ᠶᠡᠭᠡ ᠾᠦᠩᠨᠣ ᠭᠦᠷᠦᠨ ᠪᠣᠯᠣᠨ ᠮᠣᠩᠭᠤᠯ ᠬᠠᠭᠠᠨᠲᠣ  ᠣᠯᠣᠰ (3)
ᠨᠡᠶᠢᠲᠡᠯᠡᠭᠰᠡᠨ ᠴᠠᠭ᠄
2020-07-07
             ᠲᠠᠪᠤ᠃ ᠾᠦᠩᠨᠤ ᠶᠢᠨ ᠳᠠᠶᠢᠯᠠᠯᠲᠠ᠂ ᠳᠠᠶᠢᠨ ᠤ ᠪᠤᠳᠤᠯᠭ᠎ᠠ ᠪᠠ                      ᠮᠣᠩᠭᠤᠯ ᠬᠠᠭᠠᠨᠲᠤ ᠣᠯᠤᠰ ᠤᠨ ᠳᠠᠶᠢᠨ᠂ ᠴᠠᠭᠤᠷᠠᠯ           ᠾᠦᠩᠨᠤ ᠶᠢᠨ ᠣᠯᠤᠰ ᠪᠠᠶᠢᠭᠤᠯᠤᠭᠰᠠᠨ᠂ ᠮᠠᠨᠳᠤᠭᠰᠠᠨ᠂ ᠲᠠᠶᠢᠨ ᠤ ᠠᠷᠭ᠎ᠠ ᠪᠤᠳᠤᠯᠭ᠎ᠠ ᠶᠢᠨ ᠲᠠᠯ᠎ᠠ  ᠪᠠᠷ ᠰᠡᠭᠦᠯᠡᠷᠬᠢ ᠮᠣᠩᠭᠤᠯ ᠬᠠᠭᠠᠨᠲᠤ ᠣᠯᠤᠰ ᠤᠨ ᠲᠠᠶᠢᠨ ᠤ ᠲᠠᠯ᠎ᠠ ᠳᠤ ᠭᠠᠶᠢᠬᠠᠯᠲᠠᠢ ᠠᠳᠠᠯᠢᠬᠠᠨ ᠪᠠᠶᠢᠭ᠎ᠠ ᠶᠢ ᠠᠳᠠᠯᠢᠳᠬᠠᠨ ᠦᠵᠡᠪᠡᠯ ᠮᠡᠳᠡᠵᠤ ᠪᠤᠯᠤᠨ᠎ᠠ᠃ ᠬᠢᠲᠠᠳ ᠤᠨ ᠰᠧ ᠮᠠ ᠴᠢᠶᠠᠨ ︽ᠰᠤᠳᠤᠷ ᠲᠡᠮᠳᠡᠭᠯᠡᠯ︾   ᠳᠡᠭᠡᠨ ︽ᠴᠢᠨ ᠸᠧᠢ ᠠᠴᠠ ᠲᠦᠮᠡᠨ ᠬᠦᠷᠲᠡᠯᠬᠢ ᠮᠢᠩᠭ᠎ᠠ ᠭᠠᠷᠤᠢ ᠵᠢᠯ ᠤᠨ ᠬᠤᠭᠤᠴᠠᠭᠠᠨ ᠳᠤ᠂ ᠾᠦᠩᠨᠤ ᠶᠢᠨ ᠰᠦᠷ ᠬᠦᠴᠤ ᠪᠠᠶᠢᠨ ᠶᠡᠬᠡᠰᠴᠤ ᠪᠠᠶᠢᠨ ᠪᠠᠭᠠᠰᠤᠨ᠂ ᠰᠠᠯᠵᠤ ᠨᠡᠶᠢᠯᠡᠨ ᠣᠨ ᠣᠳᠠᠭᠰᠠᠨ ᠣᠴᠢᠷ᠂ ᠦᠶ᠎ᠡ ᠵᠠᠯᠭᠠᠮᠵᠢ ᠶᠢ ᠨᠢ ᠨᠠᠷᠢᠨ‌‍ᠲ᠋ᠤᠭᠠᠴᠢᠬᠤ ᠶᠢᠨ ᠠᠷᠭ᠎ᠠ ᠦᠭᠡᠢ︾ ᠭᠡᠵᠤ ᠪᠢᠴᠢᠭᠰᠡᠨ ᠠᠴᠠ ᠦᠵᠡᠪᠡᠯ ᠲᠦᠮᠡᠨ ᠪᠤᠯᠤᠨ ᠮᠦᠳᠦ᠋ ᠬᠤᠶᠠᠷ ᠴᠠᠨ ᠢᠣᠢ ᠨᠢ ᠡᠬᠢᠨ ᠤ ᠬᠠᠭᠠᠳ ᠪᠢᠰᠢ ᠶᠤᠮ ᠪᠠᠶᠢᠨ᠎ᠠ᠃ ᠲᠡᠭᠡᠪᠡᠴᠤ ᠮᠦᠳᠦ᠋  ᠴᠠᠨ ᠢᠣᠢ ᠶᠢᠨ ᠪᠠᠭᠤᠷᠠᠢ ᠪᠠᠷ ᠣᠪᠯᠠᠵᠤ ᠪᠠᠶᠢᠭᠠᠳ ᠳᠠᠶᠢᠰᠤᠨ ᠢᠶᠠᠨ ᠲᠦᠭᠡᠷᠢᠭᠳᠡᠭᠦᠯᠦᠨ᠂ ᠳᠠᠶᠢᠰᠤᠨ ᠨᠢ ᠣᠮᠤᠷᠬᠠᠭᠯᠠᠨ ᠰᠡᠷᠡᠮᠵᠢ ᠠᠯᠳᠠᠭᠰᠠᠨ ᠦᠶ᠎ᠡ ᠳᠤ ᠴᠡᠷᠢᠭ ᠢᠶᠠᠨ ᠴᠤᠭᠯᠠᠭᠤᠯᠤᠨ ᠨᠢᠭᠡᠯᠡ ᠳᠡᠭᠡᠷ᠎ᠡ ᠵᠡᠭᠦᠨ ᠬᠤ᠋ (ᠳ᠋ᠦᠩᠬᠤ ) ᠣᠯᠤᠰ ᠢ ᠮᠦᠬᠦᠭᠡᠭᠰᠡᠨ ᠨᠢ  ᠬᠡᠷᠡᠶᠢᠳ ᠣᠯᠤᠰ ᠢ ᠮᠦᠬᠦᠭᠡᠭᠰᠡᠨ ᠴᠢᠩᠭᠢᠰ ᠬᠠᠭᠠᠨ ᠤ ᠠᠷᠭ᠎ᠠ ᠲᠠᠢ ᠠᠳᠠᠯᠢ᠃ ᠳᠠᠭᠤᠲᠤ ᠰᠤᠮᠤ ᠡᠭᠦᠳᠦᠨ ᠴᠡᠷᠢᠭ  ᠤᠨ ᠶᠤᠰᠤ ᠪᠠᠨ ᠴᠢᠩᠳᠠᠯᠠᠵᠤ᠂ ᠰᠢᠯᠢᠳᠡᠭ ᠴᠡᠷᠢᠭ ᠪᠠᠶᠢᠭᠤᠯᠤᠭᠰᠠᠨ ᠨᠢ ᠴᠢᠩᠭᠢᠰ ᠬᠠᠭᠠᠨ ᠤ ᠲᠤᠷᠭᠠᠨ ᠴᠡᠷᠢᠭ ᠪᠠ ᠭᠡᠰᠢᠭᠲᠡᠨ ᠴᠡᠷᠢᠭ ᠢ ᠪᠠᠶᠢᠭᠤᠯᠤᠭᠰᠠᠨ ᠲᠠᠢ ᠠᠳᠠᠯᠢᠬᠠᠨ ᠪᠠᠶᠢᠨ᠎ᠠ᠃ ᠣᠷᠢᠳᠠᠪᠡᠷ ᠳᠤᠮᠳᠠᠳᠤ ᠠᠽᠢᠶ᠎ᠠ ᠳᠤ ᠴᠡᠷᠢᠭᠯᠡᠵᠤ ᠰᠡᠭᠦᠯᠡᠷ ᠨᠢ ᠡᠮᠦᠨᠡᠰᠢ ᠬᠠᠨ ᠣᠯᠤᠰ ᠢ ᠴᠤᠬᠢᠭᠰᠠᠨ ᠨᠢ ᠴᠢᠩᠭᠢᠰ ᠬᠠᠭᠠᠨ ᠤ ᠣᠷᠢᠳᠠᠪᠡᠷ ᠬᠤᠷᠽᠧᠮ ᠣᠯᠤᠰ ᠢ ᠮᠦᠬᠦᠭᠡᠵᠤ ᠳᠠᠷᠠᠭᠠᠪᠡᠷ ᠨᠢ ᠠᠯᠲᠠᠨ ᠣᠯᠤᠰ ᠢ ᠴᠤᠬᠢᠭᠰᠠᠨ ᠴᠡᠷᠢᠭ ᠤᠨ ᠪᠤᠳᠤᠯᠭ᠎ᠠ ᠲᠠᠢ ᠶᠠᠭᠠᠬᠢᠬᠤ ᠶᠢᠨ ᠠᠷᠭ᠎ᠠ ᠦᠭᠡᠢ ᠳᠤᠬᠢᠷᠠᠵᠤ ᠪᠠᠶᠢᠨ᠎ᠠ᠃              ︽ᠰᠤᠳᠤᠷ ᠲᠡᠮᠳᠡᠭᠯᠡᠯ︾   ᠳᠤ ᠲᠡᠮᠳᠡᠭᠯᠡᠭᠰᠡᠨ ᠢᠶᠠᠷ᠄           ᠮᠦᠳᠦ᠋ ᠴᠠᠨ ᠢᠣᠢ ᠪᠤᠯᠤᠭᠰᠠᠨ ᠠᠴᠠ ᠰᠡᠭᠦᠯᠡᠷ᠂ ᠲᠤᠬᠠᠢ ᠶᠢᠨ ᠦᠶᠡᠰ ᠳ᠋ᠦᠩᠬᠤ ᠶᠡᠭᠡ ᠬᠦᠴᠦᠷᠬᠡᠭ ᠪᠠᠶᠢᠵᠠᠢ᠃ ᠲᠡᠳᠡᠨᠣᠰ ᠮᠦᠳᠦ᠋ ᠶᠢᠨ ᠡᠴᠢᠭᠡ ᠪᠠᠨ ᠠᠯᠠᠵᠤ ᠬᠠᠭᠠᠨ ᠰᠠᠭᠤᠭᠰᠠᠨ ᠢ ᠰᠤᠨᠣᠰᠤᠭᠠᠳ᠂ ᠡᠯᠴᠢ ᠢᠯᠡᠭᠡᠵᠤ ᠮᠦᠳᠦ᠋ ᠳᠤ ᠭᠡᠯᠡᠭᠰᠡᠨ ᠨᠢ᠂ ᠲᠦᠮᠡᠨ ᠤ ᠦᠶ᠎ᠡ ᠶᠢᠨ ᠠᠷᠭᠤᠮᠠᠭ ᠬᠦᠯᠦᠭ ᠢᠶᠠᠨ ᠦᠭ ᠭᠡᠵᠠᠢ᠃ ᠮᠦᠳᠦ᠋ ᠰᠠᠶᠢᠳ ᠨᠠᠷ ᠤᠨ ᠢᠶᠠᠨ ᠰᠠᠨᠠᠯ ᠢ ᠠᠪᠣᠭᠰᠠᠨ ᠳᠤ᠂ ᠪᠦᠭᠦᠳᠡᠭᠡᠷ ︽ᠠᠷᠭᠤᠮᠠᠭ ᠬᠦᠯᠦᠭ ᠪᠤᠯ ᠾᠦᠩᠨᠤ ᠶᠢᠨ ᠡᠷᠳᠡᠨᠢ ᠬᠦᠯᠦᠭ᠂ ᠦᠭᠴᠤ ᠪᠤᠯᠬᠤ ᠦᠭᠡᠢ︾ ᠭᠡᠵᠠᠢ᠃ ᠮᠦᠳᠦ᠋ ᠠᠴᠠ ︽ᠶᠠᠭᠤᠨ ᠳᠤ ᠨᠢᠭᠡ ᠮᠤᠷᠢ ᠪᠠᠨ ᠬᠠᠶᠢᠷᠠᠯᠠᠵᠤ ᠵᠡᠷᠭᠡᠯᠳᠡᠭᠡ ᠣᠯᠤᠰ ᠲᠠᠢ ᠪᠠᠨ ᠡᠪᠳᠡᠷᠡᠨ᠎ᠡ ᠪᠤᠢ︾ ᠭᠡᠳ ᠠᠷᠭᠤᠮᠠᠭ ᠬᠦᠯᠦᠭ ᠢᠶᠠᠨ ᠳ᠋ᠦᠩᠬᠤ ᠣᠯᠤᠰ ᠲᠤ ᠦᠭᠴᠠᠢ ᠃ ᠣᠳᠠᠭᠰᠠᠨ ᠦᠭᠡᠢ ᠳ᠋ᠦᠩᠬᠤ ᠠᠴᠠ ᠮᠦᠳᠦ᠋ ᠶᠢ ᠦᠪᠡᠷ ᠠᠴᠠ ᠪᠠᠨ ᠠᠶᠤᠪᠠ ᠭᠡᠵᠤ ᠪᠤᠳᠤᠭᠠᠳ᠂ ᠡᠯᠴᠢ ᠲᠤᠮᠢᠯᠠᠨ ᠮᠦᠳᠦ᠋ ᠳᠤ ᠢᠨᠵᠢ ᠬᠠᠲᠤᠨ ᠢᠶᠠᠨ ᠠᠴᠠ ᠭᠡᠵᠠᠢ᠃ ᠮᠦᠳᠦ᠋ ᠠᠴᠠ ᠵᠡᠷᠭᠡᠯᠳᠡᠭᠡ ᠲᠦᠰᠢᠮᠡᠳ ᠤᠨ ᠢᠶᠠᠨ ᠰᠠᠨᠠᠯ ᠢ ᠠᠰᠠᠭᠤᠭᠰᠠᠨ ᠳᠤ᠂ ᠪᠦᠭᠦᠳᠡᠭᠡᠷ ᠠᠭᠤᠷᠯᠠᠵᠤ ︽ᠳ᠋ᠦᠩᠬᠤ ᠶᠤᠰᠤ ᠦᠭᠡᠢ᠂ ᠶᠠᠭᠤᠨ ᠳᠤ ᠢᠨᠵᠢ ᠬᠠᠲᠤᠨ  ᠢ ᠠᠪᠠᠴᠢᠨ᠎ᠠ ᠪᠤᠢ᠂ ᠲᠡᠳᠡᠨ ᠢ ᠳᠠᠶᠢᠯᠠᠰᠤᠭᠠᠢ︕︾ ᠭᠡᠰᠡᠨ ᠳᠤ ᠮᠦᠳᠦ᠋᠄ ︽ᠨᠢᠭᠡ ᠡᠮᠡᠭᠲᠠᠢ ᠶᠢ ᠬᠠᠶᠢᠷᠠᠯᠠᠵᠤ ᠶᠠᠭᠤᠨ ᠳᠤ ᠵᠡᠷᠭᠡᠯᠳᠡᠭᠡ ᠣᠯᠤᠰ ᠲᠠᠢ ᠪᠠᠨ ᠡᠪᠳᠡᠷᠡᠨ᠎ᠡ ᠪᠤᠢ︖︾ ᠭᠡᠳ ᠬᠠᠮᠤᠭ ᠤᠨ ᠬᠠᠶᠢᠷᠠᠯᠠᠳᠠᠭ ᠢᠨᠵᠢ ᠬᠠᠲᠤᠨ ᠢᠶᠠᠨ ᠳ᠋ᠦᠩᠬᠤ ᠳᠤ ᠬᠦᠷᠭᠡᠵᠤ ᠦᠭᠴᠠᠢ᠃ ᠡᠭᠦᠨᠴᠡ ᠳ᠋ᠦᠩᠬᠤ ᠸᠠᠩ ᠣᠯᠠᠮ ᠰᠠᠭᠰᠠᠭᠤᠷᠠᠨ ᠪᠠᠷᠭᠤᠨᠰᠢ ᠬᠠᠯᠳᠠᠪᠠᠢ᠃ ᠳ᠋ᠦᠩᠬᠤ ᠪᠠ ᠾᠦᠩᠨᠤ ᠶᠢᠨ ᠳᠤᠮᠳᠠ ᠨᠢᠭᠡ ᠬᠡᠰᠡᠭ ᠬᠠᠶᠠᠭᠳᠠᠭᠰᠠᠨ ᠭᠠᠵᠠᠷ ᠪᠠᠶᠢᠵᠤ᠂ ᠮᠢᠩᠭ᠎ᠠ ᠢᠯᠡᠭᠦᠦ ᠭᠠᠵᠠᠷ ᠬᠦᠮᠦᠨ ᠠᠮᠢᠲᠠᠨ ᠪᠠᠶᠢᠳᠠᠭ ᠦᠭᠡᠢ᠃ ᠬᠤᠶᠠᠷ ᠣᠯᠤᠰ ᠢᠶᠠᠷ ᠢᠶᠠᠨ ᠬᠤᠶᠠᠷ ᠲᠠᠯ᠎ᠠ ᠳᠤᠨᠢ ᠬᠠᠷᠠᠭᠤᠯ ᠬᠠᠰᠢᠳᠠᠭ ᠪᠠᠶᠢᠵᠠᠢ᠃ ᠳ᠋ᠦᠩᠬᠤ ᠠᠴᠠ ᠡᠯᠴᠢ ᠲᠤᠮᠢᠯᠠᠨ ︽ᠾᠦᠩᠨᠤ ᠪᠠ ᠮᠠᠨ ᠤ ᠠᠭᠤᠯᠵᠠᠷ ᠲᠤ ᠬᠠᠷᠠᠭᠤᠯ ᠤᠨ ᠭᠠᠳᠠᠨᠠᠬᠢ ᠬᠤᠭᠤᠰᠤᠨ ᠭᠠᠵᠠᠷ ᠢ ᠾᠦᠩᠨᠣᠴᠤᠳ ᠬᠦᠷᠳᠡᠭ ᠦᠭᠡᠢ ᠪᠤᠯᠬᠤᠷ ᠪᠢᠳᠡᠨ ᠡᠵᠡᠯᠡᠶ᠎ᠡ︾ ᠭᠡᠵᠠᠢ᠃ ᠮᠦᠳᠦ᠋ ᠠᠴᠠ ᠰᠠᠶᠢᠳ ᠨᠠᠷ ᠤᠨ ᠰᠠᠨᠠᠯ ᠢ ᠠᠰᠠᠭᠤᠭᠰᠠᠨ ᠳᠤ ᠵᠠᠷᠢᠮ ᠨᠢ᠄ ︽ᠡᠨᠡ ᠪᠤᠯ ᠬᠤᠭᠤᠰᠤᠨ ᠭᠠᠵᠠᠷ᠂ ᠦᠭᠪᠡᠴᠤ ᠪᠤᠯᠤᠨ᠎ᠠ᠂ ᠡᠰᠡ ᠦᠭᠪᠡᠴᠤ ᠪᠤᠯᠤᠨ᠎ᠠ︾ ᠭᠡᠵᠡᠭᠡᠪᠡ᠃ ᠮᠦᠳᠦ᠋ ᠶᠡᠬᠡᠲᠡ ᠬᠢᠯᠢᠩᠨᠡᠵᠤ᠄ ︽ᠭᠠᠵᠠᠷ ᠨᠣᠲᠤᠭ ᠪᠤᠯ ᠣᠯᠤᠰ ᠤᠨ ᠦᠨᠳᠦᠰᠦ᠂ ᠶᠠᠭᠤᠨ ᠳᠤ ᠦᠭᠬᠦ ᠪᠤᠢ︖︾ ᠭᠡᠳ ᠦᠭᠬᠦ ᠭᠡᠰᠡᠨ ᠰᠠᠶᠢᠳ ᠨᠠᠷ ᠢᠶᠠᠨ ᠪᠦᠷ ᠢ ᠠᠯᠠᠵᠤ᠂ ᠮᠤᠷᠢᠨ ᠳᠠᠭᠠᠨ ᠮᠤᠷᠳᠠᠵᠤ᠂ ᠣᠯᠤᠰ ᠤᠨ ᠳᠤᠲᠤᠷ᠎ᠠ ᠣᠬᠤᠷᠢᠭᠰᠠᠳ ᠪᠠᠶᠢᠪᠠᠯ ᠠᠯᠠᠵᠤ ᠵᠡᠭᠦᠨᠰᠢ ᠳ᠋ᠦᠩᠬᠤ ᠶᠢ ᠴᠡᠷᠢᠭᠯᠡᠪᠡ᠃ ᠳ᠋ᠦᠩᠬᠤ ᠠᠴᠠ ᠡᠬᠢᠨ ᠳᠡᠭᠡᠨ ᠮᠦᠳᠦ᠋ ᠶᠢ ᠪᠠᠰᠤᠵᠤ ᠪᠠᠶᠢᠭᠰᠠᠨ ᠪᠤᠯᠬᠤᠷ ᠪᠡᠯᠡᠳᠬᠡᠯ ᠬᠢᠭᠰᠡᠨ ᠦᠭᠡᠢ᠂ ᠮᠦᠳᠦ᠋ ᠬᠦᠷᠴᠦ ᠢᠷᠡᠨ ᠳᠠᠭᠠᠷᠢᠮᠠᠭᠴᠠ ᠶᠡᠭᠡᠪᠡᠷ ᠢᠯᠠᠵᠤ ᠸᠠᠩ ᠢ ᠨᠢ ᠠᠯᠠᠵᠤ᠂ ᠠᠯᠪᠠᠲᠤ ᠠᠷᠠᠳ ᠪᠠ ᠠᠳᠤᠭᠤ ᠮᠠᠯ ᠢ ᠨᠢ ᠣᠯᠵᠠᠯᠠᠪᠠ᠃ ᠪᠤᠴᠠᠨ ᠢᠷᠡᠭᠰᠡᠨ ᠤ ᠰᠡᠭᠦᠯᠡᠷ᠂ ᠾᠦᠩᠨᠣᠴᠤᠳ ᠪᠠᠷᠭᠤᠨᠰᠢ ᠳᠠᠭᠠᠷᠢᠨ ᠷᠸᠤ ᡁᠢ (ᠰᠠᠷᠳᠠᠭᠤᠯ )   ᠢ ᠳᠠᠭᠠᠷᠢᠨ ᠬᠦᠭᠡᠭᠡᠨ ᠶᠠᠪᠣᠭᠤᠯᠵᠤ᠂ ᠪᠠᠷᠭᠤᠨᠰᠢ ‍ᠯᠸᠤ ᠹᠠᠨ ᠢ ᠵᠠᠯᠬᠢᠵᠤ᠂ ᠡᠮᠦᠨᠡᠰᠢ ᠴᠢᠨ ᠣᠯᠤᠰ ᠤᠨ ‍ᠮᠧᠩ ᠲᠢᠶᠠᠨ ᠤ ᠡᠵᠡᠯᠡᠨ ᠠᠪᠣᠭᠰᠠᠨ ᠭᠠᠵᠠᠷ ᠢ ᠡᠭᠡᠭᠦᠯᠦᠨ ᠠᠪᠴᠤ ᠬᠠᠨ ᠣᠯᠤᠰ ᠲᠠᠢ ᠰᠢᠭᠤᠳ ᠨᠢᠭᠤᠷᠯᠠᠨ ᠬᠠᠯᠳᠠᠬᠤ ᠪᠤᠯᠪᠠᠢ᠃  ︾  ᠭᠡᠰᠡᠨ ᠪᠠᠶᠢᠨ᠎ᠠ᠃           ᠮᠦᠳᠦ᠋  ᠴᠠᠨ ᠢᠣᠢ ᠶᠢᠨ ᠪᠠᠰᠠ ᠨᠢᠭᠡ ᠠᠯᠳᠠᠷᠲᠤ ᠪᠠᠶᠢᠯᠳᠤᠭᠠᠨ ᠪᠤᠯ ᠬᠠᠨ ᠣᠯᠤᠰ ᠤᠨ ᠯᠢᠣ ᠪᠠᠩ  ᠢ ᠪᠠᠢ ᠳ᠋ᠧᠩ ᠱᠠᠨ ᠠᠭᠤᠯᠠᠨ ᠳᠤ ᠪᠦᠰᠡᠯᠡᠨ ᠮᠤᠭᠤᠭᠠᠭᠰᠠᠨ ᠪᠠᠶᠢᠯᠳᠤᠭᠠᠨ ᠪᠤᠯᠤᠨ᠎ᠠ᠃ ᠡᠭᠦᠨ ᠳᠤ ᠮᠦᠳᠦ᠋ ᠰᠢᠯᠢᠳᠡᠭ ᠴᠡᠷᠢᠭ ᠢᠶᠠᠨ ᠨᠢᠭᠤᠵᠤ᠂ ᠬᠦᠭᠰᠢᠨ ᠪᠠᠭᠤᠷᠠᠢ ᠴᠡᠷᠢᠭ ᠢᠶᠠᠷ ᠬᠠᠨ ᠣᠯᠤᠰ ᠤᠨ ᠴᠡᠷᠢᠭ ᠢ ᠣᠭᠲᠤᠨ ᠪᠠᠶᠢᠯᠳᠤᠵᠤ ᠴᠡᠷᠢᠭ ᠳᠡᠶᠢᠯᠦᠭᠳᠡᠨ ᠣᠬᠤᠷᠢᠭᠰᠠᠨ ᠳᠤ ᠰᠠᠶ᠋ᠢᠬᠠᠨ ᠰᠢᠶᠠᠩ ᠢᠣᠢ ᠶᠢ ᠳᠡᠶᠢᠯᠵᠤ ᠣᠯᠤᠰ ᠢᠶᠠᠨ ᠨᠢᠭᠡᠳᠭᠡᠭᠡᠳ ᠣᠮᠤᠭ ᠢᠳᠡᠨ ᠳᠡᠭᠡᠨ ᠪᠠᠶᠢᠭᠰᠠᠨ ᠯᠢᠣ ᠪᠠᠩ ᠦᠪᠡᠷ ᠤᠨ ᠪᠡᠶ᠎ᠡ ᠪᠠᠷ ᠢᠶᠠᠨ ᠭᠤᠴᠢᠨ ᠬᠤᠶᠠᠷ ᠲᠦᠮᠡᠨ ᠴᠡᠷᠢᠭ ᠳᠠᠶᠢᠴᠢᠯᠠᠵᠤ ᠰᠢᠭᠤᠳ ᠬᠦᠭᠡᠭᠡᠵᠤ ᠫᠢᠩ ᠴᠧᠩ ᠬᠤᠲᠠᠨ ᠳᠤ ᠬᠦᠷᠴᠤ᠂ ᠬᠤᠶᠢᠨᠠᠬᠢ ᠴᠡᠷᠢᠭ ᠨᠢ ᠭᠦᠢᠴᠡᠵᠤ ᠢᠷᠡᠬᠦ ᠠᠴᠠ ᠨᠢ ᠡᠮᠦᠨ᠎ᠡ ᠾᠦᠩᠨᠤ ᠶᠢ ᠳᠠᠷᠤᠵᠤ ᠴᠠᠨ ᠢᠣᠢ ᠶᠢ ᠨᠢ ᠣᠯᠵᠠᠯᠠᠵᠤ ᠭᠠᠶᠢᠬᠠᠭᠤᠯᠰᠠᠭᠠᠢ ᠭᠡᠵᠤ ᠰᠠᠭᠰᠠᠭᠤᠷᠠᠭᠠᠳ ᠪᠠᠢ ᠳ᠋ᠧᠩ ᠱᠠᠨ ᠠᠭᠤᠯᠠᠨ ᠳᠤ ᠾᠦᠩᠨᠤ ᠶᠢᠨ ᠳᠦᠴᠢᠨ ᠲᠦᠮᠡᠨ ᠰᠢᠯᠢᠳᠡᠭ ᠴᠡᠷᠢᠭ ᠲᠤ ᠪᠦᠰᠡᠯᠡᠭᠳᠡᠭᠰᠡᠨ ᠪᠠᠶᠢᠨ᠎ᠠ᠃ ᠠᠯᠤᠰ ᠭᠠᠵᠠᠷ ᠵᠠᠮ ᠬᠦᠭᠡᠭᠡᠭᠰᠡᠨ ᠬᠠᠨ ᠣᠯᠤᠰ ᠤᠨ ᠭᠠᠭ᠋ᠠᠢ ᠶᠠᠪᠠᠭᠠᠨ ᠴᠡᠷᠢᠭ ᠨᠢ ᠡᠪᠦᠯ ᠤᠨ ᠬᠦᠢᠲᠡᠨ ᠲᠠᠭᠠᠷᠠᠭᠰᠠᠨ ᠲᠠᠢ᠂ ᠴᠠᠰᠤ ᠣᠷᠤᠭᠰᠠᠨ ᠲᠠᠢ ᠳᠤᠬᠢᠶᠠᠵᠤ᠂ ᠠᠷᠪᠠᠨ ᠤ ᠬᠤᠶᠠᠷ ᠭᠤᠷᠪᠠ ᠶᠢᠨ ᠴᠡᠷᠢᠭ ᠤᠨ ᠭᠠᠷ ᠤᠨ ᠬᠤᠷᠤᠭᠤ ᠨᠢ ᠬᠦᠯᠳᠡᠵᠤ ᠣᠨᠠᠭᠰᠠᠨ ᠪᠠᠶᠢᠨ᠎ᠠ᠃ ᠮᠦᠳᠦ᠋ ᠴᠠᠨ ᠢᠣᠢ ᠲᠦᠴᠢᠨ ᠲᠦᠮᠡᠨ ᠴᠡᠷᠢᠭ ᠢᠶᠠᠨ ᠳᠦᠷᠪᠡᠨ ᠦᠩᠭᠡ ᠶᠢᠨ ᠮᠤᠷᠢ ᠪᠠᠷ ᠬᠤᠪᠢᠶᠠᠨ ᠬᠦᠯᠢᠯ ᠤᠨ ᠦᠩᠭᠡ ᠪᠠᠷ ᠵᠢᠭᠰᠠᠭᠠᠵᠤ᠂ ᠬᠠᠨ ᠣᠯᠤᠰ ᠢ ᠰᠦᠷ ᠢᠶᠠᠷ ᠡᠮᠢᠶᠡᠯᠭᠡᠵᠤ ᠪᠠᠢ ᠳ᠋ᠧᠩ ᠱᠠᠨ ᠠᠭᠤᠯᠠᠨ ᠳᠤ ᠳᠤᠯᠤᠭᠠᠨ ᠬᠤᠨᠤᠭ ᠪᠦᠰᠡᠯᠡᠭᠰᠡᠨ᠎ᠡ ᠳᠠᠭᠠᠷᠠᠵᠤ ᠪᠡᠭᠡᠷᠡᠭᠰᠡᠨ ᠴᠡᠷᠢᠭ ᠨᠢ ᠦᠯᠦᠰᠴᠤ ᠦᠯᠪᠡᠷᠡᠬᠦ ᠳᠠᠪᠬᠤᠷᠯᠠᠵᠤ ᠬᠤᠯᠬᠤᠪᠴᠢ ᠨᠣᠮᠤ ᠪᠠᠨ ᠳᠠᠲᠠᠵᠤ ᠳᠡᠶᠢᠯᠬᠦ ᠦᠭᠡᠢ ᠬᠡᠮᠵᠢᠶᠡᠨ ᠳᠤ ᠬᠦᠷᠴᠤ ᠬᠦᠮᠦᠨ ᠢᠶᠠᠨ ᠪᠠᠷᠢᠵᠤ ᠢᠳᠡᠬᠦ ᠳᠤ ᠲᠤᠯᠵᠠᠢ᠃           ᠯᠢᠣ ᠪᠠᠩ  ᠦᠨᠡᠭᠡᠷ ᠰᠦᠷ ᠨᠢ ᠳᠠᠷᠤᠭᠳᠠᠵᠤ ᠰᠦᠰᠤ ᠨᠢ ᠬᠡᠮᠬᠡᠷᠡᠭᠡᠳ ᠠᠷᠭᠠᠲᠤ ᠰᠠᠶᠢᠳ ᠴᠧᠨ ᠫᠢᠩ  ᠤᠨ ᠠᠷᠭ᠎ᠠ ᠶᠢ ᠠᠪᠴᠤ᠂ ᠴᠠᠨ ᠢᠣᠢ ᠶᠢᠨ ᠬᠠᠲᠤᠨ ᠳᠤ ᠬᠦᠨᠳᠤ ᠪᠡᠯᠡᠭ ᠦᠭᠴᠤ᠂ ᠰᠠᠶᠢᠬᠠᠨ ᠦᠭᠡ ᠪᠠᠷ ᠪᠢᠯᠪᠡᠭᠦᠷᠳᠡᠵᠤ ᠪᠠᠶᠢᠭᠠᠳ ᠮᠦᠳᠦ᠋ ᠴᠠᠨ ᠢᠣᠢ ᠶᠢ ᠢᠳᠬᠠᠯᠭᠠᠵᠤ ᠪᠦᠰᠡᠯᠡᠯᠲᠡ ᠶᠢ ᠲᠠᠯᠪᠢᠭᠤᠯᠤᠭᠠᠳ ᠳᠤᠲᠠᠭᠠᠵᠤ ᠶᠠᠪᠣᠭᠰᠠᠨ ᠪᠠᠶᠢᠨ᠎ᠠ᠃           ᠴᠧᠨ ᠫᠢᠩ ᠤᠨ ᠬᠡᠷᠡᠭᠯᠡᠭᠰᠡᠨ ᠠᠷᠭ᠎ᠠ ᠨᠢ ᠡᠳᠦᠢ ᠪᠤᠯᠲᠠᠯ᠎ᠠ ᠨᠢᠭᠤᠴᠠ ᠬᠡᠪ ᠢᠶᠠᠷ ᠪᠠᠶᠢᠭᠰᠠᠭᠠᠷ ᠪᠠᠶᠢᠵᠤ ᠬᠠᠨ ᠣᠯᠤᠰ ᠤᠨ ᠳᠤᠲᠤᠭᠠᠳᠤ ᠳᠤ ᠴᠦ ︽ᠣᠯᠤᠰ ᠤᠨ ᠠᠯᠳᠠᠷ ᠲᠤ ᠮᠠᠭᠤ︾ ᠭᠡᠵᠤ ᠬᠡᠯᠡᠯᠴᠡᠬᠦ ᠶᠢ ᠬᠤᠷᠢᠵᠤ ᠪᠠᠶᠢᠭᠰᠠᠨ ᠢᠶᠠᠷ ᠦᠵᠡᠬᠦ ᠳᠤ ᠶᠠᠪᠣᠳᠠᠯ ᠣᠴᠢᠷ ᠡᠶᠢᠮᠤ ᠳᠦᠭᠦᠮᠬᠡᠨ ᠪᠢᠰᠢ ᠰᠢᠭ ᠶᠤᠮ᠃ ᠪᠠᠷᠭᠤᠨᠰᠢ ᠵᠡᠭᠦᠨᠰᠢ ᠳᠠᠶᠢᠯᠠᠵᠤ ᠴᠡᠷᠢᠭ ᠤᠨ ᠠᠷᠭ᠎ᠠ ᠶᠢ ᠲᠡᠳᠦᠢ ᠪᠤᠯᠪᠠᠰᠤᠷᠠᠩᠭᠤᠢ ᠪᠤᠯᠤᠭᠰᠠᠨ ᠮᠦᠳᠦ᠋ ᠴᠠᠨ ᠢᠣᠢ᠂ ᠬᠠᠮᠤᠭ ᠤᠨ ᠬᠠᠶᠢᠷᠠᠲᠠᠢ ᠬᠠᠲᠤᠨ ᠢᠶᠠᠨ ᠬᠦᠷᠲᠡᠯ᠎ᠡ ᠬᠠᠷᠢ ᠳᠠᠶᠢᠰᠤᠨ ᠳᠠᠭᠠᠨ ᠪᠡᠯᠡᠭ ᠢᠶᠠᠷ ᠦᠭᠴᠢᠬᠡᠳᠡᠭ ᠪᠠᠶᠢᠲᠠᠯ᠎ᠠ᠂ ᠭᠠᠭᠴᠠᠬᠠᠨ  ᠬᠠᠲᠤᠨ ᠤ ᠦᠭᠡ ᠪᠠᠷ ᠲᠡᠳᠦᠢ ᠠᠮᠠᠷᠬᠠᠨ ᠲᠠᠯᠪᠢᠵᠤ ᠶᠠᠪᠣᠭᠤᠯᠤᠨ᠎ᠠ ᠭᠡᠵᠤ ᠪᠤᠯᠤᠰᠢ ᠦᠭᠡᠢ ᠶᠠᠪᠣᠳᠠᠯ᠂ ᠡᠭᠦᠨ ᠤ ᠳᠤᠲᠤᠷ᠎ᠠ ᠬᠡᠯᠡᠵᠤ ᠪᠤᠯᠤᠰᠢ ᠦᠭᠡᠢ ᠶᠠᠪᠣᠳᠠᠯ ᠪᠠᠶᠢᠬᠤ ᠨᠢ ᠮᠡᠳᠡᠭᠡᠵᠢ᠃          ᠮᠢᠨᠤ ᠵᠠᠳᠠᠯᠬᠤ ᠪᠠᠷ ᠪᠤᠯ᠄          1᠂ ᠯᠢᠣ ᠪᠠᠩ ᠳᠤ ᠠᠪᠴᠤ ᠬᠡᠯᠡᠪᠡᠯ ᠠᠮᠢ ᠮᠤᠯᠲᠤᠷᠠᠬᠤ ᠨᠢ ᠬᠠᠮᠤᠭ ᠤᠨ ᠴᠢᠬᠤᠯᠠ ᠶᠠᠪᠣᠳᠠᠯ ᠪᠡᠶᠢᠵᠤ ᠶᠠᠭᠤ ᠶᠢ ᠴᠦ ᠠᠮᠠᠯᠠᠬᠤ ᠠᠴᠠ ᠪᠤᠴᠠᠬᠤ ᠦᠭᠡᠢ ᠶᠤᠮ᠃ ᠶᠠᠭ  ᠯᠠ ︽ᠠᠯᠲᠠᠨ ᠵᠢᠭᠠᠰᠤᠨ ᠤ ᠦᠯᠢᠭᠡᠷ︾ ᠳᠠᠬᠢ ︽ᠠᠮᠢ ᠪᠡᠶ᠎ᠡ ᠶᠢᠨ ᠣᠷᠤᠨ ᠳᠤ ᠠᠯᠢᠪᠠ ᠬᠦᠰᠡᠭᠰᠡᠨ ᠢ ᠴᠢᠨᠢ ᠦᠭᠭᠦᠶ᠎ᠡ︾ ᠭᠡᠬᠦ ᠨᠢ ᠯᠠᠪᠲᠠᠢ᠃          2᠂ ᠴᠧᠨ ᠫᠢᠩ ᠪᠤᠯ ᠡᠯᠳᠡᠪ ᠬᠤᠶᠢᠬᠤᠷ ᠠᠷᠭ᠎ᠠ ᠳᠤ ᠨᠡᠪᠲᠡᠷᠡᠭᠰᠡᠨ ᠪᠦᠭᠡᠳ ᠣᠷᠠᠨ ᠬᠤᠩᠰᠢᠶᠠᠷ  ᠲᠠᠢ᠂ ᠣᠰᠤᠨ ᠭᠤᠯᠭᠤᠭᠤᠷ ᠵᠠᠩ ᠲᠠᠢ ᠪᠤᠯᠬᠤᠷ ᠮᠦᠳᠦ᠋ ᠴᠠᠨ ᠢᠣᠢ ᠲᠠᠢ ᠠᠭᠤᠯᠵᠠᠬᠤ ᠦᠭᠡᠢ ᠭᠡᠵᠤ ᠦᠭᠡᠢ᠃ ᠮᠦᠳᠦ᠋ ᠴᠠᠨ ᠢᠣᠢ ᠳᠤ ᠬᠡᠯᠡᠬᠦ ᠦᠭᠡ ᠪᠤᠯ ︽ᠬᠠᠨ ᠣᠯᠤᠰ ᠨᠢᠭᠡᠲᠦᠭᠡᠳ ᠣᠳᠠᠭᠠᠳᠤᠢ᠂ ᠬᠠᠭᠠᠨ ᠢ ᠠᠯᠠᠭᠠᠳ ᠡᠵᠡᠯᠡᠴᠢᠬᠡᠪᠡᠴᠤ᠂ ᠲᠡᠶᠢᠮᠤ ᠬᠢᠯᠪᠡᠷ ᠢᠶᠠᠷ ᠨᠣᠶᠠᠷᠬᠠᠵᠤ ᠳᠡᠶᠢᠯᠬᠦ ᠦᠭᠡᠢ᠂ ᠪᠠᠰᠠᠯ᠎ᠠ ᠶᠡᠭᠡ ᠳᠠᠶᠢᠨ ᠰᠠᠮᠠᠭᠤᠷᠠᠯ ᠭᠠᠷᠤᠨ᠎ᠠ ᠃ ᠲᠡᠭᠡᠬᠦ ᠪᠠᠷ ᠢᠶᠠᠨ ᠯᠢᠣ ᠪᠠᠩ ᠢ ᠦᠯᠡᠳᠡᠭᠡᠪᠡᠯ ᠵᠢᠯ ᠵᠢᠯ ᠠᠯᠪᠠ ᠳᠠᠲᠠᠪᠣᠷᠢ ᠦᠭᠭᠦᠶ᠎ᠡ᠂ ᠭᠤᠶᠤ ᠪᠦᠰᠡᠭᠦᠶᠢᠴᠤᠳ ᠬᠦᠷᠭᠡᠶ᠎ᠡ᠂ ᠳᠡᠭᠦᠦᠴᠢᠯᠡᠨ ᠬᠦᠨᠳᠦᠯᠡᠶ᠎ᠡ᠃︾ ᠭᠡᠬᠦ ᠮᠡᠲᠤ ᠪᠠᠷ ᠴᠠᠨ ᠢᠣᠢ ᠶᠢᠨ ᠰᠠᠨᠠᠭᠠᠨ ᠳᠤ ᠬᠦᠷᠬᠦ ᠪᠤᠶᠤ ᠰᠠᠨᠠᠭᠠᠨ ᠠᠴᠠ ᠳᠠᠪᠠᠭᠰᠠᠨ ᠠᠮᠠᠯᠠᠯᠲᠠ ᠬᠢᠬᠦ ᠦᠭᠡᠢ ᠪᠤᠯ ᠲᠡᠶᠢᠮᠤ ᠠᠮᠠᠷᠬᠠᠨ ᠲᠠᠯᠪᠢᠴᠢᠬᠠᠨ᠎ᠠ ᠤᠤ︖ ᠲᠡᠭᠡᠬᠦ ᠳᠤ ᠮᠦᠳᠦ᠋ ᠴᠠᠨ ᠢᠣᠢ ᠳᠤ ᠢᠩᠬᠢᠬᠦ ᠨᠢ ᠯᠢᠣ ᠪᠠᠩ ᠢ ᠪᠠᠷᠢᠪᠴᠢᠯᠠᠬᠤ ᠪᠤᠶᠤ ᠠᠯᠠᠬᠤ ᠠᠴᠠ ᠬᠤᠯᠠ ᠳᠡᠭᠡᠷ᠎ᠡ ᠭᠡᠵᠤ ᠪᠤᠳᠤᠭᠳᠠᠬᠤ ᠶᠤᠮ᠃           3᠂ ᠪᠡᠯᠡᠭ ᠰᠡᠯᠲᠡ ᠶᠢ ᠪᠤᠯ ᠭᠠᠭᠴᠠᠬᠠᠨ ᠴᠠᠨ ᠢᠣᠢ ᠶᠢᠨ ᠬᠠᠲᠤᠨ ᠳᠤ ᠯᠠ ᠦᠭᠬᠦ ᠶᠤᠰᠤ ᠦᠭᠡᠢ᠃ ᠬᠡᠷᠪᠡ ᠭᠠᠭᠴᠠᠬᠠᠨ ᠴᠠᠨ ᠢᠣᠢ ᠶᠢᠨ ᠬᠠᠲᠤᠨ ᠳᠤ ᠬᠦᠷᠭᠡᠭᠰᠡᠨ ᠶᠤᠮ ᠪᠤᠯ ᠴᠠᠨ ᠢᠣᠢ ᠰᠡᠵᠢᠭᠯᠡᠬᠦ ᠦᠭᠡᠢ ᠭᠡᠵᠤ ᠪᠠᠶᠢᠨ᠎ᠠ ᠤᠤ︖ ᠶᠠᠮᠠᠷ ᠨᠢᠭᠡ ᠰᠠᠶᠢᠬᠠᠨ ᠬᠦᠮᠦᠨ ᠤ ᠵᠢᠷᠤᠭ ᠢ ᠠᠪᠴᠢᠷᠠᠵᠤ ︽ᠬᠠᠭᠠᠨ ᠡᠭᠦᠨ ᠢ ᠴᠠᠨ ᠢᠣᠢ ᠳᠤ ᠡᠷᠭᠦᠬᠦ ᠭᠡᠵᠤ ᠪᠠᠶᠢᠨ᠎ᠠ︾ ᠭᠡᠵᠤ ᠬᠠᠲᠤᠨ ᠤ ᠵᠢᠲᠦᠭᠡ ᠶᠢ ᠬᠦᠷᠭᠡᠭᠰᠡᠨ ᠭᠡᠵᠤ ᠪᠠᠶᠢᠨ᠎ᠠ᠃ ᠡᠨᠡ ᠴᠦ ᠪᠠᠶᠢᠵᠤ ᠪᠤᠯᠤᠨ᠎ᠠ᠃ ᠡᠮᠡᠭᠲᠠᠢ ᠬᠦᠮᠦᠨ ᠢ ᠠᠷᠭᠠᠯᠠᠬᠤ ᠳᠤ ᠡᠨᠡ ᠠᠷᠭ᠎ᠠ ᠨᠢ ᠪᠦᠲᠦᠮᠵᠢᠲᠡᠢ ᠠᠷᠭ᠎ᠠ ᠪᠤᠯᠵᠤ ᠪᠤᠯᠤᠨ᠎ᠠ᠃ ᠬᠠᠷᠢᠨ ᠦᠭᠡᠷ᠎ᠡ ᠲᠤᠳᠤᠨᠤ ᠲᠦᠰᠢᠮᠡᠳ ᠪᠠ ᠴᠠᠨ ᠢᠣᠢ ᠳᠤ ᠪᠠᠰᠠ ᠪᠠᠶᠢᠳᠠᠯ ᠳᠤᠨᠢ ᠳᠤᠬᠢᠷᠠᠭᠤᠯᠵᠤ ᠪᠡᠯᠡᠭ ᠬᠦᠷᠭᠡᠵᠤ  ᠣᠷᠠᠨ ᠦᠭᠡ ᠬᠡᠯᠡᠬᠦ ᠦᠭᠡᠢ ᠶᠤᠮ ᠪᠤᠯ ᠪᠠᠰᠠ ᠪᠦᠲᠦᠮᠵᠢ ᠦᠭᠡᠢ ᠪᠠᠶᠢᠬᠤ ᠪᠠᠶᠢᠯᠭᠦᠢ᠃ ︽ᠭᠤᠷᠪᠠᠨ ᠢᠮᠠᠬᠤ ᠶᠢᠨ ᠢᠯᠵᠢᠷᠠᠰᠢ ᠦᠭᠡᠢ ᠬᠡᠯᠡ︾ ᠶᠢᠨ ᠡᠷᠳᠡᠮ ᠡᠨᠡ ᠦᠶ᠎ᠡ ᠳᠤ ᠦᠢᠯᠡᠳᠦᠯ ᠭᠠᠷᠬᠤ ᠨᠢ ᠯᠠᠪᠲᠠᠢ᠃          ᠮᠢᠨᠤ ᠡᠨᠡ ᠲᠠᠮᠠᠭᠠᠭᠯᠠᠯ ᠪᠠᠰᠠ ᠣᠷᠤ ᠦᠭᠡᠢ ᠪᠠᠷ ᠳᠦᠰᠦᠭᠡᠯᠡᠨ ᠪᠤᠳᠤᠭᠰᠠᠨ ᠵᠦᠢᠯ ᠪᠢᠰᠢ ᠶᠤᠮ᠃ ᠳᠠᠶᠢᠨ ᠤ ᠳᠠᠷᠠᠭ᠎ᠠ ᠪᠤᠯᠤᠭᠰᠠᠨ ᠪᠤᠳᠠᠲᠤ ᠶᠠᠪᠣᠳᠠᠯ ᠨᠢ ᠪᠦᠷ ᠠᠮᠢᠳᠤ ᠭᠡᠷᠡᠴᠢ ᠪᠤᠯᠵᠤ ᠪᠠᠶᠢᠨ᠎ᠠ᠃ ᠵᠦᠩ ᠬᠠᠩ ᠶᠦᠸᠧ ᠶᠢᠨ ᠬᠠᠨ ᠣᠯᠤᠰ ᠤᠨ ᠡᠯᠴᠢ ᠳᠤ᠄  ︽ᠬᠠᠨ  ᠣᠯᠤᠰ ᠠᠴᠠ ᠾᠦᠩᠨᠤ ᠳᠤ ᠬᠦᠷᠭᠡᠬᠦ ᠪᠦᠰ ᠪᠠ ᠪᠤᠳᠠᠰ  ᠤᠨ ᠲᠤᠭ᠎ᠠ ᠨᠢ ᠭᠦᠢᠴᠢᠳ᠂ ᠴᠢᠨᠠᠷ   ᠨᠢ ᠰᠠᠶᠢᠨ ᠪᠠᠶᠢᠬᠤ ᠬᠡᠷᠡᠭᠲᠠᠢ︾ ᠭᠡᠵᠤ ᠱᠠᠭᠠᠷᠳᠠᠭᠰᠠᠨ ᠨᠢ ᠡᠭᠦᠨ ᠢ ᠳᠠᠪᠬᠤᠷ ᠪᠠᠲᠤᠯᠠᠵᠤ ᠪᠠᠶᠢᠭ᠎ᠠ ᠶᠤᠮ᠃ ᠯᠢᠣ ᠪᠠᠩ ᠮᠦᠳᠦ᠋ ᠴᠠᠨ ᠢᠣᠢ ᠳᠤ ᠦᠪᠡᠷ ᠤᠨ ᠬᠡᠣᠬᠡᠨ ᠢᠶᠠᠨ ᠦᠭᠭᠦᠶ᠎ᠡ ᠭᠡᠰᠡᠨ ᠳᠤ ᠯᠢᠣᠢ ᠲᠠᠶᠢᠭᠡᠣ ᠣᠭᠢᠯᠠᠵᠤ ᠠᠭᠠᠰᠢᠯᠠᠭᠠᠳ ᠦᠭᠭᠦᠭᠰᠡᠨ ᠦᠭᠡᠢ᠂ ᠠᠷᠭ᠎ᠠ ᠦᠭᠡᠢ ᠳᠡᠭᠡᠨ ᠣᠷᠳᠤᠨ ᠤ ᠦᠩᠭᠡ ᠵᠢᠰᠦᠯᠢᠭ ᠰᠢᠪᠡᠭᠴᠢᠨ ᠢ ᠭᠦᠩᠵᠤ ᠭᠡᠵᠤ ᠬᠠᠭᠤᠷᠮᠠᠭᠯᠠᠨ ᠬᠦᠷᠭᠡᠭᠰᠡᠨ ᠶᠠᠪᠣᠳᠠᠯ ᠨᠢ ᠴᠠᠨ ᠢᠣᠢ ᠶᠢᠨ ᠬᠠᠲᠤᠨ ᠳᠤ ᠬᠡᠯᠡᠭᠰᠡᠨ ᠵᠦᠢᠯ ᠤᠨ ᠦᠨᠡᠨ ᠭᠡᠳᠡᠭ ᠲᠤ ᠪᠠᠭ᠋ᠠᠨ ᠰᠡᠵᠢᠭ ᠲᠦᠷᠦᠭᠦᠯᠵᠤ  ᠪᠠᠶᠢᠨ᠎ᠠ᠃          ᠬᠠᠨ ᠣᠯᠤᠰ ᠤᠨ ᠵᠢᠶᠠ ᠶᠢ ᠭᠡᠳᠡᠭ ᠬᠦᠮᠦᠨ᠂ ᠾᠦᠩᠨᠤ ᠶᠢ ᠨᠣᠮᠤᠬᠠᠳᠬᠠᠬᠤ ᠳᠤ ᠡᠷᠭᠡᠪᠰᠢ ᠲᠠᠪᠣᠨ ᠵᠦᠢᠯ ᠤᠨ ᠡᠳ᠋ᠯᠡᠪᠦᠷᠢ ᠶᠢ ᠬᠡᠷᠡᠭᠯᠡᠨ᠂ ᠲᠡᠳᠡᠨ ᠤ ᠨᠢᠳᠤ ᠬᠡᠯᠡ ᠴᠢᠬᠢ ᠬᠡᠪᠡᠯᠢ ᠰᠡᠳᠬᠢᠯ ᠢ ᠨᠢ ᠪᠠᠶᠠᠰᠬᠠᠬᠤ ᠬᠡᠷᠡᠭᠲᠠᠢ ᠭᠡᠪᠡ᠃ ᠡᠨᠡ ᠲᠠᠪᠣᠨ ᠵᠦᠢᠯ ᠤᠨ ᠡᠳ᠋ᠯᠡᠪᠦᠷᠢ ᠪᠠᠨ ︽ᠲᠠᠪᠣᠨ ᠦᠭᠶᠦᠭᠡ︾ ᠭᠡᠵᠤ ᠨᠡᠷᠡᠯᠡᠪᠡ᠃ ᠡᠭᠦᠨ ᠢ ᠳᠤᠪᠴᠢᠯᠠᠵᠤ ᠬᠡᠯᠡᠪᠡᠯ᠄ 1᠂ ᠭᠤᠶᠤᠮᠰᠤᠭ ᠬᠤᠪᠴᠠᠰᠤ ᠪᠠ ᠰᠠᠶᠢᠨ ᠬᠦᠯᠦᠭ ᠢᠶᠠᠷ ᠨᠢᠳᠤ ᠶᠢ ᠨᠢ ᠪᠠᠶᠠᠰᠬᠠᠬᠤ᠂ 2᠂ ᠰᠠᠶᠢᠬᠠᠨ ᠦᠨᠦᠷᠲᠦ ᠠᠮᠲᠠᠲᠠᠢ ᠢᠳᠡᠭᠡᠨ ᠢᠶᠠᠷ ᠬᠡᠯᠡ ᠶᠢ ᠨᠢ ᠪᠠᠶᠠᠰᠬᠠᠬᠤ᠂ 3᠂ ᠬᠦᠭ ᠳᠠᠭᠤᠨ ᠡᠮᠡᠰ ᠦᠬᠢᠳ  ᠢᠶᠠᠷ ᠴᠢᠬᠢ ᠶᠢ ᠨᠢ ᠪᠠᠶᠠᠰᠬᠠᠬᠤ᠂ 4᠂ ᠦᠷᠭᠦᠭᠡ ᠬᠦᠮᠦᠷᠭᠡ ᠪᠤᠭᠤᠯ ᠰᠢᠪᠡᠭᠴᠢᠨ ᠢᠶᠠᠷ ᠬᠡᠪᠡᠯᠢ ᠶᠢ ᠨᠢ ᠪᠠᠶᠠᠰᠬᠠᠬᠤ᠂ 5᠂ ᠳᠠᠭᠠᠷ᠎ᠠ ᠢᠷᠡᠭᠰᠡᠳ ᠲᠤ ᠬᠤᠷᠢᠮ ᠨᠠᠶᠢᠷ ᠨᠠᠭᠠᠳᠤᠮ ᠭᠠᠷᠭᠠᠨ᠂ ᠬᠠᠭᠠᠨ ᠬᠦᠮᠦᠨ ᠪᠡᠷ᠎ᠡ ᠪᠠᠷ ᠢᠶᠠᠨ ᠵᠤᠴᠢᠯᠠᠨ ᠳᠠᠶᠢᠯᠠᠵᠤ ᠰᠡᠳᠬᠢᠯ ᠨᠢ ᠨᠢ ᠪᠠᠶᠠᠰᠬᠠᠬᠤ ᠵᠡᠷᠭᠡ ᠪᠤᠯᠤᠨ᠎ᠠ ᠭᠡᠪᠡ᠃          ᠡᠳᠡᠭᠡᠷ ᠨᠢ ᠪᠦᠷ ᠬᠤᠵᠢᠮ ᠤᠨ ᠬᠦᠮᠦᠰ ᠤᠨ ᠬᠢᠭᠰᠡᠨ ︽ᠳ᠋ᠦᠩᠨᠡᠯᠲᠡ︾ ᠪᠤᠯᠬᠤ ᠪᠤᠯᠪᠠᠴᠤ ᠲᠤᠬᠠᠢ  ᠶᠢᠨ ᠦᠶ᠎ᠡ ᠶᠢᠨ ᠪᠡᠯᠡᠭ ᠳᠠᠲᠠᠪᠣᠷᠢ ᠦᠭᠴᠤ ᠪᠠᠶᠢᠭᠰᠠᠨ  ᠪᠠᠶᠢᠳᠠᠯ ᠢ ᠲᠤᠰᠬᠠᠭᠰᠠᠨ ᠶᠤᠮ᠃ ᠬᠡᠷᠪᠡ ᠬᠠᠨ ᠣᠯᠤᠰ ᠢ ᠲᠡᠭᠡᠵᠤ ᠳᠡᠶᠢᠯᠦᠭᠰᠡᠨ ᠦᠭᠡᠢ ᠪᠤᠯ ᠴᠢᠩᠬᠢᠵᠤ ᠵᠦᠭᠡᠷ  ᠦᠭᠴᠢᠬᠡᠨ᠎ᠡ ᠤᠤ︖           ᠡᠨᠡ ᠳᠠᠶᠢᠨ ᠤ ᠲᠤᠬᠠᠢ ᠦᠨᠡᠯᠡᠪᠡᠯ᠄ ᠡᠨᠡ ᠳᠠᠶᠢᠨ ᠨᠢ ᠳᠠᠶᠢᠨ ᠤ ᠠᠷᠭ᠎ᠠ ᠶᠢᠨ ᠲᠠᠯ᠎ᠠ ᠳᠤ ᠰᠠᠶᠢᠬᠠᠨ ᠳᠡᠶᠢᠯᠦᠭᠰᠡᠨ ᠨᠢᠭᠡ ᠣᠳᠠᠭᠠᠨ ᠤ ᠳᠠᠶᠢᠨ ᠪᠤᠯᠬᠤ ᠪᠤᠯᠪᠠᠴᠤ ᠣᠯᠤᠰ ᠲᠦᠷᠤ ᠶᠢᠨ ᠠᠷᠭ᠎ᠠ ᠬᠡᠮᠵᠢᠶᠡᠨ ᠤ ᠲᠠᠯ᠎ᠠ ᠳᠤ ᠬᠢᠲᠠᠳ ᠲᠤ ᠳᠡᠶᠢᠯᠦᠭᠳᠡᠴᠢᠬᠡᠵᠠᠢ᠃ ᠣᠶᠢᠷ᠎ᠠ ᠶᠢ ᠬᠠᠷᠠᠭᠠᠳ ᠬᠤᠯᠠ ᠶᠢ ᠪᠤᠳᠤᠭᠰᠠᠨ ᠦᠭᠡᠢ᠂ ᠨᠢᠳᠤᠨ ᠡᠮᠦᠨᠡᠬᠢ ᠠᠰᠢᠭ ᠢ ᠬᠠᠷᠠᠭᠠᠳ ᠬᠤᠯᠠ ᠶᠢᠨ ᠠᠰᠢᠭ ᠢᠶᠠᠨ ᠠᠯᠳᠠᠴᠢᠬᠠᠵᠠᠢ᠃ ᠶᠠᠭᠠᠬᠢᠭᠠᠳ  ᠢᠩᠬᠢᠵᠤ ᠬᠡᠯᠡᠬᠦ ᠪᠤᠢ᠂ ᠭᠡᠪᠡᠯ ᠯᠢᠣ ᠪᠠᠩ ᠢ ᠳᠡᠶᠢᠯᠦᠭᠡᠳ ᠾᠦᠩᠨᠤ ᠠᠴᠠ ᠰᠦᠷᠳᠡᠬᠦ ᠪᠤᠯᠭᠠᠵᠤ᠂ ᠪᠡᠯᠡᠭ ᠲᠠᠯ᠎ᠠ᠂ ᠦᠩᠭᠡᠲᠤ ᠪᠦᠰᠡᠭᠦᠢ ᠣᠯᠵᠤ᠂ ᠬᠠᠭᠠᠰ ᠵᠠᠭᠤᠨ ᠤ ᠡᠩᠬᠡ ᠨᠠᠶᠢᠷᠠᠮᠳᠠᠯ ᠢ ᠰᠤᠯᠢᠵᠤ ᠣᠯᠤᠭᠰᠠᠨ ᠪᠤᠯᠪᠠᠴᠤ ᠬᠠᠨ ᠣᠯᠤᠰ ᠲᠤ ᠣᠯᠤᠰ ᠢᠶᠠᠨ ᠨᠢᠭᠡᠳᠬᠡᠵᠤ᠂ ᠬᠦᠴᠦᠨ ᠢᠶᠠᠨ ᠪᠤᠵᠠᠭᠠᠶᠢᠷᠠᠭᠤᠯᠬᠤ ᠵᠠᠢ ᠶᠢ ᠦᠭᠴᠤ ᠣᠯᠤᠰ ᠨᠢ ᠬᠦᠴᠦᠷᠭᠡᠭᠵᠢᠭᠰᠡᠨ ᠤ ᠰᠡᠭᠦᠯᠡᠷ ᠬᠠᠨ ᠡᠣ ᠶᠢᠨ ᠦᠶ᠎ᠡ ᠶᠢᠨ ᠳᠦᠴᠢᠨ ᠵᠢᠯ ᠤᠨ ᠳᠠᠶᠢᠨ ᠢ ᠬᠢᠵᠤ ᠬᠦᠨᠳᠤ ᠬᠤᠬᠢᠷᠠᠯ ᠣᠯᠬᠤ ᠶᠢᠨ ᠢᠶᠠᠨ ᠬᠤᠣᠷ ᠤᠨ ᠦᠨᠳᠦᠰᠦ ᠶᠢ ᠲᠠᠯᠪᠢᠭᠰᠠᠨ ᠪᠠᠶᠢᠨ᠎ᠠ᠃ ᠵᠠᠷᠢᠮ ᠲᠡᠣᠬᠡᠴᠢᠳ ᠠᠴᠠ ᠡᠭᠦᠨ ᠢ ᠮᠦᠳᠦ᠋ ᠴᠠᠨ ᠢᠣᠢ ᠶᠢᠨ ᠮᠠᠷᠭᠡᠨ ᠣᠬᠠᠭᠠᠨᠲᠠᠢ ᠶᠢ ᠢᠯᠡᠷᠡᠭᠦᠯᠦᠭᠰᠡᠨ ᠭᠡᠳᠡᠭ᠃ ᠰᠢᠯᠲᠠᠭᠠᠨ ᠨᠢ ᠯᠢᠣ ᠪᠠᠩ ᠢ  ᠠᠯᠠᠬᠤ ᠪᠤᠶᠤ ᠪᠠᠷᠢᠪᠠᠯ ᠬᠤᠶᠠᠷ ᠣᠯᠤᠰ ᠦᠰ ᠪᠤᠯᠵᠤ ᠳᠠᠶᠢᠳᠤᠨ᠎ᠠ ᠭᠡᠨ᠎ᠡ᠃ ᠡᠨᠡ ᠪᠤᠯ ᠣᠷᠤ ᠦᠭᠡᠢ ᠦᠭᠡ ᠶᠤᠮ᠃ ᠯᠢᠣ ᠪᠠᠩ ᠢ ᠠᠯᠠᠪᠠᠯ ᠬᠠᠨ ᠣᠯᠤᠰ  ᠲᠤ ᠰᠠᠮᠠᠭᠤᠷᠠᠯ ᠭᠠᠷᠴᠤ ᠬᠤᠭᠤᠷᠤᠨᠳᠤ ᠪᠠᠨ ᠳᠠᠶᠢᠨ ᠬᠢᠪᠡᠯ ᠾᠦᠩᠨᠤ ᠳᠤ ᠨᠡᠩ ᠠᠰᠢᠭᠲᠠᠢ ᠪᠢᠰᠢ ᠤᠤ︖ ᠵᠠᠳᠠᠷᠠᠬᠤ ᠦᠭᠡᠢ ᠪᠠᠷ ᠪᠤᠳᠤᠬᠤ ᠳᠤ ᠬᠠᠨ ᠣᠯᠤᠰ ᠠᠶᠤᠭᠠᠳ ᠠᠯᠢ ᠬᠠᠭᠠᠨ ᠨᠢ ᠴᠦ ᠴᠡᠷᠢᠭ ᠭᠠᠷᠭᠠᠵᠤ ᠳᠠᠶᠢᠳᠤᠬᠤ ᠦᠭᠡᠢ ᠶᠤᠮ᠃ ᠨᠢᠭᠡ  ᠪᠠᠭᠠᠬᠠᠨ ᠡᠳ᠋ ᠠᠰᠢᠭ᠂ ᠰᠠᠶᠢᠬᠠᠨ ᠦᠬᠢᠳ ᠢ ᠳᠠᠶᠢᠨ ᠬᠢᠪᠡᠴᠤ ᠪᠤᠯᠢᠶᠠᠭᠠᠳ ᠣᠯᠴᠢᠬᠠᠬᠤ ᠪᠢᠰᠢ ᠤᠤ︖ ᠮᠦᠳᠦ᠋ ᠴᠠᠨ ᠢᠣᠢ ᠣᠯᠤᠰ ᠲᠦᠷᠦᠴᠢᠨ ᠪᠤᠯᠤᠭᠰᠠᠨ ᠤ ᠬᠤᠪᠢ ᠳᠤ ᠡᠨᠡ ᠠᠯᠳᠠᠭ᠎ᠠ ᠪᠠᠨ ᠬᠤᠵᠢᠮ  ᠨᠢ ᠮᠡᠳᠡᠵᠤ ᠣᠯᠤᠭᠰᠠᠨ ᠪᠠᠶᠢᠵᠤ ᠮᠡᠳᠡᠨ᠎ᠡ᠃ ᠯᠢᠣ ᠪᠠᠩ ᠦᠬᠦᠵᠤ ᠯᠢᠣᠢ ᠲᠠᠶᠢᠭᠡᠣ ᠡᠷᠬᠡ ᠮᠡᠳᠡᠭᠰᠡᠨ ᠤ ᠳᠠᠷᠠᠭ᠎ᠠ ᠳᠤᠷᠤᠮᠵᠢᠯᠠᠬᠤ ᠵᠠᠬᠢᠲᠠᠯ ᠪᠢᠴᠢᠵᠤ ᠳᠠᠶᠢᠳᠤᠬᠤ ᠭᠡᠰᠡᠨ ᠨᠢ ᠨᠢᠭᠡ ᠪᠠᠷᠢᠮᠲᠠ ᠪᠠᠶᠢᠵᠤ ᠪᠤᠯᠤᠨ᠎ᠠ᠃            ᠯᠢᠣ ᠪᠠᠩ ᠦᠬᠦᠵᠤ᠂ ᠯᠢᠣᠢ ᠲᠠᠶᠢᠬᠡᠣ ᠲᠦᠷᠦ ᠶᠢᠨ ᠡᠷᠬᠡ ᠪᠠᠷᠢᠭᠠᠳ᠂ ᠭᠠᠪᠢᠶᠠᠲᠤ ᠰᠠᠶᠢᠳ ᠪᠠ ᠯᠢᠣ ᠪᠠᠩ ᠤᠨ ᠢᠨᠠᠭ ᠬᠠᠳᠤᠳ ᠢ ᠬᠤᠣᠷᠯᠠᠵᠤ᠂  ᠲᠤᠷ᠎ᠠ ᠪᠠᠷ ᠢᠶᠠᠨ ᠳᠤᠩᠬᠤᠯᠵᠠᠵᠤ  ᠂ ᠰᠠᠨᠠᠭ᠎ᠠ ᠪᠠᠷ ᠢᠶᠠᠨ ᠰᠠᠪᠠᠯᠠᠵᠤ ᠪᠠᠶᠢᠭᠰᠠᠨ ᠴᠠᠭ ᠲᠤ ᠠᠷᠤ ᠭᠠᠵᠠᠷ ᠤᠨ ᠮᠦᠳᠦ᠋ ᠴᠠᠨ ᠢᠣᠢ ᠠᠴᠠ ᠨᠢᠭᠡᠨ ᠠᠶᠤᠩᠭᠠᠷᠢᠲᠤ ᠵᠠᠬᠢᠲᠠᠯ ᠬᠦᠷᠴᠤ ᠢᠷᠡᠪᠡᠢ᠃ ᠲᠡᠷᠡ ᠵᠠᠬᠢᠲᠠᠯ ᠳᠤ ᠪᠢᠴᠢᠭᠰᠡᠨ ᠨᠢ᠄         ︽ᠬᠡᠭᠡᠷ᠎ᠡ ᠲᠠᠯ᠎ᠠ ᠭᠠᠵᠠᠷ᠂ ᠲᠠᠪᠣᠨ ᠬᠤᠰᠢᠭᠤᠲᠤ ᠮᠠᠯ ᠤᠨ ᠪᠡᠯᠴᠢᠭᠡᠷ ᠨᠣᠲᠤᠭ ᠲᠤ ᠣᠨᠠᠭᠰᠠᠨ ᠨᠣᠲᠤᠭ᠂  ᠣᠭᠢᠶᠠᠭᠰᠠᠨ ᠣᠰᠤ ᠲᠠᠢ ᠦᠲᠡᠯᠦᠭᠰᠡᠨ ᠮᠡᠭᠦᠰ ᠡᠵᠡᠨ ᠮᠢᠨᠤ ᠪᠡᠶ᠎ᠡ᠂ ᠳᠤᠮᠳᠠᠳᠤ ᠣᠯᠤᠰ ᠢ ᠦᠵᠡᠰᠦᠭᠡᠢ ᠭᠡᠵᠤ ᠡᠭᠦᠨ ᠤ ᠣᠷᠢᠳ ᠬᠡᠳᠦᠨ ᠣᠳᠠᠭ᠎ᠠ ᠲᠦᠮᠡᠨ ᠭᠠᠵᠠᠷ ᠤᠨ ᠴᠠᠭᠠᠨ ᠬᠡᠷᠡᠮ ᠤᠨ ᠳᠤᠲᠤᠭᠠᠳᠤ ᠳᠤ ᠮᠤᠷᠢᠲᠠᠨ ᠴᠡᠷᠢᠭ  ᠢᠶᠠᠨ ᠳᠠᠭᠠᠭᠤᠯᠤᠨ ᠶᠠᠪᠣᠭᠰᠠᠨ ᠪᠢᠯᠡ᠃         ᠣᠳᠤ ᠡᠷᠬᠢᠨ ᠬᠤᠸᠠᠩ ᠲᠠᠶᠢᠬᠡᠣ ᠭᠠᠭᠴᠠᠭᠠᠷ ᠪᠡᠯᠪᠡᠰᠦᠷᠡᠵᠤ᠂ ᠲᠦᠷᠦ ᠶᠢᠨ ᠬᠠᠰ ᠲᠠᠮᠠᠭ᠎ᠠ ᠪᠠᠷᠢᠪᠠᠴᠤ᠂ ᠳᠡᠷᠭᠡᠲᠡ ᠪᠠᠨ ᠦᠨᠳᠦᠷ ᠴᠡᠭᠡᠵᠢ᠂ ᠦᠷᠭᠡᠨ ᠮᠦᠷᠦᠨ ᠳᠤ ᠳᠦᠰᠢᠬᠦ ᠰᠠᠶᠢᠨ ᠨᠦᠬᠦᠷ ᠦᠭᠡᠢ ᠪᠤᠯᠵᠠᠢ᠃ ᠮᠢᠨᠤ ᠪᠡᠶ᠎ᠡ ᠨᠠᠰᠤ ᠠᠬᠢᠵᠤ᠂ ᠳᠡᠷᠭᠡᠲᠡ ᠪᠠᠨ ᠬᠠᠯᠠᠭᠤᠨ ᠰᠡᠳᠬᠢᠯ ᠲᠠᠢ᠂ ᠪᠦᠯᠢᠶᠡᠨ ᠪᠡᠶᠡᠲᠤ ᠰᠡᠴᠡᠨ ᠰᠡᠷᠭᠦᠯᠡᠩ ᠬᠠᠨᠢ ᠳᠦᠰᠢᠬᠦ ᠰᠠᠨᠠᠭ᠎ᠠ ᠪᠤᠢ ᠲᠣᠯᠠ᠂ ᠦᠪᠡᠷ ᠤᠨ ᠪᠠᠶᠢᠳᠠᠯ᠂ ᠬᠤᠸᠠᠩᠬᠡᠣ ᠶᠢᠨ ᠭᠠᠭᠴᠠᠭᠠᠷ ᠪᠤᠯᠤᠭᠰᠠᠨ ᠡᠨᠡ ᠪᠠᠶᠢᠳᠠᠯ ᠢ ᠡᠷᠭᠢᠴᠡᠭᠦᠯᠦᠨ ᠪᠤᠳᠤᠭᠠᠳ᠂ ᠪᠡᠶ᠎ᠡ ᠰᠡᠳᠬᠢᠯ ᠬᠠᠮᠳᠤᠳᠬᠠᠪᠠᠯ᠂ ᠬᠡᠨ ᠬᠡᠨ ᠳᠡᠭᠡᠨ ᠠᠶᠠᠲᠠᠢ ᠰᠠᠶᠢᠬᠠᠨ ᠪᠤᠯᠬᠤ ᠪᠤᠯᠪᠠ ᠤᠤ ᠭᠡᠵᠤ ᠰᠡᠳᠬᠢᠯ ᠢᠶᠠᠨ ᠢᠯᠡᠷᠬᠡᠶᠢᠯᠡᠨ᠂ ᠶᠤᠰᠤᠨ ᠤ ᠶᠠᠭᠤᠮ᠎ᠠ ᠬᠦᠷᠭᠡᠭᠦᠯᠵᠤ᠂ ᠡᠯᠴᠢ ᠵᠠᠷᠤᠨ᠂ ᠡᠨᠡ ᠬᠡᠳᠦᠨ ᠮᠦᠷ ᠤᠨ ᠵᠠᠬᠢᠶ᠎ᠠ ᠪᠢᠴᠢᠭ ᠬᠤᠧᠠᠩ ᠲᠠᠶᠢᠬᠡᠣ ᠶᠢᠨ ᠰᠢᠷ᠎ᠠ ᠯᠤᠣ ᠶᠢᠨ ᠰᠢᠷᠡᠭᠡᠨ ᠤ ᠡᠮᠦᠨ᠎ᠡ ᠳᠡᠪᠰᠢᠭᠦᠯᠦᠨ᠂ ᠡᠩᠬᠡ ᠣᠷᠤᠭ ᠪᠠᠷᠢᠯᠳᠤᠬᠤ ᠶᠢᠨ ᠡᠭᠦᠳᠡᠨ ᠠᠴᠠ ᠡᠶ᠎ᠡ ᠲᠠᠢ ᠬᠠᠷᠢᠭᠤ ᠱᠠᠩᠨᠠᠬᠤ ᠪᠤᠯᠪᠠ ᠤᠤ︖ ᠬᠡᠮᠡᠨ ᠡᠳᠦᠷ ᠬᠤᠨᠤᠭ ᠲᠤᠭᠠᠯᠠᠨ ᠬᠦᠯᠢᠶᠡᠨ ᠰᠠᠭᠤᠮᠤᠢ᠃ ᠡᠭᠦᠨ ᠤ ᠲᠣᠯᠠ᠂ ᠬᠤᠸᠠᠩᠬᠡᠣ ᠶᠢᠨ ᠲᠦᠮᠡᠨ ᠠᠮᠤᠭᠤᠯᠠᠩ ᠢ ᠬᠦᠰᠡᠨ ᠶᠡᠭᠡ ᠦᠷᠭᠦᠭᠡᠨ᠎ᠡ ᠪᠦᠬᠦᠢ ᠳᠤᠷ ᠪᠢᠴᠢᠪᠠᠢ  ︾ ᠬᠡᠮᠡᠴᠦᠬᠦᠢ᠃         ᠯᠢᠣᠢ ᠲᠠᠶᠢᠬᠡᠣ ᠶᠡᠬᠡᠲᠡ ᠬᠢᠯᠢᠩᠨᠡᠵᠤ ᠣᠯᠠᠨ ᠵᠠᠩᠵᠤᠨ ᠢ ᠴᠤᠭᠯᠠᠭᠤᠯᠤᠨ ᠵᠦᠪᠳᠡᠬᠦᠢ ᠳᠤᠷ ᠳᠡᠭᠡᠳᠤ ᠵᠠᠩᠵᠤᠨ ᠹᠠᠨ ᠺᠣᠸᠠᠢ ( ᠯᠢᠣᠢ ᠲᠠᠶᠢᠬᠡᠣ ᠶᠢᠨ ᠬᠦᠷᠭᠡᠨ ᠳᠡᠭᠦᠦ ) ᠦᠭᠦᠯᠡᠷᠤᠨ᠄ ︽ᠳᠦᠰᠢᠮᠡᠯ ᠪᠢ ᠠᠷᠪᠠᠨ ᠲᠦᠮᠡᠨ ᠴᠡᠷᠢᠭ ᠠᠪᠴᠤ ᠠᠷᠤ ᠾᠦᠩᠨᠤ ᠣᠯᠤᠰ ᠢ ᠬᠦᠨᠳᠡᠯᠡᠨ ᠭᠤᠯᠳᠤ ᠦᠭᠡᠢ ᠱᠦᠭᠦᠷᠳᠡᠰᠦᠭᠡᠢ︾ ᠬᠡᠮᠡᠭᠰᠡᠨ ᠳᠤ ᠂ ᠣᠯᠠᠨ ᠵᠠᠩᠵᠤᠨ ᠴᠦᠮ ᠯᠢᠣᠢ ᠾᠧᠦ ᠶᠢᠨ ᠴᠢᠷᠠᠢ ᠶᠢ ᠬᠠᠷᠠᠬᠤ ᠲᠣᠯᠠ ᠪᠦᠭᠦᠳᠡᠭᠡᠷ ︽ᠵᠦᠢ ᠪᠤᠯᠠᠢ  ︾ ᠬᠡᠮᠡᠪᠡ᠃ ᠵᠢᠢ ᠪᠦ᠋ ᠦᠭᠦᠯᠡᠷᠤᠨ᠄ ︽ᠹᠠᠨ ᠺᠣᠸᠠᠢ ᠶᠢᠨ ᠲᠡᠷᠢᠭᠦᠨ ᠢ ᠴᠠᠪᠴᠢᠪᠠᠰᠤ ᠵᠤᠬᠢᠮᠤᠢ᠃ ᠣᠷᠢᠳᠠ ᠡᠳᠦᠷ ᠭᠤᠣᠽᠣ ᠬᠠᠭᠠᠨ ᠦᠪᠡᠷ ᠤᠨ ᠪᠡᠶ᠎ᠡ ᠪᠠᠷ ᠳᠦᠴᠢᠭᠡᠳ ᠢᠯᠡᠭᠦᠦ ᠲᠦᠮᠡᠨ ᠴᠡᠷᠢᠭ ᠠᠪᠴᠤ ᠮᠤᠷᠳᠠᠭᠠᠳ ᠫᠢᠩ ᠴᠧᠩ ᠬᠤᠲᠠᠨ  ᠳᠤ ᠬᠠᠭᠠᠭᠳᠠᠭᠰᠠᠨ ᠪᠦᠯᠦᠭᠡ᠃ ᠡᠳᠦᠭᠡ ᠹᠠᠨ ᠺᠣᠸᠠᠢ ᠶᠠᠭᠠᠬᠢᠨ ᠠᠷᠪᠠᠭ᠋ᠠᠨ ᠲᠦᠮᠡᠨ ᠴᠡᠷᠢᠭ ᠢᠶᠠᠷ ᠾᠦᠩᠨᠤ ᠣᠯᠤᠰ  ᠢ ᠬᠦᠨᠳᠡᠯᠡᠨ ᠭᠤᠯᠳᠤ ᠦᠭᠡᠢ ᠱᠦᠭᠦᠷᠳᠡᠵᠤ ᠴᠢᠳᠠᠮᠤᠢ᠃ ᠡᠨᠡ ᠬᠡᠮᠡᠭᠴᠢ ᠲᠠᠶᠢᠬᠡᠣ ᠶᠢ ᠣᠯᠠᠨ ᠤ ᠨᠢᠭᠤᠷ ᠳᠡᠭᠡᠷ᠎ᠡ ᠬᠠᠭᠤᠷᠠᠬᠤ ᠠᠨᠤ ᠪᠤᠯᠠᠢ᠃ ᠲᠡᠷᠡ ᠴᠦ ᠪᠠᠶᠢᠲᠤᠭᠠᠢ ᠴᠢᠨ ᠣᠯᠤᠰ ᠴᠡᠷᠢᠭ  ᠪᠠᠶᠢᠭᠤᠯᠤᠨ ᠬᠤ᠋ ᠠᠶᠢᠮᠠᠭ ᠢ ᠳᠠᠶᠢᠯᠠᠭᠰᠠᠨ ᠤ ᠬᠠᠷᠠᠭ᠎ᠠ ᠪᠠᠷ ᠴᠧᠨ ᠱᠧᠩ ᠵᠡᠷᠭᠡᠡ ᠶᠢᠨ ᠠᠷᠠᠳ ᠰᠠᠮᠠᠭᠤᠨ ᠳᠡᠭᠳᠡᠭᠡᠭᠰᠡᠨ ᠨᠢ ᠪᠤᠯᠠᠢ᠃ ᠲᠡᠷᠡ ᠰᠠᠮᠠᠭᠤᠨ ᠤ ᠬᠤᠣᠷ ᠢ ᠡᠳᠦᠭᠡ ᠪᠤᠯᠲᠠᠯ᠎ᠠ ᠠᠷᠢᠯᠭᠠᠵᠤ ᠴᠢᠳᠠᠭᠠᠳᠤᠢ ᠪᠠᠶᠢᠲᠠᠯ᠎ᠠ ᠹᠠᠨ ᠺᠣᠸᠠᠢ ᠣᠯᠠᠨ ᠤ ᠡᠮᠦᠨ᠎ᠡ ᠬᠤᠳᠠᠯ ᠬᠡᠯᠡᠵᠤ ᠣᠯᠤᠰ ᠲᠦᠷᠦ ᠶᠢ ᠣᠩᠬᠤᠯᠢᠭᠠᠰᠤᠭᠠᠢ ᠬᠡᠮᠡᠮᠤᠢ︾ ᠬᠡᠮᠡᠭᠰᠡᠨ ᠳᠤ ᠬᠤᠷᠠᠭᠰᠠᠨ ᠣᠯᠠᠨ ᠳᠦᠰᠢᠮᠡᠳ ᠴᠦᠮ ᠰᠦᠰᠦ ᠬᠡᠮᠬᠡᠷᠡᠲᠡᠯ᠎ᠡ ᠠᠶᠤᠪᠠ᠃ ᠯᠢᠣᠢ ᠲᠠᠶᠢᠬᠡᠣ ᠴᠤᠣ ᠬᠤᠷᠠᠯ ᠢ ᠲᠠᠭᠠᠭᠠᠵᠤ ᠾᠦᠩᠨᠤ ᠣᠯᠤᠰ ᠢ ᠳᠠᠶᠢᠯᠠᠬᠤ ᠣᠴᠢᠷ ᠢ ᠳᠠᠬᠢᠨ ᠬᠡᠯᠡᠯᠴᠡᠭᠦᠯᠦᠭᠰᠡᠨ ᠦᠭᠡᠢ᠃ ᠬᠠᠷᠢᠭᠤ ᠵᠠᠬᠢᠲᠠᠯ ᠪᠢᠴᠢᠵᠤ ᠢᠯᠡᠭᠡᠭᠰᠡᠨ ᠨᠢ᠄        ︽ᠲᠡᠭᠷᠢ ᠭᠠᠵᠠᠷ ᠵᠠᠶᠠᠭᠠᠨ ᠲᠦᠷᠦᠭᠦᠯᠦᠭᠰᠡᠨ᠂ ᠨᠠᠷᠠᠨ ᠡᠴᠢᠭᠡ ᠲᠤ᠂ ᠰᠠᠷᠠᠨ ᠡᠬᠡ ᠲᠤ ᠶᠡᠭᠡ ᠾᠦᠨ ᠣᠯᠤᠰ ᠤᠨ ᠡᠵᠡᠨ ᠤ ᠲᠦᠮᠡᠨ ᠠᠮᠤᠭᠤᠯᠠᠩ ᠢ ᠡᠷᠢᠮᠤᠢ᠃ ᠴᠠᠨ ᠢᠣᠢ᠂ ᠦᠲᠡᠯᠦᠭᠰᠡᠨ ᠣᠯᠳᠤᠢ ᠨᠡᠶᠢᠰᠯᠡᠯᠲᠤ ᠶᠢ ᠮᠠᠷᠲᠠᠯ ᠦᠭᠡᠢ᠂ ᠨᠠᠶᠢᠷᠠᠲᠠᠢ ᠰᠠᠶᠢᠬᠠᠨ ᠵᠠᠬᠢᠶ᠎ᠠ ᠱᠠᠩᠨᠠᠭᠰᠠᠨ ᠳᠤ ᠳᠡᠰᠭᠡᠯ ᠦᠭᠡᠢ ᠪᠠᠶᠠᠷᠯᠠᠪᠠᠢ᠃ ᠴᠠᠨ ᠢᠣᠢ ᠶᠢᠨ ᠳᠡᠭᠡᠳᠦ ᠵᠡᠬᠢᠲᠡᠯ ᠤᠨ ᠦᠭᠡ ᠮᠠᠰᠢ ᠭᠦᠨ ᠪᠦᠭᠡᠳ ᠰᠦᠷᠲᠠᠢ ᠲᠣᠯᠠ᠂ ᠦᠲᠡᠯᠵᠤ ᠳᠤᠷᠤᠶᠢᠲᠠᠭᠰᠠᠨ ᠮᠤᠯᠬᠢ ᠨᠡᠶᠢᠰᠯᠡᠯᠲᠤ ᠠᠶᠤᠨ ᠡᠮᠢᠶᠡᠵᠤ᠂ ᠪᠡᠶ᠎ᠡ ᠶᠢ ᠬᠢᠨᠡᠨ ᠪᠤᠳᠤᠵᠤ᠂ ᠨᠡᠰᠤ ᠪᠠᠨ ᠲᠤᠭᠠᠯᠠᠨ ᠪᠤᠳᠤᠪᠠᠰᠤ᠂ ᠦᠲᠡᠯᠵᠤ ᠬᠦᠭᠰᠢᠷᠡᠭᠰᠡᠨ ᠪᠡᠶ᠎ᠡ ᠳᠤᠷᠤᠢ ᠪᠤᠯᠵᠤ᠂ ᠬᠦᠴᠤ ᠲᠠᠮᠢᠷ ᠪᠠᠭᠤᠷᠠᠭᠠᠳ᠂ ᠦᠰᠦ ᠭᠤᠣᠵᠢᠨ ᠰᠢᠳᠤ ᠣᠨᠠᠵᠤ᠂ ᠬᠦᠯ ᠮᠠᠭᠤᠲᠠᠭᠠᠳ ᠶᠠᠪᠣᠬᠤᠢ ᠳᠤᠷ ᠠᠯᠴᠠᠭᠠᠨᠠᠬᠤ ᠪᠤᠯᠵᠤ᠂ ᠪᠠᠶᠢᠳᠠᠯ ᠦᠨᠡᠬᠡᠷ ᠬᠦᠭᠦᠷᠭᠦᠶᠢᠯᠡᠯᠲᠡᠢ ᠶᠠᠳᠠᠭᠤ ᠪᠠᠭᠤᠷᠠᠢ ᠪᠤᠯᠵᠤᠬᠤᠢ᠃          ᠴᠠᠨ ᠢᠣᠢ᠂ ᠡᠶᠢᠮᠤ ᠣᠨᠠᠯᠠᠭᠤᠲᠠ ᠳᠠᠭᠠᠨ ᠬᠦᠷᠦᠭᠰᠡᠨ ᠬᠦᠷᠦᠭᠰᠡᠨ ᠬᠦᠭᠰᠢᠨ ᠢ ᠰᠦᠷᠡᠬᠡᠢ ᠭᠡᠵᠤ ᠮᠠᠰᠢᠲᠠ ᠠᠳᠡᠭᠦᠷᠡᠭᠰᠡᠨ ᠢᠨᠤ᠂ ᠡᠴᠦᠰ ᠲᠡᠭᠡᠨ ᠡᠷᠬᠢᠮ ᠪᠡᠶ᠎ᠡ ᠪᠠᠨ ᠭᠤᠲᠤᠭᠠᠬᠤ ᠪᠤᠯᠤᠨ᠎ᠠ᠃ ᠦᠲᠡᠯᠦᠭᠰᠡᠨ ᠪᠤᠯᠬᠢ ᠪᠠᠭᠤᠷᠠᠢ ᠨᠡᠶᠢᠰᠯᠡᠯᠲᠤ᠂ ᠶᠡᠷᠤ ᠡᠷᠬᠢᠮ ᠴᠠᠨ ᠢᠣᠢ ᠶᠢᠨ ᠡᠮᠦᠨ᠎ᠡ ᠣᠰᠤᠯᠳᠠᠨ ᠪᠤᠷᠤᠭᠤᠳᠠᠭᠰᠠᠨ ᠵᠦᠢᠯ ᠦᠭᠡᠢ ᠲᠣᠯᠠ᠂ ᠴᠠᠨ ᠢᠣᠢ ᠶᠢᠨ ᠵᠠᠬᠢᠳᠠᠯ ᠳᠤ ᠬᠦᠰᠡᠨ ᠢᠯᠡᠷᠬᠡᠶᠢᠯᠡᠭᠰᠡᠨ ᠰᠠᠨᠠᠭ᠎ᠠ ᠶᠢ ᠭᠦᠢᠴᠡᠳᠬᠡᠨ ᠦᠯᠦ ᠴᠢᠳᠠᠬᠤ ᠪᠠᠭᠤᠷᠠᠢ ᠪᠠᠨ ᠢᠯᠡᠳᠬᠡᠵᠤ᠂ ᠬᠦᠯᠢᠴᠡᠨ ᠠᠭᠤᠴᠢᠯᠠᠬᠤ ᠶᠢ ᠲᠦᠮᠡᠨᠲᠡ ᠦᠴᠢᠨ᠎ᠡ᠃          ᠡᠨᠡ ᠣᠴᠢᠷ ᠢᠶᠠᠨ ᠢᠯᠡᠳᠬᠡᠨ ᠲᠤᠭᠠᠴᠢᠵᠤ᠂ ᠴᠠᠨ ᠢᠣᠢ ᠲᠠᠨ᠎ᠠ ᠬᠠᠭᠠᠨ ᠬᠦᠮᠦᠨ ᠤ ᠣᠨᠣᠬᠤ ᠶᠤᠰᠤᠯᠠᠯ ᠤᠨ ᠬᠤᠶᠠᠷ ᠰᠡᠣᠬᠡ ᠲᠡᠷᠭᠡ᠂ ᠲᠡᠭᠦᠨ ᠢᠶᠠᠨ ᠬᠦᠯᠯᠡᠬᠦ ᠰᠤᠷᠭᠠᠭᠤᠯᠢᠯ ᠲᠠᠢ ᠰᠠᠶᠢᠨ ᠮᠤᠷᠢ ᠬᠤᠶᠠᠷ ᠳᠦᠷᠪᠡ  ᠶᠢ ᠡᠷᠭᠦᠨ ᠳᠡᠪᠰᠢᠭᠦᠯᠵᠤ᠂ ᠡᠭᠦᠨ ᠤ ᠲᠣᠯᠠ ᠠᠮᠤᠷ ᠢ ᠡᠷᠢᠨ ᠶᠤᠰᠤᠯᠠᠯ᠎ᠠ︾ ᠭᠡᠵᠤ ᠬᠦᠨᠳᠤ ᠪᠡᠯᠡᠭ᠂ ᠰᠠᠶᠢᠬᠠᠨ ᠦᠭᠡ ᠲᠠᠢ ᠵᠠᠬᠢᠲᠠᠯ ᠪᠢᠴᠢᠨ ᠢᠯᠡᠭᠡᠵᠤ᠂ ᠳᠠᠶᠢᠨ ᠠᠴᠠ ᠪᠤᠯᠲᠠᠷᠠᠨ ᠵᠠᠶᠢᠯᠠᠵᠠᠢ᠃                ᠪᠠᠢ ᠳ᠋ᠧᠩ ᠱᠠᠨ ᠠᠭᠤᠯᠠᠨ ᠤ ᠳᠠᠶᠢᠨ ᠳᠤ  ᠮᠢᠨᠤ ᠪᠠᠰᠠ ᠨᠢᠭᠡ ᠰᠡᠵᠢᠭᠯᠡᠵᠤ ᠪᠠᠶᠢᠭ᠎ᠠ ᠵᠦᠢᠯ ᠭᠡᠪᠡᠯ ᠾᠦᠩᠨᠤ ᠶᠢᠨ ᠳᠦᠴᠢᠨ ᠲᠦᠮᠡᠨ ᠴᠡᠷᠢᠭ ᠭᠡᠰᠡᠨ ᠦᠭᠡ ᠪᠤᠯᠤᠨ᠎ᠠ᠃ ᠲᠤᠬᠠᠢ ᠶᠢᠨ ᠦᠶ᠎ᠡ ᠶᠢᠨ ᠾᠦᠩᠨᠤ ᠶᠢᠨ ᠬᠦᠮᠦᠨ ᠠᠮᠠ ᠨᠢ ᠵᠠᠭᠤᠨ ᠲᠦᠮᠡ ᠠᠴᠠ ᠳᠡᠮᠡᠢ ᠳᠠᠪᠠᠭ᠋ᠤ ᠦᠭᠡᠢ᠂ ᠳᠦᠴᠢᠨ ᠲᠦᠮᠡᠨ ᠴᠡᠷᠢᠭ ᠢ ᠳᠠᠶᠢᠴᠢᠯᠠᠬᠤ ᠭᠡᠳᠡᠭ ᠨᠢ ᠰᠡᠵᠢᠭᠯᠡᠭᠦᠰᠢᠲᠠᠢ ᠠᠰᠠᠭᠤᠳᠠᠯ᠃ ᠶᠠᠭ ᠶᠡᠷᠦᠳᠡ ᠶᠢᠨ ᠴᠡᠷᠢᠭ ᠠᠷᠠᠳ ᠤᠨ ᠬᠠᠷᠢᠴᠠᠯ ᠢᠶᠠᠷ ᠪᠤᠳᠤᠪᠠᠴᠤ ᠳᠦᠷᠪᠡᠨ ᠲᠦᠮᠡᠨ ᠴᠡᠷᠢᠭ ᠠᠴᠠ ᠳᠡᠮᠡᠢ ᠳᠠᠪᠠᠭ᠋ᠤ ᠶᠤᠰᠤ ᠦᠭᠡᠢ ᠰᠢᠭ᠃ ᠠᠷᠤ ᠭᠠᠵᠠᠷ ᠤᠨ ᠨᠡᠭᠦᠳᠡᠯᠴᠢᠳ ᠤᠨ ᠴᠡᠷᠢᠭ ᠬᠡᠷᠡᠭᠯᠡᠬᠦ ᠶᠤᠰᠤ ᠪᠠᠷ ᠲᠦᠮᠡᠨ ᠴᠡᠷᠢᠭ ᠢ ᠠᠷᠪᠠᠨ ᠲᠦᠮᠡ ᠭᠡᠵᠤ ᠠᠯᠳᠠᠷᠰᠢᠭᠤᠯᠵᠤ᠂ ᠬᠡᠣᠭᠡᠳ ᠪᠦᠰᠡᠭᠦᠶᠢᠴᠤᠳ ᠲᠤ ᠴᠡᠷᠢᠭ ᠤᠨ ᠬᠤᠪᠴᠠᠰᠤ ᠡᠮᠦᠰᠬᠡᠵᠤ᠂ ᠬᠦᠲᠦᠯᠦᠭᠡ ᠮᠤᠷᠢᠨ ᠳᠠᠭᠠᠨ ᠡᠪᠡᠰᠦᠨ ᠮᠠᠨᠣᠬᠠᠢ ᠪᠤᠰᠬᠠᠭᠠᠳ ᠳᠠᠶᠢᠰᠤᠨ ᠢᠶᠠᠨ ᠲᠦᠭᠡᠷᠢᠭᠳᠡᠭᠦᠯᠬᠦ ᠨᠢ ᠶᠡᠷᠦᠳᠡ ᠶᠢᠨ ᠶᠠᠪᠣᠳᠠᠯ᠃ ᠦᠭᠡᠷ᠎ᠡ ᠶᠢ ᠪᠦᠦ ᠬᠡᠯᠡᠶ᠎ᠡ᠂ ᠴᠢᠩᠭᠢᠰ ᠬᠠᠭᠠᠨ ᠪᠠᠷᠭᠤᠨᠰᠢ ᠳᠠᠶᠢᠯᠠᠵᠤ᠂ ᠴᠡᠷᠢᠭ ᠲᠤ ᠪᠠᠨ ᠪᠦᠬᠦ ᠠᠷᠠᠳ ᠤᠨ ᠲᠠᠯᠠᠨ ᠨᠠᠰᠤᠨ ᠠᠴᠠ ᠳᠤᠭᠤᠰᠢ᠂ ᠲᠤᠯᠤᠭᠠᠨ ᠨᠠᠰᠤᠨ ᠠᠴᠠ ᠳᠡᠭᠡᠭᠰᠢ  ᠪᠦᠬᠦ ᠡᠷᠡᠴᠤᠳ ᠢ ᠳᠠᠶᠢᠴᠢᠯᠠᠭᠰᠠᠨ ᠪᠤᠯᠪᠠᠴᠤ ᠪᠦᠬᠦ ᠴᠡᠷᠢᠭ ᠤᠨ ᠲᠤᠭ᠎ᠠ ᠬᠤᠷᠢᠨ ᠲᠦᠮᠡ ᠠᠴᠠ ᠳᠠᠪᠠᠭᠰᠠᠨ ᠦᠭᠡᠢ᠂ ᠠᠯᠳᠠᠷᠰᠢᠭᠤᠯᠤᠭᠰᠠᠨ ᠲᠤᠭ᠎ᠠ ᠶᠢ ᠵᠠᠭᠤᠨ ᠲᠦᠮᠡ ᠭᠡᠪᠡ᠃ ᠳᠠᠭᠠᠯᠳᠤᠵᠤ ᠣᠷᠤᠭᠰᠠᠨ ᠳᠠᠭᠠᠭᠰᠠᠨ ᠠᠶᠢᠮᠠᠭ ᠣᠯᠤᠰ ᠪᠠᠶᠢᠭᠰᠠᠨ ᠴᠦ ᠣᠭ ᠴᠡᠷᠢᠭ ᠠᠴᠠ ᠳᠠᠪᠠᠳᠠᠭ ᠦᠭᠡᠢ ᠪᠠᠶᠢᠭᠰᠠᠨ ᠪᠢᠯᠡ᠃ ᠭᠡᠪᠡᠴᠤ ᠢᠯᠠᠭᠰᠠᠨ ᠠᠯᠠᠭᠰᠠᠨ ᠴᠡᠷᠢᠭ ᠨᠢ ᠳᠠᠶᠢᠰᠤᠨ ᠴᠡᠷᠢᠭ ᠠᠴᠠ ᠪᠠᠨ ᠠᠷᠪᠠ ᠬᠤᠷᠢᠨ ᠳᠠᠬᠢᠨ ᠪᠠᠶᠢᠨ᠎ᠠ᠃ ᠨᠡᠭᠦᠳᠡᠯᠴᠢᠨ ᠠᠶᠢᠮᠠᠭ ᠠᠴᠠ ᠬᠢᠲᠠᠳ ᠣᠷᠤᠨ ᠤ ᠴᠡᠷᠢᠭ ᠲᠠᠢ ᠪᠠᠶᠢᠯᠳᠤᠬᠤ ᠳᠤ ᠪᠠᠷᠤᠭ ᠵᠠᠭᠤᠨ  ᠤ ᠵᠠᠭᠤ ᠪᠠᠷ ᠴᠦᠭᠡᠨ ᠢᠶᠠᠷ ᠣᠯᠠᠨ ᠢ ᠢᠯᠠᠵᠤ ᠪᠠᠶᠢᠭᠰᠠᠨ ᠶᠤᠮ᠃ ᠡᠭᠦᠨ ᠳᠤ ᠲᠤᠳᠤᠷᠬᠠᠶᠢᠯᠠᠭᠤᠰᠢᠲᠠᠢ ᠶᠠᠪᠣᠳᠠᠯ ᠭᠡᠪᠡᠯ᠂ ᠴᠢᠩᠭᠢᠰ ᠬᠠᠭᠠᠨ ᠴᠡᠷᠢᠭᠯᠡᠵᠤ ᠠᠯᠠᠵᠤ ᠬᠢᠲᠤᠭᠰᠠᠨ ᠴᠡᠷᠢᠭ ᠠᠷᠠᠳ ᠤᠨ ᠲᠤᠭ᠎ᠠ ᠬᠡᠳᠦᠨ ᠮᠢᠩᠭᠠᠨ ᠲᠦᠮᠡ  ᠢ ᠳᠠᠪᠠᠯ᠎ᠠ ᠭᠡᠵᠤ ᠨᠢᠭᠡ ᠪᠦᠯᠦᠭ ᠲᠡᠣᠬᠡᠴᠢᠳ ᠠᠮᠠ ᠮᠡᠳᠡᠨ ᠴᠠᠯᠴᠢᠵᠤ ᠪᠠᠶᠢᠨ᠎ᠠ᠃ ᠡᠨᠡ ᠪᠤᠯ ᠮᠣᠩᠭᠤᠯ ᠴᠡᠷᠢᠭ ᠤᠨ ᠰᠦᠷᠳᠡᠭᠦᠯᠬᠦ ᠠᠷᠭᠠᠨ ᠠᠴᠠ ᠣᠳᠤ ᠪᠤᠯᠲᠠᠯ᠎ᠠ ᠮᠤᠯᠲᠤᠷᠠᠵᠤ ᠳᠡᠶᠢᠯᠦᠭᠡᠳᠦᠢ ᠭᠡᠰᠡᠨ ᠢ ᠭᠡᠷᠡᠴᠢᠯᠡᠵᠤ ᠪᠠᠶᠢᠭ᠎ᠠ ᠪᠢᠰᠢᠣ︖   ᠲᠤᠬᠠᠢ ᠶᠢᠨ ᠦᠶ᠎ᠡ ᠳᠤ ᠪᠦᠬᠦ ᠳᠡᠯᠡᠭᠡᠢ ᠶᠢᠨ ᠭᠦᠮᠦᠨ ᠠᠮᠠ ᠪᠠᠰᠠ ᠳ᠋ᠦᠩᠰᠢᠭᠤᠷ ᠬᠦᠷᠦᠭᠡ ᠦᠭᠡᠢ᠂ ᠨᠡᠩ ᠴᠦ ᠬᠢᠲᠡᠳ ᠣᠷᠤᠨ ᠲᠠᠢ ᠬᠠᠯᠳᠠᠭ᠎ᠠ ᠦᠭᠡᠢ ᠪᠠᠶᠢᠭᠠᠳ ᠶᠠᠭᠠᠬᠢᠨ ᠲᠡᠳᠦᠢ ᠲᠤᠭ᠎ᠠ ᠬᠦᠷᠦᠨ᠎ᠡ ᠪᠤᠢ︖ ᠮᠣᠩᠭᠤᠯ ᠨᠢ ᠦᠪᠡᠷ᠎ᠡ ᠪᠤᠰᠤᠳ ᠢ ᠪᠦᠬᠦᠨ ᠢ ᠠᠯᠠᠭᠠᠳ ᠳᠠᠬᠢᠨ ᠦᠪᠡᠷ ᠢ ᠪᠠᠨ ᠴᠦ ᠪᠦᠬᠦᠨ ᠢ ᠠᠯᠠᠭᠠᠳ ᠴᠦ ᠲᠡᠷᠡ ᠬᠡᠮᠵᠢᠶ᠎ᠡ  ᠶᠢ ᠳᠦᠭᠦᠷᠭᠡᠵᠤ ᠳᠡᠶᠢᠯᠬᠦ ᠦᠭᠡᠢ ᠨᠢ ᠡ᠃ ᠨᠢᠭᠡ ᠴᠡᠷᠢᠭ ᠢᠳᠡᠵᠤ ᠣᠣᠭᠤᠬᠤ ᠦᠭᠡᠢ ᠪᠠᠷ ᠡᠳᠦᠷᠵᠢᠨ ︽ᠠᠵᠢᠯᠯᠠᠭᠠᠳ︾ ᠪᠠᠶᠢᠪᠠ ᠭᠡᠵᠢ ᠤᠤ︖ ᠨᠠᠨᠵᠢᠩ ᠤᠨ ᠬᠢᠲᠤᠯᠭ᠎ᠠ ᠶᠢᠨ ᠦᠶ᠎ᠡ ᠳᠤ ᠶᠠᠫᠣᠨ ᠴᠡᠷᠢᠭ   ᠤᠨ ᠬᠤᠶᠠᠷ ︽ᠡᠷᠮᠡᠬᠡᠢ ᠪᠠᠭᠠᠲᠤᠷ︾ ᠰᠡᠯᠡᠮ᠎ᠡ ᠪᠠᠷ ᠬᠦᠮᠦᠨ ᠴᠠᠪᠴᠢᠨ ᠠᠯᠠᠵᠤ ᠣᠷᠤᠯᠳᠤᠭᠠᠳ ᠨᠢᠭᠡ ᠡᠳᠦᠷ ᠲᠤ ᠰᠠᠶ᠋ᠢ ᠵᠠᠭᠤ ᠬᠡᠳᠦᠨ ᠬᠦᠮᠦᠨ ᠢ ᠴᠠᠪᠴᠢᠭᠰᠠᠨ ᠭᠡᠳᠡᠭ᠃ ᠨᠠᠢᠮᠠᠠ ᠵᠠᠭᠤᠨ ᠵᠢᠯ ᠤᠨ ᠡᠮᠦᠨ᠎ᠡ ᠡᠭᠦᠨ ᠠᠴᠠ ᠳᠠᠪᠠᠮ᠎ᠠ ︽ᠰᠢᠨ᠎ᠡ ᠮᠡᠷᠭᠡᠵᠢᠯ︾ ᠭᠠᠷᠤᠭᠰᠠᠨ ᠭᠡᠵᠢ ᠤᠤ︖  ︽ᠭᠠᠳᠠᠭᠠᠳᠤ ᠭᠠᠷᠠᠭ ᠤᠨ ᠬᠦᠮᠦᠨ ᠵᠢᠭᠠᠭᠰᠠᠨ︾ ᠭᠡᠭᠴᠢ ᠴᠤᠬᠤᠮ ᠡᠨᠡ ᠪᠠᠶᠢᠬᠤ ᠳ᠋ᠠ᠃          ᠠᠷᠤ ᠭᠠᠵᠠᠷ ᠤᠨ ᠨᠡᠭᠦᠳᠡᠯᠴᠢᠳ ᠠᠴᠠ ᠴᠡᠷᠢᠭᠯᠡᠬᠦ ᠳᠠᠶᠢᠳᠤᠬᠤ ᠳᠠᠭᠠᠨ ᠠᠭᠤᠯᠠᠨ ᠤ ᠪᠡᠷᠬᠡ ᠪᠠᠷᠲᠠᠭ᠎ᠠ᠂ ᠭᠠᠵᠠᠷ ᠤᠨ ᠪᠠᠶᠢᠴᠠ ᠪᠠᠨ ᠠᠯᠠᠭᠠᠨ ᠵᠢᠷᠤᠭᠠᠰᠤ ᠰᠢᠭ ᠮᠡᠳᠡᠳᠡᠭ ᠳᠠᠪᠠᠭᠤᠯᠢᠭ ᠢᠶᠠᠨ ᠠᠰᠢᠭᠯᠠᠨ ᠳᠠᠶᠢᠰᠤᠨ ᠢᠶᠠᠨ ᠲᠦᠭᠡᠷᠢᠭᠳᠡᠭᠦᠯᠵᠤ᠂ ᠦᠪᠡᠷ ᠢ ᠪᠠᠨ ᠠᠰᠢᠭᠲᠠᠢ ᠪᠠᠶᠢᠳᠠᠯ ᠳᠤ ᠣᠷᠤᠭᠤᠯᠵᠤ ᠪᠠᠶᠢᠭᠠᠳ ᠳᠠᠷᠠᠭᠠᠪᠠᠷ ᠨᠢ ᠰᠦᠨᠦᠭᠡᠯᠲᠡ ᠬᠢᠳᠡᠭ᠃ ᠶᠡᠷᠦᠳᠡᠭᠡᠨ ᠠᠰ ᠲᠤᠯᠵᠤ ᠬᠦᠮᠦᠨ ᠢᠶᠠᠨ ᠦᠷᠡᠭᠳᠡᠭᠦᠯᠵᠤ ᠦᠪᠡᠷ ᠢ ᠪᠠᠨ ᠠᠰᠢᠭ ᠦᠭᠡᠢ ᠪᠡᠶᠢᠳᠠᠯ ᠳᠤ ᠣᠷᠤᠬᠤ ᠠᠴᠠ ᠴᠢᠳᠠᠬᠤ ᠶᠢᠨ ᠬᠢᠷᠢ ᠪᠠᠷ ᠵᠠᠶᠢᠯᠠᠰᠬᠢᠳᠠᠭ᠃ ᠡᠪᠣᠯ ᠤᠨ ᠭᠦᠢᠲᠡᠨ ᠢ ᠠᠰᠢᠭᠯᠠᠬᠤ᠂ ᠣᠰᠤ ᠪᠤᠯᠠᠭ  ᠢᠶᠠᠨ ᠨᠢᠭᠤᠨ ᠳᠠᠷᠤᠬᠤ᠂ ᠬᠦᠳᠡᠯᠭᠡᠨᠲᠦ ᠳᠠᠶᠢᠨ ᠬᠢᠬᠦ ᠵᠡᠷᠭᠡ ᠶᠢ ᠶᠡᠷᠦᠳᠡ ᠶᠢᠨ ᠠᠪᠳᠠᠭ ᠠᠷᠭ᠎ᠠ ᠪᠤᠯᠤᠨ᠎ᠠ᠃ ᠬᠠᠨ ᠡᠣ ᠳ᠋ᠢ ᠠᠴᠠ ᠶᠡᠭᠡ ᠴᠡᠷᠢᠭ ᠠᠪᠴᠤ ᠾᠦᠩᠨᠤ ᠢ ᠳᠠᠶᠢᠯᠠᠭᠠᠳ ᠨᠢᠭᠡ ᠬᠦᠮᠦᠨ ᠲᠠᠢ ᠬᠠᠷᠭᠤᠭᠰᠠᠨ ᠦᠭᠡᠢ ᠬᠤᠭᠤᠰᠤᠨ ᠬᠠᠷᠢᠵᠤ ᠢᠷᠡᠭᠡᠳ ᠠᠷᠭ᠎ᠠ ᠪᠠᠷᠠᠭᠳᠠᠨ ᠡᠯᠴᠢ ᠶᠠᠪᠣᠭᠤᠯᠵᠤ᠄ ︽ᠪᠠᠶᠢᠯᠳᠤᠪᠠᠯ ᠨᠠᠰᠢ ᠪᠠᠨ᠂ ᠦᠭᠡᠶᠢᠪᠡᠯ ᠪᠠᠭᠤᠵᠤ ᠦᠭ︾ ᠭᠡᠵᠤ ᠬᠡᠯᠡᠭᠦᠯᠵᠤ ᠪᠠᠶᠢᠭᠰᠠᠨ ᠨᠢ ᠠᠷᠭ᠎ᠠ ᠪᠠᠨ ᠪᠠᠷᠠᠭᠰᠠᠨ ᠠᠷᠭ᠎ᠠ ᠪᠤᠯᠬᠤ ᠶᠤᠮ᠃ ᠮᠢᠩ ᠴᠧᠩᠽᠣ ᠬᠠᠭᠠᠨ ᠵᠦ ᠳ᠋ᠢ ᠪᠠᠰᠠ ᠲᠠᠪᠢᠨ ᠲᠦᠮᠡᠨ ᠴᠡᠷᠢᠭ ᠳᠠᠶᠢᠴᠢᠯᠠᠵᠤ ᠠᠷᠤ ᠭᠤᠪᠢ ᠪᠠᠷ ᠮᠣᠩᠭᠤᠯ ᠢ ᠳᠠᠶᠢᠯᠠᠭᠠᠳ ᠨᠢᠭᠡ ᠴᠡᠷᠢᠭ ᠲᠠᠢ ᠣᠯᠵᠤ ᠬᠠᠷᠭᠤᠭᠰᠠᠨ ᠦᠭᠡᠢ᠂ ᠵᠡᠮᠳᠡᠭ ᠳᠤᠷᠤᠢ ᠵᠠᠭᠤ ᠭᠠᠷᠤᠢ ᠬᠦᠮᠦᠨ ᠢ ᠣᠯᠵᠠᠯᠠᠭᠠᠳ᠂ ᠵᠤᠨ ᠤ ᠬᠠᠯᠠᠭᠤᠨ ᠳᠤ ᠣᠰᠤ ᠣᠯᠳᠠᠬᠤ ᠦᠭᠡᠢ ᠭᠠᠴᠢᠭᠳᠠᠵᠤ᠂ ᠠᠭᠤᠷᠯᠠᠵᠤ ᠪᠠᠴᠢᠮᠳᠠᠬᠤ ᠳᠠᠪᠬᠤᠷᠯᠠᠵᠤ ᠬᠠᠶᠢᠯᠠᠰᠤᠨ ᠲᠠᠯ᠎ᠠ ᠭᠡᠰᠡᠨ ᠭᠠᠵᠠᠷ ᠬᠦᠷᠦᠭᠡᠳ ᠡᠪᠡᠳᠴᠢᠯᠡᠵᠤ ᠦᠬᠦᠵᠠᠢ᠃           ᠾᠦᠩᠨᠤ ᠶᠢᠨ ᠪᠠᠰᠠ ᠨᠢᠭᠡ ᠲᠠᠶᠢᠨ ᠤ ᠠᠷᠭ᠎ᠠ ᠨᠢ ᠲᠤᠬᠠᠢ ᠶᠢᠨ ᠦᠶ᠎ᠡ ᠳᠤ ︽ᠬᠢᠵᠢᠭ ᠤᠨ ᠳᠠᠶᠢᠨ︾ ᠬᠢᠵᠤ ᠪᠠᠶᠢᠭᠰᠠᠨ ᠶᠠᠪᠣᠳᠠᠯ ᠶᠤᠮ᠃ ᠴᠡᠷᠢᠭ ᠢᠶᠠᠨ ᠣᠬᠤᠷᠢᠭᠤᠯᠵᠤ ᠶᠠᠪᠣᠬᠤ ᠳᠠᠭᠠᠨ ᠪᠤᠯᠠᠭ ᠪᠠ ᠨᠠᠭᠤᠷ ᠲᠠᠭᠠᠨ ᠦᠬᠦᠭᠰᠡᠨ ᠮᠤᠷᠢ ᠮᠠᠯ ᠤᠨ ᠦᠬᠦᠲᠡᠯ ᠢ ᠣᠷᠬᠢᠵᠤ ᠪᠤᠵᠠᠷᠯᠠᠭᠠᠳ ᠨᠡᠬᠡᠵᠤ ᠢᠷᠡᠭᠰᠡᠨ ᠴᠡᠷᠢᠭ ᠨᠢ ᠣᠣᠭᠤᠪᠠᠯ ᠬᠢᠵᠢᠭ ᠳᠡᠯᠭᠡᠷᠡᠵᠤ ᠣᠯᠠᠨ ᠮᠢᠩᠭ᠎ᠠ ᠪᠠᠷ ᠦᠬᠦᠳᠡᠭ᠃ ᠰᠤᠮᠤᠨ ᠵᠡᠪᠡ ᠪᠠᠨ ᠨᠣᠶᠢᠲᠠᠨ ᠮᠤᠷᠢᠨ ᠤ ᠬᠤᠮᠤᠣᠯ ᠳᠤ ᠳᠦᠷᠦᠵᠦ  ᠪᠠᠶᠢᠭᠠᠳ ᠬᠠᠷᠪᠣᠬᠤ ᠳᠤ ᠣᠨᠣᠭᠳᠠᠭᠰᠠᠨ ᠬᠦᠮᠦᠨ ᠤ ᠰᠢᠷᠬ᠎ᠠ ᠨᠢ ᠡᠳᠡᠭᠡᠳᠡᠭ ᠦᠭᠡᠢ᠂ ᠢᠯᠵᠢᠷᠠᠵᠤ ᠢᠳᠡᠭᠡᠯᠡᠭᠡᠳ ᠳᠠᠷᠴᠢᠯᠠᠵᠤ ᠦᠬᠦᠳᠡᠭ᠃ ᠲᠡᠭᠡᠬᠦ ᠪᠠᠷ ᠢᠶᠠᠨ ᠬᠠᠨ ᠣᠯᠤᠰ ᠲᠤ ᠾᠦᠩᠨᠤ ᠣᠯᠤᠰ ᠪᠦᠭᠡ ᠢᠲᠤᠭᠠᠨ ᠢᠶᠠᠷ ᠢᠶᠠᠨ ᠲᠠᠷᠨᠢᠳᠠᠭᠤᠯᠵᠤ ᠬᠠᠷᠢᠶᠠᠯ ᠬᠢᠯᠭᠡᠭᠡᠳ ᠮᠠᠨ ᠤ ᠴᠡᠷᠢᠭ ᠢ ᠣᠯᠠᠨ ᠠᠯᠠᠯ᠎ᠠ ᠭᠡᠰᠡᠨ ᠶᠠᠷᠢᠶ᠎ᠠ ᠶᠠᠪᠣᠭᠳᠠᠵᠤ᠂ ᠬᠠᠨ ᠡᠣ ᠳ᠋ᠢ ᠪᠠᠰᠠ ᠦᠲᠡᠯᠬᠦ ᠨᠠᠰᠤᠨ ᠳᠠᠭᠠᠨ ᠪᠦᠭᠡ ᠢᠲᠤᠭᠠᠨ ᠢ ᠰᠢᠲᠤᠵᠤ ︽ᠪᠦᠭᠡ ᠢᠲᠤᠭᠠᠨ ᠤ ᠬᠡᠷᠡᠭ︾ ᠭᠠᠷᠴᠤ ᠲᠠᠶᠢᠽᠢ  ᠪᠠᠨ ᠠᠯᠠᠭᠰᠠᠨ ᠶᠠᠪᠣᠳᠠᠯ ᠭᠠᠷᠤᠭᠰᠠᠨ ᠪᠠᠶᠢᠳᠠᠭ ᠨᠢ ᠡᠭᠦᠨ ᠲᠠᠢ ᠬᠤᠯᠪᠣᠭ᠎ᠠ ᠲᠠᠢ  ᠃ ᠡᠳᠡᠭᠡᠷ ᠠᠷᠭ᠎ᠠ ᠨᠢ ᠮᠣᠩᠭᠤᠯ  ᠤᠨ ᠪᠠᠷᠭᠤᠨᠰᠢ ᠳᠠᠶᠢᠯᠠᠬᠤ ᠦᠶ᠎ᠡ ᠳᠤ ᠪᠠᠰᠠ ᠬᠡᠷᠡᠭᠯᠡᠵᠤ ᠪᠠᠲᠤ ᠠᠴᠠ ᠡᠾ‌‍ᠦᠷᠦᠫ ᠶᠢ ᠳᠠᠶᠢᠯᠠᠬᠤ ᠳᠠᠭᠠᠨ ᠬᠢᠵᠢᠭ ᠣᠯᠵᠤ ᠦᠬᠦᠭᠰᠡᠨ ᠬᠦᠮᠦᠨ ᠤ ᠬᠡᠭᠦᠷ ᠢ ᠴᠢᠳᠦᠷ ᠣᠨᠢᠰᠤ ᠪᠠᠷ ᠬᠤᠲᠠᠨ ᠳᠤ ᠰᠢᠳᠡᠨ ᠣᠷᠤᠭᠤᠯᠵᠤ ᠬᠢᠵᠢᠭ ᠲᠠᠷᠬᠠᠭᠠᠨ ᠰᠦᠷᠳᠡᠭᠦᠯᠦᠯ ᠳᠠᠷᠤᠮᠲᠠ ᠪᠤᠯᠭᠠᠵᠤ ᠪᠠᠭᠤᠯᠭᠠᠨ ᠠᠪᠴᠤ ᠪᠠᠶᠢᠭᠰᠠᠨ ᠪᠠᠶᠢᠨ᠎ᠠ᠃ ᠬᠠᠨ ᠣᠯᠤᠰ ᠤᠨ ᠾᠦᠸᠧ ᠴᠢᠣᠢ ᠪᠢᠩ ᠤᠨ ᠵᠠᠯᠠᠭᠤ ᠨᠠᠰᠤᠨ ᠳᠠᠭᠠᠨ ᠡᠪᠡᠳᠴᠢᠯᠡᠵᠤ ᠦᠬᠦᠭᠰᠡᠨ ᠨᠢ ᠴᠦ ᠡᠭᠦᠨ ᠲᠠᠢ ᠬᠤᠯᠪᠣᠭ᠎ᠠ  ᠲᠠᠢ ᠭᠡᠳᠡᠭ᠃        ᠠᠷᠤ ᠣᠯᠤᠰ ᠤᠨ ᠨᠣᠲᠤᠭ ᠳᠡᠪᠢᠰᠭᠡᠷ ᠠᠭᠤᠳᠠᠮ᠂ ᠠᠷᠤ ᠲᠠᠯ᠎ᠠ ᠶᠡᠭᠡ᠂ ᠳᠠᠶᠢᠨ ᠤ ᠹᠷᠤᠨᠲ ᠣᠷᠲᠤ ᠪᠠᠶᠢᠳᠠᠭ ᠢᠶᠠᠨ ᠠᠰᠢᠭᠯᠠᠵᠤ ᠳᠠᠶᠢᠨ ᠡᠬᠢᠯᠡᠬᠦ ᠳᠤ ᠣᠬᠤᠷᠢᠯᠲᠠ ᠬᠢᠵᠤ ᠪᠠᠶᠢᠭᠠᠳ᠂ ᠳᠠᠶᠢᠰᠤᠨ ᠡᠲᠡᠭᠡᠳ ᠤᠨ ᠨᠡᠬᠡᠮᠵᠢᠯᠡᠬᠦ ᠳᠤ ᠰᠡᠪ ᠢ ᠨᠢ ᠬᠠᠷᠠᠵᠤ ᠳᠠᠭᠠᠷᠢᠳᠠᠭ᠃ ᠬᠠᠨ ᠣᠯᠤᠰ ᠤᠨ ᠴᠡᠷᠢᠭ ᠨᠢ ᠲᠠᠷᠢᠶᠠᠯᠠᠬᠤ ᠣᠷᠴᠢᠨ ᠠᠴᠠ ᠢᠷᠡᠭᠰᠡᠨ ᠪᠤᠯᠬᠤᠷ ᠠᠮᠤ ᠪᠤᠳᠠᠭ᠎ᠠ ᠪᠠᠨ ᠲᠡᠭᠡᠭᠡᠵᠤ᠂ ᠢᠳᠡᠬᠦ ᠣᠣᠭᠤᠬᠤ ᠪᠠᠨ ᠠᠴᠢᠭᠠᠳ ᠶᠠᠪᠣᠬᠤ ᠳᠤ ᠵᠠᠮ ᠬᠤᠯᠠ ᠂ ᠶᠠᠪᠣᠬᠤ ᠨᠢ ᠣᠳᠠᠭᠠᠨ ᠪᠤᠯᠬᠤᠷ ᠬᠦᠳᠡᠯᠭᠡᠭᠡᠨᠲᠤ  ᠳᠠᠶᠢᠨ   ᠤ ᠠᠷᠭ᠎ᠠ ᠳᠤᠬᠢᠷᠠᠳᠠᠭ᠃ ᠡᠮᠦᠨ᠎ᠡ ᠠᠴᠠ ᠳᠠᠭᠠᠷᠢᠬᠤ  ᠳᠤ ᠠᠷᠤᠨᠰᠢ ᠣᠬᠤᠷᠢᠵᠤ᠂ ᠬᠤᠶᠢᠰᠢ ᠨᠡᠬᠡᠭᠡᠳ ᠢᠷᠡᠪᠡᠯ ᠡᠮᠦᠨ᠎ᠡ ᠨᠢ ᠭᠠᠷᠴᠤ ᠵᠠᠮ ᠢ ᠨᠢ ᠬᠠᠰᠢᠳᠠᠭ᠃  ᠬᠠᠨ ᠣᠯᠤᠰ ᠨᠢ ᠳᠠᠶᠢᠨ ᠬᠢᠬᠦ ᠳᠡᠭᠡᠨ ᠲᠦᠷᠦᠭᠦᠦ ᠵᠢᠯ ᠠᠴᠠ ᠨᠢ ᠪᠡᠯᠡᠳᠬᠡᠯ ᠬᠢᠵᠤ ᠠᠮᠤ ᠪᠤᠳᠠᠭ᠎ᠠ ᠨᠦᠭᠡᠴᠡᠯᠡᠨ᠂ ᠴᠡᠷᠢᠭ  ᠢᠶᠠᠨ ᠪᠦᠷᠢᠳᠬᠡᠳᠡᠭ᠃  ᠲᠠᠩᠨᠠᠨ ᠮᠡᠳᠡᠭᠰᠡᠨ ᠾᠦᠩᠨᠤ ᠶᠢᠨ ᠴᠠᠨ ᠢᠣᠢ ᠨᠢ ᠴᠡᠷᠢᠭ ᠠᠷᠠᠳ ᠢᠶᠠᠨ ᠪᠠᠶᠢᠭᠠᠯ ᠳᠠᠯᠠᠢ  ᠶᠢᠨ ᠴᠢᠨᠠᠲᠤ ᠳᠤ ᠪᠠᠶᠢᠷᠢᠯᠠᠭᠤᠯᠵᠤ ᠬᠦᠯᠢᠶᠡᠬᠦ ᠳᠤ᠂ ᠬᠠᠨ ᠣᠯᠤᠰ ᠤᠨ ᠴᠡᠷᠢᠭ ᠨᠢ ᠬᠠᠪᠣᠷ ᠤᠨ ᠲᠠᠷᠢᠶᠠᠯᠠᠭ᠎ᠠ ᠪᠠᠨ ᠪᠠᠷᠠᠭᠠᠳ ᠵᠤᠨ ᠡᠬᠢᠯᠡᠬᠦ ᠳᠤ ᠳᠠᠭᠠᠷᠢᠯᠲᠠ ᠬᠢᠳᠡᠭ᠃ ᠠᠶᠠᠨ ᠵᠠᠮ ᠬᠦᠭᠡᠭᠡᠵᠤ ᠬᠡᠳᠦᠨ ᠰᠠᠷ᠎ᠠ ᠪᠤᠯᠵᠤ ᠡᠪᠣᠯ ᠣᠶᠢᠷᠡᠲᠤᠬᠤ ᠳᠤ ᠰᠠᠶ᠋ᠢ ᠵᠤᠯᠭᠠᠵᠤ ᠪᠠᠶᠢᠯᠳᠤᠬᠤ ᠳᠤ᠂ ᠡᠮᠦᠨ᠎ᠡ ᠣᠷᠤᠨ ᠠᠴᠠ ᠢᠷᠡᠭᠰᠡᠨ ᠴᠡᠷᠢᠭ ᠨᠢ ᠠᠷᠤ ᠭᠠᠵᠠᠷ  ᠤᠨ ᠬᠦᠢᠲᠡᠨ ᠢ ᠳᠠᠭᠠᠭᠠᠬᠤ ᠦᠭᠡᠢ ᠳᠠᠭᠠᠷᠠᠵᠤ ᠪᠡᠭᠡᠷᠡᠭᠡᠳ ᠪᠠᠶᠢᠯᠳᠤᠬᠤ ᠲᠡᠩᠬᠡᠭᠡ ᠪᠠᠨ ᠠᠯᠳᠠᠳᠠᠭ᠃          ᠠᠷᠤ ᠭᠠᠵᠠᠷ ᠤᠨ ᠴᠡᠷᠢᠭ ᠲᠠᠩᠨᠠᠭᠤᠯ ᠲᠤᠷᠰᠢᠭᠤᠯ ᠲᠠᠯᠪᠢᠬᠤ᠂ ᠴᠢᠮᠡᠭᠡ ᠰᠤᠷᠠᠭ ᠠᠪᠣᠯᠴᠠᠬᠤ ᠨᠢ ᠣᠨᠴᠤᠭᠤᠢ ᠬᠦᠨᠳᠦᠳᠬᠡᠬᠦ ᠨᠢ ᠳᠠᠶᠢᠨ ᠤ ᠠᠷᠭ᠎ᠠ ᠶᠢᠨ ᠲᠠᠯ᠎ᠠ ᠳᠤ ᠬᠢᠲᠠᠳ ᠴᠡᠷᠢᠭ ᠠᠴᠠ ᠣᠨᠴᠠ ᠳᠠᠪᠠᠭᠤᠯᠢᠭ ᠲᠠᠢ ᠪᠠᠶᠢᠭᠰᠠᠨ ᠪᠠᠶᠢᠨ᠎ᠠ᠃ ᠮᠠ ᠢ ᠬᠤᠲᠠ ᠶᠢᠨ ᠪᠠᠶᠢᠯᠳᠤᠭᠠᠨ ᠳᠤ ᠾᠦᠩᠨᠤ ᠶᠢᠨ ᠴᠠᠨ ᠢᠣᠢ ᠲᠤᠷᠰᠢᠭᠤᠯ ᠤᠨ ᠠᠮᠠᠨ  ᠠᠴᠠ ᠬᠠᠨ ᠣᠯᠤᠰ ᠤᠨ ᠰᠦᠨᠦᠭᠡᠬᠦ ᠭᠡᠵᠤ ᠠᠷᠭ᠎ᠠ ᠬᠢᠭᠰᠡᠨ ᠢ ᠣᠯᠵᠤ ᠮᠡᠳᠡᠭᠡᠳ ᠳᠠᠷᠤᠶᠢᠬᠠᠨ ᠣᠬᠤᠷᠢᠵᠤ ᠶᠡᠭᠡ ᠬᠤᠬᠢᠷᠠᠯ ᠭᠠᠷᠬᠤ ᠠᠴᠠ ᠵᠠᠶᠢᠯᠠᠵᠤ ᠴᠢᠳᠠᠭᠰᠠᠨ ᠪᠠᠶᠢᠨ᠎ᠠ᠃ ᠣᠨᠴᠤᠭᠤᠢ ᠵᠠᠷᠢᠮ ᠦᠶ᠎ᠡ ᠳᠤ ᠲᠤᠷᠰᠢᠭᠤᠯ ᠢᠶᠠᠨ ᠵᠤᠷᠢᠭᠤᠲᠠ ᠪᠠᠷᠢᠭᠳᠠᠭᠤᠯᠵᠤ᠂ ᠳᠠᠶᠢᠰᠤᠨ ᠳᠠᠭᠠᠨ ᠪᠤᠷᠤᠭᠤ ᠰᠤᠷᠠᠭ ᠮᠡᠳᠡᠭᠡ ᠬᠦᠷᠭᠡᠯᠭᠡᠵᠤ ᠪᠠᠶᠢᠭᠠᠳ ᠴᠦ ᠭᠡᠰᠡᠨ ᠦᠪᠡᠷ ᠢ ᠪᠠᠨ ᠠᠰᠢᠭᠲᠠᠢ ᠪᠠᠶᠢᠷᠢᠨ ᠳᠤ ᠪᠠᠶᠢᠯᠭᠠᠵᠤ ᠴᠢᠳᠠᠳᠠᠭ ᠶᠤᠮ᠃ ᠡᠨᠡ ᠠᠷᠭ᠎ᠠ ᠨᠢ ᠵᠡᠭᠦᠨᠭᠠᠷ ᠤᠨ ᠳᠠᠶᠢᠨ ᠤ ᠦᠶ᠎ᠡ ᠳᠤ ᠴᠦ ᠭᠡᠰᠡᠨ ᠣᠯᠠᠨ ᠬᠡᠷᠡᠭᠯᠡᠭᠳᠡᠵᠤ᠂ ᠴᠢᠩ ᠣᠯᠤᠰ ᠤᠨ ᠴᠡᠷᠢᠭ ᠢ ᠲᠦᠭᠡᠷᠢᠭᠳᠡᠭᠦᠯᠵᠤ ᠢᠯᠡᠯᠲᠡ ᠣᠯᠤᠭᠤᠯᠤᠭᠰᠠᠨ ᠪᠠᠶᠢᠳᠠᠭ ᠶᠤᠮ᠃           ᠣᠷᠤᠰ ᠤᠨ ᠴᠠᠭᠠᠨ ᠬᠠᠭᠠᠨ ᠠᠴᠠ ᠣᠷᠤᠰ ᠹᠷᠠᠨᠼᠢ ᠶᠢᠨ ᠳᠠᠶᠢᠨ ᠳᠤ ᠨᠠᠫᠣᠯᠢᠶᠤᠨ ᠢ ᠢᠯᠠᠭᠰᠠᠨ ᠤ ᠳᠠᠷᠠᠭ᠎ᠠ᠂  ᠨᠠᠳᠠ ᠳᠤ ᠬᠤᠶᠠᠷ ᠢᠯᠡᠭ᠌ᠳᠠᠰᠢ ᠦᠭᠡᠢ ᠵᠠᠩᠵᠤᠨ ᠪᠠᠶᠢᠳᠠᠭ᠃ ᠡᠨᠡ ᠨᠢ ︽ᠬᠤᠶᠠᠳᠤᠭᠠᠷ ᠰᠠᠷ᠎ᠠ ᠵᠠᠩᠵᠤᠨ︾ ᠪᠠ ︽ᠭᠤᠷᠪᠠᠳᠤᠭᠠᠷ ᠰᠠᠷ᠎ᠠ ᠵᠠᠩᠵᠤᠨ︾ ᠪᠤᠯᠤᠨ᠎ᠠ ᠭᠡᠵᠤ ᠬᠡᠯᠡᠭᠰᠡᠨ ᠭᠡᠳᠡᠭ᠃ ᠡᠨᠡ ᠬᠤᠶᠠᠷ ᠵᠠᠩᠵᠤᠨ  ᠨᠢ ᠭᠧᠷᠮᠠᠨ ᠵᠦᠪᠯᠡᠯᠲᠤ ᠶᠢᠨ ᠳᠠᠶᠢᠨ ᠳᠤ ᠴᠦ ᠦᠢᠯᠡᠳᠦᠯ ᠭᠠᠷᠭᠠᠵᠤ ᠭᠧᠷᠮᠠᠨ ᠴᠡᠷᠢᠭ ᠢ ᠢᠯᠡᠬᠤ ᠳᠤ ᠰᠡᠶᠢᠳᠪᠦᠷᠢᠯᠡᠭᠴᠢ ᠦᠢᠯᠡᠳᠦᠯ ᠭᠠᠷᠭᠠᠭᠰᠠᠨ ᠪᠠᠶᠢᠳᠠᠭ ᠶᠤᠮ᠃ ᠡᠨᠡ ︽ᠬᠤᠶᠠᠷ ᠵᠠᠩᠵᠤᠨ︾ ᠨᠢ ᠬᠠᠷᠢᠨ ᠮᠣᠩᠭᠤᠯ ᠬᠦᠮᠦᠨ ᠲᠠᠢ ᠬᠡᠴᠡᠭᠦᠦ ᠨᠠᠶᠢᠷᠰᠠᠭ ᠪᠠᠶᠢᠵᠤ ᠣᠷᠤᠰ ᠢ ᠳᠡᠶᠢᠯᠬᠦ ᠳᠤ ᠬᠠᠷᠢᠨ ᠦᠢᠯᠡᠳᠦᠯ ᠭᠠᠷᠭᠠᠵᠤ ᠳᠡᠶᠢᠯᠦᠭᠰᠡᠨ ᠦᠭᠡᠢ᠂ ᠳᠡᠯᠡᠬᠡᠢ ᠳᠡᠭᠡᠷ᠎ᠡ ᠣᠷᠤᠰ ᠢ ᠳᠡᠶᠢᠯᠡᠵᠤ ᠡᠵᠡᠯᠡᠭᠰᠡᠨ ᠭᠠᠭᠴᠠᠬᠠᠨ ᠦᠨᠳᠦᠰᠦᠲᠡᠨ ᠪᠤᠯᠤᠭᠰᠠᠨ ᠪᠠᠶᠢᠨ᠎ᠠ᠃         ᠣᠮᠠᠷᠠᠲᠤ ᠶᠢᠨ ᠨᠡᠭᠦᠳᠡᠯᠴᠢᠨ ᠤ ᠣᠳᠤ ᠨᠢᠭᠡ ᠭᠠᠶᠢᠬᠠᠮᠰᠢᠭ ᠨᠢ ᠮᠤᠷᠢ ᠶᠢ ᠭᠠᠷᠰᠢᠭᠤᠯᠤᠨ ᠣᠨᠣᠵᠤ ᠴᠡᠷᠢᠭ ᠳᠠᠶᠢᠨ ᠳᠤ ᠬᠡᠷᠡᠭᠯᠡᠭᠰᠡᠨ ᠶᠠᠪᠣᠳᠠᠯ ᠶᠤᠮ᠃ ᠾᠦᠩᠨᠣᠴᠤᠳ ᠬᠠᠮᠤᠭ ᠲᠦᠷᠦᠭᠦᠨ ᠳᠤ ᠮᠤᠷᠢᠨ ᠳᠦᠷᠦᠭᠡ ᠶᠢ ᠡᠭᠦᠳᠴᠤ᠂ ᠮᠤᠷᠢᠨ ᠳᠠᠬᠠᠯᠠᠬᠤ ᠶᠢ ᠡᠭᠦᠳᠴᠠᠢ᠃ ᠬᠢᠲᠠᠳ ᠤᠨ ᠭᠠᠭ᠋ᠠᠢ ᠶᠠᠪᠠᠭᠠᠨ ᠴᠡᠷᠢᠭ ᠲᠤ ᠠᠪᠴᠤ  ᠬᠡᠯᠡᠪᠡᠯ ᠮᠤᠷᠢ ᠣᠨᠣᠭᠰᠠᠨ ᠴᠡᠷᠢᠭ ᠴᠢᠨᠢ ᠶᠤᠰᠤᠲᠠᠢ ᠲᠡᠭᠷᠢ ᠶᠢᠨ ᠴᠡᠷᠢᠭ ᠪᠤᠯᠤᠨ᠎ᠠ᠃ ᠴᠢ ᠲᠡᠳᠡᠨ ᠢ ᠣᠯᠵᠤ ᠦᠵᠡᠬᠦ ᠳᠤ ᠮᠤᠷᠢ ᠪᠠᠨ ᠳᠠᠰᠢᠭᠤᠷᠳᠠᠨ ᠬᠡᠳᠦᠨ ᠵᠠᠭᠤᠨ ᠭᠠᠵᠠᠷ ᠰᠠᠯᠤᠭᠠᠳ ᠶᠠᠪᠣᠴᠢᠬᠠᠨ᠎ᠠ᠃ ᠴᠮᠠᠶᠢᠢ ᠠᠮᠠᠷᠠᠵᠤ ᠪᠠᠶᠢᠬᠤ ᠳᠤ ᠭᠡᠨᠡᠳᠲᠠ ᠳᠤᠪᠲᠤᠯᠠᠵᠤ ᠰᠦᠨᠦᠭᠡᠴᠢᠬᠡᠨ᠎ᠡ᠃ ᠲᠤᠬᠠᠢ ᠶᠢᠨ ᠦᠶ᠎ᠡ ᠶᠢᠨ ᠬᠠᠮᠤᠭ ᠤᠨ ᠲᠡᠷᠢᠭᠦᠨ ᠤ ᠮᠡᠷᠭᠡᠵᠢᠯ ᠪᠦᠭᠡᠳ ᠣᠳᠤ ᠶᠢᠨ ᠳᠠᠶᠢᠨ ᠳᠤ ᠬᠡᠷᠡᠭᠯᠡᠵᠤ ᠪᠠᠶᠢᠭ᠎ᠠ ᠬᠠᠮᠤᠭ ᠰᠠᠶᠢᠨ ᠨᠢᠰᠭᠡᠯ ᠲᠠᠩᠺ ᠲᠠᠢ ᠵᠦᠢᠷᠯᠡᠭᠦ ᠳᠤ ᠨᠢᠭᠡᠴᠤ ᠳᠠᠪᠠᠭᠤᠯᠤᠭᠰᠠᠨ ᠶᠠᠪᠣᠳᠠᠯ ᠪᠢᠰᠢ ᠶᠤᠮ᠃ ᠬᠠᠨ ᠣᠯᠤᠰ ᠠᠴᠠ ᠰᠡᠭᠦᠯ ᠳᠤᠨᠢ ᠮᠤᠷᠢ ᠬᠡᠷᠡᠭᠯᠡᠵᠤ ᠳᠠᠶᠢᠨ ᠬᠢᠬᠦ ᠶᠢ ᠵᠤᠷᠢᠭᠰᠠᠨ ᠪᠤᠯᠪᠠᠴᠤ ᠡᠳ᠋ᠯᠡᠬᠦ ᠵᠠᠷᠤᠬᠤ ᠨᠢ ᠵᠤᠬᠢᠰ ᠦᠭᠡᠢ ᠠᠴᠠ ᠪᠤᠯᠵᠤ ᠰᠡᠭᠦᠯ ᠳᠤᠨᠢ ᠮᠤᠷᠢ ᠨᠢ ᠦᠬᠦᠵᠤ ᠬᠤᠷᠤᠭᠳᠠᠭᠠᠳ ᠶᠡᠭᠡ ᠬᠤᠬᠢᠷᠠᠯ ᠪᠤᠯᠤᠭᠰᠠᠨ ᠭᠡᠳᠡᠭ᠃           ᠲᠤᠬᠠᠢ ᠶᠢᠨ ᠦᠶ᠎ᠡ ᠳᠤ ᠪᠠᠶᠢᠭᠰᠠᠨ ᠷᠤᠮ ᠤᠨ ᠴᠡᠷᠢᠭ ᠴᠦ ᠭᠡᠰᠡᠨ ᠶᠠᠪᠠᠭᠠᠨ ᠪᠠᠶᠢᠯᠳᠤᠬᠤ ᠴᠡᠷᠢᠭ ᠪᠠᠶᠢᠵᠤ᠂ ᠰᠡᠭᠦᠯ ᠳᠤᠨᠢ ᠮᠤᠷᠢ ᠣᠨᠣᠭᠰᠠᠨ ᠴᠦ ᠲᠦᠷᠦᠭᠡ ᠬᠡᠷᠡᠭᠯᠡᠭᠰᠡᠨ ᠦᠭᠡᠢ ᠠᠴᠠ ᠪᠤᠯᠵᠤ ᠪᠠᠶᠢᠯᠳᠤᠬᠤ ᠳᠤ ᠶᠡᠭᠡ ᠭᠦᠰᠢᠭᠦᠨ ᠪᠠᠶᠢᠭᠰᠠᠨ ᠭᠡᠳᠡᠭ᠃ ᠬᠤᠵᠢᠮ ᠤᠨ ᠡᠸᠦᠷᠤᠫᠠ ᠶᠢᠨ ᠮᠤᠷᠢᠲᠤ ᠪᠠᠭᠠᠲᠤᠷᠴᠤᠳ ᠤᠨ ᠳᠦᠷᠦᠭᠡ ᠨᠢ ᠪᠦᠷ ᠾᠦᠩᠨᠤ ᠠᠴᠠ ᠰᠤᠷᠤᠯ᠎ᠠ ᠭᠡᠳᠡᠭ᠃          ᠪᠠᠢ ᠳ᠋ᠧᠩ ᠤᠨ ᠳᠠᠶᠢᠨ ᠲᠠᠢ ᠠᠳᠠᠯᠢᠳᠬᠠᠵᠤ ᠪᠤᠯᠬᠤ ᠮᠣᠩᠭᠤᠯ ᠤᠨ ᠳᠠᠶᠢᠨ ᠪᠤᠯ ᠣᠯᠠᠨ ᠤ ᠮᠡᠳᠡᠵᠤ ᠪᠠᠶᠢᠭ᠎ᠠ ︽ᠲᠦᠮᠦᠪᠣᠣ ᠶᠢᠨ ᠳᠠᠶᠢᠨ︾ ᠪᠤᠯᠤᠨ᠎ᠠ᠃          ᠣᠮᠠᠷᠠᠲᠤ ᠶᠤᠸᠠᠨ ᠤ ᠦᠶ᠎ᠡ ᠳᠤ ᠲᠤᠭᠤᠨ ᠲᠠᠶᠢᠱᠢ ᠶᠢᠨ ᠬᠦᠦ ᠡᠰᠡᠨ ᠡᠴᠢᠭᠡ ᠶᠢᠨ ᠢᠶᠠᠨ ᠲᠠᠶᠢᠱᠢ ᠴᠤᠯᠠ ᠶᠢ ᠵᠠᠯᠭᠠᠮᠵᠢᠯᠠᠭᠠᠳ᠂ ᠣᠶᠢᠷᠠᠳ ᠠᠶᠢᠮᠠᠭ ᠡᠷᠲᠡ ᠣᠷᠢᠳᠤ ᠳᠤ ᠭᠠᠷᠤᠭ᠎ᠠ ᠦᠭᠡᠢ ᠬᠦᠴᠦᠷᠬᠡᠭ ᠶᠡᠭᠡ ᠪᠤᠯᠵᠤ ᠬᠦᠭᠵᠢᠭᠡᠳ᠂ ᠦᠷᠦᠨ᠎ᠡ ᠳᠤᠷᠤᠨᠠᠲᠤ ᠠᠽᠢ ᠠᠴᠠ ᠳᠤᠷᠤᠨ᠎ᠠ ᠰᠤᠯᠤᠩᠭᠤᠰ ᠬᠦᠷᠲᠡᠯ᠎ᠡ᠂ ᠣᠮᠠᠷᠠᠲᠤ ᠰᠢᠪᠧᠷᠢᠶ᠎ᠠ  ᠠᠴᠠ ᠡᠮᠦᠨᠡᠲᠤ ᠴᠠᠭᠠᠨ ᠬᠡᠷᠡᠮ ᠬᠦᠷᠲᠡᠯᠬᠢ ᠦᠷᠭᠡᠨ ᠶᠡᠭᠡ ᠭᠠᠵᠠᠷ ᠢ ᠡᠵᠡᠯᠡᠭᠡᠳ᠂ ᠮᠢᠩ ᠤᠨ ᠲᠦᠷᠦ ᠶᠢᠨ ᠨᠣᠶᠠᠷᠬᠠᠯ ᠢ ᠰᠦᠷᠳᠡᠭᠦᠯᠬᠦ ᠳᠤ ᠬᠦᠷᠪᠡ᠃ ᠮᠢᠩ ᠣᠯᠤᠰ ᠮᠦᠨ ᠮᠣᠩᠭᠤᠯ ᠤᠨ ᠣᠯᠠᠨ ᠠᠶᠢᠮᠠᠭ ᠤᠨ ᠡᠵᠡᠳ ᠢ ᠪᠠᠶ᠎ᠠ ᠳᠡᠭᠡᠨ ᠳᠠᠲᠠᠨ ᠳᠠᠭᠠᠭᠤᠯᠬᠤ ᠪᠠᠷ ᠣᠷᠤᠯᠳᠤᠵᠤ᠂ ᠣᠳᠠᠭ᠎ᠠ ᠳᠠᠷᠠᠭᠠᠯᠠᠨ ᠴᠡᠷᠢᠭ ᠭᠠᠷᠭᠠᠵᠤ ᠱᠦᠭᠦᠷᠳᠡᠭᠰᠡᠨ ᠪᠤᠯᠪᠠᠴᠤ ᠠᠮᠵᠢᠯᠲᠠ ᠪᠠᠷ ᠠᠨᠠᠢ ᠪᠠᠶᠢᠵᠠᠢ᠃          ᠮᠢᠩ ᠣᠯᠤᠰ ᠤᠨ ᠣᠳᠠᠭ᠎ᠠ ᠳᠠᠷᠠᠭᠠᠯᠠᠨ ᠱᠦᠭᠦᠷᠳᠡᠬᠦ ᠪᠠ ᠬᠤᠭᠤᠷᠤᠨᠳᠤ ᠨᠢ ᠬᠤᠳᠬᠤᠯᠳᠤᠭᠤᠯᠬᠤ᠂ ᠠᠵᠤ ᠠᠬᠤᠢ ᠶᠢᠨ ᠲᠠᠯ᠎ᠠ ᠪᠠᠷ ᠪᠢᠲᠡᠭᠦᠮᠵᠢᠯᠡᠨ ᠬᠠᠭᠠᠬᠤ ᠠᠴᠠ ᠪᠤᠯᠵᠤ᠂ 1449  ᠣᠨ ᠤ 7 ᠰᠠᠷ᠎ᠠ ᠳᠤ ᠮᠣᠩᠭᠤᠯ  ᠠᠴᠠ ᠳᠦᠷᠪᠡᠨ ᠵᠠᠮ ᠢᠶᠠᠷ ᠮᠢᠩ ᠣᠯᠤᠰ ᠢ ᠴᠤᠬᠢᠪᠠ᠃ ᠡᠰᠡᠨ ᠲᠠᠶᠢᠰᠢ ᠶᠢᠨ ᠳᠠᠶᠢᠴᠢᠯᠠᠭᠰᠠᠨ ᠨᠢᠭᠡ ᠵᠠᠮ ᠤᠨ ᠴᠡᠷᠢᠭ ᠳ᠋ᠠᠲ᠋ᠦ᠋ᠩ ᠢ ᠳᠠᠭᠠᠷᠢᠪᠠ᠃ ᠳᠠᠶᠢᠰᠤᠩ ᠬᠠᠭᠠᠨ ᠣᠷᠢᠶᠠᠩᠬᠠᠢ ᠶᠢᠨ ᠭᠤᠷᠪᠠᠨ ᠸᠧᠢ ᠶᠢᠨ ᠶᠡᠭᠡ ᠴᠡᠷᠢᠭ ᠢ ᠳᠠᠶᠢᠴᠢᠯᠠᠵᠤ ᠯᠢᠶᠤᠣᠳᠦᠩ ᠢ ᠳᠤᠪᠲᠤᠯᠠᠪᠠ᠃ ᠠᠯᠠᠭᠲᠡᠮᠦᠷ ᠴᠢᠩᠰᠠᠩ ᠤᠨ ᠳᠠᠭᠠᠭᠤᠯᠤᠭᠰᠠᠨ ᠶᠡᠭᠡ ᠴᠡᠷᠢᠭ ᠰᠢᠣᠸᠠᠨ ᠹᠦ᠋ ᠶᠢ ᠴᠤᠬᠢᠪᠠ᠃ ᠠᠯᠴᠤ ᠶᠢᠨ ᠳᠠᠭᠠᠭᠤᠯᠤᠭᠰᠠᠨ ᠴᠡᠷᠢᠭ ᠱᠠᠨᠰᠢ ᠶᠢ ᠳᠠᠭᠠᠷᠢᠨ ᠴᠤᠬᠢᠪᠠ᠃          7 ᠰᠠᠷ᠎ᠠ ᠶᠢᠨ 11 ᠤ ᠡᠳᠦᠷ᠂ ᠡᠰᠡᠨ ᠲᠠᠶᠢᠱᠢ ᠶᠢᠨ ᠳᠠᠶᠢᠴᠢᠯᠠᠭᠰᠠᠨ ᠴᠡᠷᠢᠭ ᠳ᠋ᠠᠲ᠋ᠦ᠋ᠩ ᠳᠤ ᠬᠦᠷᠦᠭᠡᠳ᠂ ᠳ᠋ᠠᠲ᠋ᠦ᠋ᠩ ᠤᠨ ᠠᠷᠤ ᠳᠤ ᠪᠠᠶᠢᠭ᠎ᠠ ᠮᠤᠣ ᠡᠯ ᠵᠤᠸᠠᠩ ᠲᠤᠰᠬᠤᠨ ᠳᠤ ᠳ᠋ᠠᠲ᠋ᠦ᠋ᠩ ᠤᠨ ᠳᠡᠰᠯᠡᠭᠰᠡᠨ ᠳᠠᠷᠤᠭ᠎ᠠ ᠡᠣ ᠬᠤᠣ ᠲᠠᠢ ᠰᠢᠷᠤᠭᠦᠨ ᠪᠠᠶᠢᠯᠳᠤᠵᠤ᠂ ᠪᠦᠬᠦ ᠴᠡᠷᠢᠭ ᠢ ᠨᠢ ᠰᠦᠨᠦᠭᠡᠵᠤ ᠡᠣ ᠬᠤᠣ ᠠᠯᠠᠭᠳᠠᠪᠠ᠃ ᠵᠠᠯᠭᠠᠭᠠᠳ ᠮᠢᠩ ᠣᠯᠤᠰ ᠲᠠᠪᠣᠨᠠᠩ᠂ ᠳ᠋ᠦ᠋ ᠸᠧᠢ ᠳᠦᠰᠢᠮᠡᠯ ᠵᠢᠩ ᠶᠤᠸᠠᠨ ᠢᠶᠠᠷ ᠲᠤᠯᠤᠭᠠᠶᠢᠯᠠᠭᠤᠯᠤᠭᠰᠠᠨ ᠳᠦᠷᠪᠡᠨ ᠶᠡᠭᠡ ᠵᠠᠩᠵᠤᠨ ᠳᠤ ᠲᠤᠰ ᠪᠦᠷᠢ ᠲᠦᠮᠡ ᠭᠠᠷᠤᠢ ᠴᠡᠷᠢᠭ ᠦᠭᠴᠤ ᠪᠠᠶᠢᠯᠳᠤᠭᠤᠯᠤᠭᠰᠠᠨ ᠪᠤᠯᠪᠠᠴᠤ ᠪᠠᠰᠠ ᠯᠠ ᠪᠦᠬᠦ ᠴᠡᠷᠢᠭ ᠢᠶᠠᠷ ᠢᠶᠠᠨ ᠮᠦᠭᠦᠭᠳᠡᠭᠰᠡᠨ ᠪᠠᠶᠢᠨ᠎ᠠ᠃          7 ᠰᠠᠷ᠎ᠠ ᠶᠢᠨ 15 ᠤ ᠡᠳᠦᠷ᠂ ᠳ᠋ᠠᠲ᠋ᠦ᠋ᠩ ᠤᠨ ᠴᠡᠷᠢᠭ ᠤᠨ ᠶᠠᠪᠣᠳᠠᠯ ᠤᠨ ᠪᠦᠭᠦᠳᠡ ᠶᠢ ᠵᠡᠬᠢᠷᠤᠭ᠍ᠴᠢ ᠰᠠᠶᠢᠳ ᠰᠦᠩ ᠢᠩ᠂ ᠪᠦᠭᠦᠳᠡ ᠵᠠᠬᠢᠷᠤᠭᠴᠢ ᠳᠠᠷᠤᠭ᠎ᠠ ᠵᠦ ᠮᠢᠶᠠᠨ᠂ ᠳ᠋ᠦᠳᠦ᠋ ᠳᠦᠰᠢᠮᠡᠯ ᠱᠢ ᠾᠧᠩ ᠨᠠᠷ  ᠲᠠᠶᠢᠭᠠᠨ ᠭᠦᠸᠧ ᠵᠢᠩ ᠤᠨ ᠬᠢᠨᠠᠯᠲᠠ ᠳᠤᠣᠷ᠎ᠠ ᠡᠰᠡᠨ ᠲᠠᠶᠢᠱᠢ ᠶᠢᠨ ᠴᠡᠷᠢᠭ ᠲᠠᠢ ᠶᠠᠩ ᠲᠠᠢ (ᠣᠳᠤ ᠶᠢᠨ ᠱᠠᠨ ᠰᠢ ᠮᠤᠵᠢ ᠶᠢᠨ ᠶᠠᠩ ᠭᠤᠣ ) ᠳᠤ ᠰᠢᠷᠦᠭᠦᠨ ᠪᠠᠶᠢᠯᠳᠤᠭᠠᠳ᠂ ᠡᠴᠦᠰ ᠲᠡᠭᠡᠨ ᠮᠦᠨ ᠪᠦᠭᠦᠨ ᠢᠶᠠᠷ ᠢᠶᠠᠨ ᠰᠦᠨᠦᠭᠡᠭᠳᠡᠵᠤ᠂ ᠰᠦᠩ ᠢᠩ᠂ ᠵᠦ ᠮᠢᠶᠠᠨ ᠬᠤᠶᠠᠷ ᠠᠯᠠᠭᠳᠠᠵᠤ᠂ ᠱᠢ ᠾᠧᠩ ᠭᠠᠭᠴᠠ ᠪᠡᠶ᠎ᠡ ᠪᠠᠷ ᠢᠶᠠᠨ ᠳ᠋ᠠᠲ᠋ᠦ᠋ᠩ ᠳᠤ ᠳᠤᠲᠠᠭᠠᠨ ᠣᠷᠤᠵᠤ᠂ ᠲᠠᠶᠢᠭᠠᠨ ᠭᠦᠸᠧ ᠵᠢᠩ ᠪᠤᠲᠠᠨ ᠳᠤᠲᠤᠷ᠎ᠠ ᠨᠢᠭᠤᠭᠳᠠᠵᠤ ᠠᠷᠠᠢ ᠠᠮᠢ ᠭᠠᠷᠪᠠ᠃           ᠠᠯᠠᠭ ᠲᠡᠮᠦᠷ ᠴᠢᠩᠰᠠᠩ ᠤᠨ ᠳᠠᠭᠠᠭᠤᠯᠤᠭᠰᠠᠨ ᠮᠤᠷᠢᠲᠤ ᠴᠡᠷᠢᠭ ᠰᠢᠭᠤᠳ ᠰᠢᠣᠸᠠᠨ ᠹᠦ᠋ (ᠣᠳᠤ  ᠶᠢᠨ ᠾᠧᠪᠧᠢ ᠮᠤᠵᠢ ᠶᠢᠨ ᠰᠢᠣᠸᠠᠨ ᠬᠤᠧᠠ ) ᠶᠢ ᠴᠤᠬᠢᠵᠤ ᠡᠵᠡᠯᠡᠭᠡᠳ᠂ ᠳ᠋ᠦᠱᠢ᠂ ᠶᠦᠩᠨᠢᠩ ᠵᠡᠷᠭᠡ ᠭᠠᠵᠠᠷ ᠢ ᠵᠠᠯᠭ᠎ᠠ ᠵᠠᠯᠭ᠎ᠠ ᠡᠵᠡᠯᠡᠨ ᠠᠪᠴᠤ᠂ ᠰᠢᠭᠤᠳ ᠴᠡᠪᠴᠢᠶᠠᠯ ᠪᠤᠭᠤᠮᠲᠠ ᠳᠤ ᠳᠤᠯᠵᠤ ᠣᠴᠢᠪᠠ᠃          ᠠᠯᠴᠤ ᠨᠣᠶᠠᠨ ᠤ ᠳᠠᠭᠠᠭᠤᠯᠤᠭᠰᠠᠨ ᠮᠣᠩᠭᠤᠯ ᠴᠡᠷᠢᠭ ᠰᠢᠭᠤᠳ ᠱᠠᠨᠰᠢ ᠶᠢᠨ ᠵᠧᠨ ᠢ ᠰᠦᠸᠧ (ᠣᠳᠤ ᠶᠢᠨ ᠭᠠᠨᠰᠤ ᠮᠤᠵᠢ ᠶᠢᠨ ᠭᠤᠣ ᠲᠠᠢ ᠰᠢᠶᠠᠨ ᠤ ᠠᠷᠤ ᠳᠤ ᠪᠤᠢ ) ᠶᠢ ᠴᠢᠭᠯᠡᠪᠡ᠃ ᠬᠡᠳᠦ ᠣᠳᠠᠭᠠᠨ ᠤ ᠳᠠᠶᠢᠨ ᠢᠶᠠᠷ ᠮᠢᠩ ᠣᠯᠤᠰ ᠤᠨ ᠴᠡᠷᠢᠭ ᠢ ᠪᠠᠰᠠ ᠬᠢᠶᠠᠷᠲᠠᠯ᠎ᠠ ᠳᠡᠶᠢᠯᠡᠵᠤ ᠵᠠᠩᠵᠤᠨ ᠴᠡᠷᠢᠭ ᠲᠠᠶᠢᠭᠠᠨ ᠤ ᠠᠯᠠᠭᠳᠠᠬᠤ  ᠨᠢ ᠠᠯᠠᠭᠳᠠᠵᠤ ᠳᠤᠲᠠᠭᠠᠬᠤ ᠨᠢ ᠳᠤᠲᠠᠭᠠᠵᠤ᠂ ᠰᠢᠷᠤᠢ ᠶᠢᠨ ᠣᠪᠣᠭᠠᠨ ᠳᠤ ᠳᠠᠯᠳᠠᠯᠠᠬᠤ ᠨᠢ ᠳᠠᠯᠳᠠᠯᠠᠵᠤ᠂ ᠪᠤᠷᠤᠭᠤᠯᠤᠭᠰᠠᠨ ᠪᠠᠶᠢᠨ᠎ᠠ᠃          ᠳᠠᠶᠢᠰᠤᠩ ᠬᠠᠭᠠᠨ ᠤ ᠳᠠᠭᠠᠭᠤᠯᠤᠭᠰᠠᠨ ᠣᠷᠢᠶᠠᠩᠬᠠᠢ ᠶᠢᠨ ᠭᠤᠷᠪᠠᠨ ᠸᠧᠢ ᠶᠢᠨ ᠶᠡᠭᠡ ᠴᠡᠷᠢᠭ ᠰᠢᠭᠤᠳ ᠯᠢᠶᠤᠣᠳᠦᠩ ᠢ ᠳᠠᠭᠠᠷᠢᠨ ᠬᠢᠯᠢ ᠶᠢᠨ ᠬᠡᠷᠡᠮ ᠢ ᠳᠠᠪᠠᠨ ᠣᠷᠤᠭᠠᠳ᠂ ᠰᠦᠨᠢ ᠶᠢᠨ ᠬᠠᠷᠠᠩᠭᠤᠢ ᠳᠤ ᠳᠤᠬᠢᠶᠠᠯ ᠢ ᠵᠠᠪᠳᠤᠨ ᠭᠤᠸᠠᠩᠨᠢᠩ ᠬᠤᠲᠠ ᠶᠢ ᠪᠦᠰᠡᠯᠡᠨ ᠠᠪᠣᠪᠠ᠃ ᠬᠤᠲᠠ ᠶᠢᠨ ᠭᠠᠳᠠᠨᠠᠬᠢ ᠬᠢᠯᠢ ᠶᠢᠨ ᠬᠡᠷᠡᠮ ᠢ ᠮᠣᠩᠭᠤᠯ ᠤᠨ ᠮᠤᠷᠢᠲᠤ ᠴᠡᠷᠢᠭ ᠳᠦᠴᠢ ᠭᠠᠷᠤᠢ ᠦᠷᠭᠡᠨ ᠰᠡᠲᠡᠯᠦᠨ ᠡᠪᠳᠡᠵᠤ᠂ ᠬᠦᠮᠦᠨ ᠮᠠᠯ ᠢ ᠳᠤᠭᠠᠯᠠᠰᠢ ᠦᠭᠡᠢ ᠠᠷᠪᠢᠨ ᠣᠯᠵᠠᠯᠠᠵᠠᠢ᠃          ᠮᠢᠩ ᠣᠯᠤᠰ ᠤᠨ ᠣᠮᠠᠷᠠᠲᠤ ᠬᠢᠵᠠᠭᠠᠷ ᠨᠡᠶᠢᠳᠡᠮ ᠲᠦᠭᠰᠢᠭᠦᠷᠢᠲᠤ ᠪᠠᠶᠢᠳᠠᠯ ᠳᠤ ᠣᠷᠤᠭᠰᠠᠨ ᠢ ᠮᠡᠳᠡᠭᠦᠯᠦᠭᠰᠡᠨ ᠤ ᠰᠡᠭᠦᠯᠡᠷ᠂ ᠮᠢᠩ ᠣᠯᠤᠰ ᠤᠨ ᠢᠩᠽᠦ᠋ᠩ ᠬᠠᠭᠠᠨ ᠨᠠᠰᠤ ᠪᠠᠭ᠎ᠠ᠂ ᠲᠠᠶᠢᠭᠠᠨ ᠸᠠᠩ ᠵᠧᠨ ᠲᠦᠷᠦ  ᠶᠢᠨ ᠡᠷᠬᠡ ᠶᠢ ᠭᠠᠭᠴᠠᠭᠠᠷ ᠡᠵᠡᠷᠬᠡᠵᠤ  ᠂ ᠢᠩᠽᠦ᠋ᠩ ᠬᠠᠭᠠᠨ ᠢ ᠪᠡᠶ᠎ᠡ ᠪᠠᠷ ᠴᠡᠷᠢᠭ ᠳᠠᠶᠢᠴᠢᠯᠠᠬᠤ ᠶᠢ ᠬᠦᠴᠦᠯᠡᠨ ᠵᠤᠷᠢᠭᠵᠢᠭᠤᠯᠵᠤ᠂ ᠡᠭᠦᠨ ᠢᠶᠠᠷ ᠮᠣᠩᠭᠤᠯ ᠴᠡᠷᠢᠭ ᠢ ᠠᠶᠤᠯᠭᠠᠬᠤ ᠶᠢ ᠪᠤᠳᠤᠪᠠ᠃ 7 ᠳ᠋ᠣᠭᠠᠷ ᠰᠠᠷ᠎ᠠ ᠶᠢᠨ 18   ᠤ ᠡᠳᠦᠷ ᠮᠢᠩ ᠣᠯᠤᠰ ᠤᠨ ᠬᠢᠨ ᠲᠠᠪᠢᠨ ᠲᠦᠮᠡᠨ ᠶᠡᠭᠡ ᠴᠡᠷᠢᠭ ᠢ ᠳᠠᠶᠢᠴᠢᠯᠠᠨ ᠴᠠᠪᠴᠢᠶᠠᠯ ᠪᠤᠭᠤᠮᠲᠠ ᠪᠠᠷ ᠭᠠᠷᠴᠤ᠂ ᠳ᠋ᠠᠶᠢᠳᠦᠩ ᠢ ᠴᠢᠭᠯᠡᠨ ᠶᠠᠪᠣᠵᠤ᠂ ᠮᠣᠩᠭᠤᠯ ᠴᠡᠷᠢᠭ ᠯᠦᠭᠡ ᠰᠡᠶᠢᠳᠪᠦᠷᠢᠲᠦ ᠪᠠᠶᠢᠯᠳᠤᠭᠠᠨ ᠬᠢᠬᠦ ᠪᠠᠷ ᠰᠡᠶᠢᠳᠪᠡ᠃ ᠡᠰᠡᠨ ᠢᠶᠠᠷ ᠮᠢᠩ ᠣᠯᠤᠰ ᠤᠨ ᠴᠡᠷᠢᠭ ᠢᠷᠡᠭᠰᠡᠨ ᠢ ᠰᠤᠨᠣᠰᠤᠭᠠᠳ ᠵᠤᠷᠢᠮᠠᠭ ᠢᠶᠠᠷ ᠣᠬᠤᠷᠢᠨ ᠵᠠᠶᠢᠯᠠᠬᠤ ᠰᠢᠭ ᠪᠤᠯᠤᠨ᠂ ᠲᠡᠭᠦᠨ ᠢ ᠦᠳᠦᠭᠡᠵᠤ ᠬᠦᠨ᠎ᠡ ᠣᠷᠤᠭᠤᠯᠤᠭᠠᠳ᠂ ᠡᠪ ᠳᠤᠬᠢᠶᠠᠯ ᠢ ᠦᠵᠡᠨ ᠡᠪᠳᠡᠯᠡᠨ ᠪᠠᠶᠢᠯᠳᠤᠬᠤ ᠪᠠᠷ ᠪᠠᠵᠠᠭᠠᠪᠠ᠃ ᠸᠠᠩ ᠵᠧᠨ ᠢᠶᠠᠷ ᠮᠢᠩ ᠣᠯᠤᠰ ᠤᠨ ᠴᠡᠷᠢᠭ ᠶᠠᠩ ᠾᠸᠧ ᠺᠸᠤ ᠳᠤ ᠪᠠᠶᠢᠯᠳᠤᠵᠤ ᠳᠠᠷᠤᠭᠳᠠᠭᠰᠠᠨ ᠮᠡᠳᠡᠭᠡ ᠶᠢ ᠣᠯᠤᠭᠠᠳ᠂ ᠪᠠᠰᠠ ᠰᠡᠩᠳᠡ ᠮᠡᠩᠳᠡ ᠴᠡᠷᠢᠭ ᠣᠬᠤᠷᠢᠵᠤ᠂ ᠣᠷᠢᠳᠠ ᠽᠢ ᠵᠢᠩ ᠭᠤᠸᠠᠨ ᠪᠤᠭᠤᠮᠲᠠ  ᠪᠠᠷ ᠶᠠᠪᠣᠵᠤ᠂ ᠦᠪᠡᠷ ᠤᠨ ᠨᠣᠲᠤᠭ ᠸᠧᠢ ᠵᠸᠤ ᠪᠠᠷ ᠲᠤᠭᠤᠷᠢᠵᠤ᠂ ᠡᠷᠬᠡ ᠰᠦᠷ ᠢᠶᠠᠨ ᠭᠠᠶᠢᠬᠠᠭᠤᠯᠬᠤ ᠶᠢ ᠰᠠᠨᠠᠪᠠ ᠃ ᠬᠤᠶᠢᠨ᠎ᠠ ᠪᠠᠰᠠ ᠨᠣᠲᠤᠭ ᠤᠨ ᠢᠶᠠᠨ ᠲᠡᠷᠢᠶ᠎ᠡ ᠲᠦᠮᠦᠰᠤ ᠶᠢ ᠪᠠᠷᠠᠭᠳᠠᠭᠤᠯᠬᠤ ᠠᠴᠠ ᠪᠤᠯᠭᠤᠮᠵᠢᠯᠠᠨ᠂ ᠪᠤᠳᠤᠯᠭ᠎ᠠ ᠬᠤᠪᠢᠰᠴᠤ ᠳᠠᠬᠢᠨ ᠣᠮᠠᠷᠠᠰᠢ ᠶᠠᠪᠣᠵᠤ᠂ ᠪᠠᠢ ᠳ᠋ᠧᠩ ᠢ ᠳᠠᠭᠠᠷᠢᠵᠤ ᠰᠢᠣᠸᠠᠨ ᠹᠦ᠋ ᠬᠦᠷᠬᠦ ᠭᠡᠵᠤ ᠪᠤᠳᠤᠪᠠ᠃ ᠡᠰᠡᠨ  ᠢᠶᠠᠷ ᠮᠢᠩ ᠣᠯᠤᠰ ᠤᠨ ᠴᠡᠷᠢᠭ ᠰᠡᠩᠳᠡ ᠮᠡᠩᠳᠡ ᠣᠬᠤᠷᠢᠭᠰᠠᠨ ᠮᠡᠳᠡᠭᠡ ᠶᠢ ᠣᠯᠵᠤ᠂ ᠬᠤᠶᠠᠷ ᠲᠦᠮᠡᠨ ᠰᠢᠯᠢᠳᠡᠭ ᠮᠤᠷᠢᠲᠤ ᠴᠡᠷᠢᠭ ᠢ ᠬᠤᠰᠢᠭᠤᠴᠢ ᠪᠤᠯᠭᠠᠵᠤ ᠨᠡᠬᠡᠨ ᠪᠠᠶᠢᠯᠳᠤ ᠭᠡᠵᠤ ᠲᠦᠷᠭᠡᠪᠴᠢᠯᠡᠨ ᠵᠠᠷᠯᠠᠭᠠᠳ᠂ ᠪᠡᠶ᠎ᠡ ᠪᠠᠷ ᠶᠡᠭᠡ ᠴᠡᠷᠢᠭ ᠳᠠᠶᠢᠴᠢᠯᠠᠨ ᠳᠠᠭᠠᠯᠳᠤᠭᠠᠪᠠᠷ ᠣᠷᠤᠵᠤ᠂ ᠰᠠᠮᠠᠭᠤᠷᠠᠭᠰᠠᠨ ᠴᠡᠷᠢᠭ ᠢ ᠰᠠᠷᠨᠢᠭᠤᠯᠤᠨ ᠦᠯᠳᠡᠵᠤ᠂ ᠰᠢᠭᠤᠳ ᠮᠢᠩ ᠣᠯᠤᠰ ᠤᠨ ᠴᠡᠷᠢᠭ ᠤᠨ ᠳᠠᠶᠢᠴᠢᠨ ᠭᠤᠣᠯ ᠢ ᠡᠷᠢᠨ ᠣᠳᠪᠠ᠃ ᠮᠢᠩ ᠣᠯᠤᠰ ᠤᠨ ᠴᠡᠷᠢᠭ ᠤᠨ ᠠᠷᠤ ᠬᠠᠶᠢᠭᠤᠯ ᠶᠡᠬᠡᠲᠡ ᠳᠠᠷᠤᠭᠳᠠᠭᠰᠠᠨ ᠳᠤ᠂ ᠢᠩᠽᠦ᠋ᠩ ᠬᠠᠭᠠᠨ ᠪᠠᠰᠠ ᠲᠠᠪᠣᠨ ᠲᠦᠮᠡᠨ ᠮᠤᠷᠢᠲᠤ ᠴᠡᠷᠢᠭ ᠢᠶᠠᠷ ᠳᠤᠰᠴᠤ ᠪᠠᠶᠢᠯᠳᠤ ᠭᠡᠵᠤ ᠢᠯᠡᠭᠡᠪᠡ᠃ ᠡᠰᠡᠨ ᠡᠭᠦᠨ ᠢ ᠣᠯᠵᠤ ᠮᠡᠳᠡᠭᠡᠳ ᠵᠤᠷᠢᠮᠠᠭ ᠢᠶᠠᠷ ᠣᠬᠤᠷᠢᠨ᠂ ᠣᠷᠢᠳᠡ ᠡᠯᠢᠶᠡᠲᠤ ᠶᠢᠨ ᠳᠠᠪᠠᠭ᠎ᠠ ᠬᠦᠷᠴᠤ ᠪᠦᠭᠭᠦᠪᠡ᠃ ᠮᠢᠩ ᠣᠯᠤᠰ ᠤᠨ ᠴᠡᠷᠢᠭ ᠬᠦᠷᠴᠤ ᠢᠷᠡᠭᠰᠡᠨ ᠳᠤ ᠪᠦᠭᠭᠦᠭᠰᠡᠨ ᠴᠡᠷᠢᠭ ᠭᠡᠨᠡᠳᠲᠡ ᠭᠠᠷᠴᠤ ᠬᠠᠪᠴᠢᠨ ᠪᠠᠶᠢᠯᠳᠤᠭᠠᠳ ᠶᠡᠬᠡᠯ᠎ᠡ ᠳᠡᠶᠢᠯᠪᠡ᠃          8 ᠳ᠋ᠣᠭᠠᠷ ᠰᠠᠷ᠎ᠠ ᠶᠢᠨ 14 ᠤ ᠡᠳᠦᠷ ᠮᠢᠩ ᠣᠯᠤᠰ ᠤᠨ ᠴᠡᠷᠢᠭ ᠲᠦᠮᠦᠪᠣᠣ ᠪᠠᠬᠢᠯᠡᠯᠲᠡ ᠳᠤ ᠬᠦᠷᠢᠶ᠎ᠡ ᠪᠠᠭᠤᠵᠤ ᠠᠲᠠᠯ᠎ᠠ᠂ ᠮᠣᠩᠭᠤᠯ ᠴᠡᠷᠢᠭ ᠬᠦᠢᠴᠡᠨ ᠬᠦᠷᠴᠤ ᠢᠷᠡᠭᠡᠳ ᠲᠦᠮᠦᠪᠣᠣ ᠪᠠᠬᠢᠯᠡᠯᠲᠡ ᠳᠠᠬᠢ ᠮᠢᠩ ᠣᠯᠤᠰ  ᠤᠨ ᠴᠡᠷᠢᠭ ᠤᠨ ᠬᠦᠷᠢᠶᠡᠨ ᠢ ᠪᠦᠰᠡᠯᠡᠪᠡ᠃ ᠲᠦᠮᠦᠪᠣᠣ ᠨᠢ ᠭᠠᠵᠠᠷ ᠤᠨ ᠪᠠᠶᠢᠴᠠ ᠦᠨᠳᠦᠷ ᠲᠣᠯᠠ ᠣᠰᠤᠨ ᠠᠴᠠ ᠬᠤᠯᠠ ᠪᠠᠶᠢᠵᠤ᠂ ᠡᠮᠦᠨᠡᠰᠢ ᠠᠷᠪᠠᠨ ᠲᠠᠪᠣᠨ ᠭᠠᠵᠠᠷ ᠤᠨ ᠦᠵᠦᠭᠦᠷ ᠭᠤᠣᠯ ᠲᠠᠢ ᠪᠤᠯᠪᠠᠴᠤ ᠮᠣᠩᠭᠤᠯ ᠴᠡᠷᠢᠭ ᠲᠤ ᠡᠵᠡᠯᠡᠭᠳᠡᠭᠡᠳ᠂ ᠮᠢᠩ ᠣᠯᠤᠰ ᠤᠨ ᠴᠡᠷᠢᠭ ᠮᠤᠷᠢ ᠣᠰᠤ ᠣᠯᠵᠤ  ᠣᠣᠭᠤᠬᠤ ᠦᠭᠡᠢ ᠪᠤᠯᠵᠤ᠂ ᠦᠯᠦᠰᠴᠤ ᠣᠮᠳᠠᠭᠠᠰᠬᠤ ᠶᠢᠨ ᠲᠤᠶᠢᠯ ᠳᠤ ᠬᠦᠷᠴᠠᠢ᠃ ᠮᠣᠩᠭᠤᠯ ᠴᠡᠷᠢᠭ ᠪᠠᠰᠠ ᠵᠠᠯᠭᠠᠯᠳᠤᠯᠭ᠎ᠠ ᠴᠡᠷᠢᠭ ᠨᠡᠮᠡᠵᠤ ᠢᠷᠡᠬᠦ ᠲᠣᠯᠠ ᠂ ᠮᠢᠩ ᠣᠯᠤᠰ ᠤᠨ ᠴᠡᠷᠢᠭ ᠠᠶᠤᠮᠰᠢᠭ ᠦᠭᠡᠢ ᠬᠦᠳᠡᠯᠦᠨ ᠡᠰᠡ ᠴᠢᠳᠠᠪᠠ᠃ 15 ᠤ ᠡᠳᠦᠷ ᠮᠣᠩᠭᠤᠯ ᠴᠡᠷᠢᠭ ᠵᠤᠷᠢᠮᠠᠭ ᠢᠶᠠᠷ ᠣᠬᠤᠷᠢᠭᠠᠳ᠂ ᠡᠰᠡᠨ ᠡᠯᠴᠢ ᠵᠠᠷᠤᠨ ᠡᠶᠡᠳᠡᠬᠦ ᠶᠢ ᠣᠠᠬᠠᠭᠤᠯᠪᠠ᠃ ᠸᠠᠩ ᠵᠧᠨ ᠨᠢᠭᠡᠨ ᠬᠠᠭᠤᠷᠮᠠᠭ ᠡᠶᠡᠳᠡᠬᠦ ᠪᠢᠴᠢᠭ ᠪᠢᠴᠢᠭᠡᠳ ᠠᠷᠤ ᠶᠢᠨ ᠡᠯᠴᠢ ᠳᠤ ᠦᠭᠴᠤ ᠢᠯᠡᠭᠡᠭᠰᠡᠨ ᠤ ᠳᠠᠷᠠᠭ᠎ᠠ᠂ ᠰᠡᠩᠳᠡ ᠮᠡᠩᠳᠡ ᠴᠡᠷᠢᠭ ᠬᠦᠳᠡᠯᠦᠨ ᠡᠮᠦᠨᠡᠰᠢ ᠶᠠᠪᠣᠬᠤᠢ ᠳᠤ ᠡᠰᠡᠨ ᠰᠠᠶ᠋ᠢ ᠲᠡᠭᠦᠨ ᠤ ᠡᠶᠡᠳᠡᠬᠦ ᠦᠨᠡᠨ ᠰᠠᠨᠠᠭ᠎ᠠ ᠦᠭᠡᠢ ᠶᠢ ᠮᠡᠳᠡᠵᠤ᠂ ᠳᠠᠷᠤᠢ ᠴᠡᠷᠢᠭ ᠵᠠᠬᠢᠷᠤᠨ ᠵᠠᠮ ᠬᠤᠪᠢᠶᠠᠨ ᠳᠠᠭᠠᠷᠢᠨ ᠣᠷᠤᠵᠤ᠂ ᠵᠢᠭᠰᠠᠭᠠᠯ ᠢ ᠬᠡᠰᠡᠭᠯᠡᠨ ᠰᠢᠭᠤᠳ ᠳᠤᠮᠳᠠ ᠴᠡᠷᠢᠭ ᠢ ᠢ ᠴᠢᠭᠯᠡᠨ ᠣᠷᠤᠬᠤᠢ ᠳᠤ᠂ ᠮᠢᠩ ᠣᠯᠤᠰ ᠤᠨ ᠴᠡᠷᠢᠭ ᠤᠨ ᠦᠬᠦᠳᠡᠯ ᠬᠡᠭᠡᠷ᠎ᠡ ᠲᠠᠯ᠎ᠠ ᠳᠤ ᠳᠦᠭᠦᠷᠴᠤ᠂ ᠢᠩᠽᠦ᠋ᠩ ᠬᠠᠭᠠᠨ ᠠᠮᠢᠳᠤ ᠪᠠᠷ ᠪᠠᠷᠢᠭᠳᠠᠵᠤ᠂ ᠸᠠᠩ ᠵᠧᠨ ᠰᠠᠮᠠᠭᠤᠨ ᠴᠡᠷᠢᠭ ᠲᠤ ᠠᠯᠠᠭᠳᠠᠭᠠᠳ᠂ ᠮᠢᠩ ᠣᠯᠤᠰ ᠤᠨ ᠲᠠᠪᠢᠨ ᠲᠦᠮᠡᠨ ᠴᠡᠷᠢᠭ ᠪᠦᠷ ᠠᠪᠲᠠᠪᠠ᠃           ᠲᠦᠮᠦᠪᠣᠣ ᠪᠠᠬᠢᠯᠡᠯᠲᠡ ᠶᠢᠨ ᠪᠠᠶᠢᠯᠳᠤᠭᠠᠨ ᠭᠡᠭᠴᠢ ᠳᠤᠲᠤᠭᠠᠳᠤ ᠭᠠᠳᠠᠭᠠᠳᠤ ᠶᠢᠨ ᠡᠷᠳᠡᠮᠲᠡᠳ ᠰᠠᠶᠢᠬᠠᠨ ᠮᠡᠳᠡᠵᠤ ᠪᠠᠶᠢᠭ᠎ᠠ ᠲᠡᠣᠬᠡ ᠶᠢᠨ ᠬᠡᠷᠡᠭ ᠪᠤᠯᠤᠨ᠎ᠠ᠃ ᠡᠨᠡ ᠣᠳᠠᠭᠠᠨ ᠤ ᠳᠠᠶᠢᠨ ᠳᠤ ᠮᠢᠩ ᠣᠯᠤᠰ ᠤᠨ ᠲᠠᠪᠢᠨ ᠲᠦᠮᠡᠨ ᠴᠡᠷᠢᠭ ᠠᠴᠠ ᠠᠮᠢᠳᠤ ᠪᠤᠴᠠᠭᠰᠠᠨ ᠴᠡᠷᠢᠭ ᠭᠡᠵᠤ ᠬᠡᠳᠦᠨ ᠵᠠᠭᠤ ᠠᠴᠠ ᠳᠠᠪᠠᠭᠰᠠᠨ ᠦᠭᠡᠢ ᠪᠠᠶᠢᠵᠤ᠂ ᠪᠦᠷ ᠮᠣᠩᠭᠤᠯ ᠴᠡᠷᠢᠭ ᠲᠤ ᠠᠯᠠᠭᠳᠠᠭᠰᠠᠨ ᠪᠤᠶᠤ ᠣᠯᠵᠠᠯᠠᠭᠳᠠᠵᠤ ᠪᠤᠭᠤᠯ ᠪᠤᠯᠵᠠᠢ᠃ ᠴᠡᠷᠢᠭ ᠤᠨ ᠬᠤᠶᠠᠭ᠂  ᠵᠡᠷ ᠵᠡᠪᠰᠡᠭ᠂ ᠬᠡᠷᠡᠭᠯᠡᠯ ᠪᠦᠷ ᠮᠣᠩᠭᠤᠯ ᠳᠤ ᠣᠯᠵᠠᠯᠠᠭᠳᠠᠵᠤ᠂ ᠬᠤᠵᠢᠮ ᠨᠢ ᠢᠣᠢ ᠴᠢᠶᠠᠨ ᠠᠴᠠ ᠮᠢᠩ ᠣᠯᠤᠰ ᠲᠤ ᠴᠡᠷᠢᠭ ᠨᠡᠮᠡᠵᠤ ᠪᠠᠶᠢᠭᠤᠯᠬᠤ ᠭᠡᠵᠤ ᠲᠦᠮᠦᠪᠣᠣ ᠳᠤ ᠣᠴᠢᠵᠤ ᠬᠤᠷᠢᠶᠠᠯᠭᠠᠬᠤ ᠳᠤ ᠮᠣᠩᠭᠤᠯ ᠴᠡᠷᠢᠭ  ᠬᠡᠮᠵᠢᠶ᠎ᠡ ᠪᠠᠷ  ᠢᠶᠠᠨ ᠠᠪᠴᠤ ᠶᠠᠪᠣᠭᠰᠠᠨ ᠤ ᠰᠡᠭᠦᠯᠡᠷᠬᠢ ᠬᠠᠶᠠᠭᠳᠠᠭᠰᠠᠨ ᠬᠤᠶᠠᠭ᠂ ᠵᠡᠷ ᠵᠡᠪᠰᠡᠭ ᠨᠢ ᠴᠦ ᠬᠡᠳᠦᠨ ᠬᠤᠷᠢᠶ᠎ᠠ ᠴᠡᠷᠢᠭ  ᠢ ᠵᠡᠪᠰᠡᠭᠯᠡᠭᠰᠡᠨ ᠭᠡᠳᠡᠭ᠃          ᠮᠢᠩ ᠣᠯᠤᠰ ᠤᠨ ᠬᠠᠭᠠᠨ ᠨᠢ ᠣᠯᠵᠠᠯᠠᠭᠳᠠᠵᠤ᠂ ᠲᠦᠰᠢᠮᠡᠳ ᠰᠠᠶᠢᠳ ᠨᠢ  ᠪᠦᠷ ᠠᠯᠠᠭᠳᠠᠪᠠ  ᠃ ᠲᠡᠳᠡᠭᠡᠷ ᠳᠦᠰᠢᠮᠡᠳ ᠳᠤᠲᠤᠷ᠎ᠠ ᠨᠢ ᠰᠢᠯᠭᠠᠭᠳᠠᠵᠤ ᠣᠷᠤᠭᠰᠠᠨ ᠡᠷᠬᠢᠮ ᠰᠢᠯᠢᠳᠡᠭ (ᠵᠤᠸᠠᠩᠶᠤᠸᠠᠨ ) ᠴᠦ ᠬᠡᠳᠤ ᠬᠡᠳᠤ ᠪᠠᠶᠢᠵᠤ᠂ ᠰᠠᠶᠢᠨ ᠭᠡᠰᠡᠨ ᠰᠠᠶᠢᠳ ᠳᠦᠰᠢᠮᠡᠳ ᠨᠢ ᠪᠦᠷ ᠮᠣᠩᠭᠤᠯ ᠳᠤ ᠠᠯᠠᠭᠳᠠᠭᠰᠠᠨ ᠪᠤᠯᠬᠤᠷ ᠬᠤᠵᠢᠮ ᠨᠢ ᠲᠦᠷᠦ ᠵᠠᠰᠠᠬᠤ ᠲᠦᠰᠢᠮᠡᠳ ᠴᠦ ᠦᠭᠡᠢ ᠪᠤᠯᠵᠤ᠂ ᠠᠷᠭ᠎ᠠ ᠦᠭᠡᠢ ᠬᠢᠨᠳᠠᠨ ᠳᠤ ᠪᠠᠶᠢᠭᠰᠠᠨ ᠢᠣᠢ ᠴᠢᠶᠠᠨ ᠢ ᠰᠤᠯᠯᠠᠵᠤ ᠬᠡᠷᠡᠭᠯᠡᠭᠰᠡᠨ ᠪᠠᠶᠢᠳᠠᠭ᠃ ᠬᠦᠭᠡᠷᠦᠭᠦᠢ ᠮᠢᠩ ᠣᠯᠤᠰ ᠤᠨ ᠪᠢᠴᠢᠭᠲᠡᠨ ᠰᠠᠶᠢᠳ ᠤᠳ ︽ᠡᠮᠦᠨᠡᠰᠢ ᠬᠠᠷᠠᠵᠤ ᠣᠭᠢᠯᠠᠨ ᠮᠦᠷᠭᠦᠬᠦ︾ ᠴᠠᠭ ᠴᠦ ᠪᠠᠶᠢᠭᠰᠠᠨ ᠦᠭᠡᠢ᠂ ︽ᠡᠷᠡᠯᠭᠡᠭ ᠢᠶᠠᠷ ᠦᠬᠦᠬᠦ ᠰᠢᠯᠦᠭ︾ ᠢᠶᠠᠨ ᠵᠤᠬᠢᠶᠠᠬᠤ ᠵᠠᠢ ᠴᠦ ᠣᠯᠤᠭᠰᠠᠨ ᠦᠭᠡᠢ᠂ (ᠦᠨᠡᠨᠳᠡᠭᠡᠨ ᠪᠢᠴᠢᠭᠰᠡᠨ ᠨᠢ ᠴᠦ ᠪᠠᠶᠢᠯᠭᠦᠢ ᠳ᠋ᠠ᠂ ᠮᠣᠩᠭᠤᠯ ᠴᠡᠷᠢᠭ ᠲᠤ ᠬᠢᠲᠠᠳ ᠦᠰᠦᠭ ᠮᠡᠳᠡᠬᠦ ᠨᠢ ᠬᠤᠪᠣᠷ ᠪᠤᠯᠬᠤᠷ ᠬᠤᠷᠢᠶᠠᠨ ᠠᠪᠴᠤ ᠠᠪᠠᠴᠢᠵᠤ ᠦᠭᠭᠦᠭᠰᠡᠨ ᠦᠭᠡᠢ ᠪᠠᠶᠢᠯᠭᠦᠢ ) ᠮᠣᠩᠭᠤᠯᠴᠣᠳ ᠤᠨ ᠢᠯᠳᠦᠨ ᠳᠤᠣᠷ᠎ᠠ ᠵᠠᠭᠤᠷᠠᠲᠤ ᠶᠢᠨ ᠰᠦᠨᠡᠰᠤ ᠪᠤᠯᠪᠠᠢ᠃ ᠬᠤᠵᠢᠮ ᠤᠨ ᠬᠢᠲᠠᠳ ᠤᠨ ᠪᠢᠴᠢᠭᠲᠡᠳ  ᠡᠭᠦᠨ ᠢ ︽ᠮᠣᠩᠭᠤᠯ ᠤᠨ ᠢᠯᠳᠦᠨ ᠳᠤᠣᠷ᠎ᠠ ᠬᠦᠮᠦᠨ ᠪᠦᠬᠦᠨ ᠡᠷᠬᠡ ᠳᠡᠭᠰᠢ︾ ᠭᠡᠵᠤ ᠭᠠᠰᠢᠭᠤᠳᠠᠨ ᠰᠢᠯᠦᠭᠯᠡᠯ᠎ᠡ ᠭᠡᠳᠡᠭ᠃          ᠡᠨᠡ ᠣᠳᠠᠭᠠᠨ ᠤ ᠳᠠᠶᠢᠨ ᠤ ᠲᠤᠬᠠᠢ ᠦᠨᠡᠯᠡᠪᠡᠰᠤ᠄          ᠡᠨᠡ ᠣᠳᠠᠭᠠᠨ ᠤ ᠳᠠᠶᠢᠨ ᠨᠢ ᠰᠠᠶᠢᠬᠠᠨ ᠢᠯᠡᠭ᠌ᠰᠠᠨ ᠳᠠᠶᠢᠨ ᠪᠤᠯᠬᠤ ᠪᠠᠷ ᠪᠠᠷᠠᠬᠤ ᠦᠭᠡᠢ᠂ ᠴᠦᠬᠡᠨ  ᠢᠶᠠᠷ ᠣᠯᠠᠨ ᠢ ᠢᠯᠡᠭ᠌ᠰᠠᠨ᠂ ᠳᠠᠶᠢᠰᠤᠨ ᠴᠡᠷᠢᠭ ᠢᠶᠠᠨ ᠭᠢᠶᠠᠷᠲᠠᠯ᠎ᠠ ᠬᠢᠲᠤᠵᠤ  ᠦᠯᠡᠳᠡᠭᠳᠡᠯ ᠬᠦᠴᠦᠨ ᠭᠡᠵᠤ ᠦᠯᠡᠳᠡᠭᠡᠭᠰᠡᠨ ᠴᠦ ᠦᠭᠡᠢ ᠪᠠᠶᠢᠨ᠎ᠠ᠃ ᠮᠦᠳᠦ᠋ ᠶᠢᠨ ᠵᠢᠯᠤᠭᠠᠳᠤᠭᠰᠠᠨ ᠪᠠᠢ ᠳ᠋ᠧᠩ ᠤᠨ ᠳᠠᠶᠢᠨ ᠢ ᠪᠤᠳᠤᠪᠠᠯ᠂ ᠲᠠᠶᠢᠰᠤᠨ ᠡᠲᠡᠭᠡᠳ ᠢᠶᠠᠨ ᠲᠤᠶᠢᠯᠪᠣᠷᠢᠲᠠᠢ  ᠢᠯᠡᠵᠤ᠂ ᠬᠠᠭᠠᠨ ᠢ ᠨᠢ ᠬᠦᠷᠲᠡᠯ᠎ᠡ ᠣᠯᠵᠠᠯᠠᠭᠰᠠᠨ ᠪᠠᠶᠢᠨ᠎ᠠ᠃ ᠡᠭᠦᠨ  ᠤ ᠳᠤᠲᠤᠷ᠎ᠠ ᠣᠶᠢᠷᠠᠳ ᠴᠡᠷᠢᠭ ᠤᠨ ᠳᠠᠶᠢᠨ ᠳᠤ ᠭᠠᠷᠮᠠᠭᠠᠢ ᠪᠠᠶᠢᠳᠠᠭ ᠢ ᠮᠡᠳᠡᠭᠦᠯᠵᠤ᠂ ᠡᠰᠡᠨ ᠤ ᠴᠡᠷᠢᠭ ᠵᠢᠯᠤᠭᠠᠳᠬᠤ ᠳᠠᠭᠠᠨ ᠭᠠᠷᠮᠠᠭᠠᠢ᠂ ᠪᠠᠶᠢᠳᠠᠯ ᠢ ᠦᠵᠡᠵᠤ ᠳᠠᠶᠢᠨ ᠤ ᠠᠷᠭ᠎ᠠ ᠪᠠᠨ ᠬᠤᠪᠢᠷᠠᠭᠤᠯᠵᠤ ᠴᠢᠳᠠᠳᠠᠭ ᠨᠢ ᠶᠡᠭᠡ ᠢᠯᠡᠯᠲᠠ ᠳᠤ ᠬᠦᠷᠦᠭᠦᠯᠦᠭᠰᠡᠨ ᠪᠠᠶᠢᠨ᠎ᠠ᠃ ᠡᠨᠡ ᠳᠠᠶᠢᠨ ᠠᠴᠠ ᠪᠤᠯᠵᠤ ᠮᠢᠩ ᠣᠯᠤᠰ ᠤᠨ ᠣᠯᠤᠰ ᠤᠨ ᠬᠦᠴᠦᠨ ᠪᠠ ᠴᠡᠷᠢᠭ ᠤᠨ ᠬᠦᠴᠦᠨ ᠶᠡᠬᠡᠪᠡᠷ ᠪᠠᠭᠤᠷᠠᠵᠤ᠂ ᠶᠡᠭᠡ ᠬᠡᠮᠵᠢᠶ᠎ᠡ ᠪᠠᠷ ᠴᠡᠷᠢᠭ ᠳᠠᠶᠢᠴᠢᠯᠠᠨ ᠠᠷᠤ ᠭᠠᠵᠠᠷ ᠢ ᠳᠠᠶᠢᠯᠠᠵᠤ ᠳᠡᠶᠢᠯᠬᠦ ᠦᠭᠡᠢ ᠪᠤᠯᠪᠠ᠃ ᠮᠣᠩᠭᠤᠯ ᠭᠡᠪᠡᠯ ᠰᠦᠷ ᠨᠢ ᠳᠠᠷᠤᠭᠳᠠᠵᠤ ᠰᠦᠰᠦ ᠨᠢ ᠬᠡᠮᠬᠡᠷᠡᠬᠦ ᠪᠤᠯᠭᠠᠪᠠ᠃ ᠬᠤᠵᠢᠮ  ᠤᠨ ᠪᠠᠲᠤᠮᠦᠩᠬᠡ ᠳᠠᠶᠠᠨ ᠬᠠᠭᠠᠨ ᠤ ᠴᠡᠷᠢᠭ ᠳᠠᠶᠢᠴᠢᠯᠠᠵᠤ ᠮᠢᠩ ᠣᠯᠤᠰ ᠢ ᠳᠠᠶᠢᠯᠠᠭᠰᠠᠨ᠂ ᠠᠯᠲᠠᠨ ᠬᠠᠭᠠᠨ ᠤ ᠴᠡᠷᠢᠭ ᠳᠠᠶᠢᠴᠢᠯᠠᠵᠤ ᠳᠠᠶᠢᠯᠠᠬᠤ ᠳᠤ ᠮᠢᠩ ᠣᠯᠤᠰ ᠤᠨ ᠴᠡᠷᠢᠭ ᠡᠰᠡᠷᠭᠦᠴᠡᠯᠳᠦᠵᠤ ᠴᠢᠳᠠᠬᠤ ᠦᠭᠡᠢ ᠪᠤᠯᠤᠭᠰᠠᠨ ᠨᠢ ᠴᠦ ᠪᠦᠷ ᠡᠨᠡ ᠣᠳᠠᠭᠠᠨ ᠤ ᠳᠠᠶᠢᠨ ᠳᠤ ᠦᠬᠦᠲᠡᠯ᠎ᠡ ᠠᠶᠤᠯᠭᠠᠭᠰᠠᠨ ᠲᠠᠢ ᠬᠤᠯᠪᠣᠭ᠎ᠠ ᠲᠠᠢ ᠪᠠᠶᠢᠳᠠᠭ᠃ ᠮᠢᠩ ᠣᠯᠤᠰ ᠪᠠ ᠮᠣᠩᠭᠤᠯ ᠨᠢ ᠴᠡᠷᠢᠭ ᠳᠠᠶᠢᠨ ᠤ ᠲᠠᠯ᠎ᠠ ᠪᠠᠷ ᠮᠢᠩ ᠣᠯᠤᠰ ᠳᠠᠶᠢᠯᠠᠵᠤ ᠪᠠᠶᠢᠭᠰᠠᠨ ᠠᠴᠠ ᠪᠠᠨ ᠲᠡᠩᠴᠡᠯᠳᠦᠬᠦ ᠱᠠᠲᠤᠨ ᠳᠤ ᠣᠷᠤᠵᠤ᠂ ᠬᠤᠵᠢᠮ ᠨᠢ ᠮᠣᠩᠭᠤᠯ ᠨᠢ ᠢᠯᠡᠷᠬᠡᠢ ᠳᠠᠭᠠᠷᠢᠯᠲᠠ ᠶᠢᠨ ᠪᠠᠶᠢᠳᠠᠯ ᠳᠤ ᠣᠷᠤᠭᠰᠠᠨ ᠪᠠᠶᠢᠨ᠎ᠠ᠃          ᠨᠦᠭᠦᠭᠡ ᠲᠠᠯ᠎ᠠ ᠳᠤ ᠲᠤᠷᠤᠨᠠᠲᠢᠪ ᠠᠪᠣᠭᠠᠢ ᠠᠴᠠ ᠡᠨᠡ ᠣᠳᠠᠭᠠᠨ ᠤ ᠳᠠᠶᠢᠨ ᠤ ᠢᠯᠡᠯᠲᠡ ᠶᠢ ᠮᠠᠰᠢ ᠶᠡᠭᠡ ᠭᠡᠨᠡᠨ ᠰᠢᠨᠵᠢᠲᠠᠢ ᠪᠦᠭᠡᠳ ᠬᠠᠭᠠᠰ ᠭᠠᠪᠢᠶ᠎ᠠ ᠨᠢ ᠸᠠᠩ ᠵᠧᠨ ᠤ ᠡᠰᠡᠷᠭᠦᠦ ᠲᠠᠯ᠎ᠠ ᠶᠢᠨ ᠬᠠᠪᠰᠤᠷᠤᠯ ᠠᠴᠠ ᠪᠤᠯᠪᠠ ᠭᠡᠵᠤ ᠦᠨᠡᠯᠡᠵᠠᠢ᠃ ᠮᠢᠩ ᠣᠯᠤᠰ ᠶᠠᠭᠠᠷᠠᠤ ᠰᠠᠨᠳᠤᠷᠠᠤ ᠪᠠᠷ ᠲᠠᠪᠢᠨ ᠲᠦᠮᠡᠨ ᠴᠡᠷᠢᠭ ᠴᠤᠭᠯᠠᠭᠤᠯᠵᠤ᠂ ᠴᠡᠷᠢᠭ ᠨᠢ ᠪᠤᠯᠪᠠᠰᠤᠷᠠᠯ ᠮᠠᠭᠤᠲᠠᠢ ᠪᠠᠶᠢᠭᠰᠠᠨ ᠤ ᠳᠡᠭᠡᠷ᠎ᠡ᠂ ᠵᠤᠨ ᠤ ᠬᠠᠯᠠᠭᠤᠨ ᠳᠤ ᠵᠠᠮ ᠬᠦᠭᠡᠭᠡᠵᠤ ᠪᠠᠶᠢᠯᠳᠤᠭᠠᠳ ᠴᠡᠷᠢᠭ ᠤᠨ ᠰᠦᠷ ᠨᠢ ᠪᠠᠭᠤᠷᠠᠪᠠ  ᠃  ᠣᠰᠤ ᠶᠢ ᠨᠢ ᠳᠠᠰᠤᠯᠠᠭᠰᠠᠨ ᠠᠴᠠ ᠠᠩᠭᠠᠵᠤ ᠴᠠᠩᠭᠠᠭᠠᠳ ᠪᠠᠶᠢᠯᠳᠤᠬᠤ ᠴᠢᠳᠠᠯ ᠢᠶᠠᠨ ᠠᠯᠳᠠᠭᠰᠠᠨ᠂ ᠬᠠᠭᠠᠨ ᠨᠢ ᠨᠠᠰᠤ ᠪᠠᠭ᠎ᠠ᠂ ᠲᠠᠶᠢᠭᠠᠨ ᠸᠠᠩ ᠵᠧᠨ ᠪᠦᠬᠦ ᠡᠷᠬᠡ ᠶᠢ ᠪᠠᠷᠢᠵᠤ᠂ ᠴᠡᠷᠢᠭ  ᠤᠨ ᠠᠷᠭ᠎ᠠ ᠶᠢ ᠳᠦᠬᠦᠭᠡᠷᠡᠬᠦ ᠦᠭᠡᠢ ᠪᠠᠶᠢᠵᠤ᠂ ᠴᠡᠷᠢᠭ ᠢᠶᠠᠨ ᠦᠪᠡᠷ ᠤᠨ ᠨᠣᠲᠤᠭ ᠢᠶᠠᠷ ᠢᠶᠠᠨ ᠲᠤᠭᠤᠷᠢᠭᠤᠯᠤᠨ ᠰᠦᠷ ᠮᠠᠨᠳᠤᠭᠤᠯᠬᠤ ᠭᠡᠳ᠂ ᠳᠠᠬᠢᠨ ᠲᠠᠷᠢᠶ᠎ᠠ ᠲᠦᠮᠦᠰᠤ ᠶᠢ ᠬᠢᠰᠬᠢᠯᠡᠵᠤ ᠨᠣᠲᠤᠭ ᠤᠨ ᠠᠷᠠᠳ ᠢᠶᠠᠨ ᠬᠤᠬᠢᠷᠠᠭᠤᠯᠬᠤ ᠠᠴᠠ ᠠᠶᠤᠵᠤ ᠪᠠᠰᠠ ᠴᠡᠷᠢᠭ ᠪᠤᠴᠠᠭᠠᠬᠤ ᠭᠡᠪᠡ᠃ ᠲᠦᠮᠦᠪᠣᠣ ᠭᠡᠳᠡᠭ ᠰᠢᠷᠤᠢ ᠪᠠᠷ ᠪᠠᠷᠢᠭᠰᠠᠨ ᠪᠠᠬᠢᠯᠡᠯᠲᠡ ᠴᠠᠶᠢᠵᠠ ᠳᠤ ᠪᠦᠬᠦ ᠴᠡᠷᠢᠭ ᠢᠶᠠᠨ ᠰᠠᠭᠤᠯᠭᠠᠵᠤ ᠴᠡᠷᠢᠭ ᠬᠡᠷᠡᠭᠯᠡᠬᠦ ᠴᠡᠭᠡᠷ ᠢ ᠡᠪᠳᠡᠪᠡ᠃ ᠣᠰᠤ ᠶᠢ ᠨᠢ ᠳᠠᠰᠤᠯᠠᠭᠠᠳ ᠴᠡᠷᠢᠭ ᠤᠨ ᠰᠡᠳᠬᠢᠯ ᠰᠠᠮᠠᠭᠤᠷᠠᠵᠤ᠂ ᠡᠰᠡᠨ ᠤ ᠲᠠᠯᠪᠢᠵᠤ ᠦᠭᠭᠦᠭᠰᠡᠨ ᠵᠠᠢ ᠪᠠᠷ ᠳᠤᠲᠠᠭᠠᠬᠤ ᠭᠡᠵᠤ ᠪᠤᠯᠢᠶᠠᠯᠳᠤᠨ ᠳᠤᠲᠠᠭᠠᠭᠠᠳ ᠣᠯᠠᠨ ᠴᠡᠷᠢᠭ ᠨᠢ ᠬᠢᠰᠬᠢᠯᠳᠦᠵᠤ ᠦᠬᠦᠪᠡ᠃          ᠡᠰᠡᠨ ᠬᠡᠳᠦᠶᠢᠪᠡᠷ ᠨᠡᠨ ᠳᠠᠶᠢᠨ ᠳᠤ ᠰᠡᠶᠢᠳᠪᠦᠷᠢᠯᠡᠭᠴᠢ ᠴᠢᠨᠠᠷ ᠲᠠᠢ ᠢᠯᠠᠯᠲᠠ ᠶᠢ ᠣᠯᠤᠭᠰᠠᠨ ᠪᠤᠯᠪᠠᠴᠤ᠂ ᠬᠤᠵᠢᠮ ᠤᠨ ᠣᠯᠤᠰ ᠲᠦᠷᠤ ᠶᠢᠨ ᠲᠡᠮᠡᠴᠡᠭᠡᠨ ᠳᠤ ᠮᠢᠩ ᠣᠯᠤᠰ ᠲᠤ ᠢᠯᠠᠭᠳᠠᠵᠤ ᠣᠯᠤᠭᠰᠠᠨ ᠠᠰᠢᠭ ᠭᠡᠵᠤ ᠪᠠᠶᠢᠭᠰᠠᠨ ᠦᠭᠡᠢ ᠮᠦᠷᠲᠡᠭᠡᠨ᠂ ᠲᠠᠶᠢᠨ ᠠᠴᠠ ᠣᠯᠤᠭᠰᠠᠨ ᠠᠰᠢᠭ ᠢᠶᠠᠨ ᠴᠦ ᠠᠯᠳᠠᠬᠤ ᠳᠤ ᠬᠦᠷᠴᠤ᠂ ᠦᠪᠡᠷ ᠢᠶᠠᠨ ᠪᠦᠬᠦ ᠮᠣᠩᠭᠤᠯ ᠤᠨ ᠬᠠᠭᠠᠨ ᠰᠠᠭᠤᠭᠠᠳ᠂ ᠠᠮᠢ ᠪᠠᠨ ᠴᠦ  ᠠᠯᠳᠠᠵᠠᠢ᠃ ᠡᠨᠡ ᠨᠢ ᠡᠨᠡ ᠰᠡᠳᠦᠪ  ᠲᠠᠢ ᠳᠡᠮᠡᠢ ᠬᠤᠯᠪᠣᠭ᠎ᠠ ᠦᠭᠡᠢ ᠪᠤᠯᠬᠤᠷ ᠣᠯᠠᠨ ᠶᠠᠷᠢᠬᠤ ᠦᠭᠡᠢ᠃           ᠠᠷᠤ ᠭᠠᠵᠠᠷ ᠤᠨ ᠴᠡᠷᠢᠭ ᠡᠮᠦᠨᠡᠲᠤ ᠬᠢᠲᠠᠳ ᠣᠷᠤᠨ ᠤ ᠴᠡᠷᠢᠭ ᠢ ᠣᠯᠠᠩᠬᠢ ᠳᠠᠭᠠᠨ ᠳᠡᠶᠢᠯᠵᠤ᠂ ᠬᠠᠭᠠᠨ ᠢ ᠨᠢ ᠣᠯᠵᠠᠯᠠᠭᠰᠠᠨ ᠪᠤᠶᠤ ᠣᠯᠵᠠᠯᠠᠬᠤ ᠠᠯᠳᠠᠭᠰᠠᠨ ᠳᠠᠶᠢᠨ ᠳᠦᠷᠪᠡ ᠲᠠᠪᠤ ᠣᠳᠠᠭ᠎ᠠ ᠪᠤᠯᠤᠭᠰᠠᠨ ᠶᠤᠮ᠃ ᠡᠨᠡ ᠨᠢ᠄              1᠂  ᠪᠠᠢ ᠳ᠋ᠧᠩ ᠤᠨ ᠳᠠᠶᠢᠨ᠃          2᠂  ᠠᠯᠲᠠᠨ ᠣᠯᠤᠰ ᠤᠨ ᠴᠡᠷᠢᠭ ᠰᠦᠩ ᠣᠯᠤᠰ ᠤᠨ ᠾᠦᠢᠰᠦᠩ᠂ ᠴᠢᠨᠰᠦᠩ ᠬᠤᠶᠠᠷ ᠢ ᠣᠯᠵᠠᠯᠠᠨ ᠠᠪᠠᠴᠢᠭᠰᠠᠨ᠂ ᠬᠢᠲᠠᠳ ᠤᠨ ᠲᠡᠣᠬᠡᠨ ᠳᠤ ᠬᠡᠯᠡᠳᠡᠭ ︽ᠵᠢᠩ ᠺᠠᠩ ᠤᠨ ᠢᠴᠢᠭᠦᠷᠢ︾᠃              3᠂  ᠶᠤᠸᠠᠨ ᠣᠯᠤᠰ ᠤᠨ ᠬᠤᠪᠢᠯᠠᠢ ᠠᠴᠠ ᠰᠦᠩ ᠣᠯᠤᠰ ᠤᠨ ᠲᠠᠶᠢᠬᠡᠣ᠂ ᠲᠠᠶᠢᠽᠢ ᠶᠢ ᠣᠯᠵᠠᠯᠠᠭᠰᠠᠨ᠃              4᠂  ᠲᠦᠮᠦᠪᠣᠣ ᠶᠢᠨ ᠳᠠᠶᠢᠨ᠃              5᠂  ᠭᠠᠯᠲᠠᠨ ᠪᠤᠱᠤᠭᠠᠲᠤ ᠶᠢᠨ ᠴᠡᠷᠢᠭ ᠮᠠᠨᠵᠤ ᠶᠢᠨ ᠡᠩᠬᠡ ᠠᠮᠤᠭᠤᠯᠠᠩ ᠢ ᠪᠠᠷᠢᠬᠤ ᠠᠯᠳᠠᠭᠰᠠᠨ ᠵᠡᠷᠭᠡ ᠤᠳ ᠪᠤᠢ᠃          ᠡᠨᠡ ᠳᠤᠲᠤᠷ᠎ᠠ ᠡᠰᠡᠨ ᠠᠴᠠ ᠮᠢᠩ ᠣᠯᠤᠰ ᠤᠨ ᠢᠩᠽᠦ᠋ᠩ ᠢ ᠣᠯᠵᠠᠯᠠᠭᠰᠠᠨ ᠨᠢ ᠳᠤᠮᠳᠠ ᠣᠷᠴᠢᠮ  ᠢᠶᠠᠷ ᠣᠷᠤᠨ᠎ᠠ᠃ ᠣᠯᠵᠠᠯᠠᠬᠤ ᠨᠢ ᠣᠯᠵᠠᠯᠠᠭᠰᠠᠨ ᠪᠤᠯᠪᠠᠴᠤ ᠣᠯᠵᠠᠯᠠᠭᠰᠠᠨ ᠬᠠᠭᠠᠨ ᠢ ᠨᠢ ᠬᠦᠷᠭᠡᠵᠤ ᠦᠭᠬᠦ ᠭᠡᠳ ᠪᠤᠷᠤᠭᠤ ᠵᠠᠮ ᠢᠶᠠᠷ ᠶᠠᠪᠣᠵᠤ ᠴᠡᠷᠢᠭ ᠤᠨ ᠠᠰᠢᠭ ᠢ ᠠᠯᠳᠠᠭᠰᠠᠨ ᠨᠢ ᠣᠯᠤᠰ ᠲᠦᠷᠦ ᠶᠢᠨ ᠳᠠᠷᠢᠬᠢ ᠲᠤᠯᠤᠭᠠᠢ ᠪᠠᠷ ᠭᠤᠷᠢ ᠦᠭᠡᠢ ᠭᠡᠰᠡᠨ ᠢ ᠨᠢ ᠬᠡᠷᠡᠴᠢᠯᠡᠵᠤ ᠪᠠᠶᠢᠨ᠎ᠠ᠃ ᠮᠢᠩ ᠣᠯᠤᠰ ᠤᠨ ᠬᠠᠭᠠᠨ ᠢ ᠪᠠᠷᠢᠭᠠᠳ ᠮᠤᠬᠤᠷ ᠰᠠᠭᠦᠰᠠ ᠭᠡᠰᠡᠨ ᠨᠡᠷ᠎ᠡ ᠦᠭᠴᠤ ( ᠰᠠᠭᠦᠰᠠ ᠭᠡᠳᠡᠭᠡ ᠨᠢ ᠬᠢᠲᠠᠳ ᠤᠨ ᠰᠢᠶᠤᠣ ᠽᠢ ᠭᠡᠰᠡᠨ ᠦᠭᠡ᠃ ᠮᠤᠬᠤᠷ ᠬᠦᠦ ᠭᠡᠰᠡᠨ ᠦᠭᠡ )᠂ ᠮᠠᠯ ᠬᠠᠷᠢᠭᠤᠯᠤᠭᠤᠯᠵᠤ᠂ ᠮᠠᠭᠤᠬᠠᠢ ᠮᠣᠩᠭᠤᠯ ᠵᠠᠷᠤᠴᠠ ᠦᠬᠢᠨ ᠲᠠᠢ ᠪᠠᠨ ᠭᠡᠷᠯᠡᠭᠦᠯᠵᠠᠢ ᠭᠡᠰᠡᠨ ᠨᠢ ᠮᠣᠩᠭᠤᠯ ᠤᠨ ᠠᠷᠠᠳ ᠤᠨ ᠳᠤᠮᠳᠠ ᠡᠷᠲᠡ ᠠᠴᠠ ᠪᠠᠶᠢᠭᠰᠠᠨ ᠳᠤᠮᠤᠭ ᠢ ᠣᠯᠠᠷᠢᠭᠤᠯᠤᠨ ᠬᠡᠷᠡᠭᠯᠡᠭᠰᠡᠨ ᠲᠡᠳᠦᠶᠢᠯᠡ᠃ ︽ᠮᠠᠷᠺᠦ ᠫᠣᠯᠤ ᠶᠢᠨ ᠵᠢᠭᠤᠯᠴᠢᠯᠠᠯ ᠤᠨ ᠲᠡᠮᠳᠡᠭᠯᠡᠯ︾ ᠳᠤ ᠲᠡᠮᠳᠡᠭᠯᠡᠭᠰᠡᠨ ᠮᠣᠩᠭᠤᠯ ᠤᠨ ᠠᠷᠪᠠᠨ ᠬᠤᠶᠠᠷ ᠪᠠᠭᠠᠲᠤᠷ ᠠᠯᠲᠠᠨ ᠣᠯᠤᠰ ᠲᠤ ᠣᠴᠢᠵᠤ᠂ ᠬᠠᠭᠠᠨ ᠤ ᠢᠲᠡᠭᠡᠯ ᠢ ᠣᠯᠵᠤ ᠳᠠᠭᠠᠯᠲᠠ ᠴᠡᠷᠢᠭ ᠨᠢ ᠪᠤᠯᠤᠭᠠᠳ᠂ ᠵᠠᠪᠰᠢᠶᠠᠨ ᠢ ᠠᠰᠢᠭᠯᠠᠵᠤ ᠬᠠᠭᠠᠨ ᠢ ᠨᠢ ᠪᠠᠷᠢᠭᠠᠳ ᠠᠷᠤ ᠭᠠᠵᠠᠷ ᠢᠶᠠᠨ ᠠᠪᠠᠴᠢᠵᠤ ᠮᠠᠯ ᠬᠠᠷᠢᠭᠤᠯᠤᠭᠤᠯᠵᠤ ᠳᠤᠷᠤᠮᠵᠢᠯᠠᠯ᠎ᠠ ᠭᠡᠳᠡᠭ ᠲᠡᠮᠳᠡᠭᠯᠡᠯ ᠲᠠᠢ ᠨᠢ ᠶᠠᠭᠠᠬᠢᠬᠤ ᠶᠢᠨ ᠠᠷᠭ᠎ᠠ ᠦᠭᠡᠢ ᠳᠤᠬᠢᠷᠠᠵᠤ ᠪᠠᠶᠢᠭ᠎ᠠ ᠪᠠᠷ ᠦᠵᠡᠪᠡᠯ ᠮᠣᠩᠭᠤᠯ ᠣᠷᠤᠨ ᠳᠤ ᠡᠷᠲᠡᠨ ᠠᠴᠠ ᠡᠶᠢᠮᠤ ᠲᠤᠮᠤᠭ ᠪᠠᠶᠢᠭᠰᠠᠨ ᠪᠠᠶᠢᠵᠠᠢ᠃          ᠡᠰᠡᠨ ᠤ ᠡᠨᠡ ᠠᠯᠳᠠᠭ᠎ᠠ ᠶᠢ ᠪᠤᠳᠤᠪᠠᠯ᠂ ᠬᠤᠪᠢᠯᠠᠢ ᠠᠴᠠ ᠡᠮᠦᠨᠡᠲᠤ ᠰᠦᠩ ᠣᠯᠤᠰ ᠤᠨ ᠲᠠᠶᠢᠽᠢ ᠶᠢ ᠲᠦᠪᠡᠳ ᠲᠤ ᠣᠴᠢᠭᠤᠯᠵᠤ  ᠯᠠᠮ᠎ᠠ ᠪᠤᠯᠭᠠᠭᠰᠠᠨ ᠨᠢ ᠬᠠᠷᠢᠨ ᠶᠡᠭᠡ ᠡᠨᠡᠷᠢᠩᠭᠦᠢ ᠰᠠᠶᠢᠬᠠᠨ ᠢᠶᠠᠷ ᠰᠡᠶᠢᠳᠪᠦᠷᠢᠯᠡᠵᠠᠢ᠃ ᠠᠯᠲᠠᠨ ᠣᠯᠤᠰ ᠤᠨ ᠬᠢᠨ ᠬᠠᠷᠢᠨ ᠰᠦᠩ ᠣᠯᠤᠰ ᠤᠨ ᠬᠤᠶᠠᠷ ᠬᠠᠭᠠᠨ ᠢ ᠨᠢ ᠪᠠᠷᠢᠭᠠᠳ᠂ ᠪᠠᠶ᠎ᠠ ᠳᠤᠨᠢ ᠬᠤᠩᠬᠤ ᠴᠢᠩᠭᠢᠯᠵᠠᠭᠤᠷ ᠬᠠᠳᠠᠭᠠᠳ᠂ ᠭᠠᠤᠯᠢᠨ ᠬᠠᠨᠵᠤ ᠵᠤᠬᠢᠶᠠᠯᠭᠠᠵᠤ ᠬᠤᠷᠢᠭᠤᠯ ᠳᠤ ᠬᠢᠵᠤ ᠵᠤᠭᠰᠤᠭᠠᠭᠠᠳ᠂ ᠳᠤᠣᠷ᠎ᠠ  ᠠᠴᠠ ᠨᠢ ᠭᠠᠯ ᠬᠢᠵᠠᠢ᠃ ᠲᠡᠷᠡ ᠬᠤᠶᠠᠷ ᠬᠠᠭᠠᠨ ᠤ  ᠬᠦᠯ ᠨᠢ ᠬᠠᠯᠠᠵᠤ ᠦᠰᠦᠷᠬᠡᠶᠢᠯᠡᠬᠦ ᠳᠤ ᠬᠤᠩᠬᠤ ᠴᠢᠩᠬᠢᠯᠵᠠᠭᠤᠷ ᠳᠤᠣᠭᠠᠷᠴᠤ  ᠪᠦᠭᠦᠳᠡᠭᠡᠷ ᠨᠠᠶᠢᠷ ᠨᠠᠭᠠᠳᠤᠮ ᠬᠢᠵᠤ ᠬᠦᠭᠵᠢᠮ ᠪᠤᠯᠭᠠᠵᠤ ᠢᠨᠢᠶᠡᠯᠴᠡᠯ᠎ᠡ ᠭᠡᠳᠡᠭ᠃ ᠲᠡᠭᠡᠭᠡᠳ ᠡᠨᠡ ᠬᠤᠶᠠᠷ ᠬᠠᠭᠠᠨ ᠢ ᠡᠯᠳᠡᠪ ᠢᠶᠠᠷ ᠲᠠᠮᠤᠯᠠᠵᠤ ᠠᠯᠠᠭᠠᠳ ᠡᠮᠦᠨᠡᠲᠦ ᠰᠦᠩ ᠣᠯᠤᠰ ᠲᠤᠨᠢ ᠬᠡᠭᠦᠷ ᠢ ᠨᠢ ᠬᠦᠷᠭᠡᠵᠤ ᠦᠭᠴᠠᠢ᠃                 ᠵᠢᠷᠭᠤᠭ᠎ᠠ᠃ ᠴᠢᠩᠭᠢᠰ ᠬᠠᠭᠠᠨ ᠪᠠ  ᠮᠦᠳᠦ᠋ ᠴᠠᠨ ᠢᠣᠢ          ᠮᠢᠩᠭᠠᠨ ᠵᠢᠯ ᠤᠨ ᠡᠮᠦᠨ᠎ᠡ ᠬᠤᠶᠢᠨ᠎ᠠ ᠲᠡᠣᠬᠡᠨ ᠳᠠᠪᠴᠠᠩ ᠳᠤ ᠢᠯᠡᠷᠡᠭᠰᠡᠨ ᠡᠨᠡ ᠬᠤᠶᠠᠷ ᠠᠭᠤᠣ ᠬᠦᠮᠦᠨ ᠳᠤ ᠣᠯᠠᠨ ᠠᠳᠠᠯᠢ ᠲᠠᠯ᠎ᠠ ᠪᠠᠶᠢᠬᠤ ᠪᠢᠯᠡ᠃ ᠲᠡᠣᠬᠡ ᠶᠢᠨ ᠬᠤᠯᠠ ᠣᠶᠢᠷ᠎ᠡ ᠠᠴᠠ ᠪᠤᠯᠵᠤ ᠴᠢᠩᠭᠢᠰ ᠬᠠᠭᠠᠨ ᠤ ᠣᠶᠢᠯᠠ ᠶᠠᠪᠣᠳᠠᠯ ᠲᠤᠳᠤᠷᠬᠠᠢ ᠲᠡᠮᠳᠡᠭᠯᠡᠯ ᠲᠠᠢ ᠦᠯᠡᠳᠡᠭᠰᠡᠨ ᠪᠠᠶᠢᠬᠤ ᠳᠤ ᠮᠦᠳᠦ᠋ ᠴᠠᠨ ᠢᠣᠢ ᠶᠢᠨ ᠣᠶᠢᠯᠠ ᠶᠠᠪᠣᠳᠠᠯ ᠨᠢ ᠪᠠᠷᠤᠭ ᠪᠦᠷᠦᠭ᠂ ᠳᠠᠰᠤᠭ ᠪᠤᠰᠤᠭ ᠵᠦᠢᠯ ᠪᠤᠯᠵᠤ ᠲᠡᠮᠳᠡᠭᠯᠡᠭᠳᠡᠵᠠᠢ᠃ ᠲᠡᠭᠦᠨ ᠢᠶᠠᠷ ᠴᠦ ᠪᠠᠷᠠᠬᠤ ᠦᠭᠡᠢ ᠲᠡᠭᠦᠨ   ᠤ ᠳᠠᠶᠢᠰᠤᠨ ᠣᠯᠤᠰ ᠤᠨ ᠲᠡᠣᠬᠡᠴᠢᠨ ᠪᠢᠴᠢᠵᠤ ᠦᠯᠡᠳᠡᠭᠡᠭᠰᠡᠨ ᠣᠴᠢᠷ ᠲᠡᠣᠬᠡᠨ ᠦᠨᠡᠨ  ᠤ ᠲᠠᠯ᠎ᠠ ᠳᠤ ᠦᠨᠡᠮᠰᠢᠯ ᠤᠨ ᠬᠤᠪᠢ ᠨᠢ ᠪᠠᠭ᠎ᠠ ᠪᠠᠶᠢᠬᠤ ᠠᠵᠢ᠃ ᠭᠡᠪᠡᠴᠤ ᠳᠠᠰᠤᠭ ᠪᠤᠰᠤᠭ ᠲᠡᠣᠬᠡ ᠶᠢᠨ ᠲᠡᠮᠳᠡᠭᠯᠡᠯ ᠠᠴᠠ ᠦᠵᠡᠪᠡᠴᠤ ᠬᠤᠶᠠᠷ ᠬᠦᠮᠦᠨ ᠤ ᠭᠠᠶᠢᠬᠠᠯᠲᠠᠢ ᠠᠳᠠᠯᠢ ᠲᠠᠯ᠎ᠠ ᠶᠢ ᠣᠯᠵᠤ ᠬᠠᠷᠠᠨ᠎ᠠ᠃          1᠂  ᠬᠤᠶᠠᠭᠤᠯᠠ ᠪᠠᠨ ᠪᠦᠷ ᠭᠤᠣᠯ ᠬᠠᠲᠤᠨ ᠠᠴᠠ ᠲᠦᠷᠦᠭᠰᠡᠨ ᠪᠤᠰᠤ᠃  ᠮᠦᠳᠦ᠋ ᠴᠠᠨ ᠢᠣᠢ ᠲᠦᠮᠡᠨ ᠴᠠᠨ ᠢᠣᠢ ᠶᠢᠨ ᠪᠠᠭ᠎ᠠ ᠬᠠᠲᠤᠨ ᠠᠴᠠ ᠲᠦᠷᠦᠭᠰᠡᠨ ᠪᠦᠭᠡᠳ ᠲᠡᠷᠡ ᠨᠢ ᠲᠡᠭᠦᠨ ᠤ ᠪᠠᠷᠢᠴᠠᠭᠠᠨ ᠤ ᠬᠦᠮᠦᠨ ᠪᠤᠯᠬᠤ ᠬᠤᠪᠢ ᠲᠠᠪᠢᠯᠠᠩ ᠠᠪᠴᠢᠷᠠᠵᠤ ᠦᠭᠴᠠᠢ᠃ ᠴᠢᠩᠭᠢᠰ ᠬᠠᠭᠠᠨ ᠶᠢᠰᠦᠭᠡᠢ ᠪᠠᠭᠠᠲᠤᠷ ᠤᠨ ᠪᠤᠯᠢᠶᠠᠵᠤ ᠠᠪᠴᠢᠷᠠᠭᠰᠠᠨ ᠬᠠᠲᠤᠨ ᠠᠴᠠ ᠲᠦᠷᠦᠭᠰᠡᠨ ᠠᠴᠠ ᠭᠤᠣᠯ ᠬᠠᠲᠤᠨ ᠠᠴᠠ ᠲᠦᠷᠦᠭᠰᠡᠨ ᠪᠡᠭᠳᠡᠷ ᠤᠨ ᠭᠠᠳᠠᠭᠤᠷᠴᠢᠯᠠᠭ᠎ᠠ ᠳᠤ ᠣᠴᠠᠷᠠᠵᠠᠢ᠃ ︽ᠨᠢᠭᠤᠴᠠ ᠳᠤᠪᠴᠢᠶᠠᠨ︾ ᠳᠤ ᠦᠭᠡᠯᠦᠨ ᠦᠵᠢᠨ ᠭᠡᠵᠤ ᠪᠢᠴᠢᠳᠡᠭ ᠪᠦᠭᠡᠳ ᠶᠢᠰᠦᠭᠡᠢ ᠶᠢᠨ ᠨᠦᠭᠦᠭᠡ ᠬᠠᠲᠤᠨ ᠢ ᠨᠢ ᠰᠤᠴᠢᠭᠡᠯ ᠡᠬᠡ ᠭᠡᠵᠤ ᠬᠦᠨᠳᠦᠳᠬᠡᠯᠲᠠᠢ ᠲᠡᠮᠳᠡᠭᠯᠡᠭᠰᠡᠨ ᠪᠠᠶᠢᠳᠠᠭ᠃ ᠬᠤᠵᠢᠮ ᠴᠢᠩᠭᠢᠰ ᠤᠨ ᠶᠡᠭᠡ ᠬᠠᠲᠤᠨ ᠢ ︽ᠪᠦᠷᠢᠳᠡ ᠦᠵᠢᠨ︾ ᠭᠡᠵᠤ ᠳᠠᠭᠤᠳᠠᠳᠠᠭ ᠢ ᠦᠭᠡᠯᠦᠨ ᠡᠬᠡ ᠶᠢ ᠬᠦᠨᠳᠦᠳᠭᠡᠭᠰᠡᠨ ᠠᠴᠠ ᠪᠤᠯᠪᠠᠤ ᠭᠡᠵᠤ ᠪᠤᠳᠤᠨ᠎ᠠ᠃          2᠂   ᠬᠤᠶᠠᠭᠤᠯᠠ ᠪᠠᠨ ᠪᠦᠷ ᠵᠠᠯᠠᠭᠤ ᠨᠠᠰᠤᠨ ᠳᠤ ᠵᠤᠪᠠᠯᠠᠩ ᠳᠤ ᠳᠤᠬᠢᠶᠠᠵᠤ ᠪᠠᠷᠢᠴᠠᠭᠠᠯᠠᠭᠳᠠᠵᠠᠢ᠃ ᠮᠦᠳᠦ᠋ ᠴᠠᠨ ᠢᠣᠢ ᠶᠢ ᠷᠸᠤ ᡁᠢ ( ᠰᠠᠷᠳᠠᠭᠤᠯ ) ᠣᠯᠤᠰ ᠲᠤ ᠪᠠᠷᠢᠴᠠᠭᠠᠨ ᠤ ᠬᠦᠮᠦᠨ ᠢᠶᠠᠷ ᠶᠠᠪᠣᠭᠤᠯᠵᠤ᠂ ᠳᠠᠬᠢᠨ ᠰᠠᠷᠳᠠᠭᠤᠯ ᠢ ᠳᠠᠶᠢᠯᠠᠨ᠂ ᠠᠯᠠᠭᠤᠯᠬᠤ ᠪᠠᠷ ᠣᠷᠤᠯᠳᠤᠵᠠᠢ᠃ ᠴᠢᠩᠭᠢᠰ ᠬᠠᠭᠠᠨ ᠢ ᠲᠠᠶᠢᠴᠢᠭᠤᠳ ᠠᠶᠢᠮᠠᠭ  ᠤᠨ ᠬᠢᠨ ᠪᠠᠷᠢᠵᠤ ᠠᠪᠣᠭᠠᠳ ᠠᠶᠢᠯ ᠲᠤᠭᠤᠷᠢᠭᠤᠯᠤᠨ ᠵᠠᠰᠠᠭᠯᠠᠵᠠᠢ᠃ ᠭᠡᠪᠡᠴᠤ ᠬᠤᠶᠠᠷ ᠬᠦᠮᠦᠨ ᠴᠦᠮ ᠦᠪᠡᠷ ᠤᠨ ᠣᠶᠤᠨ ᠣᠬᠠᠭᠠᠨ ᠣᠷ᠎ᠠ ᠳᠠᠮ ᠢᠶᠠᠷ ᠢᠶᠠᠨ ᠭᠠᠶᠢᠬᠠᠯᠲᠠᠢ ᠮᠤᠯᠲᠤᠷᠠᠵᠠᠢ᠃  ᠮᠦᠳᠦ᠋ ᠴᠠᠨ ᠢᠣᠢ ᠮᠤᠷᠢ ᠪᠤᠯᠢᠶᠠᠵᠤ ᠣᠨᠣᠭᠠᠳ ᠳᠤᠲᠠᠭᠠᠵᠠᠢ᠃ ᠴᠢᠩᠭᠢᠰ ᠬᠠᠭᠠᠨ ᠪᠠᠰᠠ ᠰᠤᠷᠬᠠᠨ ᠰᠢᠷ᠎ᠠ ᠶᠢᠨ ᠳᠡᠮᠵᠢᠯᠭᠡ ᠪᠠᠷ ᠮᠤᠷᠢ ᠬᠦᠨᠡᠰᠤ ᠣᠯᠤᠭᠠᠳ ᠳᠤᠲᠠᠭᠠᠵᠤ ᠭᠠᠷᠴᠠᠢ᠃          3᠂  ᠬᠤᠶᠠᠭᠤᠯᠠ ᠪᠠᠨ ᠪᠦᠷ ᠡᠯᠢᠭᠡᠨ ᠰᠠᠳᠤᠨ ᠢᠶᠠᠨ ᠠᠯᠠᠵᠤ ᠪᠠᠶᠢᠭᠠᠳ ᠪᠠᠶᠢᠷᠢ ᠰᠠᠭᠤᠷᠢ ᠣᠯᠪᠠ᠃  ᠮᠦᠳᠦ᠋ ᠴᠠᠨ ᠢᠣᠢ ᠠᠴᠠ ᠳᠠᠭᠤᠲᠤ ᠵᠠᠪᠠ ᠶᠢ ᠡᠭᠦᠳᠴᠤ᠂ ᠴᠡᠷᠢᠭ ᠢᠶᠠᠨ ᠪᠤᠯᠪᠠᠰᠤᠷᠠᠭᠤᠯᠵᠤ ᠪᠠᠶᠢᠭᠠᠳ ᠦᠪᠡᠷ ᠤᠨ ᠠᠪᠤ ᠶᠢᠨ ᠢᠶᠠᠨ ᠠᠪᠠᠯᠠᠬᠤ ᠶᠢ ᠳᠤᠬᠢᠶᠠᠯᠳᠤᠭᠤᠯᠵᠤ  ᠬᠠᠷᠪᠣᠵᠤ ᠠᠯᠠᠭᠠᠳ ᠴᠠᠨ ᠢᠣᠢ ᠶᠢᠨ ᠴᠤᠯᠠ ᠶᠢ ᠨᠢ ᠵᠠᠯᠭᠠᠮᠵᠢᠯᠠᠪᠠ᠃ ᠴᠢᠩᠭᠢᠰ ᠬᠠᠭᠠᠨ ᠠᠴᠠ ᠦᠪᠡᠷ ᠤᠨ ᠳᠡᠭᠦᠦ ᠪᠡᠭᠳᠡᠷ ᠤᠨ ᠢᠶᠠᠨ ᠠᠮᠢ ᠶᠢ ᠬᠤᠷᠤᠭᠠᠵᠤ ᠭᠡᠷ ᠲᠦᠷᠦᠯ ᠤᠨ ᠳᠤᠲᠤᠷᠠᠬᠢ ᠪᠠᠶᠢᠷᠢ ᠰᠠᠭᠤᠷᠢ ᠪᠠᠨ ᠪᠠᠲᠤᠳᠬᠠᠪᠠ᠃ ︽ᠰᠤᠪᠢᠰᠢᠲᠠᠢ ᠶᠢᠨ ᠲᠠᠶᠢᠯᠪᠣᠷᠢ ᠴᠢᠨᠳᠠᠮᠤᠨᠢ  ᠶᠢᠨ ᠳᠦᠯᠬᠢᠭᠦᠷ︾ ᠳᠤ ᠲᠡᠮᠳᠡᠭᠯᠡᠭᠰᠡᠨ ᠠᠷᠤ ᠭᠠᠵᠠᠷ ᠮᠠᠭᠤ ᠳᠠᠭᠤᠲᠤ ᠲᠢᠪ ᠤᠨ ᠬᠠᠭᠠᠨ ᠤ ᠬᠦᠪᠡᠭᠦᠨ ᠠᠪᠤ ᠪᠠᠨ ᠠᠯᠠᠭᠠᠳ ᠳᠠᠶᠢᠰᠤᠨ ᠳᠠᠷᠤᠭᠰᠠᠨ ᠬᠡᠩᠭᠡᠷᠭᠡ ᠳᠡᠯᠡᠳᠦᠭᠰᠡᠨ ᠢᠶᠠᠷ ᠬᠠᠭᠠᠨ ᠰᠠᠭᠤᠷᠢᠨ ᠳᠤ ᠰᠠᠭᠤᠪᠠᠢ ᠭᠡᠰᠡᠨ ᠦᠯᠢᠭᠡᠷ  ᠨᠢ ᠮᠦᠨ ᠡᠨᠡᠬᠦ ᠮᠦᠳᠦ᠋ ᠴᠠᠨ ᠢᠣᠢ ᠶᠢᠨ ᠶᠠᠪᠣᠳᠠᠯ ᠢ ᠲᠡᠮᠳᠡᠭᠯᠡᠭᠰᠡᠨ ᠪᠤᠢ ᠢ ᠎ᠡ᠃ ᠲᠤᠬᠠᠢ ᠶᠢᠨ ᠦᠶ᠎ᠡ ᠳᠤ ᠡᠨᠡᠬᠦ ᠶᠠᠪᠣᠳᠠᠯ ᠨᠢ ᠮᠠᠭᠤ ᠪᠢᠰᠢ᠂ ᠬᠠᠷᠢᠨ ᠰᠠᠶᠢᠨ ᠡᠷ᠎ᠡ ᠶᠢᠨ ᠶᠠᠪᠣᠳᠠᠯ ᠢᠶᠠᠷ ᠦᠵᠡᠵᠤ ᠪᠠᠶᠢᠭᠰᠠᠨ ᠪᠠᠶᠢᠬ᠎ᠠ᠃ ᠲᠡᠮᠦᠵᠢᠨ  ᠤ ᠳᠡᠭᠦᠦ ᠪᠠᠨ ᠬᠤᠣᠷᠯᠠᠭᠰᠠᠨ ᠶᠠᠪᠣᠳᠠᠯ ᠨᠢ ᠴᠦ ᠲᠡᠭᠦᠨ ᠳᠤ ᠶᠠᠮᠠᠷᠴᠤ ᠮᠠᠭᠤ ᠨᠡᠷ᠎ᠡ᠂ ᠮᠠᠭᠤ ᠨᠦᠯᠦᠭᠡ ᠠᠪᠴᠢᠷᠠᠭᠰᠠᠨ ᠦᠭᠡᠢ ᠨᠢ ᠢᠯᠡᠬᠡᠨ᠃          4᠂  ᠬᠤᠶᠠᠭᠤᠯᠠ ᠶᠢᠨ ᠠᠷᠭ᠎ᠠ ᠪᠤᠳᠤᠯᠭ᠎ᠠ ᠠᠳᠠᠯᠢᠪᠲᠤᠷ᠃ ᠮᠦᠳᠦ᠋ ᠴᠠᠨ ᠢᠣᠢ ᠳᠤᠷᠤᠢ ᠪᠠᠭᠤᠷᠠᠢ ᠪᠠᠶᠢᠳᠠᠯ ᠭᠠᠷᠭᠠᠵᠤ ᠪᠠᠶᠢᠭᠠᠳ ᠳᠠᠶᠢᠰᠤᠨ ᠡᠲᠡᠭᠡᠳ ᠢᠶᠠᠨ ᠲᠦᠭᠡᠷᠢᠭᠳᠡᠭᠦᠯᠵᠤ ᠪᠠᠶᠢᠭᠠᠳ ᠳᠠᠷᠤᠪᠠ᠃ ᠲᠡᠮᠦᠵᠢᠨ  ᠠᠴᠠ ᠳᠤᠣᠭᠤᠷ ᠬᠠᠷᠠᠵᠤ ᠳᠤᠷᠤᠢ ᠳᠤᠣᠭᠠᠷᠤᠨ ᠵᠠᠮᠤᠬ᠎ᠠ ᠪᠡ ᠬᠡᠷᠡᠶᠢᠳ ᠤᠨ ᠲᠤᠭᠤᠷᠢᠯ ᠬᠠᠭᠠᠨ ᠢ ᠴᠡᠷᠢᠭ ᠭᠠᠷᠭᠠᠭᠤᠯᠵᠤ ᠪᠠᠶᠢᠭᠠᠳ ᠮᠡᠷᠭᠢᠳ ᠢ ᠲᠠᠶᠢᠯᠠᠵᠤ ᠡᠬᠢᠨ ᠤ ᠣᠯᠤᠰ ᠲᠦᠷᠤ ᠶᠢᠨ ᠡᠬᠡ ᠪᠡᠯᠠ ᠪᠠᠨ ᠣᠯᠵᠤ ᠴᠡᠷᠢᠭ  ᠲᠠᠢ ᠪᠤᠯᠪᠠ᠃ ᠸᠠᠩ ᠬᠠᠨ ᠢ ᠰᠠᠶᠢᠬᠠᠨ ᠦᠭᠡ ᠪᠠᠷ ᠢᠯᠢᠵᠤ ᠪᠠᠶᠢᠭᠠᠳ ᠲᠦᠭᠡᠷᠢᠭᠳᠡᠭᠦᠯᠵᠤ ᠪᠦᠰᠡᠯᠡᠵᠤ ᠠᠪᠣᠭᠠᠳ ᠳᠠᠷᠤᠵᠤ ᠮᠣᠩᠭᠤᠯ ᠠᠶᠢᠮᠠᠭ ᠢ ᠨᠢᠭᠡᠳᠬᠡᠬᠦ ᠭᠤᠣᠯ ᠠᠯᠬᠤᠮ ᠢ ᠠᠯᠬᠤᠪᠠ᠃          5᠂  ᠬᠤᠶᠠᠷ ᠤᠨ ᠴᠡᠷᠢᠭ ᠬᠡᠷᠡᠭᠯᠡᠵᠤ ᠳᠠᠶᠢᠯᠠᠭᠰᠠᠨ ᠳᠠᠶᠢᠯᠠᠯᠲᠠ ᠶᠢᠨ ᠪᠤᠳᠤᠯᠭ᠎ᠠ ᠨᠢ ᠠᠳᠠᠯᠢ᠃ ᠣᠯᠤᠰ ᠦᠨᠳᠦᠰᠦᠲᠡᠨ ᠢᠶᠠᠨ ᠨᠢᠭᠡᠳᠭᠡᠭᠰᠡᠨ ᠤ ᠰᠡᠭᠦᠯᠡᠷ ᠡᠮᠦᠨᠡᠰᠢ ᠪᠠᠶᠢᠯᠳᠤᠵᠤ ᠢᠯᠠᠭᠠᠳ ᠳᠠᠬᠢᠨ ᠪᠠᠷᠭᠤᠨᠰᠢ ᠴᠡᠷᠢᠭ ᠣᠷᠤᠵᠤ ᠪᠠᠷᠠᠭᠤᠨᠳᠡᠬᠢ ᠣᠯᠤᠰ ᠢᠶᠠᠨ ᠡᠷᠬᠡᠰᠢᠶᠡᠯ ᠳᠡᠭᠡᠨ ᠣᠷᠤᠭᠤᠯᠵᠠᠢ᠃  ᠮᠦᠳᠦ᠋ ᠴᠠᠨ ᠢᠣᠢ ᠯᠢᠣ ᠪᠠᠩ  ᠤᠨ ᠭᠤᠴᠢᠨ ᠲᠦᠮᠡᠨ ᠴᠡᠷᠢᠭ ᠢ ᠳᠠᠷᠤᠭᠰᠠᠨ ᠤ ᠰᠡᠭᠦᠯᠡᠷ ᠪᠠᠷᠭᠤᠨᠰᠢ ᠷᠸᠤ ᡁᠢ (ᠰᠠᠷᠳᠠᠭᠤᠯ ) ᠣᠯᠤᠰ ᠢ ᠳᠠᠶᠢᠯᠡᠵᠤ ᠮᠦᠬᠦᠭᠡᠵᠠᠢ᠃ ᠴᠢᠩᠭᠢᠰ ᠬᠠᠭᠠᠨ ᠠᠯᠲᠠᠨ ᠣᠯᠤᠰ ᠢ ᠳᠠᠶᠢᠯᠠᠵᠤ ᠳᠡᠶᠢᠯᠦᠭᠰᠡᠨ ᠤ ᠰᠡᠭᠦᠯᠡᠷ ᠪᠠᠷᠭᠤᠨᠰᠢ ᠬᠤᠸ᠋ᠷᠰᠧᠮ ᠣᠯᠤᠰ ᠢ ᠮᠦᠬᠦᠭᠡᠵᠠᠢ᠃ ᠡᠨᠡ ᠨᠢ ᠲᠡᠣᠬᠡᠨ ᠠᠴᠠ ᠪᠠᠲᠤᠯᠠᠭᠳᠠᠭᠰᠠᠨ ᠮᠣᠩᠭᠤᠯ ᠤᠨ ᠦᠨᠳᠦᠷᠯᠢᠭ ᠲᠤ ᠣᠯᠤᠰ ᠪᠠᠶᠢᠭᠤᠯᠵᠤ ᠴᠡᠷᠢᠭ ᠢᠯᠡᠬᠤ ᠵᠦᠪ ᠪᠤᠳᠤᠯᠭ᠎ᠠ ᠴᠦ ᠪᠤᠯᠪᠠᠤ᠃          6᠂  ᠬᠤᠶᠠᠷ ᠤᠨ ᠠᠮᠢᠳᠤ ᠰᠡᠷᠢᠭᠦᠨ ᠪᠠᠶᠢᠬᠤ ᠳᠠᠭᠠᠨ ᠬᠦᠷᠦᠭᠰᠡᠨ ᠭᠠᠵᠠᠷ ᠪᠠ ᠪᠤᠳᠠᠲᠠᠢ ᠪᠠᠷ ᠡᠵᠡᠮᠰᠢᠭᠰᠡᠨ ᠨᠣᠲᠤᠭ ᠳᠡᠪᠢᠰᠭᠡᠷ ᠨᠢ ᠣᠶᠢᠷᠠᠯᠴᠠᠭ᠎ᠠ᠃                                               ( ᠦᠷᠭᠦᠯᠵᠢᠯᠡᠯ ᠪᠤᠢ )                                                        
 
ᠢᠷᠡᠯᠲᠡ᠄ ᠰᠠᠯᠬᠢᠨ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备07002090号