ᠪᠢᠯᠢᠭ ᠬᠠᠭᠠᠨ  ᠤ ᠬᠦᠰᠢᠶᠡᠨ ᠪᠢᠴᠢᠭ
ᠨᠡᠶᠢᠲᠡᠯᠡᠭᠰᠡᠨ ᠴᠠᠭ᠄
2020-06-23
 ᠪᠢᠯᠭᠡ ᠬᠠᠭᠠᠨ ᠤ ᠪᠢᠴᠢᠭ 1. ᠲᠡᠭᠷᠢ ᠶᠢᠨ ᠴᠠᠭ ᠲᠡᠭᠡᠷ᠎ᠡ ᠲᠡᠭᠷᠢ ᠳᠤ ᠪᠤᠯᠤᠮᠠᠭᠴᠠ ᠲᠦᠷᠦᠭ ᠪᠢᠯᠭᠡ ᠬᠠᠭᠠᠨ ᠡᠨᠡ ᠬᠤᠭᠤᠴᠠᠭᠠᠨ ᠳᠤ ᠣᠯᠤᠰ  ᠢᠶᠠᠨ ᠲᠦᠪᠬᠢᠨᠡᠭᠦᠯᠦᠭᠰᠡᠨ᠃ ᠦᠭᠡᠰ ᠢ ᠮᠢᠨᠢ ᠲᠤᠭᠲᠠᠭᠠᠵᠦ ᠰᠠᠶᠢᠨ ᠰᠡᠳᠦ᠃ ᠣᠯᠤᠰ ᠪᠦᠷᠢᠯᠳᠦᠭᠦᠯᠵᠦ ᠪᠤᠢ ᠨᠢᠭᠡ ᠰᠠᠨᠠᠭᠠᠲᠠᠨ ᠤᠳ ᠮᠢᠨᠢ᠂ ᠬᠦᠪᠡᠭᠦᠳ ᠮᠢᠨᠢ᠂ ᠣᠯᠤᠰ ᠣᠳᠤᠷᠢᠳᠬᠤ ᠣᠭᠱᠢ ᠮᠢᠨᠢ᠂ ᠪᠦᠭᠦᠳᠡ ᠮᠢᠨᠢ᠃ ᠡᠮᠦᠨ᠎ᠡ ᠪᠤᠢ ᠠᠰᠢᠳᠠ ᠠᠫᠲ ᠤᠨ ᠳᠠᠷᠤᠭ᠎ᠠ ᠨᠠᠷ  ᠂ ᠣᠢ ᠳᠤ ᠪᠤᠢ ᠲᠠᠷᠺᠠᠲᠤ᠂ ᠪᠤᠶᠢᠷᠤᠭ ᠤᠨ ᠳᠠᠷᠤᠭ᠎ᠠ ᠨᠠᠷ  ᠂ ᠭᠤᠴᠢ / / / / / / 2. ᠶᠢᠰᠦᠨ ᠣᠭᠤᠰ ᠤᠨ ᠳᠠᠷᠤᠭ᠎ᠠ ᠨᠠᠷ  ᠪᠦᠭᠦᠳᠠ ᠪᠠᠨ ᠡᠨᠡ ᠦᠭᠡᠰ ᠢ ᠲᠠᠬᠢᠵᠦ ᠴᠢᠳᠠᠭᠰᠠᠨ ᠢᠶᠠᠷ᠂ ᠠᠬᠢᠵᠤ ᠰᠤᠨᠣᠰ᠃ ᠳᠤᠷᠤᠨ᠎ᠠ ᠣᠷᠣᠭᠤ ᠨᠠᠷᠠ ᠮᠠᠨᠳᠣᠬᠤ᠂ ᠡᠮᠦᠨ᠎ᠡ ᠣᠷᠣᠭᠤ ᠨᠠᠷᠠ ᠲᠡᠭᠡᠷ᠎ᠡ ᠭᠠᠷᠬᠤ᠂ ᠪᠠᠷᠠᠭᠤᠨ ᠣᠷᠣᠭᠤ ᠨᠠᠷᠠ ᠰᠢᠩᠬᠡᠬᠦ ᠣᠢ ᠣᠷᠣᠭᠤ ᠰᠦᠨᠢ ᠲᠡᠭᠡᠷ᠎ᠡ ᠭᠠᠷᠬᠤ ᠠᠳᠡ ᠠᠵᠤ ᠠᠮᠢᠳᠣᠷᠠᠬᠤ ᠪᠦᠭᠦᠳᠡ ᠴᠦᠮ ᠢᠶᠠᠷ ᠢᠶᠠᠨ ᠮᠠᠨᠠᠶᠢᠬᠢ ᠪᠣᠯᠣᠭᠰᠠᠨ᠂ 3. ᠴᠦᠮ ᠢᠶᠠᠨ ᠵᠠᠰᠠᠭᠰᠠᠨ᠃ ᠣᠯᠤᠰ ᠲᠠᠢ᠂ ᠬᠤᠷᠤᠨ ᠰᠠᠨᠠᠭ᠎ᠠ ᠦᠬᠡᠢ ᠲᠦᠷᠦᠭ ᠬᠠᠭᠠᠨ ᠦᠲᠦᠭ ᠲᠤ ᠣᠶᠢᠰᠤ  ᠳᠤ ᠪᠠᠶᠢᠷᠢᠯᠠᠭᠰᠠᠨ ᠣᠯᠤᠰ ᠲᠠᠭᠠᠨ ᠵᠤᠪᠠᠯᠠᠩ ᠦᠭᠡᠢ ᠳᠤᠷᠤᠨ᠎ᠠ ᠣᠷᠣᠭᠤ ᠱᠠᠨᠳᠣᠭᠤᠨ ᠤ ᠵᠠᠳᠠᠭᠠᠢ ᠲᠠᠯ᠎ᠠ ᠣᠷᠤᠭᠤ ᠴᠡᠷᠢᠭ ᠢᠯᠡᠭᠡᠭᠰᠡᠨ ᠳᠠᠯᠠᠢ ᠶᠢᠨ ᠵᠠᠬ᠎ᠠ ᠬᠦᠷᠦᠭᠰᠡᠨ᠂ ᠡᠮᠦᠨ᠎ᠡ ᠣᠷᠣᠭᠤ ᠶᠢᠰᠦᠨ ᠡᠷᠢᠭᠰᠡᠨ ᠤ ᠪᠠᠨ ᠴᠡᠷᠢᠭ ᠢᠯᠡᠭᠡᠭᠰᠡᠨ ᠲᠦᠪᠡᠳ ᠤᠨ ᠵᠠᠬ᠎ᠠ ᠬᠦᠷᠦᠭᠰᠡᠨ᠃ ᠪᠠᠷᠠᠭᠤᠨ ᠣᠷᠣᠭᠤ ᠦᠶᠡᠨᠴᠢ ᠶᠢ 4. ᠭᠠᠳᠣᠯᠣᠨ ᠲᠡᠮᠣᠷ ᠬᠠᠭᠠᠯᠭ᠎ᠠ ᠶᠢᠨ ᠨᠣᠲᠤᠭ ᠴᠡᠷᠢᠭ ᠢᠯᠡᠭᠡᠭᠰᠡᠨ᠂ ᠣᠢ ᠣᠷᠣᠭᠤ ᠡᠷ᠎ᠡ ᠪᠠᠷᠭᠤ ᠶᠢᠨ ᠣᠷᠤᠩᠭᠤᠢ ᠨᠣᠲᠤᠭ ᠴᠡᠷᠢᠭ ᠢᠯᠡᠭᠡᠭᠰᠡᠨ᠃ ᠢᠩᠬᠢᠵᠦ ᠦᠪᠡᠷ ᠤᠨ ᠭᠠᠵᠠᠷ ᠨᠣᠳᠤᠭ ᠢᠶᠠᠨ ᠨᠡᠶᠢᠯᠡᠭᠦᠯᠦᠭᠰᠡᠨ᠃ ᠦᠲᠦᠭ ᠲᠤ ᠣᠶᠢᠰᠤ ᠳᠠᠭᠠᠨ ᠦᠶᠦᠭ᠂ ᠶᠠᠳᠠᠭᠤ ᠦᠭᠡᠢ ᠪᠠᠶᠢᠭᠰᠠᠨ᠃ ᠣᠯᠤᠰ ᠢᠶᠠᠨ ᠪᠠᠷᠢᠵᠦ ᠡᠬᠢᠯᠡᠬᠦ ᠭᠠᠵᠠᠷ ᠦᠲᠦᠭ ᠲᠤ ᠣᠶᠢᠰ ᠪᠠᠶᠢᠭᠰᠠᠨ᠃ ᠡᠨᠡ ᠭᠠᠵᠠᠷ ᠲᠠᠭᠠᠨ ᠪᠠᠶᠢᠷᠰᠢᠪᠠ᠃ ᠲᠠᠪᠬᠠᠶᠢᠴᠢ ᠪᠦᠭᠦᠳᠡ ᠲᠠᠢ ᠬᠠᠮᠲᠣᠷᠠᠨ 5. ᠲᠦᠩᠰᠢᠯᠡᠭᠰᠡᠨ᠃ ᠠᠯᠳᠠ᠂ ᠮᠦᠩᠭᠦ᠂ ᠠᠵᠢᠯ ᠭᠤᠴᠤ ᠭᠤᠢ ᠲᠠᠢ ᠵᠦᠳᠡᠷᠡᠯ ᠦᠭᠡᠢ ᠢᠩᠬᠢᠵᠦ ᠪᠠᠷᠢᠬᠤ ᠳᠤ ᠲᠠᠪᠭᠠᠴᠢ ᠪᠦᠭᠦᠳᠡ ᠦᠭᠡ ᠪᠠᠨ ᠦᠨᠡᠮᠰᠢᠯ ᠲᠠᠢ᠂ ᠪᠦᠰ ᠪᠠᠷᠠᠭ᠎ᠠ ᠪᠠᠨ ᠵᠦᠭᠡᠯᠡᠨ ᠪᠤᠯᠭᠠᠭᠰᠠᠨ  ᠃  ᠦᠨᠡᠮᠰᠢᠯ ᠲᠠᠢ ᠦᠭᠡᠨ ᠳᠤ ᠵᠦᠭᠡᠯᠡᠨ ᠪᠦᠰ ᠪᠠᠷᠠᠭᠠᠨ ᠳᠤ ᠣᠷᠤᠪᠠ᠃ ᠪᠡᠶ᠎ᠡ ᠳᠠᠭᠠᠭᠠᠭᠰᠠᠨ ᠪᠦᠭᠦᠳᠡ ᠶᠢ ᠢᠩᠬᠢᠵᠦ ᠵᠠᠬ᠎ᠠ ᠵᠤᠬ᠎ᠠ  ᠪᠠᠨ ᠪᠤᠯᠭᠠᠵᠤ ᠪᠠᠶᠢᠭᠰᠠᠨ᠃ ᠵᠠᠭ᠎ᠠ ᠳᠠᠭᠠᠨ᠂ ᠲᠦᠷᠦᠭ ᠤᠳ ᠲᠤ ᠵᠤᠷᠢᠭᠤᠯᠤᠭᠰᠠᠨ ᠨᠣᠳᠤᠭ ᠲᠠᠭᠠᠨ᠂ ᠬᠤᠵᠢᠮ ᠬᠤᠷᠤᠨ ᠣᠬᠠᠭᠠᠨ ᠢ ᠲᠦᠷᠢᠵᠦ ᠪᠠᠶᠢᠭᠰᠠᠨ᠃ 6. ᠡᠳ᠋ ᠠᠭᠤᠷᠠᠰᠤ ᠣᠬᠠᠭᠠᠨ ᠲᠠᠢ ᠬᠦᠮᠦᠰ ᠢ᠂ ᠡᠳ᠋ ᠠᠭᠤᠷᠠᠰᠤ ᠪᠠᠭᠠᠳᠤᠷ ᠬᠦᠮᠦᠰ ᠢ ᠲᠠᠳᠠᠵᠤ ᠴᠢᠳᠠᠭᠰᠠᠨ ᠦᠭᠡᠢ᠃ ᠨᠢᠭᠡ ᠬᠦᠮᠦᠨ ᠢ ᠪᠣᠰᠣᠳ ᠠᠴᠠ ᠨᠢ ᠠᠩᠭᠢᠯᠠᠨ ᠲᠠᠳᠠᠭᠰᠠᠭᠠᠷ ᠣᠭᠱᠢ ᠶᠢ᠂ ᠪᠦᠭᠦᠳᠡ ᠶᠢ᠂ ᠪᠢᠳᠡᠨ ᠤ ᠨᠣᠲᠤᠭ ᠢ ᠬᠤᠭᠤᠰᠤᠷᠠᠭᠤᠯᠤᠭᠰᠠᠨ ᠦᠭᠡᠢ᠃ ᠦᠨᠡᠮᠰᠢᠯ ᠲᠠᠢ ᠦᠭᠡ ᠶᠢ᠂ ᠵᠦᠭᠡᠯᠡᠨ ᠪᠦᠰ ᠪᠠᠷᠠᠭ᠎ᠠ ᠶᠢ ᠡᠷᠡᠭᠡ ᠴᠡᠬᠡᠷ ᠦᠬᠡᠢ ᠬᠦᠰᠡᠭᠰᠡᠨ ᠲᠦᠷᠦᠭ ᠪᠦᠭᠦᠳᠡ ᠦᠭᠡᠢ ᠪᠣᠯᠣᠭᠰᠠᠨ᠃ ᠲᠦᠷᠦᠭ ᠪᠦᠭᠦᠳᠡ ᠶᠢᠨ ᠣᠣᠯ ᠰᠠᠨᠠᠭ᠎ᠠ ᠨᠢ ᠡᠮᠦᠨ᠎ᠡ ᠰᠢᠭᠤᠢ ᠣᠶᠢᠰᠤ ᠳᠤ ᠲᠤᠭᠯᠠᠬᠤ᠂ 7. ᠵᠠᠳᠠᠭᠠᠢ ᠲᠠᠯ᠎ᠠ ᠳᠤ ᠣᠴᠢᠨ ᠪᠣᠴᠠᠭᠰᠠᠭᠠᠷ ᠪᠠᠶᠢᠬᠤ᠃ ᠲᠦᠷᠦᠭ ᠪᠦᠭᠦᠳᠡ᠂ ᠣᠣᠯ ᠰᠠᠨᠠᠭ᠎ᠠ ᠲᠠᠢ ᠬᠤᠷᠤᠨ ᠬᠦᠮᠦᠰ ᠢᠩᠬᠢᠵᠦ ᠳᠠᠭᠠᠷ᠎ᠠ ᠣᠷᠤᠵᠤ ᠪᠠᠶᠢᠭᠰᠠᠨ᠂ ᠪᠡᠶ᠎ᠡ ᠳᠠᠭᠠᠭᠠᠭᠰᠠᠨ ᠪᠠᠶᠢᠭᠰᠠᠭᠠᠷ ᠬᠠᠭᠤᠷᠮᠠᠭ ᠪᠦᠰ ᠪᠠᠷᠠᠭ᠎ᠠ ᠬᠦᠷᠲᠡᠨ᠂ ᠵᠠᠬ᠎ᠠ ᠪᠤᠯᠤᠭᠰᠠᠭᠠᠷ ᠰᠠᠶᠢᠨ ᠪᠦᠰ ᠪᠠᠷᠠᠭ᠎ᠠ ᠬᠦᠷᠲᠡᠨ᠎ᠡ ᠭᠡᠳ ᠬᠡᠯᠡᠪᠡ᠃ ᠢᠩᠬᠢᠵᠦ ᠪᠣᠰᠣᠳ ᠢ ᠳᠠᠭᠠᠷ᠎ᠠ ᠣᠷᠣᠭᠤᠯᠵᠣ ᠪᠠᠶᠢᠭᠰᠠᠨ᠃᠂ ᠪᠢᠯᠭᠡ ᠪᠢᠯᠢᠮ ᠦᠭᠡᠢ ᠬᠦᠮᠦᠰ ᠣᠣᠯ ᠦᠭᠡ ᠶᠢ ᠠᠪᠣᠪᠠ᠃ ᠵᠠᠬ᠎ᠠ ᠣᠷᠣᠭᠤ ᠨᠢ ᠣᠴᠢᠪᠠ᠃ ᠣᠯᠠᠨ ᠬᠦᠮᠦᠰ ᠠᠯᠠᠭ᠎ᠠ ᠪᠣᠯᠪᠡ᠃ 8. ᠣᠣᠯ ᠭᠠᠵᠠᠷ ᠣᠷᠣᠭᠤ ᠣᠴᠢᠭᠰᠠᠨ ᠪᠤᠯ ᠲᠦᠷᠦᠭ ᠪᠦᠭᠦᠳᠡ ᠠᠯᠠᠭ᠎ᠠ ᠪᠣᠯᠴᠢᠬᠠᠭᠰᠠᠨ᠃ ᠦᠲᠦᠭ ᠲᠤ ᠭᠠᠵᠠᠷ ᠪᠠᠶᠢᠷᠰᠢᠪᠠ᠃ ᠲᠡᠮᠡᠭᠡᠨ ᠵᠢᠩ ᠢᠶᠠᠨ ᠢᠯᠡᠭᠡᠭᠰᠡᠭᠡᠷ ᠲᠡᠮᠡᠢ ᠵᠤᠪᠠᠯᠠᠩ ᠦᠭᠡᠢ᠃ ᠦᠲᠦᠭ ᠲᠤ ᠣᠶᠢᠰᠤ ᠳᠤ ᠪᠠᠶᠢᠷᠰᠢᠭᠰᠠᠨ ᠪᠤᠯ ᠪᠠᠶᠢᠩᠭᠤ ᠶᠢᠨ ᠣᠯᠤᠰ ᠢᠶᠠᠨ᠂ ᠲᠣᠭᠤᠨᠣ ᠪᠠᠶᠢᠭᠤᠯᠴᠢᠬᠠᠭᠰᠠᠨ᠃ ᠲᠦᠷᠦᠭ ᠪᠦᠭᠦᠳᠡ ᠳᠤ ᠣᠭ ᠮᠡᠳᠡᠭᠡ ᠲᠠᠷᠬᠠᠭᠠᠭᠰᠠᠨ ᠪᠤᠯ ᠠᠴᠢ ᠲᠤᠰᠠ ᠶᠢ ᠠᠪᠴᠢᠬᠠᠭᠰᠠᠨ ᠪᠠᠶᠢᠬᠤ  ᠪᠠᠶᠢᠭᠰᠠᠨ᠃ ᠨᠢᠭᠡ ᠪᠠᠲᠤᠯᠠᠴᠢᠬᠠᠭᠰᠠᠨ ᠪᠤᠯ ᠠᠴᠢ ᠶᠢ ᠠᠪᠴᠢᠬᠠᠭᠰᠠᠨ ᠪᠠᠶᠢᠭᠰᠠᠨ᠃ ᠣᠷᠢᠳᠠᠭᠰᠠᠨ 9. ᠣᠴᠢᠷ᠂ ᠣᠬᠠᠭᠠᠷᠠᠭᠰᠠᠨ ᠬᠠᠭᠠᠨ ᠤ ᠬᠢᠨ ᠦᠭᠡ ᠶᠢᠨ ᠠᠪᠤᠨ ᠭᠠᠵᠠᠷ ᠣᠰᠣ ᠪᠠᠨ ᠣᠷᠬᠢᠭᠰᠠᠨ ᠦᠭᠡᠢ᠂ ᠴᠦᠮ ᠢᠶᠠᠷ ᠢᠶᠠᠨ ᠠᠳᠡ ᠪᠠᠨ᠂ ᠠᠯᠠᠭ᠎ᠠ ᠪᠣᠯᠣᠭᠰᠠᠨ ᠦᠭᠡᠢ᠂ ᠬᠤᠭᠤᠷᠤᠨᠳᠦ ᠨᠢ ᠬᠤᠯᠬᠢᠭᠰᠠᠨ ᠦᠭᠡᠢ ᠠᠳᠡ ᠪᠠᠨ ᠦᠯᠡᠳᠡᠵᠡᠭᠡᠯ᠎ᠡ᠃ ᠭᠠᠵᠠᠷ ᠣᠰᠤ ᠪᠦᠬᠦᠨ ᠢᠶᠠᠨ ᠲᠦᠷᠦ ᠪᠠᠨ᠂ ᠬᠠᠣᠯᠢ ᠪᠠᠨ ᠬᠦᠷᠭᠡᠨ ᠬᠦᠷᠭᠡᠨ ᠪᠠᠶᠢᠭᠰᠠᠨ᠃ ᠲᠡᠭᠷᠢ ᠶᠢᠨ ᠵᠠᠷᠯᠢᠭ ᠲᠦᠷᠦᠭᠰᠡᠨ ᠣᠴᠢᠷ ᠦᠪᠡᠷ ᠲᠤ ᠬᠡᠶᠢᠮᠤᠷᠢ ᠪᠠᠶᠢᠭ᠎ᠠ ᠣᠴᠢᠷ ᠬᠠᠭᠠᠨ ᠣᠯᠤᠰ ᠢᠶᠠᠨ ᠲᠦᠪᠬᠢᠨᠡᠭᠦᠯᠦᠭᠰᠡᠨ᠂ ᠬᠠᠭᠠᠨ ᠣᠯᠤᠰ ᠢᠶᠠᠨ ᠲᠦᠪᠬᠢᠨᠡᠭᠦᠯᠪᠡ᠃ 10. ᠦᠭᠡᠶᠢᠭᠦᠷᠡᠨ ᠬᠠᠷᠢ ᠶᠢᠨ ᠬᠠᠷᠢᠶᠠᠲᠤ ᠪᠣᠯᠣᠭᠰᠠᠨ ᠪᠦᠭᠦᠳᠡ ᠳᠤ ᠬᠠᠮᠤᠭ ᠰᠠᠶᠢᠨ ᠢ ᠰᠤᠶᠤᠷᠬᠠᠭᠰᠠᠨ᠃ ᠦᠪᠡᠷ ᠤᠨ ᠲᠦᠷᠦ ᠦᠭᠡᠢ ᠪᠦᠭᠦᠳᠡ ᠶᠢ ᠪᠠᠶᠠᠨ ᠶᠡᠭᠡ ᠠᠶᠢᠯ ᠪᠤᠯᠭᠠᠭᠰᠠᠨ᠂ ᠴᠦᠬᠡᠨ ᠪᠦᠭᠦᠳᠡ ᠶᠢ ᠬᠦᠰᠡᠯ ᠢᠶᠠᠷ  ᠨᠢ ᠶᠡᠭᠡ ᠠᠶᠢᠯ ᠪᠤᠯᠭᠠᠭᠰᠠᠨ  ᠃ ᠵᠦᠪ ᠤᠤ ᠦᠭᠡ ᠮᠢᠨᠢ ᠳ᠋ᠧ  ︖ ᠣᠬᠠᠭᠠᠨ ᠮᠡᠳᠡᠬᠦ ᠲᠦᠷᠦᠭ ᠳᠠᠷᠤᠭ᠎ᠠ ᠨᠠᠷ ᠪᠦᠭᠦᠳᠡ ᠡᠨᠡᠬᠦ ᠰᠡᠴᠡᠨ ᠢ ᠲᠦᠷᠦᠭ / / / / / рп᠃ ᠣᠯᠤᠰ ᠢᠶᠠᠨ ᠪᠠᠷᠢᠬᠤ ᠡᠬᠢᠯᠡᠯ ᠢ ᠮᠦᠨ ᠠᠳᠡ ᠪᠠᠨ ᠪᠠᠶᠢᠭᠤᠯᠤᠨ ᠲᠤᠰᠠᠭᠠᠷᠯᠠᠪᠠ᠃ ᠭᠤᠣᠯ ᠰᠠᠨᠠᠭ᠎ᠠ ᠨᠢ ᠡᠶᠢᠮᠤ᠃ 11. ᠮᠦᠨ ᠠᠳᠡ ᠣᠷᠠᠯᠠᠭᠰᠠᠨ ᠵᠠᠭᠪᠣᠷ ᠦᠬᠡᠰ ᠪᠠᠶᠢᠭᠰᠠᠭᠠᠷ ︵ᠬᠡᠯᠡᠬᠦ ᠦᠭᠡ ᠪᠠᠶᠢᠭᠰᠠᠨ ᠣᠴᠢᠷ︶ ᠪᠠᠶᠢᠩᠭᠤ  ᠶᠢᠨ ᠴᠢᠯᠠᠭᠤ ᠪᠠᠨ ᠪᠦᠲᠦᠭᠡᠭᠰᠡᠨ᠃ ᠢᠩᠭᠡᠷ ᠬᠤᠷᠢᠭ ᠤᠨ ᠣᠬᠠᠭᠠᠨ ᠢ ᠲᠦᠷᠦᠭ ᠠᠮᠢ ᠲᠠᠢ ᠪᠦᠭᠦᠳᠡ᠂ ᠳᠠᠷᠤᠭ᠎ᠠ ᠨᠠᠷ ᠡᠨᠡ ᠬᠤᠭᠤᠴᠠᠭᠠᠨ ᠳᠤ ᠬᠦᠷᠬᠡᠬᠡᠷᠡᠢ ᠳᠠᠷᠤᠭ᠎ᠠ ᠨᠠᠷ ᠣᠷᠣᠭᠤ᠃ ᠲᠣᠰᠠᠭᠠᠷ ᠪᠤᠯᠭᠠᠭᠰᠠᠨ ᠢ ᠮᠢᠨᠢ ᠪᠠ᠊ / / / / / ᠴᠦ ᠬᠠᠭᠠᠨ ᠲᠠᠢ ᠪᠢᠴᠢᠭᠡᠰᠦᠴᠢ ᠢᠷᠡᠭᠡᠳ ᠪᠢᠴᠢᠭᠰᠡᠨ᠃ ᠮᠢᠨᠦᠬᠢ ᠪᠠᠨ ᠦᠭᠡᠰ ᠢ ᠰᠡᠶᠢᠯᠣᠭ᠍ᠰᠡᠨ᠃ 12. ᠲᠠᠪᠭᠠᠴᠢ ᠬᠠᠭᠠᠨ ᠤ ᠪᠠᠨ ᠢᠷᠡᠭᠦᠯᠦᠭᠰᠡᠨ ᠪᠢᠴᠢᠭᠡᠰᠦᠴᠢ ᠶᠢᠨ ᠣᠷᠮᠠᠯᠠᠨ ᠡᠩᠭᠡᠷ ᠳᠡᠨᠵᠢ ᠶᠢ ᠪᠠᠷᠢᠬᠤ ᠵᠠᠷᠯᠢᠭ ᠤᠳ ᠪᠠᠭᠤᠯᠭᠠᠭᠰᠠᠨ᠃ ᠠᠪᠴᠢᠷᠠᠭᠤᠯᠤᠭᠰᠠᠨ ᠴᠢᠯᠠᠭᠤᠨ ᠳᠡᠨᠵᠢ ᠶᠢᠨ ᠢᠶᠠᠨ ᠪᠢᠴᠢᠬᠡᠰᠤ ᠣᠷᠠᠯᠠᠭᠤᠯᠣᠨ ᠪᠤᠢ ᠪᠤᠯᠭᠠᠭᠰᠠᠨ  ᠃ ᠴᠢᠯᠠᠭᠤ ᠶᠢ ᠲᠤᠭᠲᠠᠭᠠᠯᠭᠠᠭᠰᠠᠨ᠃ ᠵᠢᠷᠦᠬᠡᠨ ᠤ ᠦᠭᠡ ᠮᠢᠨᠢ ᠣ᠊ / / / / / ᠠ᠊  ︽ᠲᠲ᠋ᠢᠩᠭ᠎ᠠ ᠲᠭᠢ︾ ︵ᠪᠠᠯᠠᠷᠬᠠᠢ ᠶᠢᠨ ᠬᠡᠮᠵᠢᠶ᠎ᠠ ᠶᠢ ᠭᠠᠵᠠᠷ ᠲᠡᠭᠡᠷ᠎ᠡ ᠨᠢ ᠣᠴᠢᠵᠤ ᠬᠠᠷᠠᠭ᠎ᠠ ᠦᠭᠡᠢ ᠣᠴᠢᠷ ᠣᠭ ᠬᠤᠶᠠᠷ ᠦᠭᠡ  ᠶᠢ ᠲᠦᠷ ᠰᠡᠷᠭᠦᠭᠡᠭᠰᠡᠨ ᠦᠭᠡᠢ︶᠂ ᠮᠦᠨ ᠡᠨᠡ ᠬᠤᠷᠢᠭ᠂ ᠣᠬᠠᠭᠠᠨ ᠢ᠂ ᠪᠠᠶᠢᠩᠭᠤ ᠶᠢᠨ ᠴᠢᠯᠠᠭᠤᠨ᠃᠂᠂ 13. ᠳᠠᠭᠤᠰᠬᠠᠭᠤᠯᠤᠭᠰᠠᠨ᠃ ᠪᠠ᠊ / / / / / ᠪᠠᠶᠢᠭᠰᠠᠭᠠᠷ ᠮᠡᠳᠡᠭ ᠡ᠃ ᠠᠷᠢᠭ ᠭᠠᠵᠠᠷ ᠢᠶᠠᠨ᠂ ᠢᠷᠡᠭᠰᠡᠭᠡᠷ ᠢᠩᠬᠢᠵᠦ ᠠᠷᠢᠭ ᠭᠠᠵᠠᠷ ᠢᠶᠠᠨ ᠮᠦᠩᠬᠡ ᠴᠢᠯᠠᠭᠤ ᠪᠠᠨ ᠳᠠᠭᠤᠰᠬᠠᠭᠤᠯᠤᠭᠰᠠᠨ᠂ ᠪᠢᠴᠢᠭᠰᠡᠨ᠃ ᠡᠭᠦᠨ ᠢ ᠬᠠᠷᠠᠪᠠ᠃ ᠢᠩᠬᠢᠵᠦ ᠣᠬᠠᠭᠠᠨ ᠢ ᠣᠣᠯ  ᠲᠠᠱ / / / / / / / сн᠃ ᠡᠨᠡ ᠪᠢᠴᠢᠭ ᠪᠢᠴᠢᠭᠰᠡᠨ ᠠᠴᠢ ᠵᠣᠯᠤᠭ ᠲᠧᠬᠢᠨ           ᠪᠢᠯᠭᠡ ᠬᠠᠭᠠᠨ ᠤ ᠪᠢᠴᠢᠭ ᠢ ᠣᠷᠴᠢᠨ ᠴᠠᠭ ᠤᠨ ᠮᠣᠩᠭᠤᠯ ᠬᠡᠯᠡ ᠪᠠᠷ ᠣᠳᠬ᠎ᠠ ᠶᠢ ᠪᠦᠷᠢᠨ ᠭᠠᠷᠭᠠᠪᠠ᠃ ᠰᠤᠳᠤᠯᠤᠭᠠᠴᠢ ᠨᠠᠳᠠᠳᠦ ᠡᠪᠦᠭᠡᠳ ᠤᠨ ︽ᠡᠷᠬᠡ ᠪᠦᠭᠦᠳᠡ︾ ᠭᠡᠰᠡᠨ ᠦᠭᠡ ᠶᠢ ᠪᠡᠶ᠎ᠡ ᠳᠠᠭᠠᠭᠠᠭᠰᠠᠨ᠂ ︽ᠠᠩᠭᠢᠯᠠᠪᠠ︾ ᠭᠡᠰᠡᠨ ᠦᠭᠡ ᠶᠢ ᠲᠣᠰᠠᠭᠠᠷ ᠲᠤᠭᠲᠠᠨᠢᠪᠠ ᠭᠡᠬᠦ ᠮᠡᠳᠦ ᠵᠤᠬᠢᠶᠠᠮᠠᠯ ᠦᠭᠡᠰ ᠢᠶᠠᠷ ᠣᠷᠤᠯᠠᠭᠤᠯᠬᠤ ᠨᠢ ᠭᠤᠨᠢᠭᠲᠠᠢ ᠪᠠᠶᠢᠪᠠ᠃ ᠭᠠᠭᠴᠠ ᠬᠤᠶᠠᠷ ᠦᠭᠡᠨ ᠤ ᠣᠳᠬ᠎ᠠ ᠠᠴᠠ᠂ ᠪᠦᠬᠦᠯᠢ ᠪᠦᠳᠦᠨ ᠬᠠᠳᠠᠨ ᠤ ᠪᠢᠴᠢᠭ ᠤᠨ ᠣᠳᠬ᠎ᠠ ᠬᠠᠮᠢᠶ᠎ᠠ ᠦᠭᠡᠢ ᠴᠢᠬᠤᠯᠠ ᠭᠡᠳᠡᠭ ᠢ ᠮᠠᠨᠢ ᠪᠢᠯᠢᠷᠡᠬᠦ ᠨᠢᠭᠡᠨ᠃ ᠡᠭᠦᠨ ᠠᠴᠠ ᠢᠯᠡᠭᠦᠦ ᠬᠢᠯᠪᠠᠷᠴᠢᠯᠠᠨ᠎ᠠ ᠭᠡᠵᠦ ᠪᠠᠶᠢᠬᠤ ᠤᠤ  ᠃            ᠺᠤᠨᠲ᠋ᠧᠨᠲ ᠶᠢᠨ ︵ᠠᠭᠤᠯᠭ᠎ᠠ ᠶᠢᠨ︶ ᠣᠬᠤᠷ ᠠᠨᠠᠯᠢᠰ᠄ 1 — 4 ᠳ᠋ᠦ᠋ᠭᠡᠷ ᠬᠡᠰᠡᠭ ᠤᠳ ᠨᠢ ᠲᠦᠷᠦᠭ ᠮᠦᠷᠦᠲᠡᠨ ᠮᠠᠨᠣᠰ ᠬᠡᠨ ᠪᠤᠢ᠄ ᠶᠠᠮᠠᠷ ᠬᠠᠭᠠᠨ ᠲᠠᠢ ᠪᠠᠶᠢᠭᠰᠠᠨ᠂ ᠶᠠᠮᠠᠷ ᠠᠶᠢᠮᠠᠭ ᠡᠪᠦᠭᠡ ᠶᠢᠨ ᠪᠦᠷᠢᠯᠳᠦᠭᠦᠨ ᠲᠠᠢ ᠪᠠᠶᠢᠭᠰᠠᠨ᠂ ᠶᠠᠮᠠᠷ ᠭᠠᠵᠠᠷ ᠨᠣᠲᠤᠭ ᠲᠠᠢ ᠪᠠᠶᠢᠭᠰᠠᠨ᠂ ᠶᠠᠮᠠᠷ ᠠᠶᠠᠨ ᠳᠠᠶᠢᠨ ᠬᠢᠭᠰᠡᠨ  ᠂ ᠬᠠᠮᠢᠭ᠎ᠠ ᠣᠯᠠ ᠣᠷᠠᠭᠰᠠᠨ ︵ᠣᠯᠠᠰᠢᠨ ᠰᠠᠭᠤᠷᠢᠰᠢᠭᠰᠠᠨ︶ ᠲᠤᠬᠠᠢ ᠳᠤᠣᠷᠠᠬᠢ ᠲᠦᠷᠪᠡᠨ ᠪᠠᠭᠴᠠ ᠦᠭᠦᠯᠡᠨ᠎ᠡ᠃ 5 — 7 ᠳ᠋ᠣᠭᠠᠷ ᠬᠡᠰᠡᠭ ᠤᠳ ᠨᠢ ᠲᠦᠷᠦᠭ ᠲᠦᠷᠦ ᠮᠦᠬᠦᠬᠦ ᠠᠶᠤᠯ ᠲᠠᠢ ᠲᠤᠯᠭᠠᠷᠠᠭᠰᠠᠨ ᠲᠤᠬᠠᠢ ᠦᠭᠦᠯᠡᠷᠦᠨ᠄ ᠲᠠᠪᠬᠠᠴᠢ ᠪᠤᠶᠤ ᠲᠠᠩ ᠢᠯᠢ ᠶᠢᠨ ᠬᠤᠶᠢᠳᠦ ᠮᠠᠯᠴᠢᠳ ᠢ ᠡᠵᠡᠭᠦᠶᠢᠷᠡᠭᠦᠯᠬᠦ ᠪᠤᠳᠤᠯᠭ᠎ᠠ᠃ ᠲᠦᠷᠦᠭ  ᠤᠳ ᠠᠯᠳᠠ᠂ ᠮᠦᠩᠭᠦ ᠪᠤᠯᠤᠨ ᠪᠠᠶᠢᠳᠠᠭ ᠪᠦᠬᠦᠨ ᠢᠶᠠᠨ ᠪᠠᠷᠢᠭᠰᠠᠭᠠᠷ ᠪᠠᠶᠢᠬᠤ ᠳᠤ ᠬᠦᠮᠦᠰ ᠤᠨ ᠰᠠᠶᠢᠬᠠᠨ ᠠᠮᠢᠳᠣᠷᠠᠬᠤ ᠨᠦᠬᠦᠴᠡᠯ ᠢᠶᠠᠷ ᠲᠠᠳᠠᠨ ᠲᠠᠷᠢᠶᠠᠯᠠᠩᠴᠢ ᠬᠠᠷᠠᠴᠤ ᠪᠤᠯᠭᠠᠵᠤ ᠪᠠᠶᠢᠭᠰᠠᠨ᠃ ᠲᠠᠶᠢᠽᠣᠩ ᠨᠢᠭᠡ ᠰᠠᠶ᠎ᠠ ᠠᠷᠠᠨ ᠢ ᠦᠪᠡᠷ ᠤᠨ ᠵᠠᠬ᠎ᠠ ᠪᠣᠯᠭᠠᠨ ᠨᠣᠲᠣᠭᠰᠢᠭᠤᠯᠬᠤ ᠪᠣᠳᠣᠯᠭ᠎ᠠ ᠶᠢ᠂ ᠲᠠᠩ ᠲᠦᠷᠦ ᠠᠴᠠ ᠮᠦᠩᠭᠦ ᠭᠠᠷᠭᠠᠨ ᠣᠭ ᠣᠶᠢᠯᠠ ᠶᠢ ᠰᠠᠩᠬᠦᠦᠵᠢᠭᠦᠯᠵᠤ ᠪᠠᠶᠢᠭᠰᠠᠨ ᠲᠤᠬᠠᠢ ᠬᠠᠭᠤᠴᠢᠨ ᠲᠠᠩ ᠢᠯᠢ ᠶᠢᠨ ᠪᠢᠴᠢᠭ ᠲᠤ ᠦᠭᠦᠯᠡᠭᠰᠡᠨ  ᠲᠠᠢ ᠬᠠᠳᠠᠨ ᠤ ᠪᠢᠴᠢᠭ ᠤᠨ ᠣᠭ ᠬᠡᠰᠡᠭ ᠲᠠᠭᠠᠷᠠᠵᠣ ᠪᠠᠶᠢᠨ᠎ᠠ᠃ ᠮᠦᠨ ᠦᠪᠡᠷ ᠤᠨ ᠰᠤᠷᠭᠠᠯ ᠳᠤ ᠰᠢᠮᠳᠡᠭᠦᠯᠦᠨ ︵ᠰᠦᠵᠢᠭᠯᠡᠭᠦᠯᠦᠨ︶ ᠠᠪᠤᠭᠰᠠᠨ ᠢᠶᠠᠷ ᠲᠡᠳᠡᠨ ᠢ ᠬᠡᠵᠢᠶ᠎ᠡ ᠴᠦ ᠣᠷᠪᠠᠭ᠋ᠣ ᠦᠭᠡᠢ ᠪᠤᠯᠭᠠᠨ᠎ᠠ ᠭᠡᠰᠡᠨ ᠪᠠᠶᠢᠭᠠᠯᠢ ᠣᠷᠴᠢᠨ  ᠤ ᠣᠬᠠᠭᠠᠨ ᠢ ᠪᠢᠯᠭᠡ ᠬᠠᠭᠠᠨ  ︽ᠨᠠᠶᠢᠭ ᠪᠢᠯᠢᠭ︾ ᠪᠤᠶᠤ ︽ᠬᠤᠷᠤᠨ ᠣᠬᠠᠭᠠᠨ︾ ᠭᠡᠳ ᠪᠢᠴᠢᠵᠠᠢ᠃ ᠲᠡᠰᠢ  ᠪᠠᠨ ᠶᠠᠪᠣᠭᠰᠠᠨ ᠬᠦᠮᠦᠰ ᠦᠯᠲᠦᠭ ᠭᠡᠳᠡᠭ ᠨᠢ ᠣᠭ ᠲᠠᠭᠠᠨ ᠦᠭᠡᠢ ᠪᠤᠯᠳᠠᠭ ᠭᠡᠰᠡᠨ ᠰᠠᠨᠠᠭ᠎ᠠ ᠪᠤᠯᠤᠨ᠎ᠠ᠃ ᠬᠠᠨ ᠦᠨᠳᠦᠰᠦᠲᠡᠨ ᠣᠭ ᠪᠣᠳᠣᠯᠭ᠎ᠠ ᠶᠢ ᠬᠤᠶᠠᠳᠡᠬᠢ ᠣᠳᠠᠭ᠎ᠠ ᠪᠠᠨ ᠲᠠᠩ ᠲᠦᠷᠦ ᠶᠢᠨ ᠢᠶᠠᠨ ᠦᠶ᠎ᠡ ᠪᠠᠷ ᠬᠢᠵᠠᠢ᠃ ᠪᠢᠯᠭᠡ ᠬᠠᠭᠠᠨ ᠪᠣᠷᠣᠭᠤ ᠶᠢ ᠶᠡᠭᠡ ᠵᠤᠳ ᠳᠤ ᠲᠤᠰᠤᠭᠰᠠᠨ ᠦᠭᠡᠢ᠃ 8 — 10 ᠳ᠋ᠣᠭᠠᠷ ᠬᠡᠰᠡᠭ ᠤᠳ ᠨᠢ ᠲᠠᠩ ᠢᠯᠢ ᠶᠢᠨ ᠣᠭ ᠪᠣᠳᠣᠯᠭ᠎ᠠ ᠶᠢ ᠲᠠᠰᠣᠯᠣᠭᠰᠠᠨ ᠢᠶᠠᠷ ᠶᠠᠮᠠᠷ ᠦᠷ᠎ᠠ ᠳ᠋ᠦᠩ ᠳᠤ ᠬᠦᠷᠦᠭᠰᠡᠨ ᠲᠤᠬᠠᠢ ᠦᠭᠦᠯᠡᠷᠦᠨ᠄ ᠲᠠᠩ ᠢᠯᠢ ᠶᠢᠨ ᠬᠦᠴᠦᠳᠡᠢ ᠰᠤᠷᠲᠠᠯᠴᠢᠯᠠᠭᠠᠨ ᠤ ᠡᠰᠡᠷᠭᠦ ᠮᠤᠴᠤ ᠬᠠᠭᠠᠨ  ᠂ ᠪᠢᠯᠭᠡ ᠬᠠᠭᠠᠨ ᠬᠦᠴᠦᠳᠡᠢ ᠡᠰᠡᠷᠭᠦ ᠰᠤᠷᠲᠠᠯᠴᠢ ᠪᠠᠨ ᠬᠢᠭᠰᠡᠨ ᠲᠤᠬᠠᠢ ᠦᠭᠦᠯᠡᠵᠦ ᠪᠠᠶᠢᠨ᠎ᠠ᠃ ᠣᠭ ᠬᠡᠰᠡᠭ ᠲᠤ ᠦᠭᠦᠯᠡᠪᠦᠷᠢ ᠤᠳ ᠤᠨ ᠴᠠᠭ ᠲᠦᠰᠦᠭᠡᠯᠡᠯ ᠤᠨ ᠬᠡᠯᠪᠡᠷᠢ ᠪᠠᠷ ᠪᠢᠴᠢᠭᠳᠡᠵᠡᠢ᠃ ᠬᠡᠷᠪᠡ ᠣᠣᠯ ᠭᠠᠵᠠᠷ ᠣᠷᠣᠭᠤ ᠣᠴᠢᠪᠠᠯ ᠲᠦᠷᠦᠭ ᠪᠦᠭᠦᠳᠡ ᠦᠭᠡᠢ ᠪᠤᠯᠤᠨ᠎ᠠ᠃ ᠦᠲᠦᠭ ᠲᠤ ᠭᠠᠵᠠᠷ ᠣᠯᠠᠰᠢᠪᠠᠯ ᠢᠯᠡᠭᠡ ᠪᠠᠷᠢᠴᠢᠬᠠᠨ᠎ᠠ ᠂ ᠲᠡᠨᠡᠭ ᠵᠦᠳᠡᠷᠡᠭᠡ ᠦᠭᠡᠢ ᠠᠮᠢᠳᠤᠷᠠᠴᠢᠬᠠᠨ᠎ᠡ᠂ ᠡᠨᠡ ᠮᠡᠳᠡᠭᠡ ᠲᠠᠷᠬᠠᠭᠠᠬᠤ ᠪᠠᠷ ᠠᠴᠢ ᠲᠤᠰᠠ ᠶᠢ ᠲᠦᠷᠦᠭ ᠪᠦᠭᠦᠳᠡ ᠬᠦᠷᠲᠡᠨ᠎ᠡ ᠭᠡᠬᠦ ᠮᠡᠳᠦ᠃ ︽ᠠᠨᠣᠳᠭᠠᠬᠠᠨ ᠣᠴᠢᠷ︾ ᠪᠤᠶᠤ ︽ᠣᠷᠢᠳᠠᠭᠰᠠᠨ ᠣᠴᠢᠷ︾ ᠭᠡᠳᠡᠭ ᠨᠢ ᠶᠠᠭᠤ ᠭᠡᠰᠡᠨ ᠦᠭᠡ ᠪᠤᠢ︖ ᠬᠡᠷᠪᠡ ᠬᠤᠴᠣᠷᠣᠭᠰᠠᠨ ᠪᠤᠯ ᠶᠠᠭᠤ ᠪᠤᠯᠬᠤ ᠪᠤᠢ ᠭᠡᠰᠡᠨ ᠡᠭᠦᠳᠡᠨ ᠠᠴᠠ ᠣᠭ ᠠᠰᠠᠭᠤᠳᠠᠯ ᠢ ᠬᠠᠷᠠᠵᠠᠭᠠᠶ᠎ᠠ᠃ ᠰᠠᠶ᠎ᠠ ᠠᠷᠠᠨ ᠲᠠᠩ ᠢᠯᠢ ᠶᠢᠨ ᠭᠠᠵᠠᠷ ᠣᠰᠤᠨ ᠳᠤ ᠣᠴᠢᠴᠢᠬᠠᠭᠰᠠᠨ ᠪᠤᠯ ᠲᠡᠳᠡ ᠨᠠᠷ ᠢ ᠡᠷᠬᠢᠬᠦᠯᠵᠦ ᠲᠠᠲᠠᠨ᠎ᠠ ᠭᠡᠵᠦ ᠦᠭᠡᠢ᠃ ᠲᠡᠭᠡᠷ᠎ᠡ ᠲᠦᠷᠪᠡᠨ ᠮᠢᠩᠭᠠᠨ ᠡᠷᠦᠬᠡ ᠶᠢ ᠪᠤᠴᠠᠭᠠᠨ ᠬᠦᠬᠡᠬᠡᠵᠦ ᠮᠤᠴᠤ  ᠳᠤ ᠦᠭᠪᠡ ᠭᠡᠰᠡᠨ ᠨᠢ ᠲᠡᠨᠳᠡ ᠣᠴᠢᠭᠰᠠᠨ ᠬᠦᠮᠦᠰ ᠢᠷᠭᠡᠨ ᠪᠣᠴᠠᠬᠤ ᠬᠦᠰᠡᠯ ᠦᠭᠡᠢ ᠶᠢ ᠬᠠᠷᠠᠭᠤᠯᠵᠣ ᠪᠠᠶᠢᠨ᠎ᠠ᠃ ᠲᠡᠶᠢᠮᠦ ᠣᠴᠢᠷ ᠬᠦᠮᠦᠰ ᠬᠠᠭᠠᠨ ᠤ ᠪᠠᠨ ᠦᠭᠡ ᠶᠢ ᠠᠪᠴᠦ ᠶᠠᠪᠤᠭᠰᠠᠨ ᠦᠭᠡᠢ ᠦᠯᠡᠳᠡᠵᠡᠢ᠃ ᠲᠡᠭᠡᠭᠡᠳ ︽ᠲᠦᠷᠦ  ᠪᠠᠨ︾ ᠬᠦᠷᠭᠡᠨ ᠪᠠᠶᠢᠵᠠᠢ ᠭᠡᠳᠡᠭ ᠨᠢ ᠣᠶᠢᠭᠤᠷ ᠢ ᠬᠡᠨ᠂ ᠱᠢᠪᠠᠢ ᠶᠢ ᠬᠡᠨ᠂ ᠶᠢᠰᠦᠨ ᠣᠭᠤᠰ ᠢ ᠬᠡᠨ ᠣᠳᠣᠷᠢᠳᠣᠨ ᠪᠠᠭᠯᠠᠬᠤ ᠶᠢ ᠲᠤᠬᠢᠷᠠᠨ ᠲᠤᠮᠢᠯᠠᠬᠤ᠃ ︽ᠬᠠᠣᠯᠢ ᠪᠠᠨ︾ ᠬᠦᠷᠭᠡᠪᠡ ᠭᠡᠳᠡᠭ ᠲᠤ ᠴᠡᠷᠢᠭ ᠲᠠᠳᠠᠯᠭ᠎ᠠ ᠶᠢᠨ ᠲᠤᠭ᠎ᠠ᠂ ᠲᠠᠳᠠᠪᠣᠷᠢ ᠶᠢᠨ ᠲᠤᠭ᠎ᠠ ᠭᠡᠬᠦ ᠮᠡᠲᠤ ᠶᠢ ᠲᠤᠬᠢᠷᠠᠬᠤ᠃ ᠡᠨᠡ ᠪᠦᠬᠦ ᠲᠤᠮᠢᠯᠠᠯᠭ᠎ᠠ᠂ ᠲᠣᠬᠢᠷᠠᠭ᠎ᠠ ᠨᠢ ᠨᠡᠶᠢᠲᠡ ᠮᠠᠯ ᠠᠬᠤᠶᠢᠳᠠᠨ ᠠᠶᠢᠮᠠᠭ᠂ ᠡᠪᠦᠭᠡᠳ ᠲᠤ ᠲᠠᠩ ᠤᠨ ᠵᠠᠬ᠎ᠠ ᠬᠠᠷᠢᠶ᠎ᠠ ᠪᠠᠶᠢᠭᠰᠠᠨ ᠠᠴᠠ ᠬᠠᠮᠢᠶ᠎ᠠ ᠦᠭᠡᠢ ᠢᠯᠡᠭᠦᠦ ᠨᠦᠬᠦᠴᠡᠯ ᠣᠯᠭᠤᠭᠰᠠᠨ ᠪᠣᠯᠪᠡ ᠤᠤ  ᠃ ᠲᠦᠷᠦᠭ ᠪᠦᠭᠦᠳᠡ ᠠᠴᠢ ᠲᠤᠰᠠ ᠶᠢ ᠠᠪᠬᠤ ᠶᠤᠰᠤᠲᠠᠢ ᠮᠦᠨ ᠶᠠᠮᠠᠷ ᠠᠴᠢ ᠲᠤᠰᠠ ᠠᠪᠣᠪᠠ᠂ ᠶᠠᠮᠠᠷ ᠪᠠᠶᠢᠭᠰᠠᠨ ᠢ ᠶᠠᠮᠠᠷ ᠪᠤᠯᠭᠠᠭᠰᠠᠨ ᠲᠣᠬᠠᠢ ᠪᠠᠨ ᠦᠭᠦᠯᠡᠵᠠᠢ᠃ ᠡᠬᠢᠨ ᠤ ᠠᠷᠪᠠᠨ ᠪᠠᠭᠴᠠ ᠶᠢᠨ ᠭᠤᠣᠯ ᠰᠠᠨᠠᠭ᠎ᠠ ᠶᠢ ᠣᠣᠯ ᠰᠡᠳᠦᠩ ᠡᠶᠢᠮᠤ ᠭᠡᠳ ᠳᠠᠭᠤᠰᠬᠠᠵᠠᠢ᠃ 10 — 13 ᠳ᠋ᠣᠭᠠᠷ ᠬᠡᠰᠡᠭ ᠤᠳ ᠨᠢ ᠪᠢᠴᠢᠭ ᠬᠠᠳᠠ ᠲᠠᠢ ᠡᠩᠭᠡᠷ ᠳᠡᠨᠵᠢ ᠶᠢᠨ ᠪᠠᠷᠢᠭ ᠢ ᠬᠡᠷᠬᠢᠨ ᠶᠠᠭᠠᠬᠢᠵᠤ ᠪᠠᠷᠢᠭᠰᠠᠨ ᠲᠤᠬᠠᠢ ᠦᠭᠦᠯᠡᠨ᠎ᠡ᠃ ᠲᠠᠩ ᠢᠯᠢ ᠶᠢᠨ ᠪᠢᠴᠢᠭᠡᠰᠦᠴᠢ ᠴᠢᠬᠤᠯᠠ ᠡᠭᠦᠷᠭᠡ ᠭᠦᠢᠴᠡᠳᠬᠡᠭᠰᠡᠨ ᠲᠤᠬᠠᠢ ᠦᠭᠦᠯᠡᠵᠠᠢ᠃           ᠪᠢᠯᠭᠡ ᠬᠠᠭᠠᠨ ᠬᠢᠭᠰᠡᠨ ᠭᠠᠪᠢᠶ᠎ᠠ ᠲᠠᠢ ᠬᠡᠯᠡᠬᠦ ᠦᠭᠡ ᠲᠠᠢ᠂  ᠲᠠᠩ ᠣᠯᠤᠰ ᠤᠨ ᠬᠤᠸᠠᠩᠳᠢ ᠶᠢᠨ ᠲᠦᠳᠡᠯᠡᠯ ᠢ ᠠᠪᠴᠣ ᠴᠢᠳᠠᠭᠰᠠᠨ ᠲᠣᠯ᠊ ᠣᠭ ᠪᠢᠴᠢᠭ ᠢ ᠪᠦᠲᠦᠭᠡᠪᠡ᠂ ᠬᠠᠨ ᠣᠯᠣᠰ ᠠᠴᠠ ᠡᠯᠴᠢ ᠢᠷᠡᠵᠡᠢ᠃            ᠰ᠊  ᠂  ᠶᠸ᠊᠂ ᠮᠠᠯᠤᠪ ︵1880 — 1957︶ ᠵᠦᠪᠯᠡᠯᠲᠦ ᠬᠤᠯᠪᠤᠭᠠᠲᠣ ᠣᠯᠣᠰ ᠤᠨ ᠰᠢᠨᠵᠢᠯᠡᠬᠦ ᠣᠬᠠᠭᠠᠨ ᠤ ᠠᠺᠠᠳᠠᠮᠢ ᠰᠣᠷᠪᠤᠯᠵᠢᠯᠠᠭᠴᠢ ᠭᠡᠰᠢᠭᠦᠨ᠃ ᠠᠮᠢᠳᠦ ᠪᠤᠯᠤᠨ ᠮᠦᠬᠦᠭᠰᠡᠨ ᠲᠦᠷᠺ ᠬᠡᠯᠡᠨ ᠤ ᠨᠡᠷᠡᠲᠦ ᠡᠷᠳᠡᠮᠲᠡᠨ᠃ ᠰ᠊  ᠂  ᠶᠸ᠊᠂ ᠮᠠᠯᠤᠪ ᠣᠭ ᠪᠢᠴᠢᠭ ᠢ ᠺᠣᠯ ᠲᠧᠭᠢᠨ ᠤ ᠪᠠᠭ᠎ᠠ ᠪᠢᠴᠢᠬᠡᠰᠤ ᠭᠡᠳ ᠨᠡᠷᠡᠯᠡᠵᠠᠢ᠃ ᠡᠨᠡ ᠣᠳᠠᠭ᠎ᠠ ᠰ᠊᠂  ᠶᠸ᠊᠂  ᠮᠠᠯᠤᠪ ᠤᠨ ᠬᠢᠭᠰᠡᠨ ᠰᠡᠷᠭᠦᠭᠡᠯᠲᠡ ᠳᠤ ᠺᠤᠨᠲ᠋ᠧᠨᠲ ᠶᠢᠨ ᠠᠭᠤᠯᠭ᠎ᠠ ᠶᠢᠨ ᠠᠨᠠᠯᠢᠰ ᠬᠢᠵᠡᠭᠡᠶ᠎ᠡ᠃ 1. ᠲᠡᠭᠷᠢ ᠰᠢᠭ᠋᠂ ᠲᠡᠭᠷᠢ ᠪᠠᠷ ᠲᠦᠷᠦᠭᠦᠯᠤᠭ᠍ᠰᠡᠨ ︵ᠲᠡᠭᠷᠢ ᠳᠤ ᠡᠰᠡᠪᠡᠯ ᠲᠡᠭᠷᠢ ᠠᠴᠠ ᠪᠤᠢ ᠪᠣᠯᠣᠭᠰᠠᠨ︶ ᠲᠦᠷᠦᠭ ᠤᠨ ᠬᠠᠭᠠᠨ ᠪᠢ ᠡᠳᠦᠭᠡ ᠣᠷᠤ ᠰᠠᠭᠤᠭᠰᠠᠨ᠃ ᠦᠭᠡ ᠶᠢ ᠮᠢᠨᠢ ᠪᠦᠳᠦᠨ ᠢᠶᠠᠷ ᠰᠤᠨᠣᠰ ︵ᠲᠠ ᠨᠠᠷ︶᠂ ᠠᠷᠣ ᠠᠴᠠ ᠮᠢᠨᠢ ᠶᠠᠪᠣᠵᠤ ᠪᠤᠢ ᠪᠠᠭ᠎ᠠ ᠲᠦᠷᠦᠯ ᠤᠳ ᠮᠢᠨᠢ ᠵᠠᠯᠠᠭᠤᠴᠤᠳ ᠮᠢᠨᠢ ᠬᠤᠯᠪᠣᠭᠠᠳᠤ ᠣᠪᠤᠭ ᠠᠷᠠᠳ ᠤᠳ  ᠂  ︵ᠵᠤᠭᠰᠤᠵᠤ ᠪᠤᠢ ᠲᠠ ᠨᠠᠷ︶ ᠪᠠᠷᠠᠭᠤᠨ ᠱᠠᠳ ᠠᠫᠠ ᠶᠢᠨ ᠪᠠᠭ ᠨᠠᠷ᠂ ︵ᠵᠤᠭᠰᠤᠵᠤ ᠪᠤᠢ ᠲᠠ ᠨᠠᠷ︶ ᠵᠡᠭᠦᠨ ᠲᠠᠷᠬᠠᠨ᠂ ᠳᠣᠰᠢᠶᠠᠯ ᠤᠨ ᠪᠠᠭ ᠨᠠᠷ  ᠂ ︵ᠲᠠ ᠨᠠᠷ︶ ᠭᠤᠴᠢᠨ᠃᠂᠂ 2. ᠲᠠ ᠨᠠᠷ ᠪᠠᠭ ᠨᠠᠷ ᠪᠤᠯᠤᠨ ︽ᠶᠢᠰᠦᠨ ᠣᠭᠤᠰ︾ ᠠᠷᠠᠳ ᠤᠳ᠂ ᠡᠨᠡ ᠦᠭᠡ ᠶᠢ ᠮᠢᠨᠢ ᠰᠠᠶᠢᠨ ᠰᠤᠨᠣᠰ᠂ ᠴᠢᠩᠭ᠎ᠠ ᠪᠢᠰᠢᠷᠡ᠃ ᠣᠷᠢᠳᠤ ᠨᠠᠷᠠ ᠮᠠᠨᠳᠣᠬᠤ᠂ ᠪᠠᠷᠠᠭᠤᠨ ᠦᠳᠠ ᠭᠤᠣᠯᠯᠠᠬᠤ᠂ ᠬᠤᠶᠢᠨ᠎ᠠ ᠨᠠᠷᠠ ᠰᠢᠩᠬᠡᠬᠦ᠂ ᠵᠡᠭᠦᠨ ︵ᠣᠷᠤᠨ ᠳᠤ︶ ᠰᠦᠨᠢ ᠭᠤᠣᠯᠯᠠᠬᠤ — ︵ᠪᠦᠭᠦᠳᠡᠭᠡᠷ︶ ᠲᠡᠨᠳᠡ ︵ᠡᠨᠡ ᠬᠤᠭᠤᠷᠤᠨᠳᠦ︶ ᠠᠮᠢᠳᠣᠷᠠᠬᠤ ︵ᠦᠭᠡᠴᠢᠯᠡᠬᠦ ᠪᠠᠷ ᠲᠤᠳᠤᠷ᠎ᠠ ᠪᠤᠢ︶ ᠠᠷᠠᠳ ᠤᠳ — ︵ᠪᠦᠭᠦᠳᠡ︶ 3. ᠮᠠᠨ ᠳᠤ ᠵᠠᠬᠢᠷᠤᠭᠳᠠᠨ᠎ᠠ᠂ ᠡᠶᠢᠮᠦ ᠣᠯᠠᠨ ᠠᠷᠠᠳ ᠢ ᠪᠢ ᠪᠦᠭᠦᠳᠡ ᠶᠢ ᠵᠠᠰᠠᠭᠰᠠᠨ᠃ ᠦᠲᠦᠭ ᠲᠤ ᠰᠢᠭᠤᠢ  ᠳᠤ ᠣᠷᠤ ᠰᠠᠭᠤᠵᠤ ᠪᠤᠢ ᠲᠡᠷᠡ ᠲᠦᠷᠦᠭ ᠬᠠᠭᠠᠨ ᠳᠤ ᠦᠨᠦ ᠶᠢᠨ ᠬᠠᠷᠢᠶᠠᠯ ᠪᠠᠶᠢᠭ᠎ᠠ ᠦᠭᠡᠢ ᠪᠤᠯ ᠣᠪᠣᠭ ᠤᠨ ︵ᠲᠦᠷᠦᠭ︶ ᠬᠤᠯᠪᠣᠭᠠᠨ ᠳᠤ ᠬᠠᠪᠴᠢᠯᠭ᠎ᠠ ︵ᠮᠡᠳᠡᠷᠡᠭᠳᠡᠬᠦ ᠦᠬᠡᠢ︶ ︵ᠶᠠᠭᠤᠨ ᠳᠤ ᠴᠦ︶ ᠦᠯᠦ ᠪᠠᠶᠢᠨ᠎ᠠ᠃ ᠣᠷᠢᠳᠤ ︵ᠳᠤᠷᠤᠨ᠎ᠠ ᠵᠦᠭ︶ ᠪᠢ ᠴᠡᠷᠢᠭ ᠤᠳ ᠲᠠᠢ ᠪᠠᠨ ᠱᠠᠨᠲᠸᠤ ᠶᠢᠨ ᠵᠠᠳᠠᠭᠠᠢ ᠲᠠᠯ᠎ᠠ ᠬᠦᠷᠦᠭᠰᠡᠨ ᠳᠠᠯᠠᠢ ᠳᠤ ᠠᠷᠠᠢ ᠬᠦᠷᠦᠭᠰᠡᠨ ᠦᠭᠡᠢ  ᠂  ᠪᠠᠷᠠᠭᠤᠨᠰᠢ ᠪᠠᠨ ︵ᠡᠮᠦᠨ᠎ᠡ ᠵᠦᠭ︶ ᠪᠢ ᠴᠡᠷᠢᠭ ᠤᠳ ᠲᠠᠢ ᠪᠠᠨ ᠶᠢᠰᠦᠨ ᠡᠷᠢᠭᠰᠡᠨ ᠢ ᠲᠠᠭ ᠬᠦᠷᠦᠭᠰᠡᠨ ᠲᠦᠪᠡᠳ ᠢ ᠠᠷᠠᠢ ᠬᠦᠷᠦᠭᠰᠡᠨ ᠦᠭᠡᠢ  ᠂  ᠬᠤᠶᠢᠰᠢ ᠪᠠᠨ ︵ᠪᠠᠷᠠᠭᠤᠨ ᠵᠦᠭ︶ ᠢᠨᠴᠦ ᠭᠤᠣᠯ ᠢ 4. ᠭᠠᠳᠣᠯᠣᠨ ᠪᠢ ᠴᠡᠷᠢᠭ ᠤᠳ ᠲᠠᠢ ᠪᠠᠨ ᠲᠡᠮᠣᠷ ᠬᠠᠭᠠᠯᠭ᠎ᠠ ᠶᠢ ᠳᠦᠬᠦᠪᠡ᠃ ᠵᠡᠭᠦᠨᠰᠢ ᠪᠠᠨ ︵ᠬᠤᠶᠢᠳᠦ ᠵᠦᠭ ︶ ᠪᠢ ᠴᠡᠷᠢᠭ ᠤᠳ ᠲᠠᠢ ᠪᠠᠨ ᠢᠢᠷ ᠪᠠᠷᠭᠤ ᠨᠣᠲᠤᠭ ᠣᠷᠤᠪᠠ᠂ ᠡᠶᠢᠮᠦ ᠣᠯᠠᠨ ᠨᠣᠲᠤᠭ ᠣᠯᠤᠰ ᠣᠷᠤᠭᠤ ᠴᠡᠷᠢᠭ ᠪᠢ ᠣᠷᠤᠭᠤᠯᠤᠭᠰᠠᠨ᠃ ︵ᠮᠢᠨᠦ ᠠᠶᠠᠨ ᠬᠢᠬᠦ ᠦᠶ᠎ᠡ ᠪᠠᠷ︶ ᠦᠲᠦᠭ ᠲᠤ ᠰᠢᠭᠤᠢ ᠳᠤ ᠰᠠᠶᠢᠨ ︵ᠵᠢᠩᠬᠢᠨᠢ︶ ᠡᠵᠡᠨ ᠪᠠᠶᠢᠭᠰᠠᠨ ᠦᠭᠡᠢ᠂ ᠭᠡᠬᠦ ᠳᠡᠭᠡᠨ ᠦᠲᠦᠭ ᠤᠨ ᠰᠢᠭᠤᠢ ᠨᠢ ᠣᠪᠣᠭ ᠤᠨ ᠬᠤᠯᠪᠣᠭ᠎ᠠ ᠶᠢ ᠡᠭᠦᠰᠭᠡᠬᠦ ᠪᠣᠯᠣᠮᠵᠢᠲᠠᠢ ᠨᠣᠲᠤᠭ ᠮᠦᠨ ᠪᠠᠶᠢᠪᠠ᠃ 5. ᠬᠢᠵᠠᠭᠠᠷ ᠦᠭᠡᠢ ᠪᠠᠷ ᠠᠯᠳᠠ᠂ ᠮᠦᠩᠭᠦ᠂ ᠰᠫᠢᠷᠲ ︵ᠡᠰᠡᠪᠡᠯ ᠪᠣᠭᠤᠲᠠᠢ︶ ᠪᠤᠯᠤᠨ ᠲᠤᠷᠭ᠎ᠠ ︵ᠡᠳᠦᠭᠡ ᠮᠠᠨᠣᠰ ᠲᠤ︶ ᠪᠠᠷᠢᠬᠤ ᠲᠠᠪᠭᠠᠴᠢ ᠠᠷᠠᠳ ᠤᠨ ᠦᠭᠡ ᠨᠢ ᠰᠤᠵᠢᠭ᠂ ᠦᠨᠡᠲᠣ ᠵᠦᠢᠯᠡᠰ   ᠨᠢ ︽ᠵᠦᠭᠡᠯᠡᠨ︾ ︵ᠲᠠᠩᠰᠤᠭ᠂ ᠪᠤᠯᠪᠠᠷᠠᠶᠢᠵᠢᠭᠤᠯᠤᠭᠰᠠᠨ︶  ᠂  ᠰᠦᠵᠢᠭ ᠦᠭᠡ ᠪᠠᠷ᠂ ᠲᠠᠩᠰᠤᠭ ᠪᠠᠶᠠᠯᠢᠭ ᠢᠶᠠᠷ ᠲᠠᠳᠠᠭᠰᠠᠭᠠᠷ ᠲᠡᠳᠡ ᠬᠤᠯᠠ ︵ᠠᠮᠢᠳᠤᠷᠠᠵᠤ ᠪᠤᠢ︶ ᠠᠷᠠᠳ ᠢ ᠦᠪᠡᠷ ᠲᠡᠭᠡᠨ ᠬᠦᠴᠦᠳᠡᠢ ᠬᠡᠳᠦ ᠳᠣᠷᠠᠯᠠᠭᠤᠯᠵᠦ ᠪᠠᠶᠢᠵᠠᠢ᠃ 6. ᠰᠠᠶᠢᠨ ᠪᠤᠯᠤᠨ ᠣᠬᠠᠭᠠᠯᠢᠭ ᠶᠡᠬᠡᠰ ᠢ᠂ ᠰᠤᠷᠪᠣᠯᠵᠢᠲᠤ ᠪᠠᠭᠠᠲᠤᠷ ᠤᠳ ᠢ ᠲᠠᠩ ᠣᠯᠤᠰ ᠪᠤᠯᠤᠨ ᠲᠡᠭᠦᠨ ᠤ ᠲᠠᠯ᠎ᠠ ᠶᠢᠨ ᠬᠢᠨ ᠦᠯᠦ ᠬᠦᠳᠡᠯᠦᠭᠰᠡᠨ ︵ᠬᠦᠳᠡᠯᠭᠡᠵᠤ ᠴᠢᠳᠠᠭ᠎ᠠ ᠦᠭᠡᠢ︶ ᠵᠦᠪ ︵ᠵᠠᠮ ᠠᠴᠠ ᠨᠢ︶᠂ ᠲᠦᠷᠦᠭ  ᠤᠳ ᠠᠴᠠ ︵ᠰᠠᠯᠤᠩᠭ᠎ᠠ ᠬᠦᠮᠦᠰ︶ ︵ᠠᠪᠲᠠᠵᠦ ᠪᠠᠶᠢᠭᠰᠠᠨ ᠴᠦ︶᠂ ᠪᠦᠳᠦᠨ ᠣᠭᠱᠢ ᠪᠤᠯᠤᠨ ᠦᠪᠡᠷ ᠤᠨ ᠬᠢᠨ ︵ᠲᠦᠷᠦᠯ ᠰᠠᠳᠣᠨ︶ ᠬᠠᠵᠠᠶᠢᠵᠦ ᠪᠠᠶᠢᠭ᠎ᠠ ᠦᠭᠡᠢ᠃ ᠲᠡᠳᠡᠨ ᠤ ᠰᠦᠵᠢᠭ ᠦᠭᠡ ᠲᠠᠩᠰᠤᠭ ᠪᠠᠶᠠᠯᠢᠭ ᠲᠤ ᠲᠠᠲᠠᠭᠳᠠᠭᠰᠠᠨ ᠲᠦᠷᠦᠭ ᠠᠷᠠᠳ ᠶᠡᠭᠡ ᠪᠠᠷ ᠦᠬᠦᠪᠡ᠃ ᠲᠦᠷᠦᠭ ᠠᠷᠠᠳ ᠤᠨ ᠬᠡᠰᠡᠭ ᠨᠢ ᠵᠦᠪᠬᠡᠨ ᠪᠠᠷᠠᠭᠤᠨ ︵ᠡᠮᠦᠨ᠎ᠡ ᠵᠦᠭ︶ ᠴᠣᠭᠠᠢ ᠰᠢᠭᠤᠢ ᠨᠣᠲᠤᠭᠰᠢᠬᠤ ᠬᠦᠰᠡᠯᠲᠠᠢ ᠠᠴᠠ ᠭᠠᠳᠠᠨ᠎ᠠ 7. ᠲᠶᠦᠨᠰᠢ ᠶᠢᠨ ᠵᠠᠳᠠᠭᠠᠢ ᠲᠠᠯ᠎ᠠ ᠳᠤ ᠭᠡᠳ ᠦᠭᠦᠯᠡᠬᠦ ᠪᠠᠷ ᠲᠡᠨᠳᠡ ᠪᠤᠢ ᠬᠤᠷᠤᠨ ᠬᠦᠮᠦᠰ ᠲᠦᠷᠦᠭ ᠤᠨ ᠵᠠᠷᠢᠮ  ᠢ ᠢᠩᠬᠢᠵᠦ ᠣᠬᠠᠭᠤᠯᠤᠭᠰᠠᠨ ︽ᠬᠤᠯᠠ ᠠᠮᠢᠳᠤᠷᠠᠬᠤ ᠪᠠᠷ ᠮᠠᠭᠤ ᠪᠡᠯᠡᠭ ᠦᠭᠭᠦᠨ᠎ᠡ ︵ᠲᠠᠪᠬᠠᠴᠢ ᠲᠡᠳᠠᠨ ᠳᠤ︶᠂ ᠣᠶᠢᠷ᠎ᠠ ᠠᠮᠢᠳᠤᠷᠠᠬᠤ ᠪᠠᠷ ᠰᠠᠶᠢᠨ ᠪᠢᠯᠭᠡ ᠦᠭᠭᠦᠨ᠎ᠡ᠃︾ ᠡᠶᠢᠮᠦ ᠦᠭᠡᠰ ᠢᠶᠠᠷ ᠲᠡᠷᠡ ᠴᠢᠮᠠᠢᠢ ︵ᠬᠦᠴᠦᠳᠡᠢ︶ ᠣᠬᠠᠭᠤᠯᠤᠭᠰᠠᠨ᠃ ᠪᠢᠯᠭᠡ ︵ᠵᠢᠩᠬᠢᠨᠢ︶ ᠣᠬᠠᠭᠠᠨ ᠦᠭᠡᠢ ᠶᠡᠬᠡᠰ ᠦᠭᠡᠨ ᠳᠤ ᠣᠷᠤᠵᠤ᠂ ᠲᠠᠰᠢ ᠣᠴᠢᠨ ᠶᠡᠭᠡ  ᠪᠠᠷ ᠦᠬᠦᠭᠰᠡᠨ᠃ 8. ᠲᠦᠷᠦᠭ ᠠᠷᠠᠳ ᠲᠡᠷᠡ ᠨᠣᠲᠤᠭ ᠣᠷᠤᠭᠤ ᠣᠴᠢᠬᠤ ᠪᠠᠷ ᠴᠢ ᠦᠬᠦᠯ ᠤᠨ ᠡᠷᠮᠡᠭ ᠲᠤ ᠲᠤᠯᠤᠨ᠎ᠠ᠂ ᠦᠲᠦᠭ  ᠲᠤ ᠨᠣᠲᠤᠭ ᠲᠤ ᠪᠠᠶᠢᠭᠰᠠᠭᠠᠷ᠂ ᠵᠢᠩ ᠤᠨ ᠴᠣᠪᠤᠭ᠎ᠠ ᠶᠢ ︵ᠪᠢᠯᠢᠭ᠂ ᠲᠠᠳᠠᠪᠣᠷᠢ ᠶᠢᠨ ᠠᠷᠣ ᠠᠴᠠ︶ ᠶᠠᠪᠣᠭᠤᠯᠤᠭᠰᠠᠭᠠᠷ ᠵᠤᠪᠠᠯᠠᠩ ᠦᠭᠡᠢ᠂ ᠦᠲᠦᠭ ᠲᠤ ᠰᠢᠭᠤᠢ ᠳᠤ ᠦᠯᠡᠳᠡᠭᠰᠡᠭᠡᠷ ᠮᠦᠩᠬᠡ ᠶᠢᠨ ᠣᠪᠣᠭ ᠤᠨ ᠬᠤᠯᠪᠣᠭ᠎ᠠ ᠶᠢ ᠪᠠᠶᠢᠭᠤᠯᠤᠨ ᠴᠢ ᠠᠮᠢᠳᠣᠷᠠᠬᠤ ᠪᠤᠯᠤᠨ᠎ᠠ᠂ ᠲᠦᠷᠦᠭ ᠠᠷᠠᠳ ᠲᠠ ᠨᠠᠷ ᠴᠠᠳᠬᠤᠯᠠᠩ᠂ ᠲᠤᠷᠠᠩᠬᠠᠢ ᠦᠯᠦᠨ ᠦᠶ᠎ᠡ ᠳᠡᠭᠡᠨ ᠴᠠᠳᠬᠠᠯᠳᠤᠬᠤ ᠶᠢ ᠦᠯᠦ ᠪᠢᠯᠠᠷᠠᠨ᠎ᠠ  ᠂ ᠨᠢᠭᠡ ᠴᠠᠳᠬᠤ ᠪᠠᠷ ᠦᠯᠦᠰᠬᠦ ᠶᠢ ᠦᠯᠦ ᠪᠢᠯᠠᠷᠠᠨ᠎ᠠ  ᠃ ᠡᠶᠢᠮᠦ ᠣᠴᠢᠷ 9. ᠲᠠ ᠨᠠᠷ ︵ᠦᠪᠡᠷ ᠢ ᠴᠢᠨᠢ︶ ᠪᠣᠰᠬᠠᠭᠰᠠᠨ ᠬᠠᠭᠠᠨ ᠢ ᠪᠠᠨ᠂ ᠦᠭᠡ ᠶᠢ ᠨᠢ ᠦᠯᠦ ᠰᠤᠨᠣᠰᠤᠨ ᠭᠠᠵᠠᠷ ᠣᠰᠤ ᠪᠠᠷ ᠲᠡᠨᠦᠬᠦᠴᠢᠯᠡᠨ᠂ ᠲᠡᠨᠳᠡ ᠪᠠᠨ ᠬᠡᠳᠦ ᠭᠦᠯᠳᠡᠨ ᠶᠠᠳᠠᠷᠠᠵᠤ ︵ᠳᠡᠶᠢᠯᠦᠩᠬᠢ ᠬᠡᠰᠡᠭ ᠨᠢ ᠦᠬᠦᠭᠰᠡᠨ︶  ᠃  ᠲᠠ ᠨᠠᠷ ︵ᠠᠮᠢᠳᠦ︶ ᠦᠯᠡᠳᠡᠭᠰᠡᠳ ᠭᠠᠵᠠᠷ ᠣᠰᠤ ᠪᠠᠷ ᠲᠡᠨᠦᠬᠦᠴᠢᠯᠡᠨ ᠦᠷᠦᠪᠳᠦᠯᠲᠠᠢ ᠪᠣᠯᠵᠠᠢ᠃ ᠲᠡᠭᠷᠢ ᠶᠢᠨ ᠬᠠᠶᠢᠷ᠎ᠠ ᠪᠠᠷ᠂ ᠨᠠᠳᠠᠳᠦ ᠠᠵᠠ ᠪᠠᠶᠢᠭᠰᠠᠨ ᠲᠣᠯᠠ ᠪᠢ ᠣᠷᠤ ᠰᠠᠭᠤᠭᠰᠠᠨ᠂ ᠣᠷᠤ ᠰᠠᠭᠤᠪᠠ᠃ 10. ᠲᠠ ᠨᠠᠷ ︵ᠦᠪᠡᠷ ᠶᠢ ᠴᠢᠨᠢ︶ ᠪᠣᠰᠬᠠᠭᠰᠠᠨ ᠬᠠᠭᠠᠨ ᠢ ᠪᠠᠨ᠂ ᠦᠭᠡ ᠶᠢ ᠨᠢ ᠦᠯᠦ ᠰᠤᠨᠣᠰᠤᠨ ᠭᠠᠵᠠᠷ ᠣᠰᠤ ᠪᠠᠷ ᠲᠡᠨᠦᠬᠦᠴᠢᠯᠡᠨ᠂ ᠲᠡᠨᠳᠡ ᠪᠠᠨ ᠬᠡᠳᠦ ᠭᠦᠯᠳᠡᠨ ᠶᠠᠳᠠᠷᠠᠵᠤ ︵ᠳᠡᠶᠢᠯᠦᠩᠬᠢ ᠬᠡᠰᠡᠭ ᠨᠢ ᠦᠬᠦᠭᠰᠡᠨ︶  ᠃  ᠲᠠ ᠨᠠᠷ ︵ᠠᠮᠢᠳᠦ︶ ᠦᠯᠡᠳᠡᠭᠰᠡᠳ ᠭᠠᠵᠠᠷ ᠣᠰᠤ ᠪᠠᠷ ᠲᠡᠨᠦᠬᠦᠴᠢᠯᠡᠨ ᠦᠷᠦᠪᠳᠦᠯᠲᠠᠢ ᠪᠣᠯᠵᠠᠢ᠃ ᠲᠡᠭᠷᠢ ᠶᠢᠨ ᠬᠠᠶᠢᠷ᠎ᠠ ᠪᠠᠷ᠂ ᠨᠠᠳᠠᠳᠦ ᠠᠵᠠ ᠪᠠᠶᠢᠭᠰᠠᠨ ᠲᠣᠯᠠ ᠪᠢ ᠣᠷᠤ ᠰᠠᠭᠤᠭᠰᠠᠨ᠂ ᠣᠷᠤ ᠰᠠᠭᠤᠪᠠ᠃ 11. ᠠᠳᠡ ᠰᠡᠶᠢᠯᠣᠭ᠍ᠰᠡᠨ᠃ ᠬᠡᠯᠡᠬᠦ ᠭᠡᠰᠡᠨ ︵ᠨᠠᠳᠠᠳᠦ ᠪᠠᠶᠢᠭ᠎ᠠ︶ ᠪᠦᠬᠦᠨ ᠢᠶᠠᠨ ᠮᠦᠩᠬᠡ ᠶᠢᠨ ᠴᠢᠯᠠᠭᠤᠨ ᠲᠡᠭᠡᠷ᠎ᠡ ᠪᠢ ᠰᠡᠶᠢᠯᠣᠭ᠍ᠰᠡᠨ᠃ ᠡᠭᠦᠨ ᠢ ᠬᠠᠷᠠᠭᠠᠳ ᠦᠨᠦ ᠶᠢᠨ ᠲᠦᠷᠦᠭ ᠤᠨ ᠪᠠᠭ ᠨᠠᠷ ᠠᠷᠠᠳ ᠤᠳ ᠣᠬᠠᠭᠠᠷᠠᠨ᠎ᠠ ᠃ ᠣᠷᠤ ᠰᠠᠭᠤᠳᠠᠯ ᠳᠤ ᠬᠤᠷᠢᠶᠠᠭᠳᠠᠭᠰᠠᠨ ᠪᠠᠭ ᠨᠠᠷ  ︵ᠰᠢᠭᠤᠳ ᠣᠳᠬ᠎ᠠ ᠪᠠᠷ ᠣᠷᠤ ᠰᠠᠭᠤᠳᠠᠯ ᠬᠠᠷᠠᠵᠤ ᠪᠤᠢ︶ ᠲᠠ ᠨᠠᠷ ᠠᠯᠳᠠᠭ᠎ᠠ ᠭᠠᠷᠭᠠᠬᠤ ᠮᠠᠭᠠᠳᠯᠠᠯ ᠲᠠᠢ  ︖ ︵ᠣᠷᠪᠠᠭ᠋ᠣ᠂ ᠦᠯᠦ ᠰᠣᠨᠣᠰᠬᠤ︶᠂ ᠪᠢ ᠮᠦᠩᠬᠡ ᠶᠢᠨ ᠴᠢᠯᠠᠭᠤ ᠶᠢ᠃᠂᠂ ᠲᠠᠪᠬᠠᠴᠢ ᠣᠯᠤᠰ ᠤᠨ ᠬᠠᠮᠢᠭ᠎ᠠ ᠠᠴᠠ ᠪᠢᠴᠢᠭᠡᠰᠦᠴᠢ ᠶᠢᠨ ᠢᠷᠡᠭᠦᠯᠦᠨ ᠰᠡᠶᠢᠯᠪᠣᠷᠢ ᠬᠢᠬᠦ ᠶᠢ ᠳᠠᠭᠠᠭᠠᠯᠭᠠᠭᠰᠠᠨ᠃ ᠲᠡᠳᠡ ᠮᠠᠨᠢ ᠦᠭᠡ ᠶᠢ ᠬᠤᠪᠢᠷᠠᠭᠠᠭᠰᠠᠨ ᠦᠭᠡᠢ ︵ᠭᠠᠵᠢᠭᠤᠳᠠᠭᠤᠯᠤᠭᠰᠠᠨ ᠦᠭᠡᠢ︶ 12. ᠲᠠᠪᠬᠠᠴᠢ ᠬᠠᠭᠠᠨ ᠤ ᠳᠣᠲᠣᠭᠠᠳᠣ ᠵᠠᠰᠠᠯ ᠤᠨ ᠪᠢᠴᠢᠭᠡᠰᠦᠴᠢ ᠶᠢᠨ ᠢᠷᠡᠭᠦᠯᠦᠭᠰᠡᠨ᠃ ᠪᠢ ᠲᠡᠭᠦᠨ ᠳᠤ ᠣᠨᠴᠠᠭᠠᠢ ᠪᠠᠷᠢᠯᠭ᠎ᠠ᠂ ᠳᠣᠲᠣᠭᠠᠳᠣ ᠭᠠᠳᠠᠭᠠᠳᠤ ︵ᠬᠠᠨ᠎ᠠ ᠶᠢ︶ ᠲᠣᠰᠬᠠᠢ ᠬᠡ ᠪᠠᠷ ᠴᠢᠮᠡᠨ ᠴᠢᠯᠠᠭᠤ ᠶᠢ ᠪᠣᠰᠬᠠᠬᠤ ᠳᠠᠭᠠᠭᠠᠯᠭᠠᠪᠤᠷᠢ ᠦᠭᠭᠦᠭᠰᠡᠨ  ᠃ ᠵᠢᠷᠦᠬᠡᠨ ᠤ ᠦᠭᠡ ᠪᠠᠨ ᠦᠪᠡᠷ ᠤᠨ ᠬᠦᠦ ᠳᠤ ︽ᠠᠷᠪᠠᠨ ᠰᠤᠮᠤ  ︾᠂ ᠵᠦᠪᠰᠢᠶᠡᠷᠡᠯ ᠢᠶᠠᠷ ᠰᠠᠭᠤᠷᠢᠰᠢᠭᠴᠢ ︵ᠲᠠᠲᠤ ᠤᠳ︶ ᠮᠦᠨ ᠪᠦᠭᠦᠳᠡ ᠳᠤ᠂ ᠡᠭᠦᠨ ᠢ ᠬᠠᠷᠠᠨ ︵ᠬᠦᠰᠢᠶ᠎ᠡ ᠶᠢ︶᠂ ᠬᠦᠰᠢᠶ᠎ᠡ ᠶᠢ 13. ᠪᠢ ᠪᠤᠰᠬᠠᠪᠠ᠃᠂᠂ ᠡᠳᠦᠭᠡ ᠲᠡᠷᠡ ᠵᠠᠮ ᠤᠨ ᠵᠤᠭᠰᠤᠭᠠᠯ ᠲᠡᠭᠡᠷ᠎ᠡ ᠪᠤᠢ᠂ ᠮᠦᠨ ᠡᠨᠡ ᠵᠠᠮ ᠤᠨ ᠵᠤᠭᠰᠤᠭᠠᠯ ᠲᠡᠭᠡᠷ᠎ᠡ ᠪᠢ ︵ᠬᠦᠰᠢᠶ᠎ᠡ ᠶᠢ︶ ᠪᠠᠶᠢᠭᠤᠯᠤᠨ ᠲᠡᠭᠡᠷ᠎ᠡ ᠨᠢ ᠪᠢᠴᠢᠭᠰᠡᠨ᠃ ᠡᠭᠦᠨ ᠢ ᠬᠠᠷᠠᠭᠠᠳ ᠮᠡᠳᠡᠨ᠎ᠡ᠄ ᠲᠡᠷᠡ ᠴᠢᠯᠠᠭᠤ ᠶᠢ ᠪᠢ᠂᠂᠂ ᠡᠨᠡ ᠪᠢᠴᠢᠭ ᠢ ᠪᠢᠴᠢᠭᠰᠡᠨ ᠨᠢ ᠠᠴᠢ ᠵᠤᠯᠤᠭᠤ ᠲᠧᠭᠧᠨ᠃           ᠠᠰᠠᠭᠤᠯᠲᠠ᠄ ᠪᠢᠯᠭᠡ ᠬᠠᠭᠠᠨ ᠶᠠᠭᠤ ᠬᠢᠭᠰᠡᠨ ᠬᠦᠮᠦᠨ ᠪᠤᠢ  ︖ ᠮᠠᠯᠤᠪ ᠤᠨ ᠰᠡᠷᠭᠦᠭᠡᠯᠲᠡ ᠪᠠᠷ ᠪᠦᠬᠦ ᠬᠦᠮᠦᠨ ᠢᠶᠠᠨ ᠲᠠᠩ ᠣᠯᠤᠰ ᠣᠷᠣᠭᠤ ᠠᠯᠳᠠᠭᠰᠠᠨ ᠪᠤᠯᠵᠤ ᠪᠠᠶᠢᠨ᠎ᠠ᠃  ᠲᠠᠩ ᠣᠯᠤᠰ ᠤᠨ ᠬᠠᠭᠠᠨ ᠴᠢᠳᠠᠯ  ᠲᠠᠢ ᠬᠠᠭᠠᠨ ᠢ ᠬᠦᠨᠳᠦᠯᠡᠨ ᠪᠢᠴᠢᠭᠡᠰᠦᠴᠢ ᠪᠠᠨ ᠶᠠᠪᠣᠭᠤᠯᠵᠠᠢ᠃ ᠪᠢᠯᠭᠡ ᠬᠠᠭᠠᠨ ᠲᠠᠩ ᠣᠯᠤᠰ ᠤᠨ ᠬᠠᠭᠠᠨ ᠤ ᠬᠦᠨᠳᠦᠯᠡᠯ ᠢ ᠬᠦᠯᠢᠶᠡᠬᠦ ᠶᠠᠭᠤ ᠬᠢᠭᠰᠡᠨ ᠪᠤᠢ  ︖ ᠦᠲᠦᠭ ᠲᠤ ᠦᠶ᠎ᠡ ᠶᠢᠨ ᠦᠶ᠎ᠡ ᠳᠤ ᠬᠠᠮᠤᠭ ᠤᠨ ᠰᠠᠶᠢᠨ ᠨᠣᠲᠤᠭ᠂ ᠬᠠᠮᠤᠭ ᠤᠨ ᠶᠡᠭᠡ ᠮᠠᠯ ᠲᠠᠢ ᠪᠠᠶᠢᠬᠤ ᠳᠤ ᠨᠢᠭᠡ ᠴᠠᠳᠬᠤ᠂ ᠨᠢᠭᠡ ᠦᠯᠦᠰᠬᠦ ᠭᠡᠳ ᠬᠠᠮᠢᠭ᠎ᠠ ᠠᠴᠠ ᠶᠠᠭᠤ ᠮᠠᠯᠤᠪ ᠭᠠᠷᠭᠠᠪᠠ᠃ ᠮᠠᠯᠤᠪ ᠤᠨ ᠬᠢ ᠪᠠᠷ ᠲᠡᠭᠷᠢ ᠶᠢᠨ ᠬᠠᠶᠢᠷ᠎ᠠ ᠪᠠᠷ ᠮᠤᠵᠧᠯᠢᠶᠠᠨ ᠬᠠᠭᠠᠨ ᠪᠤᠯᠵᠤ ᠦᠪᠡᠷ ᠤᠨ ᠣᠷᠣᠯᠴᠠᠭ᠎ᠠ ᠦᠭᠡᠢ ᠣᠶᠢᠯᠠ ᠶᠠᠪᠤᠳᠠᠯ ᠤᠨ ᠲᠦᠯᠦᠭᠡ ᠡᠶᠢᠮᠦ ᠶᠡᠭᠡ ᠠᠵᠢᠯ ᠬᠢᠭᠰᠡᠨ ᠪᠤᠯᠵᠤ ᠪᠠᠶᠢᠨ᠎ᠠ ᠤᠤ  ︖           ᠮᠠᠯᠤᠪ ᠬᠠᠳᠠᠨ ᠤ ᠪᠢᠴᠢᠭ ᠢ ᠶᠠᠭᠠᠬᠢᠵᠤ ᠣᠶᠢᠯᠠᠭᠠᠭᠰᠠᠨ ᠢᠶᠠᠨ ᠢᠷᠠᠭᠤ ᠲᠤᠳᠤ ᠪᠠᠷ ᠪᠢᠴᠢᠭᠰᠡᠨ ᠪᠤᠯᠬᠤ ᠠᠴᠠ ᠬᠠᠳᠠᠨ ᠤ ᠪᠢᠴᠢᠭ ᠶᠠᠭᠤ ᠦᠭᠦᠯᠡᠵᠦ ᠪᠤᠢ ᠶᠢ ᠪᠢᠴᠢᠭᠰᠡᠨ ᠦᠭᠡᠢ᠃ ᠮᠠᠯᠤᠪ ᠳᠤ ᠣᠭ ᠬᠠᠳᠠᠨ ᠤ ᠪᠢᠴᠢᠭ ᠢ ᠰᠡᠷᠭᠦᠭᠡᠬᠦ ᠬᠤᠪᠢ ᠪᠤᠰᠤᠳ ᠬᠠᠷᠢ ᠰᠤᠳᠤᠯᠤᠭᠠᠴᠢᠳ ᠤᠨ ᠠᠳᠠᠯᠢ ᠪᠠᠶᠢᠭᠰᠠᠨ ᠦᠭᠡᠢ᠃ ᠡᠳᠦᠭᠡ ᠳᠡᠯᠡᠬᠡᠢ ᠳᠠᠶᠠᠭᠠᠷ ᠰ᠊  ᠂  ᠶᠸ᠊᠂  ᠮᠠᠯᠤᠪ ᠤᠨ ᠨᠣᠮᠧᠷ ᠨᠢᠭᠡ ᠰᠤᠳᠤᠯᠤᠭᠠᠴᠢ ᠭᠡᠳ ᠪᠢᠰᠢᠷᠡᠨ᠂ ᠶᠡᠭᠡ ᠲᠡᠭᠡᠳᠦ ᠰᠤᠷᠭᠠᠭᠤᠯᠢ  ᠤᠳ ᠤᠨ ᠰᠤᠷᠭᠠᠯᠳᠠ ᠲᠡᠭᠦᠨ ᠢ ᠬᠠᠳᠠᠨ ᠤ ᠪᠢᠴᠢᠭ ᠢ ᠶᠠᠭᠠᠬᠢᠵᠤ ᠪᠢᠯᠠᠷᠠᠭᠰᠠᠨ ᠢᠶᠠᠷ ᠬᠢᠵᠦ ᠪᠠᠶᠢᠭ᠎ᠠ ᠪᠤᠯᠬᠤ ᠠᠴᠠ ᠬᠠᠳᠠᠨ ᠤ ᠪᠢᠴᠢᠭ ᠶᠠᠭᠤ ᠦᠭᠦᠯᠡᠵᠦ ᠪᠠᠶᠢᠭ᠎ᠠ ᠪᠠᠷ ᠬᠢᠭᠳᠡᠭᠡ ᠦᠭᠡᠢ᠃ ᠮᠠᠯᠤᠪ ᠤᠨ ᠦᠭᠦᠯᠡᠪᠦᠷᠢ ᠶᠢᠨ ᠪᠦᠲᠦᠴᠡ᠂ ᠦᠭᠡᠰ ᠤᠨ ᠰᠤᠩᠭᠤᠯᠲᠠᠨ ᠲᠡᠭᠡᠷ᠎ᠡ ᠰᠢᠨᠵᠢᠯᠡᠭᠡ ᠬᠢᠬᠦ ᠢᠯᠡᠭᠦᠴᠡ ᠭᠡᠳ ᠦᠵᠡᠵᠦ ᠪᠤᠢ ᠨᠢ ᠲᠡᠷᠡ ᠦᠪᠡᠷ ᠢᠶᠠᠨ ᠬᠠᠷᠢ ᠬᠦᠮᠦᠨ᠂ ᠲᠡᠭᠦᠨ ᠳᠤ ᠵᠦᠷᠢᠶ᠎ᠡ ᠪᠠᠶᠢᠬᠤ ᠠᠴᠠ ᠪᠤᠷᠤᠭᠤ ᠪᠠᠶᠢᠬᠤ ᠦᠭᠡᠢ᠃ ᠬᠠᠷᠢᠨ ᠠᠺᠠᠳᠧᠮᠢᠴᠢ ᠯ᠊  ᠂  ᠪᠤᠯᠤᠳ ᠤᠨ ᠰᠡᠷᠭᠦᠭᠡᠯᠲᠡ ᠳᠤ ᠳ᠋ᠦᠩ ᠰᠢᠨᠵᠢᠯᠡᠭᠡ ᠬᠢᠭᠰᠡᠨ ᠢᠶᠠᠨ ᠲᠠ ᠪᠦᠬᠦᠨ ᠳᠤ ᠲᠠᠷᠠᠭ᠎ᠠ ᠶᠢᠨ ᠳ᠋ᠣᠭᠠᠷ ᠢᠶᠠᠷ ᠬᠦᠷᠭᠡᠬᠦ ᠪᠤᠯᠤᠨ᠎ᠠ  ᠃                                ᠬᠤᠷᠠᠭᠠᠨ‌ᠣᠪᠣᠭᠲᠤ ᠰᠧᠷᠡᠨᠳᠠᠬᠪᠠ ᠶᠢᠨ ᠰᠡᠷᠭᠦᠯᠡᠩ  ᠃
 
ᠢᠷᠡᠯᠲᠡ᠄ ᠰᠠᠯᠬᠢᠨ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备07002090号