| ᠯᠢᠶᠤᠤ ᠤᠯᠤᠰ ᠤᠨ ᠡᠯᠪᠡᠷᠢᠯᠳᠤ ᠠᠮᠤᠭᠤᠯᠠᠩ ᠰᠢᠶᠠᠨ ᠤ ᠬᠤᠳᠠ ᠶᠢᠨ ᠪᠠᠭᠤᠷᠠᠢ ᠨᠢ ᠤᠳᠤᠬᠠᠨ ᠤ | ᠯᠢᠨᠰᠢ ᠰᠢᠶᠠᠨ ᠤ ᠰᠢᠨ ᠯᠢᠨ ᠵᠧᠨ ᠪᠠᠯᠭᠠᠰᠤ ᠶᠢᠨ ᠪᠤᠭᠤᠳᠤ ᠠᠭᠤᠯᠠ ︵ᠯᠤ᠋ ᠱᠠᠨ ︶ ᠤ ᠰᠧ ᠹᠠᠩ ᠴᠧᠩ ︵ | ᠲᠦᠷᠪᠡᠯᠵᠢᠨ ᠬᠤᠳᠠ ︶ ᠲᠤᠰᠬᠤᠨ ᠤ ᠪᠠᠷᠠᠭᠤᠨ ᠲᠠᠯ᠎ᠠ ᠳᠤ ᠪᠠᠶᠢᠷᠢᠯᠠᠵᠤ ᠡᠮᠦᠨᠡᠰᠢ ᠤᠮᠠᠷᠠᠰᠢ ᠤᠷᠳᠤ ᠨᠢ | 400 ᠮᠧᠲᠷ ᠂ ᠵᠡᠭᠦᠨ ᠠᠴᠠ ᠪᠠᠷᠠᠭᠤᠨᠰᠢ ᠦᠷᠭᠡᠨ ᠨᠢ ᠨᠢ 400 ᠮᠧᠲᠷ ᠂ ᠲᠠᠯᠠᠪᠠᠢ ᠨᠢ 1600 | ᠲᠦᠷᠪᠡᠯᠵᠢᠨ ᠮᠧᠲᠷ ᠃ ᠡᠨᠡᠬᠦ ︽ᠲᠦᠷᠪᠡᠯᠵᠢᠨ ᠬᠤᠳᠠ ︾ ᠨᠢ ᠯᠢᠶᠤᠤ ᠤᠯᠤᠰ ᠤᠨ ᠴᠢᠩᠵᠧᠦ ᠰᠢᠦᠸᠠᠨ | ᠨᠢᠩ ᠤᠨ ᠵᠢᠶᠦ᠋ᠨ ᠳᠤ ᠵᠠᠬᠢᠷᠤᠭᠳᠠᠵᠤ ᠪᠠᠶᠢᠵᠠᠢ᠃ ᠯᠢᠶᠤᠤ ᠤᠯᠤᠰ ᠤᠨ ᠱᠢᠩᠽᠦ᠋ᠩ ᠶᠧᠯᠢᠦᠢ ᠽᠥᠩ | ᠵᠧᠨ ᠵᠢᠩ ᠹᠦ᠋ ᠶᠢᠨ ᠲᠡᠷᠢᠭᠦᠨ ᠤᠨ ︵1091︶ ᠤᠨ ᠳᠤ ᠰᠢᠶᠤᠤ ᠠᠨ ᠰᠢᠶᠠᠨ ᠢ ᠪᠠᠶᠢᠭᠤᠯᠵᠤ | ᠰᠢᠩᠽᠦ᠋ᠩ ᠤᠨ ᠰᠢᠩ ᠱᠧᠩ ᠭᠦᠩ ᠳᠤ ᠬᠠᠮᠢᠶᠠᠷᠤᠭᠳᠠᠵᠤ ᠂ ᠵᠢᠷᠭᠤᠭᠠᠨ ᠮᠢᠩᠭᠠᠨ ᠡᠷᠦᠭᠡ ᠲᠠᠢ᠃ ᠯᠢᠶᠤᠤ | ᠤᠯᠤᠰ ᠮᠦᠬᠦᠵᠤ ᠠᠯᠳᠠᠨ ᠤᠯᠤᠰ ᠪᠠᠳᠠᠷᠠᠬᠤ ᠦᠶᠡᠰ ᠲᠦᠢᠮᠡᠷ ᠲᠤ ᠰᠢᠳᠠᠭᠳᠠᠨ ᠡᠪᠳᠡᠷᠬᠡᠢ ᠬᠤᠳᠠ ᠪᠤᠯᠵᠤ ᠂ | ᠮᠢᠩ ᠤᠯᠤᠰ ᠤᠨ ᠦᠶ᠎ᠡ ᠳᠤ ᠤᠮᠠᠷᠠᠳᠤ ᠶᠤᠸᠠᠨ ᠳᠤ ᠬᠠᠷᠢᠶᠠᠯᠠᠭᠳᠠᠵᠤ᠂ ᠴᠢᠩ ᠤᠯᠤᠰ ᠤᠨ ᠦᠶ᠎ᠡ ᠳᠤ | ᠪᠠᠭᠠᠷᠢᠨ ᠵᠡᠭᠦᠨ ᠭᠠᠷᠤᠨ ᠬᠤᠰᠢᠭᠤᠨ ᠳᠤ ︵ᠪᠠᠭ᠎ᠠ ᠪᠠᠭᠠᠷᠢᠨ ︶ ᠳᠤ ᠬᠠᠷᠢᠶᠠᠯᠠᠭᠳᠠᠵᠤ ᠂ ᠠᠳᠠᠷ | ᠬᠠᠭᠠᠯᠪᠤᠷᠢᠯᠠᠭᠰᠠᠨ ᠤ ᠲᠠᠷᠠᠭ᠎ᠠ 1908 ᠤᠨ ᠳᠤ ᠯᠢᠨᠰᠢ ᠰᠢᠶᠠᠨ ᠤ ᠬᠤᠶᠢᠳᠤ ᠬᠢᠵᠠᠭᠠᠷ ᠲᠤ ᠬᠠᠷᠢᠶᠠᠯᠠᠭᠳᠠᠵᠤ | ᠃ ᠯᠢᠦᠢ ᠤᠪᠤᠭᠳᠤ ᠶᠢᠨ ᠶᠡᠭᠡ ᠬᠦᠷᠢᠶ᠎ᠡ ᠶᠢᠨ ᠵᠢᠷᠭᠤᠭᠠᠨ ᠦᠪᠦᠩ ᠤᠨ ᠲᠤᠯᠤᠭᠠᠢ ᠶᠢᠨ ᠨᠢᠭᠡᠨ ᠪᠤᠯᠵᠠᠢ᠃ | | ᠠᠳᠠᠷ ᠬᠠᠭᠠᠯᠪᠤᠷᠢᠯᠠᠭᠰᠠᠨ ᠤ ᠲᠠᠷᠠᠭ᠎ᠠ ᠬᠤᠳᠠ ᠶᠢᠨ ᠲᠤᠳᠤᠷᠠᠬᠢ ᠪᠠᠷᠢᠯᠭ᠎ᠠ ᠨᠢ ᠡᠪᠳᠡᠭᠳᠡᠵᠦ ᠂ ᠲᠠᠷᠢᠶᠠᠴᠢᠨ | ᠲᠠᠷᠢᠶ᠎ᠠ ᠲᠠᠷᠢᠬᠤ ᠲᠤᠮᠳᠠ ᠪᠠᠨ ᠸᠠᠭᠠᠷ ᠲᠤᠭᠤᠰᠬ᠎ᠠ ᠢᠯᠡᠷᠡᠭᠦᠯᠦᠭᠰᠡᠨ ᠠᠴᠠ ᠭᠠᠳᠠᠨ᠎ᠠ ᠡᠯ᠎ᠡ ᠬᠦᠷᠦᠨ ᠤ | ᠭᠡᠷᠡᠭᠯᠡᠵᠦ ᠪᠠᠶᠢᠭᠰᠠᠨ ᠵᠤᠭᠤᠰ ᠢ ᠢᠯᠡᠷᠡᠭᠦᠯᠵᠠᠢ᠂ ᠲᠡᠭᠦᠨ ᠳᠤ ᠴᠢᠨ ᠬᠠᠨ ᠤᠯᠤᠰ ᠠᠴᠠ ᠡᠮᠦᠨᠡᠬᠢ ᠬᠢᠳᠤᠭᠠᠨ | ᠵᠤᠭᠤᠰ᠂ ᠲᠦᠷᠦᠭᠡᠨ ᠵᠤᠭᠤᠰ ᠠᠴᠠ ᠭᠠᠳᠠᠨ᠎ᠠ ᠪᠠᠰᠠ ᠵᠧᠨ ᠭᠤᠸᠠᠨ ᠤ ᠦᠶ᠎ᠡ ᠶᠢᠨ ︵ᠲᠠᠩ ᠲᠠᠶᠢᠽᠦ᠋ᠩ | ᠯᠢ ᠰᠢ ᠮᠢᠨ ︶ ᠂ ᠺᠠᠢ ᠶᠤᠸᠠᠨ ︵ᠲᠠᠩ ᠰᠢᠦᠸᠠᠨᠽᠦ᠋ᠩ ᠯᠢ ᠯᠦᠩ ᠵᠢᠢ ︶᠂ ᠱᠧᠨ ᠭᠦᠩ ︵ᠡᠦ ᠽᠧ | ᠲᠢᠶᠠᠨ ︶ ᠂ ᠵᠧᠨ ᠶᠤᠸᠠᠨ ︵ᠲᠠᠩ ᠳ᠋ᠧᠽᠦ᠋ᠩ ᠯᠢ ᠱᠢ ︶᠂ ᠲᠠᠢ ᠫᠢᠩ ︵ᠭᠤᠷᠪᠠᠨ ᠤᠯᠤᠰ ᠤᠨ ᠦᠶ᠎ᠡ | ᠶᠢᠨ ᠡᠦ ᠤᠯᠤᠰ ᠤᠨ ᠺᠤᠸᠠᠢ ᠵᠢᠢ ᠸᠠᠩ ᠰᠦᠨ ᠾᠸᠦ ︶᠂ ᠹᠦ᠋ ᠴᠠᠩ ︵ᠰᠥᠩ ᠯᠢᠦ ᠢᠦᠢ ︶ | ᠴᠦᠨ ᠬᠤᠸᠠ ︵ᠤᠮᠠᠷᠠᠳᠤ ᠰᠦᠩ ᠲᠠᠶᠢᠽᠦ᠋ᠩ ᠵᠤᠤ ᠯᠢᠩ ︶ ᠂ ᠵᠧᠨ ᠶᠢᠦ ︵ ᠲᠠᠢ ᠴᠠᠩ ᠾᠧ — | ᠵᠧᠩ ᠷᠧᠨ ᠸᠧᠨ ︶ ᠂ ᠱᠧᠨ ᠽᠧ ︵ᠯᠢᠶᠤᠤ ᠤᠯᠤᠰ ᠤᠨ ᠲᠠᠶᠢᠽᠦ ᠬᠠᠭᠠᠨ ᠶᠧ ᠯᠢᠦᠢ ᠠᠪᠤᠤᠵᠠᠢ ︶ | ᠂ ᠲᠢᠶᠠᠨ ᠰᠢᠶᠠᠨ ︵ᠯᠢᠶᠤᠤ ᠲᠠᠶᠢᠽᠦ᠋ᠩ ᠶᠧ ᠯᠢᠦᠢ ᠳ᠋ᠧ ᠭᠤᠸᠠᠩ︶ ᠶᠢᠩ ᠯᠢ ︵ᠯᠢᠶᠤᠤ ᠮᠦᠽᠦ᠋ᠩ ᠶᠧ | ᠯᠢᠦᠢ ᠵᠢᠩ ︶ ᠂ ᠲᠠᠢ ᠫᠢᠩ ︵ ᠯᠢᠶᠤᠤ ᠱᠧᠩᠽᠦ ᠶᠧ ᠯᠢᠦᠢ ᠯᠥᠩ ᠱᠢᠦᠢ ︶ ᠂ ᠴᠦᠩ ᠱᠢ ︵ ᠯᠢᠶᠤᠤ | ᠰᠢᠩᠽᠦ᠋ᠩ ᠶᠧ ᠯᠢᠦᠢ ᠽᠥᠩ ᠵᠧᠨ ︶ ᠂ ᠰᠢᠶᠠᠨ ᠶᠦᠩ ︵ᠯᠢᠶᠤᠤ ᠳ᠋ᠤᠤᠽᠦ᠋ᠩ ᠶᠧ ᠯᠢᠦᠢ ᠾᠦᠩ | ᠵᠢᠢ ᠵᠡᠷᠭᠡ ᠤᠨ ᠤ ᠵᠤᠭᠤᠰ ᠢᠯᠡᠷᠡᠵᠤ ᠪᠦᠬᠦᠳᠡ ᠪᠠᠷ ᠢᠶᠠᠨ ᠲᠤᠮᠳᠠ ᠪᠠᠨ ᠲᠦᠷᠪᠡᠯᠵᠢᠨ ᠨᠦᠭᠡ ᠲᠠᠢ ᠭᠠᠤᠯᠢᠨ | ᠵᠤᠭᠤᠰ ᠪᠠᠶᠢᠪᠠ᠃ | ᠡᠨᠡᠬᠦ ᠰᠢᠶᠤᠤ ᠠᠨ ᠬᠤᠳᠠ ᠨᠢ ᠯᠢᠶᠤᠤ ᠤᠯᠤᠰ ᠤᠨ ᠡᠵᠨᠨ ᠯᠢᠨ ᠬᠤᠸᠠᠩ ᠹᠦ᠋ ᠠᠴᠠ ᠯᠢᠶᠠᠩ ᠳ᠋ᠢᠶᠠᠨ | ︵ᠤᠳᠤᠬᠠᠨ ᠤ ᠪᠠᠷᠠᠭᠤᠨ ᠦᠵᠦᠮᠦᠴᠢᠨ ᠬᠤᠰᠢᠭᠤᠨ ᠤ ᠪᠠᠯᠭᠠᠷ ᠭᠤᠤᠯ ᠤᠨ ᠬᠦᠨᠳᠡᠢ ︶ ᠬᠦᠷᠴᠦ ᠵᠤᠰᠠᠬᠤ | ᠳᠠᠭᠠᠨ ᠡᠷᠭᠡᠪᠰᠢ ᠪᠠᠭᠤᠳᠠᠯᠯᠠᠬᠤ ᠭᠠᠵᠠᠷ ᠮᠦᠨ᠃ ᠲᠡᠦᠭᠡᠨ ᠳᠤ ︽ᠡᠪᠡᠰᠦ ᠤᠷᠭᠤᠮᠠᠯ ᠵᠤᠵᠠᠭᠠᠨ ︾ ᠭᠡᠵᠦ | ᠲᠡᠮᠳᠡᠭᠯᠡᠵᠠᠢ᠃ ᠤᠨ ᠲᠤᠭᠠᠯᠠᠯ ᠤᠨ 1033 ᠤᠨ ᠤ ᠵᠤᠨ ᠤ ᠲᠦᠷᠪᠡᠨ ᠰᠠᠷ᠎ᠠ ᠶᠢᠨ ᠬᠦᠭᠡ ᠪᠠᠷᠰ ᠡᠳᠦᠷ | ᠯᠢᠶᠤᠤ ᠰᠢᠩᠽᠦ᠋ᠩ ᠶᠧ ᠯᠢᠦᠢ ᠽᠥᠩ ᠵᠧᠨ ᠯᠢᠶᠠᠩ ᠳ᠋ᠢᠩ ᠵᠦᠭ ᠵᠠᠯᠠᠷᠠᠬᠤ ᠳᠠᠭᠠᠨ ᠰᠢᠶᠤᠤ ᠠᠨ ᠰᠢᠶᠠᠨ ᠤ | ᠬᠤᠳᠠ ᠳᠤ ᠪᠠᠭᠤᠳᠠᠯᠯᠠᠵᠠᠢ᠃ 1058 ᠤᠨ ᠤ ᠵᠢᠷᠭᠤᠭᠠᠨ ᠰᠠᠷ᠎ᠠ ᠳᠤ ᠯᠢᠶᠤᠤ ᠳ᠋ᠤᠤᠽᠦ᠋ᠩ ᠶᠧ ᠯᠢᠦᠢ | ᠾᠦᠩ ᠵᠢᠢ ᠲᠦᠪ ᠡᠷᠭᠡᠳᠤ ᠲᠠᠯ᠎ᠠ ︵ᠵᠦᠩ ᠾᠦᠢ ᠴᠤᠸᠠᠨ —— ᠤᠳᠤᠬᠠᠨ ᠤ ᠲᠠᠪᠢᠨᠭᠡᠷ ᠠᠴᠠ | ᠵᠢᠦ ᠯᠢᠶᠠᠨ ᠵᠤᠸᠠᠩ ᠬᠦᠷᠬᠦ ᠴᠠᠭᠠᠨᠮᠦ᠋ᠷᠡᠨ ᠤ ᠬᠦᠨᠳᠡᠢ ᠲᠠᠯ᠎ᠠ ︶ ᠦᠩᠭᠡᠷᠡᠵᠦ ᠰᠢᠶᠤᠤ ᠠᠨ ᠰᠢᠶᠠᠨ ᠤ | ᠬᠤᠳᠠ ᠳᠤ ᠭᠡᠷᠡᠯᠳᠤᠭᠦᠯᠦᠨ ᠪᠠᠭᠤᠵᠠᠢ᠃ 1063 ᠤᠨ ᠤ ᠵᠢᠷᠭᠤᠭᠠᠨ ᠰᠠᠷ᠎ᠠ ᠶᠢᠨ ᠰᠢᠷᠠᠭᠴᠢᠨ ᠬᠤᠨᠢᠨ | ᠡᠳᠦᠷ ᠂ ᠳ᠋ᠤᠤᠽᠦ᠋ᠩ ᠤᠰᠤᠨ ᠲᠦᠷᠦᠭᠦᠦ ︵ᠤᠳᠤᠬᠠᠨ ᠤ ᠬᠡᠰᠢᠭᠳᠡᠨ ᠬᠤᠰᠢᠭᠤᠨ ᠤ ᠰᠢᠷᠠᠮᠦ᠋ᠷᠡᠨ ᠭᠤᠤᠯ | ᠤᠨ ᠡᠬᠢ ᠪᠠᠶᠢᠴᠠ ᠠᠭᠤᠯᠠ ︶ ᠬᠦᠷᠬᠦ ᠦᠶᠡᠰ ᠰᠢᠶᠤᠤ ᠠᠨ ᠰᠢᠶᠠᠨ ᠤ ᠬᠤᠳᠠ ᠪᠠᠷ ᠦᠩᠭᠡᠷᠡᠨ ᠭᠠᠷᠴᠦ | ᠂ ᠴᠠᠭᠠᠨ ᠪᠡᠴᠢᠨ ᠡᠳᠦᠷ ᠯᠢᠶᠤᠤ ᠤᠯᠤᠰ ᠤᠨ ᠰᠢᠩ ᠭᠦᠸᠧ ᠵᠢᠶᠧ ᠳ᠋ᠦ᠋ ᠰᠢ ᠷᠦᠩᠭᠧ ᠨᠠᠨ ᠶᠤᠸᠠᠨ ᠳ᠋ᠠ | ᠸᠠᠩ ᠡᠷᠭᠦᠮᠵᠢᠯᠡᠵᠤ ᠵᠡᠭᠦᠨ ᠬᠢᠵᠠᠭᠠᠷ ᠤᠨ ᠯᠢ ᠪᠢ ᠰᠢ ᠶᠧ ᠯᠢᠦᠢ ᠲᠤ ᠨᠠᠢ ᠶᠢ ᠢ ᠯᠢ ᠪᠢ | ᠡᠷᠭᠦᠮᠵᠢᠯᠡᠵᠠᠢ᠃ | ᠠᠯᠳᠠᠨ ᠂ ᠶᠤᠸᠠᠨ ᠤ ᠦᠶᠡᠰ ᠮᠦᠨ ᠯᠡ ︽ ᠡᠪᠡᠰᠦ ᠤᠯᠠᠳᠠᠢ ︾ ᠭᠠᠵᠠᠷ ᠪᠠᠶᠢᠵᠤ ᠂ ᠴᠢᠩ | ᠤᠯᠤᠰ ᠤᠨ ᠦᠶ᠎ᠡ ᠳᠤ ᠪᠠᠭᠠᠷᠢᠨ ᠵᠡᠭᠦᠨ ᠭᠠᠷᠤᠨ ᠬᠤᠰᠢᠭᠤᠨ ᠤ ᠮᠤᠩᠭᠤᠯᠴᠤᠳ ᠤᠨ ᠨᠡᠭᠦᠳᠡᠯ ᠮᠠᠯᠵᠢᠯ ᠤᠨ | ᠤᠷᠤᠨ ᠪᠠᠶᠢᠵᠤ᠂ ᠠᠳᠠᠷ ᠬᠠᠭᠠᠯᠪᠤᠷᠢᠯᠠᠭᠰᠠᠨ ᠤ ᠲᠠᠷᠠᠭ᠎ᠠ ᠤᠢ ᠮᠤᠳᠤ ᠶᠢ ᠶᠡᠬᠡᠪᠡᠷ ᠤᠭᠳᠤᠯᠵᠤ ᠂ ᠬᠡᠳᠦ | ᠬᠠᠭᠠᠯᠪᠤᠷᠢᠯᠠᠭᠰᠠᠨ ᠠᠴᠠ ᠠᠮᠢ ᠠᠬᠤᠢ ᠲᠡᠩᠴᠡᠭᠦᠷᠢ ᠪᠠᠨ ᠠᠯᠳᠠᠨ ᠂1947 ᠤᠨ ᠪᠤᠯᠬᠤ ᠳᠤ ᠵᠦᠪᠭᠡᠨ | ᠲᠦᠷᠪᠡᠨ ᠡᠷᠳᠡᠨ ᠤ ᠤᠯᠢᠶᠠᠰᠤ ᠦᠯᠡᠳᠡᠵᠤ ︽ᠬᠤᠵᠢᠭᠡᠷ ᠠᠭᠤᠯᠠ ᠬᠤᠪᠬᠠᠢ ᠲᠠᠯ᠎ᠠ ︾ ᠲᠠᠢ ᠭᠠᠮᠰᠢᠭ ᠲᠤ | ᠲᠠᠷᠤᠭᠳᠠᠭᠰᠠᠨ ᠤᠷᠴᠢᠨ ᠲᠤᠭᠤᠷᠢᠨ ᠪᠤᠯᠵᠠᠢ᠃ 1960 ᠤᠨ ᠳᠤ ᠯᠢᠨᠰᠢ ᠰᠢᠶᠠᠨ ᠤ ᠨᠠᠮ ᠂ ᠵᠠᠰᠠᠭ ᠨᠢ | ᠮᠤᠳᠤ ᠲᠠᠷᠢᠬᠤ ᠬᠦᠳᠡᠯᠭᠡᠭᠡᠨ ᠢ ᠶᠡᠭᠡᠪᠡᠷ ᠦᠷᠨᠢᠭᠦᠯᠵᠤ ᠂ ᠯᠤ᠋ ᠱᠠᠨ ᠤ ᠶᠡᠭᠡ ᠪᠠᠷᠢᠭᠠᠳᠠ ᠶᠢᠨ ᠨᠠᠮ ᠤᠨ ᠡᠭᠦᠷ | ᠤᠨ ᠱᠦᠵᠢ ᠳ᠋ᠧᠦ ᠵᠧᠨ ᠾᠧ ᠶᠢᠨ ᠲᠠᠭᠠᠭᠤᠯᠭ᠎ᠠ ᠲᠤᠤᠷ᠎ᠠ 10 ᠵᠢᠯ ᠤᠨ ᠬᠤᠭᠤᠴᠠᠭᠠᠨ ᠳᠤ 2 ᠲᠦᠮᠡᠨ ᠮᠤ᠋ | ᠮᠤᠳᠤ ᠲᠠᠷᠢᠵᠤ ᠠᠮᠢ ᠠᠬᠤᠢ ᠠᠭᠠᠵᠢᠮ ᠢᠶᠠᠷ ᠰᠠᠶᠢᠵᠢᠷᠠᠵᠤ ᠳ᠋ᠠᠵᠠᠢ ᠠᠴᠠ ᠰᠤᠷᠤᠯᠴᠠᠭᠰᠠᠨ ᠬᠡᠪ ᠰᠢᠨᠵᠢᠳᠦ | ᠪᠠᠶᠢᠭᠤᠯᠭ᠎ᠠ ᠪᠤᠯᠵᠠᠢ᠃ | | |