᠦᠨ ᠠᠷᠠᠪᠳᠠᠨ ᠨᠢ ᠪᠦᠷᠢᠳᠭᠡᠯ ᠳᠠᠩᠰᠠᠨ ᠳᠤ ᠤᠷᠤᠬᠤ ᠨᠠᠰᠤ ᠬᠦᠷᠦᠭᠡ ᠦᠭᠡᠢ ᠪᠠᠶᠢᠭᠰᠡᠨ ᠪᠤᠶᠤ ᠡᠰᠡᠬᠦᠯ᠎ᠡ ᠲᠤᠰ ᠨᠤᠮ ᠢ ᠪᠢᠴᠢᠬᠦ ᠳᠤ ᠠᠰᠢᠭᠯᠠᠭᠰᠡᠨ ᠰᠤᠷᠪᠤᠯᠵᠢ ᠮᠠᠲ᠋ᠧᠷᠢᠶᠠᠯ  ᠳᠤᠨᠢ ᠪᠠᠶᠢᠭᠰᠡᠨ ᠦᠭᠡᠢ ᠪᠠᠶᠢᠵᠤ ᠮᠡᠳᠡᠨ᠎ᠡ᠃     1980 ᠤᠨ ᠤ10 ᠰᠠᠷ᠎ᠠ ᠳᠤ ᠴᠤᠶᠢᠵᠢ ᠠᠪᠤᠭᠠᠢ ᠲᠤᠰ ᠨᠤᠮ ᠢ ᠬᠡᠪᠯᠡᠬᠦᠯᠦᠭᠰᠡᠨ ᠤᠳᠤᠷᠢᠳᠬᠠᠯ ᠳᠠᠭᠠᠨ ︽ᠭᠤᠮᠪᠤᠵᠠᠪ ᠤᠨ ︿ᠭᠠᠨᠭ᠍ᠭ᠎ᠠ ᠶᠢᠨ ᠤᠷᠤᠰᠬᠠᠯ﹀︾  ᠭᠡᠬᠦ ᠤᠨ ᠳᠠᠷᠠᠭᠠᠯᠠᠭᠰᠡᠨ ᠲᠡᠦᠬᠡᠨ ᠵᠤᠬᠢᠶᠠᠯ ᠵᠤᠬᠢᠶᠠᠭᠳᠠᠭᠠᠳ ᠨᠢᠭᠡᠨᠳᠡ 255 ᠵᠢᠯ ᠤᠨ ᠤᠢ ᠪᠤᠯᠤᠭᠰᠡᠨ ᠠᠳᠠᠯ᠎ᠠ ᠴᠤᠬᠤᠮ ᠬᠦ ᠦᠨᠡᠨ ᠤᠭ ᠡᠬᠡ ᠵᠤᠬᠢᠶᠠᠯ ᠢ ᠨᠢ ᠤᠯᠤᠭᠰᠡᠨ ᠰᠤᠷᠠᠭ ᠲᠤᠭᠤᠯᠳᠠᠭᠠᠳᠤᠢ ᠪᠠᠶᠢᠭᠰᠠᠭᠠᠷ ᠪᠠᠶᠢᠨ᠎ᠠ᠃ ᠭᠠᠳᠠᠭᠠᠳᠤ ᠤᠯᠤᠰ ᠤᠨ ᠮᠤᠩᠭᠤᠯᠴᠢ ᠡᠷᠳᠡᠮᠳᠡᠨ ᠪᠠ ᠪᠢᠳᠡᠨ  ᠳᠤ ᠤᠯᠳᠠᠭᠰᠡᠨ ᠨᠢ ᠴᠦᠮ ᠬᠠᠭᠤᠯᠤᠮᠡᠯ ᠰᠤᠳᠤᠷ ᠪᠤᠯᠤᠨ᠎ᠠ᠃ ᠵᠦᠪᠯᠡᠯᠳᠤ ᠬᠤᠯᠪᠤᠭᠠᠳᠤ ᠤᠯᠤᠰ ᠤᠨ ᠮᠤᠩᠭᠤᠯᠴᠢ ᠡᠷᠳᠡᠮᠳᠡᠨ ᠯ᠊᠂ ᠰ᠊᠂ ᠫᠦᠴᠺᠤᠸ᠋ᠰᠺᠢ ᠠᠪᠤᠭᠠᠢ 1909 —1910 ᠤᠨ ᠤ ᠦᠶ᠎ᠡ ᠪᠠᠷ ᠠᠪᠠᠭ᠎ᠠ ᠬᠤᠰᠢᠭᠤᠨ ᠠᠴᠠ ᠤᠯᠳᠠᠭᠰᠡᠨ ᠨᠢᠭᠡᠨ ᠢᠵᠢ ︽ᠭᠠᠨᠭ᠍ᠭ᠎ᠠ ᠶᠢᠨ ᠤᠷᠤᠰᠬᠠᠯ︾ ᠤᠨ ᠬᠠᠭᠤᠯᠤᠮᠡᠯ ᠰᠤᠳᠤᠷ ᠢ 1960 ᠤᠨ ᠳᠤ ᠭᠡᠷᠡᠯ ᠵᠢᠷᠤᠭ ᠢᠶᠠᠷ ᠪᠠᠭᠤᠯᠭᠠᠨ ᠲᠤᠪᠴᠢ ᠤᠳᠤᠷᠢᠳᠬᠠᠯ ᠪᠢᠴᠢᠭᠡᠳ ᠮᠤᠰᠺᠸᠠ ᠳᠤ ᠬᠡᠪᠯᠡᠬᠦᠯᠵᠡᠢ᠃  ᠁ ᠁ ᠡᠨᠡ ᠤᠳᠠᠭ᠎ᠠ ᠪᠢ ᠡᠨᠡᠬᠦ ︽ᠭᠠᠨᠭ᠍ᠭ᠎ᠠ ᠶᠢᠨ ᠤᠷᠤᠰᠬᠠᠯ︾ ᠳᠤ ᠲᠠᠶᠢᠯᠤᠯᠭ᠎ᠠ ᠲᠠᠯᠪᠢᠬᠤ ᠳᠠᠭᠠᠨ ᠮᠤᠰᠺᠸᠠ ᠶᠢᠨ ᠬᠡᠪᠯᠡᠯ ᠳᠤ ᠠᠳᠡᠬᠦᠷᠡᠨ ᠰᠤᠯᠢᠭᠳᠠᠭᠰᠡᠨ ᠳᠦᠷᠪᠡᠨ ᠬᠡᠰᠡᠭ ᠢ ᠨᠢ ᠤᠭ ᠲᠡᠰ ᠳᠠᠷᠠᠭ᠎ᠠ ᠪᠠᠷ ᠨᠢ ᠪᠠᠶᠢᠷᠢᠯᠠᠭᠤᠯᠤᠨ ᠲᠠᠯᠪᠢᠭᠠᠳ ᠲᠡᠬᠦᠨ ᠤ ᠦᠨᠡᠩᠬᠦ ᠳᠦᠷᠢ ᠶᠢ ᠭᠠᠷᠭᠠᠭᠰᠡᠨ ᠶᠤᠮ ᠭᠡᠵᠡᠢ᠃     ︽ᠭᠠᠨᠭ᠍ᠭ᠎ᠠ ᠶᠢᠨ ᠤᠷᠤᠰᠬᠠᠯ︾ ᠤᠨ ᠶᠡᠷᠤᠩᠬᠡᠢ ᠴᠢᠭᠯᠡᠯ ᠨᠢ ᠮᠦᠨ ᠴᠦ ᠳᠤᠮᠳᠠ ᠵᠠᠭᠤᠨ ᠤ ᠦᠶ᠎ᠡ ᠶᠢᠨ ᠮᠤᠩᠭᠤᠯ ᠤᠨ ᠲᠡᠦᠬᠡᠨ ᠵᠤᠬᠢᠶᠠᠯ ᠲᠠᠢ ᠠᠳᠠᠯᠢ ᠪᠠᠷ ᠬᠠᠳ ᠤᠨ ᠲᠡᠦᠬᠡ ᠢᠶᠠᠷ ᠮᠤᠩᠭᠤᠯ ᠤᠨ ᠲᠡᠦᠬᠡ ᠶᠢᠨ ᠬᠡᠯᠬᠢᠶ᠎ᠡ ᠪᠤᠯᠭᠠᠵᠤ᠂ ︽ᠴᠢᠩᠬᠢᠰ ᠡᠵᠡᠨ ᠤ ᠠᠯᠳᠠᠨ ᠤᠷᠤᠭ ᠤᠨ ᠲᠡᠦᠬᠡ︾ ᠶᠢ ᠪᠢᠴᠢᠵᠡᠢ᠂ ᠴᠢᠩ ᠤᠯᠤᠰ ᠤᠨ ᠦᠶ᠎ᠡ ᠳᠠᠬᠢ ᠮᠤᠩᠭᠤᠯ ᠤᠨ ᠨᠡᠷ᠎ᠠ ᠬᠦᠨᠳᠤᠳᠤ ᠬᠤᠶᠠᠷ ᠲᠡᠦᠬᠡᠴᠢ ᠭᠦᠤᠰᠢ ᠳ᠋ᠠᠷᠮ᠎ᠠ᠂ ᠷᠠᠰᠢᠫᠣᠩᠰᠤᠭ ᠲᠠᠨ ᠴᠦᠮ ᠦᠪᠡᠷ ᠦᠪᠡᠷ ᠤᠨ ᠵᠤᠬᠢᠶᠠᠯ ᠳᠠᠭᠠᠨ ᠭᠤᠮᠪᠤᠵᠠᠪ ᠤᠨ ᠨᠡᠷ᠎ᠠ ᠠᠯᠳᠠᠷ ᠢ ᠬᠦᠨᠳᠦᠳᠭᠡᠨ ᠲᠡᠮᠳᠡᠭᠯᠡᠵᠤ ᠪᠠᠶᠢᠭᠰᠡᠨ ᠪᠠ ᠵᠤᠬᠢᠶᠠᠯ ᠪᠦᠳᠦᠭᠡᠯ ᠳᠡᠭᠡᠨ ︽ᠭᠠᠨᠭ᠍ᠭ᠎ᠠ ᠶᠢᠨ ᠤᠷᠤᠰᠬᠠᠯ︾ ᠢ ᠰᠤᠷᠪᠤᠯᠵᠢ ᠪᠢᠴᠢᠭ ᠪᠤᠯᠭᠠᠨ ᠠᠰᠢᠭᠯᠠᠵᠤ ᠪᠠᠶᠢᠭᠰᠡᠨ ᠶᠤᠮ᠃      ᠡᠷᠬᠢᠮ ᠡᠷᠳᠡᠮᠳᠡᠨ ᠭᠤᠮᠪᠤᠵᠠᠪ᠂ ᠲᠡᠬᠦᠨ ᠤ ᠨᠠᠰᠤᠨ ᠲᠤᠷᠰᠢ ᠶᠢᠨ ᠴᠢᠩ ᠦᠨᠡᠨᠴᠢ ᠵᠢᠳᠬᠦᠯ ᠴᠢᠷᠮᠠᠶᠢᠯᠭ᠎ᠠ ᠪᠠᠷ ᠪᠢᠳᠡᠨ ᠳᠤ ᠦᠯᠡᠳᠡᠭᠡᠵᠤ ᠦᠭᠭᠦᠭᠰᠡᠨ ᠵᠤᠬᠢᠶᠠᠯ ᠪᠦᠳᠦᠭᠡᠯ ᠤᠨ ᠳᠤᠳᠤᠷ᠎ᠠ ︽ᠭᠠᠨᠭ᠍ᠭ᠎ᠠ ᠶᠢᠨ ᠤᠷᠤᠰᠬᠠᠯ︾ ᠪᠤᠯ ᠮᠤᠩᠭᠤᠯ ᠤᠨ ᠲᠡᠦᠬᠡ ᠶᠢ ᠲᠡᠮᠳᠡᠭᠯᠡᠵᠤ ᠮᠠᠨ ᠤ ᠦᠨᠳᠦᠰᠦᠳᠡᠨ ᠳᠤ ᠰᠤᠶᠤᠯ ᠤᠨ ᠦᠪ  ᠪᠤᠯᠭᠠᠨ  ᠦᠯᠡᠳᠡᠭᠡᠭᠰᠡᠨ ᠭᠠᠶᠢᠬᠠᠮᠰᠢᠭᠲᠤ ᠪᠦᠳᠦᠭᠡᠯ ᠪᠤᠯᠤᠨ᠎ᠠ︾ ᠬᠡᠮᠡᠨ  ᠲᠡᠦᠬᠡ ᠶᠢᠨ ᠡᠷᠳᠡᠮᠳᠡᠨ ᠴᠤᠶᠢᠵᠢ ᠠᠴᠠ ᠳᠡᠭᠡᠳᠤ ᠬᠡᠮᠵᠢᠶᠡᠨ ᠤ ᠲᠡᠦᠭᠡᠳᠤ ᠦᠨᠡᠯᠡᠯᠳᠠ ᠦᠭᠭᠦᠭᠰᠡᠨ ᠶᠤᠮ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备07002090号