ᠵᠦᠡᠭᠭᠠᠷ  ᠬᠠᠭᠠᠨᠳᠦ  ᠤᠯᠤᠰ  ᠤᠨ  ᠦᠶ᠎ᠡ  ᠶᠢᠨ  ᠴᠢᠷᠡᠭ ᠲᠠᠶᠢᠨ ᠤ  ᠡᠷᠳᠡᠮᠳᠡᠨ  ᠶᠡᠭᠡ  ᠴᠠᠷᠢᠩᠳᠤᠨᠳᠤᠪ  ᠤᠨ  ᠲᠤᠬᠠᠢ  ᠦᠭᠦᠯᠡᠬᠦ ᠨᠢ
ᠨᠡᠶᠢᠲᠡᠯᠡᠭᠰᠡᠨ ᠴᠠᠭ᠄
2020-07-01
   ᠵᠦᠩᠭᠠᠷ  ᠬᠠᠭᠠᠨᠳᠦ  ᠤᠯᠤᠰ   ᠤᠨ  ᠦᠶ᠎ᠡ   ᠳᠤ  ᠶᠡᠭᠡ  ᠂ ᠪᠠᠭ᠎ᠠ  ᠬᠤᠶᠠᠷ  ᠴᠠᠷᠢᠩᠳᠤᠨᠳᠤᠪ  ᠬᠡᠮᠡᠬᠦ  ᠰᠢᠯᠭᠠᠷᠠᠭᠰᠠᠨ  ᠪᠠᠭᠠᠳᠦᠷ  ᠡᠷ᠎ᠡ  ᠪᠠᠶᠢᠵᠦ  ᠴᠠᠸᠠᠨᠷᠠᠪᠳᠠᠨ  ᠂  ᠭᠠᠯᠳᠠᠨᠴᠢᠷᠡᠩ  ᠬᠤᠶᠠᠷ  ᠬᠠᠭᠠᠨ   ᠳᠤ  ᠬᠦᠴᠦᠨ   ᠢᠶᠠᠨ ᠡᠷᠭᠦᠵᠦ  ᠪᠠᠶᠢᠭᠰᠠᠨ  ᠂  ᠠᠳᠡ  ᠶᠡᠭᠡ  ᠴᠠᠷᠢᠩᠳᠤᠨᠳᠤᠪ   ᠤᠨ  ᠲᠤᠬᠠᠢ  ᠴᠤᠬᠤᠯᠠᠨ  ᠲᠡᠮᠳᠡᠭᠯᠡᠵᠦ   ᠤᠩᠰᠢᠭᠴᠢ  ᠲᠠᠨᠠᠷ   ᠲᠤ  ᠲᠤᠯᠢᠯᠠᠭᠤᠯᠬᠤ   ᠶᠢ  ᠬᠦᠰᠡᠯ᠎ᠡ  ᠃   ᠶᠡᠭᠡ  ᠴᠢᠷᠠᠩᠳᠤᠨᠳᠤᠪ   ᠨᠢ  ᠵᠤᠷᠢᠭ  ᠤᠬᠠᠭᠠᠨ  ᠬᠤᠤᠰᠯᠠᠭᠰᠠᠨ  ᠬᠦᠮᠦᠨ  ᠮᠦᠷᠳᠡᠭᠡᠨ  ᠪᠠᠭ᠎ᠠ   ᠳᠠᠭᠠᠨ   ᠵᠠᠰᠢᠯᠤᠩᠪᠤ  ᠭᠡᠶᠢᠳ   ᠲᠤ   ᠱᠠᠪᠢᠯᠠᠨ  ᠰᠠᠭᠤᠵᠦ᠂  ᠲᠦᠪᠡᠳ   ᠤᠨ  ᠪᠠᠶᠢᠳᠠᠯ   ᠢ  ᠰᠠᠶᠢᠨ  ᠤᠶᠢᠯᠭᠠᠳᠠᠭ  ᠃  ᠲᠠᠷᠡᠪᠡᠷ  ᠵᠦᠩᠭᠠᠷ   ᠤᠨ  ᠬᠤᠶᠠᠷ  ᠦᠶ᠎ᠡ   ᠶᠢᠨ  ᠬᠠᠭᠠᠨ   ᠳᠤ  ᠬᠦᠴᠦᠨ   ᠢᠶᠠᠨ ᠡᠷᠭᠦᠵᠦ  ᠡᠮᠦᠨᠡᠰᠢ  ᠲᠦᠪᠡᠳ   ᠢ  ᠲᠠᠶᠢᠯᠠᠨ  ᠂  ᠪᠠᠷᠠᠭᠤᠨᠰᠢ  ᠬᠠᠰᠠᠭ   ᠢ  ᠰᠡᠷᠭᠡᠶᠢᠯᠡᠨ  ᠂   ᠤᠮᠠᠷᠠᠰᠢ  ᠤᠷᠤᠰ   ᠢ  ᠬᠤᠷᠢᠭᠯᠠᠨ  ᠂  ᠵᠡᠭᠦᠨᠰᠢ  ᠲᠠᠶᠢᠴᠩ  ᠭᠦᠷᠦᠨ   ᠲᠠᠢ  ᠲᠠᠶᠢᠳᠦᠨ  ᠂ ᠲᠤᠳᠤᠭᠠᠳᠦ   ᠲᠠᠭᠠᠨ  ᠬᠠᠭᠠᠨ ᠤ  ᠲᠦᠪ ᠡᠷᠬᠡ   ᠶᠢ  ᠬᠠᠮᠠᠭᠠᠯᠵᠤ  ᠪᠠᠶᠢᠵᠠᠢ  ᠃     ᠠᠷᠪᠠᠨ  ᠨᠠᠶᠢᠮᠠᠳᠤᠭᠠᠷ  ᠵᠠᠭᠤᠨ   ᠤ  ᠡᠬᠢᠨ   ᠳᠤ  ᠬᠤᠱᠤᠳ    ᠮᠤᠩᠭᠤᠯ   ᠤᠨ  ᠬᠠᠷᠢᠶᠠᠨ   ᠳᠤ  ᠪᠠᠶᠢᠭᠰᠠᠨ  ᠬᠦᠬᠡᠨᠨᠠᠭᠤᠷ  ᠲᠦᠪᠡᠳ   ᠤᠨ   ᠵᠢᠩᠬᠢᠨᠠᠢ  ᠬᠠᠭᠤᠷᠮᠠᠭ  ᠲᠠᠯᠠᠢ  ᠯᠠᠮᠠ   ᠶᠢᠨ  ᠲᠤᠬᠠᠢ  ᠮᠠᠷᠭᠤᠭᠠᠨ ᠡᠭᠦᠰᠴᠦ᠂  1706 ᠤᠨ   ᠳᠤ   ᠳ᠋ᠢᠪᠠ ᠰᠠᠭᠵᠠᠶᠢᠵᠠᠮᠰᠦ   ᠶᠢᠨ   ᠲᠤᠳᠤᠯᠠᠭᠰᠠᠨ  ᠽᠠᠶᠠᠩᠵᠠᠮᠰᠦ   ᠶᠢ  ᠯᠠᠽᠠᠩ  ᠬᠠᠭᠠᠨ  ᠪᠡᠭᠡᠵᠢᠩ  ᠵᠦᠭ  ᠴᠢᠷᠡᠭ   ᠢᠶᠠᠷ  ᠬᠦᠷᠭᠡᠬᠦ  ᠵᠠᠮ  ᠲᠤᠮᠳᠠ  ᠲᠡᠭᠷᠢ ᠳᠤ    ᠬᠠᠯᠢᠭᠰᠠᠨ ᠤ ᠲᠠᠷᠠᠭ᠎ᠠ   ᠯᠠᠽᠠᠩ  ᠬᠠᠭᠠᠨ  ᠢᠯᠡᠷᠡᠭᠦᠯᠵᠦ   ᠴᠢᠩ   ᠤᠨ  ᠲᠦᠷᠦ  ᠮᠡᠳᠡᠷᠡᠭᠰᠡᠨ  ᠢᠰᠢᠵᠠᠮᠰᠦ   ᠲᠠᠯᠠᠢ  ᠯᠠᠮᠠ  ᠰᠠᠭᠤᠷᠢᠨ    ᠳᠤ  ᠵᠠᠯᠠᠷᠠᠭᠰᠠᠨ   ᠢ  ᠲᠦᠪᠡᠳ   ᠤᠨ  ᠬᠠᠷ᠎ᠠ ᠰᠢᠷ᠎ᠠ   ᠶᠢᠨ  ᠡᠳᠡᠭᠡᠳ   ᠤᠨ  ᠬᠢᠨᠢ  ᠪᠦᠬᠦᠨ   ᠢᠶᠠᠷ   ᠢᠶᠠᠨ  ᠬᠠᠭᠤᠷᠮᠠᠭ ᠭᠡᠵᠦ ᠦᠵᠡᠵᠠᠢ  ᠃ 1708 ᠤᠨ   ᠳᠤ  ᠯᠢᠳᠠᠩ  ᠭᠠᠵᠠᠷ  ᠰᠤᠨᠤᠮᠳᠤᠷᠵᠢ  ᠭᠡᠭᠴᠢ   ᠬᠦᠮᠦᠨ ᠠᠴᠠ  ᠭᠠᠶᠢᠬᠠᠮᠰᠢᠭᠳᠦ  ᠬᠦᠪᠡᠭᠦᠨ  ᠮᠡᠨᠳᠦᠯᠡᠭᠰᠡᠨ   ᠢ  ᠬᠠᠮ   ᠤᠷᠤᠨ   ᠤ  ᠠᠰᠤᠷᠤ  ᠨᠦᠯᠦᠭᠡ ᠲᠠᠢ  ᠹᠯᠠᠮ᠎ᠠ  ᠲᠡᠭᠦᠨ   ᠳᠤ  ᠭᠠᠯᠰᠠᠩᠵᠠᠮᠰᠦ  ᠭᠡᠭᠴᠢ ᠨᠡᠷ᠎ᠡ  ᠬᠠᠶᠢᠷᠯᠠᠵᠠᠢ  ᠃ 1714  ᠤᠨ   ᠳᠤ  ᠬᠦᠬᠡᠨᠨᠠᠭᠤᠷ   ᠤᠨ  ᠤᠯᠠᠨ ᠲᠠᠶᠢᠵᠢ  ᠨᠠᠷ   ᠴᠠᠭᠠᠨ  ᠲᠤᠯᠤᠭᠠᠢ  ᠭᠡᠬᠦ ᠭᠠᠵᠠᠷ ᠴᠤᠭᠯᠠᠭᠠᠨ ᠪᠤᠯᠵᠦ  ᠭᠠᠯᠰᠠᠩᠵᠠᠮᠰᠦ   ᠶᠢ  ᠽᠠᠶᠠᠩᠵᠠᠮᠰᠦ   ᠶᠢᠨ  ᠬᠤᠪᠢᠯᠭᠠᠨ   ᠬᠡᠮᠡᠨ  ᠮᠡᠳᠡᠷᠡᠨ  ᠲᠡᠳᠬᠦᠵᠦ  ᠪᠡᠭᠡᠵᠢᠩ ᠵᠦᠭ  ᠬᠠᠮᠳᠦᠷᠠᠭᠰᠠᠨ  ᠠᠶᠢᠯᠠᠳᠬᠠᠯ   ᠡᠷᠭᠦᠭᠡᠳ ᠴᠢᠩ   ᠤᠨ  ᠲᠦᠷᠦ   ᠶᠢᠨ  ᠲᠡᠮᠵᠢᠯᠭᠡ ᠶᠢ  ᠤᠯᠤᠭᠰᠠᠨ ᠦᠭᠡᠢ   ᠳᠤ  ᠵᠦᠩᠭᠠᠷ     ᠲᠤ   ᠬᠦᠰᠡᠯ  ᠨᠠᠶᠢᠳᠠᠯ   ᠢᠶᠠᠨ  ᠲᠠᠯᠪᠢᠵᠠᠢ  ᠃1715 ᠤᠨ   ᠤ ᠬᠠᠪᠤᠷ  ᠲᠦᠪᠡᠳ   ᠤᠨ  ᠰᠢᠷ᠎ᠠ   ᠶᠢᠨ  ᠭᠤᠷᠪᠠᠨ  ᠬᠡᠶᠢᠳ  ᠪᠤᠯᠤᠨ  ᠬᠦᠬᠡᠨᠡᠭᠤᠷ   ᠤᠨ  ᠲᠠᠶᠢᠵᠢ  ᠨᠠᠷ   ᠵᠦᠩᠭᠠᠷ   ᠲᠤ  ᠤᠳᠠᠭ᠎ᠠ ᠲᠠᠷᠠᠭᠠᠨᠯᠠᠨ  ᠬᠦᠮᠦᠨ ᠢᠯᠭᠡᠵᠦ  ᠭᠠᠯᠰᠠᠩᠵᠠᠮᠰᠦ   ᠶᠢ  ᠲᠡᠳᠬᠦᠨ  ᠰᠢᠷᠡᠭᠡᠨ   ᠳᠤ  ᠰᠠᠭᠤᠯᠭᠠᠬᠤ   ᠶᠢ  ᠴᠠᠸᠠᠩᠷᠠᠪᠳᠠᠨ   ᠳᠤ  ᠭᠤᠶᠤᠴᠢᠯᠠᠵᠠᠢ  ᠃  ᠰᠢᠷ᠎ᠠ   ᠶᠢᠨ  ᠱᠠᠰᠢᠨ   ᠢ  ᠲᠡᠳᠬᠦᠨ  ᠵᠢᠩᠨᠠᠢ ᠲᠠᠯᠠᠢ  ᠯᠠᠮᠠ   ᠶᠢ ᠰᠢᠷᠡᠭᠡᠨ ᠳᠤ  ᠰᠠᠭᠤᠯᠭᠠᠬᠤ   ᠨᠢ  ᠲᠦᠢᠯ   ᠤᠨ  ᠴᠢᠬᠤᠯᠠ  ᠭᠡᠵᠦ  ᠦᠵᠡᠭᠰᠡᠨ  ᠴᠠᠸᠠᠩᠷᠠᠪᠳᠠᠨ  ᠬᠠᠭᠠᠨ  ᠪᠤᠯᠭᠤᠮᠵᠢᠳᠠᠢ  ᠤᠪᠤᠷ   ᠢᠶᠠᠷ ᠬᠦᠯᠢᠶᠡᠵᠦ ᠠᠪᠴᠠᠢ  ᠃1715 ᠣᠨ   ᠤ ᠪᠢᠯᠢᠩ   ᠤᠨ  ᠤᠯᠠᠷᠢᠯ   ᠤᠨ 3 ᠰᠠᠷ᠎ᠠ ᠳᠤ ᠲᠦᠪᠡᠳ  ᠵᠦᠭ ᠴᠢᠷᠭ  ᠤᠷᠤᠬᠤ  ᠵᠠᠮ   ᠢ   ᠲᠤᠷᠰᠢᠨ  ᠴᠢᠩ   ᠤᠨ  ᠬᠦᠴᠦᠨ   ᠢ  ᠲᠡᠩᠰᠡᠬᠦ   ᠶᠢᠨ   ᠲᠦᠯᠦᠭᠡ  ᠶᠡᠭᠡ ᠴᠠᠷᠢᠩᠳᠤᠨᠳᠤᠪ    ᠵᠠᠷᠯᠢᠭ   ᠢᠶᠠᠷ  ᠬᠤᠶᠠᠷ  ᠮᠢᠩᠭᠠᠨ ᠴᠢᠷᠡᠭ  ᠲᠠᠶᠢᠴᠢᠯᠠᠨ  ᠬᠠᠮᠢ   ᠶᠢᠨ  ᠠᠷᠦ  ᠬᠢᠯᠢ   ᠳᠠᠬᠢ ᠲᠠᠪᠤᠨ   ᠵᠢᠵᠢᠭ ᠪᠠᠯᠭᠠᠰᠤ   ᠶᠢ  ᠪᠠᠶᠢᠯᠳᠤᠨ  ᠡᠵᠡᠯᠡᠪᠡ  ᠃ ᠴᠢᠨᠠᠭᠰᠢᠳᠠᠨ  ᠬᠠᠮᠢ  ᠬᠤᠳᠠ   ᠶᠢ  ᠪᠦᠰᠡᠯᠡᠨ  ᠲᠠᠶᠢᠴᠢᠩ  ᠤᠯᠤᠰ   ᠤᠨ  ᠴᠢᠷᠡᠭ   ᠤᠨ  ᠬᠦᠴᠦ   ᠶᠢ  ᠠᠵᠢᠭᠯᠠᠵᠠᠢ  ᠃     ᠲᠡᠭᠡᠭᠡᠳ   ᠴᠢᠩ   ᠤᠨ  ᠴᠢᠷᠡᠭ  ᠨᠢᠭᠡᠨᠳᠡ  ᠬᠦᠬᠡᠨᠡᠭᠤᠷ  ᠵᠦᠭ  ᠨᠡᠪᠳᠡᠷᠡᠬᠦ  ᠵᠠᠮ   ᠢ   ᠬᠠᠭᠠᠭᠰᠠᠨ   ᠢ  ᠤᠶᠢᠯᠭᠠᠵᠠᠢ    ᠃1716 ᠤᠨ   ᠤ  ᠪᠢᠯᠢᠭ   ᠤᠨ  ᠤᠯᠠᠷᠢᠯ   ᠤᠨ 10 ᠰᠠᠷ᠎ᠠ   ᠳᠤ  ᠂   ᠶᠡᠭᠡ  ᠴᠠᠷᠢᠩᠳᠤᠨᠳᠤᠪ ᠤᠷᠢᠶᠠᠩᠬᠠᠢ  ᠡᠷᠡᠰ   ᠢᠶᠠᠷ ᠭᠤᠤᠯᠯᠠᠭᠰᠠᠨ 6000 ᠮᠢᠩᠭᠠᠨ  ᠴᠢᠷᠡᠭ   ᠢ ᠠᠵᠢᠷᠭ᠎ᠠ ᠤᠨᠤᠭᠤᠯᠵᠤ    ᠂ ᠬᠠᠰᠠᠭ   ᠢ   ᠲᠠᠶᠢᠯᠠᠬᠤ  ᠬᠡᠮᠡᠨ  ᠠᠯᠳᠠᠷᠰᠢᠭᠤᠯᠠᠨ  ᠪᠤᠷᠦ ᠲᠠᠯ᠎ᠠ ᠠᠴᠠ   ᠮᠤᠷᠳᠠᠨ   ᠭᠠᠷᠴᠦ  ᠲᠡᠭᠷᠢ  ᠠᠭᠤᠯᠠ  ᠂  ᠲᠠᠷᠢᠮ  ᠤᠨ  ᠬᠤᠳᠤᠭᠤᠷ   ᠢ  ᠲᠤᠭᠤᠯᠵᠤ  ᠂   ᠴᠠᠰᠤ  ᠮᠦᠰᠦᠨ   ᠳᠤ  ᠬᠤᠴᠢᠭᠳᠠᠭᠰᠠᠨ ᠺᠦᠨᠯᠦᠨ  ᠠᠭᠤᠯᠠ     ᠶᠢ   ᠠᠮᠢ ᠲᠡᠮᠡᠴᠡᠨ ᠬᠦᠨᠳᠡᠯᠡᠨ   ᠲᠤᠭᠤᠯᠠᠵᠤ  ᠲᠦᠪᠡᠳ   ᠲᠤ  ᠤᠷᠤᠵᠠᠢ  ᠃ ᠶᠡᠭᠡ  ᠴᠠᠷᠢᠩᠳᠤᠨᠳᠤᠪ  ᠲᠦᠪᠡᠳ   ᠤᠷᠤᠭᠰᠠᠨ   ᠤ  ᠲᠠᠷᠠᠭ᠎ᠠ  ᠴᠢᠷᠡᠭ   ᠤᠨ  ᠲᠠᠭᠠᠷᠢᠯᠳᠠ  ᠬᠢᠬᠦ   ᠶᠢ  ᠶᠠᠭᠠᠷᠠᠭᠰᠠᠨ  ᠦᠭᠡᠢ  ᠃  ᠬᠠᠷᠢᠨ  ᠳ᠋ᠠᠮ   ᠤᠷᠤᠨ   ᠳᠤ  ᠴᠡᠷᠢᠭ  ᠲᠦᠪᠯᠡᠷᠡᠭᠦᠯᠦᠨ  ᠤᠯᠤᠰ  ᠲᠦᠷᠦ   ᠶᠢᠨ  ᠤᠪ ᠮᠡᠭᠡ ᠪᠠ ᠱᠠᠰᠢᠨ   ᠤ  ᠬᠦᠴᠦᠨ ᠢ  ᠤᠷᠠᠨ   ᠢᠶᠠᠷ  ᠠᠰᠢᠭᠯᠠᠵᠦ  ᠂ ᠲᠦᠪᠡᠳ   ᠤᠨ  ᠰᠢᠷ᠎ᠠ   ᠶᠢᠨ  ᠱᠠᠰᠢᠨ   ᠤ ᠲᠠᠯ᠎ᠠ ᠶᠢᠨ  ᠬᠢᠨᠢ  ᠭᠤᠷᠪᠠᠨ ᠭᠡᠶᠢᠳ   ᠤᠨ  ᠬᠦᠴᠦᠳᠠᠢ   ᠲᠡᠮᠵᠢᠯᠭᠡ   ᠶᠢ  ᠤᠯᠵᠠᠢ  ᠃ ᠲᠦᠪᠡᠳ  ᠤᠨ  ᠲᠠᠯ᠎ᠠ   ᠶᠢᠨ  ᠬᠢᠨᠢ ᠵᠠᠩᠵᠤᠨ  ᠹᠤᠯᠤᠨᠢ   ᠶᠢ ᠲᠤᠮᠢᠯᠠᠨ  ᠳ᠋ᠠᠩ ᠰᠢᠶᠦᠩ  ᠬᠡᠮᠡᠬᠦ ᠭᠠᠵᠠᠷ   ᠵᠦᠩᠭᠠᠷ ᠴᠢᠷᠡᠭ  ᠲᠠᠢ  ᠪᠠᠶᠢᠯᠳᠤᠭᠠᠳ   ᠢᠯᠠᠭᠳᠠᠭᠰᠠᠨ   ᠳᠤ    ᠯᠠᠽᠠᠩ  ᠬᠠᠭᠠᠨ  ᠮᠡᠩᠳᠡᠵᠦ  ᠵᠠᠰᠢᠯᠤᠩᠪᠤ  ᠭᠡᠶᠢᠳ   ᠤᠨ  ᠪᠠᠨᠴᠢᠨ ᠡᠷᠳᠡᠨᠢ ᠶᠢ  ᠵᠠᠯᠠᠵᠦ  ᠲᠡᠭᠦᠨ ᠤ   ᠱᠠᠪᠢ  ᠪᠤᠯᠬᠤ ᠶᠡᠭᠡ  ᠴᠠᠷᠢᠩᠳᠤᠨᠳᠤᠪ   ᠢ  ᠢᠳᠬᠠᠨ  ᠬᠤᠷᠢᠭᠯᠠᠭᠤᠯᠵᠠᠢ  ᠃  ᠭᠡᠬᠦ   ᠳᠤ ᠶᠡᠭᠡ ᠴᠠᠷᠢᠩᠳᠤᠨᠳᠤᠪ  ᠡᠵᠡᠨ ᠤ  ᠬᠠᠭᠠᠨ ᠤ ᠵᠠᠷᠯᠢᠭ   ᠢ  ᠲᠡᠷᠢᠭᠦᠨ   ᠳᠤ  ᠲᠠᠯᠪᠢᠵᠦ᠂ ᠱᠠᠰᠢᠨ   ᠤ ᠪᠠᠭᠰᠠᠢ   ᠶᠢᠨ   ᠢᠶᠠᠨ  ᠢᠳᠬᠠᠯ   ᠢ  ᠦᠢᠰᠢᠶᠠᠯ  ᠦᠭᠡᠢ  ᠦᠷᠭᠦᠯᠵᠢᠯᠡᠨ  ᠪᠠᠶᠢᠯᠳᠦᠵᠠᠢ  ᠃10 ᠰᠠᠷ᠎ᠠ   ᠳᠤ   ᠴᠠᠷᠢᠩᠳᠤᠨᠳᠤᠪ  ᠲᠠᠨ   ᠯᠾᠰᠠ   ᠬᠤᠳᠠ   ᠳᠤ  ᠲᠭᠠᠷᠢᠨ  ᠤᠷᠤᠵᠦ  ᠪᠤᠳᠠᠯᠩ  ᠤᠷᠳᠤᠨ   ᠢ    ᠪᠦᠰᠡᠯᠡᠵᠦ  ᠂ 10 ᠰᠠᠷ᠎ᠠ   ᠶᠢᠨ 30 ᠤ ᠰᠦᠨᠢ  ᠪᠤᠳᠠᠯᠩ  ᠤᠷᠳᠤᠨ   ᠢ  ᠲᠠᠭᠠᠷᠢᠨ  ᠡᠵᠡᠯᠠᠵᠠᠢ᠃ ᠯᠠᠽᠠᠩ ᠬᠠᠭᠠᠨ   ᠵᠦᠩᠭᠠᠷ ᠴᠢᠷᠡᠭ ᠲᠤ  ᠲᠠᠭᠠᠷᠢᠬᠳᠠᠬᠤ   ᠲᠠᠢ ᠵᠡᠷᠭᠡ  ᠴᠢᠩ  ᠤᠯᠤᠰ   ᠠᠴᠠ  ᠲᠤᠰᠠᠯᠠᠮᠵᠢ ᠭᠤᠶᠤᠭᠰᠠᠨ   ᠳᠤ  ᠂ 1718 ᠤᠨ   ᠤ 3 ᠰᠠᠷ᠎ᠠ ᠳᠤ ᠴᠢᠩ  ᠤᠯᠤᠰ ᠤᠨ  ᠵᠠᠰᠠᠭ ᠤᠨ  ᠭᠠᠵᠠᠷ  ᠲᠤᠰᠠᠯᠬᠤ ᠴᠢᠷᠡᠭ  ᠭᠠᠷᠭᠠᠵᠠᠢ  ᠃  ᠶᠡᠭᠡ  ᠴᠠᠷᠢᠩᠳᠤᠨᠳᠤᠪ   ᠬᠦᠬᠡᠨᠡᠭᠤᠷ  ᠪᠠ   ᠲᠦᠪᠡᠳ ᠤᠨ   ᠬᠤᠭᠤᠷᠤᠨᠳᠤᠬᠢ  ᠬᠠᠷ᠎ᠠ  ᠤᠰᠤᠨ  ᠬᠡᠮᠡᠬᠦ  ᠭᠠᠵᠠᠷ   ᠬᠡᠳᠦᠨ  ᠲᠦᠮᠡᠨ ᠴᠢᠷᠡᠭ  ᠴᠤᠭᠯᠠᠭᠤᠯᠯᠠᠨ  ᠂   ᠲᠠᠶᠢᠴᠢᠩ ᠤᠨ  ᠵᠢᠷᠭᠤᠭᠠᠨ  ᠮᠢᠩᠭᠠᠨ  ᠴᠢᠷᠡᠭ   ᠢ  ᠬᠠᠷᠠᠰᠠᠯᠳᠠᠢ  ᠬᠢᠳᠦᠵᠠᠢ᠃ ᠬᠤᠵᠢᠮ ᠨᠢ  ᠲᠠᠶᠢᠴᠢᠩ  ᠭᠦᠷᠦᠨ   ᠲᠠᠪᠠᠭᠤ  ᠴᠢᠷᠡᠭ   ᠤᠨ  ᠬᠦᠴᠦᠨ  ᠲᠤᠮᠢᠯᠠᠬᠤ   ᠶᠢᠨ   ᠬᠠᠮᠳᠦ  ᠭᠠᠯᠰᠠᠩᠵᠠᠮᠰᠦ   ᠶᠢᠨ  ᠬᠠᠤᠯᠠᠢ  ᠶᠤᠰᠦᠨ ᠤ ᠪᠠᠶᠢᠷᠢ ᠰᠠᠭᠤᠷᠢ   ᠶᠢ ᠮᠡᠳᠡᠷᠡᠨ  ᠰᠢᠷᠡᠭᠡᠨ   ᠳᠤ ᠵᠠᠯᠠᠵᠦ  ᠲᠦᠪᠡᠳ   ᠤᠨ  ᠤᠯᠠᠨ ᠤ  ᠡᠰᠡᠷᠭᠦᠴᠡᠯ   ᠢ  ᠨᠠᠮᠳᠠᠭᠠᠵᠠᠢ  ᠃ ᠡᠭᠦᠨ   ᠳᠤ  ᠶᠡᠭᠡ ᠴᠠᠷᠢᠩᠳᠦᠨᠳᠤᠪ   ᠤᠯᠠᠨ ᠤ  ᠲᠡᠮᠵᠢᠯᠭᠡ   ᠪᠠᠨ  ᠠᠯᠳᠠᠬᠤ   ᠶᠢᠨ  ᠬᠠᠮᠳᠦ  ᠴᠢᠷᠡᠭ   ᠤᠨ  ᠬᠦᠴᠦ  ᠬᠠᠷᠢᠴᠢᠯᠠᠰᠢ  ᠦᠭᠡᠢ  ᠪᠠᠭᠤᠷᠠᠢ  ᠪᠠᠶᠢᠷᠢᠨ   ᠳᠤ  ᠤᠷᠤᠭᠰᠠᠨ   ᠢᠶᠠᠨ ᠤᠶᠢᠯᠠᠭᠠᠵᠦ  ᠂ 1720  ᠤᠨ   ᠤ 9 ᠰᠠᠷ᠎ᠠ   ᠳᠤ  ᠦᠯᠡᠳᠡᠭᠰᠡᠨ ᠲᠦᠷᠪᠡᠨ ᠮᠢᠩᠭᠠᠨ ᠵᠦᠩᠭᠠᠷ  ᠴᠢᠷᠡᠭ   ᠢᠶᠠᠨ  ᠲᠠᠭᠠᠭᠤᠯᠠᠨ  ᠨᠠᠭᠠᠴᠠᠨ  ᠰᠦᠪᠡ  ᠂ ᠭᠡᠷᠡᠶᠢᠯᠡᠨ  ᠲᠠᠪᠠᠭ᠎ᠠ   ᠪᠠᠷ  ᠤᠯᠤᠰ ᠲᠠᠭᠠᠨ  ᠪᠤᠴᠠᠵᠠᠢ  ᠃  ᠮᠦᠨ  ᠤᠨ ᠤ 10 ᠰᠠᠷ᠎ᠠ   ᠳᠤ  ᠭᠠᠯᠰᠠᠩᠵᠠᠮᠰᠦ  ᠪᠤᠳᠠᠯᠠ  ᠤᠷᠳᠤᠨ   ᠳᠤ  ᠤᠷᠤᠭᠠᠳ  ᠢᠰᠢᠵᠠᠮᠰᠦ ᠪᠡᠭᠡᠵᠢᠩ   ᠲᠤ  ᠬᠦᠷᠭᠡᠭᠳᠡᠵᠠᠢ  ᠃ ᠲᠡᠷᠡ  ᠲᠤᠬᠠᠢ  ᠬᠠᠭᠠᠨᠳᠦ  ᠤᠷᠤᠰ  ᠂ ᠵᠦᠩᠭᠠᠷ   ᠤᠨ  ᠤᠮᠠᠷ᠎ᠠ  ᠲᠠᠯ᠎ᠠ ᠠᠴᠠ   ᠨᠢ   ᠮᠡᠷᠡᠵᠦ ᠡᠬᠢᠯᠡᠵᠠᠢ  ᠃  1716 ᠤᠨ   ᠤ 2 ᠰᠠᠷ᠎ᠠ   ᠳᠤ  ᠂ ᠶᠡᠭᠡ ᠴᠠᠷᠢᠩᠳᠤᠨᠳᠤᠪ ᠲᠦᠮᠡ  ᠭᠠᠷᠦᠢ ᠴᠢᠷᠡᠭ   ᠲᠠᠶᠢᠴᠢᠯᠠᠨ  ᠶᠠᠮᠤᠰᠢ ᠨᠠᠭᠤᠷ   ᠤᠨ  ᠬᠦᠪᠡᠭᠡᠨ ᠳᠤ  ᠤᠷᠤᠰ   ᠤᠨ  ᠲᠦᠷᠢᠮᠬᠡᠢ  ᠴᠢᠷᠡᠭ   ᠢ  ᠲᠠᠪᠬᠤᠷ  ᠲᠠᠪᠬᠤᠷ  ᠪᠦᠰᠡᠯᠡᠨ ᠠᠪᠴᠢ  ᠃  ᠪᠦᠬᠦᠳᠡ   ᠶᠢ  ᠵᠠᠬᠢᠷᠤᠭᠴᠢ  ᠲᠦᠪᠧᠷᠰᠺᠧᠨ  ᠬᠤᠳᠠᠨ   ᠠᠴᠠ  ᠨᠢᠭᠡᠨ  ᠰᠠᠯᠠᠭ᠎ᠠ  ᠲᠤᠰᠠᠯᠠᠬᠤ  ᠴᠢᠷᠡᠭ  ᠢᠯᠭᠡᠭᠰᠡᠨ  ᠪᠤᠯᠪᠠᠴᠦ   ᠵᠦᠩᠭᠭᠠᠷ ᠴᠢᠷᠡᠭ   ᠲᠤ  ᠤᠰᠠᠳᠬᠠᠭᠳᠠᠵᠠᠢ  ᠃ 1717 ᠤᠨ   ᠤ 2 ᠰᠠᠷ᠎ᠠ   ᠳᠤ  ᠺᠠᠺᠠᠷᠢᠨ ᠨᠤᠶᠠᠨ  ᠴᠧᠷᠢᠳᠤᠪ ᠬᠡᠬᠦ   ᠡᠯᠴᠢ   ᠶᠢ  ᠵᠦᠩᠭᠭᠠᠷ   ᠲᠤ  ᠵᠠᠷᠤᠵᠦ  ᠬᠤᠶᠠᠷ  ᠡᠳᠡᠬᠡᠳ   ᠢᠶᠠᠷ   ᠢᠶᠠᠨ ᠡᠪᠰᠡᠬᠦ   ᠶᠢ  ᠬᠦᠰᠡᠭᠰᠨ  ᠪᠤᠯᠪᠠᠴᠦ  ᠴᠠᠸᠠᠩᠷᠠᠪᠳᠠᠨ ᠬᠠᠭᠠᠨ ᠦᠯᠦ ᠤᠶᠢᠰᠢᠶ᠋ᠶᠠᠵᠦ  ᠴᠧᠷᠢᠳᠤᠪ   ᠡᠯᠴᠢ ᠶᠢ  ᠪᠠᠷᠢᠵᠦ ᠬᠤᠷᠢᠵᠦ  ᠲᠠᠯᠪᠢᠵᠠᠢ  ᠃  ᠬᠠᠭᠠᠨᠳᠦ  ᠤᠷᠤᠰ ᠤᠨ  ᠴᠢᠷᠡᠭ  ᠵᠢᠯ ᠭᠠᠷᠦᠢ  ᠪᠦᠰᠡᠯᠡᠭᠳᠡᠭᠡᠳ  ᠦᠯᠦᠰᠦᠭᠦᠯᠡᠩ  ᠪᠠ ᠬᠢᠵᠢᠭ  ᠡᠪᠡᠳᠴᠢᠨ   ᠳᠤ  ᠬᠤᠶᠠᠷ  ᠮᠢᠩᠭ᠎ᠠ  ᠭᠠᠷᠤᠢ  ᠬᠦᠮᠦᠨ  ᠦᠬᠦᠵᠦ    ᠃1717 ᠤᠨ   ᠤ  ᠲᠦᠷᠪᠡᠨ ᠰᠠᠷ᠎ᠠ ᠳᠤ  ᠬᠠᠭᠠᠨᠳᠦ  ᠤᠷᠤᠰ ᠤᠨ  ᠠᠮᠢᠳᠦ  ᠦᠯᠡᠳᠡᠭᠰᠡᠨ  ᠲᠤᠯᠤᠭᠠᠨ  ᠵᠠᠭᠤᠨ  ᠴᠢᠷᠡᠭ   ᠨᠢ  ᠪᠦᠭᠡᠺᠡᠯᠢᠽᠢ   ᠶᠢᠨ  ᠲᠠᠭᠠᠭᠤᠯᠯᠭ᠎ᠠ   ᠪᠠᠷ  ᠵᠢᠭᠤᠳᠠᠨ ᠶᠠᠪᠤᠵᠠᠢ᠃1722 ᠤᠨ   ᠳᠤ  ᠲᠠᠶᠢᠴᠢᠩ  ᠤᠯᠤᠰ  ᠬᠢᠭᠡᠳ  ᠮᠠᠨᠵᠦ ᠬᠤᠶᠠᠷ ᠶᠡᠭᠡ  ᠭᠦᠷᠦᠨ ᠤ  ᠬᠠᠪᠴᠢᠯᠳᠠ  ᠲᠦᠷᠢᠯᠳᠠ ᠳᠤ  ᠤᠴᠠᠷᠠᠭᠰᠠᠨ  ᠵᠦᠩᠭᠠᠷ  ᠬᠠᠭᠠᠨᠳᠦ  ᠤᠯᠤᠰ   ᠨᠢ  ︿︿ᠵᠠᠷᠭᠤ  ﹀﹀   ᠶᠢᠨ  ᠵᠦᠪᠯᠡᠯᠭᠡᠨ   ᠬᠢᠵᠠᠢ  ᠃  ᠲᠡᠷᠡ  ᠵᠦᠪᠯᠡᠯᠭᠡᠨ   ᠳᠤ  ᠶᠡᠭᠡ  ᠴᠠᠷᠢᠩᠳᠤᠨᠳᠤᠪ  ᠤᠷᠤᠯᠴᠠᠵᠦ  ᠂  ᠤᠷᠤᠰ   ᠤᠨ  ᠬᠠᠷᠢᠶᠠᠳᠦ  ᠪᠤᠯᠬᠤ   ᠶᠢ ᠡᠷᠡᠰ ᠡᠰᠡᠷᠭᠦᠴᠡᠨ  ᠂ ᠴᠢᠩ  ᠤᠯᠤᠰ   ᠲᠠᠢ  ᠬᠡᠯᠡᠯᠴᠡᠭᠡᠷ   ᠤᠨ  ᠬᠦᠴᠦᠨ   ᠢᠶᠠᠷ  ᠲᠤᠰᠭᠠᠷ  ᠲᠤᠭᠳᠠᠨᠢᠯ   ᠢᠶᠠᠨ ᠬᠠᠮᠠᠭᠠᠯᠬᠤ   ᠶᠢ ᠵᠤᠷᠢᠵᠦ ᠪᠠᠶᠢᠪᠠ  ᠃  ᠬᠡᠳᠦᠷᠬᠡᠢ  ᠠᠭᠤᠷᠯᠠᠭᠰᠠᠨ  ᠴᠠᠷᠢᠩᠳᠤᠨᠳᠤᠪ  ᠰᠠᠨᠵᠢ ᠵᠠᠶᠢᠰᠠᠩ   ᠶᠢ  ᠬᠤᠷᠤᠭᠤ ᠪᠠᠷ   ᠢᠶᠠᠨ ᠵᠢᠭᠠᠵᠦ  ︿︿ ᠠᠯᠢ ᠨᠢᠭᠡᠨ ᠡᠳᠦᠷ  ᠪᠢ  ᠴᠢᠮ᠎ᠠ ᠶᠢ ᠠᠯᠠᠮᠤᠢ  ﹀﹀ ᠭᠡᠵᠦ ᠶᠠᠷᠢᠵᠦ ᠪᠠᠶᠢᠵᠠᠢ  ᠃1723 ᠤᠨ   ᠳᠤ  ᠭᠠᠯᠳᠠᠨᠴᠠᠷᠢᠩ  ᠬᠠᠭᠠᠨ  ᠲᠠᠶᠢᠴᠢᠩ ᠬᠢᠭᠡᠳ  ᠤᠷᠤᠰ ᠲᠠᠢ  ᠨᠠᠶᠢᠷᠠᠮᠳᠠᠭᠰᠠᠨ  ᠲᠤᠬᠢᠶᠠᠯ   ᠢᠶᠠᠨ ᠠᠰᠢᠭᠯᠠᠨ  ᠂ ᠴᠢᠷᠡᠭ  ᠲᠤᠮᠢᠯᠠᠨ  ᠪᠠᠷᠠᠭᠤᠨ ᠲᠠᠯ᠎ᠠ   ᠠᠴᠠ   ᠨᠢ  ᠲᠦᠢᠪᠡᠭᠡᠵᠦ  ᠪᠠᠶᠢᠭᠰᠠᠨ   ᠬᠠᠰᠠᠭ   ᠢ  ᠪᠤᠳᠠᠷᠠᠳᠠᠯ᠎ᠠ  ᠴᠤᠬᠢᠵᠠᠢ  ᠂ ᠡᠨᠡ  ᠲᠠᠶᠢᠨ   ᠳᠤ  ᠶᠡᠭᠡ ᠴᠢᠷᠢᠩᠳᠤᠨᠳᠤᠪ  ᠰᠢᠭᠤᠳ ᠤᠷᠤᠯᠴᠠᠭᠰᠠᠨ  ᠦᠭᠡᠢ ᠴᠦ  ᠪᠤᠰᠤᠳ ᠲᠠᠯ᠎ᠠ   ᠶᠢᠨ  ᠲᠠᠶᠢᠰᠣᠨ ᠲᠠᠷᠦᠵᠦ ᠲᠠᠮ   ᠤᠨ  ᠬᠦᠴᠦᠨ   ᠢᠶᠠᠨ ᠡᠷᠭᠦᠵᠠᠢ  ᠃   ᠶᠡᠭᠡ  ᠪᠠᠭ᠎ᠠ  ᠴᠠᠷᠢᠩᠳᠤᠨᠳᠤᠪ   ᠵᠦᠩᠭᠠᠷ   ᠤᠨ  ᠭᠤᠤᠯ  ᠬᠦᠴᠦᠨ   ᠢ  ᠲᠠᠶᠢᠴᠢᠯᠠᠨ    1731 ᠤᠨ   ᠤ ᠬᠠᠪᠤᠷ  ᠂ ᠡᠷᠴᠢᠰ  ᠂ ᠦᠷᠦᠩᠭᠦ  ᠂  ᠬᠤᠪᠤᠭᠰᠠᠶᠢᠷ   ᠲᠤ  ᠬᠦᠴᠦᠨ   ᠢᠶᠠᠨ   ᠲᠦᠪᠯᠡᠷᠡᠭᠦᠯᠦᠭᠰᠡᠨ   ᠶᠡᠭᠡ  ᠪᠠᠭ᠎ᠠ  ᠬᠤᠶᠠᠷ  ᠴᠠᠷᠢᠩᠳᠤᠨᠳᠤᠪ  ᠨᠠᠷ  ᠲᠠᠶᠢᠴᠢᠩ ᠤᠯᠤᠰ ᠤᠨ  ᠤᠮᠠᠷᠠᠳᠦ  ᠵᠠᠮ   ᠶᠢᠨ  ᠲᠠᠶᠢᠯᠠᠬᠤ   ᠪᠠᠷ ᠪᠡᠯᠡᠳᠬᠡᠵᠠᠢ  ᠃     ᠴᠡᠷᠢᠭ   ᠤᠨ  ᠪᠡᠯᠡᠳᠬᠡᠯ   ᠪᠦᠬᠦ  ᠲᠠᠯ᠎ᠠ   ᠪᠠᠷ ᠬᠢᠭᠰᠡᠨ  ᠶᠡᠭᠡ  ᠪᠠᠬ᠎ᠠ  ᠬᠤᠶᠠᠷ  ᠴᠠᠷᠢᠩᠳᠤᠨᠳᠤᠪ  ᠪᠠ   ᠲᠤᠷᠵᠢᠳᠠᠮᠪᠠ ᠨᠠᠷ  ᠵᠦᠩᠭᠠᠷ ᠤᠨ  ᠬᠠᠮᠤᠭ   ᠤᠨ  ᠰᠢᠯᠢᠳᠡᠭ ᠴᠢᠷᠡᠭ  ᠭᠤᠷᠪᠠᠨ ᠲᠦᠮᠡ  ᠭᠠᠷᠦᠢ   ᠶᠢ  ᠵᠠᠬᠢᠷᠦᠨ  ᠵᠡᠭᠦᠨᠰᠢ  ᠡᠷᠴᠢᠰ  ᠮᠦᠷᠡᠨ   ᠢ  ᠭᠠᠳᠤᠯᠤᠨ  ᠂  ᠠᠯᠳᠠᠢ   ᠶᠢᠨ  ᠬᠢᠷ᠎ᠠ ᠠᠭᠤᠯᠠᠨ ᠤ  ᠡᠩᠭᠡᠷ   ᠲᠤ  ᠢᠷᠡᠵᠦ ᠲᠦᠪᠯᠡᠷᠡᠵᠠᠢ  ᠃  ᠲᠡᠷᠡ  ᠬᠢᠷᠢ  ᠪᠦᠷᠳᠠᠨ ᠤ  ᠶᠡᠭᠡ ᠴᠢᠷᠡᠭ  ᠬᠤᠪᠳᠤ   ᠳᠤ  ᠬᠦᠷᠢᠶ᠎ᠡ  ᠪᠠᠭᠤᠭᠰᠠᠨ  ᠲᠡᠳᠡᠨᠡᠷ  ᠲᠠᠩᠨᠠᠨ  ᠮᠡᠳᠡᠵᠠᠢ  ᠃  ᠲᠡᠭᠡᠭᠡᠳ  ᠭᠤᠷᠪᠠᠨ  ᠲᠦᠮᠡᠨ  ᠴᠢᠷᠡᠭ  ᠪᠦᠭᠭᠦᠭᠦᠯᠵᠦ    ᠲᠠᠰᠤᠷᠬᠠᠢ   ᠪᠠᠭᠠᠳᠤᠷ   ᠢ  ᠵᠤᠷᠢᠭᠤᠳᠠ ᠪᠠᠷᠢᠭᠳᠠᠭᠤᠯᠵᠦ   ᠵᠦᠩᠭᠠᠷ   ᠤᠨ  ᠴᠢᠷᠡᠭ  ᠰᠠᠶ᠋ᠢᠬᠠᠨ ᠬᠦᠷᠴᠦ ᠢᠷᠡᠵᠠᠢ  ᠭᠡᠵᠦ  ᠦᠴᠢᠭᠯᠡᠭᠦᠯᠵᠠᠢ  ᠃  ᠵᠠᠩᠵᠦᠨ  ᠪᠦᠷᠳᠠᠨ   ᠴᠠᠷᠢᠩᠳᠤᠨᠳᠤᠪ ᠲᠠᠨ ᠤ  ᠠᠷᠭ᠎ᠠ   ᠳᠤ  ᠤᠷᠤᠵᠦ  ᠵᠦᠩᠭᠠᠷ   ᠤᠨ  ᠬᠢᠯᠢ   ᠳᠤ  ᠶᠡᠭᠡ ᠴᠢᠷᠡᠭ   ᠢᠶᠠᠷ  ᠲᠠᠷᠤᠨ   ᠬᠤᠳᠤᠩ ᠨᠠᠭᠤᠷ   ᠲᠤ  ᠬᠦᠷᠢᠶ᠎ᠠ  ᠪᠠᠭᠤᠵᠠᠢ  ᠃ ᠪᠢᠯᠢᠭ   ᠤᠨ  ᠤᠯᠠᠷᠢᠯ   ᠤᠨ 6 ᠰᠠᠷ᠎ᠠ   ᠶᠢᠨ 21   ᠳᠤ  ᠭᠤᠷᠪᠠᠨ  ᠲᠦᠮᠡᠨ  ᠵᠦᠩᠭᠠᠷ ᠴᠢᠷᠡᠭ  ᠭᠡᠨᠡᠳᠳᠡ  ᠲᠦᠯᠬᠢᠯᠡᠨ  ᠬᠤᠳᠤᠩ  ᠨᠠᠭᠤᠷ   ᠲᠤ  ᠬᠤᠨᠤᠭᠰᠠᠨ  ᠪᠦᠷᠳᠠᠨ   ᠤ ᠴᠢᠷᠡᠭ   ᠢ  ᠪᠠᠰᠠ  ᠪᠦᠰᠡᠯᠡᠨ ᠠᠪᠴᠦ  ᠬᠢᠳᠦᠵᠠᠢ  ᠃  ᠬᠤᠳᠤᠩ  ᠨᠠᠭᠤᠷ ᠤᠨ  ᠲᠠᠶᠢᠨ   ᠳᠤ  ᠵᠦᠩᠭᠠᠷ ᠴᠢᠷᠡᠭ  ᠲᠠᠶᠢᠴᠢᠩ ᠤᠯᠤᠰ   ᠤᠨ  ᠴᠢᠷᠡᠭ   ᠢ  ᠲᠦᠷᠪᠡᠨ  ᠮᠢᠩᠭ᠎ᠠ ᠰᠢᠬᠠᠮ  ᠰᠦᠨᠦᠭᠡᠵᠦ  ᠂  ᠲᠠᠪᠤᠨ  ᠮᠢᠩᠭ᠎ᠠ ᠰᠢᠬᠠᠮ  ᠤᠯᠵᠠᠯᠠᠵᠠᠢ  ᠃1731 ᠤᠨ   ᠤ  ᠪᠢᠯᠢᠭ   ᠤᠨ  ᠤᠯᠠᠷᠢᠯ   ᠤᠨ 8 ᠰᠠᠷ᠎ᠠ   ᠶᠢᠨ 11 ᠤ ᠡᠳᠤᠷ  ᠶᠡᠭᠡ  ᠪᠠᠭ᠎ᠠ  ᠴᠠᠷᠢᠩᠳᠤᠨᠳᠤᠪ   ᠭᠤᠷᠪᠠᠨ  ᠲᠦᠮᠡᠨ ᠴᠢᠷᠡᠭ  ᠲᠠᠶᠢᠴᠢᠯᠠᠨ  ᠠᠯᠳᠠᠢ   ᠶᠢ ᠲᠠᠪᠠᠭᠠᠳ  ᠴᠠᠭᠠᠨ  ᠪᠤᠷᠭᠠᠰᠦ   ᠳᠤ  ᠪᠠᠭᠤᠳᠠᠯᠯᠠᠵᠠᠢ  ᠃    ᠡᠨᠡ  ᠦᠶ᠎ᠡ   ᠳᠤ  ᠪᠦᠷᠳᠠᠨ  ᠬᠡᠳᠦᠶᠢᠪᠡᠷ  ᠬᠤᠪᠳᠤ   ᠳᠤ 159000  ᠴᠢᠷᠡᠭ   ᠲᠠᠢ  ᠪᠠᠶᠢᠭᠰᠠᠨ ᠴᠦ  ᠵᠦᠩᠭᠠᠷ ᠴᠢᠷᠡᠭ ᠲᠠᠢ   ᠡᠮᠢᠶᠡᠵᠦ  ᠦᠯᠦ ᠬᠠᠯᠳᠠᠪᠠ  ᠃   ᠴᠠᠷᠢᠩᠳᠤᠨᠳᠤᠪ ᠲᠠᠨ  ᠪᠦᠷᠳᠠᠨ ᠢ  ᠰᠡᠷᠬᠡᠶᠢᠯᠡᠬᠦ   ᠶᠢᠨ  ᠲᠦᠯᠦᠭᠡ  ᠰᠤᠷᠪᠢ  ᠤᠯᠠᠭᠠᠭᠴᠢᠨ  ᠭᠡᠳᠡᠭ ᠭᠠᠵᠠ᠊ ᠲᠠᠷᠤᠩᠭᠤᠢ ᠴᠢᠷᠡᠭ ᠬᠡᠮᠡᠨ  4000 ᠴᠢᠷᠡᠭ  ᠦᠯᠡᠳᠡᠭᠡᠵᠠᠢ  ᠃   ᠲᠡᠭᠡᠭᠡᠳ 26000 ᠴᠢᠷᠡᠭ   ᠢᠶᠠᠷ  ᠵᠡᠭᠦᠨᠰᠢ ᠲᠠᠪᠰᠢᠨ  ᠲᠡᠷᠪᠢ  ᠂  ᠬᠦᠪᠦᠭᠡᠷ    ᠢᠶᠠᠷ  ᠦᠩᠭᠡᠷᠡᠨ  ᠨᠠᠮᠠᠬᠤ ᠲᠠᠪᠠᠭ᠎ᠠ ᠶᠢ ᠲᠠᠪᠠᠵᠠᠢ  ᠃   ᠶᠡᠭ᠊ ᠴᠠᠷᠢᠩᠳᠤᠨᠳᠤᠪ 20000 ᠴᠢᠷᠡᠭ  ᠵᠠᠬᠢᠷᠴᠦ  ᠰᠦᠬᠡ ᠠᠯᠳᠠᠬᠤ ᠭᠡᠳᠡᠭ ᠭᠠᠵᠠᠷ  ᠬᠦᠷᠢᠶ᠎ᠠ  ᠪᠠᠭᠤᠵᠠᠢ  ᠃ ᠪᠠᠭ᠎ᠠ ᠴᠠᠷᠢᠩᠳᠤᠨᠳᠤᠪ  ᠵᠢᠷᠭᠤᠭᠠᠨ ᠮᠢᠩᠭᠠᠨ ᠴᠢᠷᠡᠭ   ᠢᠶᠠᠷ  ᠵᠠᠰᠠᠭᠳᠦ  ᠬᠠᠨ  ᠠᠶᠢᠮᠠᠭ ᠤᠨ  ᠤᠷᠪᠠᠨ ᠲᠠᠭᠠᠬᠤ  ᠲᠠᠶᠢᠵᠢ  ᠢᠷᠭᠡᠳ   ᠶᠢ  ᠦᠮᠦᠭᠡᠯᠡᠨ  ᠭᠠᠷᠭᠠᠬᠤ  ᠡᠭᠦᠷᠭᠡ ᠶᠢ ᠬᠦᠢᠴᠡᠳᠬᠡᠵᠠᠢ  ᠃  ᠪᠠᠭ᠎ᠠ ᠴᠠᠷᠢᠩᠳᠤᠨᠳᠤᠪ   ᠤᠨ  ᠡᠭᠦᠷᠭᠡ  ᠪᠡᠶᠡᠯᠡᠭᠦᠯᠦᠭᠰᠨ᠎ᠡ ᠤ  ᠰᠡᠬᠦᠯᠡᠷ   ᠶᠡᠭᠡ  ᠴᠠᠷᠢᠩᠳᠤᠨᠳᠤᠪ  ᠴᠦ  ᠬᠡᠳᠤᠨ  ᠪᠠᠶᠢᠯᠳᠤᠭᠠᠨ   ᠢ  ᠦᠩᠭᠡᠷᠭᠡᠨ  ᠵᠦᠩᠭᠠᠷ ᠲᠠᠭᠠᠨ  ᠪᠤᠴᠠᠵᠠᠢ  ᠃ 1739 ᠤᠨ   ᠳᠤ  ᠵᠦᠩᠭᠠᠷ ᠬᠢᠭᠡᠳ  ᠲᠠᠶᠢᠴᠢᠩ ᠤᠯᠤᠰ   ᠨᠢ ᠬᠡᠯᠡᠯᠴᠡᠭᠡᠷ ᠢᠶᠠᠷ  ᠬᠢᠯᠢ ᠶᠢᠨ  ᠱᠤᠭᠤᠮ   ᠢᠶᠠᠨ  ᠵᠢᠷᠤᠭᠯᠠᠭᠰᠠᠨ ᠤ ᠲᠠᠷᠠᠭ᠎ᠠ   ᠭᠠᠯᠳᠠᠨᠴᠠᠷᠢᠩ ᠬᠠᠭᠠᠨ   ᠦᠭᠡᠷᠴᠢᠯᠡᠳᠡ  ᠬᠢᠵᠦ   ᠲᠤᠰᠭᠠᠷ   ᠲᠤᠭᠳᠠᠨᠢᠯ   ᠢᠶᠠᠨ  ᠪᠠᠬᠢᠵᠢᠭᠦᠯᠵᠠᠢ  ᠃    ᠲᠡᠭᠦᠨ ᠤ  ᠦᠭᠡᠷᠴᠢᠯᠡᠯᠳᠡ ᠨᠢ  ᠶᠡᠭᠡ  ᠴᠠᠷᠢᠩᠳᠤᠨᠳᠤᠪ   ᠤᠨ   ᠬᠤᠪᠢᠨ ᠤ  ᠠᠰᠢᠭ ᠲᠤᠰᠠ ᠶᠢ ᠬᠦᠨᠳᠡᠭᠰᠡᠨ ᠴᠦ  ᠲᠡᠷᠡ   ᠶᠡᠭᠡ ᠲᠠᠯ᠎ᠠ   ᠠᠴᠠ  ᠡᠭᠦᠰᠴᠦ  ᠦᠭᠡᠷᠴᠢᠯᠠᠯᠳᠡ   ᠶᠢ ᠬᠦᠴᠦᠳᠠᠢ  ᠲᠡᠮᠵᠢᠵᠦ   ᠢᠯᠭᠤᠮ  ᠶᠠᠪᠤᠭᠳᠠᠬᠤ ᠶᠢ  ᠪᠠᠳᠤᠯᠠᠵᠠᠢ  ᠃   ᠬᠤᠵᠢᠮ   ᠤ ᠲᠡᠭᠦᠨ   ᠤ  ᠤᠮᠪᠤᠯ  ᠬᠦᠪᠡᠭᠦᠨ  ᠲᠦᠷᠦ   ᠶᠢᠨ  ᠡᠷᠭᠡ ᠶᠢ ᠪᠤᠯᠢᠶ᠋ᠶᠠᠵᠦ  ᠵᠦᠩᠭᠠᠷ ᠬᠠᠭᠠᠨᠳᠤ  ᠤᠯᠤᠰ ᠤᠨ  ᠮᠦᠬᠦᠯ   ᠢ  ᠲᠦᠷᠭᠡᠳᠬᠡᠵᠠᠢ  ᠃ ᠨᠠᠮᠰᠠᠷᠠᠢ   ᠶᠢᠨ  ︽ᠵᠦᠩᠭᠠᠷ  ᠬᠠᠭᠠᠨᠳᠤ ᠤᠯᠤᠰ ᠤᠨ  ᠲᠡᠦᠬᠡ  ︾   ᠠᠴᠠ  ᠱᠦᠭᠦᠪᠡ
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备07002090号