ᠵᠦᠪᠯᠡᠯᠳᠤ ᠶᠢᠨ  ᠴᠡᠷᠢᠭ  ᠯᠢᠨᠰᠢ  ᠪᠠᠷ  ᠭᠠᠷᠤᠭᠰᠠᠨ  ᠲᠤᠬᠠᠢ  ᠬᠡᠰᠡᠭ ᠪᠤᠰᠠᠭ ᠲᠡᠮᠳᠡᠭᠯᠡᠯ
ᠨᠡᠶᠢᠲᠡᠯᠡᠭᠰᠡᠨ ᠴᠠᠭ᠄
2020-07-09
ᠵᠦᠪᠯᠡᠯᠳᠤ ᠶᠢᠨ  ᠴᠡᠷᠢᠭ  ᠯᠢᠨᠰᠢ   ᠪᠠᠷ  ᠭᠠᠷᠤᠭᠰᠠᠨ  ᠲᠤᠬᠠᠢ  ᠬᠡᠰᠡᠭ ᠪᠤᠰᠠᠭ ᠲᠡᠮᠳᠡᠭᠯᠡᠯ                    ᠨᠢᠭᠡ 1933 ᠤᠨ   ᠤ 3 ᠰᠠᠷ᠎ᠠ ᠳᠤ  ᠯᠢᠨᠰᠢ ᠰᠢᠶᠠᠨ  ᠶᠠᠫᠤᠨ ᠡᠵᠡᠷᠭᠡᠭ ᠲᠦᠷᠢᠮᠭᠡᠶᠢᠳᠡᠨ ᠳᠤ  ᠡᠵᠡᠯᠡᠭᠳᠡᠵᠦ ᠺᠤᠯᠤᠨᠢ ᠤᠷᠤᠨ  ᠪᠤᠯᠬᠤ ᠶᠢᠨ ᠬᠠᠮᠳᠤ  ᠬᠠᠭᠤᠷᠮᠠᠭ ᠮᠠᠨᠵᠤ ᠤᠯᠤᠰ ᠤᠨ  ᠨᠢᠭᠡ ᠭᠡᠰᠡᠭ  ᠪᠤᠯᠵᠠᠢ  ᠃  ᠶᠠᠫᠦᠨ ᠡᠵᠡᠷᠭᠡᠭ ᠲᠦᠷᠢᠮᠭᠡᠶᠢᠳᠡᠨ  ᠯᠢᠨᠰᠢ ᠰᠢᠶᠠᠨ   ᠤ ᠠᠷᠠᠳ ᠲᠦᠮᠡᠨ ᠳᠤ  ᠬᠠᠷᠬᠢᠰ ᠬᠡᠷᠴᠡᠭᠡᠢ ᠹᠠᠰᠢᠰ ᠵᠠᠰᠠᠭ  ᠶᠠᠪᠤᠭᠤᠯᠵᠤ  ᠨᠢᠭᠡ ᠲᠠᠯ᠎ᠠ ᠪᠠᠷ  ᠬᠢᠳᠠᠳ ᠤᠨ  ᠵᠠᠯᠢᠬᠠᠢ ᠶᠢ ᠬᠦᠮᠦᠵᠢᠭᠦᠯᠵᠤ  ᠪᠤᠭᠤᠯᠴᠢᠯᠠᠬᠤ  ᠠᠵᠢᠯᠯᠭ᠎ᠠ ᠪᠠᠨ  ᠲᠦᠷᠭᠡᠳᠭᠡᠬᠦ ᠶᠢᠨ  ᠬᠠᠮᠳᠤ   ᠪᠠᠷ  ᠴᠡᠷᠢᠭ᠂ ᠴᠠᠭᠳᠠᠭ᠎ᠠ᠂  ᠲᠠᠩᠨᠠᠭᠤᠯ  ᠂ ᠰᠢᠶᠠᠨᠪᠢᠩ  ᠵᠠᠷᠭᠡ ᠪᠠᠷ  ᠠᠷᠠᠳ ᠲᠦᠮᠡᠨ   ᠢ  ᠲᠠᠷᠤᠯᠠᠵᠤ  ᠪᠠᠶᠢᠪᠠ᠃  ᠴᠢᠯᠦᠭᠡᠯᠡᠬᠦ ᠠᠴᠠ  ᠡᠮᠦᠨ᠎ᠡ ᠯᠢᠨᠰᠢ ᠰᠢᠶᠠᠨ ᠳᠤ  ᠬᠠᠭᠤᠷᠮᠠᠭ ᠴᠡᠷᠢᠭ ᠤᠨ  ᠪᠠᠶᠢᠭᠤᠯᠭ᠎ᠠ  ᠂  ᠰᠡᠷᠭᠡᠶᠢᠯᠡᠨ ᠪᠡᠶᠢᠷᠠᠭᠤᠯᠬᠤ  ᠰᠧᠯᠢᠩᠪᠦ᠋  ᠂  ᠭᠤᠸᠠᠨᠳᠦᠩ  ᠠᠷᠮᠠᠢ ᠶᠢᠨ 475 ᠳ᠋ᠤᠭᠡᠷ  ᠴᠡᠷᠢᠭ ᠠᠩᠬᠢ᠂  ᠬᠢᠩᠭᠠᠨ ᠤ  ᠮᠤᠷᠢᠳᠤ ᠴᠡᠷᠢᠭ ᠤᠨ  ᠭᠤᠷᠪᠠᠨ  ᠬᠤᠷᠢᠶ᠎ᠠ  ᠂  ᠰᠢᠶᠧ  ᠶᠢᠨ ᠤ  ᠤᠲ᠋ᠠᠷᠢᠶᠠᠳ᠋  ᠵᠡᠷᠭᠡ ᠶᠢ  ᠰᠠᠭᠤᠯᠭᠠᠵᠤ᠂  ᠲᠠᠩᠨᠠᠭᠤᠯ  ᠂  ᠰᠢᠶᠠᠨᠪᠢᠩ ᠤᠨ  ᠪᠠᠶᠢᠭᠤᠯᠭ᠎ᠠ  ᠤᠷᠢᠳ  ᠬᠤᠵᠢᠳ   ᠱᠧᠩᠳᠤᠤ  ︵盛岛公馆)  ᠠᠪᠠᠭ᠎ᠠ   ᠶᠢᠨ  ᠲᠠᠩᠨᠠᠭᠤᠯ   ᠤᠨ  ᠪᠠᠶᠢᠭᠤᠯᠭ᠎ᠠ   ᠶᠢᠨ  ᠯᠢᠨᠰᠢ   ᠳᠠᠬᠢ  ᠰᠠᠯᠪᠤᠷᠢ᠂  ᠬᠢᠩᠭᠠᠨ ᠤ  ᠲᠠᠩᠨᠠᠭᠤᠯ   ᠤᠨ  ᠪᠠᠶᠢᠭᠤᠯᠭ᠎ᠠ ᠶᠢᠨ  ᠬᠤᠪᠢᠶᠠᠷᠢ ᠲᠠᠰᠤᠭ  ᠂ ᠯᠢᠨᠰᠢ   ᠳᠠᠬᠢ   ᠪᠠᠶᠢᠴᠠᠭᠠᠬᠤ ᠠᠩᠬᠢ᠂  ᠶᠠᠫᠤᠨ ᠤ  ᠰᠢᠶᠠᠨᠪᠢᠩ ᠤᠨ  ᠠᠩᠬᠢ  ᠂  ᠮᠠᠨᠵᠤ   ᠶᠢᠨ  ᠰᠢᠶᠠᠨᠪᠢᠩ ᠤᠨ  ᠬᠤᠷᠢᠶ᠎ᠠ  ᠂ ᠴᠠᠭᠳᠠᠭᠠᠨ ᠤ ᠶᠠᠪᠤᠳᠠᠯ ᠤᠨ  ᠰᠠᠯᠠᠭ᠎ᠠ᠂  ᠴᠠᠭᠳᠠᠭᠠᠨ ᠤ  ᠵᠤᠷᠭᠠᠨ᠂  ᠵᠠᠰᠠᠨ ᠵᠠᠯᠠᠷᠠᠭᠤᠯᠬᠤ  ᠲᠤᠪᠴᠢᠶ᠎ᠠ᠂   ᠰᠠᠷᠢᠭᠠᠯᠠᠭᠴᠢ ᠶᠢ  ᠪᠠᠷᠢᠪᠴᠢᠯᠠᠬᠤ ᠲᠤᠪᠴᠢᠶ᠎ᠠ   ᠵᠡᠷᠭᠡ ᠶᠢ ᠪᠠᠶᠢᠷᠰᠢᠭᠤᠯᠵᠤ  ᠂ ᠦᠭᠡᠷ ᠤᠨ  ᠦᠰᠦᠨ ᠠᠴᠠ ᠤᠯᠠᠨ  ᠲᠠᠩᠨᠠᠭᠤᠯ  ᠵᠡᠷᠭᠡ ᠪᠠᠷ ᠠᠷᠠᠳ ᠲᠦᠮᠡᠨ   ᠳᠤ  ᠬᠠᠷᠬᠢᠰ ᠬᠡᠷᠴᠡᠭᠡᠢ  ᠲᠠᠷᠤᠯᠠᠯ   ᠮᠦᠯᠵᠢᠯ   ᠢ   ᠶᠠᠪᠤᠭᠤᠯᠵᠤ  ᠪᠠᠶᠢᠪᠠ᠃ ᠯᠢᠨᠰᠢ ᠰᠢᠶᠠᠨ   ᠨᠢ   ᠬᠠᠭᠤᠷᠮᠠᠭ ᠮᠠᠨᠵᠤ ᠤᠯᠤᠰ ᠤᠨ  ᠪᠠᠷᠠᠭᠤᠨ ᠬᠢᠵᠠᠭᠠᠷ  ᠤᠷᠤᠨ   ᠳᠤ ᠪᠠᠶᠢᠷᠰᠢᠵᠤ  ᠪᠠᠶᠢᠬᠤ  ᠠᠴᠠ  ᠶᠠᠫᠦᠨ ᠡᠵᠡᠷᠭᠡ ᠲᠦᠷᠢᠮᠭᠡᠶᠢᠳᠡᠨ   ︽ᠤᠯᠤᠰ ᠤᠨ  ᠬᠠᠮᠠᠭᠠᠯᠠᠯᠳᠠ ᠶᠢᠨ  ᠴᠢᠬᠤᠯᠠ  ᠪᠠᠯᠭᠠᠰᠤ  ︾ ᠬᠡᠮᠡᠨ  ᠴᠢᠬᠤᠯᠴᠢᠯᠠᠨ  ᠡᠵᠡᠩᠨᠡᠵᠦ  ᠂ ᠤᠯᠤᠰ ᠤᠨ  ᠬᠢᠯᠢ ᠶᠢᠨ  ᠪᠠᠶᠢᠴᠠᠭᠠᠬᠤ  ᠰᠠᠯᠪᠤᠷᠢ᠂  ᠨᠢᠰᠭᠡᠯ ᠤᠨ  ᠪᠠᠭᠤᠳᠠᠯ  ᠵᠡᠷᠭᠡ ᠶᠢ  ᠪᠠᠶᠢᠭᠤᠯᠠᠵᠢ᠃ 1943 ᠤᠨ ᠳᠤ  ᠬᠢᠩᠭᠠᠨ   ᠤ   ᠵᠡᠭᠦᠨ  ᠂  ᠪᠠᠷᠠᠭᠤᠨ  ᠂   ᠡᠮᠦᠨ᠎ᠡ  ᠂  ᠤᠮᠠᠷ᠎ᠠ  ᠲᠦᠷᠪᠡᠨ ᠮᠤᠵᠢ ᠶᠢ  ᠦᠭᠡᠶᠢᠰᠭᠡᠵᠦ  ᠂ ᠬᠢᠩᠭᠠᠨ ᠤ  ᠶᠡᠷᠦᠩᠬᠢ ᠮᠤᠵᠢ ᠶᠢ  ᠪᠠᠶᠢᠭᠤᠯᠤᠭᠰᠠᠨ ᠤ  ᠰᠠᠭᠦᠯᠡᠷ  ᠂ ᠯᠢᠨᠰᠢ ᠰᠢᠶᠠᠨ   ᠳᠤ  ᠬᠢᠩᠭᠠᠨ ᠤ  ᠪᠠᠷᠠᠭᠤᠨ ᠤ  ᠭᠡᠰᠡᠭ ᠤᠨ  ᠵᠠᠬᠢᠷᠭ᠎ᠠ   ︵ ᠬᠢᠩᠭᠠᠨ   ᠶᠡᠷᠦᠩᠬᠢ   ᠮᠤᠵᠢ  ᠶᠢᠨ   ᠲᠤᠮᠢᠯᠠᠭᠰᠠᠨ  ᠪᠠᠶᠢᠭᠤᠯᠭ᠎ᠠ  ︶   ᠶᠢ ᠪᠠᠶᠢᠭᠤᠯᠵᠤ  ᠂  ᠠᠷᠤ ᠬᠤᠷᠴᠢᠨ  ᠂   ᠵᠡᠭᠦᠨ ᠪᠠᠭᠠᠷᠢᠨ᠂  ᠪᠠᠷᠠᠭᠤᠨ ᠪᠠᠭᠠᠷᠢᠨ᠂  ᠬᠡᠰᠢᠭᠳᠡᠨ  ᠂ ᠯᠢᠨᠰᠢ ᠵᠡᠷᠭᠡ ᠲᠠᠪᠤᠨ  ᠬᠤᠰᠢᠭᠤ ᠰᠢᠶᠠᠨ ᠢ  ᠬᠠᠷᠢᠭᠤᠴᠠᠵᠤ ᠪᠠᠶᠢᠪᠠ᠃  ᠨᠤᠮᠤᠨ ᠬᠠᠨ ᠤ  ᠪᠠᠶᠢᠯᠳᠤᠭᠠᠨ   ᠳᠤ  ᠶᠠᠫᠤᠨ  ᠂  ᠵᠦᠪᠯᠡᠯᠳᠤ  ᠮᠤᠩᠭᠤᠯ ᠳᠤ ᠢᠯᠠᠭᠳᠠᠭᠰᠠᠨ ᠤ  ᠲᠠᠷᠠᠭ᠎ᠠ  ᠨᠢᠭᠡ ᠲᠠᠯ᠎ᠠ ᠪᠠᠷ  ᠬᠢᠩᠭᠠᠨ  ᠲᠠᠪᠠᠭ᠎ᠠ ᠪᠠᠷ  ᠱᠤᠭᠤᠮ ᠪᠤᠯᠭᠠᠨ  ᠲᠠᠶᠢᠨ ᠤ  ᠰᠡᠷᠭᠡᠶᠢᠯᠡᠯᠳᠡ ᠶᠢᠨ  ᠰᠢᠰᠲ᠋ᠧᠮ  ᠪᠠᠶᠢᠭᠤᠯᠬᠤ ᠶᠢᠨ  ᠲᠦᠯᠦᠭᠡ  ᠯᠢᠨᠰᠢ ᠰᠢᠶᠠᠨ ᠠᠴᠠ  ᠤᠯᠠᠨ ᠲᠤᠭᠠᠨ ᠤ  ᠬᠦᠮᠦᠨ  ᠪᠠᠷᠢᠪᠴᠢᠯᠠᠵᠤ ᠬᠠᠷ᠎ᠠ ᠠᠵᠢᠯ ᠬᠢᠯᠭᠡᠪᠡ  ᠃  ᠡᠭᠦᠨ ᠤ ᠵᠡᠷᠭᠡᠪᠡᠷ  ᠪᠠᠰᠠ  ᠤᠯᠠᠭᠠᠨᠬᠳᠠ  — ᠯᠢᠨᠰᠢ  — ᠲᠠᠭᠠᠴᠠᠨ ᠪᠤᠯᠠᠭ ᠤᠨ  ᠪᠠᠶᠢᠯᠳᠤᠬᠤ ᠪᠤᠳᠤᠯᠭ᠎ᠠ ᠶᠢᠨ  ᠵᠠᠰᠠᠮᠠᠯ ᠵᠠᠮ ᠵᠠᠰᠠᠪᠠ᠃ ᠬᠤᠶᠠᠷ 1945 ᠤᠨ ᠤ 8 ᠰᠠᠷ᠎ᠠ ᠶᠢᠨ 8 ᠳᠤ  ᠵᠦᠪᠯᠡᠯᠳᠤ ᠶᠢᠨ ᠵᠠᠰᠠᠭ ᠤᠨ  ᠭᠠᠵᠠᠷ ᠠᠴᠠ  ︽8  ᠰᠠᠷ᠎ᠠ ᠶᠢᠨ 9   ᠠᠴᠠ  ᠵᠦᠪᠯᠡᠯᠳᠤ  ᠤᠯᠤᠰ ᠠᠴᠠ  ᠶᠠᠪᠤᠨ ᠲᠠᠢ  ᠲᠠᠶᠢᠨ ᠤ ᠪᠠᠶᠢᠳᠠᠯ ᠳᠤ ᠤᠷᠤᠭᠰᠠᠨ︾ ᠭᠡᠵᠦ  ᠲᠤᠩᠬᠠᠭᠯᠠᠨ ᠲᠤᠮᠳᠠᠳᠤ ᠤᠯᠤᠰ ᠳᠤ ᠡᠭᠦᠷᠯᠡᠭᠰᠡᠨ ᠶᠠᠫᠤᠨᠴᠤᠳ ᠳᠤ ᠪᠦᠬᠦ ᠲᠠᠯ᠎ᠠ ᠶᠢᠨ ᠲᠠᠭᠠᠷᠢᠯᠳᠠ ᠬᠢᠪᠡ᠃  ᠿᠧ  ᠾᠧ ᠮᠤᠵᠢ   ᠶᠢᠨ  ᠤᠯᠠᠭᠠᠨᠬᠠᠳᠠ  ᠂ ᠴᠧᠩᠳᠧ   ᠪᠠᠷ  ᠬᠠᠷᠠᠯᠳᠠ ᠪᠤᠯᠭᠠᠭᠰᠠᠨ  ᠵᠦᠪᠯᠡᠯᠳᠤ ᠶᠢᠨ  ᠠᠷᠪᠠᠨ ᠲᠤᠯᠤᠳᠤᠭᠠᠷ  ᠨᠢᠭᠡᠳᠭᠡᠯ ᠠᠷᠮᠠᠢ  ︵ᠭᠤᠷᠪᠠᠨ  ᠶᠠᠪᠠᠭᠠᠨ  ᠴᠡᠷᠢᠭ ᠤᠨ  ᠳ᠋ᠢᠸᠢᠽᠢ  ︶ ᠦᠪᠦᠷ ᠮᠤᠩᠭᠤᠯ ᠳᠤ  ᠬᠤᠶᠢᠳᠤ  ᠭᠡᠰᠢᠭ ᠵᠦᠭ   ᠤᠷᠤᠭᠰᠢᠯᠠᠪᠠ᠃  ᠲᠤᠬᠠᠢ ᠶᠢᠨ ᠦᠶ᠎ᠡ ᠳᠤ  ᠯᠢᠨᠰᠢ ᠳᠤ  ᠰᠠᠭᠤᠷᠢᠰᠢᠭᠰᠠᠨ  ᠶᠠᠫᠤᠨ ᠴᠡᠷᠢᠭ ᠨᠢ ᠴᠦᠭᠡᠨ ᠪᠠᠶᠢᠵᠤ ᠡᠰᠡᠷᠭᠦᠴᠡᠬᠦ ᠬᠦᠴᠦᠨ ᠦᠭᠡᠢ᠃  ᠬᠠᠭᠤᠷᠮᠠᠭ ᠴᠡᠷᠢᠭ ᠨᠢ  ᠴᠡᠷᠢᠭ ᠤᠨ  ᠰᠡᠳᠬᠢᠯ ᠬᠦᠳᠡᠯᠵᠤ  ᠬᠤᠶᠢᠳᠤ ᠬᠡᠰᠡᠭ ᠲᠤ ᠬᠦᠷᠴᠦ ᠰᠡᠷᠭᠡᠶᠢᠯᠡᠯᠳᠠ  ᠬᠢᠯᠭᠡᠭᠰᠡᠨ  ᠴᠦ  ᠤᠯᠠᠨ ᠬᠦᠮᠦᠨ ᠪᠤᠳᠠᠷᠠᠨ   ᠰᠠᠷᠨᠢᠪᠠ᠃  ᠯᠢᠨᠰᠢ ᠳᠤ ᠰᠠᠭᠤᠭᠰᠠᠨ ᠶᠠᠫᠤᠨᠴᠤᠳ  ᠂ ᠵᠦᠪᠯᠡᠯᠳᠤ ᠴᠡᠷᠢᠭ ᠭᠠᠷᠭᠠᠭᠰᠠᠨ ᠴᠢᠮᠡᠭᠡ ᠶᠢ ᠰᠤᠨᠤᠰᠴᠦ  ᠶᠡᠭᠡᠳᠡ   ᠡᠮᠢᠶᠡᠯᠳᠤᠨ ᠭᠡᠷ  ᠪᠦᠯᠢ ᠪᠠᠨ  ᠮᠠᠰᠢᠨ ᠲᠡᠷᠭᠡ ᠡᠮᠦᠨᠡᠰᠢ  ᠰᠢᠯᠵᠢᠭᠦᠯᠵᠤ   ᠡᠬᠢᠯᠡᠵᠠᠢ  ᠃ 8 ᠰᠠᠷ᠎ᠠ ᠶᠢᠨ 11 ᠤ ᠡᠳᠦᠷ  ᠬᠢᠩᠭᠠᠨ ᠵᠠᠬᠢᠷᠭ᠎ᠠ  ᠂ ᠬᠠᠭᠤᠷᠮᠠᠭ  ᠰᠢᠶᠠᠨ ᠤ ᠵᠠᠬᠢᠷᠭ᠎ᠠ  ᠠᠯᠪᠠᠨ ᠪᠢᠴᠢᠭ᠂  ᠲᠠᠩᠰᠠ ᠡᠪᠬᠡᠮᠡᠯ ᠢ   ᠭᠠᠯᠳᠠᠵᠠᠢ  ᠃ 11 ᠤ  ᠤᠷᠤᠢ ᠶᠢᠨ 6 ᠴᠠᠭ ᠲᠤ  ᠲᠡᠭᠷᠢ ᠪᠦᠷᠬᠦᠶᠢᠵᠦ ᠪᠤᠷᠤᠭᠠᠯᠠᠵᠤ ᠪᠠᠶᠢᠪᠠ᠃  ᠯᠢᠨᠰᠢ ᠰᠢᠶᠠᠨ ᠳᠤ ᠰᠠᠭᠤᠷᠢᠰᠢᠭᠰᠠᠨ  ᠶᠠᠫᠤᠨᠴᠤᠳ  ᠨᠢᠭᠡ ᠪᠦᠯᠦᠭ  ᠲᠤᠰᠢᠶᠠᠯᠳᠠᠨ ᠬᠢᠭᠡᠳ   ᠠᠮᠢ   ᠪᠠᠨ  ᠴᠦᠯᠡᠭᠦ   ᠠᠩᠬᠢ   ᠶᠢᠨ  ᠪᠦᠷᠢᠯᠳᠤᠭᠦᠨ ᠢ  ᠠᠪᠴᠦ  ᠲᠤᠳᠠᠭᠠᠵᠤ ᠡᠬᠢᠯᠡᠪᠡ᠃  8 ᠰᠠᠷ᠎ᠠ ᠶᠢᠨ 12   ᠤ ᠡᠳᠦᠷ  ᠦᠳᠡ ᠶᠢᠨ  ᠡᠮᠦᠨ᠎ᠡ  ᠶᠠᠫᠤᠨᠴᠤᠳ  ᠯᠢᠨᠰᠢ ᠠᠴᠠ  ᠲᠤᠳᠠᠭᠠᠵᠤ   ᠭᠠᠷᠤᠭᠰᠠᠨ  ᠤ ᠲᠠᠷᠠᠭ᠎ᠠ  ᠬᠠᠭᠤᠷᠮᠠᠭ ᠴᠡᠷᠢᠭ   ᠤᠨ  ᠫᠤᠤᠳᠤ  ᠠᠩᠬᠢ   ᠶᠢᠨ   ᠪᠠᠢ ᠰᠢᠶᠤᠤ ᠱᠠᠨ  ᠯᠢᠨᠰᠢ ᠶᠢᠨ  ᠵᠡᠭᠡᠯᠢ ᠭᠤᠳᠤᠮᠵᠢ   ᠳᠤ ᠶᠢ ᠴᠢᠩᠳᠠᠯᠠᠨ. ᠬᠠᠮᠢᠶᠠᠷᠠᠪᠠ 8 ᠰᠠᠷ᠎ᠠ ᠶᠢᠨ 11 ᠤ ᠡᠳᠤᠷ  ᠵᠦᠪᠯᠡᠯᠳᠤ ᠶᠢᠨ  ᠴᠡᠷᠢᠭ  ᠬᠤᠶᠠᠷ ᠵᠠᠮ ᠢᠶᠠᠷ ᠯᠢᠨᠰᠢ ᠶᠢᠨ ᠬᠢᠵᠠᠭᠠᠷ ᠲᠤ ᠤᠷᠤᠪᠠ᠃  ᠨᠢᠭᠡ ᠵᠠᠮ ᠨᠢ ᠲᠠᠭᠠᠴᠠᠨ ᠪᠤᠯᠠᠭ  ᠲᠠᠪᠠᠭ᠎ᠠ ᠪᠠᠷ  ᠯᠢᠨᠰᠢ   ᠳᠤ ᠤᠷᠤᠵᠤ᠂  ᠨᠦᠭᠦᠭᠡ ᠵᠠᠮ ᠨᠢ  ᠲᠠᠪᠢᠨᠭᠡᠷ ᠪᠠ  ᠵᠠᠭᠦᠨ ᠲᠠᠪᠠᠭ᠎ᠠ ᠪᠠᠷ  ᠯᠢᠨᠰᠢ ᠳᠤ ᠤᠷᠤᠵᠤ ᠢᠷᠡᠵᠠᠢ᠃ ᠲᠠᠭᠠᠴᠠᠨ ᠪᠤᠯᠠᠭ  ᠲᠠᠪᠠᠭ᠎ᠠ ᠪᠠᠷ  ᠯᠢᠨᠰᠢ ᠳᠤ ᠤᠷᠤᠭᠰᠠᠨ ᠵᠦᠪᠯᠡᠯᠳᠤ ᠶᠢᠨ  ᠴᠡᠷᠢᠭ   ᠪᠠᠰᠠ ᠬᠤᠶᠠᠷ ᠠᠩᠬᠢ ᠬᠤᠪᠢᠶᠠᠵᠤ  ᠨᠢᠭᠡ ᠵᠠᠮ ᠨᠢ  ᠲᠠᠭᠠᠴᠠᠨ ᠪᠤᠯᠠᠭ ᠤᠨ  ᠵᠠᠰᠠᠮᠠᠯ ᠵᠠᠮ ᠢ ᠲᠠᠭᠠᠵᠤ  ᠪᠢᠯᠢᠭᠦᠦᠳᠠᠢ᠂  ᠲᠦᠩᠪᠦ᠋  ᠂  ᠭᠠᠴᠠᠭ᠎ᠠ᠂  ᠵᠤᠸᠠᠩ ᠵᠢᠶᠠ  ᠳ᠋ᠢᠶᠠᠨ᠂  ᠳ᠋ᠠ ᠢᠩᠽᠢ ᠪᠠᠷ ᠯᠢᠨᠰᠢ ᠪᠠᠯᠭᠠᠰᠤ ᠳᠤ ᠤᠷᠤᠵᠤ  ᠃ ᠨᠦᠭᠦᠭᠡ ᠵᠠᠮ ᠨᠢ  ᠡᠮᠡᠭᠡᠯ ᠤᠨ  ᠲᠠᠪᠠᠭ᠎ᠠ᠂   ᠵᠠᠨ ᠫᠦ᠋  ᠂   ᠶᠦᠩ ᠱᠧᠩ ᠬᠤᠤ  ︵ᠤᠳᠤᠬᠠᠨ ᠤ ᠰᠢᠨ ᠯᠢᠨ ᠵᠧᠨ ᠪᠠᠯᠭᠠᠰᠤ  ︶᠂  ᠵᠢᠦ ᠯᠢᠶ᠋ᠨᠨ  ︵ ᠴᠠᠬᠢᠷᠮ᠎ᠠ ᠶᠢᠨ ᠲᠠᠯ᠎ᠠ︶  ᠭᠤᠸᠠᠨᠳᠢ᠂  ᠳ᠋ᠠ ᠵᠢᠩ᠂  ᠵᠡᠭᠦᠨ ᠪᠤᠯᠤᠩ   ᠢᠶᠠᠷ  ᠯᠢᠨᠰᠢ ᠪᠠᠯᠭᠠᠰᠤᠨ  ᠳᠤ ᠤᠷᠤᠵᠠᠢ᠃ ᠲᠢᠶᠠᠨ ᠴᠤᠤ ᠱᠠᠨ ︵ᠪᠤᠭᠳᠠ ᠠᠭᠤᠯᠠ  ︶ ᠪᠠᠷ ᠦᠩᠭᠡᠷᠡᠬᠦ   ᠳᠡᠭᠡᠨ  ᠶᠠᠫᠤᠨᠴᠤᠳ   ᠤᠨ   ᠶᠡᠭᠡᠩᠬᠢ  ᠪᠠᠬᠢᠯᠡᠯᠳᠡ ᠶᠢ ᠰᠦᠢᠷᠡᠭᠦᠯᠵᠠᠢ᠃  ᠵᠡᠭᠦᠨ    ᠲᠠᠪᠠᠭ᠎ᠠ ᠪᠠᠷ ᠤᠷᠤᠭᠰᠠᠨ ᠵᠦᠪᠯᠡᠯᠳᠦ ᠶᠢᠨ  ᠴᠡᠷᠢᠭ ᠨᠢ ᠴᠤᠤ ᠶᠠᠩ  ᠭᠤᠤ᠂  ᠵᠡᠭᠦᠨ  ᠤᠳᠠᠰᠤᠨ ᠬᠡᠷᠡᠮ᠂  ᠴᠢᠯᠠᠭᠤᠨ ᠬᠠᠭᠠᠯᠭ᠎ᠠ᠂   ᠲᠠᠪᠢᠨ  ᠭᠡᠷ  ᠂  ᠵᠢᠦ ᠯᠢᠶᠠᠨ᠂  ᠯᠦᠩ ᠲᠧᠦ ᠱᠠᠨ  ᠂  ᠭᠤᠸᠠᠨᠳᠢ᠂  ᠵᠡᠭᠦᠨ ᠪᠤᠯᠤᠩ ᠢᠶᠠᠷ  ᠯᠢᠨᠰᠢ ᠪᠠᠯᠭᠠᠰᠤᠨ ᠳᠤ ᠤᠷᠤᠵᠠᠢ᠃ 8 ᠰᠠᠷ᠎ᠠ ᠶᠢᠨ 12 ᠤᠨ  ᠦᠳᠡ ᠶᠢᠨ  ᠬᠤᠶᠢᠨ᠎ᠠ 3 ᠴᠠᠭ ᠲᠤ  ᠵᠦᠪᠯᠡᠯᠳᠤ ᠶᠢᠨ   ᠴᠡᠷᠢᠭ   ᠤᠨ  ᠬᠤᠰᠢᠭᠤᠴᠢ ᠠᠩᠬᠢ ᠨᠢ ᠯᠢᠨᠰᠢ ᠪᠠᠯᠭᠰᠤᠨ ᠳᠤ ᠤᠶᠢᠷᠳᠤᠬᠤ   ᠳᠤ  ᠵᠡᠭᠦᠨ ᠬᠠᠭᠠᠯᠭ᠎ᠠ ᠶᠢᠨ  ᠭᠠᠳᠠᠨ᠎ᠠ  ᠯᠦᠩ ᠸᠠᠩ ᠮᠢᠶᠤᠤ ᠰᠦᠮ᠎ᠡ ᠶᠢᠨ  ᠤᠪᠤᠭ᠎ᠠ ᠠᠭᠤᠯᠠᠨ ᠲᠡᠭᠡᠷ᠎ᠡ  ︽ᠤᠯᠤᠰ ᠠᠷᠠᠳ ᠤᠨ ᠤᠬᠢ  ᠰᠤᠷᠭᠠᠭᠤᠯᠢ  ︾ ᠶᠢᠨ  ᠲᠠᠰᠬᠠᠯᠵᠢᠭᠤᠯᠤᠭᠴᠢ  ᠮᠠ ᠶᠤᠸᠠᠨ ᠢᠶᠠᠷ  ᠲᠤᠯᠤᠭᠠᠶᠢᠯᠠᠭᠤᠯᠤᠭᠰᠠᠨ  ᠠᠷᠪᠠ  ᠢᠯᠡᠭᠦᠦ ᠶᠠᠫᠤᠨ ᠬᠦᠮᠦᠨ  ᠲᠤᠳᠠᠭᠠᠭᠰᠠᠨ ᠦᠭᠡᠢ ᠠᠭᠤᠯᠠᠨ ᠤᠷᠤᠢ  ᠲᠡᠭᠡᠷᠡᠬᠢ   ᠪᠠᠳᠤ ᠪᠠᠬᠢ ᠪᠠᠬᠢᠯᠡᠯᠳᠡ ᠪᠠᠷ  ᠬᠠᠯᠬᠠᠪᠴᠢ ᠪᠤᠯᠭᠠᠨ  ᠦᠬᠦᠨ ᠲᠡᠮᠡᠴᠡᠬᠦ ᠪᠠᠷ ᠭᠤᠷᠢᠳᠠᠵᠠᠢ᠃  ᠵᠦᠪᠯᠡᠯᠡᠳᠤ ᠶᠢᠨ  ᠬᠤᠰᠢᠭᠤᠴᠢ  ᠠᠩᠬᠢ   ᠨᠢ ᠶᠠᠫᠦᠨ ᠬᠦᠮᠦᠨ ᠢ  ᠤᠯᠵᠤ ᠮᠡᠳᠡᠭᠰᠡᠨ ᠤ ᠲᠠᠷᠠᠭ᠎ᠠ   ᠰᠢᠷᠦᠭᠦᠨ  ᠭᠠᠯᠯᠠᠵᠤ  ᠠᠷᠪᠠ ᠢᠯᠡᠬᠦᠦ ᠶᠠᠫᠦᠨ ᠬᠦᠮᠦᠨ ᠢ  ᠪᠦᠬᠦᠨ ᠢ   ᠰᠦᠨᠦᠭᠡᠵᠠᠢ  ᠃  ᠵᠦᠪᠯᠡᠯᠳᠤ ᠶᠢᠨ  ᠴᠡᠷᠢᠭ  ᠬᠤᠳᠠ   ᠶᠢᠨ   ᠤᠶᠢᠷ᠎ᠠ ᠬᠦᠷᠦᠭᠰᠡᠨ ᠤ ᠲᠠᠷᠠᠭ᠎ᠠ  ᠰᠤᠷᠠᠭ ᠲᠤᠬᠢᠶ᠎ᠠ  ᠭᠠᠷᠭᠠᠨ  ᠴᠡᠷᠢᠭ ᠠᠩᠬᠢ ᠨᠢ ᠲᠦᠳᠡᠭᠡᠨ ᠵᠠᠭᠤᠷ᠎ᠠ  ᠬᠤᠳᠠ   ᠶᠢᠨ  ᠲᠦᠷᠪᠡᠨ ᠲᠠᠯ᠎ᠠ ᠪᠠᠷ   ᠪᠦᠷᠭᠦᠵᠦ  ᠬᠤᠳᠠ ᠵᠦᠭ ᠤᠷᠤᠵᠤ ᠡᠬᠢᠯᠡᠵᠠᠢ᠃ ᠲᠤᠬᠠᠢ ᠶᠢᠨ  ᠦᠶ᠎ᠡ ᠳᠤ ᠬᠤᠳᠠ ᠶᠢᠨ ᠢᠷᠭᠡᠳ ᠶᠠᠫᠤᠨ ᠬᠦᠮᠦᠨ ᠲᠤᠳᠠᠭᠠᠭᠰᠠᠨ ᠢ  ᠬᠠᠷᠠᠭᠠᠳ  ᠴᠤᠬᠤᠮ  ᠶᠠᠭᠤ ᠪᠤᠯᠤᠭᠰᠠᠨ ᠢ  ᠦᠯᠦ ᠮᠡᠳᠡᠨ ᠡᠭᠦᠳᠡ ᠴᠤᠩᠬᠤ   ᠪᠠᠨ ᠲᠠᠷᠤᠵᠤ  ᠵᠡᠭᠡᠯᠢ ᠭᠤᠳᠤᠮᠵᠢ  ᠳᠤ ᠬᠦᠮᠦᠨ ᠠᠮᠢᠳᠠᠨ ᠴᠦᠭᠡᠨ  ᠪᠤᠯᠵᠠᠢ᠃   ᠵᠦᠪᠯᠡᠯᠳᠤ   ᠶᠢᠨ  ᠴᠡᠷᠢᠭ  ᠠᠶᠢᠯ ᠡᠷᠦᠭᠡ ᠶᠢᠨ  ᠴᠤᠩᠬᠤ ᠬᠠᠭᠠᠯᠭ᠎ᠠ ᠶᠢ   ᠨᠢ ᠲᠤᠭᠰᠢᠨ ᠰᠡᠭᠦᠯᠭᠡᠵᠦ  ︽  ᠶᠠᠫᠦᠨ ᠬᠦᠮᠦᠨ ᠢ   ᠤᠰᠠᠳᠬᠠᠵᠤ  ᠂  ᠲᠤᠮᠳᠠᠳᠤ ᠶᠢᠨ  ᠬᠦᠮᠦᠨ  ᠢ  ᠴᠢᠯᠦᠭᠡᠯᠡᠬᠦ   ᠪᠠᠷ ᠢᠷᠡᠵᠠᠢ︾ ᠭᠡᠵᠦ ᠵᠢᠭᠠᠵᠤ ᠲᠤᠬᠢᠵᠤ ᠮᠡᠳᠡᠬᠦᠯᠵᠦ ᠪᠠᠶᠢᠵᠠᠢ᠃ ᠵᠦᠪᠯᠡᠯᠳᠤ ᠶᠢᠨ  ᠴᠡᠷᠢᠭ  ᠯᠢᠨᠰᠢ ᠪᠠᠯᠭᠠᠰᠤᠨ ᠳᠤ  ᠤᠷᠤᠭᠰᠠᠨ ᠤ ᠲᠠᠷᠠᠭ᠎ᠠ   ᠤᠤᠯ   ᠤᠨ  ᠬᠠᠭᠤᠷᠮᠠᠭ  ᠵᠡᠭᠡᠯᠢ  ᠶᠢᠨ  ᠲᠠᠷᠤᠭ᠎ᠠ  ᠮᠠ ᠳ᠋ᠧ ᠴᠢᠩ ᠢ  ᠤᠯᠵᠤ  ᠠᠪᠤᠭᠠᠳ ᠲᠡᠭᠦᠨ ᠤ  ᠪᠡᠶ᠎ᠡ ᠶᠢᠨ  ᠭᠠᠷᠦᠯ ᠢ  ᠤᠶᠢᠯᠭᠠᠭᠰᠠᠨ ᠤ ᠲᠠᠷᠠᠭ᠎ᠠ ᠲᠠᠭᠦᠨ ᠢ  ᠵᠠᠷᠯᠢᠭᠳᠠᠵᠤ  ᠴᠢᠶᠤᠤ᠂  ᠲᠠᠮᠠᠬᠢ  ᠵᠡᠷᠭᠡ  ᠭᠠᠷᠭᠠᠯᠭᠠᠨ  ᠠᠪᠴᠦ ᠪᠠᠰᠠ ᠲᠡᠭᠦᠨ ᠢᠶᠠᠷ  ᠪᠢᠷᠠᠭᠤ ᠪᠠ  ᠶᠡᠭᠡ ᠪᠠᠶᠢᠰᠢᠩ ᠬᠦᠷᠬᠦ ᠵᠠᠮᠴᠢ   ᠡᠷᠢᠭᠦᠯᠵᠠᠢ  ᠃  ᠤᠷᠤᠢ ᠶᠢᠨ  ᠲᠦᠷᠪᠡᠨ ᠴᠠᠭ ᠲᠤ  ᠵᠦᠪᠯᠡᠯᠳᠤ  ᠶᠢᠨ  ᠴᠡᠷᠢᠭ  ᠬᠤᠶᠠᠷ ᠵᠠᠮ ᠬᠤᠪᠢᠶᠠᠵᠤ ᠪᠢᠷᠠᠭᠤ ᠪᠠ  ᠶᠡᠭᠡ ᠪᠠᠶᠢᠰᠢᠩ ᠢ   ᠴᠢᠭᠯᠡᠵᠠᠢ  ᠃ ᠵᠦᠪᠯᠡᠯᠳᠤ ᠶᠢᠨ   ᠴᠡᠷᠢᠭ  ᠯᠢᠨᠰᠢ   ᠳᠤ ᠤᠷᠤᠭᠰᠠᠨ ᠤ ᠲᠠᠷᠠᠭ᠎ᠠ  ᠬᠤᠶᠠᠷ  ᠲᠤᠳᠠᠭᠠᠭᠰᠠᠨ ᠦᠭᠡᠢ ᠶᠠᠫᠦᠨ ᠬᠦᠮᠦᠨ ᠢ  ᠤᠯᠵᠤ  ᠪᠠᠷᠢᠵᠠᠢ᠃  ᠪᠠᠰᠠ ᠨᠢᠭᠡ ᠶᠠᠫᠦᠨ ᠨᠢ  ᠪᠦᠬᠦ ᠭᠡᠷ ᠢᠶᠠᠷ   ᠢᠶᠠᠨ ᠲᠤᠳᠠᠭᠠᠭᠰᠠᠨ ᠦᠭᠡᠢ  ᠮᠦᠷᠳᠡᠭᠡᠨ ᠦᠪᠡᠷ   ᠢᠶᠠᠨ  ᠡᠬᠡᠨᠡᠷ ᠬᠡᠦᠭᠡᠳ ᠢᠶᠠᠨ ᠫᠤᠤᠳᠠᠵᠤ ᠤᠷᠬᠢᠭᠠᠳ  ᠪᠡᠶ᠎ᠡ ᠪᠠᠨ ᠬᠤᠤᠷᠯᠠᠵᠠᠢ᠃  ᠬᠠᠭᠤᠷᠮᠠᠭ ᠰᠢᠶᠠᠨ ᠤ ᠲᠠᠷᠤᠭ᠎ᠠ ᠪᠠ  ᠴᠠᠭᠳᠠᠭᠠᠨ ᠲᠠᠷᠤᠭ᠎ᠠ   ᠶᠢ ᠬᠠᠪᠰᠤᠷᠤᠨ ᠬᠢᠵᠤ ᠪᠠᠶᠢᠭᠰᠠᠨ ᠵᠦᠩ ᠸᠧᠢ  ᠱᠧᠨ ᠢ  ᠂ ᠵᠦᠪᠯᠡᠬᠦ  ᠭᠤᠤ ᠴᠢᠶᠤᠤ  ᠨᠠᠷ  ᠭᠤᠷᠪᠠᠳᠤᠭᠠᠷ ᠲᠤᠭᠤᠷᠢᠭ  ᠰᠢᠩ ᠱᠦ᠋ ᠸᠠ   ᠳᠤ ᠬᠦᠷᠴᠦ  ᠠᠷᠠᠳ ᠤᠨ  ᠭᠡᠷ  ᠠᠴᠠ  ᠪᠤᠳᠠᠭ᠎ᠠ ᠭᠤᠶᠤᠭᠠᠳ  ᠤᠯᠠᠨ ᠲᠦᠮᠡᠨ ᠳᠤ ᠪᠠᠷᠢᠭᠳᠠᠵᠤ  ᠵᠦᠪᠯᠡᠯᠳᠤ ᠶᠢᠨ  ᠴᠢᠷᠢᠭ ᠲᠤ ᠲᠤᠰᠢᠶᠠᠭᠳᠠᠵᠠᠢ᠃ 8 ᠰᠠᠷ᠎ᠠ ᠶᠢᠨ 14   ᠤ  ᠦᠷᠯᠦᠭᠡ   ᠪᠢᠶᠠᠨ ᠴᠢᠶᠠᠩ  ᠯᠢᠶᠠᠩ   ᠳᠤ   ᠪᠠᠷᠢᠯᠭ᠎ᠠ ᠶᠢᠨ  ᠠᠵᠢᠯ ᠬᠢᠵᠤ ᠪᠠᠶᠢᠭᠰᠠᠨ ᠨᠢᠭᠡ  ᠠᠩᠬᠢ  ᠶᠠᠫᠦᠨ  ᠴᠡᠷᠢᠭ   ᠵᠦᠪᠯᠡᠯᠳᠤ ᠶᠢᠨ  ᠴᠡᠷᠢᠭ ᠯᠢᠨᠰᠢ ᠪᠠᠯᠭᠠᠰᠤᠨ ᠳᠤ ᠤᠷᠤᠭᠰᠠᠨ   ᠤ ᠲᠠᠷᠠᠭ᠎ᠠ  ᠬᠤᠯᠬᠢᠨ   ᠲᠤᠳᠠᠭᠠᠵᠤ  ᠬᠡᠰᠢᠭᠳᠡᠨ ᠤ  ᠪᠠᠷᠠᠭᠤᠨ ᠲᠠᠯ᠎ᠠ ᠳᠤ  ᠬᠦᠷᠴᠦ  ᠪᠠᠢ ᠶᠢᠨ ᠪᠠᠨ᠂  ᠭᠤᠤ ᠵᠢᠶ᠋ᠨ  ᠢᠩᠽᠢ  ᠪᠠᠷ  ᠭᠠᠷᠴᠦ  ᠂  ᠮᠢᠩ ᠳ᠋ᠧ ᠶᠤᠸᠠᠨ   ᠢᠶᠠᠷ ᠤᠪᠤᠭᠠᠳᠤ  ᠵᠦᠭ ᠭᠠᠷᠬᠤ ᠶᠢ ᠭᠤᠷᠢᠳᠠᠵᠠᠢ᠃  ᠲᠡᠭᠡᠭᠡᠳ ᠮᠢᠩ ᠳ᠋ᠧ ᠶᠤᠸᠠᠨ ᠤ  ᠬᠤᠶᠢᠳᠤ ᠲᠠᠪᠠᠭᠠᠨ ᠤ  ᠪᠠᠭ᠎ᠠ ᠠᠶᠢᠯ ᠤᠨ  ᠭᠤᠤ   ᠳᠤ  ᠬᠦᠷᠬᠦ ᠲᠡᠭᠡᠨ  ᠡᠮᠦᠨᠡᠰᠢ  ᠶᠠᠪᠤᠭᠰᠠᠨ ᠵᠦᠪᠯᠡᠯᠳᠤ ᠶᠢᠨ  ᠴᠢᠷᠢᠭ  ᠰᠡᠷᠡᠭᠳᠡᠵᠦ  ᠵᠦᠪᠯᠡᠯᠳᠤ ᠶᠢᠨ   ᠴᠡᠷᠢᠭ  ᠶᠠᠫᠤᠨᠴᠤᠳ ᠢ  ᠰᠢᠷᠦᠭᠦᠨ  ᠭᠠᠯᠯᠠᠵᠤ  ᠶᠠᠫᠤᠨᠴᠤᠳ  ᠴᠦ  ᠡᠰᠡᠷᠭᠦᠴᠡᠵᠦ  ᠨᠡᠯᠢᠶᠡᠳ ᠰᠢᠷᠦᠭᠦᠨ ᠪᠠᠶᠢᠯᠳᠤᠵᠤ  ᠨᠡᠯᠢᠶᠡᠳ ᠲᠤᠭᠠᠨ ᠤ ᠶᠠᠫᠦᠨ  ᠬᠦᠮᠦᠨ ᠠᠯᠠᠭᠳᠠᠵᠤ  ᠦᠯᠡᠳᠡᠭᠰᠡᠨ ᠨᠢ  ᠶᠡᠭᠡ  ᠮᠠᠨᠨᠠ   ᠳᠤ  ᠲᠠᠯᠳᠠᠯᠠᠭᠳᠠᠨ ᠪᠤᠷᠤᠭᠤᠯᠵᠠᠢ᠃  ᠵᠦᠪᠯᠡᠯᠳᠤ ᠶᠢᠨ  ᠴᠡᠷᠢᠭ  ᠪᠠᠰᠠ ᠨᠡᠭᠡᠭᠰᠡᠨ ᠦᠭᠡᠢ᠃  ᠬᠤᠵᠢᠮ ᠨᠢ ᠲᠤᠬᠠᠢ ᠶᠢᠨ  ᠤᠷᠤᠨ ᠤ  ᠠᠷᠠᠳ ᠤᠨ  ᠶᠠᠷᠢᠬᠤ ᠪᠠᠷ ᠬᠤᠷᠢᠭᠠᠳ ᠶᠠᠫᠦᠨ ᠬᠦᠮᠦᠨ ᠠᠯᠠᠭᠳᠠᠭᠰᠠᠨ ᠭᠡᠨ᠎ᠡ᠃  ᠲᠡᠳᠡᠨᠡᠷ ᠪᠠᠰᠠ  ᠶᠠᠫᠦᠨ  ᠴᠡᠷᠢᠭ   ᠤᠨ  ᠭᠡᠭᠡᠭᠰᠡᠨ   ᠫᠤᠤ ᠰᠤᠮᠤ  ᠵᠡᠷᠭᠡ   ᠶᠢ ᠤᠯᠵᠤ ᠠᠪᠴᠠᠢ᠂  ᠲᠡᠭᠦᠨ ᠳᠤ  ᠨᠢᠭᠡ ᠬᠦᠨᠳᠤ  ᠫᠦᠯᠢᠶᠤᠮᠲ   ᠪᠠᠶᠢᠵᠤ ᠬᠤᠵᠢᠮ ᠨᠢ  ᠿᠧ ᠪᠧᠢ  ᠶᠢᠨ  ᠠᠷᠪᠳᠤᠭᠠᠷ ᠠᠩᠬᠢ ᠬᠤᠷᠢᠶᠠᠨ ᠠᠪᠴᠦ ᠶᠠᠪᠤᠵᠠᠢ᠃  ᠯᠢᠨᠰᠢ ᠪᠠᠷ ᠦᠩᠭᠡᠷᠡᠭᠰᠡᠨ  ᠵᠦᠪᠯᠡᠯᠳᠤ ᠶᠢᠨ   ᠴᠡᠷᠢᠭ   ᠨᠢ  ᠨᠢᠭᠡ ᠮᠠᠰᠢᠨᠴᠢᠯᠠᠭᠰᠠᠨ  ᠤᠲ᠋ᠠᠷᠢᠶᠠᠳ᠋ ᠪᠠᠶᠢᠵᠤ  ᠪᠡᠯᠡᠳᠭᠡᠯ  ᠲᠦᠭᠦᠭᠡᠷᠡᠮᠵᠢ ᠪᠠᠷ   ᠪᠦᠷᠢᠨ᠂   ᠬᠦᠮᠦᠨ ᠤ ᠲᠤᠭ᠎ᠠ ᠨᠢ ᠮᠠᠰᠢ ᠤᠯᠠᠨ  ᠃ ᠲᠠᠩᠺ᠂  ᠶᠡᠭᠡ ᠫᠤᠤ᠂ ᠬᠤᠶᠠᠭᠳᠤ  ᠴᠡᠷᠢᠭ  ᠂  ᠮᠠᠰᠢᠨ ᠲᠡᠷᠭᠡ᠂  ᠮᠤᠲ᠋ᠤᠷ᠂  ᠬᠤᠭᠤᠯᠠᠨ ᠲᠡᠷᠭᠡ   ᠪᠠᠷ   ᠡᠳᠦᠷ  ᠰᠦᠨᠢ ᠦᠭᠡᠢ  ᠤᠷᠤᠭᠰᠢᠯᠠᠵᠤ  ᠪᠠᠶᠢᠭᠰᠠᠨ ᠴᠦ  ᠬᠤᠶᠠᠷ ᠭᠠᠷᠠᠭ   ᠤᠨ ᠴᠠᠭ ᠬᠡᠷᠡᠭᠰᠡᠵᠠᠢ  ᠃ ᠲᠦᠷᠪᠡ᠂ ᠯᠢᠨᠰᠢ ᠳᠤ ᠤᠷᠤᠭᠰᠠᠨ ᠶᠠᠫᠦᠨ ᠴᠢᠷᠢᠭ   ᠤᠨ  ᠤᠯᠠᠩᠬᠢ ᠨᠢ ᠡᠮᠦᠨᠡᠰᠢ  ᠶᠠᠪᠤᠵᠤ ᠯᠢᠨᠰᠢ ᠳᠤ ᠦᠯᠡᠳᠡᠭᠰᠡᠨ ᠨᠢ  ᠵᠠᠭᠤ  ᠬᠤᠷᠢᠨ ᠬᠡᠳᠦᠨ ᠬᠦᠮᠦᠨ ᠯᠡ  ᠪᠠᠶᠢᠵᠤ  ᠬᠤᠳᠠ ᠬᠠᠮᠠᠭᠠᠯᠠᠬᠤ ᠰᠧᠯᠢᠩᠪᠦ᠋  ᠪᠠᠶᠢᠭᠤᠯᠵᠤ  ᠰᠧᠯᠢᠩ ᠨᠢ  ᠸᠠᠷᠺᠦᠰᠹᠦ᠋  ᠭᠡᠳᠡᠭ  ᠬᠤᠰᠢᠭᠤᠴᠢ  ᠬᠤᠷᠠᠩᠳᠠ  ᠪᠠᠶᠢᠵᠠᠢ᠃  ᠰᠧᠯᠢᠩᠪᠦ᠋ ᠨᠢ  ᠤᠤᠯ ᠤᠨ  ᠬᠠᠭᠤᠷᠮᠠᠭ ᠮᠠᠨᠵᠢ  ᠶᠢᠨ  ᠰᠢᠶᠠᠨᠪᠢᠩ   ᠤᠨ  ᠬᠤᠷᠢᠶ᠎ᠠ  ︵ᠤᠳᠤᠬᠠᠨ ᠤ ᠨᠢᠭᠡᠳᠤᠭᠡᠷ ᠪᠦᠷᠢᠨ ᠪᠠᠷᠠᠭᠠᠳᠤ ᠲᠡᠯᠭᠡᠭᠦᠷ  ᠤᠷᠴᠢᠮ︶  ᠪᠠᠶᠢᠵᠤ ᠬᠤᠵᠢᠮ ᠨᠢ  ᠤᠤᠯ ᠤᠨ  ᠢᠵᠢᠶ᠋ᠶᠦ᠋ᠨ ᠤ  ᠰᠧᠯᠢᠩᠪᠦ᠋ ᠳᠤ  ︵  ᠤᠳᠤᠬᠠᠨ ᠤ ᠵᠠᠰᠠᠭ ᠤᠷᠳᠤᠨ ᠤ ᠪᠠᠭ᠎ᠠ ᠲᠤᠭᠤᠷᠢᠭ︶   ᠳᠤ ᠨᠡᠭᠦᠯᠭᠡᠵᠦ  ᠮᠠ ᠳ᠋ᠧ ᠴᠢᠩ ᠢᠶᠠᠷ  ᠵᠡᠭᠡᠯᠢ ᠶᠢᠨ  ᠬᠦᠮᠦᠨ  ᠂  ᠡᠷᠦᠭᠡ᠂  ᠪᠠᠶᠢᠭᠤᠯᠭ᠎ᠠ᠂  ᠦᠢᠯᠡᠳᠪᠤᠷᠢ ᠠᠭᠤᠷᠬᠠᠢ᠂ ᠰᠤᠷᠭᠠᠭᠤᠯᠢ  ᠵᠡᠷᠭᠡ   ᠶᠢ ᠲᠤᠭ᠎ᠠ  ᠪᠦᠷᠢᠳᠭᠡᠯ ᠢ  ᠬᠠᠷᠢᠭᠤ ᠮᠡᠳᠡᠭᠦᠯᠵᠤ ᠪᠠᠶᠢᠵᠠᠢ᠃ 8 ᠰᠠᠷ᠎ᠠ ᠶᠢᠨ 14 ᠤ ᠡᠳᠦᠷ  ᠵᠦᠪᠯᠡᠯᠳᠤ  ᠲᠤᠮᠳᠠᠳᠤ ᠶᠢᠨ   ᠨᠦᠬᠦᠷᠯᠠᠯ ᠤᠨ  ᠭᠡᠷ᠎ᠡ ᠶᠢ ᠲᠤᠭᠳᠠᠵᠠᠢ᠃   ᠯᠢᠨᠰᠢ ᠳᠤ ᠰᠠᠭᠤᠭᠰᠠᠨ ᠵᠦᠪᠯᠡᠯᠳᠤ ᠶᠢᠨ   ᠴᠡᠷᠢᠭ  ᠲᠤᠮᠳᠠᠳᠤ ᠵᠦᠪᠯᠡᠯᠳᠤ ᠶᠢᠨ  ᠨᠦᠬᠦᠷᠯᠡᠯ ᠤᠨ  ᠭᠡᠷ᠎ᠡ ᠶᠢ  ᠤᠬᠠᠭᠤᠯᠵᠤ  ︽ᠲᠤᠮᠳᠠᠳᠤ ᠵᠦᠪᠯᠡᠯᠳᠤ ᠶᠢᠨ  ᠨᠦᠬᠦᠷᠯᠡᠯ ᠤᠨ  ᠨᠡᠶᠢᠭᠡᠮᠯᠢᠭ︾ ᠢ  ᠪᠠᠶᠢᠭᠤᠯᠵᠠᠢ᠃  ᠭᠡᠰᠢᠭᠦᠨ   ᠤ  ᠮᠦᠷᠦᠨ ᠲᠡᠮᠳᠡᠭ ᠲᠡᠭᠡᠷ᠎ᠡ ᠨᠢ  ᠭᠤᠮᠢᠨᠳᠠᠩ ᠤᠨ  ᠨᠠᠮ ᠤᠨ  ᠰᠦᠯᠳᠡ ᠪᠠ  ᠵᠦᠪᠯᠡᠯᠳᠤ ᠶᠢᠨ  ᠤᠯᠤᠰ ᠤᠨ  ᠰᠦᠯᠳᠡ ᠲᠠᠢ᠃  ᠨᠡᠶᠢᠭᠡᠮᠯᠢᠭ   ᠳᠤ  ᠤᠯᠠᠨ ᠬᠦᠮᠦᠨ ᠤᠷᠤᠵᠠᠢ᠂  ᠤᠯᠠᠩᠬᠢ ᠨᠢ  ᠲᠡᠭᠡᠳᠦ ᠲᠠᠪᠬᠤᠷᠭᠠᠳᠠᠨ ᠪᠠᠶᠢᠪᠠ᠃ ᠵᠦᠪᠯᠡᠯᠳᠤ ᠶᠢᠨ   ᠴᠡᠷᠢᠭ   ᠨᠢ ᠯᠢᠨᠰᠢ ᠳᠤ ᠰᠠᠭᠤᠭᠰᠠᠨ ᠤ ᠲᠠᠷᠠᠭ᠎ᠠ ᠪᠠᠰᠠ ᠴᠢᠮᠡᠭᠡ   ᠵᠠᠩᠬᠢ ᠤᠯᠬᠤ ᠶᠢᠨ  ᠲᠦᠯᠦᠭᠡ ᠲᠠᠪᠰᠢᠩᠭᠤᠢ  ᠵᠠᠯᠠᠭᠤ ᠰᠦᠨ ᠭᠤᠸᠠᠩ ᠹᠠ᠂  ᠮᠤ᠋ ᠭᠦᠸᠧ ᠵᠠᠩ ᠨᠦᠬᠦᠷ   ᠢᠶᠠᠷ ᠨᠢᠭᠤᠴᠠ  ᠮᠡᠳᠡᠭᠡ  ᠶᠢᠨ  ᠠᠵᠢᠯ ᠬᠢᠯᠭᠡᠵᠠᠢ  ᠃  ᠲᠡᠳᠡ ᠬᠤᠶᠠᠭᠤᠯᠠ  ᠬᠤᠵᠢᠮ ᠨᠢ ᠨᠠᠮ ᠤᠨ  ᠵᠦᠪᠰᠢᠶᠡᠷᠡᠯ   ᠢᠶᠠᠷ  ᠡᠪ ᠬᠠᠮᠳᠤ ᠨᠠᠮ ᠳᠤ  ᠰᠢᠯᠵᠢᠭᠳᠡᠨ ᠡᠯᠰᠡᠭᠳᠡᠭᠰᠡᠨ ᠪᠠᠶᠢᠨ᠎ᠠ᠃ 9 ᠰᠠᠷ᠎ᠠ   ᠠᠴᠠ ᠬᠤᠵᠢᠮ   ᠢᠶᠠᠷ  ᠲᠤᠮᠳᠠᠳᠤ ᠤᠯᠤᠰ ᠤᠨ ᠡᠪ ᠬᠠᠮᠳᠤ ᠨᠠᠮ ᠤᠨ  ᠿᠧ  ᠾᠧ ᠮᠤᠵᠢ᠂ ᠿᠧ ᠪᠧᠢ  ᠵᠡᠷᠭᠡ ᠭᠠᠵᠠᠷ ᠠᠴᠠ   ᠤᠷᠢᠳ ᠬᠤᠵᠢᠳ  ᠺᠠᠳ᠋ᠷ  ᠲᠤᠮᠢᠯᠠᠨ ᠢᠷᠡᠭᠦᠯᠵᠤ ᠯᠢᠨᠰᠢ ᠰᠢᠶᠠᠨ   ᠤ ᠤᠯᠠᠨ ᠲᠦᠮᠡᠨ ᠤ ᠠᠵᠢᠯ ᠢ  ᠦᠷᠨᠢᠭᠦᠯᠵᠠᠢ᠃ 10 ᠰᠠᠷ᠎ᠠ ᠳᠤ  ᠿᠧ ᠾᠧ  ᠮᠤᠵᠢ   ᠶᠢᠨ  ᠭᠠᠵᠠᠷ ᠤᠨ   ᠤᠷᠤᠨ   ᠤ ᠭᠡᠰᠢᠭᠦᠨ  ᠵᠠᠩ ᠬᠤᠸᠠᠨ ᠷᠠᠨ ᠨᠦᠬᠦᠷ ᠬᠦᠷᠴᠦ ᠢᠷᠡᠭᠰᠡᠨ ᠳᠤ  ᠵᠦᠪᠯᠡᠯᠳᠤ ᠶᠢᠨ   ᠴᠡᠷᠢᠭ  ᠬᠠᠯᠠᠭᠤᠨ ᠢᠶᠠᠷ ᠤᠭᠳᠤᠨ  ᠵᠤᠴᠢᠯᠠᠵᠤ  ᠲᠦᠷᠪᠡᠨ ᠡᠭᠦᠳᠡ ᠶᠢᠨ  ᠰᠡᠷᠭᠡᠶᠢᠯᠡᠨ ᠬᠠᠮᠠᠭᠠᠯᠠᠬᠤ ᠡᠭᠦᠷᠭᠡ ᠶᠢ ᠲᠤᠰᠢᠶᠠᠵᠠᠢ᠃ 11 ᠰᠠᠷ᠎ᠠ ᠳᠤ  ᠨᠠᠮ ᠳᠠᠬᠢ  ᠺᠠᠳ᠋ᠷ ᠲᠤᠮᠢᠯᠠᠨ  ᠯᠢᠨᠰᠢ ᠰᠢᠶᠠᠨ ᠳᠤ ᠤᠯᠠᠨ ᠲᠦᠡᠮᠨ ᠤ ᠠᠵᠢᠯ ᠢ  ᠬᠢᠯᠭᠡᠭᠰᠡᠨ   ᠳᠤ  ᠯᠢᠨᠳᠤᠩ ᠤᠨ  ᠾᠧ ᠽᠢ ᠵᠠᠩ  ᠯᠢᠨᠰᠢ ᠶᠢ ᠲᠤᠪᠳᠤᠯᠠᠵᠤ  ᠲᠦᠷᠪᠡᠳᠤᠭᠡᠷ᠂  ᠲᠠᠪᠤᠳᠤᠭᠠᠷ᠂  ᠬᠤᠶᠠᠳᠤᠭᠠᠷ ᠨᠤᠳᠤᠭ ᠢ  ᠡᠵᠡᠯᠡᠵᠦ  ᠭᠤᠷᠪᠠᠳᠤᠭᠠᠷ ᠨᠤᠳᠤᠭ ᠢ  ᠰᠦᠷᠳᠡᠭᠦᠯᠦᠨ  ᠯᠢᠨᠰᠢ ᠰᠢᠶᠠᠨ ᠤ ᠬᠤᠳᠠ ᠳᠤ  ᠤᠶᠢᠷᠳᠤᠭᠰᠠᠨ   ᠳᠤ   ᠵᠦᠪᠯᠡᠯᠳᠤ ᠶᠢᠨ   ᠴᠡᠷᠢᠭ  ᠲᠤᠮᠳᠠ   ᠠᠴᠠ ᠨᠢ  ᠡᠪᠰᠡᠭᠦᠯᠦᠭᠰᠡᠨ   ᠳᠤ   ᠾᠧ ᠽᠢ ᠵᠠᠩ  ᠤᠨ  ᠴᠡᠷᠢᠭ  ᠴᠠᠭᠠᠨᠮᠦᠷᠡᠨ ᠭᠤᠤᠯ ᠤᠨ  ᠵᠡᠭᠦᠨ ᠡᠷᠬᠢ ᠳᠤ ᠤᠬᠤᠷᠢᠵᠠᠢ᠃ ᠵᠦᠪᠯᠡᠯᠳᠤ ᠶᠢᠨ  ᠴᠡᠷᠢᠭ   ᠤᠨ  ᠤᠯᠠᠩᠬᠢ ᠨᠢ ᠰᠠᠬᠢᠯᠭ᠎ᠠ ᠲᠦᠷᠢᠮ ᠪᠠᠷ ᠰᠠᠶᠢᠨ  ᠃  ᠤᠨᠴᠠ ᠵᠠᠷᠢᠮ ᠨᠢ ᠪᠠᠰᠠ  ᠰᠠᠬᠢᠯᠭ᠎ᠠ ᠪᠠᠳᠤ ᠶᠢ ᠵᠦᠷᠴᠡᠭᠰᠡᠨ     ᠪᠠᠶᠢᠵᠤ ᠵᠠᠷᠢᠮ ᠨᠢ  ᠤᠯᠠᠨ ᠲᠦᠮᠡᠨ ᠳᠤ ᠠᠯᠠᠭᠳᠠᠭᠰᠠᠨ ᠪᠠᠶᠢᠳᠠᠭ᠂  ᠴᠡᠷᠢᠭ  ᠤᠷᠤᠬᠤ ᠶᠠᠪᠤᠴᠠ   ᠳᠠᠭᠠᠨ ᠪᠠᠰᠠ ᠬᠤᠳᠠᠯᠳᠤᠭᠠᠴᠢᠨ   ᠢ   ᠲᠡᠭᠡᠷᠡᠮᠳᠡᠭᠰᠡᠨ ᠪᠠ  ᠦᠭᠡᠷ ᠬᠤᠨᠢ ᠪᠤᠯᠢᠶᠠᠭᠰᠠᠨ ᠤᠴᠠᠷ ᠪᠠᠰᠠ ᠪᠠᠶᠢᠨ᠎ᠠ᠃ 1946 ᠤᠨ   ᠤ1 ᠰᠠᠷ᠎ᠠ ᠶᠢᠨ 31 ᠤ ᠡᠳᠦᠷ ᠯᠢᠨᠰᠢ ᠳᠤ ᠰᠠᠭᠤᠭᠰᠠᠨ  ᠵᠦᠪᠯᠡᠯᠳᠤ ᠶᠢᠨ   ᠴᠡᠷᠢᠭ   ᠪᠤᠴᠠᠭᠰᠠᠨ   ᠳᠤ  ᠯᠢᠨᠰᠢ ᠶᠢᠨ  ᠠᠷᠠᠳ ᠤᠯᠠᠨ ᠬᠤᠳᠠ ᠭᠠᠷᠴᠦ  ᠬᠠᠯᠠᠭᠤᠨ ᠢᠶᠠᠷ ᠦᠳᠡᠵᠠᠢ᠃  ᠵᠦᠪᠯᠡᠯᠳᠤ ᠶᠢᠨ   ᠴᠡᠷᠢᠭ  ᠶᠠᠭ ᠰᠠᠶᠢᠬᠠᠨ  ᠤᠯᠤᠰ ᠲᠠᠭᠠᠨ  ᠤᠷᠤᠬᠤ  ᠦᠶᠡᠰ  ᠵᠢᠶᠡᠩ ᠵᠢᠶᠧ ᠱᠢ  ᠵᠢᠨᠵᠧᠦ   ᠶᠢ  ᠲᠠᠭᠠᠷᠢᠭᠰᠠᠨ ᠲᠤᠯᠠ  ᠵᠦᠪᠯᠡᠯᠳᠤ ᠶᠢᠨ  ᠴᠡᠷᠢᠭ  ᠲᠠᠬᠢᠨᠳᠠ ᠤᠤᠯ ᠤᠨ  ᠭᠠᠵᠠᠷ   ᠲᠠᠭᠠᠨ ᠪᠤᠴᠠᠵᠤ ᠰᠡᠷᠭᠡᠶᠢᠯᠡᠨ ᠰᠠᠭᠤᠵᠠᠢ᠂  ᠭᠡᠳᠡᠯ᠎ᠡ ᠯᠢᠨᠰᠢ ᠳᠤ ᠰᠠᠭᠤᠭᠰᠠᠨ ᠵᠦᠪᠯᠡᠯᠳᠤ ᠶᠢᠨ  ᠴᠡᠷᠢᠭ  ᠰᠢᠶᠠᠨ ᠤ ᠬᠤᠳᠠ ᠳᠤ ᠪᠤᠴᠠᠵᠤ  ᠤᠷᠤᠭᠰᠠᠨ  ᠦᠭᠡᠢ ᠳ᠋ᠠ ᠢᠩᠽᠢ ᠲᠤᠰᠬᠤᠨ ᠳᠤ  ᠰᠠᠷ᠎ᠠ ᠭᠠᠷᠦᠢ ᠰᠠᠭᠤᠭᠠᠳ  ᠤᠯᠤᠰ ᠲᠠᠭᠠᠨ ᠪᠤᠴᠠᠵᠠᠢ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备07002090号