ᠬᠠᠳᠠᠨ ᠤᠰᠤ  ᠠᠭᠤᠯᠠᠨ ᠤ  ᠮᠠᠨᠢ ᠶᠢᠨ ᠵᠢᠷᠭᠤᠭᠠᠨ ᠦᠰᠦᠭ  ᠤᠨ ᠰᠡᠶᠢᠯᠦᠮᠡᠯ
ᠨᠡᠶᠢᠲᠡᠯᠡᠭᠰᠡᠨ ᠴᠠᠭ᠄
2020-07-28
ᠬᠠᠳᠠᠨ ᠤᠰᠤ ᠨᠢ ᠯᠢᠨᠰᠢ ᠰᠢᠶᠠᠨ ᠤ ᠠᠷᠠᠳ ᠤᠨ  ᠵᠠᠰᠠᠭ ᠤᠨ  ᠤᠷᠳᠤᠨ ᠤ ᠰᠠᠭᠤᠭ᠎ᠠ ᠭᠠᠵᠠᠷ ᠠᠴᠠ20 ᠺᠢᠯᠦᠮᠧᠲᠷ  ᠵᠠᠶᠢᠳᠠᠢ  ᠂  ᠤᠤᠯ ᠤᠨ  ᠹᠠᠨ ᠿᠦᠩ ᠰᠢᠶᠠᠩ ᠤᠨ  ᠲᠤᠮᠳᠠ ᠬᠡᠰᠡᠭ ᠲᠤ ᠪᠠᠶᠢᠷᠰᠢᠵᠤ ᠪᠠᠶᠢᠨ᠎ᠠ᠃  ᠲᠠᠯᠠᠢ ᠶᠢᠨ  ᠲᠦᠪᠰᠢᠨ ᠠᠴᠠ 1427 ᠮᠧᠲᠷ ᠦᠨᠳᠤᠷ ᠡᠷᠭᠦᠭᠳᠡᠵᠠᠢ᠃  ᠭᠤᠤᠯ ᠤᠷᠬᠢᠯ   ᠨᠢ  ᠪᠦᠭᠡᠷᠡᠩᠬᠢ  ᠬᠡᠯᠪᠡᠷᠢ ᠲᠠᠢ  ᠂  ᠲᠡᠭᠦᠨ ᠤ ᠡᠩᠭᠡᠷ ᠤ  ᠨᠢᠭᠡᠨ ᠬᠦᠪᠡᠭᠡ ᠬᠢᠵᠠᠭᠠᠷ ᠨᠢ ᠬᠠᠷᠠᠭᠳᠠᠬᠤ ᠦᠭᠡᠢ ᠲᠡᠭᠰᠢ ᠲᠠᠯ᠎ᠠ ᠪᠠᠶᠢᠵᠤ  ᠂ ᠪᠠᠭᠠᠷᠢᠨᠴᠤᠤᠳ ᠡᠷᠳᠡᠨ ᠠᠴᠠ ᠪᠠᠨ  ︽ᠪᠤᠤᠷ᠎ᠠ ᠶᠢᠨ  ᠬᠦᠨᠳᠡᠢ︾ ᠭᠡᠳᠡᠭ  ᠂ ᠲᠤᠰ ᠨᠡᠷ᠎ᠡ ᠨᠢ ᠨᠡᠭᠦᠳᠡᠯ ᠮᠠᠯᠵᠢᠯ  ᠤᠨ  ᠦᠶ᠎ᠡ ᠳᠤ  ᠪᠤᠤᠷ᠎ᠠ  ᠬᠠᠷᠠᠭᠤᠯᠳᠠᠭ ᠭᠠᠵᠠᠷ ᠪᠠᠶᠢᠭᠰᠠᠨ ᠠᠴᠠ ᠢᠩᠬᠢᠵᠤ ᠨᠡᠷᠡᠯᠡᠵᠠᠢ᠃  ᠬᠦᠨᠳᠡᠢ ᠶᠢᠨ  ᠲᠤᠮᠳᠠᠬᠢ  ᠪᠤᠤᠷ᠎ᠠ ᠶᠢᠨ  ᠭᠤᠤ ᠭᠤᠤᠯ   ᠨᠢ ᠤᠮᠠᠷ᠎ᠠ ᠠᠴᠠ  ᠡᠮᠦᠨᠡᠰᠢ  ᠬᠦᠨᠳᠡᠢ ᠶᠢ ᠲᠤᠭᠤᠯᠤᠨ ᠤᠷᠤᠰᠴᠦ  ᠭᠠᠯᠳᠠᠰᠦᠳᠠᠢ ᠭᠤᠤᠯ ᠳᠤ ᠴᠢᠳᠬᠤᠵᠤ  ᠂ ᠰᠢᠷᠠᠮᠦ᠋ᠷᠡᠨ ᠭᠤᠤᠯ ᠤᠨ  ᠭᠤᠷᠪᠠᠨ ᠶᠡᠭᠡ ᠡᠬᠢ  ᠤᠷᠤᠰᠬᠠᠯ ᠤᠨ  ᠨᠢᠭᠡ  ᠨᠢ ᠮᠦᠨ᠃ ᠬᠤᠶᠠᠷ  ᠬᠦᠪᠡᠭᠡᠨ ᠳᠤ ᠨᠢ  ᠬᠤᠶᠠᠷ ᠲᠦᠮᠡᠨ ᠮᠤ᠋  ᠦᠩ ᠰᠢᠮᠡᠯᠢᠭ ᠲᠠᠷᠢᠶ᠎ᠠ ᠲᠠᠢ  ᠪᠠᠶᠢᠵᠤ ᠯᠢᠨᠰᠢ ᠰᠢᠶᠠᠨ ᠤ  ᠠᠮᠤ ᠪᠤᠳᠠᠭ᠎ᠠ  ᠭᠠᠷᠭᠠᠬᠤ ᠴᠢᠬᠤᠯᠠ  ᠭᠠᠵᠠᠷ ᠤᠨ  ᠨᠢᠭᠡᠨ ᠪᠠᠶᠢᠵᠠᠢ᠃ ᠤᠷᠴᠢᠮ ᠤᠨ  ᠵᠢᠯ ᠠᠴᠠ  ᠲᠤᠰ ᠠᠭᠤᠯᠠ ᠶᠢᠨ ᠨᠠᠷᠠᠨ  ᠲᠠᠯ᠎ᠠ ᠶᠢᠨ  ᠬᠠᠳᠠᠨ ᠠᠴᠠ ᠢᠯᠡᠷᠡᠭᠰᠡᠨ  ᠵᠢᠷᠤᠭ  ᠪᠠ  ᠭᠠᠵᠠᠷ ᠲᠤᠤᠷ᠎ᠠ ᠠᠴᠠ  ᠠᠭᠤᠳᠠᠯᠠᠨ ᠭᠠᠷᠭᠠᠬᠠᠰᠠᠨ  ᠂ ᠭᠠᠵᠠᠷ ᠲᠡᠭᠡᠷ᠎ᠡ ᠠᠴᠠ ᠢᠯᠡ ᠪᠠᠷ  ᠦᠯᠡᠳᠡᠭᠰᠡᠨ  ᠪᠤᠳᠠᠰ   ᠤᠨ  ᠦᠪ  ᠵᠡᠷᠭᠡ ᠨᠢ  ᠬᠠᠳᠠᠨ ᠤᠰᠤ  ᠠᠭᠤᠯᠠ ᠡᠷᠳᠡᠨ ᠤ ᠦᠶ᠎ᠡ ᠳᠤ  ᠨᠢᠭᠡᠨ  ᠪᠤᠷᠤ ᠲᠤᠭᠤᠰᠤᠨ ᠠᠴᠠ  ᠠᠩᠬᠢᠵᠢᠷᠠᠭᠰᠠᠨ ᠭᠠᠵᠠᠷ ᠪᠠᠶᠢᠵᠤ ᠡᠷᠳᠡᠮᠳᠤ  ᠯᠠᠮᠠ ᠶᠢᠨ ᠨᠤᠮ ᠤᠩᠰᠢᠵᠤ᠂ ᠶᠤᠰᠤ ᠶᠢ ᠵᠠᠰᠠᠵᠤ  ᠂ ᠰᠢᠳᠠᠷ᠎ᠠ ᠮᠢᠭᠮᠡ  ᠨᠠᠭᠠᠳᠴᠦ ᠰᠤᠯᠠ ᠰᠡᠯᠡᠬᠦᠦ   ᠰᠠᠭᠤᠵᠤ ᠨᠠᠭᠠᠳᠤᠨ ᠴᠡᠩᠭᠡᠵᠦ ᠪᠠᠶᠢᠭᠰᠠᠨ ᠪᠡᠶ᠎ᠡ  ᠰᠤᠪᠢᠯᠠᠬᠤ  ᠰᠠᠶᠢᠬᠠᠨ ᠭᠠᠵᠠᠷ ᠪᠠᠶᠢᠵᠠᠢ᠃  ᠠᠭᠤᠯᠠᠨ ᠤ ᠭᠤᠷᠪᠠᠨ ᠠᠳᠠᠯᠢ ᠪᠤᠰᠤ ᠬᠠᠳᠠᠨ ᠲᠡᠭᠡᠷ᠎ᠡ ᠲᠦᠪᠡᠳ  ᠦᠰᠦᠭ ᠢᠶᠠᠷ  ᠰᠡᠶᠢᠯᠦᠭᠰᠡᠨ  ︽ᠤᠮ ᠮᠠᠨᠢ  ᠫᠠᠳ ᠮᠠᠢ ᠬᠤᠩ  ︾ ᠵᠢᠷᠭᠤᠭᠠᠨ ᠲᠠᠷᠨᠢ ᠶᠢᠨ  ᠦᠰᠦᠭ  ᠪᠠᠶᠢᠵᠤ᠂  ᠡᠨᠡᠬᠦ ᠵᠢᠷᠭᠤᠭᠠᠨ ᠦᠰᠦᠭ   ᠢ ᠲᠠᠶᠢᠯᠠᠪᠦᠷᠢᠯᠡᠪᠡᠯ  ︽ᠤᠮ  ︾ ᠨᠢ  ︽ᠪᠤᠷᠬᠠᠨ ᠤ ︽ᠰᠡᠳᠬᠢᠯ︾  ᠭᠡᠰᠡᠨ ᠦᠭᠡ᠃  ︽ ᠮᠠ  ᠂ ᠨᠢ  ︾ ᠨᠢ  ︽ᠡᠷᠳᠡᠨᠢ ᠴᠤᠭᠯᠠᠬᠤ  ︾ ᠭᠡᠰᠡᠨ ᠦᠭᠡ  ᠃ ︽ᠫᠠᠳ  ᠂ ᠮᠠᠢ︾   ᠨᠢ  ︽ᠯᠢᠶᠠᠩᠬᠸ᠎ᠠ︾ ᠭᠡᠰᠡᠨ ᠦᠭᠡ  ᠂ ︽ᠬᠤᠩ︾ ᠨᠢ  ︽ᠬᠦᠰᠡᠭᠰᠡᠨ ᠵᠦᠢᠯ  ᠪᠦᠳᠦᠬᠦ  ︾ ᠭᠡᠰᠡᠨ ᠦᠭᠡ᠃ ᠨᠡᠶᠢᠯᠡᠭᠦᠯᠪᠡᠯ  ︽ ᠡᠷᠭᠡᠪᠰᠢ ᠪᠤᠷᠬᠠᠨ ᠤ ᠬᠦᠴᠦᠨ ᠳᠤ   ᠲᠦᠰᠢᠭᠯᠡᠪᠡᠯ  ᠰᠠᠶ᠋ᠢ  ᠲᠦᠪ  ᠭᠡᠭᠡᠷᠡᠯ ᠳᠤ  ᠤᠷᠤᠵᠤ᠂ ᠠᠯᠢᠪᠠ ᠪᠦᠬᠦᠨ  ᠪᠦᠳᠦᠵᠤ᠂  ᠠᠮᠢᠳᠠᠨ ᠵᠢᠷᠭᠤᠭᠠᠨ ᠵᠦᠢᠯ ᠢ  ᠭᠡᠳᠦᠯᠭᠡᠵᠦ᠂  ᠬᠠᠮᠤᠭ ᠰᠡᠭᠦᠯ ᠳᠤ ᠨᠢ  ᠪᠤᠷᠬᠠᠨ ᠤ  ᠬᠦᠰᠡᠯ ᠳᠤ  ᠬᠦᠷᠦᠮᠦᠢ  ︾᠃ ᠨᠦᠭᠦᠭᠡ ᠨᠢᠭᠡ ᠬᠠᠳᠠᠨ ᠲᠡᠭᠡᠷ᠎ᠡ ᠨᠢ  ︽ᠠᠷᠪᠠᠨ ᠭᠤᠷᠪᠠᠨ  ᠭᠠᠵᠠᠷ ᠤᠨ  ᠡᠵᠡᠨ  ︾ ᠭᠡᠰᠡᠨ ᠬᠢᠳᠠᠳ ᠦᠰᠦᠭ ᠰᠡᠶᠢᠯᠵᠠᠢ᠃  ᠲᠤᠰ ᠦᠰᠦᠭ ᠢ ᠲᠠᠶᠢᠯᠠᠪᠤᠷᠢᠯᠠᠪᠠᠯ  ︽ ᠭᠤᠷᠪᠠ︾ ᠠᠨᠤ  ᠡᠷᠳᠡᠨ ᠤ ︽ᠲᠦᠷᠪᠡ  ︾  ᠭᠡᠰᠡᠨ ᠦᠭᠡ᠃ ︽ ᠡᠷ᠎ᠡ  ︾ ᠠᠨᠤ  ᠡᠷᠳᠡᠨ ᠤ  ︽ᠠᠬᠢᠮᠠᠭ ᠨᠠᠰᠤᠨ ᠤ ᠡᠷ᠎ᠡ  ᠬᠦᠮᠦᠨ  ︾ ᠤ ᠬᠦᠨᠳᠤᠳᠭᠡᠯ  ᠃ ︽ᠡᠵᠡᠨ  ︾ ᠠᠨᠤ  ︽ᠡᠨᠡᠬᠦ ᠭᠡᠰᠡᠭ ᠭᠠᠵᠠᠷ ᠲᠡᠭᠡᠷᠡᠭᠢ  ᠡᠵᠡᠨ ᠬᠦᠮᠦᠨ︾ ᠲᠠᠷᠦᠢ  ︽ ᠭᠠᠵᠠᠷ ᠤᠨ  ᠡᠵᠡᠨ︾ ᠭᠡᠰᠨ ᠤᠳᠬ᠎ᠠ ᠲᠠᠢ᠃ ᠲᠡᠭᠡᠷᠡᠬᠢ  ᠬᠠᠳᠠᠨ ᠪᠢᠴᠢᠭ ᠤᠨ ᠠᠭᠤᠯᠠᠭ᠎ᠠ ᠠᠴᠠ  ᠦᠵᠡᠪᠡᠯ  ᠂ ᠲᠤᠬᠠᠢ ᠶᠢᠨ  ᠦᠶ᠎ᠡ   ᠳᠤ ᠬᠠᠳᠠᠨ ᠤᠰᠤ ᠳᠤ  ᠠᠷᠪᠠᠨ ᠲᠦᠷᠪᠡᠨ  ᠡᠷᠳᠡᠮᠳᠤ ᠯᠠᠮᠠ  ᠰᠠᠭᠤᠵᠤ  ᠂ ᠦᠪᠡᠷ   ᠢ ᠪᠠᠨ ᠠᠳᠡᠬᠢ  ᠡᠵᠡᠨ ᠬᠡᠮᠡᠨ ᠦᠵᠡᠵᠦ  ᠪᠠᠶᠢᠵᠠᠢ᠃  ᠬᠠᠮᠤᠭ ᠡᠮᠦᠨᠡᠬᠢ  ᠬᠠᠳᠠᠨ  ᠵᠢᠷᠤᠭ ᠨᠢ  ᠨᠠᠷᠠᠨ ᠰᠠᠷᠠᠨ ᠤ ᠵᠢᠷᠤᠭ ᠪᠤᠯᠤᠨ᠎ᠠ᠃  ᠪᠠᠷᠤᠭ ᠠᠷᠭ᠎ᠠ ᠪᠢᠯᠢᠭ ᠢᠶᠠᠷ  ᠬᠤᠷᠸ᠎ᠠ ᠪᠦᠳᠦᠬᠦ  ᠶᠤᠰᠤᠨ ᠢ  ᠦᠭᠦᠯᠡᠭᠰᠡᠨ ᠪᠠᠶᠢᠬᠤ᠃  ᠨᠠᠷᠠᠨ ᠰᠠᠷᠠᠨ ᠢ  ᠰᠢᠳᠦᠬᠦ  ᠨᠢ ᠮᠠᠨ   ᠤ ᠤᠯᠤᠰ ᠤᠨ  ᠤᠮᠠᠷᠠᠳᠤ ᠶᠢᠨ  ᠦᠨᠳᠤᠰᠤᠳᠡᠨ ᠤ  ᠵᠠᠩ ᠲᠠᠳᠬᠠᠯ ᠪᠠᠶᠢᠵᠤ᠂ ᠲᠤᠬᠠᠢ ᠶᠢᠨ  ᠦᠶ᠎ᠡ  ᠳᠤ  ᠡᠨᠡᠬᠦ ᠬᠡᠰᠡᠭ  ᠨᠤᠳᠤᠭ ᠲᠡᠭᠡᠷ᠎ᠡ ︽ᠠᠷᠪᠠᠨ ᠲᠦᠷᠪᠡᠨ  ᠦᠳᠡᠭᠦᠰ ᠡᠵᠡᠨ  ︾ ᠰᠠᠭᠤᠵᠤ  ᠂ ᠲᠡᠷᠡ ᠪᠦᠬᠦᠨ  ᠢᠶᠠᠷ  ᠤᠮᠠᠷᠠᠳ᠋‍‌ᠦᠨᠳᠤᠰᠤᠳᠡᠨ ᠤ ᠲᠤᠳᠤᠷᠠᠬᠢ  ᠡᠷᠳᠡᠮᠳᠤ  ᠯᠠᠮᠠ ᠨᠠᠷ ᠤᠨ  ᠨᠢᠭᠡ ᠪᠦᠯᠦᠭ ᠨᠢ  ᠪᠠᠶᠢᠵᠤ ᠭᠡᠵᠦ ᠦᠵᠡᠵᠦ ᠪᠤᠯᠤᠨ᠎ᠠ᠃  ᠲᠠᠬᠢᠨ  ᠠᠭᠤᠯᠠᠨ ᠤ ᠤᠷᠬᠢᠯ   ᠢ  ᠠᠵᠢᠭᠯᠠᠪᠠᠯ  ᠬᠦᠮᠦᠨ   ᠤ ᠬᠦᠴᠦ ᠪᠠᠷ ᠤᠷᠠᠯᠠᠨ ᠴᠠᠪᠴᠢᠵᠤ ᠭᠠᠷᠭᠠᠭᠰᠠᠨ  ᠴᠢᠯᠠᠭᠤᠨ ᠰᠢᠷᠡᠭᠡ  ᠪᠠᠶᠢᠵᠤ᠂ ᠲᠦᠷᠪᠡᠨ ᠲᠠᠯ᠎ᠠ ᠳᠤ ᠪᠠᠰᠠ  ᠴᠢᠯᠠᠭᠤᠨ ᠰᠠᠨᠳᠠᠯᠢ ᠲᠠᠢ᠃   ᠡᠨᠡᠬᠦ ᠴᠢᠯᠠᠭᠤᠨ ᠰᠢᠷᠡᠭᠡ ᠶᠢ  ᠲᠡᠭᠦᠨ ᠤ ᠤᠷᠴᠢᠮ ᠠᠴᠠ  ᠢᠯᠡᠷᠡᠭᠰᠡᠨ  ᠱᠠᠭᠠᠵᠠᠩ ᠬᠢᠴᠨ ᠲᠠᠢ ᠮᠢᠭᠮᠡ ᠶᠢᠨ  ᠮᠦᠬᠦᠯᠢᠭ ᠲᠠᠢ ᠤᠶᠠᠯᠳᠠᠭᠤᠯᠵᠤ ᠰᠡᠳᠬᠢᠪᠡᠯ  ᠲᠤᠰ  ᠴᠢᠯᠠᠭᠤᠨ ᠰᠢᠷᠡᠭᠡ ᠨᠢ ᠲᠤᠬᠠᠢ ᠶᠢᠨ ᠦᠶ᠎ᠡ ᠳᠤ ᠡᠷᠳᠡᠮᠳᠤ ᠯᠠᠮᠠ ᠨᠠᠷ ᠰᠤᠯᠠ ᠰᠡᠯᠡᠬᠦᠦ ᠴᠠᠭ ᠲᠠᠭᠠᠨ  ᠮᠢᠭᠮᠡ ᠲᠤᠭᠯᠠᠳᠠᠭ  ᠰᠢᠷᠡᠭᠡ ᠭᠡᠵᠦ   ᠵᠦᠢᠴᠢᠯᠡᠵᠦ  ᠭᠠᠷᠭᠠᠵᠤ ᠪᠤᠯᠤᠨ᠎ᠠ᠃  ᠤᠷᠴᠢᠮ ᠤᠨ  ᠵᠢᠯ ᠤᠳ ᠠᠴᠠ  ᠠᠭᠤᠯᠠᠨ ᠤ  ᠤᠷᠴᠢᠮ ᠠᠴᠠ  ᠪᠠᠰᠠ ᠨᠡᠯᠢᠶᠡᠳ ᠤᠯᠠᠨ  ᠪᠤᠳᠠᠰ  ᠤᠨ  ᠦᠪ  ᠠᠭᠤᠳᠠᠯᠯᠠᠵᠤ ᠭᠠᠷᠭᠠᠵᠠᠢ᠃ ᠶᠡᠭᠡ ᠲᠦᠯᠦᠭ ᠬᠤᠶᠠᠷ ᠠᠩᠬᠢᠯᠠᠵᠤ ᠪᠤᠯᠤᠨ᠎ᠠ᠃  ᠨᠢᠭᠡ ᠳᠤ᠄  ᠨᠢᠭᠡ  ᠳᠤ ᠠᠮᠢᠳᠦᠷᠠᠯ ᠤᠨ ᠭᠡᠷᠡᠭᠰᠡᠯ  ᠂ ᠡᠭᠦᠨ ᠳᠤ  ᠯᠢᠶᠠᠨᠩᠬᠸ᠎ᠠ ᠶᠢᠨ  ᠵᠢᠷᠤᠭᠳᠠᠢ  ᠬᠠᠭᠤᠷᠤᠭᠰᠠᠨ  ᠪᠤᠳᠠᠭ᠎ᠠ  ᠂ ᠰᠠᠭᠠᠯᠢ  ᠶᠢᠨ  ᠢᠳᠡᠭᠡᠨ  ᠬᠢᠳᠡᠭ  ᠱᠠᠭᠠᠵᠩ ᠬᠢᠴᠢᠳᠠᠢ ᠲᠦᠭᠦᠷᠢᠭ ᠫᠢᠯᠠ  ᠂ ᠱᠠᠭᠠᠵᠠᠩ ᠬᠢᠴᠢᠳᠠᠢ  ᠪᠤᠷᠬᠠᠨ   ᠤ ᠬᠦᠷᠦᠭ  ᠲᠠᠢ ᠠᠷᠢᠬᠢᠨ ᠤ ᠬᠤᠤ᠂  ᠨᠠᠷᠢᠯᠢᠭ ᠱᠠᠭᠠᠵᠩ ᠢᠶᠠᠷ ᠦᠢᠯᠡᠳᠦᠭᠰᠡᠨ  ᠬᠠᠭᠠᠰ  ᠭᠡᠷᠡᠯ ᠨᠡᠪᠳᠡᠷᠡᠬᠦ  ᠴᠠᠭᠠᠨ  ᠬᠤᠨᠳᠠᠭ᠎ᠠ  ᠂ ᠬᠤᠯᠤ ᠶᠢᠨ  ᠬᠡᠯᠪᠡᠷᠢᠳᠠᠢ  ᠰᠠᠭᠠᠵᠠᠩ  ᠰᠢᠶᠠᠩᠯᠤ  ᠂  ᠭᠠᠩ ᠤᠨ  ᠪᠦᠳᠦᠴᠨ ᠲᠠᠢ  ᠬᠤᠸᠠᠷ  ᠬᠠᠳᠬᠤᠬᠤ ᠳᠤ ᠭᠡᠷᠡᠭᠯᠡᠳᠡᠭ  ᠯᠤᠩᠬᠤ  ᠃ ᠡᠭᠦᠨ ᠳᠤ ᠪᠠᠰᠠ  ᠨᠦᠭᠦᠭᠡ ᠬᠡᠰᠡᠭ ᠭᠠᠵᠠᠷ ᠠᠴᠠ  ᠲᠠᠷᠢᠶᠠᠨ ᠳᠤ ᠭᠡᠷᠡᠭᠯᠡᠳᠡᠭ  ᠲᠠᠷᠢᠶᠠᠯᠠᠩ ᠤᠨ  ᠪᠠᠭᠠᠵᠢ  ᠂ ᠶᠡᠭᠡ ᠪᠠᠭ᠎ᠠ ᠬᠤᠶᠠᠷ ᠬᠡᠯᠪᠡᠷᠢ ᠶᠢᠨ  ᠠᠨᠵᠢᠰᠤ᠂  ᠠᠨᠵᠢᠰᠤᠨ ᠬᠤᠰᠢᠭᠤ ᠂  ᠰᠢᠷᠦᠢ  ᠬᠠᠭᠠᠯᠬᠤ  ᠪᠠᠭᠠᠵᠢ᠂  ᠬᠠᠳᠤᠭᠤᠷ  ᠵᠡᠷᠭᠡ . ᠪᠠᠶᠢᠪᠠ ᠡᠳᠡᠭᠡᠷ  ᠪᠤᠳᠠᠳᠤ  ᠪᠤᠳᠠᠰ   ᠨᠢ ᠲᠤᠬᠠᠢ ᠶᠢᠨ  ᠦᠶ᠎ᠡ ᠳᠤ ᠡᠨᠡᠬᠦ ᠭᠡᠰᠡᠭ ᠤᠷᠤᠨ ᠳᠤ  ᠲᠠᠷᠢᠶᠠᠯᠠᠬᠤ  ᠨᠡᠭᠦᠳᠡᠯ  ᠬᠠᠷᠢᠯᠴᠠᠨ ᠤᠶᠠᠯᠳᠤᠭᠰᠠᠨ  ᠠᠵᠤ ᠠᠬᠤᠢ ᠪᠠᠶᠢᠪᠠ ᠃  ᠪᠠᠭᠠᠵᠢ ᠬᠡᠷᠡᠭᠰᠡᠯ ᠨᠢ  ᠠᠷᠪᠠᠨ ᠲᠠᠪᠤᠳᠤᠭᠠᠷ ᠵᠠᠭᠤᠨ   ᠤ ᠤᠮᠠᠷᠠᠳᠤ ᠶᠤᠸᠠᠨ ᠤ  ᠦᠶ᠎ᠡ ᠶᠢᠨ  ᠡᠷᠳᠡᠮᠳᠤ ᠯᠠᠮᠠ ᠨᠠᠷ ᠤᠨ ᠭᠡᠷᠡᠭᠰᠡᠯ ᠮᠦᠨ᠂ ᠲᠠᠷᠢᠶᠠᠯᠠᠬᠤ ᠪᠠᠭᠠᠵᠢ ᠨᠢ  ᠴᠢᠩ ᠤᠯᠤᠰ ᠤᠨ   ᠰᠡᠭᠦᠯᠴᠢ ᠶᠢᠨ  ᠦᠶ᠎ᠡ ᠶᠢᠨ  ᠠᠳᠠᠷ ᠬᠠᠭᠠᠯᠪᠤᠷᠢᠯᠬᠤ  ᠦᠶᠡᠰ ᠴᠢᠳᠬᠤᠭᠰᠠᠨ  ᠵᠦᠢᠯ᠃ 500 ᠵᠢᠯ ᠬᠤᠷᠭᠤ ᠢᠨᠴᠡᠳᠬᠦ ᠵᠠᠭᠤᠷ᠎ᠠ ᠦᠩᠭᠡᠷᠡᠨ ᠤᠳᠪᠠ᠃  ᠤᠳᠤᠬᠠᠨ ᠤ ᠬᠠᠳᠠᠨ ᠤᠰᠤ  ᠠᠭᠤᠯᠠ  ᠬᠦᠮᠦᠨ   ᠰᠤᠶᠤᠯ ᠰᠤᠯᠢᠪᠠ᠃  ᠤᠤᠯ ᠤᠨ ᠹᠠᠨ ᠿᠦᠩ ᠰᠢᠶᠠᠩ   ᠤᠨ  ᠨᠠᠮ ᠤᠨ  ᠬᠤᠷᠢᠶ᠎ᠠ ᠵᠠᠰᠠᠭ ᠤᠨ  ᠤᠷᠳᠤᠨ   ᠤ  ᠡᠯ᠎ᠡ ᠦᠨᠳᠤᠰᠤᠳᠡᠨ  ᠠᠷᠠᠳ ᠲᠦᠮᠡᠨ ᠢ  ᠲᠠᠶᠢᠴᠢᠯᠠᠨ  ᠶᠡᠭᠡ ᠬᠡᠮᠵᠢᠶᠡᠨ ᠤ ᠦᠷᠭᠦᠯᠵᠢᠯᠡᠭᠰᠡᠨ   ᠵᠠᠰᠠᠯᠭ᠎ᠠ ᠪᠠᠷ   ᠲᠦᠮᠡᠨ ᠮᠤ᠋   ᠠᠮᠢ ᠠᠬᠤᠢ ᠶᠢᠨ  ᠠᠵᠤ  ᠠᠬᠤᠢ ᠶᠢᠨ  ᠬᠦᠷᠢᠶ᠎ᠡ  ᠪᠦᠷᠢᠯᠳᠤᠵᠤ  ᠠᠭᠤᠯᠠᠨ ᠤ ᠲᠦᠷᠪᠡᠨ ᠲᠠᠯ᠎ᠠ ᠪᠠᠷ ᠨᠢ  ︽ ᠤᠳᠠᠨ ᠮᠤᠳᠤ  ᠠᠭᠤᠯᠠᠨ ᠶᠢ ᠪᠦᠷᠭᠦᠵᠤ᠂  ᠬᠠᠷᠭᠠᠨ᠎ᠠ ᠶᠢᠨ  ᠮᠤᠳᠤ ᠨᠢ  ᠬᠠᠯᠢᠶᠠᠷᠠᠭᠰᠠᠨ᠂  ᠱᠠᠳᠤᠨ ᠲᠠᠷᠢᠶ᠎ᠠ  ᠦᠷᠭᠦᠯᠵᠢᠯᠡᠵᠤ  ᠂  ᠪᠤᠭᠤᠳᠠᠢ ᠶᠢᠨ  ᠲᠤᠯᠬᠢᠶ᠎ᠠ ᠬᠠᠯᠢᠭᠤᠷᠠᠭᠰᠠᠨ᠂ ᠤᠢ ᠶᠢᠨ  ᠮᠤᠳᠤᠳ ᠰᠦᠯᠵᠢᠶ᠋ᠷᠡᠨ  ᠂  ᠤᠷᠤᠰᠬᠠᠯ ᠤᠰᠤᠨ ᠲᠤᠨᠤᠯᠵᠠᠭᠰᠠᠨ  ᠂ ᠦᠭᠡᠷ ᠮᠠᠯ  ᠮᠦᠭᠡᠷᠳᠯᠳᠤᠨ  ᠂  ᠦᠷᠯᠦᠭᠡ  ᠶᠢᠨ  ᠪᠤᠯᠵᠤᠮᠤᠷ  ᠱᠤᠯᠤᠭᠠᠨᠠᠭᠰᠠᠨ  ︾ ᠰᠠᠶᠢᠬᠠᠨ ᠪᠠᠶᠢᠳᠠᠯ  ᠪᠤᠢ ᠪᠤᠯᠵᠠᠢ᠃  ᠲᠤᠬᠠᠢ   ᠦᠶ᠎ᠡ ᠶᠢᠨ  ︽ᠠᠷᠪᠠᠨ ᠭᠤᠷᠪᠠᠨ ᠡᠵᠡᠨ  ︾ ᠰᠠᠨᠠᠵᠤ ᠤᠯᠤᠭᠰᠠᠨ ᠦᠦ
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备07002090号