ᠶᠡᠭᠡ ᠾᠦᠩᠨᠣ ᠭᠦᠷᠦᠨ ᠪᠣᠯᠣᠨ ᠮᠣᠩᠭᠤᠯ ᠬᠠᠭᠠᠨᠲᠣ  ᠣᠯᠣᠰ
ᠨᠡᠶᠢᠲᠡᠯᠡᠭᠰᠡᠨ ᠴᠠᠭ᠄
2020-07-07
             ︵ᠲᠣᠪᠴᠢ ᠠᠭᠤᠯᠭ᠎ᠠ︶          ᠮᠣᠩᠭᠤᠯ ᠤᠨ ᠦᠨᠳᠦᠷᠯᠢᠭ ᠲᠤ ᠴᠠᠭ ᠦᠶ᠎ᠡ ᠶᠢ ᠡᠵᠡᠷᠬᠡᠨ᠂ ᠬᠦᠴᠦᠷᠬᠡᠭ ᠭᠦᠷᠦᠨ ᠢ ᠪᠠᠶᠢᠭᠤᠯᠵᠣ᠂ ᠪᠠᠷᠭᠤᠨᠰᠢ ᠧᠦᠷᠦᠫᠡ᠂ ᠵᠡᠭᠦᠨᠰᠢ ᠬᠢᠩᠭᠠᠨ ᠳᠠᠪᠠᠭ᠎ᠠ᠂ ᠡᠮᠦᠨᠡᠰᠢ ᠴᠢᠨ ᠤ ᠴᠠᠭᠠᠨ ᠬᠡᠷᠡᠮ᠂ ᠣᠮᠠᠷᠠᠰᠢ ᠪᠠᠶᠢᠭᠠᠯ ᠳᠠᠯᠠᠢ ᠲᠣᠯᠣᠭᠰᠠᠨ ᠮᠣᠨᠳᠠᠭ ᠶᠡᠭᠡ ᠭᠠᠵᠠᠷ ᠨᠣᠲᠤᠭ ᠢ ᠡᠵᠡᠮᠳᠡᠵᠣ᠂ ᠡᠮᠦᠨᠡᠰᠢ ᠬᠠᠨ ᠣᠯᠣᠰ ᠤᠨ ᠲᠦᠷᠦ ᠶᠢ ᠭᠤᠶᠢᠪᠠᠯᠵᠠᠭᠤᠯᠵᠣ᠂ ᠪᠠᠷᠭᠤᠨᠰᠢ ᠷᠣᠮ ᠬᠠᠭᠠᠨᠲᠣ ᠣᠯᠣᠰ ᠤᠨ ᠰᠠᠭᠤᠷᠢ ᠶᠢ ᠳᠠᠶᠢᠪᠠᠯᠵᠠᠭᠤᠯᠣᠭᠰᠠᠨ ᠶᠡᠭᠡ ᠾᠦᠩᠨᠣ ᠭᠦᠷᠦᠨ ᠨᠢ ᠳᠡᠯᠡᠬᠡᠢ ᠶᠢᠨ ᠲᠡᠣᠬᠡᠨ ᠳᠤ ᠲᠠᠷᠢᠶᠠᠯᠠᠩ ᠤᠨ ᠪᠣᠯᠪᠠᠰᠣᠨ ᠢᠶᠠᠷ ᠬᠢᠲᠠᠳ ᠤᠨ ᠬᠠᠨ ᠣᠯᠣᠰ᠂ ᠬᠤᠲᠠ  ᠶᠢᠨ ᠪᠣᠯᠪᠠᠰᠣᠨ ᠢᠶᠠᠷ ᠷᠣᠮ ᠣᠯᠣᠰ᠂ ᠲᠠᠯ᠎ᠠ ᠨᠣᠲᠤᠭ ᠤᠨ ᠨᠡᠭᠦᠳᠡᠯ ᠤᠨ ᠪᠣᠯᠪᠠᠰᠣᠨ ᠢᠶᠠᠷ ᠾᠦᠩᠨᠣ ᠣᠯᠣᠰ ᠬᠡᠮᠡᠵᠣ ᠳᠡᠯᠡᠬᠡᠢ ᠶᠢᠨ ᠭᠤᠷᠪᠠᠨ ᠪᠣᠯᠪᠠᠰᠣᠨ ᠤ ᠭᠤᠷᠪᠠᠨ ᠭᠦᠯᠢᠰ ᠤᠨ ᠬᠦᠯ ᠮᠡᠲᠣ ᠭᠡᠳᠡᠰᠬᠢᠨ ᠵᠣᠭᠰᠣᠭᠰᠠᠨ ᠪᠢᠯᠡ᠃ ᠨᠣᠲᠤᠭ ᠳᠡᠪᠢᠰᠬᠡᠷ ᠨᠢ ᠬᠠᠨ ᠣᠯᠣᠰ ᠤᠨ ᠭᠤᠷᠪᠠᠨ ᠳᠠᠬᠢᠨ ᠠᠴᠠ ᠪᠠᠰᠠ ᠶᠡᠭᠡ᠂ ᠴᠡᠷᠢᠭ ᠤᠨ ᠬᠦᠴᠦᠨ ᠢᠶᠠᠷ ᠬᠤᠷᠸ᠎ᠠ ᠳᠤ ᠬᠤᠣᠰ ᠦᠭᠡᠢ ᠪᠠᠶᠢᠵᠣ ᠪᠢᠯᠡ᠃ ᠠᠷᠣ ᠭᠠᠵᠠᠷ ᠮᠣᠩᠭᠤᠯ ᠤᠨ ᠦᠨᠳᠦᠷᠯᠢᠭ ᠲᠤ ᠲᠦᠷᠦᠵᠣ ᠦᠰᠦᠭᠰᠡᠨ ᠤ ᠬᠤᠪᠢ ᠳ᠋᠊ ᠶᠡᠭᠡ ᠾᠦᠩᠨᠣ ᠬᠦᠷᠦᠨ ᠤ ᠬᠤᠪᠢ ᠵᠠᠶᠠᠭ᠎ᠠ ᠶᠢ ᠳᠠᠭᠠᠵᠣ ᠢᠨᠢᠶᠡᠵᠣ ᠭᠤᠨᠢᠵᠣ ᠦᠵᠡᠯ᠎ᠡ᠃ ᠡᠷᠭᠢᠴᠡᠭᠦᠯᠦᠨ ᠪᠣᠳᠣᠬᠤᠶ᠎ᠠ ᠮᠣᠩᠭᠤᠯ ᠬᠠᠭᠠᠨᠲᠣ ᠣᠯᠣᠰ ᠤᠨ ᠮᠢᠨᠢ ᠬᠤᠪᠢ ᠵᠠᠶᠠᠭ᠎ᠠ ᠲᠠᠢ ᠶᠠᠭᠠᠬᠢᠭᠰᠠᠨ ᠠᠳᠠᠯᠢᠪᠲᠣᠷ ᠪᠣᠢ  ᠃ ᠡᠨᠡᠬᠦ ᠦᠨᠳᠦᠰᠦᠲᠡᠨ ᠠᠴᠠ ᠲᠣᠬᠠᠢ ᠶᠢᠨ ᠴᠠᠭ ᠲᠤ ᠴᠢᠩᠭᠢᠰ ᠬᠠᠭᠠᠨ ᠮᠡᠲᠦ ᠶᠢᠨ ᠪᠠᠭᠠᠲᠣᠷ — ᠮᠦᠳᠦ᠋ ᠴᠠᠨ ᠢᠣᠢ ᠭᠠᠷᠴᠣ ᠣᠯᠣᠰ ᠠᠨᠣ ᠶᠡᠪᠡᠷ ᠬᠦᠭᠵᠢᠵᠣ ᠴᠡᠷᠢᠭ ᠤᠨ ᠬᠦᠴᠦᠨ ᠢᠶᠠᠷ ᠡᠮᠦᠨᠡᠰᠢ ᠬᠠᠨ ᠣᠯᠣᠰ ᠤᠨ ᠯᠢᠣ ᠪᠠᠩ ᠤᠨ ᠭᠤᠴᠢᠨ ᠲᠦᠮᠡᠨ ᠴᠡᠷᠢᠭ ᠢ ᠪᠠᠢ ᠳ᠋ᠧᠩ ᠤᠨ ᠭᠠᠵᠠᠷ ᠪᠦᠰᠡᠯᠡᠨ ᠮᠣᠭᠤᠭᠠᠵᠣ ᠬᠡᠷ᠎ᠡ ᠳᠣᠭᠲᠠᠭᠠᠨ ᠳᠡᠭᠦᠦᠴᠢᠯᠡᠨ ᠪᠡᠯᠡᠭ ᠪᠠᠷᠢᠭᠤᠯᠵᠣ᠂ ᠪᠠᠷᠭᠤᠨᠰᠢ ᠰᠠᠷᠳᠠᠭᠤᠯ ᠢ ᠳᠠᠶᠢᠯᠠᠨ ᠳᠠᠭᠠᠭᠤᠯᠵᠣ᠂ ᠵᠡᠭᠦᠨᠰᠢ ᠰᠢᠪᠡᠭᠡ ᠮᠣᠩᠭᠤᠯ ᠬᠡᠯᠡᠲᠡᠳ ᠢ ᠡᠷᠬᠡᠰᠢᠶᠡᠯ ᠳᠡᠭᠡᠨ ᠣᠷᠣᠭᠤᠯᠵᠣ᠂ ᠲᠠᠶᠢᠴᠢᠨ ᠬᠦᠴᠦᠨ ᠢᠶᠠᠨ ᠳᠡᠯᠡᠬᠡᠢ ᠳᠤ ᠳᠠᠭᠤᠷᠢᠰᠣᠭᠤᠯᠣᠭᠰᠠᠨ ᠪᠢᠯᠡ᠃ ᠬᠤᠶᠠᠷ ᠣᠯᠣᠰ ᠭᠦᠷᠦᠨ ᠤ ᠠᠳᠠᠯᠢ ᠲᠠᠯ᠎ᠠ ᠶᠢ ᠬᠠᠷᠢᠴᠠᠭᠤᠯᠣᠨ ᠦᠭᠦᠯᠡᠰᠣ᠃       ᠲᠦᠯᠬᠢᠭᠦᠷ ᠦᠭᠡ᠄ ᠾᠦᠩᠨᠣ ᠭᠦᠷᠦᠨ᠂ ᠮᠣᠩᠭᠤᠯ ᠬᠠᠭᠠᠨᠲᠣ ᠣᠯᠣᠰ᠂ ᠾᠦᠩᠨᠣ ᠦᠭᠡ᠂  ᠨᠣᠲᠤᠭ ᠳᠡᠪᠢᠰᠭᠡᠷ  ᠂ ᠲᠡᠣᠬᠡ᠂  ᠳᠠᠶᠢᠨ ᠪᠠᠶᠢᠯᠳᠣᠭᠠᠨ᠂ ᠬᠠᠷᠢᠴᠠᠭᠤᠯᠣᠯ          ᠠᠰᠢᠭᠯᠠᠭᠰᠠᠨ ᠮᠠᠲ᠋ᠧᠷᠢᠶᠠᠯ᠄1  ᠂  ︽ᠮᠣᠩᠭᠤᠯ ᠦᠨᠳᠦᠰᠦᠲᠡᠨ ᠤ ᠨᠡᠪᠲᠡᠷᠬᠡᠢ ᠲᠡᠥᠬᠡ︾  ᠂  ᠦᠪᠦᠷ ᠮᠣᠩᠭᠤᠯ ᠤᠨ ᠨᠡᠶᠢᠭᠡᠮ ᠤᠨ ᠰᠢᠨᠵᠢᠯᠡᠬᠦ ᠣᠬᠠᠭᠠᠨ ᠤ ᠬᠦᠷᠢᠶᠡᠯᠡᠩ ᠤᠨ ᠲᠡᠥᠬᠡ ᠰᠣᠳᠣᠯᠬᠤ ᠭᠠᠵᠠᠷ ᠠᠴᠠ ᠨᠠᠶᠢᠷᠠᠭᠤᠯᠣᠨ ᠵᠣᠬᠢᠶᠠᠪᠠ᠃ 1995  ᠣᠨ ᠤ 11  ᠰᠠᠷ᠎ᠠ ᠶᠢᠨ ᠬᠡᠪᠯᠡᠯ᠃ ᠦᠨᠳᠦᠰᠦᠲᠡᠨ ᠤ ᠬᠡᠪᠯᠡᠯ ᠤᠨ ᠬᠤᠷᠢᠶ᠎ᠠ ᠬᠡᠪᠯᠡᠭᠦᠯᠪᠡ᠃ 2  ᠂  ︽ᠮᠣᠩᠭᠤᠯ ᠤᠨ ᠨᠢᠭᠤᠴᠠ ᠳᠣᠪᠴᠢᠶᠠᠨ︾  ᠂  ᠴᠠᠩᠲᠣ ᠶᠢᠨ ᠳᠠᠮᠳᠢᠨᠰᠦᠷᠦᠩ ᠣᠷᠴᠢᠭᠤᠯᠪᠠ᠃ 1957 ᠣᠨ ᠤ 4 ᠰᠠᠷ᠎ᠠ ᠶᠢᠨ ᠬᠡᠪᠯᠡᠯ᠃ ᠦᠪᠦᠷ ᠮᠣᠩᠭᠤᠯ ᠤᠨ ᠠᠷᠠᠳ ᠤᠨ ᠬᠡᠪᠯᠡᠯ ᠤᠨ ᠬᠤᠷᠢᠶ᠎ᠠ ᠬᠡᠪᠯᠡᠭᠦᠯᠪᠡ᠃3  ᠂  ︽ᠠᠯᠲᠠᠨ  ᠲᠣᠪᠴᠢ︾  ᠂ ᠴᠣᠶᠢᠵᠢ ᠲᠣᠯᠭᠠᠨ ᠬᠠᠷᠢᠴᠠᠭᠤᠯᠵᠣ ᠲᠠᠶᠢᠯᠪᠣᠷᠢᠯᠠᠪᠠ᠃ 1983  ᠣᠨ ᠤ ᠬᠡᠪᠯᠡᠯ᠃  ᠦᠪᠦᠷ ᠮᠣᠩᠭᠤᠯ ᠤᠨ ᠠᠷᠠᠳ ᠤᠨ ᠬᠡᠪᠯᠡᠯ ᠤᠨ ᠬᠤᠷᠢᠶ᠎ᠠ ᠬᠡᠪᠯᠡᠭᠦᠯᠪᠡ᠃4  ᠂  ︽ᠠᠽᠢᠶ᠎ᠠ ᠶᠢᠨ ᠨᠡᠭᠦᠳᠡᠯᠴᠢᠨ ᠦᠨᠳᠦᠰᠦᠲᠡᠨ ᠤ ᠲᠡᠣᠬᠡ︾  ᠂ ᠷᠧᠨᠧ ᠭᠷᠦᠰᠧ ᠵᠣᠬᠢᠶᠠᠪᠠ᠃ ᠰᠣᠳᠨᠠᠮᠵᠠᠮᠰᠣ᠂ ᠬᠦᠬᠡᠦ᠌ᠨᠳᠦᠷ ᠣᠷᠴᠢᠭᠤᠯᠪᠠ᠃1998  ᠣᠨ ᠤ11  ᠰᠠᠷ᠎ᠠ ᠶᠢᠨ ᠬᠡᠪᠯᠡᠯ᠃ ᠦᠪᠦᠷ ᠮᠣᠩᠭᠤᠯ  ᠤᠨ ᠠᠷᠠᠳ ᠤᠨ ᠬᠡᠪᠯᠡᠯ ᠤᠨ ᠬᠤᠷᠢᠶ᠎ᠠ ᠬᠡᠪᠯᠡᠭᠦᠯᠪᠡ᠃ ︽ᠮᠣᠩᠭᠤᠯ ᠦᠨᠳᠦᠰᠦᠲᠡᠨ ᠤ ᠢᠵᠠᠭᠤᠷ ᠡᠭᠦᠰᠦᠯ︾᠂ ᠰᠦᠷᠷᠪᠠᠳᠠᠷᠠᠬᠤ ᠵᠣᠬᠢᠶᠠᠵᠣ ᠰᠦᠬᠡ ᠮᠣᠩᠭᠤᠯᠴᠢᠯᠠᠪᠠ᠃1988 ᠣᠨ ᠤ ᠬᠡᠪᠯᠡᠯ᠃ ᠦᠨᠳᠦᠰᠦᠲᠡᠨ ᠤ ᠬᠡᠪᠯᠡᠯ ᠤᠨ ᠬᠤᠷᠢᠶ᠎ᠠ ᠬᠡᠪᠯᠡᠭᠦᠯᠪᠡ᠃5  ᠂ 《 白话史记》哈尔滨出版社,2005年12月出版。6  ᠂《王立群读《史记》之汉武帝》,长江文艺出版社,2007年5月出版。
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备07002090号