ᠲᠠᠶᠢᠴᠢᠩ ᠭᠦᠷᠦᠨ ᠤ ᠦᠶ᠎ᠡ ᠠᠷᠤ ᠬᠤᠷᠴᠢᠨ ᠸᠠᠩ ᠬᠦᠩ  ᠲᠠᠶᠢᠵᠢ ᠮᠠᠨᠵᠦ ᠬᠠᠭᠠᠨ ᠡᠩᠬᠡ ᠠᠮᠤᠭᠤᠯᠠᠩ ᠢ  ᠪᠠᠷᠠᠭᠠᠳᠠᠭᠰᠠᠨ ᠦᠨᠡᠨ ᠲᠡᠮᠳᠡᠭᠯᠠᠯ
ᠨᠡᠶᠢᠲᠡᠯᠡᠭᠰᠡᠨ ᠴᠠᠭ᠄
2020/7/8
                                           ᠡᠩᠬᠡ ᠠᠮᠤᠭᠤᠯᠠᠩ ᠤᠨ11 ᠤᠨ ︵1672 ᠤᠨ︶ ᠤ8 ᠰᠠᠷ᠎ᠠ ᠶᠢᠨ12 ᠤ ᠡᠳᠤᠷ ᠬᠠᠭᠠᠨ ᠡᠵᠡᠨ ᠬᠤᠨᠢ ᠶᠢᠨ ᠴᠠᠭ ᠲᠤ ᠴᠢᠶᠠᠨ ᠴᠢᠩ ᠮᠧᠨ ᠬᠠᠭᠠᠯᠭ᠎ᠠ ᠬᠡᠰᠡᠭ ᠢᠶᠠᠷ ᠠᠯᠪᠠ ᠪᠠᠷᠢᠬᠤ ᠠᠷᠤ ᠬᠤᠷᠴᠢᠨ ᠬᠦᠷᠤᠨ ᠤ ᠲᠦᠷᠤ ᠶᠢᠨ ᠵᠢᠶᠦ᠋ᠨ ᠸᠠᠩ ᠵᠤᠯᠠᠵᠠᠭᠠᠨ  ᠂ ᠬᠤᠱᠤᠢ ᠡᠹᠤ ᠰᠡᠷᠡᠩ᠂ ᠬᠤᠶᠠᠳᠤᠭᠠᠷ ᠵᠡᠷᠭᠡ ᠶᠢᠨ ᠲᠠᠶᠢᠵᠢ ᠡᠷᠢᠨᠴᠡᠨ ᠵᠡᠷᠬᠡ ᠳᠤ ᠠᠷᠢᠬᠢ ᠪᠤᠳᠠᠭ᠎ᠠ ᠪᠠᠷ ᠵᠤᠴᠢᠯᠠᠪᠠ᠂ ᠡᠩᠬᠡ ᠠᠮᠤᠭᠤᠯᠠᠩ ᠬᠠᠭᠠᠨ ︵ᠲᠡᠭᠷᠢ ᠭᠠᠵᠠᠷ ᠡᠳ᠋ ᠪᠤᠳᠠᠰ ᠢ ᠤᠷᠬᠢᠬᠤ ᠦᠭᠡᠢ᠂ ᠪᠤᠭᠳᠠ ᠡᠷᠳᠡᠮᠳᠠᠨ ᠬᠦᠮᠤᠨ ᠢ ᠤᠷᠬᠢᠬᠤ ᠦᠭᠡᠢ︶ ᠭᠡᠰᠡᠨ ᠦᠭᠡ ᠶᠢ ᠵᠤᠬᠢᠮᠵᠢᠳᠠᠢ ᠦᠭᠡ ᠭᠡᠵᠦ ᠪᠦᠬᠦᠳᠡ ᠳᠤ ᠬᠤᠷᠭᠠᠨ ᠬᠡᠯᠡᠪᠠ  ᠃       12 ᠰᠠᠷ᠎ᠠ ᠶᠢᠨ19 ᠤ ᠡᠳᠤᠷ ᠤᠨ ᠬᠤᠨᠢ ᠶᠢᠨ ᠴᠠᠭ ᠲᠤ ᠬᠠᠭᠠᠨ ᠡᠵᠡᠨ ᠴᠢᠶᠠᠨ ᠴᠢᠩ ᠮᠧᠨ ᠬᠠᠭᠠᠯᠭ᠎ᠠ ᠬᠡᠰᠡᠭ ᠢᠶᠠᠷ ᠠᠯᠪᠠ ᠪᠠᠷᠢᠬᠤ ᠠᠷᠤ ᠬᠤᠷᠴᠢᠨ ᠬᠦᠷᠤᠨ ᠤ  ᠭᠤᠷᠪᠠᠳᠤᠭᠠᠷ ᠵᠡᠷᠭᠡ ᠶᠢᠨ ᠲᠠᠶᠢᠵᠢ ᠲᠠᠳᠪᠠ ᠵᠡᠷᠭᠡ ᠨᠠᠶᠢᠮᠠᠨ ᠬᠤᠰᠢᠭᠤ ᠤ ᠸᠠᠩ ᠬᠦᠩ ᠲᠠᠶᠢᠵᠢ ᠨᠠᠷ ᠢ ᠵᠤᠴᠢᠯᠠᠪᠠ᠃        ᠡᠩᠬᠡ ᠠᠮᠤᠭᠤᠯᠠᠩ ᠤᠨ12 ᠤᠨ ᠤ ︵1673 ᠤᠨ︶ ᠴᠠᠭᠠᠨ ᠰᠠᠷ᠎ᠠ ᠶᠢᠨ11 ᠤ ᠡᠳᠤᠷ ᠬᠠᠭᠠᠨ ᠡᠵᠡᠨ ᠬᠤᠨᠢ ᠶᠢᠨ ᠴᠠᠭ ᠲᠤ ᠴᠢᠶᠠᠨ ᠴᠢᠩ ᠮᠧᠨ ᠬᠠᠭᠠᠯᠭ᠎ᠠ ᠳᠤ ᠬᠤᠷᠢᠮ ᠤᠨ ᠰᠢᠷᠡᠭᠡ ᠵᠠᠰᠠᠵᠦ ᠬᠡᠰᠩ ᠢᠶᠠᠷ ᠠᠯᠪᠠ ᠪᠠᠷᠢᠬᠤ ᠠᠷᠤ ᠬᠤᠷᠴᠢᠨ ᠬᠦᠷᠦᠨ ᠤ  ᠭᠤᠷᠪᠠᠳᠤᠭᠠᠷ ᠵᠡᠷᠭᠡ ᠶᠢᠨ ᠲᠠᠶᠢᠵᠢ ᠪᠠᠷᠠᠬ᠎ᠠ ᠵᠡᠷᠭᠡ ᠲᠠᠪᠤᠨ ᠬᠤᠰᠢᠭᠤ ᠸᠠᠩ ᠬᠦᠩ ᠲᠠᠶᠢᠵᠢ ᠨᠠᠷ ᠳᠤ ᠠᠷᠢᠬᠢ ᠪᠤᠳᠠᠭ᠎ᠠ ᠪᠠᠷ ᠲᠠᠶᠢᠯᠠᠪᠠ᠃        2 ᠰᠠᠷ᠎ᠠ ᠶᠢᠨ4 ᠤ ᠡᠳᠤᠷ ᠦᠳᠡ ᠶᠢᠨ ᠦᠶ᠎ᠡ ᠳᠤ ᠬᠠᠭᠠᠨ ᠡᠵᠡᠨ ᠲᠠᠢ ᠬᠤᠩ ᠲᠠᠶᠢᠬᠡᠤ ᠤ ᠠᠮᠤᠷ ᠢ ᠠᠰᠠᠭᠤᠵᠦ ᠴᠢᠶᠠᠨ ᠴᠢᠩ ᠮᠧᠨ ᠬᠠᠭᠠᠯᠭ᠎ᠠ ᠳᠤ ᠢᠷᠡᠵᠦ ᠠᠷᠦ ᠬᠤᠷᠴᠢᠨ ᠬᠦᠷᠤᠨ ᠤ ᠲᠦᠷᠪᠡᠳᠦᠭᠡᠷ ᠵᠡᠷᠬᠡ ᠶᠢᠨ ᠲᠠᠶᠢᠵᠢ ᠤᠶᠢᠯᠡᠴᠢ ᠵᠡᠷᠬᠡ ᠬᠦᠮᠤᠨ ᠬᠠᠭᠠᠨ ᠡᠵᠡᠨ ᠤ ᠨᠠᠮᠤᠷ ᠢ ᠠᠰᠠᠭᠤᠭᠰᠠᠨ ᠳᠤ  ᠬᠠᠭᠠᠨ ᠡᠵᠡᠨ ᠬᠤᠷᠢᠮ ᠤᠨ ᠰᠢᠷᠡᠭᠡ ᠵᠠᠰᠠᠵᠦ ᠵᠤᠴᠢᠯᠠᠪᠠ᠃        9 ᠰᠠᠷ᠎ᠠ ᠶᠢᠨ6 ᠤ ᠡᠳᠤᠷ᠂ ᠬᠤᠨᠢ ᠶᠢᠨ ᠴᠠᠭ ᠲᠤ ᠬᠠᠭᠠᠨ ᠡᠵᠡᠨ ᠴᠢᠶᠠᠨ ᠴᠢᠩ  ᠮᠧᠨ ᠬᠠᠭᠠᠯᠭ᠎ᠠ ᠳᠤ ᠬᠤᠷᠢᠮ ᠤᠨ ᠰᠢᠷᠡᠭᠡ ᠵᠠᠰᠠᠵᠦ ᠬᠡᠰᠡᠭ ᠢᠶᠠᠷ ᠠᠯᠪᠠ ᠪᠠᠷᠢᠬᠤ ᠠᠷᠤ ᠬᠤᠷᠢᠨ ᠬᠦᠷᠤᠨ ᠤ ᠭᠤᠷᠪᠠᠳᠤᠭᠠᠷ ᠵᠡᠷᠬᠡ ᠶᠢᠨ ᠲᠠᠶᠢᠵᠢ ᠬᠡᠳᠤᠷ᠎ᠡ ᠵᠡᠷᠬᠡ ᠲᠠᠪᠤᠨ ᠬᠤᠰᠢᠭᠤ ᠤ ᠸᠠᠩ ᠬᠦᠩ ᠲᠠᠶᠢᠵᠢ ᠨᠠᠷ ᠵᠤᠴᠢᠯᠠᠪᠠ᠃         ᠡᠩᠬᠡ ᠠᠮᠤᠭᠤᠯᠠᠩ   ᠤᠨ13 ᠤᠨ ︵1674 ᠤᠨ︶ ᠤ ᠴᠠᠭᠠᠨ ᠰᠠᠷ᠎ᠠ ᠶᠢᠨ18 ᠤ ᠡᠳᠤᠷ᠂ ᠬᠤᠨᠢ  ᠶᠢᠨ ᠴᠠᠭ ᠲᠤ ᠬᠠᠭᠠᠨ ᠡᠵᠡᠨ ᠴᠢᠶᠠᠨ ᠴᠢᠶᠠᠩ ᠮᠧᠨ ᠬᠠᠭᠠᠯᠭ᠎ᠠ ᠳᠤ ᠬᠤᠷᠢᠮ ᠤᠨ ᠰᠢᠷᠡᠭᠡ ᠵᠠᠰᠠᠵᠦ ᠬᠡᠰᠡᠭ ᠢᠶᠠᠷ ᠠᠯᠪᠠ ᠪᠠᠷᠢᠬᠤ ᠠᠷᠤ  ᠬᠤᠷᠴᠢᠨ ᠬᠦᠷᠤᠨ ᠤ ᠭᠤᠷᠪᠠᠳᠤᠭᠠᠷ ᠵᠡᠷᠭᠡ ᠶᠢᠨ ᠲᠠᠶᠢᠵᠢ ᠪᠠᠷᠡᠬᠢ ᠵᠡᠷᠭᠡ ᠲᠤᠯᠤᠭᠠᠨ ᠬᠤᠰᠢᠭᠤ ᠤ ᠸᠠᠩ ᠭᠦᠩ ᠲᠠᠶᠢᠵᠢ ᠨᠠᠷ ᠢ ᠵᠤᠴᠢᠯᠠᠪᠠ᠃        24 ᠤ ᠡᠳᠤᠷ ᠬᠤᠨᠢ ᠶᠢᠨ ᠴᠠᠭ ᠲᠤ ᠬᠠᠭᠠᠨ ᠡᠵᠡᠨ ᠴᠢᠶᠠᠨ ᠴᠢᠩ ᠮᠧᠨ ᠬᠠᠭᠠᠯᠭ᠎ᠠ ᠳᠤ ᠬᠤᠷᠢᠮ ᠤᠨ ᠰᠢᠷᠡᠭᠡ ᠵᠠᠰᠠᠵᠦ ᠠᠷᠦ ᠬᠤᠷᠢᠨ ᠬᠦᠷᠤᠨ ᠤ ᠭᠤᠷᠪᠠᠳᠤᠭᠠᠷ ᠵᠡᠷᠭᠡ ᠶᠢᠨ ᠲᠠᠶᠢᠵᠢ ᠲᠡᠳᠪᠠ ᠵᠡᠷᠭᠡ ᠲᠦᠷᠪᠡᠨ ᠬᠤᠰᠢᠭᠤᠨ ᠤ ᠸᠠᠩ ᠬᠦᠩ ᠲᠠᠶᠢᠵᠢ ᠨᠠᠷ ᠢ ᠵᠤᠴᠢᠯᠠᠪᠠ᠃          ᠡᠩᠬᠡ ᠠᠮᠤᠭᠤᠯᠠᠩ ᠤᠨ14 ᠤᠨ ︵1675 ᠤᠨ︶ ᠤ ᠴᠠᠭᠠᠨ ᠰᠠᠷ᠎ᠠ ᠶᠢᠨ29 ᠤ ᠡᠳᠤᠷ᠂ ᠬᠠᠭᠠᠨ ᠡᠵᠡᠨ ᠬᠤᠨᠢ ᠶᠢᠨ ᠴᠠᠭ ᠲᠤ ᠴᠢᠶᠠᠨ ᠴᠢᠶᠠᠩ ᠮᠧᠨ ᠬᠠᠭᠠᠯᠭ᠎ᠠ ᠳ᠋ᠳ ᠬᠤᠷᠢᠮ ᠤᠨ ᠰᠢᠷᠡᠭᠡ ᠵᠠᠰᠠᠵᠦ ᠠᠷᠤ  ᠬᠤᠷᠴᠢᠨ ᠬᠦᠷᠤᠨ ᠤ ᠲᠦᠷᠪᠡᠳᠦᠭᠡᠷ ᠵᠡᠷᠭᠡ ᠶᠢᠨ ᠲᠠᠶᠢᠵᠢ ᠠᠯᠠᠨ᠎ᠠ ᠵᠡᠷᠭᠡ ᠲᠠᠪᠤᠨ ᠬᠤᠰᠢᠭᠤ ᠤ ᠸᠠᠩ ᠭᠦᠩ ᠲᠠᠶᠢᠵᠢ ᠨᠠᠷ ᠢ ᠵᠤᠴᠢᠯᠠᠪᠠ  ᠃         9 ᠰᠠᠷ᠎ᠠ ᠶᠢᠨ18 ᠤ ᠡᠳᠤᠷ᠂ ᠬᠤᠨᠢ ᠶᠢᠨ ᠴᠠᠭ ᠲᠤ ᠬᠠᠭᠠᠨ ᠡᠵᠡᠨ  ᠪᠤᠤ ᠾᠧ ᠲᠢᠶᠠᠨ ᠤᠷᠳᠤᠨ ᠳᠤ  ᠬᠤᠷᠢᠮ ᠤᠨ ᠰᠢᠷᠡᠭᠡ ᠵᠠᠰᠠᠵᠦ ᠠᠮᠤᠷ ᠢ  ᠠᠰᠠᠭᠤᠬᠤ ᠠᠷᠤ ᠬᠤᠷᠴᠢᠨ ᠬᠦᠷᠤᠨ ᠤ ᠲᠦᠷᠪᠡᠳᠦᠭᠡᠷ ᠵᠡᠷᠭᠡ ᠶᠢᠨ ᠲᠠᠶᠢᠵᠢ ᠪᠠᠳᠮ᠎ᠠ ᠵᠡᠷᠭᠡ  ᠶᠢᠰᠤᠨ ᠬᠤᠰᠢᠭᠤ ᠤ ᠸᠠᠩ ᠬᠦᠩ ᠲᠠᠶᠢᠵᠢ ᠨᠠᠷ ᠢ ᠵᠤᠴᠢᠯᠠᠪᠠ᠃       10 ᠰᠠᠷ᠎ᠠ ᠶᠢᠨ24 ᠤ ᠡᠳᠤᠷ ᠬᠤᠨᠢ ᠶᠢᠨ ᠴᠠᠭ ᠲᠤ ᠬᠠᠭᠠᠨ ᠡᠵᠡᠨ ᠵᠢᠩ ᠱᠠᠨ ᠤ ᠡᠮᠤᠨ᠎ᠡ ᠤᠷᠳᠤᠨ ᠳᠤ  ᠬᠤᠷᠢᠮ ᠤᠨ ᠰᠢᠷᠡᠭᠡ ᠵᠠᠰᠠᠵᠦ ᠠᠷᠤ  ᠬᠤᠷᠴᠢᠨ ᠬᠦᠷᠤᠨ ᠤ ᠲᠦᠷᠪᠡᠳᠦᠭᠡᠷ ᠵᠡᠷᠭᠡ ᠶᠢᠨ ᠲᠠᠶᠢᠵᠢ ᠷᠠᠰᠢᠰᠢᠪᠤ ᠵᠡᠷᠭᠡ ᠨᠠᠶᠢᠮᠠᠨ ᠬᠤᠰᠢᠭᠤ ᠤ ᠸᠠᠩ ᠬᠦᠩ ᠲᠠᠶᠢᠵᠢ ᠨᠠᠷ ᠢ ᠵᠤᠴᠢᠯᠠᠪᠠ᠃       11 ᠰᠠᠷ᠎ᠠ ᠶᠢᠨ16 ᠤ ᠡᠳᠤᠷ ᠬᠤᠨᠢ ᠶᠢᠨ ᠴᠠᠭ ᠲᠤ ᠬᠠᠭᠠᠨ ᠡᠵᠡᠨ ᠵᠢᠩ ᠱᠠᠨ ᠤ ᠡᠮᠤᠨ᠎ᠡ ᠤᠷᠳᠤᠨ ᠳᠤ ᠬᠤᠷᠢᠮ ᠤᠨ ᠰᠢᠷᠡᠭᠡ ᠵᠠᠰᠠᠵᠦ ᠬᠡᠰᠡᠭ ᠢᠶᠠᠷ ᠠᠯᠪᠠ ᠪᠠᠷᠢᠬᠤ ᠠᠷᠦ ᠬᠤᠷᠴᠢᠨ ᠬᠦᠷᠦᠨ ᠤ ᠭᠤᠷᠪᠠᠳᠤᠭᠠᠷ ᠵᠡᠷᠭᠡ ᠶᠢᠨ ᠲᠠᠶᠢᠵᠢ ᠪᠠᠳᠮᠠᠷᠠᠰᠢ ᠵᠡᠷᠭᠡ ᠵᠢᠷᠭᠤᠭᠠᠨ  ᠬᠤᠰᠢᠭᠤ ᠤ ᠸᠠᠩ ᠬᠦᠩ ᠲᠠᠶᠢᠵᠢ ᠨᠠᠷ ᠢ ᠵᠤᠴᠢᠯᠠᠪᠠ᠃       ᠡᠩᠭᠡ ᠠᠮᠤᠭᠤᠯᠠᠩ ᠶᠢᠨ15 ᠤᠨ ︵1676 ᠤᠨ︶ ᠤ ᠴᠠᠭᠠᠨ ᠰᠠᠷ᠎ᠠ ᠶᠢᠨ2 ᠤ ᠡᠳᠤᠷ᠂ ᠬᠤᠨᠢ ᠶᠢᠨ ᠴᠠᠭ ᠲᠤ ᠬᠡᠰᠡᠭ ᠢᠶᠠᠷ ᠠᠯᠪᠠ ᠪᠠᠷᠢᠬᠤ ᠠᠷᠦ  ᠬᠤᠷᠴᠢᠨ ᠬᠦᠷᠤᠨ ᠤ ᠬᠤᠱᠤᠢ ᠡᠹᠤ ᠰᠡᠷᠡᠩ ᠵᠡᠷᠭᠡ ᠭᠤᠷᠪᠠᠨ ᠬᠤᠰᠢᠭᠤ ᠤ ᠸᠠᠩ ᠬᠦᠩ ᠲᠠᠶᠢᠵᠢ ᠢ ᠵᠢᠩ ᠱᠠᠨ ᠤ ᠡᠮᠤᠨ᠎ᠡ ᠤᠷᠳᠤᠨ ᠬᠤᠷᠢᠮ ᠤᠨ ᠰᠢᠷᠡᠭᠡ ᠵᠠᠰᠠᠵᠦ ᠵᠤᠴᠢᠯᠠᠪᠠ᠃         6 ᠰᠠᠷ᠎ᠠ ᠶᠢᠨ22 ᠤ ᠡᠳᠤᠷ ᠬᠤᠨᠢ ᠶᠢᠨ ᠴᠠᠭ ᠲᠤ ᠬᠠᠭᠠᠨ ᠡᠵᠡᠨ ᠵᠢᠩ ᠱᠠᠨ ᠤ ᠡᠮᠤᠨ᠎ᠡ ᠤᠷᠳᠤᠨ  ᠳᠤ ᠬᠤᠷᠢᠮ ᠤᠨ ᠰᠢᠷᠡᠭᠡ ᠵᠠᠰᠠᠵᠦ ᠬᠡᠰᠡᠭ ᠢᠶᠠᠷ ᠠᠯᠪᠠ ᠪᠠᠷᠢᠬᠤ ᠠᠷᠤ ᠬᠤᠷᠴᠢᠨ ᠬᠦᠷᠤᠨ ᠤ ᠭᠤᠷᠪᠠᠳᠤᠭᠠᠷ ᠵᠡᠷᠭᠡ  ᠶᠢᠨ ᠲᠠᠶᠢᠵᠢ ᠲᠠᠳᠪᠠ ᠵᠡᠷᠭᠡ ᠭᠤᠷᠪᠠᠨ ᠬᠤᠰᠢᠭᠤ ᠤ ᠲᠠᠶᠢᠵᠢ ᠶᠢ ᠵᠤᠴᠢᠯᠠᠪᠠ᠃         9 ᠰᠠᠷ᠎ᠠ ᠶᠢᠨ24 ᠤ ᠡᠳᠤᠷ᠂ ᠬᠤᠨᠢ ᠶᠢᠨ ᠴᠠᠭ ᠲᠤ ᠬᠠᠭᠠᠨ ᠡᠵᠡᠨ ᠵᠢᠩ ᠱᠠᠨ ᠤ ᠡᠮᠤᠨ᠎ᠡ ᠤᠷᠳᠤᠨ  ᠳᠤ ᠬᠤᠷᠢᠮ ᠤᠨ ᠰᠢᠷᠡᠭᠡ ᠵᠠᠰᠠᠵᠦ ᠬᠡᠰᠡᠭ ᠢᠶᠠᠷ ᠠᠯᠪᠠ ᠪᠠᠷᠢᠬᠤ ᠠᠷᠤ ᠬᠤᠷᠴᠢᠨ ᠤ ᠭᠤᠷᠪᠠᠳᠤᠭᠠᠷ ᠵᠡᠷᠭᠡ ᠶᠢᠨ ᠲᠠᠶᠢᠵᠢ ᠠᠰᠢᠭᠤ ᠵᠡᠷᠭᠡ ᠵᠢᠷᠭᠤᠭᠠᠨ ᠬᠤᠰᠢᠭᠤᠨ ᠤ ᠸᠠᠩ ᠭᠦᠩ ᠲᠠᠶᠢᠵᠢ ᠨᠠᠷ ᠢ ᠵᠤᠴᠢᠯᠠᠪᠠ᠃         10 ᠰᠠᠷ᠎ᠠ ᠶᠢᠨ6 ᠤ ᠡᠳᠤᠷ ᠬᠤᠨᠢ ᠶᠢᠨ ᠴᠠᠭ ᠲᠤ ᠬᠠᠭᠠᠨ ᠡᠵᠡᠨ ᠪᠤᠤ ᠾᠧ ᠲᠢᠶᠠᠨ ᠤᠷᠳᠤᠨ ᠳᠤ ᠬᠤᠷᠢᠮ ᠤᠨ ᠰᠢᠷᠡᠭᠡ ᠵᠠᠰᠠᠵᠦ ᠬᠡᠰᠡᠭ ᠢᠶᠠᠷ ᠠᠯᠪᠠ ᠪᠠᠷᠢᠬᠤ ᠠᠷᠦ ᠬᠤᠷᠴᠢᠨ ᠬᠦᠷᠤᠨ ᠤ ᠭᠤᠷᠪᠠᠳᠤᠭᠠᠷ ᠵᠡᠷᠭᠡ ᠶᠢᠨ ᠲᠠᠶᠢᠵᠢ ᠲᠤᠰᠭᠠᠷ ᠵᠡᠷᠭᠡ ᠶᠢᠰᠤᠨ ᠬᠤᠰᠢᠭᠤᠨ ᠤ ᠸᠠᠩ ᠭᠦᠩ ᠲᠠᠶᠢᠵᠢ ᠨᠠᠷ ᠢ ᠵᠤᠴᠢᠯᠠᠪᠠ᠃         15 ᠤ ᠡᠳᠤᠷ ᠬᠤᠨᠢ ᠶᠢᠨ ᠴᠠᠭ ᠲᠤ ᠬᠠᠭᠠᠨ ᠡᠵᠡᠨ ᠵᠢᠩ ᠱᠠᠨ ᠡᠮᠤᠨ᠎ᠡ ᠤᠷᠳᠤᠨ ᠳᠤ ᠬᠤᠷᠢᠮ ᠤᠨ ᠰᠢᠷᠡᠭᠡ ᠵᠠᠰᠠᠵᠦ ᠬᠡᠰᠡᠭ ᠢᠶᠠᠷ ᠠᠯᠪᠠ ᠪᠠᠷᠢᠬᠤ ᠠᠷᠦ ᠬᠤᠷᠴᠢᠨ ᠬᠦᠷᠤᠨ ᠲᠦᠷᠪᠡᠳᠦᠭᠡᠷ ᠲᠠᠶᠢᠵᠢ  ᠪᠠᠨᠵᠤᠩ ᠵᠡᠷᠭᠡ ᠲᠤᠯᠤᠭᠠᠨ ᠬᠤᠰᠢᠭᠤᠨ ᠤ ᠸᠠᠩ ᠬᠦᠩ ᠲᠠᠶᠢᠵᠢ ᠨᠠᠷ ᠢ ᠵᠤᠴᠢᠯᠠᠪᠠ᠃          20 ᠤ  ᠡᠳᠤᠷ ᠬᠤᠨᠢ ᠶᠢᠨ ᠴᠠᠭ ᠲᠤ ᠬᠠᠭᠠᠨ ᠡᠵᠡᠨ ᠵᠢᠩ ᠱᠠᠨ ᠤ ᠡᠮᠤᠨ᠎ᠡ ᠤᠷᠳᠤᠨ ᠳᠤ ᠬᠤᠷᠢᠮ  ᠤᠨ ᠰᠢᠷᠡᠭᠡ ᠵᠠᠰᠡᠵᠦ ᠬᠡᠰᠡᠭ ᠢᠶᠠᠷ ᠠᠯᠪᠠ ᠪᠠᠷᠢᠬᠤ ᠠᠷᠦ ᠬᠤᠷᠴᠢᠨ ᠬᠦᠷᠤᠨ ᠤ  ᠲᠦᠷᠪᠡᠳᠦᠭᠡᠷ ᠵᠡᠷᠭᠡ ᠶᠢᠨ ᠲᠠᠶᠢᠵᠢ ᠵᠠᠷᠪᠤ ᠵᠡᠷᠭᠡ7 ᠬᠤᠰᠢᠭᠤ ᠤ ᠸᠠᠩ ᠭᠦᠩ ᠲᠠᠶᠢᠵᠢ ᠨᠠᠷ ᠢ ᠵᠤᠴᠢᠯᠠᠪᠠ᠃          ᠡᠩᠬᠡ ᠠᠮᠤᠭᠤᠯᠠᠩ ᠤᠨ16 ᠤᠨ ᠤ2 ᠰᠠᠷ᠎ᠠ ᠶᠢᠨ6 ᠤ ᠡᠳᠤᠷ ᠬᠠᠭᠠᠨ ᠡᠵᠡᠨ ᠪᠤᠤ ᠾᠧ ᠲᠢᠶᠠᠨ ᠤᠷᠳᠤᠨ ᠳᠤ ᠬᠤᠷᠢᠮ ᠤᠨ ᠰᠢᠷᠡᠭᠡ ᠵᠠᠰᠠᠵᠦ ᠬᠡᠰᠡᠭ ᠢᠶᠠᠷ ᠠᠯᠪᠠ ᠪᠠᠷᠢᠬᠤ ᠠᠷᠦ ᠬᠤᠷᠴᠢᠨ ᠬᠦᠷᠤᠨ ᠤ ᠲᠦᠷᠪᠡᠳᠦᠭᠡᠷ ᠵᠡᠷᠭᠡ ᠶᠢᠨ ᠲᠠᠶᠢᠵᠢ  ᠠᠯᠠᠨ᠎ᠠ ᠵᠡᠷᠭᠡ ᠲᠠᠪᠤᠨ ᠬᠤᠰᠢᠭᠤᠨ ᠤ ᠸᠠᠩ ᠭᠦᠩ ᠲᠠᠶᠢᠵᠢ ᠨᠠᠷ ᠢ ᠵᠤᠴᠢᠯᠠᠪᠠ          7 ᠰᠠᠷ᠎ᠠ ᠶᠢᠨ26 ᠤ ᠡᠳᠤᠷ ᠬᠤᠨᠢ ᠶᠢᠨ ᠴᠠᠭ ᠲᠤ  ᠬᠡᠰᠡᠭ ᠢᠶᠠᠷ ᠠᠯᠪᠠ ᠪᠠᠷᠢᠬᠤ ᠠᠷᠦ ᠬᠤᠷᠴᠢᠨ ᠬᠦᠷᠤᠨ ᠤ ᠬᠤᠶᠠᠳᠤᠭᠠᠷ ᠵᠡᠷᠭᠡ ᠶᠢᠨ ᠲᠠᠶᠢᠵᠢ  ᠵᠦᠸᠧ ᠢ ᠵᠡᠷᠭᠡ  ᠲᠠᠪᠤᠨ ᠬᠤᠰᠢᠭᠤᠨ ᠤ ᠸᠠᠩ ᠭᠦᠩ ᠲᠠᠶᠢᠵᠢ ᠨᠠᠷ ᠢ ᠵᠤᠴᠢᠯᠠᠪᠠ᠃          9 ᠰᠠᠷ᠎ᠠ ᠶᠢᠨ2 ᠤ ᠡᠳᠤᠷ ᠬᠤᠨᠢ ᠶᠢᠨ ᠴᠠᠭ ᠲᠤ ᠬᠠᠭᠠᠨ ᠡᠵᠡᠨ ᠵᠢᠩ ᠱᠠᠨ ᠤ ᠡᠮᠤᠨ᠎ᠡ ᠤᠷᠳᠤᠨ ᠳᠤ ᠬᠤᠷᠢᠮ ᠤᠨ ᠰᠢᠷᠡᠭᠡ ᠵᠠᠰᠠᠵᠦ ᠬᠡᠰᠡᠭ ᠢᠶᠠᠷ ᠠᠯᠪᠠ ᠪᠠᠷᠢᠬᠤ ᠠᠷᠤ ᠬᠤᠷᠴᠢᠨ ᠬᠦᠷᠤᠨ ᠤ ᠭᠤᠷᠪᠠᠳᠤᠭᠠᠷ ᠵᠡᠷᠭᠡ ᠶᠢᠨ ᠲᠠᠶᠢᠵᠢ  ᠠᠰᠠᠷᠤ ᠵᠡᠷᠭᠡ  ᠲᠤᠯᠤᠭᠠᠨ ᠬᠤᠰᠢᠭᠤ ᠤ  ᠸᠠᠩ ᠭᠦᠩ ᠲᠠᠶᠢᠵᠢ  ᠨᠠᠷ ᠢ ᠵᠤᠴᠢᠯᠠᠪᠠ᠃6 ᠤ ᠡᠳᠤᠷ ᠬᠤᠨᠢ ᠶᠢᠨ ᠴᠠᠭ ᠲᠤ  ᠬᠡᠰᠡᠭ ᠢᠶᠠᠷ ᠠᠯᠪᠠ ᠪᠠᠷᠢᠬᠤ ᠠᠷᠦ ᠬᠤᠷᠴᠢᠨ ᠬᠦᠷᠤᠨ ᠤ  ᠭᠤᠷᠪᠠᠳᠤᠭᠠᠷ ᠵᠡᠷᠭᠡ ᠶᠢᠨ ᠲᠠᠶᠢᠵᠢ  ᠵᠦᠸᠧ ᠢ  ᠰᠢᠰᠢᠪᠤ ᠵᠡᠷᠭᠡ  ᠲᠠᠪᠤᠨ ᠬᠤᠰᠢᠭᠤᠨ ᠤ ᠸᠠᠩ ᠭᠦᠩ ᠲᠠᠶᠢᠵᠢ ᠨᠠᠷ ᠢ ᠵᠤᠴᠢᠯᠠᠪᠠ         ᠡᠩᠬᠡ ᠠᠮᠤᠭᠤᠯᠠᠩ ᠬᠠᠭᠠᠨ ᠤ17 ᠤᠨ(1678) ᠤ ᠴᠠᠭᠠᠨ ᠰᠠᠷ᠎ᠠ ᠶᠢᠨ12 ᠤ ᠡᠳᠤᠷ ᠬᠤᠨᠢ ᠶᠢᠨ ᠴᠠᠭ ᠲᠤ ᠬᠠᠭᠠᠨ ᠡᠵᠡᠨ ᠪᠤᠤ ᠾᠧ ᠲᠢᠶᠠᠨ ᠤᠷᠳᠤᠨ ᠳᠤ ᠬᠤᠷᠢᠮ ᠤᠨ ᠰᠢᠷᠡᠭᠡ ᠵᠠᠰᠠᠵᠦ ᠬᠡᠰᠡᠭ ᠢᠶᠠᠷ ᠠᠯᠪᠠ ᠪᠠᠷᠢᠬᠤ ᠠᠷᠦ ᠬᠤᠷᠴᠢᠨ ᠬᠦᠷᠤᠨ ᠤ  ᠲᠦᠷᠦ ᠶᠢᠨ  ᠵᠢᠶᠦ᠋ᠨ ᠸᠠᠩ ᠵᠤᠯᠠᠴᠠᠭᠠᠨ᠂ ᠸᠠᠩ ᠤᠨ ᠬᠦᠤ ᠯᠤᠵᠠᠩ᠂ ᠬᠤᠰᠢᠭᠤᠨ ᠤ  ᠡᠹᠦ ᠪᠠᠳᠮ᠎ᠠ ᠵᠡᠷᠭᠡ ᠲᠠᠪᠤᠨ ᠬᠤᠰᠢᠭᠤᠨ ᠤ ᠸᠠᠩ ᠭᠦᠩ ᠲᠠᠶᠢᠵᠢ ᠨᠠᠷ ᠢ ᠵᠤᠴᠢᠯᠠᠪᠠ᠃         9 ᠰᠠᠷ᠎ᠠ ᠶᠢᠨ8 ᠤ ᠡᠳᠤᠷ ᠬᠤᠨᠢ ᠶᠢᠨ ᠴᠠᠭ ᠲᠤ ᠬᠠᠭᠠᠨ ᠡᠵᠡᠨ ᠵᠢᠩ ᠱᠠᠨ ᠡᠮᠤᠨ᠎ᠡ ᠤᠷᠳᠤᠨ ᠳᠤ ᠬᠤᠷᠢᠮ ᠤᠨ ᠰᠢᠷᠡᠭᠡ ᠵᠠᠰᠠᠵᠦ ᠬᠡᠰᠡᠭ ᠢᠶᠠᠷ ᠠᠯᠪᠠ ᠪᠠᠷᠢᠬᠤ ᠠᠷᠦ ᠬᠤᠷᠴᠢᠨ ᠬᠦᠷᠤᠨ  ᠲᠦᠷᠪᠡᠳᠦᠭᠡᠷ ᠵᠡᠷᠭᠡ ᠶᠢᠨ ᠲᠠᠶᠢᠵᠢ  ᠲᠦᠷᠪᠡ ᠵᠡᠷᠭᠡ ᠶᠢᠰᠦᠨ ᠬᠤᠰᠢᠭᠤᠨ ᠤ ᠸᠠᠩ ᠬᠦᠩ ᠲᠠᠶᠢᠵᠢ ᠨᠠᠷ ᠢ ᠵᠤᠴᠢᠯᠠᠪᠠ᠃               12 ᠰᠠᠷ᠎ᠠ ᠶᠢᠨ12 ᠤ ᠡᠳᠤᠷ ᠬᠤᠨᠢ ᠶᠢᠨ ᠴᠠᠭ ᠲᠤ ᠬᠠᠭᠠᠨ ᠡᠵᠡᠨ ᠴᠢᠶᠠᠨ ᠴᠢᠩ ᠮᠧᠨ ᠬᠠᠭᠠᠯᠭ᠎ᠠ  ᠳᠤ ᠬᠤᠷᠢᠮ ᠤᠨ ᠰᠢᠷᠡᠭᠡ ᠵᠠᠰᠠᠵᠦ  ᠬᠡᠰᠡᠭ ᠢᠶᠠᠷ ᠠᠯᠪᠠ  ᠪᠠᠷᠢᠬᠤ ᠠᠷᠤ ᠬᠤᠷᠴᠢᠨ ᠬᠦᠷᠤᠨ ᠤ ᠲᠦᠷᠦ ᠪᠠᠶᠢᠯᠡ ᠰᠡᠷᠡᠩ  ᠡᠹᠦ᠋ ᠵᠡᠷᠭᠡ ᠭᠤᠷᠪᠠᠨ ᠬᠤᠰᠢᠭᠤᠨ ᠤ ᠸᠠᠩ ᠬᠦᠩ ᠲᠠᠶᠢᠵᠢ ᠨᠠᠷ ᠢ ᠵᠤᠴᠢᠯᠠᠪᠠ᠃             ᠡᠩᠬᠡ ᠠᠮᠤᠭᠤᠯᠠᠩ   ᠤᠨ18 ᠤᠨ ︵1679 ᠤᠨ︶ ᠤ 9 ᠰᠠᠷ᠎ᠠ ᠶᠢᠨ23 ᠤ ᠡᠳᠤᠷ᠂ ᠬᠤᠨᠢ ᠶᠢᠨ ᠴᠠᠭ ᠲᠤ ᠬᠠᠭᠠᠨ ᠡᠵᠡᠨ ᠴᠢᠶᠠᠨ ᠴᠢᠶᠠᠩ ᠮᠧᠨ ᠬᠠᠭᠠᠯᠭ᠎ᠠ ᠳᠤ ᠬᠤᠷᠢᠮ ᠤᠨ ᠰᠢᠷᠡᠭᠡ ᠵᠠᠰᠠᠵᠦ ᠬᠡᠰᠡᠭ ᠢᠶᠠᠷ ᠠᠯᠪᠠ ᠪᠠᠷᠢᠬᠤ ᠠᠷᠤ  ᠬᠤᠷᠴᠢᠨ ᠬᠦᠷᠤᠨ ᠤ ᠭᠤᠷᠪᠠᠳᠤᠭᠠᠷ ᠵᠡᠷᠭᠡ ᠶᠢᠨ ᠲᠠᠶᠢᠵᠢ ᠲᠠᠷᠠᠮ᠎ᠠ ᠵᠡᠷᠭᠡ ᠶᠢᠰᠦᠨ ᠬᠤᠰᠢᠭᠤ ᠤ ᠸᠠᠩ ᠭᠦᠩ ᠲᠠᠶᠢᠵᠢ ᠨᠠᠷ ᠢ ᠵᠤᠴᠢᠯᠠᠪᠠ᠃         10 ᠰᠠᠷ᠎ᠠ ᠶᠢᠨ12 ᠤ ᠡᠳᠤᠷ  ᠬᠠᠭᠠᠨ ᠡᠵᠡᠨ ᠴᠢᠶᠠᠨ ᠴᠢᠩ ᠮᠧᠨ ᠬᠠᠭᠠᠯᠭ᠎ᠠ ᠳᠤ ᠬᠤᠷᠢᠮ ᠤᠨ ᠰᠢᠷᠡᠭᠡ ᠵᠠᠰᠠᠵᠦ  ᠬᠡᠰᠡᠭ ᠢᠶᠠᠷ ᠠᠯᠪᠠ  ᠪᠠᠷᠢᠬᠤ ᠠᠷᠤ ᠬᠤᠷᠴᠢᠨ ᠬᠦᠷᠤᠨ ᠤ  ᠭᠤᠷᠪᠠᠳᠤᠭᠠᠷ ᠲᠠᠶᠢᠵᠢ ᠲᠠᠳᠠᠪᠠ ᠵᠡᠷᠭᠡ ᠵᠡᠷᠭᠡ  ᠲᠤᠯᠤᠭᠠᠨ ᠬᠤᠰᠢᠭᠤᠨ ᠤ ᠸᠠᠩ ᠬᠦᠩ ᠲᠠᠶᠢᠵᠢ ᠨᠠᠷ ᠢ ᠵᠤᠴᠢᠯᠠᠪᠠ᠃             ᠡᠩᠬᠡ ᠠᠮᠤᠭᠤᠯᠠᠩ   ᠤᠨ19 ᠤᠨ ︵1680 ᠤᠨ︶ ᠤ 9 ᠰᠠᠷ᠎ᠠ ᠶᠢᠨ10 ᠤ ᠡᠳᠤᠷ᠂ ᠬᠤᠨᠢ ᠶᠢᠨ ᠴᠠᠭ ᠲᠤ ᠬᠠᠭᠠᠨ ᠡᠵᠡᠨ ᠴᠢᠶᠠᠨ ᠴᠢᠶᠠᠩ ᠮᠧᠨ ᠬᠠᠭᠠᠯᠭ᠎ᠠ ᠳᠤ ᠬᠤᠷᠢᠮ ᠤᠨ ᠰᠢᠷᠡᠭᠡ ᠵᠠᠰᠠᠵᠦ ᠬᠡᠰᠡᠭ ᠢᠶᠠᠷ ᠠᠯᠪᠠ ᠪᠠᠷᠢᠬᠤ ᠠᠷᠤ  ᠬᠤᠷᠴᠢᠨ ᠬᠦᠷᠤᠨ ᠤ ᠭᠤᠷᠪᠠᠳᠤᠭᠠᠷ ᠵᠡᠷᠭᠡ ᠶᠢᠨ ᠲᠠᠶᠢᠵᠢ ᠰᠢᠬᠢᠬᠦᠷᠳᠤ ᠵᠡᠷᠭᠡ  ᠲᠤᠯᠤᠭᠠᠨ ᠬᠤᠰᠢᠭᠤ ᠤ ᠸᠠᠩ ᠭᠦᠩ ᠲᠠᠶᠢᠵᠢ ᠨᠠᠷ ᠢ ᠵᠤᠴᠢᠯᠠᠪᠠ᠃            10 ᠰᠠᠷ᠎ᠠ ᠶᠢᠨ12 ᠤ ᠡᠳᠤᠷ ᠬᠤᠨᠢ ᠶᠢᠨ ᠴᠠᠭ ᠲᠤ ᠬᠠᠭᠠᠨ ᠡᠵᠡᠨ ᠴᠢᠶᠠᠨ ᠴᠢᠩ ᠮᠧᠨ ᠬᠠᠭᠠᠯᠭ᠎ᠠ  ᠳᠤ ᠬᠤᠷᠢᠮ ᠤᠨ ᠰᠢᠷᠡᠭᠡ ᠵᠠᠰᠠᠵᠦ  ᠬᠡᠰᠡᠭ ᠢᠶᠠᠷ ᠠᠯᠪᠠ  ᠪᠠᠷᠢᠬᠤ ᠠᠷᠤ ᠬᠤᠷᠴᠢᠨ ᠬᠦᠷᠤᠨ ᠤ   ᠲᠦᠷᠪᠡᠳᠦᠭᠡᠷ ᠵᠡᠷᠭᠡ ᠶᠢᠨ ᠲᠠᠶᠢᠵᠢ  ᠭᠤᠨᠳᠤ ᠵᠡᠷᠭᠡ ᠵᠡᠷᠭᠡ  ᠠᠷᠪᠠᠨ ᠬᠤᠰᠢᠭᠤᠨ ᠤ ᠸᠠᠩ ᠬᠦᠩ ᠲᠠᠶᠢᠵᠢ ᠨᠠᠷ ᠢ ᠠᠮᠳᠠᠯᠠᠭᠤᠯᠤᠨ ᠵᠤᠴᠢᠯᠠᠪᠠ᠃             ᠡᠩᠬᠡ ᠠᠮᠤᠭᠤᠯᠠᠩ   ᠤᠨ20 ᠤᠨ ︵1681ᠤᠨ︶ ᠤ 9 ᠰᠠᠷ᠎ᠠ ᠶᠢᠨ21 ᠤ ᠡᠳᠤᠷ ᠬᠤᠨᠢ ᠶᠢᠨ ᠴᠠᠭ ᠲᠤ ᠬᠠᠭᠠᠨ ᠡᠵᠡᠨ ᠵᠢᠩ ᠱᠠᠨ ᠤ ᠡᠮᠤᠨ᠎ᠡ ᠤᠷᠳᠤᠨ ᠳᠤ ᠬᠤᠷᠢᠮ ᠤᠨ ᠰᠢᠷᠡᠭᠡ ᠵᠠᠰᠠᠵᠦ ᠬᠡᠰᠡᠭ ᠢᠶᠠᠷ ᠠᠯᠪᠠ ᠪᠠᠷᠢᠬᠤ ᠠᠷᠤ ᠬᠤᠷᠴᠢᠨ ᠬᠦᠷᠤᠨ ᠤ  ᠵᠢᠶᠦ᠋ᠨ ᠸᠠᠩ ᠡᠹᠦ᠋ ᠰᠡᠷᠡᠩ ᠬᠤᠶᠠᠳᠤᠭᠠᠷ ᠵᠡᠷᠭᠡ ᠶᠢᠨ ᠲᠠᠶᠢᠵᠢ  ᠲᠠᠮᠠᠢ ᠵᠡᠷᠭᠡ   ᠵᠢᠷᠭᠤᠭᠠᠨ ᠬᠤᠰᠢᠭᠤ ᠤ  ᠸᠠᠩ ᠭᠦᠩ ᠲᠠᠶᠢᠵᠢ  ᠨᠠᠷ ᠢ ᠵᠤᠴᠢᠯᠠᠪᠠ᠃          10 ᠰᠠᠷ᠎ᠠ ᠶᠢᠨ13 ᠤ ᠡᠳᠤᠷ ᠬᠤᠨᠢ ᠶᠢᠨ ᠴᠠᠭ ᠲᠤ ᠬᠠᠭᠠᠨ ᠡᠵᠡᠨ ᠵᠢᠩ ᠱᠠᠨ ᠡᠮᠤᠨ᠎ᠡ ᠤᠷᠳᠤᠨ  ᠳᠤ ᠬᠤᠷᠢᠮ ᠤᠨ ᠰᠢᠷᠡᠭᠡ ᠵᠠᠰᠠᠵᠦ ᠬᠡᠰᠡᠭ ᠢᠶᠠᠷ ᠠᠯᠪᠠ ᠪᠠᠷᠢᠬᠤ ᠠᠷᠦ ᠬᠤᠷᠴᠢᠨ ᠬᠦᠷᠤᠨ   ᠭᠤᠷᠪᠠᠳᠤᠭᠠᠷ ᠵᠡᠷᠭᠡ  ᠶᠢᠨ ᠲᠠᠶᠢᠵᠢ   ᠸᠠᠴᠢᠷ ᠵᠡᠷᠭᠡ  ᠠᠷᠪᠠᠨ ᠲᠦᠷᠪᠡᠨ ᠬᠤᠰᠢᠭᠤᠨ ᠤ ᠸᠠᠩ ᠬᠦᠩ ᠲᠠᠶᠢᠵᠢ ᠨᠠᠷ ᠢ ᠵᠤᠴᠢᠯᠠᠪᠠ᠃            22 ᠤ ᠡᠳᠤᠷ ᠬᠤᠨᠢ ᠶᠢᠨ ᠴᠠᠭ ᠲᠤ ᠬᠠᠭᠠᠨ ᠡᠵᠡᠨ ᠵᠢᠩ ᠱᠠᠨ ᠤ ᠡᠮᠤᠨ᠎ᠡ ᠬᠠᠭᠠᠯᠭ᠎ᠠ ᠳᠤ ᠬᠤᠷᠢᠮ  ᠤᠨ ᠰᠢᠷᠡᠭᠡ ᠵᠠᠰᠠᠵᠦ ᠬᠡᠰᠡᠭ ᠢᠶᠠᠷ ᠠᠯᠪᠠ ᠪᠠᠷᠢᠬᠤ ᠠᠷᠦ ᠬᠤᠷᠴᠢᠨ ᠬᠦᠷᠦᠨ ᠤ  ᠲᠦᠷᠪᠡᠳᠦᠭᠡᠷ ᠵᠡᠷᠭᠡ ᠶᠢᠨ ᠲᠠᠶᠢᠵᠢ ᠠᠰᠢᠳᠠ ᠵᠡᠷᠭᠡ  ᠠᠷᠪᠠᠨ ᠬᠤᠰᠢᠭᠤ ᠤ ᠸᠠᠩ ᠬᠦᠩ ᠲᠠᠶᠢᠵᠢ ᠨᠠᠷ ᠢ ᠵᠤᠴᠢᠯᠠᠪᠠ᠃     ᠡᠩᠬᠡ ᠠᠮᠤᠭᠤᠯᠠᠩ   ᠤᠨ21 ᠤᠨ ︵1682ᠤᠨ︶ ᠤ 6ᠰᠠᠷ᠎ᠠ ᠶᠢᠨ25 ᠤ ᠡᠳᠤᠷ  ᠬᠠᠭᠠᠨ ᠡᠵᠡᠨ ᠮᠢᠩ  ᠵᠦ᠂ ᠯᠢ ᠸᠧᠢ ᠵᠡᠷᠭᠡ ᠲᠦᠷᠦ ᠶᠢᠨ ᠲᠦᠰᠢᠮᠡᠯ ᠳᠤ ᠬᠡᠯᠡᠵᠦ ︵ᠴᠠᠬᠠᠷ ᠤᠨ ᠪᠦᠷᠨᠢ ᠤᠷᠪᠠᠯᠭᠠᠨ ᠭᠠᠷᠭᠠᠬᠤ ᠦᠶ᠎ᠡ ᠳᠤ ᠬᠦᠮᠤᠨ ᠲᠤᠮᠢᠯᠠᠵᠦ ᠠᠷᠦ ᠬᠤᠷᠴᠢᠨ ᠤ ᠵᠤᠯᠴᠠᠭᠠᠨ ᠸᠠᠩ ᠳᠤ ᠴᠢᠮᠡᠭᠡ ᠬᠦᠷᠭᠡᠵᠦ  ᠴᠤᠭᠭᠠᠷ ᠤᠷᠪᠠᠯᠭᠠᠨ ᠭᠠᠷᠭᠠᠬᠤ ᠭᠡᠰᠡᠨ ᠳᠤ ᠵᠤᠯᠴᠠᠭᠠᠨ ᠸᠠᠩ ᠬᠠᠷᠢᠶᠠᠳᠤ ᠬᠦᠮᠤᠰ ᠲᠠᠢ ᠪᠠᠨ ᠵᠦᠪᠳᠡᠬᠦ ᠳᠤ ᠰᠡᠷᠡᠩ ᠡᠷᠡᠰ ᠡᠰᠡᠷᠭᠦᠴᠡᠵᠦ ︵ᠪᠢᠳᠡ ᠲᠠᠶᠢᠴᠢᠩ ᠬᠦᠷᠦᠨ ᠲᠠᠢ ᠥᠷᠤᠭ ᠬᠤᠷᠢᠮ ᠤᠨ ᠬᠠᠷᠢᠴᠠᠭ᠎ᠠ ᠲᠠᠢ᠂ ᠡᠨᠡᠷᠢᠯ ᠬᠠᠶᠢᠷ᠎ᠠ ᠶᠢ ᠬᠦᠨᠳᠦ ᠬᠦᠷᠳᠡᠵᠦ᠂ ᠬᠡᠷᠪᠡ ᠪᠦᠷᠨᠢ ᠶᠢ ᠲᠠᠭᠠᠵᠦ ᠤᠷᠪᠠᠯᠭᠠᠨ ᠭᠠᠷᠭᠠᠪᠠᠰᠦ ᠭᠠᠭᠴᠠ ᠸᠠᠩ ᠤᠨ ᠡᠷᠬᠢᠮ ᠤᠨ ᠲᠡᠳᠦᠢ᠂ ᠶᠠᠮᠠᠷ ᠠᠰᠢᠭ ᠬᠡᠷᠡᠭᠳᠠᠢ ᠪᠤᠢ︖ ᠪᠦᠷᠨᠢ ᠶᠢᠨ ᠤᠶᠢᠯᠡ ᠯᠠᠪᠳᠠᠢ ᠪᠦᠳᠦᠬᠦ ᠦᠭᠡᠢ᠃ ᠵᠤᠯᠴᠠᠭᠠᠨ ᠰᠡᠷᠡᠩ ᠤᠨ ᠦᠭᠡ ᠪᠠᠷ ᠪᠦᠷᠨᠢ  ᠶᠢᠨ ᠤᠷᠪᠠᠯᠭᠠᠨ ᠢ ᠡᠰᠡᠷᠭᠦᠴᠡᠵᠦ ᠲᠠᠷᠤᠢ ᠬᠦᠮᠤᠨ ᠲᠤᠮᠢᠯᠠᠵᠦ ᠲᠡᠭᠡᠭᠰᠢ ᠮᠡᠳᠡᠬᠦᠯᠪᠠ︶        10 ᠰᠠᠷ᠎ᠠ ᠶᠢᠨ14 ᠤ ᠡᠳᠤᠷ ᠬᠤᠨᠢ ᠶᠢᠨ ᠴᠠᠭ ᠲᠤ ᠬᠠᠭᠠᠨ ᠡᠵᠡᠨ ᠵᠢᠩ ᠱᠠᠨ ᠡᠮᠤᠨ᠎ᠡ ᠤᠷᠳᠤᠨ ᠳᠤ ᠬᠤᠷᠢᠮ ᠤᠨ ᠰᠢᠷᠡᠭᠡ ᠵᠠᠰᠠᠵᠦ ᠬᠡᠰᠡᠭ ᠢᠶᠠᠷ ᠠᠯᠪᠠ ᠪᠠᠷᠢᠬᠤ ᠠᠷᠦ ᠬᠤᠷᠴᠢᠨ ᠬᠦᠷᠤᠨ ᠤ ᠭᠤᠷᠪᠠᠳᠤᠭᠠᠷ ᠵᠡᠷᠭᠡ ᠶᠢᠨ ᠲᠠᠶᠢᠵᠢ ᠲᠠᠳᠪᠠ ᠵᠡᠷᠭᠡ  ᠲᠤᠯᠤᠭᠠᠨ  ᠬᠤᠰᠢᠭᠤᠨ ᠤ ᠸᠠᠩ ᠬᠦᠩ ᠲᠠᠶᠢᠵᠢ ᠨᠠᠷ ᠢ ᠵᠤᠴᠢᠯᠠᠪᠠ᠃         12 ᠰᠠᠷ᠎ᠠ ᠶᠢᠨ29 ᠤ ᠡᠳᠦᠷ ᠦᠳᠡ ᠶᠢᠨ ᠦᠶ᠎ᠡ ᠳᠤ ᠬᠠᠭᠠᠨ ᠡᠵᠡᠨ ᠪᠤᠤ ᠾᠧ ᠲᠢᠶᠠᠨ  ᠤᠷᠳᠤᠨ ᠳᠤ ᠲᠦᠷᠦ ᠳᠤ ᠢᠷᠡᠭᠰᠡᠨ ᠠᠷᠦ ᠬᠤᠷᠴᠢᠨ ᠬᠦᠷᠦᠨ ᠤ ᠲᠦᠷᠪᠡᠳᠦᠭᠡᠷ ᠵᠡᠷᠬᠡ ᠶᠢᠨ ᠲᠠᠶᠢᠵᠢ ᠭᠤᠶᠤᠷ ᠵᠡᠷᠭᠡ21 ᠬᠤᠰᠢᠭᠤᠨ ᠤ ᠸᠠᠩ ᠬᠦᠩ ᠲᠠᠶᠢᠵᠢ ᠨᠠᠷ ᠲᠠᠢ ᠬᠤᠷᠢᠮ ᠤᠨ ᠰᠢᠷᠡᠭᠡᠨ ᠳᠤ ᠰᠠᠭᠤᠵᠦ ᠬᠠᠭᠠᠨ ᠠᠴᠠ ᠸᠠᠩ ᠬᠦᠩ  ᠲᠠᠢ ᠬᠠᠮᠳᠦ ᠠᠷᠢᠬᠢᠳᠠᠵᠦ ᠪᠠᠶᠠᠷ ᠪᠠᠶᠠᠰᠬᠤᠯᠠᠩ ᠪᠢᠯᠬᠠᠪᠠ᠃        ᠡᠩᠬᠡ ᠠᠮᠤᠭᠤᠯᠠᠩ   ᠤᠨ22 ᠤᠨ ︵1683ᠤᠨ︶ ᠤ  ᠴᠠᠭᠠᠨ‌‍ᠰᠠᠷ᠎ᠠ ᠶᠢᠨ14 ᠤ ᠡᠳᠤᠷ ᠴᠠᠭᠠᠨ ᠰᠠᠷ᠎ᠠ  ᠶᠢᠨ15 ᠤ ᠪᠠᠶᠠᠷ ᠬᠡᠵᠦ ᠲᠦᠷᠦ ᠳᠤ ᠢᠷᠡᠭᠰᠡᠨ ᠮᠤᠩᠭᠤᠯ ᠸᠠᠩ ᠬᠦᠩ ᠲᠠᠶᠢᠵᠢ ᠨᠠᠷ ᠠᠷᠦ ᠬᠤᠷᠴᠢᠨ ᠬᠦᠷᠦᠨ ᠤ ᠲᠦᠷᠪᠡᠳᠦᠭᠡᠷ ᠵᠡᠷᠭᠡ ᠶᠢᠨ ᠲᠠᠶᠢᠵᠢ ᠭᠤᠨᠳᠤ ᠵᠡᠷᠭᠡ21 ᠬᠤᠰᠢᠭᠤ ᠵᠢᠴᠢ ᠲᠦᠷᠦ ᠶᠢᠨ ᠲᠦᠰᠢᠮᠠᠯ ᠨᠠᠷ ᠲᠠᠢ ᠬᠠᠮᠳᠦ ᠬᠠᠭᠠᠨ ᠡᠵᠡᠨ ᠠᠷᠢᠬᠢᠳᠠᠨ ᠪᠠᠶᠠᠷ ᠪᠠᠶᠠᠰᠬᠤᠯᠠᠩ ᠪᠢᠯᠬᠠᠪᠠ᠃       6ᠰᠠᠷ᠎ᠠ ᠶᠢᠨ2 ᠤ ᠡᠳᠤᠷ ᠬᠤᠨᠢ ᠶᠢᠨ ᠴᠠᠭ ᠲᠤ ᠬᠠᠭᠠᠨ ᠡᠵᠡᠨ ᠵᠢᠩ ᠱᠠᠨ ᠡᠮᠤᠨ᠎ᠡ ᠤᠷᠳᠤᠨ ᠳᠤ ᠬᠤᠷᠢᠮ ᠤᠨ ᠰᠢᠷᠡᠭᠡ ᠵᠠᠰᠠᠵᠦ ᠬᠡᠰᠡᠭ ᠢᠶᠠᠷ ᠠᠯᠪᠠ ᠪᠠᠷᠢᠬᠤ ᠠᠷᠦ ᠬᠤᠷᠴᠢᠨ ᠬᠦᠷᠤᠨ ᠤ ᠬᠤᠶᠠᠳᠤᠭᠠᠷ ᠵᠡᠷᠭᠡ ᠶᠢᠨ ᠲᠠᠶᠢᠵᠢ ᠨᠠᠩᠵᠢᠳ ᠵᠡᠷᠭᠡ ᠠᠷᠪᠠᠨ ᠭᠤᠷᠪᠠᠨ  ᠬᠤᠰᠢᠭᠤᠨ ᠤ ᠸᠠᠩ ᠬᠦᠩ ᠲᠠᠶᠢᠵᠢ ᠨᠠᠷ ᠢ ᠵᠤᠴᠢᠯᠠᠪᠠ᠃       7 ᠰᠠᠷ᠎ᠠ ᠶᠢᠨ1 ᠤ ᠡᠳᠦᠷ ᠬᠠᠭᠠᠨ ᠡᠵᠡᠨ ᠰᠠᠶᠢᠬᠠᠨ ᠲᠠᠪᠠᠭᠠᠨ ᠤ ᠪᠠᠶᠢᠴᠠ ᠭᠠᠵᠠᠷ ᠲᠤ  ᠬᠤᠨᠤᠭᠯᠠᠵᠦ᠂ ᠮᠥᠨ ᠡᠳᠦᠷ ᠶᠠᠪᠤᠭᠤᠯ ᠤᠷᠳᠦ ᠪᠤᠰᠬᠠᠵᠦ᠂ ᠰᠢᠷ᠎ᠠ ᠪᠦᠷᠬᠦᠬᠡ ᠳᠤ ᠬᠠᠭᠠᠨ ᠡᠵᠡᠨ ᠪᠠᠶᠢᠷᠢᠰᠢᠵᠦ ᠮᠤᠷᠢᠨ ᠤ ᠬᠠᠮᠢᠶᠠᠷᠤᠭᠴᠢ ᠠᠷᠦ  ᠬᠤᠷᠴᠢᠨ ᠬᠦᠷᠦᠨ ᠤ ᠲᠦᠷᠦ ᠶᠢᠨ ᠵᠢᠶᠦ᠋ᠨ ᠸᠠᠩ ᠰᠡᠷᠡᠩ ᠡᠹᠦ᠋᠂ ᠬᠤᠰᠢᠭᠤᠨ ᠤ  ᠡᠹᠦ᠋ ᠪᠠᠳᠮ᠎ᠠ᠂ ᠲᠤᠰᠠᠯᠠᠭᠴᠢ ᠲᠠᠶᠢᠵᠢ ᠴᠤ  ᠵᠢᠢ᠂ ᠬᠤᠶᠠᠳᠤᠭᠠᠷ ᠵᠡᠷᠭᠡ ᠶᠢᠨ ᠲᠠᠶᠢᠵᠢ ᠡᠰᠢᠨ᠂ ᠭᠤᠷᠪᠠᠳᠤᠭᠠᠷ ᠵᠡᠷᠭᠡ  ᠶᠢᠨ ᠲᠠᠶᠢᠵᠢ ᠰᠡᠷᠵᠠᠢ᠂ ᠲᠦᠷᠪᠡᠳᠦᠭᠡᠷ ᠵᠡᠷᠭᠡ ᠶᠢᠨ ᠲᠠᠶᠢᠵᠢ ᠪᠠᠳᠮᠠᠰᠠᠩ ᠵᠢᠴᠢ  ᠮᠤᠩᠭᠤᠯ ᠴᠡᠷᠢᠭ  ᠨᠤᠶᠠᠨ ᠢ ᠶᠡᠭᠡ ᠬᠤᠷᠢᠮ ᠤᠨ ᠲᠠᠶᠢᠯᠠᠯᠭ᠎ᠠ ᠬᠢᠵᠦ ᠪᠠᠶᠠᠷᠯᠠᠯᠴᠠᠵᠦ᠂ ᠬᠠᠭᠠᠨ ᠡᠵᠡᠨ ᠵᠠᠷᠯᠢᠭᠳᠠᠵᠦ ᠨᠢᠭᠡᠳᠦᠭᠡᠷ ᠲᠠᠶᠢᠵᠢ ᠠᠴᠠ ᠲᠡᠭᠡᠭᠰᠢ ᠸᠠᠩ ᠬᠦᠩ ᠨᠤᠶᠠᠳ ᠬᠠᠭᠠᠨ ᠤ ᠲᠠᠷᠭᠡᠳᠡ ᠢᠷᠡᠵᠦ᠂ ᠬᠠᠭᠠᠨ ᠠᠴᠠ ᠦᠪᠷ ᠢᠶᠠᠨ ᠠᠷᠢᠬᠢ ᠪᠠᠷᠢᠵᠦ ᠴᠡᠩᠬᠡᠯᠳᠡᠵᠦ ᠪᠦᠬᠦᠳᠡᠭᠡᠷ ᠬᠠᠭᠠᠨ ᠡᠵᠡᠨ ᠤ  ᠡᠨᠡᠷᠢᠯ ᠬᠠᠶᠢᠷ᠎ᠠ ᠶᠢ ᠲᠠᠯᠠᠷᠬᠠᠵᠦ ᠲᠠᠷᠬᠠᠪᠠ᠃ ᠮᠤᠭᠠᠢ ᠴᠠᠭ ᠲᠤ ᠬᠠᠭᠠᠨ ᠡᠵᠡᠨ  ᠬᠤᠸ᠋ᠩ  ᠲᠠᠶᠢᠬᠦᠤ᠂ ᠬᠤᠸ᠋ᠩ ᠭᠤᠷᠪᠠᠳᠤᠭᠠᠷ ᠬᠦᠤ ᠲᠠᠢ ᠬᠤᠸ᠋ᠩ  ᠲᠠᠶᠢᠬᠦᠤ ᠤ ᠶᠠᠪᠤᠭᠤᠯ ᠤᠷᠳᠤᠨ ᠬᠦᠷᠴᠦ ᠲᠠᠢ ᠬᠤᠸ᠋ᠩ  ᠲᠠᠶᠢᠬᠦᠤ ᠶᠢ ᠲᠡᠷᠭᠡᠨ ᠲᠡᠭᠡᠷ᠎ᠡ ᠵᠠᠯᠠᠨ ᠰᠠᠭᠤᠯᠭᠠᠵᠦ ᠮᠤᠩᠭᠤᠯ ᠸᠠᠩ ᠬᠦᠩ ᠵᠠᠮ ᠤᠨ ᠬᠠᠵᠠᠭᠤ ᠳᠤ ᠰᠦᠬᠦᠳᠡᠨ ᠮᠦᠷᠬᠦᠵᠦ  ᠬᠦᠷᠭᠡᠪᠠ᠂ ᠬᠠᠭᠠᠨ ᠠᠴᠠ ᠮᠤᠷᠢ ᠤᠨᠤᠵᠦ ᠸᠧᠢ ᠾᠧ ᠳᠤ ᠬᠤᠨᠤᠭᠯᠠᠵᠦ ᠤᠷᠤᠢ ᠶᠢᠨ ᠦᠶ᠎ᠡ ᠳᠤ ᠮᠤᠷᠢᠨ ᠤ ᠬᠠᠮᠢᠶᠠᠷᠤᠭᠴᠢ ᠨᠤᠶᠠᠨ ᠠᠷᠦ  ᠬᠤᠷᠴᠢᠨ ᠬᠦᠷᠦᠨ ᠤ ᠬᠤᠰᠢᠭᠤᠨ ᠤ ᠲᠦᠷᠦ ᠶᠢᠨ ᠵᠢᠶᠦ᠋ᠨ ᠸᠠᠩ ᠰᠡᠷᠡᠩ ᠡᠹᠦ᠋ ᠳᠤ ᠰᠡᠷᠢᠬᠦᠨ ᠮᠠᠯᠠᠭᠠᠢ᠂ ᠮᠠᠩᠨᠤᠭ ᠲᠡᠪᠡᠯ᠂ ᠲᠤᠷᠭ᠎ᠠ ᠶᠢᠨ ᠪᠦᠷᠬᠦᠪᠴᠢ᠂ ᠭᠤᠳᠤᠯ᠂ ᠰᠢᠷᠦ᠂ ᠨᠤᠭᠤᠭᠠᠨ ᠦᠩᠬᠡᠳᠠᠢ ᠠᠯᠳᠠᠨ ᠳ᠋ᠠᠶᠢᠰᠠ᠂ ᠰᠠᠳᠠᠭ ᠨᠤᠮᠤ᠂ ᠨᠤᠮᠦ ᠰᠤᠮᠦ ᠱᠠᠩᠨᠠᠪᠠ᠂ ᠨᠢᠭᠡᠳᠦᠭᠡᠷ ᠵᠡᠷᠭᠡ ᠶᠢᠨ ᠲᠠᠶᠢᠵᠢ ᠠᠴᠠ ᠲᠦᠷᠪᠡᠳᠦᠭᠡᠷ ᠵᠡᠷᠭᠡ ᠶᠢᠨ ᠲᠠᠶᠢᠵᠢ ᠵᠠᠬᠢᠷᠤᠭᠴᠢ᠂ ᠮᠠᠶᠢᠷᠠᠨ᠂ ᠵᠠᠯᠠᠨ᠂ ᠰᠤᠮᠤᠨ ᠵᠠᠩᠬᠢ ᠵᠢᠴᠢ ᠠᠪᠠ  ᠶᠢᠨ ᠴᠡᠷᠢᠭ ᠶᠢᠨ ᠲᠠᠪᠡᠯ ᠮᠠᠯᠠᠭᠠᠢ᠂ ᠪᠦᠰ ᠭᠠᠳᠠᠷ᠂ ᠳ᠋ᠠᠶᠢᠰᠠ᠂ ᠲᠤᠷᠭ᠎ᠠ᠂ ᠪᠦᠰ ᠮᠦᠩᠬᠦ ᠵᠡᠷᠬᠡ ᠰᠠᠩᠨᠠᠪᠠ᠃        7 ᠰᠠᠷ᠎ᠠ ᠶᠢᠨ2 ᠤ ᠡᠳᠦᠷ ᠬᠠᠭᠠᠨ ᠡᠵᠡᠨ ᠸᠧᠢ ᠾᠧ ᠳᠤ ᠪᠠᠭᠤᠳᠠᠯᠠᠵᠦ᠂ ᠮᠦᠨ ᠡᠳᠦᠷ ᠬᠠᠭᠠᠨ ᠡᠵᠡᠨ ᠠᠷᠦ ᠬᠤᠷᠴᠢᠨ ᠬᠦᠷᠦᠨ ᠤ ᠬᠤᠰᠢᠭᠤᠨ ᠤ ᠲᠦᠷᠦ ᠶᠢᠨ ᠵᠢᠶᠦ᠋ᠨ ᠸᠠᠩ ᠡᠹᠦ᠋ ᠵᠡᠷᠭᠡ ᠲᠦᠷᠪᠡᠨ ᠬᠤᠰᠢᠭᠤᠨ ᠤ ᠸᠠᠩ ᠬᠦᠩ ᠲᠠᠶᠢᠵᠢ ᠵᠢᠴᠢ ᠮᠤᠷᠢᠨ ᠳᠤ ᠲᠠᠶᠢᠯᠠᠬᠤ ᠴᠡᠷᠢᠭ ᠨᠤᠶᠠᠨ ᠳᠤ ᠬᠡᠯᠡᠷᠤᠨ ︵ᠬᠦᠮᠦᠨ ᠤ ᠨᠢᠭᠡ ᠪᠡᠶ᠎ᠡ ᠵᠤᠰᠦ ᠵᠦᠢ  ᠶᠢ ᠡᠷᠬᠢᠮᠯᠡᠬᠦ ᠬᠡᠷᠡᠭᠳᠠᠢ᠂ ᠵᠠᠷᠢᠮ ᠬᠦᠮᠤᠨ ᠲᠠᠴᠢᠶᠠᠩᠭᠤᠢ ᠬᠦᠰᠡᠯ ᠬᠤᠯᠪᠤᠭᠳᠠᠵᠦ᠂ ᠲᠤᠷ᠎ᠠ ᠪᠠᠷ ᠠᠭᠠᠰᠢᠯᠠᠵᠦ ᠪᠠᠶᠢᠭᠠᠳ ᠪᠠᠶ᠎ᠡ ᠦᠷᠬᠦᠭᠳᠡᠭᠰᠡᠡ ᠪᠠᠰᠠ ᠪᠠᠶᠢᠨ᠎ᠠ᠃ ᠮᠡᠬᠦᠰ ᠪᠢ ᠦᠵᠡᠵᠦ ᠵᠠᠷᠢᠮ ᠬᠦᠮᠤᠨ ᠵᠤᠰᠦ ᠵᠦᠢ ᠮᠡᠳᠡᠬᠦ ᠦᠭᠡᠢ ᠵᠠᠯ᠎ᠠ ᠳᠤ ᠤᠨᠠᠵᠦ ᠦᠨᠡᠭᠡᠷ ᠬᠦᠭᠡᠷᠤᠬᠡᠢ᠃ ᠡᠳᠦᠭᠡ ᠠᠷᠦ ᠬᠤᠷᠴᠢᠨ ᠤᠩᠨᠢᠭᠤᠳ ᠬᠤᠶᠠᠷ ᠬᠤᠰᠢᠭᠤ ᠲᠡᠭᠡᠷᠡᠮ ᠬᠤᠯᠠᠭᠠᠢ ᠠᠷᠪᠢᠳᠠᠵᠦ᠂ ᠭᠡᠳᠡᠯ᠎ᠡ ᠲᠡᠭᠡᠷᠡᠮᠳᠠᠨ ᠬᠤᠯᠠᠭᠠᠶᠢᠯᠠᠬᠤ ᠨᠢ ᠪᠠᠶᠠᠵᠢᠭᠰᠠᠨ ᠨᠢ ᠭᠡᠳᠦ ᠪᠠᠶᠢᠬᠤ ᠪᠤᠢ︖ ᠲᠡᠭᠡᠷᠡᠮ ᠬᠤᠯᠠᠭᠠᠢ ᠪᠤᠯᠵᠦ ᠮᠠᠭᠤ ᠨᠡᠷ᠎ᠡ ᠢ ᠡᠬᠦᠷᠴᠦ ᠠᠯᠭᠳᠠᠬᠤ ᠶᠠᠯ᠎ᠠ ᠳᠤ ᠤᠨᠠᠭᠳᠠᠵᠦ ᠶᠠᠮᠪᠠᠷ ᠬᠡᠷᠡᠭ ᠪᠤᠢ︖ ᠨᠢᠭᠡ ᠭᠡᠷ ᠤᠨ ᠪᠠᠶᠠᠨ ᠶᠠᠳᠠᠭᠤ  ᠪᠦᠷ ᠦᠪᠡᠷ ᠤᠨ ᠵᠢᠶᠠᠭ᠎ᠠ ᠪᠤᠯᠤᠨ᠎ᠠ᠂ ᠬᠠᠷᠰᠢᠯᠠᠨ ᠵᠦᠷᠴᠢᠵᠦ ᠪᠤᠯᠬᠤ ᠪᠤᠰᠦ᠂ ᠲᠠ ᠨᠠᠷ ᠬᠠᠤᠯᠢ ᠴᠠᠭᠠᠵᠠ ᠶᠢ ᠰᠠᠬᠢᠨ ᠵᠢᠷᠤᠮᠯᠠᠵᠦ ᠨᠢᠭᠡ ᠡᠷᠤᠬᠡ ᠳᠤ ᠨᠢᠭᠡ ᠬᠤᠶᠡᠷ ᠮᠠᠯ ᠲᠡᠵᠢᠭᠡᠯᠭᠡᠵᠦ᠂ ᠡᠪᠡᠰᠦ ᠪᠡᠯᠴᠢᠭᠡᠷ ᠤᠨ ᠰᠠᠶᠢᠨ ᠢ ᠰᠤᠩᠭᠤᠵᠦ ᠮᠠᠯᠵᠢᠯ ᠬᠢᠵᠦ᠂ ᠬᠦᠴᠦᠳᠠᠢ ᠬᠦᠳᠡᠯᠮᠤᠷᠢᠯᠡᠪᠡᠰᠦ ᠠᠮᠢᠳᠤᠷᠠᠯ ᠯᠠᠪ ᠰᠠᠶᠢᠵᠢᠷᠠᠬᠤ ᠪᠤᠢ᠂ ᠡᠨᠡ ᠠᠨᠤ ᠲᠡᠭᠷᠢ ᠶᠢᠨ ᠦᠷᠦᠰᠢᠶᠡᠯ ᠪᠢᠰᠢᠤ︖ ᠡᠭᠦᠨ ᠠᠴᠠ ᠬᠤᠶᠢᠰᠢ ᠲᠤᠩ ᠶᠠᠳᠠᠭᠤ ᠡᠷᠤᠬᠡ ᠭᠠᠷᠬᠤ  ᠳᠤ ᠲᠠ ᠤᠷᠤᠨ ᠤ ᠡᠵᠡᠨ ᠪᠤᠯᠤᠭᠴᠢ ᠡᠷᠬᠡᠪᠡᠰᠢ ᠲᠡᠮᠵᠢᠬᠦ ᠬᠡᠷᠡᠭᠳᠠᠢ᠃ ᠬᠡᠷᠪᠡ ᠦᠯᠤᠰᠬᠦᠯᠡᠩ ᠡᠷᠤᠬᠡ ᠰᠠᠷᠨᠢᠨ ᠪᠤᠳᠠᠷᠠᠬᠦ ᠳᠤ ᠲᠠᠨᠠᠷ ᠤᠨ ᠰᠡᠳᠬᠢᠯ ᠠᠮᠤᠷ  ᠪᠠᠶᠢᠨᠤ︖  ᠮᠡᠬᠦᠰ ᠪᠢ ᠲᠤᠳᠤᠨ᠎ᠠ ᠭᠠᠳᠠᠨ᠎ᠠ ᠶᠢ ᠨᠢᠭᠡ ᠶᠠᠩᠵᠦ ᠦᠵᠡᠵᠦ ᠭᠠᠶᠢᠮᠰᠢᠭ ᠭᠠᠢ ᠤᠴᠠᠷᠠᠪᠠᠰᠦ ᠠᠮᠤ ᠪᠤᠳᠠᠭ᠎ᠠ ᠲᠡᠭᠡᠪᠤᠷᠢᠯᠠᠵᠦ ᠲᠡᠳᠭᠦᠨ᠂ ᠵᠠᠷᠢᠮ ᠶᠠᠳᠠᠭᠤ ᠡᠷᠤᠬᠡ ᠳᠤ ᠦᠬᠡᠷ᠂ ᠬᠤᠨᠢ᠂ ᠪᠦᠰ ᠲᠤᠷᠭ᠎ᠠ ᠪᠠᠷ ᠲᠡᠳᠬᠦᠵᠦ ᠠᠮᠢᠳᠤᠷᠠᠯ ᠢ ᠨᠢ ᠰᠠᠶᠢᠵᠢᠷᠠᠭᠤᠯᠤᠨ᠎ᠠ᠃ ᠡᠭᠦᠨ ᠠᠴᠠ ᠬᠤᠶᠢᠰᠢ ᠲᠠᠨᠠᠷ ᠵᠤᠰᠤ ᠵᠢᠷᠤᠮ ᠢ ᠰᠠᠶᠢᠳᠤᠷ ᠰᠠᠬᠢᠵᠦ᠂ ᠮᠠᠭᠤ ᠵᠠᠩ ᠵᠠᠩᠰᠢᠯ ᠢ ᠤᠷᠬᠢᠵᠦ᠂ ᠮᠡᠭᠦᠰ ᠮᠢᠨᠦ ᠰᠡᠳᠬᠢᠯ ᠢ ᠮᠡᠳᠡᠬᠦ ᠬᠡᠷᠡᠭᠳᠠᠢ︶ ᠭᠡᠰᠡᠨ ᠳᠤ ᠰᠡᠷᠡᠩ᠂ ᠪᠢᠯᠬᠦᠨᠳᠠᠯᠠᠢ᠂ ᠷᠠᠰᠢ᠂  ᠪᠠᠨᠳᠠᠢ ᠲᠦᠷᠪᠡᠨ ᠸᠠᠩ ᠲᠠᠯᠠᠷᠬᠠᠨ ᠬᠡᠯᠡᠷᠤᠨ ︵ᠬᠠᠭᠠᠨ ᠡᠵᠡᠨ ᠪᠤᠭᠳᠠ ᠮᠡᠷᠭᠡᠨ᠂ ᠮᠠᠨ ᠤ ᠮᠤᠩᠭᠤᠯ ᠤᠨ ᠠᠮᠢᠳᠤᠷᠠᠯ ᠢ ᠨᠡᠪᠳᠡ ᠮᠡᠳᠠᠵᠦ᠂ ᠡᠭᠦᠨ ᠠᠴᠠ ᠬᠤᠶᠢᠰᠢ ᠪᠤᠷᠤᠭᠤ ᠲᠤᠳᠠᠭᠳᠠᠯ ᠢᠶᠠᠨ ᠤᠷᠬᠢᠨ ᠬᠠᠯᠠᠵᠦ᠂ ᠤᠯᠤᠰ ᠤᠨ  ᠬᠠᠤᠯᠢ ᠴᠠᠭᠠᠵᠠ ᠶᠢ ᠰᠠᠶᠢᠳᠤᠷ ᠰᠠᠬᠢᠨ ᠡᠷᠬᠢᠮᠯᠡᠵᠦ᠂ ᠬᠠᠭᠠᠨ  ᠤ ᠰᠦᠷ ᠵᠢᠪᠬᠤᠭ᠎ᠠ ᠤᠯᠤᠰ ᠲᠠᠠᠶᠠᠭᠠᠷ ᠳᠤ  ᠬᠢᠯᠪᠠᠭ᠎ᠠ ᠭᠡᠷᠡᠯᠳᠤᠵᠦ᠂ ᠤᠯᠠᠨ ᠠᠶᠢᠮᠠᠭ ᠤᠨ ᠰᠤᠷᠭᠠᠯ ᠪᠤᠯᠵᠦ ᠡᠨᠡ ᠠᠨᠦ ᠤᠯᠤᠰ ᠬᠦᠴᠦᠷᠬᠡᠭ ᠤᠨ ᠰᠢᠯᠳᠠᠭᠠᠨ ᠪᠤᠯᠤᠨ᠎ᠠ︶ ᠬᠡᠵᠦ ᠲᠠᠯᠠᠷᠬᠠᠨ ᠮᠦᠷᠬᠦᠪᠡ᠃        9 ᠰᠠᠷ᠎ᠠ ᠶᠢᠨ1 ᠤ ᠡᠳᠤᠷ ᠬᠤᠨᠢ ᠶᠢᠨ ᠴᠠᠭ ᠲᠤ ᠬᠠᠭᠠᠨ ᠡᠵᠡᠨ ᠴᠢᠶᠠᠨ ᠴᠢᠩ ᠮᠧᠨ ᠬᠠᠭᠠᠯᠭ᠎ᠠ ᠳᠤ ᠬᠤᠷᠢᠮ ᠤᠨ ᠰᠢᠷᠡᠭᠡ ᠵᠠᠰᠠᠵᠦ  ᠬᠡᠰᠡᠭ ᠢᠶᠠᠷ ᠠᠯᠪᠠ  ᠪᠠᠷᠢᠬᠤ ᠠᠷᠤ ᠬᠤᠷᠴᠢᠨ ᠬᠦᠷᠤᠨ ᠤ   ᠲᠦᠷᠪᠡᠳᠦᠭᠡᠷ ᠵᠡᠷᠭᠡ  ᠶᠢᠨ ᠲᠠᠶᠢᠵᠢ ᠰᠠᠭᠳᠠᠷ ᠵᠡᠷᠭᠡ ᠵᠡᠷᠭᠡ ᠲᠦᠷᠪᠡᠨ ᠬᠤᠰᠢᠭᠤᠨ ᠤ ᠸᠠᠩ ᠬᠦᠩ ᠲᠠᠶᠢᠵᠢ ᠨᠠᠷ ᠢ ᠠᠮᠳᠠᠯᠠᠭᠤᠯᠤᠨ ᠵᠤᠴᠢᠯᠠᠪᠠ᠃        10 ᠰᠠᠷ᠎ᠠ ᠶᠢᠨ15 ᠤ ᠡᠳᠤᠷ ᠬᠤᠨᠢ ᠶᠢᠨ ᠴᠠᠭ ᠲᠤ ᠬᠠᠭᠠᠨ ᠡᠵᠡᠨ ᠵᠢᠩ ᠱᠠᠨ ᠤ ᠡᠮᠤᠨ᠎ᠡ ᠤᠷᠳᠤᠨ  ᠳᠤ ᠬᠤᠷᠢᠮ ᠤᠨ ᠰᠢᠷᠡᠭᠡ ᠵᠠᠰᠠᠵᠦ  ᠵᠠᠷᠯᠢᠭ ᠢᠶᠠᠷ ᠲᠦᠷᠦ ᠳᠤ ᠢᠷᠡᠭᠰᠡᠡ ᠠᠷᠦ ᠬᠤᠷᠴᠢᠨ ᠬᠦᠷᠤᠨ ᠤ  ᠬᠤᠶᠠᠳᠤᠭᠠᠷ ᠲᠠᠶᠢᠵᠢ  ᠲᠠᠮᠠᠢ ᠵᠡᠷᠭᠡ  ᠠᠷᠪᠠᠨ ᠲᠦᠷᠪᠡᠨ ᠬᠤᠰᠢᠭᠤᠨ ᠤ ᠸᠠᠩ ᠬᠦᠩ ᠲᠠᠶᠢᠵᠢ ᠨᠠᠷ ᠢ ᠵᠤᠴᠢᠯᠠᠪᠠ᠃         12 ᠰᠠᠷ᠎ᠠ ᠶᠢᠨ29 ᠤ ᠡᠳᠤᠷ ᠦᠳᠡ ᠶᠢᠨ ᠦᠶ᠎ᠡ ᠳᠤ ᠰᠢᠨ᠎ᠡ ᠵᠢᠯ ᠤᠨ ᠪᠠᠶᠠᠷ ᠭᠡᠵᠦ ᠬᠠᠭᠠᠨ ᠡᠵᠡᠨ ᠪᠤᠤ ᠾᠧ ᠲᠢᠶᠠᠨ ᠤᠷᠳᠤᠨ ᠳᠤ ᠬᠤᠷᠢᠮ ᠤᠨ ᠰᠢᠷᠡᠭᠡ ᠵᠠᠰᠠᠵᠦ ᠠᠷᠦ ᠬᠤᠷᠴᠢᠨ ᠬᠦᠷᠤᠨ ᠤ ᠬᠤᠶᠠᠳᠤᠭᠠᠷ ᠵᠡᠷᠭᠡ  ᠶᠢᠨ ᠲᠠᠶᠢᠵᠢ ᠭᠤᠨᠳᠤ ᠵᠡᠷᠭᠡ ᠬᠤᠷᠢᠨ ᠲᠦᠷᠪᠡᠨ ᠬᠤᠰᠢᠭᠤᠨ ᠤ ᠸᠠᠩ ᠭᠦᠩ ᠲᠠᠶᠢᠵᠢ ᠢ ᠵᠤᠴᠢᠯᠠᠵᠦ ᠬᠠᠭᠠᠨ ᠡᠵᠡᠨ ᠪᠦᠭᠦᠳᠡᠭᠡᠷ ᠲᠠᠢ ᠠᠷᠢᠬᠢᠳᠠᠵᠦ ᠪᠠᠶᠠᠷᠯᠠᠪᠠ᠃         ᠡᠩᠬᠡ ᠠᠮᠤᠭᠤᠯᠠᠩ ᠤᠨ 23 ᠤᠨ ᠤ ︵1684 ᠤᠨ︶ ᠴᠠᠭᠠᠨ ᠰᠠᠷ᠎ᠠ ᠶᠢᠨ 14 ᠤ ᠡᠳᠤᠷ15 ᠤ ᠡᠳᠦᠷ ᠢ ᠪᠡᠯᠬᠡᠯᠡᠬᠦ ᠶᠢᠨ ᠲᠦᠯᠦᠭᠡ ᠬᠠᠭᠠᠨ ᠡᠵᠡᠨ ᠦᠳᠡ ᠶᠢᠨ ᠦᠶ᠎ᠡ ᠳᠤ ᠪᠤᠤ ᠾᠧ ᠲᠢᠶᠠᠨ ᠤᠷᠳᠤᠨ ᠳᠤ ᠬᠤᠷᠢᠮ ᠤᠨ ᠰᠢᠷᠡᠭᠡ ᠵᠠᠰᠠᠵᠦ ᠲᠦᠷᠦ ᠳᠤ ᠢᠷᠡᠭᠰᠡᠨ ᠮᠤᠩᠭᠤᠯ ᠤᠨ ᠠᠷᠦ ᠬᠤᠷᠴᠢᠨ ᠤ ᠬᠤᠶᠠᠳᠤᠭᠠᠷ ᠵᠡᠷᠭᠡ ᠶᠢᠨ ᠲᠠᠶᠢᠵᠢ ᠭᠤᠨᠳᠦ ᠵᠡᠷᠭᠡ ᠬᠤᠷᠢᠨ ᠲᠦᠷᠪᠡᠨ ᠬᠤᠰᠢᠭᠤᠨ ᠤ ᠸᠠᠩ ᠬᠦᠩ ᠲᠠᠶᠢᠵᠢ ᠨᠠᠷ ᠲᠠᠢ ᠠᠷᠢᠬᠢᠳᠠᠵᠦ  ᠨᠠᠶᠢᠷᠠᠯᠳᠠᠪᠠ᠃         8 ᠰᠠᠷ᠎ᠠ ᠶᠢᠨ29 ᠤ ᠡᠳᠤᠷ ᠬᠤᠨᠢ ᠶᠢᠨ ᠴᠠᠭ ᠲᠤ ᠬᠠᠭᠠᠨ ᠡᠵᠡᠨ ᠵᠢᠩ ᠱᠠᠨ ᠡᠮᠤᠨ᠎ᠡ ᠤᠷᠳᠤᠨ ᠳᠤ ᠬᠤᠷᠢᠮ ᠤᠨ ᠰᠢᠷᠡᠭᠡ ᠵᠠᠰᠠᠵᠦ ᠬᠡᠰᠡᠭ ᠢᠶᠠᠷ ᠠᠯᠪᠠ ᠪᠠᠷᠢᠬᠤ ᠠᠷᠦ ᠬᠤᠷᠴᠢᠨ ᠤ ᠲᠤᠰᠠᠯᠠᠭᠴᠢ ᠲᠠᠶᠢᠵᠢ ᠭᠤᠨᠳᠤ ᠵᠡᠷᠭᠡ   ᠶᠢᠰᠦᠨ  ᠬᠤᠰᠢᠭᠤᠨ ᠤ ᠸᠠᠩ ᠬᠦᠩ ᠲᠠᠶᠢᠵᠢ ᠨᠠᠷ ᠢ ᠵᠤᠴᠢᠯᠠᠪᠠ᠃           9 ᠰᠠᠷ᠎ᠠ ᠶᠢᠨ5 ᠤ ᠡᠳᠤᠷ ᠬᠤᠨᠢ ᠶᠢᠨ ᠴᠠᠭ ᠲᠤ ᠬᠠᠭᠠᠨ ᠡᠵᠡᠨ ᠴᠢᠶᠠᠨ ᠴᠢᠩ ᠮᠧᠨ ᠬᠠᠭᠠᠯᠭ᠎ᠠ ᠳᠤ ᠬᠤᠷᠢᠮ ᠤᠨ ᠰᠢᠷᠡᠭᠡ ᠵᠠᠰᠠᠵᠦ  ᠠᠮᠤᠷ ᠢ ᠠᠰᠠᠭᠤᠬᠤ ᠬᠡᠰᠡᠭ ᠢᠶᠠᠷ ᠠᠯᠪᠠ  ᠪᠠᠷᠢᠬᠤ ᠠᠷᠤ ᠬᠤᠷᠴᠢᠨ ᠬᠦᠷᠤᠨ ᠤ   ᠵᠢᠶᠦ᠋ᠨ ᠸᠠᠩ ᠰᠡᠷᠡᠩ ᠡᠹᠦ᠋ ᠵᠡᠷᠭᠡ ᠲᠤᠯᠤᠭᠠᠨ ᠬᠤᠰᠢᠭᠤᠨ ᠤ ᠸᠠᠩ ᠬᠦᠩ ᠲᠠᠶᠢᠵᠢ ᠨᠠᠷ ᠢ  ᠵᠤᠴᠢᠯᠠᠪᠠ᠃      9 ᠰᠠᠷ᠎ᠠ ᠶᠢᠨ24 ᠤ ᠡᠳᠤᠷ ᠬᠤᠨᠢ ᠶᠢᠨ ᠴᠠᠭ ᠲᠤ ᠬᠠᠭᠠᠨ ᠡᠵᠡᠨ ᠵᠢᠩ ᠱᠠᠨ ᠡᠮᠤᠨ᠎ᠡ ᠤᠷᠳᠤᠨ ᠳᠤ ᠬᠤᠷᠢᠮ ᠤᠨ ᠰᠢᠷᠡᠭᠡ ᠵᠠᠰᠠᠵᠦ  ᠠᠷᠦ ᠬᠤᠷᠴᠢᠨ ᠤ  ᠭᠦᠷᠤᠨ ᠤ ᠡᠹᠦ᠋ ᠪᠠᠳᠮ᠎ᠠ ᠬᠤᠶᠠᠳᠤᠭᠠᠷ ᠵᠡᠷᠭᠡ ᠶᠢᠨ ᠲᠠᠶᠢᠵᠢ ᠲᠦᠩᠬᠡ᠂ ᠲᠦᠷᠪᠡᠳᠦᠭᠡᠷ ᠵᠡᠷᠬᠡ ᠶᠢᠨ ᠲᠠᠶᠢᠵᠢ ᠲᠦᠷᠪᠡ ᠵᠡᠷᠬᠡ ᠬᠡᠰᠡᠭ ᠢᠶᠠᠷ ᠠᠯᠪᠠ ᠪᠠᠷᠢᠬᠤ  ᠡᠹᠦ᠋ ᠲᠠᠶᠢᠵᠢ ᠨᠠᠷ ᠢ ᠵᠤᠴᠢᠯᠠᠪᠠ  ᠃        12 ᠰᠠᠷ᠎ᠠ ᠶᠢᠨ29 ᠤ ᠡᠳᠤᠷ ᠦᠳᠡ ᠶᠢᠨ ᠦᠶ᠎ᠡ ᠳᠤ ᠰᠢᠨ᠎ᠡ ᠵᠢᠯ ᠤᠨ ᠪᠠᠶᠠᠷ ᠭᠡᠵᠦ ᠬᠠᠭᠠᠨ ᠡᠵᠡᠨ ᠪᠤᠤ ᠾᠧ ᠲᠢᠶᠠᠨ ᠤᠷᠳᠤᠨ ᠳᠤ ᠬᠤᠷᠢᠮ ᠤᠨ ᠰᠢᠷᠡᠭᠡ ᠵᠠᠰᠠᠵᠦ ᠠᠷᠦ ᠬᠤᠷᠴᠢᠨ ᠬᠦᠷᠤᠨ ᠤ ᠬᠤᠶᠠᠳᠤᠭᠠᠷ ᠵᠡᠷᠭᠡ  ᠶᠢᠨ ᠲᠠᠶᠢᠵᠢ ᠭᠤᠨᠳᠤ ᠵᠡᠷᠭᠡ ᠬᠤᠷᠢᠨ ᠲᠦᠷᠪᠡᠨ ᠬᠤᠰᠢᠭᠤᠨ ᠤ ᠸᠠᠩ ᠭᠦᠩ ᠲᠠᠶᠢᠵᠢ ᠢ ᠵᠤᠴᠢᠯᠠᠵᠦ ᠬᠠᠭᠠᠨ ᠡᠵᠡᠨ ᠪᠦᠭᠦᠳᠡᠭᠡᠷ ᠲᠠᠢ ᠠᠷᠢᠬᠢᠳᠠᠵᠦ  ᠨᠠᠶᠢᠷᠠᠯᠳᠠᠪᠠ᠃       ᠡᠩᠬᠡ ᠠᠮᠤᠭᠤᠯᠠᠩ ᠤᠨ 24 ᠤᠨ ᠤ ︵1685 ᠤᠨ︶ ᠴᠠᠭᠠᠨ ᠰᠠᠷ᠎ᠠ ᠶᠢᠨ 14 ᠤ ᠡᠳᠤᠷ15 ᠤ ᠡᠳᠦᠷ ᠢ ᠪᠡᠯᠬᠡᠯᠡᠬᠦ ᠶᠢᠨ ᠲᠦᠯᠦᠭᠡ ᠬᠠᠭᠠᠨ ᠡᠵᠡᠨ ᠦᠳᠡ ᠶᠢᠨ ᠦᠶ᠎ᠡ ᠳᠤ ᠪᠤᠤ ᠾᠧ ᠲᠢᠶᠠᠨ ᠤᠷᠳᠤᠨ ᠳᠤ ᠬᠤᠷᠢᠮ ᠤᠨ ᠰᠢᠷᠡᠭᠡ ᠵᠠᠰᠠᠵᠦ ᠲᠦᠷᠦ ᠳᠤ ᠢᠷᠡᠭᠰᠡᠨ ᠮᠤᠩᠭᠤᠯ ᠤᠨ ᠠᠷᠦ ᠬᠤᠷᠴᠢᠨ ᠤ ᠬᠤᠶᠠᠳᠤᠭᠠᠷ ᠵᠡᠷᠭᠡ ᠶᠢᠨ ᠲᠠᠶᠢᠵᠢ ᠭᠤᠨᠳᠦ ᠵᠡᠷᠭᠡ ᠬᠤᠷᠢᠨ ᠲᠦᠷᠪᠡᠨ ᠬᠤᠰᠢᠭᠤᠨ ᠤ ᠸᠠᠩ ᠬᠦᠩ ᠲᠠᠶᠢᠵᠢ ᠨᠠᠷ ᠲᠠᠢ ᠠᠷᠢᠬᠢᠳᠠᠵᠦ  ᠨᠠᠶᠢᠷᠠᠯᠳᠠᠪᠠ᠃        10 ᠰᠠᠷ᠎ᠠ ᠶᠢᠨ3 ᠤ ᠡᠳᠤᠷ ᠬᠤᠨᠢ ᠶᠢᠨ ᠴᠠᠭ ᠲᠤ ᠬᠠᠭᠠᠨ ᠡᠵᠡᠨ ᠵᠢᠩ ᠱᠠᠨ ᠤ ᠡᠮᠤᠨ᠎ᠡ ᠤᠷᠳᠤᠨ ᠳᠤ ᠬᠤᠷᠢᠮ ᠤᠨ ᠰᠢᠷᠡᠭᠡ ᠵᠠᠰᠠᠵᠦ   ᠬᠡᠰᠡᠭ ᠢᠶᠠᠷ ᠠᠯᠪᠠ ᠪᠠᠷᠢᠬᠤ ᠠᠷᠦ ᠬᠤᠷᠴᠢᠨ ᠬᠦᠷᠤᠨ ᠤ ᠲᠡᠳ᠋ ᠵᠠᠬᠢᠷᠤᠭᠴᠢ ᠲᠠᠪᠠᠭ᠎ᠠ ᠵᠡᠷᠭᠡ  ᠶᠢᠰᠦᠨ‌ᠬᠤᠰᠢᠭᠤᠨ ᠤ ᠸᠠᠩ ᠬᠦᠩ ᠲᠠᠶᠢᠵᠢ ᠨᠠᠷ ᠢ ᠵᠤᠴᠢᠯᠠᠪᠠ᠃      13 ᠤ ᠡᠳᠤᠷ ᠬᠤᠨᠢ ᠶᠢᠨ ᠴᠠᠭ ᠲᠤ ᠬᠠᠭᠠᠨ ᠡᠵᠡᠨ ᠵᠢᠩ ᠱᠠᠨ ᠤ ᠡᠮᠤᠨ᠎ᠡ ᠤᠷᠳᠤᠨ ᠳᠤ ᠬᠤᠷᠢᠮ ᠤᠨ ᠰᠢᠷᠡᠭᠡ ᠵᠠᠰᠠᠵᠦ  ᠠᠷᠦ ᠬᠤᠷᠴᠢᠨ ᠬᠦᠷᠤᠨ ᠤ   ᠲᠦᠷᠪᠡᠳᠦᠭᠡᠷ ᠵᠡᠷᠭᠡ ᠶᠢᠨ ᠲᠠᠶᠢᠵᠢ ᠵᠠᠨ᠎ᠠ ᠵᠡᠷᠭᠡ ᠨᠠᠶᠢᠮᠠᠨ ᠬᠤᠰᠢᠭᠤᠨ ᠤ ᠸᠠᠩ ᠬᠦᠩ ᠲᠠᠶᠢᠵᠢ ᠨᠠᠷ ᠢ ᠵᠤᠴᠢᠯᠠᠪᠠ᠃        11 ᠰᠠᠷ᠎ᠠ ᠶᠢᠨ9 ᠤ ᠡᠳᠦᠷ  ᠬᠤᠨᠢ ᠶᠢᠨ ᠴᠠᠭ ᠲᠤ ᠬᠠᠭᠠᠨ ᠡᠵᠡᠨ ᠪᠤᠤ ᠾᠧ ᠲᠢᠶᠠᠨ  ᠤᠷᠳᠤᠨ ᠳᠤ  ᠬᠤᠷᠢᠮ ᠤᠨ ᠰᠢᠷᠡᠭᠡ ᠵᠠᠰᠠᠵᠦ ᠠᠷᠦ ᠬᠤᠷᠴᠢᠨ ᠬᠦᠷᠦᠨ ᠤ ᠲᠦᠷᠪᠡᠳᠦᠭᠡᠷ ᠵᠡᠷᠬᠡ ᠶᠢᠨ ᠲᠠᠶᠢᠵᠢ  ᠠᠷᠪᠠᠨ᠎ᠠ ᠵᠡᠷᠭᠡ ᠬᠡᠰᠡᠭ ᠢᠶᠠᠷ ᠠᠯᠪᠠ ᠪᠠᠷᠢᠬᠤ ᠨᠠᠶᠢᠮᠠᠨ ᠬᠤᠰᠢᠭᠤᠨ ᠤ ᠸᠠᠩ ᠬᠦᠩ ᠲᠠᠶᠢᠵᠢ ᠨᠠᠷ ᠢ ᠵᠤᠴᠢᠯᠠᠪᠠ᠃       12 ᠰᠠᠷ᠎ᠠ ᠶᠢᠨ9 ᠤ ᠡᠳᠤᠷ ᠬᠤᠨᠢ ᠶᠢᠨ ᠴᠠᠭ ᠲᠤ ᠬᠠᠭᠠᠨ ᠡᠵᠡᠨ ᠪᠤᠤ ᠾᠧ ᠲᠢᠶᠠᠨ ᠤᠷᠳᠤᠨ ᠳᠤ ᠬᠤᠷᠢᠮ ᠤᠨ ᠰᠢᠷᠡᠭᠡ ᠵᠠᠰᠠᠵᠦ ᠬᠡᠰᠡᠭ ᠢᠶᠠᠷ ᠠᠯᠪᠠ ᠪᠠᠷᠢᠬᠤ ᠠᠷᠦ ᠬᠤᠷᠴᠢᠨ ᠬᠦᠷᠤᠨ ᠤ  ᠲᠦᠷᠪᠡᠳᠦᠭᠡᠷ ᠵᠡᠷᠭᠡ ᠶᠢᠨ ᠲᠠᠶᠢᠵᠢ  ᠪᠠᠳᠮᠠᠰᠠᠩ ᠵᠡᠷᠭᠡ  ᠲᠤᠯᠤᠭᠠᠨ ᠬᠤᠰᠢᠭᠤᠨ ᠤ ᠸᠠᠩ ᠭᠦᠩ ᠲᠠᠶᠢᠵᠢ ᠨᠠᠷ ᠢ ᠵᠤᠴᠢᠯᠠᠪᠠ᠃        ᠡᠩᠬᠡ ᠠᠮᠤᠭᠤᠯᠠᠩ   ᠤᠨ25 ᠤᠨ ︵1686ᠤᠨ︶ ᠤ 2 ᠰᠠᠷ᠎ᠠ ᠶᠢᠨ12 ᠤ ᠡᠳᠤᠷ ᠬᠤᠨᠢ ᠶᠢᠨ ᠴᠠᠭ  ᠲᠤ ᠬᠠᠭᠠᠨ ᠡᠵᠡᠨ ᠵᠢᠩ ᠱᠠᠨ ᠤ ᠡᠮᠤᠨ᠎ᠡ ᠤᠷᠳᠤᠨ ᠳᠤ ᠬᠤᠷᠢᠮ ᠤᠨ ᠰᠢᠷᠡᠭᠡ ᠵᠠᠰᠠᠵᠦ ᠬᠡᠰᠡᠭ ᠢᠶᠠᠷ ᠠᠯᠪᠠ ᠪᠠᠷᠢᠬᠤ ᠠᠷᠤ ᠬᠤᠷᠴᠢᠨ ᠬᠦᠷᠤᠨ ᠤ  ᠬᠤᠶᠠᠳᠤᠭᠠᠷ ᠵᠡᠷᠭᠡ ᠶᠢᠨ ᠲᠠᠶᠢᠵᠢ ᠯᠤᠵᠠᠩ  ᠲᠦᠷᠪᠡᠳᠦᠭᠡᠷ ᠵᠡᠷᠭᠡ ᠶᠢᠨ ᠲᠠᠶᠢᠵᠢ  ᠲᠦᠷᠪᠡ ᠵᠡᠷᠭᠡ ᠲᠠᠪᠤᠨ ᠬᠤᠰᠢᠭᠤ ᠤ  ᠸᠠᠩ ᠭᠦᠩ ᠲᠠᠶᠢᠵᠢ  ᠨᠠᠷ ᠢ ᠵᠤᠴᠢᠯᠠᠪᠠ᠃       10 ᠰᠠᠷ᠎ᠠ ᠶᠢᠨ22 ᠤ ᠡᠳᠤᠷ᠂ ᠬᠤᠨᠢ ᠶᠢᠨ ᠴᠠᠭ ᠲᠤ ᠬᠠᠭᠠᠨ ᠡᠵᠡᠨ ᠵᠢᠩ ᠱᠠᠨ ᠤ ᠡᠮᠤᠨ᠎ᠡ ᠤᠷᠳᠤᠨ  ᠳᠤ ᠬᠤᠷᠢᠮ ᠤᠨ ᠰᠢᠷᠡᠭᠡ ᠵᠠᠰᠠᠵᠦ ᠬᠡᠰᠡᠭ ᠢᠶᠠᠷ ᠠᠯᠪᠠ ᠪᠠᠷᠢᠬᠤ ᠠᠷᠤ ᠬᠤᠷᠴᠢᠨ ᠬᠦᠷᠦᠨ ᠤ ᠭᠤᠷᠪᠠᠳᠤᠭᠠᠷ ᠵᠡᠷᠭᠡ  ᠶᠢᠨ ᠲᠠᠶᠢᠵᠢ ᠠᠰᠢᠭᠤ ᠲᠦᠷᠪᠡᠳᠦᠭᠡᠷ ᠵᠡᠷᠭᠡ ᠶᠢᠨ ᠲᠠᠶᠢᠵᠢ ᠠᠯᠠᠨ᠎ᠠ ᠵᠡᠷᠭᠡ  ᠨᠠᠶᠢᠮᠠᠨ ᠬᠤᠰᠢᠭᠤᠨ ᠤ ᠸᠠᠩ ᠭᠦᠩ ᠲᠠᠶᠢᠵᠢ ᠨᠠᠷ ᠢ ᠵᠤᠴᠢᠯᠠᠪᠠ᠃       12 ᠰᠠᠷ᠎ᠠ ᠶᠢᠨ29 ᠤ ᠡᠳᠤᠷ ᠦᠳᠡ ᠳᠤ ᠰᠢᠨ᠎ᠡ ᠵᠢᠯ ᠤᠨ ᠪᠠᠶᠠᠷ ᠭᠡᠵᠦ ᠬᠠᠭᠠᠨ ᠡᠵᠡᠨ ᠪᠤᠤ ᠾᠧ ᠲᠢᠶᠠᠨ ᠤᠷᠳᠤᠨ ᠳᠤ ᠬᠤᠷᠢᠮ ᠤᠨ ᠰᠢᠷᠡᠭᠡ ᠵᠠᠰᠠᠵᠦ ᠲᠦᠷᠦ ᠳᠤ ᠢᠷᠡᠭᠰᠡᠨ ᠠᠷᠦ ᠬᠤᠷᠴᠢᠨ ᠬᠦᠷᠤᠨ ᠤ ᠲᠦᠷᠪᠡᠳᠦᠭᠡᠷ ᠵᠡᠷᠭᠡ ᠶᠢᠨ ᠲᠠᠶᠢᠵᠢ ᠵᠠᠶᠢᠰᠠᠩ ᠵᠡᠷᠭᠡ ᠠᠷᠪᠠ ᠶᠢᠰᠦᠨ ᠬᠤᠰᠢᠭᠤᠨ ᠤ ᠸᠠᠩ ᠭᠦᠩ ᠲᠠᠶᠢᠵᠢ  ᠨᠠᠷ  ᠲᠠᠢ ᠨᠠᠶᠢᠷᠠᠯᠳᠠᠨ ᠠᠷᠢᠬᠢᠳᠠᠪᠠ᠃        ᠡᠩᠬᠡ ᠠᠮᠤᠭᠤᠯᠠᠩ ᠤᠨ 26 ᠤᠨ ᠤ ︵1687 ᠤᠨ︶ ᠴᠠᠭᠠᠨ ᠰᠠᠷ᠎ᠠ ᠶᠢᠨ 14 ᠤ ᠡᠳᠤᠷ15 ᠤ ᠡᠳᠦᠷ ᠢ ᠪᠡᠯᠬᠡᠯᠡᠬᠦ ᠶᠢᠨ ᠲᠦᠯᠦᠭᠡ ᠬᠠᠭᠠᠨ ᠡᠵᠡᠨ ᠦᠳᠡ ᠶᠢᠨ ᠦᠶ᠎ᠡ ᠳᠤ ᠪᠤᠤ ᠾᠧ ᠲᠢᠶᠠᠨ ᠤᠷᠳᠤᠨ ᠳᠤ ᠬᠤᠷᠢᠮ ᠤᠨ ᠰᠢᠷᠡᠭᠡ ᠵᠠᠰᠠᠵᠦ ᠲᠦᠷᠦ ᠳᠤ ᠢᠷᠡᠭᠰᠡᠨ ᠮᠤᠩᠭᠤᠯ ᠤᠨ ᠠᠷᠦ ᠬᠤᠷᠴᠢᠨ ᠤ  ᠲᠦᠷᠪᠡᠳᠤᠭᠡᠷ ᠵᠡᠷᠭᠡ ᠶᠢᠨ ᠲᠠᠶᠢᠵᠢ ᠵᠠᠶᠢᠰᠠᠩ ᠵᠡᠷᠭᠡ   ᠬᠤᠷᠢ ᠶᠢᠰᠦᠨ ᠠᠷᠦ ᠦᠪᠤᠷ ᠮᠤᠩᠭᠤᠯ ᠤᠨ ᠬᠠᠨ ᠸᠠᠩ᠂ ᠬᠦᠩ᠂ ᠲᠠᠶᠢᠵᠢ ᠨᠠᠷ ᠲᠠᠢ ᠠᠷᠢᠬᠢᠳᠠᠵᠦ  ᠨᠠᠶᠢᠷᠠᠯᠳᠠᠪᠠ᠃       2 ᠰᠠᠷ᠎ᠠ ᠶᠢᠨ13 ᠤ ᠡᠳᠤᠷ ᠬᠤᠨᠢ ᠶᠢᠨ ᠴᠠᠭ ᠲᠤ ᠬᠠᠭᠠᠨ ᠡᠵᠡᠨ ᠵᠢᠩ ᠱᠠᠨ ᠤ ᠡᠮᠤᠨ᠎ᠡ ᠤᠷᠳᠤᠨ ᠳᠤ ᠬᠤᠷᠢᠮ ᠤᠨ ᠰᠢᠷᠡᠭᠡ ᠵᠠᠰᠠᠵᠦ ᠬᠡᠰᠡᠭ ᠢᠶᠠᠷ ᠠᠯᠪᠠ ᠪᠠᠷᠢᠬᠤ  ᠠᠷᠦ ᠬᠤᠷᠴᠢᠨ ᠬᠦᠷᠤᠨ ᠤ  ᠭᠤᠷᠪᠠᠳᠤᠭᠠᠷ ᠵᠡᠷᠭᠡ  ᠶᠢᠨ ᠲᠠᠶᠢᠵᠢ ᠲᠠᠳᠪᠠ᠂  ᠲᠦᠷᠪᠡᠳᠦᠭᠡᠷ ᠵᠡᠷᠭᠡ ᠶᠢᠨ ᠲᠠᠶᠢᠵᠢ ᠮᠦᠩᠬᠡ ᠵᠡᠷᠭᠡ  ᠵᠢᠷᠭᠤᠭᠠᠨ ᠬᠤᠰᠢᠭᠤᠨ ᠤ ᠸᠠᠩ ᠬᠦᠩ ᠲᠠᠶᠢᠵᠢ ᠨᠠᠷ ᠢ ᠵᠤᠴᠢᠯᠠᠪᠠ᠃     7 ᠰᠠᠷ᠎ᠠ ᠶᠢᠨ28 ᠤ ᠡᠳᠤᠷ ᠬᠤᠨᠢ ᠶᠢᠨ ᠴᠠᠭ ᠲᠤ ᠬᠠᠭᠠᠨ ᠡᠵᠡᠨ ᠵᠢᠩ ᠲᠠᠢ ᠤ ᠵᠧᠩ ᠲᠢᠶᠠᠨ ᠳᠤ ᠬᠤᠷᠢᠮ  ᠤᠨ ᠰᠢᠷᠡᠭᠡ ᠵᠠᠰᠠᠵᠦ᠂  ᠠᠷᠦ ᠬᠤᠷᠴᠢᠨ ᠭᠦᠷᠤᠨ ᠤ ᠡᠹᠦ᠋ ᠪᠠᠳᠮ᠎ᠠ  ᠵᠡᠷᠬᠡ ᠬᠡᠰᠡᠭ ᠢᠶᠠᠷ ᠠᠯᠪᠠ ᠪᠠᠷᠢᠬᠤ  ᠨᠠᠶᠢᠮᠠᠨ ᠬᠤᠰᠢᠭᠤᠨ ᠤ ᠡᠹᠦ᠋ ᠲᠠᠶᠢᠵᠢ ᠨᠠᠷ ᠢ ᠵᠤᠴᠢᠯᠠᠪᠠ  ᠃     8 ᠰᠠᠷ᠎ᠠ ᠶᠢᠨ22 ᠤ ᠡᠳᠤᠷ ᠬᠠᠭᠠᠨ ᠡᠵᠡᠨ ᠬᠤᠸᠠᠩ ᠫᠦ᠋ ᠳᠤ ᠪᠠᠭᠤᠳᠠᠯᠠᠵᠦ᠂ ᠠᠷᠤ ᠬᠤᠷᠴᠢᠨ ᠬᠦᠷᠦᠨ ᠤ ᠬᠤᠶᠠᠳᠤᠭᠠᠷ ᠵᠡᠷᠭᠡ ᠶᠢᠨ ᠲᠠᠶᠢᠵᠢ ᠭᠤᠨᠳᠤᠰᠤᠳᠠᠨᠢ ᠵᠡᠷᠭᠡ ᠦᠭᠡᠢ ᠲᠠᠶᠢᠵᠢ ᠨᠠᠰᠤᠨ᠂ ᠡᠷᠭᠡᠳᠤ ᠲᠦᠷᠦ ᠳᠤ ᠢᠷᠡᠵᠦ ᠠᠮᠤᠷ   ᠢ ᠠᠰᠠᠭᠤᠪᠠ᠃     24 ᠡᠳᠦᠷ ᠠᠶᠢᠯᠨᠬᠤ ᠳᠤ ᠬᠦᠴᠤᠨ ᠡᠷᠬᠦᠭᠰᠡᠨ ᠠᠷᠤ  ᠬᠤᠷᠴᠢᠨ ᠬᠦᠷᠤᠨ ᠤ  ᠬᠤᠶᠠᠳᠤᠭᠠᠷ ᠵᠡᠷᠭᠡ ᠶᠢᠨ ᠲᠠᠶᠢᠵᠢ ᠭᠤᠨᠳᠤ ᠵᠡᠷᠭᠡ ᠲᠤᠯᠤᠭᠠᠨ ᠬᠤᠰᠢᠭᠤ ᠸᠠᠩ ᠬᠦᠩ ᠲᠠᠶᠢᠵᠢ ᠨᠠᠷ   ᠲᠤ  ᠴᠠᠢ ᠶᠢ ᠶᠢᠨ ᠬᠡᠰᠢᠭ ᠬᠦᠷᠳᠡᠭᠡᠪᠡ᠃      ᠡᠩᠬᠡ ᠠᠮᠤᠭᠤᠯᠠᠩ   ᠤᠨ27 ᠤᠨ ︵1688ᠤᠨ︶ ᠤ 8 ᠰᠠᠷ᠎ᠠ ᠶᠢᠨ11 ᠤ ᠡᠳᠤᠷ ᠬᠠᠭᠠᠨ ᠡᠵᠡᠨ ᠯᠢᠦ ᠾᠧ ᠭᠤᠤᠯ ᠤᠨ ᠪᠠᠷᠠᠭᠤᠨ ᠡᠷᠭᠢ   ᠶᠢᠨ ᠶᠠᠪᠤᠭᠤᠯ ᠤᠷᠳᠤᠨ ᠳᠤ ᠠᠮᠤᠷ ᠢ ᠠᠰᠠᠭᠤᠬᠤ ᠢᠷᠡᠭᠰᠡᠨ ᠠᠷᠦ ᠬᠤᠷᠴᠢᠨ ᠬᠦᠷᠤᠨ ᠤ ᠬᠤᠶᠠᠳᠤᠭᠠᠷ ᠵᠡᠷᠭᠡ ᠶᠢᠨ ᠲᠠᠶᠢᠵᠢ ᠬᠦᠳᠡᠷ ᠵᠡᠷᠭᠡ ᠵᠢᠷᠭᠤᠭᠠᠨ ᠬᠤᠰᠢᠭᠤ ᠤ ᠸᠠᠩ ᠬᠦᠩ ᠲᠠᠶᠢᠵᠢ ᠨᠠᠷ  ᠲᠠᠢ  ᠠᠭᠤᠯᠵᠢᠯᠠᠯᠳᠠ ᠬᠢᠪᠠ᠃      20 ᠤ ᠡᠳᠤᠷ ᠬᠠᠭᠠᠨ ᠡᠵᠡᠨ ᠱᠠᠢ  ᠮᠤ᠋ ᠳᠤ ᠪᠠᠭᠤᠳᠠᠯᠠᠵᠦ ᠲᠦᠷᠤ ᠳᠤ ᠢᠷᠡᠵᠦ ᠠᠮᠤᠷ ᠢ ᠠᠰᠠᠭᠤᠬᠤ ᠠᠷᠤ ᠬᠤᠷᠴᠢᠨ ᠬᠦᠷᠤᠨ ᠤ ᠲᠦᠷᠦ ᠶᠢᠨ ᠬᠤᠱᠤᠢ ᠡᠹᠦ᠋ ᠰᠡᠷᠡᠩ᠂ ᠬᠤᠶᠠᠳᠤᠭᠠᠷ ᠵᠡᠷᠭᠡ ᠶᠢᠨ ᠲᠠᠶᠢᠵᠢ ᠲᠠᠮᠢ ᠵᠡᠷᠭᠡ ᠲᠤᠯᠤᠭᠠᠨ ᠬᠤᠰᠢᠭᠤᠨ ᠤ ᠸᠠᠩ ᠭᠦᠩ ᠲᠠᠶᠢᠵᠢ ᠲᠠᠢ ᠠᠭᠤᠯᠵᠢᠯᠠᠯᠳᠠ ᠬᠢᠪᠠ᠃        ᠡᠩᠬᠡ ᠠᠮᠤᠭᠤᠯᠠᠩ   ᠤᠨ28 ᠤᠨ ︵1689ᠤᠨ︶ ᠤ 5 ᠰᠠᠷ᠎ᠠ ᠶᠢᠨ6 ᠤ ᠡᠳᠤᠷ ᠬᠤᠨᠢ ᠶᠢᠨ ᠴᠠᠭ  ᠲᠤ ᠬᠠᠭᠠᠨ ᠡᠵᠡᠨ ᠵᠢᠩ ᠱᠠᠨ ᠤ ᠡᠮᠤᠨ᠎ᠡ ᠤᠷᠳᠤᠨ ᠳᠤ ᠬᠤᠷᠢᠮ ᠤᠨ ᠰᠢᠷᠡᠭᠡ ᠵᠠᠰᠠᠵᠦ ᠠᠷᠤ ᠬᠤᠷᠴᠢᠨ ᠬᠦᠷᠤᠨ  ᠤ ᠬᠤᠱᠤᠢ ᠡᠹᠦ᠋ ᠰᠡᠷᠡᠩ  ᠂ ᠲᠦᠷᠪᠡᠳᠦᠭᠡᠷ ᠵᠡᠷᠭᠡ ᠶᠢᠨ ᠲᠠᠶᠢᠵᠢ ᠰᠡᠷᠡᠩᠰᠡᠩᠬᠡ  ᠵᠡᠷᠭᠡ ᠲᠠᠪᠤᠨ ᠬᠤᠰᠢᠭᠤ ᠤ  ᠸᠠᠩ ᠭᠦᠩ ᠲᠠᠶᠢᠵᠢ  ᠨᠠᠷ ᠢ ᠵᠤᠴᠢᠯᠠᠪᠠ᠃       8 ᠰᠠᠷ᠎ᠠ ᠶᠢᠨ4 ᠤ ᠡᠳᠤᠷ ᠬᠠᠭᠠᠨ ᠡᠵᠡᠨ ᠰᠢᠯᠤᠭᠤᠨ ᠤᠯᠠᠭᠠᠨ ᠬᠤᠰᠢᠭᠤᠨ ᠳᠤ ᠪᠠᠭᠤᠳᠠᠯᠠᠵᠦ ᠮᠦᠨ ᠡᠳᠦᠷ ᠬᠠᠭᠠᠨ ᠡᠵᠡᠨ ᠮᠤᠩᠭᠤᠯ ᠤᠷᠤᠨ ᠭᠠᠶᠢᠮᠰᠢᠭ ᠭᠠᠷᠴᠦ ᠶᠠᠳᠠᠭᠤᠷᠠᠵᠦ ᠡᠷᠬᠡᠪᠡᠰᠦ ᠲᠡᠳᠭᠦᠬᠦ ᠬᠡᠷᠡᠭᠳᠠᠢ ᠬᠡᠵᠦ ᠵᠠᠬᠢᠶ᠎ᠠ ᠪᠠᠭᠤᠯᠭᠠᠵᠦ ᠨᠢᠭᠡ ᠬᠦᠮᠦᠨ ᠲᠠᠪᠤᠨ ᠳ᠋ᠸᠤ ᠠᠮᠤ ᠲᠡᠳᠬᠦᠭᠦ  ᠭᠡᠵᠦ᠂ ᠠᠷᠦ ᠬᠤᠷᠴᠢᠨ ᠵᠠᠷᠤᠳ ᠨᠢᠭᠡ ᠪᠦᠯᠦᠭ ᠠᠤᠬᠠᠨ ᠨᠠᠶᠢᠮᠠᠨ ᠬᠤᠶᠡᠷ ᠲᠦᠮᠡᠳ ᠨᠢᠭᠡ ᠪᠦᠯᠦᠭ᠂ ᠪᠠᠭᠠᠷᠢᠨ ᠤᠩᠨᠢᠭᠤᠳ ᠬᠤᠶᠠᠷ ᠬᠠᠷᠠᠴᠢᠨ ᠨᠢᠭᠡ ᠪᠦᠯᠦᠭ ᠰᠦᠨᠢᠳ ᠨᠠᠶᠢᠮᠠᠨ ᠴᠠᠬᠠᠷ ᠨᠢᠭᠡ ᠪᠦᠯᠦᠭ ᠲᠤᠰ ᠪᠦᠷᠢ ᠪᠠᠶᠠᠰᠬᠤᠯᠠᠩ᠂ ᠮᠤᠯᠳᠤᠰᠢ᠂ ᠭᠠᠭᠴᠠ ᠴᠢᠯᠠᠭᠤ᠂ ᠴᠢᠯᠠᠭᠤᠳᠤ ᠲᠦᠷᠪᠡᠨ ᠬᠠᠭᠠᠯᠭ᠎ᠠ ᠶᠢᠨ ᠵᠤᠭᠤᠷᠢ ᠶᠢᠨ ᠠᠮᠤ ᠭᠠᠷᠭᠠᠨ ᠲᠡᠳᠬᠦᠬᠡᠷᠠᠢ ᠬᠡᠪᠡ᠃ ᠠᠷᠦ ᠬᠤᠷᠴᠢᠨ ᠵᠡᠷᠭᠡ ᠡᠯ᠎ᠡ ᠬᠤᠰᠢᠭᠤᠨ ᠤ ᠸᠠᠩ ᠪᠤᠶᠤ ᠲᠤᠰᠠᠯᠠᠭᠴᠢ ᠦᠪᠡᠷ ᠢᠶᠠᠨ ᠲᠡᠮᠡᠭᠡ ᠪᠤᠶᠤ ᠲᠡᠷᠭᠡ ᠪᠠᠷ ᠵᠦᠭᠡᠪᠦᠷᠢᠯᠠᠨ ᠠᠪᠴᠢᠷᠠᠵᠦ ᠶᠠᠳᠠᠭᠤ ᠡᠷᠤᠬᠡ ᠳᠤ ᠲᠦᠪᠡᠭᠡᠵᠦ ᠲᠡᠳᠬᠦᠭᠡᠵᠠᠢ᠃         ᠡᠩᠬᠡ ᠠᠮᠤᠭᠤᠯᠠᠩ ᠤᠨ 30 ᠤᠨ ᠤ ︵1691 ᠤᠨ︶ ᠴᠠᠭᠠᠨ ᠰᠠᠷ᠎ᠠ ᠶᠢᠨ 14 ᠤ ᠡᠳᠤᠷ15 ᠤ ᠡᠳᠦᠷ ᠢ ᠪᠡᠯᠬᠡᠯᠡᠬᠦ ᠶᠢᠨ ᠲᠦᠯᠦᠭᠡ ᠬᠠᠭᠠᠨ ᠡᠵᠡᠨ  ᠪᠤᠤ ᠾᠧ ᠲᠢᠶᠠᠨ ᠤᠷᠳᠤᠨ ᠳᠤ ᠬᠤᠷᠢᠮ ᠤᠨ ᠰᠢᠷᠡᠭᠡ ᠵᠠᠰᠠᠵᠦ  ᠠᠷᠦ ᠬᠤᠷᠴᠢᠨ ᠤ ᠬᠤᠱᠤᠢ ᠡᠹᠦ᠋ ᠰᠡᠷᠡᠩ   ᠵᠡᠷᠭᠡ 23 ᠬᠤᠰᠢᠭᠤᠨ ᠤ ᠸᠠᠩ ᠪᠠᠶᠢᠯᠡ ᠪᠠᠶᠢᠰᠠ ᠬᠦᠩ ᠲᠠᠶᠢᠵᠢ ᠨᠠᠷ ᠢ ᠵᠤᠴᠢᠯᠠᠵᠦ  ᠬᠠᠮᠳᠤ ᠠᠷᠢᠬᠢᠳᠡᠨ ᠴᠡᠩᠭᠡᠯᠳᠡᠪᠠ᠃          ᠡᠩᠬᠡ ᠠᠮᠤᠭᠤᠯᠠᠩ ᠬᠠᠭᠠᠨ ᠤ30 ᠤᠨ ︵1691 ᠤᠨ︶ ᠴᠠᠭᠠᠨ ᠰᠠᠷ᠎ᠠ ᠶᠢᠨ ᠰᠢᠷ᠎ᠠ ᠪᠡᠴᠢᠨ ᠡᠳᠦᠷ ᠠᠷᠤ ᠬᠤᠷᠴᠢᠨ ᠤ ᠪᠠᠶᠢᠯᠡ ᠴᠦ ᠢ ᠵᠢᠢ ᠲᠦᠷᠦ ᠵᠢᠶᠦ᠋ᠨ ᠸᠠᠩ ᠡᠷᠬᠦᠮᠵᠢᠯᠡᠪᠡ᠃ ᠯᠢ ᠹᠠᠨ ᠶᠤᠸᠠᠨ ᠠᠴᠠ ᠵᠦᠪᠳᠡᠵᠦ ᠠᠷᠤ ᠬᠤᠷᠴᠢᠨ ᠤ ᠬᠤᠶᠠᠳᠤᠭᠠᠷ ᠵᠡᠷᠬᠡ ᠶᠢᠨ ᠲᠠᠶᠢᠵᠢ ᠲᠦᠩᠨᠡᠳ ᠵᠡᠷᠭᠡ ᠶᠢᠨ ᠪᠠᠶᠢᠯᠳᠤᠭᠠᠨ ᠳᠤ ᠨᠠᠰᠦ ᠡᠷᠭᠦᠭᠳᠡᠵᠦ ᠲᠠᠷᠬᠠᠨ ᠴᠤᠯᠠ  ᠬᠦᠷᠳᠡᠭᠡᠵᠦ ᠬᠦᠪᠡᠬᠦᠨ ᠳᠤ ᠨᠢ ᠮᠦᠩᠬᠦ ᠪᠠᠷ ᠰᠠᠩᠨᠠᠪᠠ ᠭᠡᠰᠡᠨ ᠳᠤ ᠬᠠᠭᠠᠨ ᠠᠴᠠ ᠵᠦᠪᠰᠢᠶᠡᠷᠡᠪᠠ᠃          11 ᠰᠠᠷ᠎ᠠ ᠶᠢᠨ ᠬᠦᠬᠡ ᠪᠡᠴᠢᠨ ᠡᠳᠦᠷ ᠯᠢ ᠹᠠᠨ  ᠶᠤᠸᠠᠨ ᠵᠦᠪᠳᠡᠵᠦ ᠠᠷᠦ ᠬᠤᠷᠴᠢᠨ ᠵᠡᠷᠭᠡ7 ᠬᠤᠰᠢᠭᠤᠨ ᠤ ᠶᠠᠳᠠᠭᠤ ᠠᠷᠠᠳ ᠢ ᠠᠮᠤ ᠪᠤᠳᠠᠭ᠎ᠠ ᠪᠠᠷ ᠲᠡᠳᠬᠦᠬᠦ ᠭᠡᠰᠡᠨ ᠳᠤ ᠬᠠᠭᠠᠨ ᠡᠵᠡᠨ ︵ᠡᠨᠡᠬᠦ ᠲᠡᠳᠬᠦᠬᠦ ᠠᠮᠤ ᠪᠤᠳᠠᠭ᠎ᠠ ᠶᠢ ᠮᠤᠩᠭᠤᠯ ᠤᠨ ᠲᠡᠮᠡᠭᠡ ᠮᠤᠷᠢ ᠪᠠᠷ ᠲᠡᠭᠡᠪᠤᠷᠢᠯᠠᠨ ᠬᠦᠷᠬᠡᠵᠦ᠂ ᠡᠪᠤᠯ ᠴᠠᠭ ᠤᠶᠢᠷᠠᠳᠠᠪᠠ ᠲᠦᠷᠭᠡᠨ ᠬᠦᠷᠬᠡᠬᠦ ᠬᠡᠷᠡᠭᠳᠠᠢ  ︶ ᠬᠡᠵᠦ ᠵᠡᠬᠢᠶ᠎ᠠ  ᠪᠠᠭᠤᠯᠭᠠᠪᠠ᠃           12 ᠰᠠᠷ᠎ᠠ ᠶᠢᠨ 29 ᠤ ᠡᠳᠤᠷ ᠠᠷᠤ ᠬᠤᠷᠴᠢᠨ ᠰᠡᠷᠡᠩ ᠵᠡᠷᠭᠡ ᠸᠠᠩ ᠪᠠᠶᠢᠯᠡ ᠪᠠᠶᠢᠰᠠ ᠬᠦᠩ ᠲᠠᠶᠢᠵᠢ ᠨᠠᠷ ᠲᠤ ᠪᠤᠤ ᠾᠧ ᠲᠢᠶᠠᠨ ᠤᠷᠳᠤᠨ ᠳᠤ ᠬᠤᠷᠢᠮ ᠶᠢᠨ ᠰᠢᠷᠡᠭᠡ  ᠵᠠᠰᠠᠵᠦ ᠵᠤᠴᠢᠯᠠᠨ ᠠᠷᠢᠬᠢᠳᠠᠨ ᠴᠡᠩᠬᠡᠯᠳᠡᠪᠡ᠃           ᠡᠩᠬᠡ ᠠᠮᠤᠭᠤᠯᠠᠩ ᠤᠨ 31 ᠤᠨ ᠤ ︵1692 ᠤᠨ︶ 12 ᠰᠠᠷ᠎ᠠ ᠶᠢᠨ 29 ᠤ ᠡᠳᠤᠷ ᠬᠠᠭᠠᠨ ᠡᠵᠡᠨ ᠰᠢᠨ᠎ᠡ ᠶᠢᠨ ᠪᠠᠶᠡᠷ ᠭᠡᠵᠦ  ᠪᠤᠤ ᠾᠧ ᠲᠢᠶᠠᠨ ᠤᠷᠳᠤᠨ ᠳᠤ ᠬᠤᠷᠢᠮ ᠤᠨ ᠰᠢᠷᠡᠭᠡ ᠵᠠᠰᠠᠵᠦ  ᠠᠷᠦ ᠬᠤᠷᠴᠢᠨ ᠤ  ᠰᠡᠷᠡᠩ ᠵᠡᠷᠭᠡ 27 ᠬᠤᠰᠢᠭᠤᠨ ᠤ ᠸᠠᠩ ᠪᠠᠶᠢᠯᠡ ᠪᠠᠶᠢᠰᠠ ᠬᠦᠩ ᠲᠠᠶᠢᠵᠢ ᠨᠠᠷ ᠢ ᠵᠤᠴᠢᠯᠠᠵᠦ  ᠬᠠᠮᠳᠤ ᠠᠷᠢᠬᠢᠳᠡᠨ ᠴᠡᠩᠭᠡᠯᠳᠡᠪᠠ᠃         ᠡᠩᠬᠡ ᠠᠮᠤᠭᠤᠯᠠᠩ ᠤᠨ 32 ᠤᠨ ᠤ ︵1693 ᠤᠨ︶ ᠴᠠᠭᠠᠨ ᠰᠠᠷ᠎ᠠ ᠶᠢᠨ 14 ᠤ ᠡᠳᠤᠷ15 ᠤ ᠡᠳᠦᠷ ᠢ ᠪᠡᠯᠬᠡᠯᠡᠬᠦ ᠶᠢᠨ ᠲᠦᠯᠦᠭᠡ ᠬᠠᠭᠠᠨ ᠡᠵᠡᠨ  ᠪᠤᠤ ᠾᠧ ᠲᠢᠶᠠᠨ ᠤᠷᠳᠤᠨ ᠳᠤ ᠬᠤᠷᠢᠮ ᠤᠨ ᠰᠢᠷᠡᠭᠡ ᠵᠠᠰᠠᠵᠦ  ᠠᠷᠦ ᠬᠤᠷᠴᠢᠨ ᠤ ᠰᠡᠷᠡᠩ ᠵᠡᠷᠭᠡ 20 ᠬᠤᠰᠢᠭᠤᠨ ᠤ ᠸᠠᠩ ᠪᠠᠶᠢᠯᠡ ᠪᠠᠶᠢᠰᠠ ᠬᠦᠩ ᠲᠠᠶᠢᠵᠢ ᠨᠠᠷ ᠢ  ᠵᠤᠴᠢᠯᠠᠪᠠ          ᠡᠩᠬᠡ ᠠᠮᠤᠭᠤᠯᠠᠩ ᠤᠨ 33 ᠤᠨ ᠤ ︵1694 ᠤᠨ︶ ᠴᠠᠭᠠᠨ ᠰᠠᠷ᠎ᠠ ᠶᠢᠨ 14 ᠤ ᠡᠳᠤᠷ15 ᠤ ᠡᠳᠦᠷ ᠢ ᠪᠡᠯᠬᠡᠯᠡᠬᠦ ᠶᠢᠨ ᠲᠦᠯᠦᠭᠡ ᠬᠠᠭᠠᠨ ᠡᠵᠡᠨ  ᠪᠤᠤ ᠾᠧ ᠲᠢᠶᠠᠨ ᠤᠷᠳᠤᠨ ᠳᠤ ᠬᠤᠷᠢᠮ ᠤᠨ ᠰᠢᠷᠡᠭᠡ ᠵᠠᠰᠠᠵᠦ  ᠠᠷᠦ ᠬᠤᠷᠴᠢᠨ ᠤ ᠰᠡᠷᠡᠩ   ᠵᠡᠷᠭᠡ 22 ᠬᠤᠰᠢᠭᠤᠨ ᠤ ᠸᠠᠩ ᠪᠠᠶᠢᠯᠡ ᠪᠠᠶᠢᠰᠠ ᠬᠦᠩ ᠲᠠᠶᠢᠵᠢ ᠨᠠᠷ ᠢ  ᠵᠤᠴᠢᠯᠠᠪᠠ᠃          ᠡᠩᠬᠡ ᠠᠮᠤᠭᠤᠯᠠᠩ ᠤᠨ 37 ᠤᠨ ᠤ ︵1698 ᠤᠨ︶ 9 ᠰᠠᠷ᠎ᠠ ᠶᠢᠨ  ᠰᠢᠷᠠᠭᠴᠢᠨ ᠲᠠᠤᠯᠠᠢ ᠡᠳᠤᠷ ᠬᠠᠭᠠᠨ ᠡᠵᠡᠨ ᠨᠢᠴᠦᠬᠦᠨ ᠳᠤ ᠪᠠᠭᠤᠳᠠᠯᠠᠵᠦ ᠲᠦᠷᠦ ᠳᠤ ᠢᠷᠡᠵᠦ ᠠᠮᠤᠷ ᠢ ᠠᠰᠠᠭᠤᠭᠰᠠᠨ ᠠᠷᠦ ᠬᠤᠷᠴᠢᠨ ᠬᠦᠷᠤᠨ  ᠤ ᠲᠦᠷᠦ ᠪᠠᠶᠢᠯᠡ ᠴᠦ ᠢ ᠵᠡᠷᠭᠡ ᠨᠠᠶᠢᠮᠠᠨ ᠬᠤᠰᠢᠭᠤᠨ ᠤ ᠸᠠᠩ ᠪᠠᠶᠢᠯᠡ ᠪᠠᠶᠢᠰᠠ ᠬᠦᠩ ᠲᠠᠶᠢᠵᠢ ᠨᠠᠷ ᠲᠤ ᠠᠯᠳᠠᠨ ᠦᠩᠬᠡᠳᠠᠢ ᠲᠤᠷᠭ᠎ᠠ ᠱᠠᠩᠨᠠᠪᠠ᠃           11 ᠰᠠᠷ᠎ᠠ ᠶᠢᠨ ᠨᠠᠯᠠᠭᠠᠨ ᠨᠤᠬᠠᠢ ᠡᠳᠤᠷ ᠬᠠᠭᠠᠨ ᠡᠵᠡᠨ ᠡᠷᠬᠢᠮ ᠰᠠᠶᠢᠳ ᠳᠤ ᠦᠭᠦᠯᠡᠵᠦ ︵ᠮᠡᠬᠦᠰ ᠪᠢ ᠤᠷᠴᠢᠮ ᠤᠨ ᠡᠳᠤᠷ ᠠᠤᠬᠠᠨ᠂ ᠨᠠᠶᠢᠮᠠᠨ᠂ ᠠᠷᠦ ᠬᠤᠷᠴᠢᠨ᠂ ᠵᠠᠷᠤᠳ ᠵᠡᠷᠭᠡ ᠮᠤᠩᠭᠤᠯ ᠬᠤᠰᠢᠭᠤ ᠶᠢ  ᠪᠠᠶᠢᠴᠭᠠᠵᠦ ᠦᠵᠡᠬᠦ ᠳᠤ ᠡᠪᠡᠰᠦ ᠪᠡᠯᠴᠢᠭᠡᠷ ᠦᠨᠡᠬᠡᠷ ᠪᠠᠶᠠᠯᠢᠭ ᠰᠠᠶᠢᠬᠠᠨ᠂ ᠡᠳᠦᠬᠡ ᠬᠤᠸᠠᠩ ᠮᠤᠤ ᠶᠢ ᠲᠤᠮᠢᠯᠠᠵᠦ ᠮᠤᠩᠭᠤᠯ ᠳᠤ ᠲᠠᠷᠢᠶᠠᠨ ᠠᠵᠢᠯ ᠢ ᠵᠠᠭᠠᠪᠤᠷᠢᠯᠠᠵᠦ᠂ ᠮᠤᠩᠭᠤᠯ ᠤᠨ ᠴᠢᠨᠠᠷ ᠠᠯᠵᠢᠭᠤ ᠵᠠᠯᠬᠠᠭᠤ᠂ ᠲᠠᠷᠢᠶ᠎ᠡ ᠲᠠᠷᠢᠭᠰᠠᠨ  ᠤ ᠰᠡᠬᠦᠯᠡᠷ᠂ ᠡᠪᠡᠰᠦ ᠪᠡᠯᠴᠢᠭᠡᠷ ᠤᠨ ᠰᠠᠶᠢᠨ ᠢ ᠨᠢ  ᠰᠤᠩᠭᠤᠵᠦ ᠮᠠᠯᠵᠢᠯ ᠤᠨ ᠲᠠᠯᠠᠪᠠᠢ ᠪᠤᠯᠭᠠᠪᠠᠰᠦ ᠬᠡᠷᠡᠭ ᠪᠦᠳᠦᠮᠤᠢ︶᠂ ᠡᠨᠡ ᠠᠨᠦ ᠵᠤᠤ ᠤᠳᠠ ᠤᠨ ᠴᠢᠭᠤᠯᠭᠠᠨ ᠤ ᠮᠤᠩᠭᠤᠯ  ᠬᠤᠰᠢᠭᠤ ᠳᠤ ᠠᠳᠠᠷ ᠬᠠᠭᠠᠯᠪᠤᠷᠢᠯᠠᠬᠤ ᠲᠠᠷᠢᠶ᠎ᠡ ᠲᠠᠷᠢᠬᠤ ᠨᠢ ᠡᠬᠢᠯᠡᠭᠰᠡᠨ ᠤᠨ ᠪᠤᠯᠤᠨ᠎ᠠ᠃           ᠡᠩᠬᠡ ᠠᠮᠤᠭᠤᠯᠠᠩ ᠤᠨ 38 ᠤᠨ ᠤ ︵1699 ᠤᠨ︶ ᠴᠠᠭᠠᠨ ᠰᠠᠷ᠎ᠠ ᠶᠢᠨ 14 ᠤ ᠡᠳᠤᠷ15 ᠤ ᠡᠳᠦᠷ ᠢ ᠪᠡᠯᠬᠡᠯᠡᠬᠦ ᠶᠢᠨ ᠲᠦᠯᠦᠭᠡ ᠬᠠᠭᠠᠨ ᠡᠵᠡᠨ  ᠪᠤᠤ ᠾᠧ ᠲᠢᠶᠠᠨ ᠤᠷᠳᠤᠨ ᠳᠤ ᠬᠤᠷᠢᠮ ᠤᠨ ᠰᠢᠷᠡᠭᠡ ᠵᠠᠰᠠᠵᠦ ᠂ ᠠᠷᠦ ᠬᠤᠷᠴᠢᠨ ᠬᠦᠷᠤᠨ ᠤ  ᠲᠦᠷᠦ ᠶᠢᠨ ᠪᠠᠶᠢᠯᠠ ᠴᠤ ᠢ ᠵᠡᠷᠭᠡ21 ᠬᠤᠰᠢᠭᠤᠨ ᠤ ᠸᠠᠩ ᠪᠠᠶᠢᠯᠡ ᠪᠠᠶᠢᠰᠠ ᠬᠦᠩ ᠲᠠᠶᠢᠵᠢ ᠨᠠᠷ ᠲᠠᠢ ᠬᠠᠮᠳᠤ ᠠᠷᠢᠬᠢᠳᠠᠨ ᠴᠡᠩᠬᠡᠯᠳᠡᠪᠡ᠃           8 ᠰᠠᠷ᠎ᠠ ᠳᠤ ᠰᠢᠷᠠᠭᠴᠢᠨ ᠲᠠᠤᠯᠠᠢ ᠡᠳᠤᠷ ᠬᠠᠭᠠᠨ ᠡᠵᠡᠨ ᠨᠦᠬᠦᠳᠠᠢ ᠪᠢᠷ᠎ᠠ ᠳᠤ ᠪᠠᠭᠤᠳᠠᠯᠠᠵᠦ᠂ ᠠᠷᠦ ᠬᠤᠷᠴᠢᠨ ᠤ ᠲᠦᠷᠦ ᠶᠢᠨ ᠪᠠᠶᠢᠯᠠ ᠴᠤᠤ ᠢ ᠲᠦᠷᠦ ᠳᠤ ᠢᠷᠡᠵᠦ ᠠᠮᠤᠷ ᠢ ᠠᠰᠠᠭᠤᠪᠠ᠃ ᠬᠦᠭᠡ ᠪᠡᠴᠢᠨ ᠡᠳᠦᠷ ᠬᠠᠭᠠᠨ ᠡᠵᠡᠨ ᠴᠢᠯᠠᠭᠤᠳᠤ ᠠᠩᠭ᠎ᠠ ᠳᠤ ᠪᠠᠭᠤᠳᠠᠯᠠᠵᠦ᠂ ᠠᠷᠦ ᠬᠤᠷᠴᠢᠨ ᠤ ᠲᠦᠷᠦ ᠶᠢᠨ ᠪᠠᠶᠢᠯᠡ ᠴᠤᠤ ᠢ ᠵᠡᠷᠭᠡ10 ᠬᠤᠰᠢᠭᠤᠨ ᠤ ᠸᠠᠩ ᠬᠦᠩ ᠲᠠᠶᠢᠵᠢ᠂ ᠪᠠᠶᠢᠯᠡ᠂ ᠪᠠᠶᠢᠰᠠ ᠨᠠᠷ ᠲᠤ ᠮᠦᠩᠬᠦ᠂ ᠮᠠᠯᠠᠭᠠᠢ᠂ ᠡᠮᠡᠬᠡᠯ᠂ ᠪᠦᠰ ᠱᠠᠩᠨᠠᠪᠠ᠃           ᠡᠩᠬᠡ ᠠᠮᠤᠭᠤᠯᠠᠩ ᠤᠨ 39 ᠤᠨ ᠤ ︵1700 ᠤᠨ︶ ᠴᠠᠭᠠᠨ ᠰᠠᠷ᠎ᠠ ᠶᠢᠨ 14 ᠤ ᠡᠳᠤᠷ15 ᠤ ᠡᠳᠦᠷ ᠢ ᠪᠡᠯᠬᠡᠯᠡᠬᠦ ᠶᠢᠨ ᠲᠦᠯᠦᠭᠡ ᠬᠠᠭᠠᠨ ᠡᠵᠡᠨ  ᠪᠤᠤ ᠾᠧ ᠲᠢᠶᠠᠨ ᠤᠷᠳᠤᠨ ᠳᠤ ᠬᠤᠷᠢᠮ ᠤᠨ ᠰᠢᠷᠡᠭᠡ ᠵᠠᠰᠠᠵᠦ ᠂ ᠠᠷᠦ ᠬᠤᠷᠴᠢᠨ ᠬᠦᠷᠤᠨ ᠤ  ᠲᠦᠷᠦ ᠶᠢᠨ ᠪᠠᠶᠢᠯᠠ ᠴᠤ ᠢ ᠵᠡᠷᠭᠡ21 ᠬᠤᠰᠢᠭᠤᠨ ᠤ ᠸᠠᠩ ᠪᠠᠶᠢᠯᠡ ᠪᠠᠶᠢᠰᠠ ᠬᠦᠩ ᠲᠠᠶᠢᠵᠢ ᠨᠠᠷ ᠲᠠᠢ ᠬᠠᠮᠳᠤ ᠠᠷᠢᠬᠢᠳᠠᠨ ᠴᠡᠩᠬᠡᠯᠳᠡᠪᠡ᠃            6 ᠰᠠᠷ᠎ᠠ ᠶᠢᠨ ᠰᠢᠷ᠎ᠠ ᠯᠤᠤ ᠡᠳᠤᠷ ᠬᠠᠭᠠᠨ ᠡᠵᠡᠨ ᠬᠠᠷ᠎ᠠ ᠪᠤᠷᠭᠠᠰᠤ ᠳᠤ ᠠᠷᠦ ᠬᠤᠷᠴᠢᠨ ᠬᠦᠷᠦᠨ  ᠤ ᠲᠠᠶᠢᠵᠢ ᠸᠠᠴᠢᠷᠳᠦ ᠳᠤ ᠠᠯᠳᠠᠨ ᠱᠠᠩᠨᠠᠪᠠ᠃          12 ᠰᠠᠷ᠎ᠠ   ᠶᠢᠨ29 ᠤ ᠡᠳᠦᠷ   ᠤᠨ ᠦᠳᠡ ᠳᠤ ᠬᠠᠭᠠᠨ ᠡᠵᠡᠨ  ᠪᠤᠤ ᠾᠧ ᠲᠢᠶᠠᠨ ᠤᠷᠳᠤᠨ ᠳᠤ ᠬᠤᠷᠢᠮ ᠤᠨ ᠰᠢᠷᠡᠭᠡ ᠵᠠᠰᠠᠵᠦ᠂ ᠠᠷᠦ ᠬᠤᠷᠴᠢᠨ ᠬᠦᠷᠤᠨ ᠤ  ᠲᠦᠷᠦ ᠶᠢᠨ ᠪᠠᠶᠢᠯᠠ ᠴᠤ ᠢ ᠵᠡᠷᠭᠡ12 ᠬᠤᠰᠢᠭᠤᠨ  ᠤ ᠸᠠᠩ ᠪᠠᠶᠢᠯᠡ ᠪᠠᠶᠢᠰᠠ ᠬᠦᠩ ᠲᠠᠶᠢᠵᠢ ᠨᠠᠷ ᠲᠠᠢ ᠰᠢᠨ᠎ᠡ ᠶᠢᠨ ᠪᠠᠶᠠᠷ ᠬᠡᠵᠦ ᠠᠷᠢᠬᠢᠳᠠᠨ ᠴᠡᠩᠬᠡᠯᠳᠡᠪᠡ᠃            ᠡᠩᠬᠡ ᠠᠮᠤᠭᠤᠯᠠᠩ ᠤᠨ41 ᠤᠨ ᠤ ︵1702 ᠤᠨ︶ ᠴᠠᠭᠠᠨ ᠰᠠᠷ᠎ᠠ ᠶᠢᠨ 14 ᠤ ᠡᠳᠤᠷ15 ᠤ ᠡᠳᠦᠷ ᠢ ᠪᠡᠯᠬᠡᠯᠡᠬᠦ ᠶᠢᠨ ᠲᠦᠯᠦᠭᠡ ᠬᠠᠭᠠᠨ ᠡᠵᠡᠨ  ᠪᠤᠤ ᠾᠧ ᠲᠢᠶᠠᠨ ᠤᠷᠳᠤᠨ ᠳᠤ ᠬᠤᠷᠢᠮ ᠤᠨ ᠰᠢᠷᠡᠭᠡ ᠵᠠᠰᠠᠵᠦ ᠂ ᠠᠷᠦ ᠬᠤᠷᠴᠢᠨ ᠬᠦᠷᠤᠨ ᠤ  ᠲᠦᠷᠦ ᠶᠢᠨ ᠪᠠᠶᠢᠯᠠ ᠴᠤ ᠢ ᠵᠡᠷᠭᠡ11 ᠬᠤᠰᠢᠭᠤᠨ ᠤ ᠸᠠᠩ ᠪᠠᠶᠢᠯᠡ ᠪᠠᠶᠢᠰᠠ ᠬᠦᠩ ᠲᠠᠶᠢᠵᠢ ᠨᠠᠷ ᠲᠠᠢ ᠬᠠᠮᠳᠤ ᠠᠷᠢᠬᠢᠳᠠᠨ ᠴᠡᠩᠬᠡᠯᠳᠡᠪᠡ᠃             ᠡᠩᠬᠡ ᠠᠮᠤᠭᠤᠯᠠᠩ ᠤᠨ43 ᠤᠨ ᠤ ︵1704 ᠤᠨ  ︶7 ᠰᠠᠷ᠎ᠠ ᠶᠢᠨ ᠤᠯᠠᠭᠠᠭᠴᠢᠨ ᠲᠠᠤᠯᠠᠢ ᠡᠳᠤᠷ ᠬᠠᠭᠠᠨ ᠡᠵᠡᠨ ᠯᠧ ᠾᠧ ᠤ ᠲᠠᠭᠡᠳᠦ ᠬᠤᠷᠢᠶᠠᠨ ᠳᠤ ᠪᠠᠭᠤᠳᠠᠯᠠᠵᠦ ᠠᠷᠦ  ᠬᠤᠷᠴᠢᠨ  ᠬᠤᠰᠢᠭᠤᠨ ᠤ ᠲᠦᠷᠦ ᠶᠢᠨ ᠲᠠᠶᠢᠵᠢ ᠲᠤᠪᠤᠵᠠᠪ ᠲᠦᠷᠦ ᠳᠤ ᠢᠷᠡᠵᠦ ᠠᠮᠤᠷ ᠠᠰᠠᠭᠤᠪᠠ᠃             6 ᠰᠠᠷ᠎ᠠ ᠶᠢᠨ ᠬᠦᠬᠡᠭᠴᠢᠨ ᠬᠤᠨᠢ ᠡᠳᠦᠷ ᠬᠠᠭᠠᠨ ᠡᠵᠡᠨ ᠬᠤᠸᠠ ᠢᠤᠢ ᠭᠤᠤ ᠳᠤ ᠪᠠᠭᠤᠳᠠᠯᠠᠵᠦ ᠠᠷᠦ ᠬᠤᠷᠴᠢᠨ ᠬᠤᠰᠢᠭᠤᠨ ᠤ ᠲᠦᠷᠦ ᠶᠢᠨ ᠮᠤ᠋ ᠨᠢᠩ ᠪᠠᠶᠢᠯᠡ ᠲᠦᠷᠦ ᠳᠤ ᠢᠷᠡᠵᠦ ᠠᠮᠤᠷ ᠢ ᠠᠰᠠᠭᠤᠪᠠ᠃       8 ᠰᠠᠷ᠎ᠠ ᠶᠢᠨ ᠤᠯᠠᠭᠠᠨ ᠮᠤᠭᠠᠢ ᠡᠳᠦᠷ ᠬᠠᠭᠠᠨ ᠡᠵᠡᠨ ᠭᠤᠷᠪᠠᠨ ᠬᠦᠳᠤᠯ ᠳᠤ ᠪᠠᠭᠤᠳᠠᠯᠠᠵᠦ᠂ ᠲᠦᠷᠦ  ᠳᠤ ᠢᠷᠡᠵᠦ ᠠᠶᠢᠯᠠᠬᠤ ᠳᠤ ᠤᠷᠤᠯᠴᠠᠭᠰᠠᠨ ᠠᠷᠦ ᠬᠤᠷᠴᠢᠨ ᠬᠦᠷᠤᠨ ᠤ ᠲᠦᠷᠦ ᠶᠢᠨ ᠪᠠᠶᠢᠯᠡ ᠮᠤ᠋ ᠨᠢᠩ ᠳᠤ ᠲᠡᠪᠡᠯ ᠂ ᠬᠦᠷᠮ᠎ᠡ᠂ ᠲᠤᠷᠭ᠎ᠠ᠂ ᠡᠮᠡᠭᠡᠯ ᠵᠡᠷᠭᠡ ᠱᠠᠩᠨᠠᠪᠠ᠃       ᠡᠩᠬᠡ ᠠᠮᠤᠭᠤᠯᠠᠩ ᠤᠨ46 ᠤᠨ ︵1707 ᠤᠨ︶ ᠤ8 ᠰᠠᠷ᠎ᠠ ᠶᠢᠨ ᠰᠢᠷᠠᠭᠴᠢᠨ ᠦᠬᠡᠷ ᠡᠳᠤᠷ ᠬᠠᠭᠠᠨ ᠡᠵᠡᠨ ᠲᠠᠷᠢᠪᠢᠷ᠎ᠠ ᠳᠤ ᠪᠠᠭᠤᠳᠠᠯᠠᠵᠦ ᠠᠷᠦ ᠬᠤᠷᠴᠢᠨ ᠬᠦᠷᠤᠨ ᠤ ᠲᠦᠷᠦ ᠶᠢᠨ ᠪᠠᠶᠢᠯᠡ ᠮᠤ᠋  ᠨᠢᠩ ᠲᠦᠷᠦ ᠳᠤ  ᠢᠷᠡᠵᠦ ᠠᠮᠤᠷ ᠢ ᠠᠰᠠᠭᠤᠵᠦ᠂ ᠬᠠᠭᠠᠨ ᠡᠵᠡᠨ ᠮᠤ᠋ ᠨᠢᠩ ᠳᠤ ᠲᠡᠪᠡᠯ᠂ ᠲᠤᠷᠭ᠎ᠠ ᠱᠠᠩᠨᠠᠪᠠ᠃       11 ᠰᠠᠷ᠎ᠠ ᠶᠢᠨ ᠴᠠᠭᠠᠨ ᠨᠤᠬᠠᠢ ᠡᠳᠤᠷ ᠠᠷᠦ ᠬᠤᠷᠴᠢᠨ ᠬᠦᠷᠤᠨ ᠤ ᠲᠦᠷᠦ ᠶᠢᠨ ᠪᠠᠶᠢᠯᠡ ᠮᠤ᠋ ᠨᠢᠩ ᠬᠠᠯᠢᠪᠠ᠂ ᠬᠠᠭᠠᠨ ᠡᠵᠡᠨ ᠨᠤᠶᠠᠨ ᠲᠤᠮᠢᠯᠠᠵᠦ ᠠᠷᠢᠬᠢ ᠰᠠᠴᠤᠷᠠᠪᠠ᠃        ᠡᠩᠬᠡ ᠠᠮᠤᠭᠤᠯᠠᠩ ᠤᠨ48 ᠤᠨ ︵1709 ᠤᠨ︶ ᠴᠠᠭᠠᠨ  ᠰᠠᠷ᠎ᠠ ᠶᠢᠨ ᠬᠦᠬᠡᠭᠴᠢᠨ ᠬᠤᠨᠢ ᠡᠳᠤᠷ ᠯᠢ ᠹᠠᠨ ᠶᠤᠸᠠᠨ ᠠᠴᠠ ᠬᠠᠭᠠᠨ ᠡᠵᠡᠨ ᠳᠤ ᠠᠶᠢᠯᠠᠳᠬᠠᠵᠦ ᠠᠷᠦ ᠬᠤᠷᠴᠢᠨ ᠤ ᠬᠠᠯᠢᠭᠰᠠᠨ ᠬᠤᠰᠢᠭᠤᠨ ᠤ ᠡᠹᠦ᠋ ᠪᠠᠳᠮ᠎ᠠ ᠶᠢᠨ ᠬᠡᠷᠬᠡᠢ ᠬᠤᠰᠢᠭᠤᠨ ᠤ ᠠᠪᠠᠭᠠᠢ ᠮᠦᠷᠬᠦᠨ ᠮᠡᠳᠡᠭᠦᠯᠵᠦ ︵ᠪᠢ ᠦᠷ᠎ᠡ ᠦᠭᠡᠢ᠂ ᠪᠠᠳᠮ᠎ᠠ ᠤ ᠲᠡᠬᠦᠤ ᠺᠦ᠋ ᠨᠠᠨ ᠢ ᠠᠰᠠᠷᠠᠵᠦ  ᠦᠰᠬᠦᠵᠦ᠂ ᠡᠳᠦᠬᠡ ᠺᠦ᠋ ᠨᠠᠨ ᠦᠰᠴᠦ ᠬᠦᠮᠤᠨ ᠤ ᠵᠡᠷᠭᠡ ᠪᠤᠯᠵᠦ ᠤᠨᠳᠤᠤ ᠰᠠᠨᠠᠭ᠎ᠠ ᠡᠪᠤᠷᠯᠡᠵᠦ᠂ ᠲᠡᠬᠦᠨ ᠤ ᠪᠤᠭᠤᠯ ᠵᠠᠷᠠᠭᠰᠠᠳ ᠪᠠᠳᠠ ᠨᠠᠳᠠ ᠶᠢ ᠲᠤᠷᠤᠮᠵᠢᠯᠠᠵᠦ᠂ ᠡᠳᠦᠬᠡ ᠪᠢ  ᠬᠠᠷᠢᠶᠠᠳᠦ ᠬᠦᠮᠤᠨ ᠢ  ᠪᠠᠨ ᠪᠦᠷ ᠬᠠᠭᠠᠨ ᠡᠵᠡᠨ ᠳᠤ ᠲᠤᠰᠢᠶᠠᠵᠦ᠂ ᠨᠠᠳᠠ ᠳᠤ60 ᠬᠦᠮᠤᠨ ᠬᠦᠷᠬᠡᠵᠦ᠂ ᠬᠤᠵᠢᠮ ᠤᠨ ᠡᠳᠤᠷ ᠪᠠᠳᠮ᠎ᠠ ᠪᠢᠳᠡ ᠡᠷ᠎ᠡ ᠡᠮ᠎ᠡ ᠬᠤᠶᠠᠭᠤᠯᠠ ᠶᠢᠨ ᠬᠡᠬᠡᠨ ᠤᠩᠭᠤᠨ ᠢ ᠬᠠᠷᠠᠵᠦ ᠰᠠᠬᠢᠬᠤ ᠬᠡᠵᠦ ᠬᠦᠰᠡᠵᠦ ᠪᠤᠢ︶ ᠭᠡᠰᠡᠨ ᠳᠤ ᠬᠠᠭᠠᠨ ᠡᠵᠡᠨ ᠵᠡᠬᠢᠶ᠎ᠠ ᠪᠠᠭᠤᠯᠭᠠᠵᠦ ︵ ᠺᠦ᠋ ᠨᠠᠨ ᠡᠶᠢᠮᠦ ᠬᠦᠮᠤᠨ ᠢ ᠵᠠᠷᠤᠵᠦ ᠬᠡᠷᠡᠭᠯᠡᠵᠦ ᠪᠤᠯᠬᠤ ᠦᠭᠡᠢ᠂ ᠬᠤᠰᠢᠭᠤᠨ ᠤ ᠠᠪᠠᠭᠠᠢ ᠤᠷᠤᠭᠰᠢ ᠬᠤᠷᠢᠮᠯᠠᠬᠤ ᠳᠤ ᠬᠦᠷᠬᠡᠭᠰᠡᠨ ᠬᠦᠮᠤᠨ ᠪᠦᠷ ᠠᠷᠦ  ᠬᠤᠷᠴᠢᠨ ᠤ ᠨᠤᠳᠤᠭ ᠤᠨ ᠴᠡᠷᠢᠭ ᠪᠤᠯᠤᠨ᠎ᠠ᠃ ᠬᠤᠪᠢ ᠬᠦᠮᠤᠨ ᠪᠤᠯᠭᠠᠵᠦ ᠪᠤᠯᠬᠤ ᠤᠤ︖ ᠲᠠ ᠮᠡᠬᠦᠰ ᠮᠢᠨᠢ ᠵᠠᠬᠢᠶ᠎ᠠ ᠪᠠᠷ ᠮᠤᠩᠭᠤᠯ ᠤᠨ ᠸᠠᠩ ᠭᠦᠩ ᠳᠤ ᠵᠠᠷᠯᠢᠭ ᠪᠠᠭᠤᠯᠭᠠᠵᠦ᠂ ᠲᠦᠮᠡᠳ ᠤᠨ ᠱᠤᠭᠳᠤᠷ ᠤᠨ  ᠭᠡᠷᠭᠡᠢ ᠶᠢᠨ ᠦᠷᠬᠦᠭᠰᠡᠨ ᠰᠤᠮᠤ ᠶᠢᠨ ᠵᠢᠰᠢᠶ᠎ᠡ ᠪᠠᠷ ᠨᠤᠶᠠᠨ ᠲᠤᠮᠢᠯᠠᠵᠦ ᠬᠡᠷᠡᠭ ᠶᠠᠪᠤᠳᠠᠯ ᠬᠠᠮᠢᠶᠠᠷᠠᠬᠤ ᠬᠤᠵᠢᠮ ᠶᠢᠨ ᠡᠳᠦᠷ ᠦᠷᠭᠡᠭᠰᠡᠨ ᠬᠦᠮᠤᠰ ᠢ ᠬᠤᠰᠢᠭᠤ ᠳᠤ ᠲᠤᠮᠢᠯᠠᠵᠦ ᠬᠡᠷᠡᠭᠯᠡᠳᠤᠭᠡᠢ︶  ᠭᠡᠪᠡ᠃         ᠡᠩᠬᠡ ᠠᠮᠤᠭᠤᠯᠠᠩ ᠤᠨ49 ᠤᠨ ︵1710 ᠤᠨ︶ ᠤ8 ᠰᠠᠷ᠎ᠠ ᠶᠢᠨ ᠬᠦᠬᠡ ᠪᠡᠴᠢᠨ ᠡᠳᠤᠷ ᠬᠠᠭᠠᠨ ᠡᠵᠡᠨ ᠪᠤᠷᠦ ᠬᠤᠳᠠ ᠳᠤ ᠪᠠᠭᠤᠳᠠᠯᠠᠵᠦ ᠲᠦᠷᠦ ᠳᠤ ᠢᠷᠡᠵᠦ ᠲᠠᠶᠢᠯᠠᠯᠭ᠎ᠠ ᠳᠤ ᠤᠷᠤᠯᠴᠠᠭᠰᠠᠨ ᠠᠷᠦ ᠬᠤᠷᠴᠢᠨ ᠤ ᠲᠦᠷᠦ ᠶᠢᠨ ᠪᠠᠶᠢᠯᠡ ᠸᠠᠩᠵᠢᠯ ᠵᠡᠷᠭᠡ11 ᠬᠤᠰᠢᠭᠤᠨ ᠤ ᠸᠠᠩ ᠪᠠᠶᠢᠯᠡ ᠪᠠᠶᠢᠰᠠ ᠬᠦᠩ ᠲᠠᠶᠢᠵᠢ ᠨᠠᠷ ᠲᠤ ᠮᠦᠩᠬᠦᠨ ᠵᠤᠭᠤᠰ᠂ ᠡᠮᠡᠭᠡᠯ ᠵᠡᠷᠭᠡ ᠱᠠᠩᠨᠠᠪᠠ᠃         ᠡᠩᠬᠡ ᠠᠮᠤᠭᠤᠯᠠᠩ ᠤᠨ51 ᠤᠨ  ︵1712 ᠤᠨ︶ ᠤ9 ᠰᠠᠷ᠎ᠠ ᠶᠢᠨ ᠴᠠᠭᠠᠨ ᠪᠠᠷᠰ ᠡᠳᠦᠷ ᠬᠠᠭᠠᠨ ᠡᠵᠡᠨ ᠨᠠᠮᠰᠠᠩᠵᠢᠰᠠᠨ ᠳᠤ ᠪᠠᠭᠤᠳᠠᠯᠠᠵᠦ ᠲᠠᠭᠠᠵᠦ ᠬᠠᠮᠠᠭᠠᠯᠠᠯᠳᠠ ᠶᠢᠨ ᠬᠢᠶ᠎ᠡ ᠪᠤᠯᠤᠭᠰᠠᠨ ᠠᠷᠦ ᠬᠤᠷᠴᠢᠨ ᠤ ᠲᠦᠷᠦ  ᠶᠢᠨ ᠪᠠᠶᠢᠯᠡ ᠸᠠᠩᠵᠢᠯ ᠵᠡᠷᠭᠡ17 ᠬᠤᠰᠢᠭᠤ ᠤ ᠸᠠᠩ ᠪᠠᠶᠢᠯᠡ ᠪᠠᠶᠢᠰᠡ ᠸᠠᠩ ᠭᠦᠩ ᠲᠠᠶᠢᠵᠢ ᠨᠠᠷ ᠲᠤ ᠡᠮᠡᠭᠡᠯ᠂ ᠲᠤᠷᠭ᠎ᠠ᠂ ᠮᠦᠩᠬᠦ ᠱᠠᠩᠨᠠᠪᠠ᠃        12 ᠰᠠᠷ᠎ᠠ ᠶᠢᠨ ᠰᠢᠷ᠎ᠠ ᠪᠠᠷᠰ ᠡᠳᠤᠷ ᠬᠠᠭᠠᠨ ᠡᠵᠡᠨ ᠵᠢᠩ ᠱᠠᠨ ᠤ ᠡᠮᠤᠨ᠎ᠡ ᠤᠷᠳᠤᠨ ᠳᠤ ᠬᠤᠷᠢᠮ ᠤᠨ ᠰᠢᠷᠡᠭᠡ ᠵᠠᠰᠠᠵᠦ ᠲᠦᠷᠦ ᠳᠤ ᠢᠷᠡᠭᠰᠡᠨ ᠠᠷᠦ ᠬᠤᠷᠴᠢᠨ ᠪᠠᠶᠢᠯᠡ  ᠸᠠᠩᠵᠢᠯ ᠵᠡᠷᠭᠡ16 ᠬᠤᠰᠢᠭᠤᠨ ᠤ ᠸᠠᠩ ᠪᠠᠶᠢᠯᠡ ᠪᠠᠶᠢᠰᠠ ᠬᠦᠩ ᠲᠠᠶᠢᠵᠢ ᠨᠠᠷ ᠢ ᠵᠤᠴᠢᠯᠠᠪᠠ᠃           ᠡᠩᠬᠡ ᠠᠮᠤᠭᠤᠯᠠᠩ ᠤᠨ53 ᠤᠨ ᠤ ︵1714 ᠤᠨ︶ ᠴᠠᠭᠠᠨ ᠰᠠᠷ᠎ᠠ ᠶᠢᠨ 14 ᠤ ᠡᠳᠤᠷ15 ᠤ  ᠪᠠᠶᠠᠷ ᠬᠡᠵᠦ ᠬᠠᠭᠠᠨ ᠡᠵᠡᠨ ᠴᠠᠩ ᠴᠦᠨ ᠶᠤᠸᠠᠨ ᠤ ᠲᠦᠮᠡᠨ ᠨᠠᠰᠤᠳᠦ ᠲᠢᠩᠬᠢᠮ ᠳᠤ ᠬᠤᠷᠢᠮ ᠤᠨ ᠰᠢᠷᠡᠭᠡ ᠵᠠᠰᠠᠵᠦ ᠠᠷᠦ ᠬᠤᠷᠴᠢᠨ ᠤ ᠲᠦᠷᠦ ᠶᠢᠨ ᠪᠠᠶᠢᠯᠡ ᠸᠠᠩᠵᠢᠯ ᠵᠡᠷᠭᠡ16 ᠬᠤᠰᠢᠭᠤᠨ ᠤ ᠸᠠᠩ ᠪᠠᠶᠢᠯᠡ ᠪᠠᠶᠢᠰᠡ ᠬᠦᠩ ᠲᠠᠶᠢᠵᠢ ᠨᠠᠷ ᠲᠠᠢ ᠠᠷᠢᠬᠢᠳᠠᠨ ᠴᠡᠩᠬᠡᠯᠳᠠᠪᠡ᠃            ᠡᠩᠬᠡ ᠠᠮᠤᠭᠤᠯᠠᠩ ᠬᠠᠭᠠᠨ ᠤᠨ54 ᠤᠨ ︵1715 ᠤᠨ︶ ᠤ 8 ᠰᠠᠷ᠎ᠠ   ᠶᠢᠨ25 ᠤ ᠡᠳᠤᠷ ᠬᠠᠭᠠᠨ ᠡᠵᠡᠨ ᠤᠯᠠᠭᠠᠨ ᠲᠠᠯ᠎ᠠ ᠳᠤ ᠪᠠᠭᠤᠳᠠᠯᠠᠵᠦ ᠮᠦᠨ ᠡᠳᠤᠷ ᠬᠡᠰᠡᠭ ᠢᠶᠠᠷ ᠠᠯᠪᠠ  ᠪᠠᠷᠢᠬᠤ ᠠᠷᠦ ᠬᠤᠷᠴᠢᠨ ᠤ ᠲᠦᠷᠦ ᠶᠢᠨ ᠪᠠᠶᠢᠯᠡ ᠸᠠᠩᠵᠢᠯ   ᠳᠤ ᠬᠤᠷᠢᠮ ᠤᠨ ᠰᠢᠷᠡᠭᠡ ᠵᠠᠰᠠᠵᠦ ᠪᠤᠳᠠᠭᠠᠯᠠᠪᠠ᠃            12 ᠰᠠᠷ᠎ᠠ ᠶᠢᠨ18 ᠤ ᠡᠳᠦᠷ  ᠯᠢ ᠹᠠᠨ ᠶᠤᠸᠠᠨ ᠠᠴᠠ  ᠠᠶᠢᠯᠠᠳᠬᠠᠵᠦ ᠠᠷᠦ ᠬᠤᠷᠴᠢᠨ ᠲᠠᠶᠢᠵᠢ ᠭᠤᠨᠳᠠᠷ᠎ᠠ ᠬᠠᠭᠠᠨ ᠤ ᠱᠠᠩᠨᠠᠭᠰᠠᠨ ᠦᠳᠡᠬᠦᠰ ᠬᠦᠭᠰᠢᠨ ᠤ ᠮᠦᠩᠬᠦ ᠶᠢ ᠬᠤᠪᠢᠨ ᠳᠠᠭᠠᠨ ᠡᠵᠡᠯᠡᠵᠦ ᠲᠠᠶᠢᠵᠢ ᠨᠤᠷᠪᠤᠵᠠᠮᠰᠤ ᠠᠴᠠ ᠦᠬᠡᠷ᠂ ᠮᠤᠷᠢ᠂ ᠮᠦᠩᠬᠦ ᠶᠢ ᠬᠦᠴᠤᠷᠬᠡᠭ ᠢᠶᠠᠷ ᠠᠪᠴᠦ᠂ ᠪᠠᠰᠠ ᠡᠪᠡᠳᠴᠢᠯᠠᠵᠦ ᠬᠡᠵᠦ ᠦᠬᠡᠷ ᠂ ᠮᠤᠷᠢ᠂ ᠬᠤᠨᠢ᠂ ᠢᠮᠠᠭ᠎ᠠ᠂  ᠮᠦᠩᠬᠦ ᠶᠢ ᠬᠤᠪᠢᠨ ᠤ ᠪᠤᠯᠭᠠᠵᠦ ᠬᠤᠰᠢᠭᠤᠨ ᠤ ᠠᠷᠠᠳ ᠢ ᠮᠦᠯᠵᠢᠵᠦ᠂ ᠡᠷᠬᠡᠪᠡᠰᠢ  ᠬᠠᠤᠯᠠᠢ ᠪᠠᠷ   ᠶᠠᠯᠠᠯᠠᠬᠤ ᠬᠡᠷᠡᠭᠳᠠᠢ᠂ ᠭᠤᠨᠳᠤᠷ᠎ᠠ ᠡᠷ᠎ᠡ ᠡᠮ᠎ᠡ ᠬᠤᠶᠠᠭᠤᠯᠠ ᠶᠢ ᠪᠡᠭᠡᠵᠢᠩ ᠳᠤ ᠬᠦᠷᠬᠡᠵᠦ ᠬᠦᠨᠳᠦ ᠬᠠᠷ᠎ᠠ ᠠᠵᠢᠯ  ᠬᠢᠯᠬᠡᠵᠦ ᠰᠢᠳᠬᠡᠬᠦ ᠬᠡᠷᠡᠭᠳᠠᠢ ᠭᠡᠰᠡᠨ ᠳᠤ ᠬᠠᠭᠠᠨ ᠡᠵᠡᠨ ᠵᠦᠪᠰᠢᠶᠡᠷᠡᠵᠦ ︵ᠭᠤᠨᠳᠤᠷ᠎ᠠ ᠤᠳᠠᠭ᠎ᠠ ᠲᠠᠷᠠᠭᠠᠯᠠᠨ ᠮᠠᠭᠤ ᠬᠡᠷᠡᠭ  ᠤᠶᠢᠯᠡᠳᠴᠦ᠂ ᠠᠷᠤ ᠬᠤᠷᠴᠢᠨ ᠳᠤ ᠪᠠᠶᠢᠪᠠᠰᠦ  ᠪᠠᠰᠠ ᠬᠡᠷᠡᠭ ᠤᠶᠢᠯᠡᠳᠨ᠎ᠡ᠂ ᠪᠡᠭᠡᠵᠢᠩ  ᠳᠤ ᠬᠦᠷᠬᠡᠵᠦ  ᠬᠠᠷ᠎ᠠ ᠠᠵᠢᠯ ᠬᠢᠯᠬᠡᠬᠦ ᠨᠢ ᠲᠤᠩ ᠵᠦᠪ ᠪᠤᠯᠤᠨ᠎ᠠ︶ ᠬᠡᠪᠡ᠃         ᠡᠩᠬᠡ ᠠᠮᠤᠭᠤᠯᠠᠩ ᠤᠨ55 ᠤᠨ ᠤ ︵1716 ᠤᠨ︶ ᠴᠠᠭᠠᠨ ᠰᠠᠷ᠎ᠠ ᠶᠢᠨ 14 ᠤ ᠡᠳᠤᠷ15 ᠤ  ᠪᠠᠶᠠᠷ ᠬᠡᠵᠦ  ᠦᠳᠡ ᠶᠢᠨ ᠦᠶ᠎ᠡ ᠳᠤ ᠬᠠᠭᠠᠨ ᠡᠵᠡᠨ ᠴᠠᠩ ᠴᠦᠨ ᠶᠤᠸᠠᠨ ᠤ  ᠵᠢᠤ ᠵᠢᠩ ᠱᠠᠨ ᠱᠢ ᠳᠤ ᠬᠤᠷᠢᠮ  ᠤᠨ ᠰᠢᠷᠡᠭᠡ ᠵᠠᠰᠠᠵᠦ ᠠᠷᠦ ᠬᠤᠷᠴᠢᠨ ᠤ ᠲᠦᠷᠦ ᠶᠢᠨ ᠪᠠᠶᠢᠯᠡ ᠸᠠᠩᠵᠢᠯ ᠵᠡᠷᠭᠡ17 ᠬᠤᠰᠢᠭᠤᠨ ᠤ ᠸᠠᠩ ᠪᠠᠶᠢᠯᠡ ᠪᠠᠶᠢᠰᠡ ᠬᠦᠩ ᠲᠠᠶᠢᠵᠢ ᠨᠠᠷ ᠲᠠᠢ ᠠᠷᠢᠬᠢᠳᠠᠨ ᠴᠡᠩᠬᠡᠯᠳᠠᠪᠡ᠃         ᠡᠩᠬᠡ ᠠᠮᠤᠭᠤᠯᠠᠩ ᠤᠨ56 ᠤᠨ ᠤ ︵1717 ᠤᠨ︶ ᠴᠠᠭᠠᠨ ᠰᠠᠷ᠎ᠠ ᠶᠢᠨ 14 ᠤ ᠡᠳᠤᠷ15 ᠤ  ᠪᠠᠶᠠᠷ ᠬᠡᠵᠦ  ᠬᠠᠭᠠᠨ ᠡᠵᠡᠨ ᠴᠠᠩ ᠴᠦᠨ ᠶᠤᠸᠠᠨ ᠤ  ᠵᠢᠤ ᠵᠢᠩ ᠱᠠᠨ ᠱᠢ ᠳᠤ ᠬᠤᠷᠢᠮ ᠤᠨ ᠰᠢᠷᠡᠭᠡ ᠵᠠᠰᠠᠵᠦ ᠠᠷᠦ ᠬᠤᠷᠴᠢᠨ ᠤ ᠲᠦᠷᠦ ᠶᠢᠨ ᠪᠠᠶᠢᠯᠡ ᠸᠠᠩᠵᠢᠯ ᠵᠡᠷᠭᠡ16 ᠬᠤᠰᠢᠭᠤᠨ ᠤ ᠸᠠᠩ ᠪᠠᠶᠢᠯᠡ ᠪᠠᠶᠢᠰᠡ ᠬᠦᠩ ᠲᠠᠶᠢᠵᠢ ᠨᠠᠷ ᠲᠠᠢ ᠠᠷᠢᠬᠢᠳᠠᠨ ᠴᠡᠩᠬᠡᠯᠳᠠᠪᠡ᠃         10 ᠰᠠᠷ᠎ᠠ ᠶᠢᠨ2 ᠤ ᠡᠳᠤᠷ ᠬᠤᠸᠠᠩ ᠲᠤ ᠭᠠᠨ ᠳᠤ ᠬᠠᠭᠠᠨ ᠡᠵᠡᠨ ᠪᠠᠭᠤᠳᠠᠯᠠᠵᠦ ᠠᠷᠦ ᠬᠤᠷᠴᠢᠨ ᠤ ᠲᠦᠷᠦ ᠶᠢᠨ ᠪᠠᠶᠢᠯᠡ ᠸᠠᠩᠵᠢᠯ ᠠᠮᠤᠷ ᠢ  ᠠᠰᠠᠭᠤᠬᠤ ᠪᠠᠷ ᠢᠷᠡᠵᠦ ᠬᠠᠭᠠᠨ ᠡᠵᠡᠨ ᠲᠠᠢ ᠠᠭᠤᠯᠵᠢᠯᠠᠯᠳᠠ ᠬᠢᠪᠡ᠃           ᠡᠩᠬᠡ ᠠᠮᠤᠭᠤᠯᠠᠩ ᠤᠨ57 ᠤᠨ ︵1718 ᠤᠨ︶ ᠤ8 ᠰᠠᠷ᠎ᠠ ᠶᠢᠨ ᠰᠢᠷ᠎ᠠ ᠬᠤᠯᠤᠭᠠᠨ᠎ᠠ ᠡᠳᠤᠷ ᠠᠷᠦ ᠬᠤᠷᠴᠢᠨ ᠪᠠᠶᠢᠯᠡ ᠸᠠᠩᠵᠢᠯ ᠲᠦᠷᠦ ᠳᠤ ᠢᠷᠡᠵᠦ ᠬᠠᠭᠠᠨ ᠡᠵᠡᠨ ᠤ ᠠᠮᠤᠷ ᠢ ᠠᠰᠠᠭᠤᠪᠠ᠃          ᠡᠩᠬᠡ ᠠᠮᠤᠭᠤᠯᠠᠩ ᠤᠨ58 ᠤᠨ ᠤ ︵1719 ᠤᠨ︶ ᠴᠠᠭᠠᠨ ᠰᠠᠷ᠎ᠠ ᠶᠢᠨ 14 ᠤ ᠡᠳᠤᠷ15 ᠤ  ᠪᠠᠶᠠᠷ ᠬᠡᠵᠦ  ᠬᠠᠭᠠᠨ ᠡᠵᠡᠨ  ᠪᠤᠤ ᠾᠧ ᠲᠢᠶᠠᠨ    ᠤᠷᠳᠤᠨ‌‍ᠳᠥ ᠬᠤᠷᠢᠮ ᠤᠨ ᠰᠢᠷᠡᠭᠡ ᠵᠠᠰᠠᠵᠦ ᠠᠷᠦ ᠬᠤᠷᠴᠢᠨ  ᠤ ᠲᠦᠷᠦ ᠶᠢᠨ ᠪᠠᠶᠢᠯᠡ ᠸᠠᠩᠵᠢᠯ ᠵᠡᠷᠭᠡ 23 ᠬᠤᠰᠢᠭᠤᠨ ᠤ ᠸᠠᠩ ᠬᠦᠩ ᠨᠠᠷ ᠢ ᠵᠤᠴᠢᠯᠠᠪᠠ᠃           ᠡᠩᠬᠡ ᠠᠮᠤᠭᠤᠯᠠᠩ ᠤᠨ59ᠤᠨ  ︵1720 ᠤᠨ︶ ᠤ 9 ᠰᠠᠷ᠎ᠠ ᠳᠤ ᠬᠠᠭᠠᠨ ᠡᠵᠡᠨ ᠪᠤᠷᠦ ᠬᠤᠳᠠ  ᠳᠤ ᠪᠠᠭᠤᠳᠠᠯᠠᠵᠦ ᠠᠶᠢᠨᠯᠠᠬᠤ ᠳᠤ ᠤᠷᠤᠯᠴᠠᠭᠰᠠᠨ ᠠᠷᠦ ᠬᠤᠷᠴᠢᠨ ᠤ ᠲᠦᠷᠦ ᠪᠠᠶᠢᠯᠡ ᠸᠠᠩᠵᠢᠯ ᠵᠡᠷᠭᠡ8 ᠬᠤᠰᠢᠭᠤᠨ ᠤ ᠸᠠᠩ ᠪᠠᠶᠢᠯᠡ ᠪᠠᠶᠢᠰᠠ ᠬᠦᠩ ᠲᠠᠶᠢᠵᠢ ᠨᠠᠷ ᠲᠤ ᠮᠦᠩᠬᠦ᠂ ᠪᠦᠰ ᠱᠠᠩᠨᠠᠪᠠ᠃           ᠡᠩᠬᠡ ᠠᠮᠤᠭᠤᠯᠠᠩ ᠤᠨ60 ᠤᠨ ︵1721 ᠤᠨ︶8 ᠰᠠᠷ᠎ᠠ ᠶᠢᠨ ᠬᠦᠬᠡ ᠬᠤᠯᠤᠭᠠᠨ᠎ᠠ ᠡᠳᠤᠷ ᠬᠠᠭᠠᠨ ᠡᠵᠡᠨ ᠰᠢᠷ᠎ᠠ ᠨᠠᠭᠤᠷ ᠲᠤ ᠪᠠᠭᠤᠳᠠᠯᠠᠵᠦ᠂ ᠠᠷᠦ ᠬᠤᠷᠴᠢᠨ ᠤ  ᠲᠦᠷᠦ ᠶᠢᠨ ᠪᠠᠶᠢᠯᠡ ᠸᠠᠩᠵᠢᠯ ᠵᠡᠷᠭᠡ ᠲᠦᠷᠦ ᠳᠤ ᠢᠷᠡᠵᠦ ᠠᠮᠤᠷ ᠢ ᠠᠰᠠᠭᠤᠪᠠ᠃ ᠸᠠᠩᠵᠢᠯ ᠵᠡᠷᠭᠡ ᠸᠠᠩ ᠪᠠᠶᠢᠯᠡ ᠪᠠᠶᠢᠰᠠ ᠬᠦᠩ ᠲᠠᠶᠢᠵᠢ ᠳᠤ ᠮᠦᠩᠬᠦ᠂ ᠪᠦᠰ ᠱᠠᠩᠨᠠᠪᠠ᠃          ᠡᠩᠬᠡ ᠠᠮᠤᠭᠤᠯᠠᠩ ᠤᠨ61 ᠤᠨ ᠤ ︵1722 ᠤᠨ︶ ᠴᠠᠭᠠᠨ ᠰᠠᠷ᠎ᠠ ᠶᠢᠨ 14 ᠤ ᠡᠳᠤᠷ15 ᠤ  ᠪᠠᠶᠠᠷ ᠬᠡᠵᠦ  ᠬᠠᠭᠠᠨ ᠡᠵᠡᠨ  ᠪᠤᠤ ᠾᠧ ᠲᠢᠶᠠᠨ    ᠤᠷᠳᠤᠨ‌‍ᠳᠥ ᠬᠤᠷᠢᠮ ᠤᠨ ᠰᠢᠷᠡᠭᠡ ᠵᠠᠰᠠᠵᠦ ᠠᠷᠦ ᠬᠤᠷᠴᠢᠨ  ᠤ ᠲᠦᠷᠦ ᠶᠢᠨ ᠪᠠᠶᠢᠯᠡ ᠸᠠᠩᠵᠢᠯ ᠵᠡᠷᠭᠡ 16 ᠬᠤᠰᠢᠭᠤᠨ ᠤ ᠸᠠᠩ ᠪᠠᠶᠢᠯᠡ ᠪᠠᠶᠢᠰᠠ ᠬᠦᠩ ᠲᠠᠶᠢᠵᠢ ᠨᠠᠷ ᠢ ᠵᠤᠴᠢᠯᠠᠪᠠ᠃           11 ᠰᠠᠷ᠎ᠠ ᠶᠢᠨ3 ᠤ ᠡᠳᠤᠷ ᠤᠨ ᠬᠦᠬᠡ ᠮᠤᠷᠢᠨ ᠴᠠᠭ ᠲᠤ ᠬᠠᠭᠠᠨ ᠡᠵᠡᠨ ᠡᠪᠡᠳᠴᠢᠨ ᠲᠦᠭᠰᠢᠬᠦᠷᠢ  ᠲᠠᠢ ᠪᠤᠯᠵᠦ ᠲᠦᠷᠪᠡᠳᠦᠬᠡᠷ ᠬᠦᠤ ᠶᠦᠨ ᠵᠧᠨ ᠢ ᠲᠦᠷᠭᠡᠨ ᠲᠠᠭᠤᠳᠠᠨ ᠲᠦᠰᠢᠭᠡ ᠬᠦᠩ ᠦᠷᠬᠦᠳᠠᠢ ᠪᠠᠷ ᠡᠮᠤᠨ᠎ᠡ ᠲᠡᠬᠦᠷᠭᠡ ᠳᠤ ᠲᠠᠬᠢᠨ ᠲᠠᠯᠪᠢᠭᠤᠯᠪᠠ᠃              ᠪᠠᠷᠰ ᠴᠠᠭ ᠲᠤ  ᠬᠠᠭᠠᠨ ᠡᠵᠡᠨ ᠭᠤᠷᠪᠠᠳᠤᠭᠠᠷ ᠬᠦᠤ ᠴᠢᠨ ᠸᠠᠩ ᠶᠦᠨ ᠳ᠋ᠢ᠂ ᠲᠤᠯᠤᠳᠤᠭᠠᠷ ᠬᠦᠤ ᠵᠢᠶᠦ᠋ᠨ ᠸᠠᠩ ᠶᠦᠨ ᠭᠤ᠋᠂ ᠨᠠᠶᠢᠮᠠᠳᠤᠭᠠᠷ ᠬᠦᠤ ᠪᠡᠶᠢᠯᠡ ᠶᠦᠨ ᠰᠧ᠂ ᠶᠢᠰᠤᠳᠤᠭᠡᠷ ᠬᠦᠤ ᠪᠠᠶᠢᠯᠡ ᠶᠦᠨ ᠲᠠᠩ᠂ ᠠᠷᠪᠠᠳᠤᠭᠠᠷ ᠬᠦᠤ ᠶᠦᠨ ᠡ᠂ ᠠᠷᠪᠠᠨ ᠬᠤᠶᠠᠳᠤᠭᠠᠷ ᠬᠦᠤ ᠪᠠᠶᠢᠰᠠ ᠶᠦᠨ ᠲᠤᠤ᠂ ᠠᠷᠪᠠᠨ ᠭᠤᠷᠪᠠᠳᠤᠭᠠᠷ ᠬᠦᠤ ᠶᠦᠨ ᠰᠢᠶᠠᠩ᠂ ᠯᠢ ᠹᠠᠨ ᠶᠤᠸᠠᠨ ᠤ ᠱᠠᠩ ᠱᠤ᠋ ᠯᠤᠩᠷᠳᠦᠸᠧ ᠬᠠᠭᠠᠨ ᠤ ᠡᠪᠡᠳᠴᠢᠨ ᠤ ᠤᠷᠦ ᠳᠤ ᠴᠤᠭᠯᠠᠭᠠᠨ ᠢᠷᠡᠭᠦᠯᠵᠦ ᠬᠠᠭᠠᠨ ᠡᠵᠡᠨ ᠵᠢᠭᠠᠪᠤᠷᠢᠯᠠᠨ ᠬᠡᠯᠡᠵᠦ ︵ᠬᠠᠭᠠᠨ ᠤ ᠲᠦᠷᠪᠡᠳᠦᠭᠡᠷ ᠬᠦᠤ ᠶᠦᠨ ᠵᠧᠨ ᠬᠦᠮᠤᠨ ᠴᠢᠨᠠᠷ ᠡᠷᠬᠢᠮ ᠬᠦᠨᠳᠦ᠂ ᠮᠡᠬᠦᠰ ᠮᠢᠨᠢ ᠰᠡᠳᠬᠢᠯ ᠳᠤ ᠬᠦᠨ ᠰᠠᠭᠤᠭᠳᠠᠵᠦ ᠯᠠᠪ ᠤᠯᠤᠰ  ᠶᠡᠷᠤᠩᠬᠡᠶᠢᠯᠡᠬᠦ ᠴᠢᠳᠠᠪᠤᠷᠢ ᠲᠠᠢ᠂ ᠮᠢᠨᠢ ᠤᠷᠤ ᠶᠢ ᠵᠠᠯᠭᠠᠮᠵᠢᠯᠠᠵᠦ ᠬᠠᠭᠠᠨ ᠡᠵᠡᠨ ᠤ ᠰᠠᠭᠤᠷᠢᠨ ᠳᠤ ᠰᠠᠭᠤᠭᠠᠷᠠᠢ︶ ᠬᠡᠵᠦ ᠪᠦᠬᠦᠳᠡ  ᠳᠤ ᠮᠡᠳᠡᠬᠦᠯᠪᠡ᠃             ᠲᠠᠷᠠᠭ᠎ᠠ   ᠪᠠᠷ ᠶᠦᠨ ᠵᠧᠨ ᠢ ᠲᠠᠭᠤᠳᠠᠨ ᠤᠷᠤᠭᠤᠯᠵᠦ ᠰᠤᠷᠭᠠᠠᠨ ᠬᠡᠯᠡᠷᠤᠨ ︵ᠬᠠᠭᠠᠨ ᠡᠵᠡᠨ ᠪᠤᠯᠬᠤ ᠬᠦᠨᠳᠦ ᠤᠴᠢᠷ ᠢ ᠮᠡᠳᠡᠬᠦ ᠬᠡᠷᠡᠭᠳᠠᠠᠢ᠂ ᠤᠯᠤᠰ ᠤᠷᠤᠨ ᠢ ᠰᠠᠶᠢᠳᠤᠷ ᠡᠷᠬᠢᠯᠡᠨ ᠵᠠᠰᠠᠬᠤ ᠠᠨᠤ ᠲᠤᠩ ᠴᠢᠬᠤᠯᠠ᠂ ᠮᠡᠬᠦᠰ ᠪᠢ ᠮᠢᠨᠢ ᠶᠢᠨ ᠡᠷᠬᠡ ᠪᠠᠨ ᠴᠢᠮᠠᠢ ᠳᠤ ᠦᠭᠬᠦᠵᠦ ᠵᠡᠬᠦᠬᠡᠷᠡᠭᠡᠢ᠃ ᠡᠨᠡ ᠮᠢᠨᠢ ᠶᠢᠨ ᠡᠷᠬᠡ ᠡᠶᠡᠪᠡᠷ ᠵᠠᠰᠠᠭᠴᠢ ᠬᠠᠭᠠᠨ ᠬᠠᠯᠢᠬᠤ ᠠᠴᠠ ᠡᠮᠤᠨ᠎ᠡ  ᠨᠠᠳᠠ ᠳᠤ ᠬᠦᠷᠬᠡᠨ ᠦᠭᠬᠦᠭᠰᠡᠨ ᠬᠤᠪᠤᠷ ᠡᠷᠳᠡᠨᠢ ᠪᠤᠯᠤᠨ᠎ᠠ᠂ ᠪᠢ ᠴᠢᠮ᠎ᠠ ᠳᠤ ᠦᠭᠬᠦᠴᠦ ᠰᠠᠶᠢᠳᠤᠷ ᠬᠠᠳᠠᠭᠠᠯᠠᠬᠤ ᠶᠢ ᠲᠠ ᠮᠡᠳᠡᠬᠦ ᠬᠡᠷᠡᠭᠳᠠᠢ︶ ᠬᠡᠵᠦ ᠶᠦᠨ ᠵᠧᠨ ᠢ ᠰᠤᠷᠭᠠᠪᠠ᠃ ᠨᠤᠬᠠᠢ ᠴᠠᠭ ᠲᠤ ᠬᠠᠭᠠᠨ ᠡᠵᠡᠨ ᠬᠠᠯᠢᠬᠤ ᠨᠠᠰᠦ69᠂ ᠶᠦᠨ ᠵᠧᠨ ᠤᠬᠢᠯᠠᠵᠦ ᠵᠤᠭᠰᠤᠬᠤ ᠦᠭᠡᠢ ᠪᠤᠯᠬᠤᠷ‌‍ᠱᠠᠩ ᠱᠤ᠋ ᠯᠤᠩᠷᠳᠦᠸᠧ ᠰᠠᠨᠠᠭᠠᠴᠢᠯᠠᠨ ᠬᠡᠯᠡᠷᠤᠨ ︵ᠶᠡᠭᠡ ᠬᠠᠭᠠᠨ ᠤ ᠬᠦᠨᠳᠦ ᠠᠵᠢᠯ ᠪᠠᠶ᠎ᠡ ᠳᠤ ᠴᠢᠨᠢ ᠡᠬᠦᠷᠬᠡ ᠪᠤᠯᠵᠦ᠂ ᠤᠷᠢᠳᠠ ᠪᠠᠷ ᠶᠡᠭᠡ ᠤᠶᠢᠯᠡᠰ ᠢᠶᠠᠨ ᠲᠤᠭᠳᠠᠭᠠᠵᠦ ᠪᠡᠯᠪᠡᠰᠤᠷᠡᠯ ᠤᠨ ᠶᠤᠰᠤᠯᠠᠯ ᠬᠢᠬᠦ ᠶᠢ ᠬᠦᠰᠡᠨ᠎ᠡ︶ ᠭᠡᠰᠡᠨ ᠳᠤ ᠶᠦᠨ ᠵᠧᠨ ᠪᠠᠯᠪᠡᠰᠤᠷᠡᠯ ᠤᠨ ᠬᠤᠪᠴᠠᠰᠦ ᠡᠮᠤᠰᠴᠦ ᠡᠴᠢᠬᠡ ᠬᠠᠭᠠᠨ   ᠳᠠᠭᠠᠨ ᠵᠤᠰᠤᠯᠠᠵᠦ ᠬᠠᠭᠠᠨ ᠤ  ᠬᠤᠪᠴᠠᠰᠦ  ᠶᠢ ᠡᠮᠤᠰᠪᠡ᠃      ᠪᠦᠬᠦ ᠠᠭᠤᠯᠭ᠎ᠠ ᠶᠢ ᠡᠤ ᠶᠦᠩ ᠱᠠᠨ᠂ ᠲᠤᠭᠳᠠᠬᠤ ︵ ᠡᠩᠬᠡ ᠠᠮᠤᠭᠤᠯᠠᠩ ᠤᠨ ᠪᠤᠰᠬᠤ ᠰᠠᠭᠤᠬᠤ ᠡᠳᠤᠷ  ᠤᠨ ᠲᠡᠮᠳᠡᠭᠯᠡᠯ︶ ︵ᠡᠩᠬᠡ ᠠᠮᠤᠭᠤᠯᠠᠩ ᠤᠨ ᠦᠨᠡᠨ ᠲᠡᠮᠳᠡᠭᠯᠡᠯ︶ ᠠᠴᠠ ᠪᠠᠭᠤᠯᠭᠠᠪᠠ  ᠃         ᠲᠠᠶᠢᠯᠠᠪᠤᠷᠢᠯᠠᠯ      ︵ᠡᠳᠤᠷ︶ ᠢᠶᠠᠷ ᠲᠡᠮᠳᠡᠭᠯᠡᠭᠰᠡᠨ ᠨᠢ︵ ᠡᠩᠬᠡ ᠠᠮᠤᠭᠤᠯᠠᠩ ᠤᠨ ᠪᠤᠰᠬᠤ ᠰᠠᠭᠤᠬᠤ ᠡᠳᠤᠷ ᠤᠨ ᠲᠡᠮᠳᠡᠭᠯᠡᠯ︶  ᠳᠤ ᠪᠢᠴᠢᠭᠳᠡᠵᠦ ᠪᠠᠶᠢᠭ᠎ᠠ᠃ ︵ᠠᠷᠪᠠᠨ ᠦᠩᠬᠡ ᠠᠷᠪᠠᠨ ᠬᠤᠶᠠᠷ ᠵᠢᠯ︶ ᠪᠠᠷ ᠡᠳᠤᠷ ᠢ ᠲᠡᠮᠳᠡᠭᠯᠡᠭᠰᠡᠨ ᠨᠢ ︵ᠡᠩᠬᠡ ᠠᠮᠤᠭᠤᠯᠠᠩ ᠤᠨ ᠦᠨᠡᠨ ᠲᠡᠮᠳᠡᠭᠯᠡᠯ︶   ᠳᠤ ᠪᠢᠴᠢᠭᠳᠡᠵᠦ ᠪᠠᠶᠢᠭ᠎ᠠ᠂ ᠪᠢᠳᠡ ᠤᠭ ᠶᠠᠩᠵᠦ ᠪᠠᠷ ᠪᠠᠭᠤᠯᠭᠠᠪᠠ᠃                                  
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备07002090号