ᠣᠩᠨᠢᠭᠤᠳ ᠤᠨ ᠬᠡᠪᠴᠢᠶᠡᠨ ᠳᠤ ᠪᠣᠯᠣᠭᠰᠠᠨ ᠶᠣᠸᠠᠨ ᠣᠯᠣᠰ ᠤᠨ ᠰᠡᠭᠦᠯᠴᠢ ᠶᠢᠨ ᠬᠡᠳᠦ ᠣᠳᠠᠭᠠᠨ ᠤ ᠳᠠᠶᠢᠨ
ᠨᠡᠶᠢᠲᠡᠯᠡᠭᠰᠡᠨ ᠴᠠᠭ᠄
2020-06-17
     ᠣᠩᠨᠢᠭᠤᠳ ᠤᠨ ᠬᠡᠪᠴᠢᠶᠡᠨ ᠳᠤ ᠪᠣᠯᠣᠭᠰᠠᠨ ᠶᠣᠸᠠᠨ      ᠣᠯᠣᠰ ᠤᠨ  ᠰᠡᠭᠦᠯᠴᠢ ᠶᠢᠨ ᠬᠡᠳᠦ ᠣᠳᠠᠭᠠᠨ ᠤ ᠳᠠᠶᠢᠨ                                                             ᠰᠠᠯᠬᠢᠨ               ᠶᠤᠸᠠᠨ ᠣᠯᠤᠰ ᠤᠨ ᠰᠡᠭᠦᠯᠴᠢ ᠪᠠᠷ᠂ ᠬᠢᠲᠠᠳ ᠭᠠᠵᠠᠷ ᠲᠤ ᠲᠠᠷᠢᠶᠠᠴᠢᠨ ᠤ ᠣᠷᠪᠠᠯᠭᠠᠨ ᠣᠳᠠᠭ᠎ᠠ ᠳᠠᠷᠠᠭ᠎ᠠ  ᠪᠠᠷ ᠭᠠᠷᠴᠤ᠂ ᠬᠠᠭᠠᠨᠲᠤ ᠲᠦᠷᠦ ᠶᠢᠨ ᠳᠤᠲᠤᠭᠠᠳᠤ ᠳᠠᠭᠠᠨ ᠣᠯᠠᠨ ᠴᠡᠷᠢᠭ ᠤᠨ ᠡᠷᠬᠡᠲᠡᠳ ᠵᠢᠭᠤᠷᠤᠯᠳᠤᠨ ᠪᠠᠶᠢᠯᠳᠤᠵᠤ᠂ ᠦᠪᠡᠷ ᠦᠪᠡᠷ ᠤᠨ ᠠᠰᠢᠭ ᠲᠤᠰᠠ ᠶᠢᠨ ᠲᠦᠯᠦᠭᠡ ᠢᠯᠡ ᠪᠠᠷ ᠦᠷᠢᠰᠦᠯᠳᠤᠨ ᠳᠠᠯᠳᠠ ᠪᠠᠷ ᠲᠡᠮᠡᠴᠡᠯᠳᠦᠵᠦ᠂ ᠬᠠᠮᠲᠤᠪᠡᠷ ᠣᠷᠪᠠᠯᠭᠠᠨ ᠢ ᠳᠠᠷᠤᠬᠤ ᠦᠭᠡᠢ ᠮᠦᠷᠲᠡᠭᠡᠨ ᠲᠦᠪ ᠵᠠᠰᠠᠭ ᠲᠠᠢ ᠣᠷᠢᠰᠦᠯᠳᠤᠨ ᠲᠡᠮᠡᠴᠡᠯᠳᠦᠬᠦ ᠪᠤᠯᠵᠠᠢ᠃ ᠲᠦᠷᠦ ᠶᠢᠨ ᠳᠤᠲᠤᠷ᠎ᠠ ᠲᠤᠭᠤᠨᠲᠡᠮᠦᠷ ᠬᠠᠭᠠᠨ ᠢᠶᠠᠷ ᠲᠦᠯᠦᠭᠡᠯᠡᠭᠦᠯᠦᠭᠰᠡᠨ ︽ᠬᠠᠭᠠᠨ ᠤ ᠨᠠᠮᠲᠠᠨ︾᠂ ᠴᠢ ᠣᠪᠣᠭᠲᠤ ᠰᠤᠯᠤᠩᠭᠤᠰ ᠣᠳᠤᠮᠲᠤ ᠬᠤᠸᠠᠩᠬᠡᠣ ᠪᠠ ᠲᠠᠶᠢᠽᠢ ᠠᠶᠤᠰᠢᠳᠠᠷᠠ ᠪᠠᠷ ᠲᠦᠯᠦᠭᠡᠯᠡᠭᠦᠯᠦᠭᠰᠡᠨ ︽ᠲᠠᠶᠢᠽᠢ ᠶᠢᠨ ᠨᠠᠮᠲᠠᠨ︾᠂ ᠬᠦᠬᠡᠲᠡᠮᠦᠷ ᠢᠶᠠᠷ ᠲᠦᠯᠦᠭᠡᠯᠡᠭᠦᠯᠦᠭᠰᠡᠨ ᠣᠮᠠᠷᠠᠲᠤ ᠶᠢᠨ ᠬᠢᠲᠠᠳ ᠭᠠᠵᠠᠷ ᠤᠨ ᠡᠵᠡᠨ ᠤ ᠪᠦᠯᠦᠭᠲᠡᠨ᠂ ᠯᠢ ᠽᠢ ᠴᠢ ᠮᠡᠲᠦ ᠶᠢᠨ ᠳᠤᠮᠳᠠᠳᠤ ᠣᠷᠤᠨ ᠤ ᠬᠢᠲᠠᠳ ᠭᠠᠵᠠᠷ ᠤᠨ ᠡᠵᠡᠨ ᠤ ᠪᠦᠯᠦᠭᠲᠡᠳ ᠨᠢ ᠴᠡᠷᠢᠭ ᠤᠨ ᠡᠷᠬᠡᠲᠡᠨ ᠪᠤᠯᠤᠨ ᠪᠦᠷᠢᠯᠳᠦᠵᠦ᠂ ᠶᠤᠸᠠᠨ ᠣᠯᠤᠰ ᠤᠨ ᠬᠢᠲᠠᠳ ᠣᠷᠤᠨ  ᠳᠠᠬᠢ ᠨᠣᠶᠠᠷᠬᠠᠯ ᠢ ᠭᠤᠶᠢᠪᠠᠯᠵᠢᠭᠤᠯᠵᠤ ᠣᠷᠬᠢᠵᠠᠢ᠃ ᠠᠷᠤ ᠭᠠᠵᠠᠷ ᠤᠨ ᠮᠣᠩᠭᠤᠯ ᠢᠵᠠᠭᠤᠷᠲᠠᠳ ᠨᠢ ᠲᠤᠭᠤᠨᠲᠡᠮᠦᠷ ᠬᠠᠭᠠᠨ ᠢ ᠲᠤᠭᠤᠬᠤ ᠦᠭᠡᠢ ᠮᠦᠷᠲᠡᠭᠡᠨ ᠠᠰ ᠢᠶᠠᠷ ᠢᠶᠠᠨ ᠳᠤᠰᠠᠭᠠᠷᠯᠠᠬᠤ ᠭᠡᠵᠦ ᠴᠦ ᠣᠷᠤᠯᠳᠤᠵᠤ ᠪᠠᠶᠢᠵᠠᠢ᠃  ᠵᠦ ᠶᠤᠸᠠᠨ ᠵᠠᠩ ᠬᠡᠮᠡᠬᠦ ᠡᠷ᠎ᠡ ᠡᠶᠢᠮᠤᠷᠬᠦ ᠰᠠᠮᠠᠭᠤᠷᠠᠯ ᠢ ᠵᠠᠪᠰᠢᠵᠤ ᠬᠦᠴᠦᠨ ᠢᠶᠠᠨ ᠪᠤᠵᠠᠭᠠᠶᠢᠷᠠᠭᠤᠯᠵᠤ ᠠᠪᠣᠭᠠᠳ᠂ ᠮᠢᠩ ᠬᠡᠮᠡᠬᠦ ᠨᠡᠷ᠎ᠡ ᠶᠢ ᠠᠪᠴᠤ ᠵᠠᠰᠠᠭ ᠲᠦᠷᠦ ᠪᠠᠶᠢᠭᠤᠯᠵᠤ᠂ ᠣᠨ ᠲᠤᠭᠠᠯᠠᠯ ᠤᠨ 1368 ᠣᠨ ᠳᠤ ᠶᠤᠸᠠᠨ ᠭᠦᠷᠦᠨ ᠤ ᠨᠡᠶᠢᠰᠯᠡᠯ ᠬᠤᠲᠠ ᠳᠠᠶᠢᠳᠤ  ︵ᠬᠠᠨ ᠪᠠᠯᠢᠭ︶ ᠢ ᠡᠵᠡᠯᠡᠨ ᠠᠪᠴᠠᠢ᠃ ᠨᠡᠶᠢᠰᠯᠡᠯ ᠬᠤᠲᠠ ᠪᠠᠨ ᠠᠯᠳᠠᠭᠰᠠᠨ ᠲᠤᠭᠤᠨᠲᠡᠮᠦᠷ ᠬᠠᠭᠠᠨ 1368 ᠣᠨ ᠤ 7 ᠰᠠᠷ᠎ᠠ ᠳᠤ ᠱᠠᠩᠲᠤ ᠬᠤᠲᠠᠨ ᠳᠤ ᠳᠤᠲᠠᠭᠠᠨ ᠢᠷᠡᠵᠦ᠂ ᠡᠶᠢᠨᠬᠦ ᠬᠤᠪᠢᠯᠠᠢ ᠶᠢᠨ ᠪᠠᠶᠢᠭᠤᠯᠤᠭᠰᠠᠨ ᠶᠤᠸᠠᠨ ᠭᠦᠷᠦᠨ ᠨᠢ ᠬᠢᠲᠠᠳ ᠣᠷᠤᠨ ᠳᠠᠬᠢ ᠨᠣᠶᠠᠷᠬᠠᠯ ᠢᠶᠠᠨ ᠠᠯᠳᠠᠵᠠᠢ᠃         ᠶᠤᠸᠠᠨ ᠭᠦᠷᠦᠨ ᠨᠢ ᠬᠡᠳᠦᠶᠢᠪᠡᠷ ᠬᠢᠲᠠᠳ ᠣᠷᠤᠨ ᠳᠠᠬᠢ ᠨᠣᠶᠠᠷᠬᠠᠯ ᠢᠶᠠᠨ ᠠᠯᠳᠠᠭᠰᠠᠨ ᠪᠤᠯᠪᠠᠴᠤ᠂ ᠮᠣᠩᠭᠤᠯ  ᠤᠨ ᠣᠯᠤᠰ ᠲᠦᠷᠦ ᠶᠢᠨ ᠭᠤᠣᠯ ᠲᠦᠪ ᠨᠢ ᠪᠠᠷᠤᠭ ᠪᠦᠲᠦᠨ ᠬᠡᠪ ᠢᠶᠠᠷ ᠦᠯᠡᠳᠡᠵᠦ᠂ ᠪᠦᠷᠢᠨ ᠪᠦᠲᠦᠨ ᠪᠠᠶᠢᠭᠤᠯᠤᠮᠵᠢ ᠲᠠᠢ᠂ ᠴᠡᠷᠢᠭ ᠤᠨ ᠬᠦᠴᠦᠨ ᠲᠠᠢ ᠪᠠᠶᠢᠵᠠᠢ᠃ ᠬᠦᠬᠡᠨᠠᠭᠤᠷ᠂ ᠨᠢᠩᠰᠢᠶᠠ᠂ ᠶᠦᠨᠨᠠᠨ᠂ ᠬᠢᠩᠭᠠᠨ ᠳᠠᠪᠠᠭ᠎ᠠ᠂ ᠲᠡᠭᠷᠢ ᠠᠭᠤᠯᠠ᠂ ᠪᠠᠶᠢᠭᠠᠯ ᠨᠠᠭᠤᠷ ᠣᠷᠴᠢᠮ ᠤᠨ ᠭᠠᠵᠠᠷ ᠣᠷᠤᠨ ᠪᠦᠷ ᠲᠦᠪ ᠵᠠᠰᠠᠭ ᠤᠨ ᠮᠡᠳᠡᠯ ᠳᠤ ᠪᠠᠶᠢᠭᠰᠠᠨ ᠪᠦᠭᠡᠳ ᠶᠢᠰᠤ ᠠᠴᠠ ᠳ᠋ᠠ ᠨᠢᠩ ᠴᠦᠯᠭᠡ᠂ ᠴᠢᠣᠸᠠᠨ ᠨᠢᠩ ᠴᠦᠯᠭᠡ ᠶᠢᠨ ᠭᠠᠵᠠᠷ ᠢ ᠡᠵᠡᠮᠰᠢᠵᠦ᠂ ᠨᠠᠬᠠᠴᠤ ᠠᠴᠠ ᠯᠢᠶᠤᠣ ᠳ᠋ᠦᠩ ᠣᠷᠤᠨ ᠢ ᠡᠵᠡᠮᠰᠢᠵᠤ᠂ ᠬᠦᠬᠡᠲᠡᠮᠦᠷ᠂ ᠯᠢ ᠽᠢ ᠴᠢ᠂ ᠵᠠᠩ ᠯᠢᠶᠠᠩ ᠪᠢ ᠵᠡᠷᠭᠡ ᠶᠢᠨ ᠴᠡᠷᠢᠭ ᠤᠨ ᠡᠷᠬᠡᠲᠡᠳ ᠱᠠᠨ ᠰᠢ ᠪᠤᠯᠤᠨ ᠲᠦᠪ ᠮᠤᠵᠢ ᠶᠢᠨ ᠪᠠᠷᠠᠭᠤᠨ ᠬᠡᠰᠡᠭ ᠤᠨ ᠭᠠᠵᠠᠷ ᠢ ᠡᠵᠡᠮᠳᠡᠵᠦ ᠪᠠᠶᠢᠪᠠ᠃ ᠲᠤᠭᠤᠨᠲᠡᠮᠦᠷ ᠬᠠᠭᠠᠨ ᠪᠤᠯᠤᠨ ᠠᠶᠤᠰᠢᠳᠠᠷᠠ ᠨᠠᠷ ᠡᠳᠡᠭᠡᠷ ᠣᠷᠤᠨ ᠢᠶᠠᠷ ᠠᠷᠤ ᠳᠦᠰᠢᠯᠭᠡ ᠪᠤᠯᠭᠠᠵᠤ ᠦᠯᠡᠳᠡᠭᠳᠡᠯ ᠬᠦᠴᠦᠨ ᠢᠶᠠᠨ ᠵᠤᠬᠢᠶᠠᠨ ᠪᠠᠶᠢᠭᠤᠯᠵᠤ᠂ ᠬᠢᠲᠠᠳ ᠣᠷᠤᠨ ᠳᠠᠬᠢ ᠨᠣᠶᠠᠷᠬᠠᠯ ᠢᠶᠠᠨ ᠪᠤᠴᠠᠭᠠᠨ ᠠᠪᠬᠤ ᠪᠠᠷ ᠬᠦᠴᠦᠯᠡᠨ ᠲᠡᠮᠡᠴᠡᠪᠡ᠃         ᠲᠤᠭᠤᠨᠲᠡᠮᠦᠷ ᠬᠠᠭᠠᠨ ᠠᠴᠠ ᠱᠠᠩᠲᠤ ᠳᠤ ᠳᠤᠲᠠᠭᠠᠨ ᠣᠴᠢᠭᠰᠠᠨ ᠤ ᠳᠠᠷᠠᠭᠠᠬᠠᠨ᠂ ᠬᠦᠬᠡᠲᠡᠮᠦᠷ ᠢ ᠵᠠᠷᠯᠢᠭᠳᠠᠨ ᠶᠠᠨ ᠮᠧᠨ ᠪᠤᠭᠤᠮᠲᠠ ᠪᠠᠷ ᠴᠡᠷᠢᠭ ᠣᠷᠤᠭᠤᠯᠵᠤ᠂ ᠵᠢᠣᠢ ᠢᠣᠢ ᠭᠤᠸᠠᠨ ᠢᠶᠠᠷ ᠳᠠᠶᠢᠳᠤ ᠶᠢ ᠴᠤᠬᠢᠭᠤᠯᠪᠠ ᠃ ᠭᠡᠪᠡᠴᠤ ᠱᠠᠨᠰᠢ ᠭᠠᠨᠰᠤ ᠣᠷᠴᠢᠮ ᠤᠨ ᠴᠡᠷᠢᠭ ᠤᠨ ᠡᠷᠬᠡᠲᠡᠨ ᠪᠠ ᠮᠣᠩᠭᠤᠯ ᠬᠠᠭᠠᠳ ᠤᠨ ᠣᠷᠳᠤᠨ ᠤ ᠳᠤᠮᠳᠠ ᠡᠯ᠎ᠡ ᠲᠦᠷᠦᠯ ᠤᠨ ᠵᠦᠷᠢᠴᠡᠯ ᠮᠦᠷᠭᠦᠯᠳᠦᠭᠡᠨ ᠲᠡᠶᠢᠮᠤ ᠠᠮᠠᠷᠬᠠᠨ ᠨᠠᠮᠵᠢᠭᠰᠠᠨ ᠪᠢᠰᠢ᠂ ᠴᠡᠷᠢᠭ ᠤᠨ ᠡᠷᠬᠡᠲᠡᠳ ᠬᠤᠭᠤᠷᠤᠨᠳᠤ ᠪᠠᠨ ᠲᠡᠮᠡᠴᠡᠯᠳᠦᠵᠦ ᠬᠠᠭᠠᠷᠠᠵᠤ ᠪᠠᠶᠢᠭᠰᠠᠨ ᠪᠠᠶᠢᠳᠠᠯ ᠳᠤᠣᠷ᠎ᠠ ᠮᠢᠩ ᠤᠨ ᠴᠡᠷᠢᠭ ᠲᠤ ᠭᠡᠳᠡᠷᠭᠦᠦ ᠳᠠᠭᠠᠷᠢᠬᠤ ᠳᠤᠬᠢᠶᠠᠯ ᠣᠯᠭᠤᠵᠤ᠂ ᠬᠦᠬᠡᠲᠡᠮᠦᠷ ᠲᠡᠶᠢᠯᠦᠭᠳᠡᠵᠦ ᠭᠠᠨᠰᠤ ᠳᠤ ᠳᠤᠲᠠᠭᠠᠨ ᠣᠴᠢᠪᠠ᠃ 1369 ᠣᠨ  ᠳᠤ ᠮᠢᠩ ᠣᠯᠤᠰ ᠤᠨ ᠴᠡᠷᠢᠭ ᠪᠠᠷᠭᠤᠨᠰᠢ ᠱᠠᠨᠰᠢ ᠭᠠᠨᠰᠤ ᠶᠢ ᠳᠠᠭᠠᠷᠢᠵᠤ᠂ ᠯᠢ ᠽᠢ ᠴᠢ ᠪᠠᠭᠤᠵᠤ ᠦᠭᠴᠦ ᠵᠠᠩ ᠯᠢᠶᠠᠩ ᠴᠧᠨ ︵ᠵᠠᠩ ᠯᠢᠶᠠᠩ ᠪᠢ ᠶᠢᠨ ᠳᠡᠭᠦᠦ︶ ᠢᠯᠠᠭᠳᠠᠵᠤ᠂ ᠱᠠᠨᠰᠢ ᠪᠠ ᠭᠠᠨᠰᠤ ᠶᠢᠨ ᠡᠮᠦᠨ᠎ᠡ ᠬᠡᠰᠡᠭ ᠮᠢᠩ ᠣᠯᠤᠰ ᠤᠨ ᠡᠷᠬᠡᠨ ᠳᠤ ᠣᠷᠤᠪᠠ᠃ ᠮᠢᠩ ᠤᠨ ᠴᠡᠷᠢᠭ ᠪᠠᠷᠠᠭᠤᠨ ᠱᠤᠭᠤᠮ ᠳᠤ ᠳᠠᠭᠠᠷᠢᠯᠲᠠ ᠬᠢᠬᠦ ᠦᠶᠡᠰ ᠮᠣᠩᠭᠤᠯ ᠤᠨ ᠴᠡᠷᠢᠭ ᠪᠸᠢ ᠫᠢᠩ᠂ ᠳ᠋ᠠ ᠲᠦᠩ ᠣᠷᠴᠢᠮ ᠳᠤ ᠨᠡᠯᠢᠶᠡᠳ ᠶᠡᠭᠡ ᠬᠡᠪᠴᠢᠶᠡᠨ ᠤ ᠳᠠᠭᠠᠷᠢᠯᠲᠠ ᠬᠢᠭᠰᠡᠨ ᠪᠤᠯᠪᠠᠴᠤ ᠳᠡᠶᠢᠯᠦᠭᠳᠡᠵᠦ ᠱᠠᠩᠲᠤ ᠬᠤᠲᠠ ᠪᠠᠨ ᠴᠦ ᠠᠯᠳᠠᠵᠠᠢ᠃ ᠣᠳᠠᠭ᠎ᠠ ᠳᠠᠷᠠᠭᠠᠯᠠᠨ ᠮᠢᠩ ᠤᠨ ᠴᠡᠷᠢᠭ  ᠲᠤ ᠢᠯᠠᠭᠳᠠᠵᠤ ᠪᠠᠶᠢᠭᠰᠠᠨ ᠦᠶ᠎ᠡ ᠳᠤ᠂ ᠲᠤᠭᠤᠨᠲᠡᠮᠦᠷ ᠬᠠᠭᠠᠨ ᠱᠠᠩᠲᠤ ᠶᠢ ᠣᠷᠬᠢᠨ ᠣᠳᠤ ᠶᠢᠨ ᠬᠡᠰᠢᠭᠲᠡᠨ ᠬᠤᠰᠢᠭᠤᠨ ᠤ ᠬᠡᠪᠴᠢᠶᠡᠨ ᠳᠤ ᠪᠠᠶᠢᠬᠤ ᠢᠩᠴᠠᠩ ᠴᠦᠯᠭᠡ ᠳᠤ ᠳᠤᠲᠠᠭᠠᠨ ᠢᠷᠡᠵᠤ᠂ ᠪᠠᠷᠰ ᠬᠤᠲᠠ ᠶᠢ ᠪᠠᠶᠢᠭᠤᠯᠤᠨ ᠬᠠᠭᠠᠨᠲᠤ ᠲᠦᠷᠦ ᠶᠢᠨ ᠲᠦᠷ ᠴᠠᠭ ᠤᠨ ᠨᠡᠶᠢᠰᠯᠡᠯ ᠢᠶᠠᠨ ᠪᠤᠯᠭᠠᠵᠠᠢ᠃ ᠲᠣᠬᠠᠢ ᠶᠢᠨ ᠦᠶ᠎ᠡ ᠳᠤ ᠢᠩᠴᠠᠩ ᠨᠢ ᠬᠤᠩᠬᠢᠷᠠᠳ ᠠᠶᠢᠮᠠᠭ ᠤᠨ ᠮᠠᠯᠵᠢᠬᠤ ᠨᠣᠲᠤᠭ ᠪᠠᠶᠢᠵᠣ᠂ ᠶᠤᠸᠠᠨ ᠣᠯᠤᠰ ᠤᠨ ᠬᠠᠭᠠᠨ ᠤ ᠬᠠᠲᠤᠳ  ᠤᠨ ᠣᠷᠤᠨ᠂ ᠲᠦᠷᠦ ᠶᠢᠨ ᠲᠤᠯᠭᠤᠷ ᠣᠷᠤᠨ ᠪᠠᠶᠢᠵᠠᠢ᠃ ᠠᠳᠡ ᠰᠢᠯᠢᠳᠡᠭ ᠴᠡᠷᠢᠭ ᠰᠠᠭᠤᠵᠤ᠂ ᠠᠮᠤ ᠡᠪᠡᠰᠦ ᠨᠦᠭᠡᠴᠡᠯᠡᠵᠦ ᠪᠠᠶᠢᠭᠰᠠᠨ ᠪᠦᠭᠡᠳ ᠠᠷᠤ ᠭᠡᠷ ᠢᠶᠠᠨ ᠳᠠᠶᠢᠰᠤᠨ ᠠᠴᠠ ᠬᠠᠮᠠᠭᠠᠯᠠᠬᠤ ᠰᠡᠷᠭᠡᠶᠢᠯᠡᠯᠲᠡ ᠶᠢᠨ ᠱᠤᠭᠤᠮ ᠪᠤᠯᠵᠤ ᠪᠠᠶᠢᠵᠠᠢ᠃ ᠲᠤᠭᠤᠨᠲᠡᠮᠦᠷ ᠬᠠᠭᠠᠨ ᠤ ᠨᠡᠶᠢᠰᠯᠡᠯ ᠢᠶᠠᠨ ᠠᠳᠡ ᠠᠪᠴᠢᠷᠠᠭᠰᠠᠨ ᠤ ᠰᠢᠯᠲᠠᠭᠠᠨ ᠨᠢ ᠬᠤᠩᠬᠢᠷᠠᠳ ᠠᠶᠢᠮᠠᠭ ᠤᠨ ᠭᠠᠵᠠᠷ ᠵᠦᠢ ᠶᠢᠨ ᠳᠠᠪᠠᠭᠤᠯᠢᠭ ᠪᠠᠶᠢᠳᠠᠯ ᠪᠠ ᠡᠯᠪᠡᠭ ᠪᠠᠶᠠᠯᠢᠭ ᠠᠷᠤ ᠲᠠᠯ᠎ᠠ ᠶᠢᠨ ᠨᠦᠭᠡᠴᠡ ᠪᠠᠷ ᠪᠠᠲᠤᠯᠠᠭ᠎ᠠ ᠪᠤᠯᠭᠠᠵᠤ᠂ ᠬᠢᠲᠠᠳ ᠣᠷᠤᠨ ᠢ ᠳᠠᠬᠢᠨ ᠪᠠᠶᠢᠯᠳᠤᠨ ᠡᠵᠡᠯᠡᠬᠦ ᠵᠤᠷᠢᠯᠭ᠎ᠠ ᠲᠠᠢ ᠪᠠᠶᠢᠵᠠᠢ᠃ ᠲᠤᠭᠤᠨᠲᠡᠮᠦᠷ ᠬᠠᠭᠠᠨ ᠠᠳᠡ ᠢᠷᠡᠭᠰᠡᠨ ᠤ ᠳᠠᠷᠠᠭ᠎ᠠ ᠬᠡᠳᠦ ᠣᠳᠠᠭᠠᠨ ᠤ ᠡᠮᠦᠨᠡᠰᠢ ᠳᠠᠶᠢᠯᠠᠬᠤ ᠳᠠᠶᠢᠨ ᠢ ᠵᠤᠬᠢᠶᠠᠨ ᠪᠠᠶᠢᠭᠤᠯᠤᠭᠰᠠᠨ ᠶᠣᠮ᠃ ᠮᠣᠩᠭᠤᠯ ᠤᠨ ᠴᠡᠷᠢᠭ ᠤᠨ ᠬᠡᠳᠦ ᠣᠳᠠᠭᠠᠨ ᠤ ᠴᠡᠷᠢᠭᠯᠡᠯᠲᠡ ᠠᠴᠠ ᠪᠤᠯᠵᠤ ᠮᠢᠩ ᠣᠯᠤᠰ ᠪᠠᠰᠠ ᠬᠤᠩ ᠡᠣ ᠶᠢᠨ ᠲᠡᠷᠢᠭᠦᠨ ᠣᠨ ︵1368 ᠣᠨ︶ ᠠᠴᠠ ᠡᠬᠢᠯᠡᠨ ᠮᠣᠩᠭᠤᠯ ᠣᠷᠤᠨ ᠳᠤ ᠴᠡᠷᠢᠭ ᠣᠷᠤᠭᠤᠯᠤᠨ ᠬᠤᠷᠢᠭᠠᠳ ᠵᠢᠯ ᠤᠨ ᠬᠤᠭᠤᠷᠤᠨᠳᠤ ᠨᠠᠢᠮᠠ ᠣᠳᠠᠭᠠᠨ ᠤ ᠶᠡᠭᠡ ᠳᠠᠶᠢᠯᠠᠯᠳᠤᠭᠠᠨ ᠢ ᠶᠠᠪᠣᠭᠤᠯᠤᠭᠰᠠᠨ ᠪᠠᠶᠢᠨ᠎ᠠ᠃          ᠨᠢᠭᠡ᠃ ᠴᠢᠣᠸᠠᠨ ᠨᠢᠩ ᠬᠤᠲᠠ ᠶᠢᠨ ᠶᠡᠭᠡ ᠲᠣᠯᠣᠯᠳᠣᠭᠠᠨ         1368 ᠣᠨ ᠤ 7 ᠰᠠᠷ᠎ᠠ ᠳᠤ ᠵᠦ ᠶᠤᠸᠠᠨ ᠵᠠᠩ ᠠᠴᠠ ᠰᠢᠣᠢ ᠳ᠋ᠠ ᠵᠡᠷᠭᠡ ᠶᠢᠨ ᠬᠡᠳᠦᠨ ᠬᠦᠮᠦᠨ ᠢᠶᠠᠷ ᠴᠡᠷᠢᠭ ᠵᠠᠬᠢᠷᠤᠭᠤᠯᠤᠨ᠂ ᠲᠤᠭᠤᠨᠲᠡᠮᠦᠷ ᠬᠠᠭᠠᠨ ᠤ ᠰᠠᠭᠤᠵᠤ ᠪᠠᠶᠢᠭᠰᠠᠨ ᠣᠷᠤᠨ ᠵᠦᠭ ᠴᠡᠷᠢᠭᠯᠡᠵᠠᠢ᠃ ᠴᠢᠣᠸᠠᠨ ᠨᠢᠩ ᠴᠦᠯᠭᠡ ᠨᠢ ᠶᠤᠸᠠᠨ ᠣᠯᠤᠰ ᠤᠨ ᠲᠦᠷ ᠴᠠᠭ ᠤᠨ ᠨᠡᠶᠢᠰᠯᠡᠯ ᠬᠤᠲᠠ ᠪᠤᠯᠬᠤ ᠪᠠᠷᠰ ᠬᠤᠲᠠ ︵ᠢᠩᠴᠠᠩ ᠴᠦᠯᠭᠡ︶ ᠶᠢᠨ ᠬᠠᠮᠠᠭᠠᠯᠲᠠ ᠶᠢᠨ ᠡᠮᠦᠨ᠎ᠡ ᠹᠠᠷᠤᠨᠲ ᠪᠤᠯᠬᠤ ᠣᠴᠢᠷ ᠬᠠᠮᠤᠭ ᠲᠦᠷᠦᠭᠦᠦ ᠴᠡᠷᠢᠭᠯᠡᠬᠦ ᠭᠠᠵᠠᠷ ᠪᠤᠯᠵᠠᠢ ᠃ ᠴᠢᠣᠸᠠᠨ ᠨᠢᠩ ᠴᠦᠯᠭᠡ ᠶᠢᠨ ᠪᠠᠷᠠᠭᠤᠨ ᠡᠮᠦᠨ᠎ᠡ ᠣᠳᠣ ᠶᠢᠨ ᠪᠣᠷᠣᠬᠤᠲᠠ ᠠᠴᠠ ᠪᠠᠷᠠᠭᠤᠨ ᠡᠮᠦᠨᠡᠬᠢ ᠨᠠᠢᠮᠠᠨ ᠭᠠᠵᠠᠷ ᠤᠨ ᠠᠯᠣᠰ ᠲᠤ ᠪᠠᠶᠢᠭ᠎ᠠ ᠭᠦᠩᠵᠣ ᠶᠢᠨ ᠠᠭᠤᠯᠠᠨ ᠤ ᠣᠷᠲᠣ ᠴᠠᠶᠢᠵᠠ ᠶᠢᠨ ᠭᠠᠵᠠᠷ ᠲᠤ ᠶᠤᠸᠠᠨ ᠣᠯᠤᠰ  ᠤᠨ ᠲᠦᠷᠦ ᠶᠢᠨ ᠰᠢᠲᠦᠭᠡᠨ ᠢ ᠬᠠᠳᠠᠭᠠᠯᠠᠨ ᠳᠠᠬᠢᠵᠤ ᠪᠠᠶᠢᠭᠰᠠᠨ ᠭᠦᠷᠦᠨ ᠬᠠᠮᠠᠭᠠᠯᠠᠬᠤ ᠰᠦᠮ᠎ᠡ ᠪᠠᠶᠢᠵᠤ᠂ ᠠᠮᠤ ᠪᠤᠳᠠᠭ᠎ᠠ ᠨᠦᠭᠡᠴᠡᠯᠡᠨ᠂ ᠴᠡᠷᠢᠭ ᠣᠯᠠᠨ ᠰᠠᠭᠤᠵᠤ ᠪᠠᠶᠢᠵᠠᠢ᠃  ᠭᠦᠷᠦᠨ ᠬᠠᠮᠠᠭᠠᠯᠠᠬᠤ ᠰᠦᠮ᠎ᠡ ᠳᠤ ᠲᠦᠷᠦ ᠶᠢᠨ ᠣᠯᠠᠭᠠᠨ ᠮᠠᠾ‌‍ᠭᠠᠯᠠ ᠪᠤᠷᠬᠠᠨ ᠢ ᠰᠢᠲᠦᠨ ᠳᠠᠬᠢᠵᠤ ᠪᠠᠶᠢᠭᠰᠠᠨ ᠪᠦᠭᠡᠳ ᠴᠠᠶᠢᠵᠠ ᠪᠠᠬᠢᠯᠡᠯᠲᠡ ᠢ ᠪᠠᠬᠢᠯᠢᠭ᠌ ᠪᠠᠷᠢᠨ ᠯᠠᠮ᠎ᠠ ᠬᠤᠸᠠᠷᠠᠭ ᠨᠢ ᠡᠩ ᠤᠨ ᠦᠶ᠎ᠡ ᠳᠡᠭᠡᠨ ᠯᠠᠮ᠎ᠠ ᠪᠤᠯᠵᠤ ᠨᠣᠮ ᠣᠩᠰᠢᠨ᠂ ᠳᠠᠶᠢᠨ ᠤ ᠴᠠᠭ ᠲᠤ ᠴᠡᠷᠢᠭ ᠬᠤᠶᠠᠭ ᠪᠤᠯᠵᠤ ᠪᠠᠶᠢᠯᠳᠤᠵᠤ ᠪᠠᠶᠢᠭᠰᠠᠨ ᠶᠣᠮ᠃             ᠬᠤᠩ ᠡᠣ ᠶᠢᠨ ᠬᠤᠶᠠᠳᠤᠭᠠᠷ ᠣᠨ ︵1369 ᠣᠨ︶ ᠤ 6 ᠰᠠᠷ᠎ᠠ ᠳᠤ ᠮᠢᠩ ᠣᠯᠤᠰ ᠤᠨ ᠴᠡᠷᠢᠭ ᠤᠨ ᠵᠠᠩᠵᠤᠨ ᠴᠠᠩ ᠢᠣᠢ ᠴᠦᠨ᠂ ᠯᠢ ᠸᠧᠨ ᠵᠦᠩ ᠶᠠᠪᠠᠭᠠᠨ ᠴᠡᠷᠢᠭ ᠨᠠᠢᠮᠠᠠ ᠲᠦᠮᠡ᠂ ᠮᠤᠷᠢᠲᠤ ᠴᠡᠷᠢᠭ ᠨᠢᠭᠡ ᠲᠦᠮᠡ  ᠶᠢ ᠠᠪᠴᠤ᠂ ᠪᠸᠢ ᠫᠢᠩ ᠠᠴᠠ ᠭᠠᠷᠴᠤ᠂ ᠺᠠᠶᠢᠫᠢᠩ ᠵᠦᠭ ᠴᠡᠷᠢᠭᠯᠡᠵᠠᠢ᠃ ᠲᠣᠬᠠᠢ ᠶᠢᠨ ᠦᠶ᠎ᠡ ᠳᠤ ᠴᠢᠣᠸᠠᠨ ᠨᠢᠩ  ᠳᠤ ᠴᠡᠷᠢᠭ ᠬᠠᠮᠢᠶᠠᠷᠤᠨ ᠬᠠᠮᠠᠭᠠᠯᠠᠨ ᠰᠠᠭᠤᠵᠤ ᠪᠠᠶᠢᠭᠰᠠᠨ ᠶᠤᠸᠠᠨ ᠣᠯᠤᠰ ᠤᠨ ᠴᠧᠩᠰᠢᠶᠠᠩ ᠶᠢᠰᠦ ᠨᠢ ᠴᠤᠸᠠᠨ ᠨᠢᠩ ᠳᠤ ᠣᠭᠲᠤᠨ ᠪᠠᠶᠢᠯᠳᠤᠭᠠᠳ᠂ ᠴᠡᠷᠢᠭ ᠳᠠᠷᠤᠭᠳᠠᠵᠤ᠂ ᠭᠦᠩᠵᠦ ᠶᠢᠨ ᠴᠠᠶᠢᠵᠠ ︵ᠣᠯᠠᠭᠠᠨ ᠮᠠᠾ‌‍ᠭᠠᠯᠠ ᠶᠢᠨ ᠠᠭᠤᠯᠠᠨ︶ ᠵᠦᠭ ᠳᠤᠲᠠᠭᠠᠵᠠᠢ᠃ ᠲᠣᠬᠠᠢ ᠶᠢᠨ ᠦᠶ᠎ᠡ ᠳᠤ ᠴᠤᠸᠠᠨ ᠨᠢᠩ ᠨᠢ ᠶᠤᠸᠠᠨ ᠣᠯᠤᠰ ᠤᠨ ᠨᠡᠶᠢᠰᠯᠡᠯ ᠳᠠᠶᠢᠳᠤ ᠠᠴᠠ ᠳᠤᠮᠳᠠᠳᠤ ᠨᠡᠶᠢᠰᠯᠡᠯ᠂ ᠳᠤᠮᠳᠠᠳᠤ ᠨᠡᠶᠢᠰᠯᠡᠯ ᠠᠴᠠ ᠠᠷᠤ ᠨᠡᠶᠢᠰᠯᠡᠯ ᠬᠠᠷᠠᠬᠤᠷᠢᠨ ᠬᠦᠷᠬᠦ ᠦᠷᠲᠡᠭᠡ ᠣᠯᠠᠭ᠎ᠠ ᠶᠢᠨ ᠪᠤᠭᠤᠮᠲᠠ ᠪᠤᠯᠵᠤ ᠪᠠᠶᠢᠭᠰᠠᠨ ᠣᠴᠢᠷ᠂ ᠪᠠᠶᠢᠯᠳᠤᠬᠤ ᠪᠤᠳᠤᠯᠭ᠎ᠠ ᠶᠢᠨ ᠣᠷᠤᠨ ᠪᠠᠶᠢᠷᠢ ᠨᠢ ᠶᠡᠭᠡ ᠦᠨᠳᠦᠷ ᠪᠠᠶᠢᠵᠠᠢ᠃ ᠶᠤᠸᠠᠨ ᠣᠯᠤᠰ ᠤᠨ ᠦᠶ᠎ᠡ ᠳᠤ ᠣᠮᠠᠷᠠᠰᠢ ᠱᠠᠩᠲᠤ ᠳᠤ ᠬᠦᠷᠬᠦ ᠬᠤᠶᠠᠷ ᠵᠤᠷᠪᠣᠰ ᠦᠷᠲᠡᠭᠡ ᠣᠯᠠᠭ᠎ᠠ ᠶᠢᠨ ᠵᠠᠮ ᠪᠠᠶᠢᠵᠠᠢ᠃ ᠨᠢᠭᠡ ᠵᠠᠮ ᠨᠢ ᠳᠠᠶᠢᠳᠤ ᠠᠴᠠ ᠵᠢᠣᠢ ᠢᠣᠢ ᠭᠤᠸᠠᠨ ᠢᠶᠠᠷ ᠳᠠᠮᠵᠢᠨ ᠬᠦᠷᠬᠦ ᠠᠴᠠ ᠭᠠᠳᠠᠨ᠎ᠠ᠂ ᠣᠳᠤ ᠨᠢᠭᠡ ᠨᠢ ᠳ᠋ᠠ ᠨᠢᠩ ᠪᠤᠯᠤᠨ ᠴᠢᠣᠸᠠᠨ ᠨᠢᠩ ᠤᠨ ᠵᠦᠭ ᠲᠤ ᠪᠠᠷᠠᠭᠤᠨᠰᠢᠯᠠᠵᠤ ᠱᠠᠩᠲᠤ ᠳᠤ ᠬᠦᠷᠳᠡᠭ᠃ ᠬᠢᠲᠠᠳ ᠴᠡᠷᠢᠭ ᠨᠢ ᠡᠨᠡ ᠱᠤᠭᠤᠮ ᠢ ᠳᠠᠭᠠᠵᠤ ᠣᠷᠤᠵᠤ ᠢᠷᠡᠨ᠂ ᠨᠠᠷᠠᠰᠤᠨ ᠠᠭᠤᠯᠠ ᠶᠢᠨ ᠠᠷᠤ ᠳᠤ ᠪᠠᠶᠢᠭᠰᠠᠨ ᠴᠢᠣᠸᠠᠨ ᠨᠢᠩ ᠬᠤᠲᠠ ᠶᠢ ᠲᠡᠯᠡᠨ ᠳᠡᠭᠡᠷᠡᠮᠳᠡᠵᠦ᠂ ᠭᠠᠯᠳᠠᠵᠤ ᠬᠠᠶᠠᠵᠠᠢ᠃ ᠮᠢᠩ ᠤᠨ ᠴᠡᠷᠢᠭ ᠨᠢ ᠴᠢᠣᠸᠠᠨ ᠨᠢᠩ ᠤᠨ ᠲᠣᠯᠣᠯᠳᠣᠭᠠᠨ ᠤ ᠳᠣᠯᠣᠭᠠᠨ ᠡᠳᠦᠷ ᠤᠨ ᠰᠡᠭᠦᠯᠡᠷ ᠳ᠋ᠠ ᠨᠢᠩ ᠢ ᠡᠪᠳᠡᠵᠣ᠂ ᠭᠤᠷᠪᠠᠨ ᠡᠳᠦᠷ  ᠤᠨ ᠰᠡᠭᠦᠯᠡᠷ ᠨᠢ ᠬᠤᠩᠬᠤᠲᠡᠮᠦᠷ ᠸᠠᠩ ᠢ ᠢᠯᠠᠵᠣ᠂ ᠳᠠᠬᠢᠨ ᠬᠤᠶᠠᠷ ᠡᠳᠦᠷ ᠤᠨ ᠬᠤᠶᠢᠨ᠎ᠠ ᠱᠠᠩᠲᠣ ᠬᠤᠲᠠ ᠶᠢ ᠡᠪᠳᠡᠵᠠᠢ᠃ ᠭᠡᠪᠡᠴᠦ ᠬᠢᠲᠠᠳ ᠴᠡᠷᠢᠭ ᠨᠢ ᠠᠳᠡᠬᠢ ᠣᠷᠤᠨ ᠢ ᠡᠵᠡᠯᠡᠵᠦ ᠰᠠᠭᠤᠭᠰᠠᠨ ᠦᠭᠡᠢ ᠪᠤᠯᠬᠤᠷ᠂ ᠮᠢᠩ ᠤᠨ ᠴᠡᠷᠢᠭ ᠪᠤᠴᠠᠭᠰᠠᠨ ᠤ ᠰᠡᠭᠦᠯᠡᠷ ᠠᠳᠡᠬᠢ ᠭᠠᠵᠠᠷ ᠨᠢ ᠡᠷᠭᠢᠭᠡᠳ ᠶᠤᠸᠠᠨ ᠣᠯᠤᠰ ᠤᠨ ᠡᠷᠬᠡᠰᠢᠶᠡᠯ ᠳᠤ ᠣᠷᠤᠭᠰᠠᠨ ᠪᠠᠶᠢᠨ᠎ᠠ᠃         ᠡᠭᠦᠨ ᠠᠴᠠ ᠰᠡᠭᠦᠯᠡᠷ 1370 ᠣᠨ ᠤ ᠴᠠᠭᠠᠨ ᠰᠠᠷ᠎ᠠ ᠠᠴᠠ 1396 ᠣᠨ ᠤ 3 ᠰᠠᠷ᠎ᠠ ᠪᠤᠯᠲᠠᠯᠠᠬᠢ ᠬᠤᠷᠢᠭᠠᠳ ᠵᠢᠯ ᠤᠨ ᠳᠤᠲᠤᠷ᠎ᠠ᠂ ᠮᠢᠩ ᠣᠯᠤᠰ ᠠᠴᠠ ᠣᠷᠢᠳ ᠬᠤᠵᠢᠳ ᠨᠠᠢᠮᠠ ᠣᠳᠠᠭ᠎ᠠ ᠬᠤᠶᠢᠰᠢ ᠴᠡᠷᠢᠭᠯᠡᠵᠤ᠂ ᠮᠣᠩᠭᠤᠯ ᠤᠨ ᠬᠠᠭᠠᠨᠲᠤ ᠲᠦᠷᠦ ᠳᠤ ᠶᠡᠭᠡ ᠬᠤᠬᠢᠷᠠᠭᠤᠯᠤᠯ ᠪᠤᠯᠵᠤ᠂ ᠠᠷᠠᠳ ᠢᠷᠭᠡᠳ ᠢ ᠭᠠᠯ ᠣᠰᠤᠨ ᠤ ᠵᠤᠪᠠᠯᠠᠩ ᠳᠤ ᠣᠴᠠᠷᠠᠭᠤᠯᠪᠠ᠃ ᠬᠢᠲᠠᠳ ᠴᠡᠷᠢᠭ ᠨᠢ ᠦᠪᠡᠷ ᠤᠨ ᠬᠦᠮᠦᠨ ᠣᠯᠠᠨ ᠳᠠᠭᠠᠨ ᠡᠷᠲᠦᠵᠦ᠂ ᠬᠢᠯᠢ ᠳᠠᠭᠠᠭᠰᠠᠨ ᠣᠷᠤᠨ ᠭᠠᠵᠠᠷ ᠢ ᠱᠦᠭᠦᠷᠳᠡᠨ ᠬᠢᠲᠤᠵᠤ᠂ ᠭᠠᠯᠳᠠᠨ ᠰᠦᠨᠦᠭᠡᠬᠦ ᠳᠤ᠂ ᠮᠣᠩᠭᠤᠯ ᠤᠨ ᠲᠠᠯ᠎ᠠ ᠠᠴᠠ ᠦᠪᠡᠷ ᠤᠨ ᠭᠠᠵᠠᠷ ᠣᠰᠤᠨ ᠤ ᠳᠠᠪᠠᠭᠤᠯᠢᠭ ᠢᠶᠠᠨ ᠠᠰᠢᠭᠯᠠᠨ ᠬᠦᠳᠡᠯᠭᠡᠭᠡᠨᠲᠦ ᠳᠠᠶᠢᠨ ᠬᠢᠵᠤ᠂ ᠳᠤᠬᠢᠶᠠᠯ ᠢ ᠦᠵᠡᠨ ᠰᠦᠨᠦᠭᠡᠵᠦ ᠪᠠᠶᠢᠪᠠ᠃           ᠬᠤᠶᠠᠷ᠃ ᠯᠣ᠋ ᠸᠠᠩ ᠮᠠᠮᠣᠱᠠ ᠶᠢᠨ ᠠᠯᠠᠭᠳᠠᠭᠰᠠᠨ ᠨᠢ         1340 ᠣᠨ ᠳᠤ ᠣᠬᠠᠭᠠᠨᠲᠣ ᠬᠠᠭᠠᠨ ᠲᠣᠭᠤᠨᠲᠡᠮᠦᠷ ᠲᠣᠭᠲᠠᠬᠤ ᠶᠢᠨ ᠳᠡᠮᠵᠢᠯᠭᠡ ᠪᠠᠷ ᠲᠦᠷᠦ ᠶᠢᠨ ᠶᠡᠭᠡ ᠬᠡᠷᠡᠭ ᠢ ᠦᠨᠳᠦᠰᠦᠨ ᠳᠡᠭᠡᠨ ᠡᠵᠡᠮᠰᠢᠭᠰᠡᠨ ᠤ ᠳᠠᠷᠠᠭ᠎ᠠ᠂ ᠠᠪᠠᠭ᠎ᠠ ᠡᠬᠡ ᠪᠣᠯᠬᠤ ᠬᠤᠩᠬᠢᠷᠣᠳ ᠠᠶᠢᠮᠠᠭ ᠤᠨ ᠪᠣᠳᠠᠰᠢᠷᠢ ᠶᠢᠨ ᠡᠴᠢᠭᠡ ᠶᠢ ᠨᠢ ᠬᠤᠣᠷᠯᠠᠭᠰᠠᠨ᠂ ᠡᠬᠡ ᠶᠢ ᠨᠢ ᠠᠯᠠᠭᠰᠠᠨ ᠶᠠᠪᠣᠳᠠᠯ ᠳᠤ ᠬᠤᠷᠣᠰᠣᠯ ᠡᠪᠦᠷᠯᠡᠵᠣ᠂ ᠲᠣᠰ ᠵᠢᠯ ᠤᠨ ᠵᠢᠷᠭᠤᠭᠠᠨ ᠰᠠᠷ᠎ᠠ ᠳᠤ ᠸᠧᠨᠽᠦᠩ ᠬᠠᠭᠠᠨ ᠤ ᠬᠦᠷᠦᠭ ᠢ ᠰᠦᠮ᠎ᠡ ᠠᠴᠠ ᠭᠠᠷᠭᠠᠵᠣ᠂ ᠬᠤᠸᠠᠩ ᠲᠠᠶᠢᠬᠡᠣ ᠪᠣᠳᠠᠰᠢᠷᠢ ᠶᠢ ᠨᠡᠶᠢᠰᠯᠡᠯ ᠬᠤᠲᠠᠨ ᠠᠴᠠ ᠵᠠᠶᠢᠯᠠᠭᠤᠯᠵᠣ ᠳ᠋ᠦᠩ ᠠᠨ ᠳᠤ ᠰᠢᠯᠵᠢᠭᠦᠯᠦᠨ ᠰᠠᠭᠤᠯᠭᠠᠪᠠ᠃ ᠪᠣᠳᠠᠰᠢᠷᠢ ᠶᠢᠨ ᠬᠦᠪᠡᠭᠦᠨ᠂ ᠬᠤᠸᠠᠩ ᠲᠠᠶᠢᠽᠢ ᠶᠠᠨᠲᠡᠭᠦᠰ ᠢ ᠰᠣᠯᠣᠩᠭᠤᠰ ᠲᠤ ᠴᠦᠯᠡᠪᠡ᠃ ᠪᠥᠳᠠᠰᠢᠷᠢ ᠳ᠋ᠢᠩ ᠠᠨ  ᠳᠤ ᠣᠴᠢᠭᠠᠳ ᠳᠡᠮᠡᠢ ᠣᠳᠠᠭᠰᠠᠨ ᠦᠭᠡᠢ ᠰᠠᠨᠠᠭ᠎ᠠ ᠰᠡᠳᠬᠢᠯ ᠪᠢᠲᠡᠭᠦᠷᠡᠵᠦ ᠨᠠᠰᠣ ᠨᠦᠭᠴᠢᠪᠡ᠃ ᠲᠣᠰ ᠵᠢᠯ ᠳᠤ ᠰᠠᠶ᠋ᠢ 30 ᠨᠠᠰᠣᠲᠠᠢ᠃ ᠶᠠᠨᠲᠡᠭᠦᠰ ᠨᠢ ᠴᠦᠯᠡᠯᠭᠡ ᠶᠢᠨ ᠵᠠᠮ ᠳᠠᠭᠠᠨ ᠬᠦᠷᠭᠡᠵᠣ ᠶᠠᠪᠣᠵᠣ ᠪᠠᠶᠢᠭᠰᠠᠨ ᠢᠯᠳᠦᠴᠢ ᠨᠣᠶᠠᠨ ᠳᠤ ᠠᠯᠠᠭᠳᠠᠪᠠ᠃ ᠮᠦᠨ ᠲᠣᠰ ᠵᠢᠯ ᠨᠢ ᠲᠣᠭᠤᠨᠲᠡᠮᠦᠷ ᠠᠴᠠ ᠢᠩᠴᠠᠩ ᠪᠣᠯᠣᠨ ᠴᠢᠣᠸᠠᠨᠨᠢᠩ ᠤᠨ ᠲᠣᠭᠲᠡᠮᠦᠷ ᠬᠠᠭᠠᠨ ᠪᠠ ᠪᠣᠳᠠᠰᠢᠷᠢ ᠬᠠᠲᠣᠨ ᠲᠠᠢ ᠣᠨᠴᠠ ᠬᠠᠷᠢᠴᠠᠭ᠎ᠠ ᠲᠠᠢ ᠶᠢ ᠪᠣᠳᠣᠯᠬᠢᠯᠠᠭᠠᠳ ᠡᠨᠡ ᠬᠤᠶᠠᠷ ᠬᠤᠲᠠ ᠶᠢᠨ ᠴᠦᠯᠭᠡ ᠶᠢᠨ ᠳᠡᠰ ᠢ ᠨᠢ ᠪᠠᠭᠤᠷᠠᠭᠤᠯᠵᠣ᠂ ᠯᠣ᠋ ᠸᠠᠩ ᠮᠠᠮᠣᠱᠠ ᠶᠢᠨ ᠵᠠᠬᠢᠷᠣᠯ ᠳᠣᠣᠷ᠎ᠠ ᠣᠷᠣᠭᠤᠯᠵᠠᠢ᠃ 1354 ᠣᠨ ᠳᠤ ᠬᠠᠮᠢᠶᠠᠷᠣᠯᠲᠠ ᠳᠤ ᠳᠦᠭᠦᠮ ᠦᠭᠡᠢ ᠭᠡᠮᠡᠨ ᠢᠩᠴᠠᠩ᠂ ᠴᠢᠣᠸᠠᠨᠢᠩ ᠤᠨ ᠳᠡᠰ ᠢ ᠳᠠᠬᠢᠨ ᠴᠦᠯᠭᠡ ᠶᠢᠨ ᠪᠠᠶᠢᠷᠢᠨ ᠳᠤ ᠳᠡᠪᠰᠢᠭᠦᠯᠦᠭᠡᠳ᠂ ᠮᠠᠮᠣᠱᠠ ᠪᠠᠷ ᠯᠣ᠋ ᠸᠠᠩ ᠤᠨ ᠰᠠᠭᠤᠷᠢᠨ ᠢ ᠵᠠᠯᠭᠠᠮᠵᠢᠯᠠᠭᠤᠯᠵᠠᠢ᠃ 1360 ᠣᠨ ᠳᠤ ᠣᠯᠠᠭᠠᠨ ᠠᠯᠴᠢᠭᠤᠷᠲᠠᠨ ᠤ ᠰᠦᠷᠭᠡᠣ ᠴᠡᠷᠢᠭ ᠤᠳ ᠴᠢᠣᠸᠠᠨᠨᠢᠩ ᠴᠦᠯᠭᠡ ᠶᠢ ᠡᠵᠡᠯᠡᠵᠣ ᠯᠣ᠋ ᠸᠠᠩ ᠬᠤᠲᠠ ᠶᠢ ᠭᠠᠯᠳᠠᠭᠠᠳ ᠦᠨᠡᠰᠦᠨ ᠲᠣᠪᠷᠤᠭ ᠪᠣᠯᠭᠠᠪᠠ᠃ ᠡᠨᠡ ᠣᠳᠠᠭᠠᠨ ᠤ ᠭᠠᠮᠰᠢᠭ ᠲᠤ ᠯᠣ᠋ ᠸᠠᠩ ᠬᠤᠲᠠ  ᠶᠢᠨ ᠰᠦᠷᠯᠢᠭ ᠰᠠᠶᠢᠬᠠᠨ ᠳᠣᠲᠣᠷ᠎ᠠ ᠣᠷᠳᠣ ᠬᠠᠷᠰᠢ ᠪᠦᠬᠦᠨ ᠢᠶᠠᠷ ᠢᠶᠠᠨ ᠰᠢᠲᠠᠭᠠᠭᠳᠠᠵᠣ ᠳᠠᠭᠤᠰᠴᠠᠢ᠃ ᠭᠡᠲᠡᠯ᠎ᠡ ᠬᠤᠲᠠ ᠶᠢᠨ ᠲᠡᠭᠦᠷᠭᠡ ᠳᠠᠬᠢ ᠣᠯᠠᠩᠬᠢ ᠪᠠᠷᠢᠯᠭ᠎ᠠ ᠬᠠᠷᠢᠨ ᠠᠶᠣᠯ ᠠᠴᠠ ᠬᠡᠯᠲᠦᠷᠢᠵᠣ ᠦᠯᠡᠳᠡᠭᠰᠡᠨ ᠪᠠᠶᠢᠯ᠎ᠠ᠃ ᠯᠣ᠋ ᠸᠠᠩ ᠡᠳᠡᠭᠡᠷ ᠬᠦᠷᠢᠶ᠎ᠡ ᠬᠠᠰᠢᠶ᠎ᠠ ᠶᠢ ᠠᠰᠢᠭᠯᠠᠨ ᠴᠡᠷᠢᠭ ᠮᠣᠷᠢ ᠡᠯᠰᠡᠨ ᠴᠣᠭᠯᠠᠭᠤᠯᠵᠣ᠂ ᠬᠦᠩᠵᠣ ᠶᠢᠨ ᠴᠠᠶᠢᠵᠠ ︵ᠣᠯᠠᠭᠠᠨ ᠮᠠᠾᠭᠠᠯᠠ ᠶᠢᠨ ᠠᠭᠤᠯᠠ︶᠂ ᠠᠴᠠᠲᠣ ᠠᠬᠤᠯᠠ ᠵᠡᠷᠭᠡ ᠭᠠᠵᠠᠷ ᠤᠨ ᠪᠡᠷᠬᠡ ᠪᠠᠷᠲᠠᠭ᠎ᠠ ᠶᠢ ᠠᠰᠢᠭᠯᠠᠨ ᠪᠠᠬᠢᠯᠡᠯᠲᠡ ᠪᠠᠶᠢᠭᠤᠯᠵᠣ᠂ ᠴᠢᠣᠸᠠᠨᠨᠢᠩ ᠴᠦᠯᠭᠡ ᠪᠠᠨ ᠰᠡᠷᠭᠡᠶᠢᠯᠡᠨ ᠬᠠᠮᠠᠭᠠᠯᠠᠬᠤ ᠶᠢ ᠵᠣᠷᠢᠵᠠᠢ᠃         1370 ᠣᠨ ᠤ ᠴᠠᠭᠠᠨ ᠰᠠᠷ᠎ᠠ ᠳᠤ᠂ ᠵᠦ ᠶᠤᠸᠠᠨ ᠵᠠᠩ ᠠᠴᠠ ᠰᠢᠣᠢ ᠳ᠋ᠠ ᠶᠢ ᠶᠡᠭᠡ ᠵᠠᠩᠵᠤᠨ᠂ ᠯᠢ ᠸᠧᠨ ᠵᠦᠩ ᠢ ᠳᠡᠳ᠋ ᠵᠠᠩᠵᠤᠨ ᠡᠷᠭᠦᠮᠵᠢᠯᠡᠨ ᠣᠮᠠᠷᠠᠰᠢ ᠶᠡᠭᠡ ᠬᠡᠮᠵᠢᠶ᠎ᠡ ᠪᠠᠷ ᠬᠠᠯᠳᠠᠨ ᠲᠦᠢᠪᠡᠭᠡᠪᠡ᠃ ᠮᠢᠩ ᠤᠨ ᠴᠡᠷᠢᠭ ᠬᠤᠶᠠᠷ ᠵᠠᠮ ᠬᠤᠪᠢᠶᠠᠨ ᠪᠠᠷᠠᠭᠤᠨ ᠵᠠᠮ ᠳᠤ ᠰᠢᠭᠤᠳ ᠶᠡᠭᠡ ᠵᠠᠩᠵᠤᠨ ᠬᠦᠬᠡᠲᠡᠮᠦᠷ ᠲᠠᠢ ᠪᠠᠶᠢᠯᠳᠤᠵᠤ᠂ ᠳᠦᠷᠪᠡᠳᠦᠭᠡᠷ ᠰᠠᠷ᠎ᠠ ᠳᠤ ᠣᠳᠤ ᠶᠢᠨ ᠰᠢ ᠠᠨ ᠳᠤ ᠬᠦᠬᠡᠲᠡᠮᠦᠷ ᠲᠠᠢ ᠬᠠᠷᠭᠤᠨ ᠪᠠᠶᠢᠯᠳᠤᠵᠤ᠂ ᠬᠦᠬᠡᠲᠡᠮᠦᠷ ᠳᠡᠶᠢᠯᠦᠭᠳᠡᠨ ᠳᠤᠯᠤᠭᠠᠨ ᠲᠦᠮᠡ ᠢᠯᠡᠭᠦᠦ ᠬᠦᠮᠦᠨ ᠢᠶᠠᠨ ᠠᠯᠠᠭᠳᠠᠭᠤᠯᠤᠨ᠂ ᠬᠠᠷᠠᠬᠤᠷᠢᠨ ᠵᠦᠭ ᠳᠤᠲᠠᠭᠠᠪᠠ᠃ ᠳᠡᠳ᠋ ᠵᠠᠩᠵᠤᠨ ᠯᠢ ᠸᠧᠨ ᠵᠦᠩ ᠣᠮᠠᠷᠠᠰᠢ ᠱᠠᠩᠲᠤ ᠶᠢ ᠪᠠᠶᠢᠯᠳᠤᠵᠤ᠂ ᠰᠢᠭᠤᠳ ᠮᠣᠩᠭᠤᠯ ᠤᠨ ᠬᠠᠭᠠᠨ ᠣᠷᠳᠤ  ᠶᠢ ᠵᠤᠷᠢᠵᠤ ᠢᠷᠡᠪᠡ᠃ ᠡᠨᠡᠭᠦᠬᠡᠨ ᠦᠶ᠎ᠡ ᠳᠤ ᠲᠤᠭᠤᠨᠲᠡᠮᠦᠷ ᠬᠠᠭᠠᠨ ᠶᠠᠭ ᠢᠩᠴᠠᠩ ᠳᠤ ᠬᠠᠯᠢᠭᠰᠠᠨ ᠴᠢᠮᠡᠭᠡ ᠶᠢ ᠰᠤᠨᠣᠰᠤᠭᠠᠳ ᠯᠢ ᠸᠧᠨ ᠵᠦᠩ ᠰᠢᠭᠤᠳ ᠢᠩᠴᠠᠩ ᠢ ᠳᠤᠪᠲᠤᠯᠠᠵᠤ᠂ ᠲᠠᠪᠣᠳᠤᠭᠠᠷ ᠰᠠᠷ᠎ᠠ ᠳᠤ ᠢᠩᠴᠠᠩ ᠢ ᠡᠪᠳᠡᠵᠤ᠂ ᠬᠠᠭᠠᠨ ᠤ ᠲᠠᠶᠢᠽᠢ ᠠᠶᠤᠰᠢᠳᠠᠷᠠ ᠠᠷᠪᠠᠭᠠᠳ ᠮᠤᠷᠢᠲᠠᠨ ᠲᠠᠢ ᠪᠠᠨ ᠬᠠᠷᠠᠬᠤᠷᠢᠨ ᠵᠦᠭ ᠵᠢᠭᠤᠳᠠᠵᠤ᠂ ᠮᠢᠩ ᠤᠨ ᠴᠡᠷᠢᠭ ᠬᠠᠭᠠᠨ ᠤ ᠣᠮᠪᠣᠯᠤ ᠮᠠᠶᠢᠳᠠᠷᠢᠪᠠᠯᠠ ᠪᠤᠯᠤᠨ ᠣᠷᠳᠤᠨ ᠤ ᠬᠠᠲᠤᠳ᠂ ᠳᠠᠲᠠᠪᠣᠷᠢ᠂ ᠲᠠᠶᠢᠭᠠᠨᠴᠤᠳ ᠪᠠ ᠣᠯᠠᠨ ᠸᠠᠩ ᠨᠠᠷ ᠢ ᠣᠯᠵᠠᠯᠠᠪᠠ᠃ ᠳᠤᠲᠠᠭᠠᠭᠰᠠᠨ ᠠᠶᠤᠰᠢᠳᠠᠷᠠ ᠬᠠᠷᠠᠬᠤᠷᠢᠨ ᠳᠤ ᠬᠦᠷᠦᠭᠡᠳ ᠰᠠᠭᠤᠷᠢᠨ ᠢ ᠵᠠᠯᠭᠠᠮᠵᠢᠯᠠᠵᠤ᠂ ᠵᠤᠣᠽᠦ᠋ᠩ ᠬᠡᠮᠡᠨ ᠡᠷᠭᠦᠮᠵᠢᠯᠡᠵᠤ᠂ ᠨᠣᠶᠠᠷᠬᠠᠬᠤ ᠪᠠᠶᠢᠭᠤᠯᠤᠮᠵᠢ ᠪᠠᠨ ᠳᠠᠬᠢᠨ ᠪᠠᠶᠢᠭᠤᠯᠵᠠᠢ᠃ ᠡᠨᠡᠭᠦᠬᠡᠨ ᠣᠳᠠᠭᠠᠨ ᠤ ᠳᠠᠶᠢᠨ ᠳᠤ ᠮᠣᠩᠭᠤᠯ ᠤᠨ ᠬᠢᠨ ᠶᠡᠭᠡ ᠢᠯᠠᠭᠳᠠᠯ ᠬᠦᠯᠢᠶᠡᠭᠰᠡᠨ ᠪᠤᠯᠪᠠᠴᠤ ᠭᠠᠨᠰᠤ ᠮᠤᠵᠢ  ᠶᠢᠨ ᠣᠮᠠᠷᠠᠲᠤ ᠬᠡᠰᠡᠭ ᠪᠠ ᠲᠦᠪ ᠮᠤᠵᠢ ᠶᠢᠨ ᠴᠢᠣᠸᠠᠨ ᠨᠢᠩ ᠴᠦᠯᠭᠡ᠂ ᠳ᠋ᠠ ᠨᠢᠩ ᠴᠦᠯᠭᠡ ᠪᠦᠷ ᠮᠣᠩᠭᠤᠯ ᠤᠨ ᠬᠠᠭᠠᠨ ᠤ ᠬᠠᠷᠢᠶᠠᠨ ᠳᠤ ᠦᠯᠡᠳᠡᠵᠠᠢ᠃ 1371 ᠣᠨ ᠳᠤ ᠵᠦ ᠶᠤᠸᠠᠨ ᠵᠠᠩ ᠠᠴᠠ ᠦᠪᠡᠷ ᠤᠨ ᠵᠤᠪᠨᠢᠵᠤ ᠪᠠᠶᠢᠭ᠎ᠠ ᠭᠤᠷᠪᠠᠨ ᠶᠠᠪᠣᠳᠠᠯ ᠢᠶᠠᠨ ᠳᠤᠣᠷᠠᠬᠢ ᠰᠠᠶᠢᠳ ᠨᠠᠷ ᠲᠠᠭᠠᠨ ᠬᠡᠯᠡᠭᠰᠡᠨ ᠨᠢ᠄ ᠨᠢᠭᠡ ᠳᠤ᠂ ᠣᠯᠤᠰ ᠣᠯᠠᠮᠵᠢᠯᠠᠬᠤ ᠬᠠᠰᠪᠣᠣ ᠲᠠᠮᠠᠭ᠎ᠠ ᠮᠣᠩᠭᠤᠯ ᠤᠨ ᠭᠠᠷ ᠲᠤ ᠪᠠᠶᠢᠨ᠎ᠠ᠃ ᠬᠤᠶᠠᠷ ᠲᠤ᠂ ᠬᠦᠬᠡᠲᠡᠮᠦᠷ ᠢ ᠣᠯᠵᠠᠯᠠᠵᠤ ᠳᠡᠶᠢᠯᠦᠭᠰᠡᠨ ᠦᠭᠡᠢ᠃ ᠭᠤᠷᠪᠠ ᠳᠤ ᠬᠠᠭᠠᠨ ᠤ ᠲᠠᠶᠢᠽᠢ ᠬᠠᠮᠢᠭ᠎ᠠ ᠣᠳᠤᠭᠰᠠᠨ ᠢ ᠮᠡᠳᠡᠬᠦ ᠦᠭᠡᠢ᠃ ᠡᠳᠡᠭᠡᠷ ᠭᠤᠷᠪᠠᠨ ᠶᠠᠪᠣᠳᠠᠯ ᠤᠨ ᠲᠦᠯᠦᠭᠡ ᠣᠨᠳᠠᠵᠤ ᠬᠡᠪᠲᠡᠭᠡᠳ ᠠᠮᠤᠷ ᠦᠭᠡᠢ ᠪᠠᠶᠢᠨ᠎ᠠ ᠭᠡᠵᠠᠢ᠃         1372 ᠣᠨ ᠳᠤ ᠵᠦ ᠶᠤᠸᠠᠨ ᠵᠠᠩ ᠠᠴᠠ ᠰᠢᠣᠢ ᠳ᠋ᠠ᠂ ᠯᠢ ᠸᠧᠨ ᠵᠦᠩ ᠨᠠᠷ ᠢᠶᠠᠷ ᠠᠷᠪᠠᠨ ᠲᠠᠪᠣᠨ ᠲᠦᠮᠡᠨ ᠴᠡᠷᠢᠭ ᠳᠠᠶᠢᠴᠢᠯᠠᠭᠤᠯᠤᠨ ᠣᠮᠠᠷᠠᠰᠢ ᠳᠠᠶᠢᠯᠠᠵᠤ᠂ ᠬᠡᠷᠡᠯᠤᠨ ᠭᠤᠣᠯ ᠤᠨ ᠬᠠᠪᠢ ᠳᠤ ᠬᠦᠬᠡᠲᠡᠮᠦᠷ ᠢ ᠳᠡᠶᠢᠯᠦᠭᠰᠡᠨ ᠪᠤᠯᠪᠠᠴᠤ ᠮᠣᠩᠭᠤᠯ ᠤᠨ ᠳᠤᠰᠠᠯᠠᠬᠤ ᠴᠡᠷᠢᠭ ᠬᠦᠷᠴᠦ ᠢᠷᠡᠭᠰᠡᠨ ᠢᠶᠠᠷ ᠶᠡᠭᠡ ᠢᠯᠠᠭᠳᠠᠯ ᠬᠦᠯᠢᠶᠡᠵᠤ᠂ ᠬᠡᠳᠦᠨ ᠲᠦᠮᠡᠨ ᠬᠦᠮᠦᠨ ᠢᠶᠠᠨ ᠦᠷᠡᠭᠳᠡᠭᠦᠯᠵᠦ᠂ ᠡᠪᠦᠯ ᠤᠨ ᠴᠠᠭ ᠤᠨ ᠬᠠᠬᠢᠷ ᠬᠦᠢᠲᠡᠨ ᠢ ᠳᠠᠭᠠᠭᠠᠵᠤ ᠳᠡᠶᠢᠯᠦᠭᠰᠡᠨ ᠦᠭᠡᠢ ᠪᠤᠴᠠᠵᠤ ᠢᠷᠡᠪᠡ᠃ ᠮᠣᠩᠭᠤᠯ ᠤᠨ ᠬᠢᠨ ᠳᠤᠬᠢᠶᠠᠯ ᠢ ᠵᠠᠪᠳᠤᠨ ᠡᠮᠦᠨᠡᠰᠢ ᠴᠡᠷᠢᠭ ᠣᠷᠤᠵᠤ ᠮᠢᠩ ᠣᠯᠤᠰ ᠤᠨ ᠬᠢᠵᠠᠭᠠᠷ ᠤᠨ ᠪᠤᠭᠤᠮᠲᠠ ᠶᠢ ᠳᠤᠪᠲᠤᠯᠤᠨ᠂ ᠭᠤᠪᠢ ᠶᠢᠨ ᠡᠮᠦᠨᠡᠬᠢ ᠬᠤᠷᠢᠭᠯᠠᠯᠲᠠ ᠶᠢᠨ ᠱᠤᠭᠤᠮ ᠢ ᠡᠪᠳᠡᠨ ᠰᠢᠩ ᠾᠧ ︵ᠣᠳᠤᠬᠢ ᠾᠧᠪᠸᠢ ᠶᠢᠨ ᠵᠠᠩᠪᠸᠢ ᠰᠢᠶᠠᠨ︶᠂ ᠡᠵᠡᠨ᠎ᠡ ᠵᠡᠷᠭᠡ ᠭᠠᠵᠠᠷ ᠢ ᠡᠭᠡᠭᠦᠯᠦᠨ ᠠᠪᠣᠪᠠ᠃ ᠭᠤᠪᠢ ᠶᠢᠨ ᠡᠮᠦᠨᠡᠬᠢ ᠮᠢᠩ ᠣᠯᠤᠰ ᠲᠤ ᠪᠠᠭᠤᠵᠤ ᠦᠭᠭᠦᠭᠰᠡᠨ ᠮᠣᠩᠭᠤᠯ ᠤᠨ ᠡᠯ᠎ᠡ ᠠᠶᠢᠮᠠᠭ ᠤᠨ ᠬᠢᠨ ᠳᠠᠬᠢᠨ ᠮᠣᠩᠭᠤᠯ ᠳᠠᠭᠠᠨ ᠡᠭᠡᠪᠡ᠃ ᠡᠭᠦᠨ ᠠᠴᠠ ᠬᠤᠶᠢᠰᠢᠬᠢ ᠠᠷᠪᠠᠭᠠᠳ ᠵᠢᠯ ᠳᠤ ᠬᠤᠶᠠᠷ ᠲᠠᠯ᠎ᠠ ᠪᠠᠷ ᠢᠶᠠᠨ ᠲᠡᠩᠴᠡᠯᠳᠦᠬᠦ ᠱᠠᠲᠤᠨ ᠳᠤ ᠣᠷᠤᠵᠤ᠂ ᠮᠣᠩᠭᠤᠯ ᠤᠨ ᠲᠠᠯ᠎ᠠ ᠠᠴᠠ ᠳ᠋ᠠ ᠨᠢᠩ ︵ᠣᠳᠤ ᠶᠢᠨ ᠨᠢᠩᠴᠧᠩ ᠰᠢᠶᠠᠨ︶᠂ ᠭᠤᠣᠵᠸᠤ ︵ᠣᠳᠤ ᠶᠢᠨ ᠶᠤᠸᠠᠨ ᠪᠤᠣ ᠱᠠᠨ ᠲᠤᠭᠤᠷᠢᠭ︶᠂ ᠬᠤᠩ ᠯᠦᠸᠧ ᠱᠠᠨ ︵ᠭᠦᠩᠵᠣ ᠶᠢᠨ ᠴᠠᠶᠢᠵᠠ ᠬᠡᠮᠡᠬᠦ ᠣᠯᠠᠭᠠᠨ ᠮᠠᠾ‌‍ᠠᠭᠠᠯᠠ ᠶᠢᠨ ᠠᠭᠤᠯᠠ᠂ ᠣᠳᠤ ᠶᠢᠨ ᠣᠩᠨᠢᠭᠤᠳ ᠤᠨ ᠬᠠᠷᠢᠶᠠᠨ ᠳᠤ ᠪᠤᠢ︶᠂ ᠴᠢᠣᠸᠠᠨ ᠨᠢᠩ ︵ᠣᠳᠤ ᠶᠢᠨ ᠣᠩᠨᠢᠭᠤᠳ ᠤᠨ ᠪᠤᠷᠤᠬᠤᠲᠠ ᠣᠷᠴᠢᠮ︶ ᠭᠠᠵᠠᠷ ᠢ ᠡᠵᠡᠯᠡᠵᠤ᠂ ᠪᠠᠭ᠎ᠠ ᠬᠡᠮᠵᠢᠶᠡᠨ ᠤ ᠵᠡᠪᠰᠡᠭᠲᠦ ᠮᠦᠷᠭᠦᠯᠳᠦᠭᠡᠨ ᠭᠠᠷᠴᠤ ᠪᠠᠶᠢᠪᠠ᠃         1374 ᠣᠨ ᠤ ᠵᠤᠨ᠂ ᠯᠠᠨ ᠢᠣᠢ ᠴᠡᠷᠢᠭ ᠳᠠᠶᠢᠴᠢᠯᠠᠨ ᠰᠢᠩ ᠾᠧ ︵ᠣᠳᠤ ᠶᠢᠨ ᠾᠧᠪᠸᠢ ᠮᠤᠵᠢ ᠶᠢᠨ ᠵᠠᠩᠪᠸᠢ ᠰᠢᠶᠠᠨ︶ ᠢ ᠡᠵᠡᠯᠡᠪᠠ᠃ ᠯᠢ ᠸᠧᠨ ᠵᠦᠩ ᠴᠡᠷᠢᠭ ᠳᠠᠶᠢᠴᠢᠯᠠᠨ ᠭᠤᠣᠵᠸᠤ ᠶᠢᠨ ᠣᠯᠠᠭᠠᠨ ᠬᠠᠳᠠ ︵ᠣᠳᠣ ᠶᠢᠨ ᠣᠯᠠᠭᠠᠨᠬᠠᠳᠠ ᠣᠷᠴᠢᠮ︶ ᠶᠢᠨ ᠣᠷᠴᠢᠮ ᠳᠤ ᠮᠣᠩᠭᠤᠯ ᠤᠨ ᠴᠡᠷᠢᠭ ᠢ ᠳᠡᠶᠢᠯᠵᠤ᠂ ᠬᠠᠷᠢᠶᠠᠲᠤ ᠸᠠᠩ ᠲᠤᠳᠤᠰᠢᠯᠢ ᠶᠢ ᠠᠯᠠᠵᠤ᠂ ᠬᠠᠨ ᠯᠢᠨ ᠶᠤᠸᠠᠨ ᠤ ᠬᠡᠷᠡᠭ ᠮᠡᠳᠡᠭᠴᠢ ᠪᠠᠶᠢᠵᠢᠶᠠᠨᠤ ᠶᠢ ᠪᠠᠷᠢᠪᠴᠢᠯᠠᠪᠠ᠃ ᠲᠣᠬᠠᠢ ᠶᠢᠨ ᠦᠶ᠎ᠡ ᠶᠢᠨ ᠯᠦ ᠸᠠᠩ ᠮᠠᠮᠤᠱᠠ ᠪᠤᠯᠤᠨ ᠲᠦᠮᠡᠲᠦ ᠶᠢᠨ ᠨᠣᠶᠠᠳ ᠤᠳ ᠴᠡᠷᠢᠭ ᠢᠶᠠᠨ ᠴᠤᠭᠯᠠᠭᠤᠯᠤᠨ ᠵᠠᠨ ᠮᠤᠣ ᠱᠠᠨ ︵ ᠠᠴᠠᠲᠣ ᠠᠭᠤᠯᠠ᠂ ᠪᠠᠰᠠ ᠲᠣᠭᠤᠷᠴᠤᠭ ᠠᠭᠤᠯᠠ ᠭᠡᠳᠡᠭ᠃︶᠂ ᠬᠤᠸᠠᠨ ᠰᠢ ᠯᠢᠩ ︵ᠭᠦᠩᠵᠣ ᠶᠢᠨ ᠴᠠᠶᠢᠵᠠ︶ ᠣᠷᠴᠢᠮ ᠬᠤᠲᠠ ᠴᠠᠶᠢᠵᠠ ᠪᠠᠷᠢᠵᠤ᠂ ᠪᠦᠷᠢᠨ ᠪᠦᠲᠦᠨ ᠰᠡᠷᠭᠡᠶᠢᠯᠡᠯᠲᠡ ᠶᠢᠨ ᠰᠢᠰᠲ᠋ᠧᠮ ᠪᠠᠶᠢᠭᠤᠯᠤᠭᠠᠳ ᠪᠠᠶᠢᠵᠠᠢ᠃ ᠡᠨᠡᠬᠦ ᠰᠡᠷᠭᠡᠶᠢᠯᠡᠯᠲᠡ ᠶᠢᠨ ᠱᠣᠭᠤᠮ ᠨᠢ ᠣᠯᠠᠭᠠᠨ ᠮᠠᠾᠭᠠᠯᠠ ᠠᠭᠤᠯᠠ ︵ᠭᠦᠷᠦᠨ ᠬᠠᠮᠠᠭᠠᠯᠠᠬᠤ ᠰᠦᠮ᠎ᠡ ︶ ᠪᠠᠷ ᠠᠷᠣ ᠳᠦᠰᠢᠯᠭᠡ ᠪᠣᠯᠭᠠᠵᠣ ᠪᠠᠶᠢᠭᠤᠯᠣᠭᠰᠠᠨ ᠨᠢ ᠢᠯᠡᠷᠬᠡᠢ᠃ ᠡᠳᠡᠭᠡᠷ ᠰᠡᠷᠭᠡᠶᠢᠯᠡᠯᠲᠡ ᠶᠢᠨ ᠳᠦᠰᠢᠵᠤ ᠯᠦ ᠸᠠᠩ ᠠᠴᠠ ᠦᠪᠡᠷ ᠤᠨ ᠬᠦᠷᠢᠶ᠎ᠡ ᠪᠠᠨ ᠠᠴᠠᠲᠤ ᠠᠭᠤᠯᠠᠨ ᠳᠤ ᠪᠠᠶᠢᠷᠢᠯᠠᠭᠤᠯᠵᠤ ᠪᠠᠶᠢᠪᠠ᠃ ᠯᠢ ᠸᠧᠨ ᠵᠦᠩ ᠠᠴᠠ ᠠᠳᠡ ᠨᠡᠬᠡᠵᠦ ᠢᠷᠡᠭᠡᠳ ᠶᠡᠭᠡ ᠲᠤᠯᠤᠯᠳᠤᠭᠠᠨ ᠪᠤᠯᠵᠤ᠂ ᠯᠦ ᠸᠠᠩ ᠪᠠᠷᠢᠭᠳᠠᠨ ᠠᠯᠠᠭᠳᠠᠵᠤ᠂ ᠯᠦ ᠸᠠᠩ ᠤᠨ ᠮᠡᠩᠭᠡᠲᠦ ᠬᠠᠲᠤᠨ ᠣᠯᠵᠠᠯᠠᠭᠳᠠᠵᠤ᠂ ᠯᠦ ᠸᠠᠩ ᠤᠨ ᠠᠯᠲᠠᠨ ᠲᠠᠮᠠᠭ᠎ᠠ᠂ ᠬᠠᠰ ᠳᠡᠪᠲᠡᠷ᠂ ᠨᠣᠮ ᠪᠢᠴᠢᠭ ᠪᠦᠷ ᠲᠠᠳᠡᠨ ᠤ ᠭᠠᠷ ᠲᠤ ᠣᠷᠤᠵᠠᠢ᠃ ᠯᠦ ᠸᠠᠩ ᠤᠨ ᠠᠯᠠᠭᠳᠠᠭᠰᠠᠨ ᠨᠢ ᠬᠤᠩᠬᠢᠷᠠᠳ ᠠᠶᠢᠮᠠᠭ ᠤᠨ ᠡᠨᠡ ᠣᠷᠤᠨ ᠳᠠᠬᠢ ᠨᠣᠶᠠᠷᠬᠠᠯ ᠡᠴᠦᠰᠯᠡᠭᠰᠡᠨ ᠢ ᠬᠠᠷᠠᠭᠤᠯᠤᠭᠰᠠᠨ ᠪᠠᠶᠢᠨ᠎ᠠ᠃ 1374 ᠤᠨ ᠤ ᠶᠢᠰᠦᠨ ᠰᠠᠷ᠎ᠠ ᠳᠤ ᠵᠦ ᠶᠤᠸᠠᠨ ᠵᠠᠩ  ᠠᠴᠠ ᠰᠢᠶᠠᠨ ᠯᠢ᠂ ᠶᠤᠸᠠᠨ ᠪᠤᠬᠠᠲᠡᠮᠦᠷ ᠬᠤᠶᠠᠷ ᠲᠠᠶᠢᠭᠠᠨ ᠢᠶᠠᠷ ᠵᠤᠣᠽᠦ᠋ᠩ ᠠᠶᠤᠰᠢᠳᠠᠷᠠ ᠶᠢᠨ ᠬᠦᠪᠡᠭᠦᠨ ᠮᠠᠶᠢᠳᠠᠷᠢᠪᠠᠯᠠ ᠶᠢ ᠬᠠᠮᠠᠭᠠᠯᠠᠭᠤᠯᠤᠨ ᠬᠦᠷᠭᠡᠯᠭᠡᠵᠦ᠂ ᠨᠠᠶᠢᠷᠠᠮᠳᠠᠬᠤ ᠶᠢ ᠬᠦᠰᠡᠵᠠᠢ᠃          ᠭᠤᠷᠪᠠ᠃ ᠭᠦᠩᠵᠣ ᠶᠢᠨ ᠴᠠᠶᠢᠵᠠ ᠶᠢᠨ ᠶᠡᠭᠡ ᠲᠣᠯᠣᠯᠳᠣᠭᠠᠨ         ᠮᠣᠩᠭᠤᠯ ᠤᠨ ᠲᠠᠯ᠎ᠠ ᠶᠢᠨ ᠬᠢᠨ ᠬᠡᠳᠦᠨ ᠵᠢᠯ ᠤᠨ ᠠᠮᠠᠷᠠᠨ ᠴᠡᠭᠴᠡᠯᠡᠬᠦ ᠪᠠᠷ ᠳᠠᠮᠵᠢᠵᠤ᠂ ᠬᠦᠴᠦ ᠪᠠᠨ ᠰᠡᠯᠪᠢᠵᠤ ᠠᠪᠣᠭᠠᠳ᠂ ᠳᠠᠬᠢᠨ ᠢᠳᠡᠪᠬᠢᠲᠠᠢ ᠪᠠᠶᠢᠷᠢᠯᠠᠭᠤᠯᠤᠯᠲᠠ ᠬᠢᠵᠤ ᠡᠬᠢᠯᠡᠪᠡ᠃ ᠵᠡᠭᠦᠨ ᠠᠴᠠ ᠺᠠᠶᠢᠶᠦᠸᠠᠨ ︵ᠣᠳᠤᠬᠢ ᠭᠢᠷᠢᠨ ᠮᠤᠵᠢ ᠶᠢᠨ ᠨᠦᠩ ᠠᠨ︶ ᠠᠴᠠ ᠪᠠᠷᠭᠤᠨᠰᠢ ᠭᠠᠨᠰᠤ᠂ ᠨᠢᠩᠰᠢᠶᠠ ᠶᠢᠨ ᠣᠮᠠᠷᠠᠲᠤ ᠬᠡᠰᠡᠭ ᠪᠤᠯᠤᠨ ᠪᠠᠷᠠᠭᠤᠨ ᠯᠢᠶᠤᠣ ᠾᠧ ᠬᠦᠷᠲᠡᠯᠬᠢ ᠡᠯ᠎ᠡ ᠪᠤᠭᠤᠮᠲᠠ ᠪᠠᠷ ᠰᠠᠭᠤᠷᠢᠨ ᠪᠤᠯᠭᠠᠵᠤ᠂ ᠮᠢᠩ ᠣᠯᠤᠰ ᠤᠨ ᠳᠠᠭᠠᠷᠢᠯᠲᠠ ᠶᠢ ᠡᠰᠡᠷᠭᠦᠴᠡᠪᠡ᠃ 1378 ᠣᠨ ᠳᠤ ᠵᠤᠣᠽᠦ᠋ᠩ ᠠᠶᠤᠰᠢᠳᠠᠷᠠ ᠬᠠᠯᠢᠵᠤ᠂ ᠲᠡᠭᠦᠰᠲᠡᠮᠦᠷ ᠰᠠᠭᠤᠷᠢᠨ ᠢ ᠵᠠᠯᠭᠠᠮᠵᠢᠯᠠᠵᠠᠢ᠃ ᠶᠣᠸᠠᠨ ᠣᠯᠣᠰ ᠤᠨ ᠰᠡᠭᠦᠯᠴᠢ ᠶᠢᠨ ᠦᠶ᠎ᠡ᠂ ᠣᠨᠴᠣᠭᠤᠶᠢᠯᠠᠨ ᠲᠣᠭᠤᠨᠲᠡᠮᠦᠷ ᠤᠨ ᠦᠶ᠎ᠡ ᠳᠤ ᠶᠣᠸᠠᠨ ᠣᠯᠣᠰ ᠤᠨ ᠬᠠᠭᠠᠨ ᠣᠷᠳᠣᠨ ᠳᠤ ᠰᠣᠯᠣᠩᠭᠤᠰ ᠰᠢᠪᠡᠭᠴᠢᠨ ᠠᠪᠴᠣ᠂ ᠰᠣᠯᠣᠩᠭᠤᠰ ᠬᠠᠲᠣᠨ ᠪᠠᠭᠤᠯᠭᠠᠬᠤ ᠪᠣᠯᠣᠭᠠᠳ᠂ ᠮᠣᠩᠭᠤᠯ ᠤᠨ ᠲᠦᠷᠦ ᠶᠢᠨ ᠡᠰᠢ ᠶᠢ ᠭᠤᠶᠢᠪᠠᠯᠵᠢᠭᠤᠯᠵᠣ᠂ ᠶᠣᠸᠠᠨ ᠣᠯᠣᠰ ᠤᠨ ᠲᠦᠷᠦ ᠢᠯᠵᠢᠷᠠᠵᠣ ᠳᠣᠷᠣᠶᠢᠲᠠᠭᠰᠠᠨ ᠤ ᠴᠢᠬᠤᠯᠠ ᠨᠢᠭᠡ ᠰᠢᠯᠲᠠᠭᠠᠨ ᠪᠣᠯᠣᠭᠰᠠᠨ ᠶᠤᠮ᠃ ᠲᠣᠭᠤᠨᠲᠡᠮᠦᠷ ᠤᠨ ᠭᠤᠣᠯ ᠬᠤᠸᠠᠩᠬᠡᠣ ᠨᠢ ᠴᠢ ᠣᠪᠣᠭᠲᠣ ᠰᠣᠯᠣᠩᠭᠤᠰ ᠬᠦᠮᠦᠨ᠂ ᠳᠠᠲᠠᠪᠣᠷᠢ ᠳᠣᠲᠣᠷ᠎ᠠ ᠨᠢ ᠣᠯᠠᠨ ᠴᠦ ᠰᠣᠯᠣᠩᠭᠤᠰ ᠬᠦᠮᠦᠨ ᠪᠠᠶᠢᠪᠠ᠃ ᠴᠢ ᠣᠪᠣᠭᠲᠣ ᠰᠣᠯᠣᠩᠭᠤᠰ ᠬᠠᠲᠣᠨ ᠨᠢ ᠮᠣᠩᠭᠤᠯ ᠤᠨ ᠲᠦᠷᠦ ᠶᠢ ᠪᠣᠳᠣᠬᠤ ᠦᠭᠡᠢ᠂ ᠡᠳᠦᠷᠵᠢᠨ ᠲᠦᠷᠦ ᠶᠢᠨ ᠬᠡᠷᠡᠭ ᠲᠤ ᠭᠠᠷ ᠳᠦᠷᠦᠵᠣ᠂ ᠬᠠᠭᠠᠨ ᠰᠠᠭᠤᠷᠢᠨ ᠢ ᠦᠪᠡᠷ ᠤᠨ ᠬᠦᠦ ᠳᠡᠭᠡᠨ ᠣᠯᠬᠤ ᠦᠭᠬᠦ ᠪᠠᠷ ᠣᠬᠠᠭᠠᠨ ᠪᠢᠰᠢᠯᠭᠠᠵᠣ ᠰᠠᠭᠤᠵᠠᠢ᠃ ᠲᠡᠭᠡᠬᠦ ᠪᠠᠷ ᠮᠣᠩᠭᠤᠯ ᠨᠣᠶᠠᠳ ᠸᠠᠩ ᠨᠠᠷ ᠤᠨ ᠳᠣᠲᠣᠷ᠎ᠠ ᠲᠣᠭᠤᠨᠲᠡᠮᠦᠷ ᠤᠨ ᠬᠦᠨᠳᠣ ᠪᠠᠭᠤᠷᠠᠭᠰᠠᠨ ᠤ ᠳᠡᠭᠡᠷ᠎ᠡ᠂ ᠠᠶᠣᠰᠢᠳᠠᠷᠠ ᠲᠠᠶᠢᠽᠢ ᠶᠢᠨ ᠭᠠᠷᠣᠯ ᠨᠢ ᠴᠦ ᠶᠡᠭᠡ ᠶᠠᠷᠰᠢᠭ ᠪᠣᠯᠣᠭᠰᠠᠨ ᠨᠢ ᠮᠡᠳᠡᠭᠡᠵᠢ᠃ ᠠᠶᠣᠰᠢᠳᠠᠷᠠ ᠶᠢᠨ ᠳᠠᠷᠠᠭᠠᠬᠢ ᠲᠡᠭᠦᠰᠲᠡᠮᠦᠷ ᠬᠠᠭᠠᠨ ᠮᠣᠩᠭᠤᠯ ᠨᠣᠶᠠᠳ ᠲᠤ ᠬᠤᠷᠣᠭᠠᠭᠳᠠᠭᠰᠠᠨ ᠨᠢ ᠴᠦ ᠡᠭᠦᠨ ᠲᠠᠢ ᠬᠤᠯᠪᠣᠭ᠎ᠠ ᠦᠭᠡᠢ ᠶᠠᠪᠣᠳᠠᠯ ᠪᠣᠰᠣ ᠪᠦᠯᠦᠭᠡ᠃ ᠬᠤᠪᠢᠯᠠᠢ ᠠᠴᠠ ᠰᠡᠭᠦᠯᠡᠷᠬᠢ ᠲᠣᠬᠠᠢ ᠶᠢᠨ ᠦᠶ᠎ᠡ ᠶᠢᠨ ᠮᠣᠩᠭᠤᠯ ᠨᠣᠶᠠᠳ ᠬᠠᠭᠠᠳ ᠨᠢ ᠬᠢᠲᠠᠳ ᠰᠣᠶᠣᠯ ᠢ ᠶᠡᠬᠡᠪᠡᠷ ᠬᠦᠯᠢᠶᠡᠵᠣ ᠠᠪᠣᠭᠰᠠᠨ ᠠᠴᠠ ᠬᠢᠲᠠᠳᠵᠢᠭᠰᠠᠨ ᠪᠠᠶᠢᠳᠠᠯ ᠴᠦ ᠶᠡᠭᠡ ᠬᠦᠴᠦᠲᠠᠢ ᠪᠠᠶᠢᠪᠠ᠃         ᠭᠦᠷᠦᠨ ᠬᠠᠮᠠᠭᠠᠯᠠᠬᠤ ᠰᠦᠮ᠎ᠡ ᠨᠢ ᠬᠤᠸᠠᠨ ᠰᠢ ᠯᠢᠩ ᠳᠠᠪᠠᠭ᠎ᠠ ︵ᠣᠳᠣ ᠶᠢᠨ ᠪᠣᠷᠣᠬᠤᠲᠠ ᠪᠠᠯᠭᠠᠰᠣᠨ ᠠᠴᠠ ᠪᠠᠷᠠᠭᠤᠨ ᠡᠮᠦᠨ᠎ᠡ ᠨᠠᠢᠮᠠᠨ ᠭᠠᠵᠠᠷ ᠲᠤ ᠪᠠᠶᠢᠬᠤ ᠮᠠᠭᠤ ᠪᠣᠯᠠᠭ ᠤᠨ ᠠᠷᠣ ᠶᠢᠨ ᠠᠭᠤᠯᠠᠨ ᠣᠷᠭᠢᠯ︶ ᠳᠤ ᠪᠠᠶᠢᠳᠠᠭ᠃ ᠠᠳᠡ ᠳᠦᠷᠪᠡᠨ ᠲᠠᠯ᠎ᠠ ᠪᠠᠷ ᠢᠶᠠᠨ ᠠᠭᠤᠯᠠ ᠲᠠᠢ᠂ ᠰᠦᠮ᠎ᠡ ᠶᠢᠨ ᠬᠦᠷᠢᠶᠡᠨ ᠳᠤ ᠣᠴᠢᠬᠤ ᠭᠤᠷᠪᠠᠨ ᠰᠠᠯᠠᠭ᠎ᠠ ᠵᠠᠮ  ᠲᠠᠢ᠂ ᠵᠡᠭᠦᠨ ᠵᠠᠮ ᠨᠢ ᠭᠤᠸᠠᠩ ᠨᠢᠩ ︵ᠡᠳᠦᠭᠡ ᠶᠢᠨ ᠣᠯᠠᠭᠠᠨ ᠪᠠᠶᠢᠰᠢᠩᠲᠣ︶ ᠠᠴᠠ ᠴᠢᠣᠸᠠᠨ ᠨᠢᠩ ︵ᠪᠣᠷᠣᠬᠤᠲᠠ︶ ᠳᠤ ᠨᠡᠪᠲᠡᠷᠡᠵᠣ᠂ ᠵᠠᠮ ᠤᠨ ᠦᠷᠭᠡᠨ ᠨᠢ 6 ᠮᠧᠲᠷ᠃ ᠪᠠᠷᠠᠭᠤᠨ ᠵᠠᠮ ᠨᠢ ᠬᠢᠷ᠎ᠠ ᠬᠤᠸᠠᠷᠲᠣ ᠭᠤᠣ  ᠳᠤ ᠨᠡᠪᠲᠡᠷᠡᠵᠣ᠂ ᠵᠠᠮ ᠤᠨ ᠦᠷᠭᠡᠨ ᠨᠢ 4 ᠮᠧᠲᠷ ᠪᠠᠶᠢᠪᠠ᠃ ᠠᠷᠣ ᠵᠠᠮ ᠨᠢ ᠬᠦᠮᠦᠨ ᠶᠠᠪᠣᠬᠤ ᠵᠦᠷᠢᠭ ᠵᠠᠮ ᠪᠠᠶᠢᠵᠣ᠂ ᠪᠣᠯᠠᠭ ᠤᠨ ᠭᠤᠣ ᠳᠤ ᠨᠡᠪᠲᠡᠷᠡᠨ᠎ᠡ᠃ ᠰᠦᠮ᠎ᠡ ᠶᠢᠨ ᠠᠯᠲᠠᠨ ᠦᠩᠭᠡᠲᠦ ᠴᠣᠭᠴᠢᠨ ᠳᠣᠭᠠᠩ ᠨᠢ ᠠᠭᠤᠯᠠ  ᠶᠢᠨ ᠣᠷᠣᠢ ᠳᠡᠭᠡᠷ᠎ᠡ ᠪᠠᠶᠢᠷᠰᠢᠵᠣ᠂ ᠪᠠᠭᠤᠷᠢ ᠶᠢᠨ ᠲᠠᠯᠠᠪᠠᠢ ᠨᠢ 900 ᠳᠡᠭᠰᠢ ᠳᠦᠷᠪᠡᠯᠵᠢᠨ ᠮᠧᠲᠷ ᠪᠠᠶᠢᠯ᠎ᠠ᠃ ᠴᠣᠬᠴᠢᠨ ᠳᠣᠭᠠᠩ ᠤᠨ ᠵᠡᠭᠦᠨ ᠵᠦᠭ ᠤᠨ ᠠᠭᠤᠯᠠᠨ ᠬᠢᠷ᠎ᠡ ᠳᠡᠭᠡᠷ᠎ᠡ ᠨᠢᠭᠡᠳᠦᠭᠡᠷ ᠨᠣᠮᠧᠷᠲᠣ ᠰᠦᠮ᠎ᠡ ᠪᠠᠶᠢᠷᠰᠢᠵᠣ᠂ ᠪᠠᠭᠤᠷᠢ ᠶᠢᠨ ᠲᠠᠯᠠᠪᠠᠢ ᠨᠢ 675 ᠳᠡᠭᠰᠢ ᠳᠦᠷᠪᠡᠯᠵᠢᠨ ᠮᠧᠲᠷ ᠪᠠᠶᠢᠪᠠ᠃ ᠪᠠᠷᠠᠭᠤᠨ ᠵᠢᠭᠦᠷ ᠤᠨ ᠠᠭᠤᠯᠠᠨ ᠪᠡᠯ ᠳᠡᠭᠡᠷ᠎ᠡ ᠬᠤᠶᠠᠳᠣᠭᠠᠷ ᠨᠣᠮᠧᠷᠲᠣ ᠰᠦᠮ᠎ᠡ ᠪᠠᠶᠢᠷᠢᠯᠠᠵᠣ᠂ ᠪᠠᠭᠤᠷᠢ ᠶᠢᠨ ᠲᠠᠯᠠᠪᠠᠢ ᠨᠢ ᠪᠠᠷᠤᠭ 450 ᠳᠡᠭᠰᠢ ᠳᠦᠷᠪᠡᠯᠵᠢᠨ ᠮᠧᠲᠷ᠂ ᠠᠭᠤᠯᠠᠨ ᠤ ᠳᠣᠮᠳᠠ ᠬᠢᠷ᠎ᠠ ᠳᠡᠭᠡᠷ᠎ᠡ ᠬᠦᠮᠦᠨ ᠤ ᠬᠦᠴᠦᠨ ᠢᠶᠠᠷ ᠳᠡᠭᠰᠢᠯᠡᠵᠣ ᠭᠠᠷᠭᠠᠭᠰᠠᠨ ᠭᠠᠵᠠᠷ ᠳᠡᠭᠡᠷ᠎ᠡ ᠪᠠᠶᠢᠭᠤᠯᠵᠠᠢ᠃ ᠲᠣᠰ ᠰᠦᠮ᠎ᠡ ᠶᠢ ᠣᠯᠰ ᠠᠴᠠ ᠪᠠᠷᠠᠯᠠᠪᠠᠯ ᠶᠠᠭ ᠯᠠ ᠨᠢᠭᠡᠨ ᠭᠤᠶᠣ ᠦᠵᠡᠮᠵᠢᠲᠦ ᠣᠷᠳᠣ ᠬᠠᠷᠰᠢ ᠰᠢᠭ ᠬᠠᠷᠠᠭᠳᠠᠳᠠᠭ ᠪᠠᠶᠢᠵᠠᠢ᠃ ᠠᠭᠤᠯᠠᠨ ᠬᠢᠷ᠎ᠠ ᠳᠤ ᠵᠡᠭᠦᠨᠰᠢ ᠮᠣᠷᠣᠶᠢᠭᠰᠠᠨ ᠵᠠᠮ ᠳᠡᠭᠡᠷ᠎ᠡ ᠣᠭᠤᠯᠠᠨ ᠡᠭᠦᠳᠡ ᠶᠢᠨ ᠪᠠᠭᠤᠷᠢ ᠪᠠᠶᠢᠵᠣ᠂ ᠲᠡᠭᠦᠨ ᠤ ᠡᠮᠦᠨ᠎ᠡ ᠬᠦᠮᠦᠨ ᠤ ᠬᠦᠴᠦᠨ ᠢᠶᠠᠷ ᠵᠡᠷᠭᠡᠯᠡᠵᠣ ᠭᠠᠷᠭᠠᠭᠰᠠᠨ ᠠᠭᠤᠯᠠ ᠶᠢ ᠣᠷᠢᠶᠠᠭᠰᠠᠨ 6 — 10 ᠮᠧᠲᠷ ᠭᠤᠷᠪᠠᠨ ᠬᠡᠰᠡᠭ ᠴᠢᠯᠠᠭᠤᠨ ᠬᠠᠰᠢᠯᠭ᠎ᠠ ᠲᠠᠢ᠃ ᠵᠡᠭᠦᠨ ᠵᠠᠮ ᠠᠴᠠ ᠨᠢᠭᠡᠳᠦᠭᠡᠷ ᠨᠣᠮᠧᠷᠲᠣ ᠰᠦᠮ᠎ᠡ ᠬᠦᠷᠬᠦ 200 ᠮᠧᠲᠷ ᠵᠠᠢ ᠶᠢᠨ ᠭᠡᠰᠡᠭ ᠲᠠᠬᠢ ᠵᠠᠮ ᠤᠨ ᠳᠡᠷᠭᠡᠲᠡ ᠨᠢᠭᠡ ᠵᠢᠵᠢᠭ ᠴᠢᠯᠠᠭᠤᠨ ᠬᠤᠳᠳᠤᠭ ᠪᠠᠶᠢᠳᠠᠭ᠃ ᠬᠤᠳᠳᠤᠭ ᠤᠨ ᠳ᠋ᠢᠶᠠᠮᠧᠲᠷ ᠨᠢ 0.5 ᠮᠧᠲᠷ᠂ ᠬᠤᠳᠳᠤᠭ ᠤᠨ ᠭᠦᠨ ᠨᠢ 2 ᠮᠧᠲᠷ ᠪᠠᠶᠢᠪᠠ᠃ ᠭᠠᠶᠢᠬᠠᠯᠲᠠᠢ ᠨᠢ ᠠᠭᠤᠯᠠᠨ ᠤ ᠳᠣᠮᠳᠠ ᠬᠢᠷ᠎ᠠ ᠳᠡᠭᠡᠷ᠎ᠡ ᠪᠠᠶᠢᠭ᠎ᠠ ᠡᠨᠡ ᠬᠤᠳᠳᠤᠭ ᠨᠢ ᠵᠢᠯ ᠲᠣᠵᠢ ᠣᠰᠣ ᠲᠠᠢ ᠪᠠᠶᠢᠵᠣ᠂ ᠲᠠᠪᠤ ᠵᠢᠷᠭᠤᠭᠠᠨ ᠰᠠᠷ᠎ᠠ ᠪᠣᠯᠴᠢᠬᠠᠭᠰᠠᠨ ᠪᠠᠶᠢᠲᠠᠯ᠎ᠠ ᠪᠠᠰᠠ ᠮᠦᠰᠦ ᠲᠠᠢ ᠪᠠᠶᠢᠯ᠎ᠠ᠃      ᠶᠤᠸᠠᠨ ᠣᠯᠤᠰ ᠠᠴᠠ ᠴᠢᠣᠸᠠᠨ ᠨᠢᠩ ᠳᠤ ᠭᠦᠷᠦᠨ ᠬᠠᠮᠠᠭᠠᠯᠠᠬᠤ ᠰᠦᠮ᠎ᠡ ᠪᠠᠶᠢᠭᠤᠯᠤᠭᠰᠠᠨ ᠨᠢ ᠲᠡᠭᠦᠨ ᠳᠤ ᠭᠦᠨ ᠭᠦᠨᠵᠡᠭᠡᠢ ᠣᠳᠬ᠎ᠠ ᠠᠭᠤᠯᠭ᠎ᠠ ᠲᠠᠢ ᠪᠠᠶᠢᠵᠠᠢ᠃ ᠬᠤᠪᠢᠯᠠᠢ ᠰᠡᠴᠡᠨ ᠬᠠᠭᠠᠨ ᠤ ᠦᠶ᠎ᠡ ᠠᠴᠠ ᠡᠬᠢᠯᠡᠨ‌‍ᠶᠤᠸᠠᠨ ᠣᠯᠤᠰ ᠤᠨ ᠡᠯ᠎ᠡ ᠬᠠᠭᠠᠳ ᠨᠢ ᠪᠦᠷ ᠲᠦᠪᠡᠳ ᠤᠨ ᠣᠯᠠᠭᠠᠨ ᠤ ᠱᠠᠰᠢᠨ ᠢ ᠰᠢᠲᠦᠵᠦ᠂ ᠮᠠᠾ‌‍ᠭᠠᠯᠠ ᠪᠤᠷᠬᠠᠨ ᠢ ᠰᠦᠰᠦᠭᠯᠡᠨ ᠳᠠᠬᠢᠬᠤ ᠪᠤᠯᠪᠠ᠃ ᠶᠤᠸᠠᠨ ᠵᠧᠨ ᠤ ᠣᠨ ᠨᠤᠭᠤᠳ ᠲᠤ ᠬᠠᠶᠢᠲᠤ ᠣᠷᠪᠠᠭᠰᠠᠨ ᠳᠤ ᠴᠧᠩᠽᠦ᠋ᠩ ᠲᠡᠮᠦᠷ ᠬᠠᠭᠠᠨ ᠵᠠᠷᠯᠢᠭ ᠪᠠᠭᠤᠯᠭᠠᠨ ᠮᠠᠾ‌‍ᠭᠠᠯᠠ ᠪᠤᠷᠬᠠᠨ ᠢ ᠶᠡᠬᠡᠪᠡᠷ ᠳᠠᠬᠢᠵᠠᠢ᠃ ᠬᠠᠶᠢᠲᠦ ᠶᠢ ᠢᠯᠠᠭᠰᠠᠨ ᠢᠶᠠᠨ ᠴᠧᠩᠽᠦ᠋ᠩ ᠬᠠᠭᠠᠨ ᠮᠠᠾ‌‍ᠭᠠᠯᠠ ᠪᠤᠷᠬᠠᠨ ᠤ ᠢᠪᠡᠭᠡᠯ ᠢᠶᠠᠷ ᠢᠯᠡᠯᠲᠠ ᠣᠯᠤᠯ᠎ᠠ ᠭᠡᠵᠦ ᠦᠵᠡᠵᠤ ᠪᠠᠶᠢᠪᠠ᠃ ᠴᠧᠩᠽᠦ᠋ᠩ ᠬᠠᠯᠢᠭᠰᠠᠨ ᠳᠤ ᠳ᠋ᠠ ᠴᠠᠩ ᠭᠦᠩᠵᠦ ᠱᠠᠩᠭᠡᠯᠵᠢ ᠶᠢᠨ ᠠᠬ᠎ᠠ ᠦᠽᠦ᠋ᠩ ᠬᠠᠭᠠᠨ ᠬᠠᠶᠢᠱᠠᠨ ᠪᠤᠯᠤᠨ ᠳᠡᠭᠦᠦ ᠷᠧᠨᠽᠦ᠋ᠩ ᠬᠠᠭᠠᠨ ᠠᠶᠤᠷᠪᠠᠷᠪᠠᠳᠠ ᠳᠠᠷᠠᠭ᠎ᠠ ᠳᠠᠷᠠᠭ᠎ᠠ ᠪᠠᠷ ᠬᠠᠭᠠᠨ ᠰᠠᠭᠤᠷᠢᠨ ᠳᠤ ᠰᠠᠭᠤᠵᠠᠢ᠃ ᠳ᠋ᠠ ᠴᠠᠩ ᠭᠦᠩᠵᠦ ᠱᠠᠩᠭᠡᠯᠵᠢ ᠴᠢᠣᠸᠠᠨᠨᠢᠩ ᠴᠦᠯᠭᠡ ᠳᠤ ᠭᠦᠷᠦᠨ ᠬᠠᠮᠠᠭᠠᠯᠠᠬᠤ ᠰᠦᠮ᠎ᠡ᠂ ᠺᠦᠩᠽᠢ ᠶᠢᠨ ᠰᠤᠷᠭᠠᠯᠲᠠᠨ ᠤ ᠰᠤᠷᠭᠠᠭᠤᠯᠢ᠂ ᠭᠤᠷᠪᠠᠨ ᠬᠠᠭᠠᠨ ᠤ ᠰᠦᠮ᠎ᠡ᠂ ᠺᠦᠩᠽᠢ ᠶᠢᠨ ᠰᠦᠮ᠎ᠡ ᠵᠡᠷᠭᠡ ᠶᠢ ᠪᠠᠶᠢᠭᠤᠯᠵᠤ᠂ ᠯᠢᠶᠤᠣ ᠣᠯᠤᠰ  ᠤᠨ ᠦᠶ᠎ᠡ ᠶᠢᠨ ᠳ᠋ᠠ ᠶᠦᠩ ᠴᠢᠩ ᠰᠧ ᠰᠦᠮ᠎ᠡ ᠶᠢ ᠦᠷᠭᠡᠳᠭᠡᠨ ᠵᠠᠰᠠᠵᠤ ᠬᠤᠲᠠ ᠰᠠᠭᠤᠷᠢᠨ ᠢ ᠶᠡᠬᠡᠪᠡᠷ ᠵᠠᠰᠠᠵᠠᠢ᠃ ᠡᠨᠡᠬᠦ ᠣᠷᠤᠨ ᠨᠢ ᠡᠮᠦᠨ᠎ᠡ ᠨᠡᠶᠢᠰᠯᠡᠯ ᠳᠡᠶᠢᠳᠤ ᠠᠴᠠ ᠳᠤᠮᠳᠠ ᠨᠡᠶᠢᠰᠯᠡᠯ᠂ ᠳᠠᠬᠢᠨ ᠱᠠᠩᠲᠤ᠂ ᠬᠤᠶᠢᠲᠤ ᠨᠡᠶᠢᠰᠯᠡᠯ ᠬᠠᠷᠠᠬᠤᠷᠢᠨ ᠬᠦᠷᠬᠦ ᠦᠷᠲᠡᠭᠡ ᠣᠯᠠᠭ᠎ᠠ ᠶᠢᠨ ᠡᠷᠬᠡᠪᠰᠢ ᠦᠩᠭᠡᠷᠡᠬᠦ ᠵᠠᠮ ᠪᠤᠯᠬᠤᠷ ᠴᠡᠷᠢᠭ ᠳᠠᠶᠢᠨ ᠤ ᠠᠴᠢ ᠬᠤᠯᠪᠣᠭᠳᠠᠯ ᠨᠢ ᠦᠨᠡᠬᠡᠷ ᠶᠡᠭᠡ ᠪᠠᠶᠢᠵᠠᠢ᠃ ᠮᠣᠩᠭᠤᠯ ᠤᠨ ᠬᠡᠳᠦ ᠣᠳᠠᠭᠠᠨ ᠤ ᠬᠠᠭᠠᠨ ᠰᠠᠭᠤᠷᠢᠨ ᠪᠤᠯᠢᠶᠠᠯᠳᠤᠬᠤ ᠲᠡᠮᠡᠴᠡᠭᠡᠨ ᠳᠤ ᠪᠦᠷ ᠠᠷᠤ ᠭᠠᠵᠠᠷ ᠠᠴᠠ ᠴᠡᠷᠢᠭ ᠬᠦᠳᠡᠯᠭᠡᠵᠦ ᠨᠡᠶᠢᠰᠯᠡᠯ ᠳᠠᠶᠢᠳᠤ ᠶᠢ ᠰᠦᠷᠳᠡᠭᠦᠯᠵᠦ ᠦᠩᠭᠡᠷᠡᠭᠰᠡᠨ ᠪᠤᠯᠬᠤᠷ ᠠᠳᠡ ᠬᠤᠲᠠ ᠴᠠᠶᠢᠵᠠ ᠪᠠᠶᠢᠭᠤᠯᠤᠨ᠂ ᠴᠡᠷᠢᠭ ᠰᠠᠭᠤᠯᠭᠠᠵᠤ᠂ ᠠᠮᠤ ᠬᠦᠨᠡᠰᠦ ᠨᠦᠬᠡᠬᠡᠴᠢᠯᠡᠬᠦ ᠨᠢ ᠨᠡᠶᠢᠰᠯᠡᠯ ᠤᠨ ᠠᠮᠤᠷ ᠲᠦᠪᠰᠢᠨ ᠢᠶᠠᠨ ᠬᠠᠮᠠᠭᠠᠯᠠᠬᠤ ᠶᠢᠨ ᠲᠦᠯᠦᠭᠡ ᠪᠠᠶᠢᠵᠠᠢ᠃ ᠭᠦᠷᠦᠨ ᠬᠠᠮᠠᠭᠠᠯᠠᠬᠤ ᠰᠦᠮ᠎ᠡ ᠪᠤᠯ ᠰᠠᠬᠢᠯ ᠠᠪᠴᠤ ᠱᠠᠰᠢᠨ ᠢ ᠰᠢᠲᠦᠬᠦ᠂ ᠬᠢᠵᠢ ᠵᠤᠯᠠ ᠠᠰᠠᠭᠠᠬᠤ ᠭᠠᠵᠠᠷ ᠲᠡᠳᠦᠢ ᠪᠤᠰᠤ᠃ ᠡᠨᠡ ᠰᠦᠮ᠎ᠡ ᠶᠢᠨ ᠯᠠᠮ᠎ᠠ ᠨᠠᠷ ᠪᠤᠯ ᠡᠩ ᠤᠨ ᠦᠶ᠎ᠡ ᠳᠡᠭᠡᠨ ᠰᠦᠰᠦᠭᠲᠡᠨ᠂ ᠳᠠᠶᠢᠨ ᠤ ᠦᠶ᠎ᠡ ᠳᠤ ᠪᠤᠯ ᠴᠡᠷᠢᠭ ᠪᠠᠶᠢᠪᠠ᠃ ᠭᠦᠷᠦᠨ ᠬᠠᠮᠠᠭᠠᠯᠠᠬᠤ ᠰᠦᠮ᠎ᠡ ᠶᠢᠨ ᠠᠭᠤᠯᠠᠨ ᠳᠤᠮᠳᠠ ᠬᠢᠷ᠎ᠠ ᠳᠠᠬᠢ ᠴᠢᠯᠠᠭᠤᠨ ᠪᠠᠬᠢᠯᠡᠯᠲᠡ ᠪᠠ ᠠᠳᠡ  ᠠᠴᠠ ᠳ᠋ᠠ ᠶᠦᠩ ᠴᠢᠩ ᠰᠧ ᠬᠦᠷᠬᠦ ᠵᠠᠮ ᠳᠡᠭᠡᠷᠡᠬᠢ ᠲᠡᠮᠦᠷ ᠰᠠᠷᠠᠯᠵᠢ ᠶᠢᠨ ᠵᠠᠩᠭᠤᠣ ᠪᠤᠯ ᠲᠡᠷᠡ ᠣᠳᠠᠭᠠᠨ ᠤ ᠳᠠᠶᠢᠨ ᠤ ᠦᠯᠡᠳᠡᠭᠳᠡᠯ ᠪᠤᠳᠠᠰ ᠪᠤᠯᠬᠤ ᠶᠣᠮ᠃ ᠳ᠋ᠠ ᠶᠦᠩ ᠸᠢᠩ ᠰᠧ ᠰᠦᠮ᠎ᠡ ᠶᠢᠨ ᠪᠠᠭᠤᠷᠢ ᠶᠢᠨ ᠡᠮᠦᠨ᠎ᠡ ᠪᠠᠶᠢᠭ᠎ᠠ ᠴᠡᠷᠢᠭ ᠪᠦᠷᠢᠳᠭᠡᠬᠦ ᠲᠠᠶᠢᠰᠠ ᠪᠤᠯ ᠲᠤᠰ ᠰᠦᠮ᠎ᠡ ᠶᠢᠨ ᠴᠡᠷᠢᠭ ᠤᠨ ᠪᠤᠯᠪᠠᠰᠤᠷᠠᠯ ᠬᠢᠵᠤ ᠪᠠᠶᠢᠭᠰᠠᠨ ᠭᠠᠵᠠᠷ ᠪᠤᠯᠤᠨ᠎ᠠ᠃         1381 ᠣᠨ ᠤ ᠴᠠᠭᠠᠨ ᠰᠠᠷ᠎ᠠ ᠳᠤ ᠮᠣᠩᠭᠤᠯ ᠤᠨ ᠲᠦᠷᠦ ᠶᠢᠨ ᠫᠢᠩᠵᠠᠩ ᠨᠠᠶᠢᠷᠪᠣᠬ᠎ᠠ ᠮᠢᠩ ᠤᠨ ᠬᠢᠯᠢ  ᠶᠢᠨ ᠪᠤᠭᠤᠮᠲᠠ ᠶᠢ ᠳᠤᠪᠲᠤᠯᠠᠪᠠ᠃ ᠮᠢᠩ ᠤᠨ ᠴᠡᠷᠢᠭ ᠭᠡᠳᠡᠷᠭᠦᠦ ᠳᠠᠭᠠᠷᠢᠯᠲᠠ ᠬᠢᠵᠤ ᠬᠤᠶᠠᠷ ᠲᠠᠯ᠎ᠠ ᠪᠠᠷ ᠢᠶᠠᠨ ᠶᠡᠬᠡᠪᠡᠷ ᠵᠢᠭᠤᠷᠠᠯᠳᠤᠨ ᠪᠠᠶᠢᠯᠳᠤᠪᠠ᠃ 4 ᠰᠠᠷᠠᠶᠢᠨ 15 ᠤ ᠡᠳᠦᠷ᠂ ᠰᠢᠣᠢ ᠳ᠋ᠠ ᠴᠡᠷᠢᠭ ᠳᠠᠶᠢᠴᠢᠯᠠᠨ ᠪᠤᠭᠤᠮᠲᠠ  ᠠᠴᠠ ᠭᠠᠷᠴᠤ᠂ ᠴᠡᠷᠢᠭ ᠢᠶᠠᠨ ᠪᠠᠷᠠᠭᠤᠨ ᠵᠠᠭᠦᠨ ᠬᠤᠶᠠᠷ ᠵᠠᠮ ᠬᠤᠪᠢᠶᠠᠨ ᠣᠮᠠᠷᠠᠰᠢ ᠳᠤᠪᠲᠤᠯᠠᠪᠠ᠃ ᠵᠡᠭᠦᠨ ᠵᠠᠮ  ᠨᠢ ᠪᠦᠸᠧ ᠢᠣ ᠳ᠋ᠧ ᠪᠠᠷ ᠬᠤᠰᠢᠭᠤᠴᠢ ᠪᠤᠯᠭᠠᠵᠤ᠂ ᠾᠦᠢ ᠱᠠᠨ ︵ᠣᠳᠤ ᠶᠢᠨ ᠪᠠᠭᠠᠷᠢᠨ ᠪᠠᠷᠠᠭᠤᠨ ᠬᠤᠰᠢᠭᠤᠨ ᠤ ᠵᠢᠷᠭᠠᠯ ᠤᠨ ᠵᠠᠮ ᠰᠣᠮᠣᠨ ᠤ ᠬᠠᠷᠢᠶᠠᠨ ᠳᠠᠬᠢ ᠠᠯᠢᠮᠠᠲᠣ ᠠᠭᠤᠯᠠ︶ ᠳᠤ ᠮᠣᠩᠭᠤᠯ ᠤᠨ ᠴᠡᠷᠢᠭ ᠢ ᠪᠠᠶᠢᠯᠳᠤᠨ ᠢᠯᠠᠵᠤ᠂ ᠬᠦᠮᠦᠨ ᠪᠠ ᠠᠳᠤᠭᠤ ᠮᠠᠯ ᠢ ᠣᠯᠠᠨ ᠢᠶᠠᠷ ᠣᠯᠵᠠᠯᠠᠵᠠᠢ᠃ ᠳᠠᠬᠢᠨ ᠣᠮᠠᠷᠠᠰᠢ ᠰᠢᠷᠠᠮᠦᠷᠠᠨ ᠢ ᠬᠡᠲᠦᠯᠦᠨ ᠨᠡᠬᠡᠵᠦ᠂ ᠬᠤᠩᠬᠢᠷᠠᠳ ᠠᠶᠢᠮᠠᠭ ᠤᠨ ᠯᠦ ᠸᠠᠩ ᠤᠨ ᠠᠶᠢᠮᠠᠭ ᠤᠨ ᠦᠯᠡᠳᠡᠭᠳᠡᠯ ᠬᠦᠴᠦᠨ ᠲᠠᠢ ᠬᠡᠳᠦ ᠣᠳᠠᠭᠠᠨ ᠤ ᠳᠠᠶᠢᠨ ᠪᠠᠶᠢᠯᠳᠤᠭᠠᠨ ᠬᠢᠵᠤ᠂ ᠫᠢᠩᠵᠠᠩ ᠪᠠᠶᠢᠯᠠᠪᠣᠬ᠎ᠠ᠂ ᠲᠠᠶᠢᠱᠢ ᠸᠧᠨ ᠲᠦᠩ ᠨᠤᠭᠤᠳ ᠢ ᠪᠠᠷᠢᠪᠴᠢᠯᠠᠵᠠᠢ᠃ ᠮᠣᠩᠭᠤᠯ ᠤᠨ ᠲᠦᠷᠦ ᠳᠤ ᠦᠢᠯᠡᠴᠢᠯᠡᠵᠣ ᠪᠠᠶᠢᠭᠰᠠᠨ ᠣᠯᠠᠨ ᠬᠢᠲᠠᠳ ᠳᠦᠰᠢᠮᠡᠳ ᠪᠠ ᠬᠢᠲᠠᠳ ᠬᠦᠮᠦᠰ ᠮᠢᠩ ᠣᠯᠣᠰ ᠤᠨ ᠴᠡᠷᠢᠭ ᠲᠤ ᠪᠠᠭᠤᠵᠣ ᠦᠭᠭᠦᠭᠡᠳ ᠳᠠᠭᠠᠵᠣ ᠶᠠᠪᠣᠵᠠᠢ᠃ 1389 ᠣᠨ ᠳᠤ ᠵᠣ᠋ ᠶᠣᠸᠠᠨ ᠵᠠᠩ ᠠᠴᠠ ᠴᠢᠣᠸᠠᠨᠨᠢᠩ ᠴᠦᠯᠭᠡ ᠶᠢ ᠴᠢᠣᠸᠠᠨᠨᠢᠩ ᠬᠠᠷᠠᠭᠤᠯ ᠪᠣᠯᠭᠠᠵᠣ᠂ ᠨᠣᠴᠣᠯᠠᠢ ᠶᠢ ᠴᠢᠣᠸᠠᠨᠨᠢᠩ ᠬᠠᠷᠠᠭᠤᠯ ᠤᠨ ᠵᠠᠬᠢᠷᠣᠭᠴᠢ ᠡᠯᠴᠢ ᠪᠠᠷ ᠲᠣᠮᠢᠯᠠᠪᠠ᠃         ᠪᠠᠷᠠᠭᠤᠨ ᠵᠠᠮ ᠤᠨ ᠴᠡᠷᠢᠭ ᠨᠢ ᠮᠦ ᠶᠢᠩ ᠢᠶᠠᠷ ᠬᠤᠰᠢᠭᠤᠴᠢ ᠪᠤᠯᠭᠠᠵᠤ᠂ ᠴᠢᠣᠸᠠᠨ ᠨᠢᠩ ᠣᠷᠴᠢᠮ ᠳᠤ ᠮᠣᠩᠭᠤᠯ ᠤᠨ ᠴᠡᠷᠢᠭ ᠲᠠᠢ ᠰᠢᠷᠦᠭᠦᠨ ᠪᠠᠶᠢᠯᠳᠤᠭᠠᠨ ᠬᠢᠵᠠᠢ᠃ ᠭᠤᠣᠯᠳᠠᠭᠤ ᠶᠤᠸᠠᠨ ᠣᠯᠤᠰ ᠤᠨ ᠦᠶ᠎ᠡ ᠶᠢᠨ ᠣᠯᠠᠭᠠᠨ ᠮᠠᠾ‌‍ᠭᠠᠯᠠ ᠶᠢᠨ ᠠᠭᠤᠯᠠᠨ ᠳᠤ ᠪᠠᠶᠢᠬᠤ ᠭᠦᠷᠦᠨ ᠬᠠᠮᠠᠭᠠᠯᠠᠬᠤ ᠰᠦᠮ᠎ᠡ ᠶᠢᠨ ᠣᠷᠴᠢᠨ ᠳᠠᠬᠢ ᠭᠦᠩᠵᠤ  ᠶᠢᠨ ᠴᠠᠶᠢᠵᠠ ᠶᠢ ᠪᠠᠶᠢᠯᠳᠤᠵᠠᠢ᠃ ᠲᠣᠰ ᠪᠤᠭᠤᠮᠲᠠ ᠨᠢ ᠠᠭᠤᠯᠠᠨ ᠤ ᠪᠡᠷᠬᠡ ᠪᠠᠷᠲᠠᠭ᠎ᠠ ᠶᠢ ᠰᠠᠬᠢᠨ ᠰᠠᠭᠤᠵᠤ᠂ ᠰᠠᠬᠢᠬᠤ ᠳᠤ ᠠᠮᠠᠷᠬᠠᠨ᠂ ᠪᠠᠶᠢᠯᠳᠤᠬᠤ ᠳᠤ ᠬᠦᠴᠢᠷ ᠭᠠᠵᠠᠷ ᠪᠠᠶᠢᠵᠠᠢ᠃ ᠲᠤᠰ ᠪᠤᠭᠤᠮᠲᠠ ᠶᠢ ᠡᠵᠡᠯᠡᠨ ᠰᠠᠬᠢᠵᠤ ᠪᠠᠶᠢᠭᠰᠠᠨ ᠬᠤᠩᠬᠢᠷᠠᠳ᠂ ᠢᠬᠢᠷᠢᠰ᠂ ᠦᠷᠦᠭᠦᠳ᠂ ᠮᠠᠩᠭᠤᠳ ᠵᠡᠷᠭᠡ ︽ᠴᠢᠣᠸᠠᠨ ᠨᠢᠩ ᠤᠨ ᠳᠦᠷᠪᠡᠨ ᠳᠦᠰᠢᠶ᠎ᠡ ᠠᠶᠢᠮᠠᠭ︾ ᠨᠢ ᠮᠣᠩᠭᠤᠯ ᠴᠡᠷᠢᠭ ᠤᠨ ᠳᠤᠲᠤᠷᠠᠬᠢ ᠪᠠᠶᠢᠯᠳᠤᠬᠤ ᠬᠦᠴᠦᠨ ᠢᠶᠠᠷ ᠨᠡᠯᠢᠶᠡᠳ ᠴᠢᠩᠭ᠎ᠠ ᠴᠡᠷᠢᠭ ᠪᠠᠶᠢᠵᠠᠢ᠃ ᠠᠳᠡᠬᠢ ᠠᠭᠤᠯᠠ ᠴᠠᠶᠢᠵᠠ ᠪᠡᠷᠬᠡ ᠪᠠᠷᠲᠠᠭ᠎ᠠ ᠲᠠᠢ᠂ ᠠᠮᠣ ᠬᠦᠨᠡᠰᠦ ᠡᠯᠪᠡᠭ ᠨᠦᠭᠡᠴᠡᠯᠡᠵᠣ ᠪᠠᠶᠢᠭᠰᠠᠨ ᠪᠣᠯᠬᠤᠷ ᠲᠦᠷᠦᠭᠦᠦ ᠬᠡᠳᠦ ᠣᠳᠠᠭ᠎ᠠ ᠳᠤ ᠠᠶᠣᠵᠣ ᠳᠣᠪᠲᠣᠯᠣᠭᠰᠠᠨ ᠦᠭᠡᠢ᠂ ᠲᠣᠰ ᠣᠳᠠᠭ᠎ᠠ ᠳᠤ ᠪᠠᠰᠠ ᠨᠡᠶᠢᠲᠡ ᠳᠦᠴᠢ ᠶᠢᠰᠦ ᠬᠤᠨᠤᠭ ᠡᠰᠡᠷᠭᠦᠴᠡᠨ ᠲᠣᠯᠣᠭᠰᠠᠨ ᠪᠠᠶᠢᠨ᠎ᠠ᠃ ᠭᠤᠣᠯᠳᠠᠭᠤ ᠳᠣᠰᠠᠯᠠᠬᠤ ᠴᠡᠷᠢᠭ ᠭᠡᠵᠤ ᠪᠠᠶᠢᠬᠤ ᠦᠭᠡᠢ ᠣᠴᠢᠷ ᠮᠢᠩ ᠣᠯᠤᠰ ᠤᠨ ᠴᠡᠷᠢᠭ ᠨᠢ ᠠᠳᠡ ᠣᠷᠲᠤ ᠬᠤᠭᠤᠴᠠᠭᠠᠨ ᠤ ᠪᠦᠰᠡᠯᠡᠨ ᠳᠠᠭᠠᠷᠢᠯᠲᠠ ᠬᠢᠵᠦ ᠬᠦᠴᠢᠷ ᠪᠡᠷᠬᠡᠰᠢᠶᠡᠯᠲᠦ ᠳᠠᠶᠢᠨ ᠢᠶᠠᠷ ᠳᠠᠮᠵᠢᠨ ᠡᠵᠡᠯᠡᠨ ᠠᠪᠴᠤ᠂ ᠭᠦᠷᠦᠨ ᠬᠠᠮᠠᠭᠠᠯᠠᠬᠤ ᠰᠦᠮ᠎ᠡ ᠶᠢ ᠦᠨᠡᠰᠦᠨ ᠲᠤᠪᠷᠤᠭ ᠪᠤᠯᠭᠠᠵᠤ᠂ ᠴᠡᠷᠢᠭ ᠠᠷᠠᠳ ᠢ ᠶᠡᠬᠡᠪᠡᠷ ᠬᠢᠲᠤᠵᠠᠢ᠃ ᠳᠠᠬᠢᠨ ᠣᠮᠠᠷᠠᠰᠢ ᠮᠦᠷᠳᠡᠨ ᠣᠴᠢᠵᠤ ᠲᠤᠣᠯᠠ ᠭᠤᠣᠯ ᠤᠨ ᠣᠷᠴᠢᠮ ᠳᠤᠲᠠᠭᠠᠵᠤ ᠪᠠᠶᠢᠭᠰᠠᠨ ᠲᠦᠪ ᠮᠤᠵᠢ ᠶᠢᠨ ᠮᠡᠳᠡᠭᠴᠢ ᠯᠢ ᠰᠢᠣᠸᠠᠨ ᠨᠠᠷ ᠪᠠ ᠶᠡᠭᠡ ᠬᠡᠮᠵᠢᠶᠡᠨ  ᠤ ᠴᠡᠷᠢᠭ ᠠᠷᠠᠳ ᠢ ᠣᠯᠵᠠᠯᠠᠵᠠᠢ᠃ ᠡᠨᠡ ᠪᠠᠶᠢᠯᠳᠤᠭᠠᠨ ᠢᠶᠠᠷ ᠳᠠᠮᠵᠢᠵᠤ ᠬᠤᠩᠬᠢᠷᠠᠳ ᠠᠶᠢᠮᠠᠭ ᠤᠨ ᠬᠦᠴᠦᠨ ᠰᠦᠨᠦᠭᠡᠯᠲᠡ ᠶᠢᠨ ᠴᠢᠨᠠᠷᠲᠠᠢ ᠴᠤᠬᠢᠯᠲᠠ ᠣᠯᠵᠤ᠂ ᠡᠬᠢᠯᠡᠨ ᠳᠤᠷᠤᠶᠢᠲᠠᠪᠠ᠃ ᠮᠣᠩᠭᠤᠯ ᠤᠨ ᠬᠦᠴᠦᠨ ᠴᠦ ᠶᠡᠭᠡ ᠬᠤᠬᠢᠷᠠᠯ ᠠᠮᠰᠠᠵᠤ᠂ ᠴᠢᠣᠸᠠᠨ ᠨᠢᠩ ᠣᠷᠴᠢᠮ ᠳᠤ ᠳᠤᠬᠢᠷᠠᠭᠤᠯᠤᠭᠰᠠᠨ ᠰᠡᠷᠭᠡᠶᠢᠯᠡᠯᠲᠡ ᠶᠢᠨ ᠱᠤᠭᠤᠮ ᠨᠢ ᠠᠪᠳᠡᠭ᠌ᠳᠡᠵᠤ᠂ ᠳᠠᠶᠢᠨ ᠪᠠᠶᠢᠯᠳᠤᠭᠠᠨ ᠳᠤ ᠭᠠᠷᠮᠠᠭᠠᠢ ᠲᠠᠪᠣᠨ ᠳᠦᠰᠢᠶ᠎ᠡ ᠠᠶᠢᠮᠠᠭ ᠤᠨ ᠬᠦᠴᠦᠨ ᠢᠶᠠᠨ ᠠᠯᠳᠠᠭᠠᠳ᠂ ᠠᠷᠤ ᠭᠤᠪᠢ ᠳᠠᠭᠠᠨ ᠣᠬᠤᠷᠢᠨ ᠣᠴᠢᠵᠤ ᠪᠠᠲᠤᠯᠠᠨ ᠰᠠᠬᠢᠪᠠ᠃ ᠭᠦᠷᠦᠨ ᠬᠠᠮᠠᠭᠠᠯᠠᠬᠤ ᠰᠦᠮ᠎ᠡ ᠪᠠ ᠴᠠᠶᠢᠵᠠ ᠪᠠᠬᠢᠯᠡᠯᠲᠡ ᠨᠢ ᠡᠪᠳᠡᠭᠳᠡᠨ ᠣᠷᠬᠢᠭᠳᠠᠵᠤ ᠠᠭᠠᠵᠢᠮ ᠢᠶᠠᠷ ᠲᠡᠣᠬᠡᠨ ᠠᠴᠠ ᠣᠷᠤ ᠳᠠᠰᠤ ᠠᠷᠴᠢᠭᠳᠠᠯ᠎ᠠ᠃ ᠣᠳᠤ ᠲᠡᠷᠡᠬᠦ ᠦᠯᠡᠳᠡᠭᠳᠡᠯ ᠨᠢ ᠴᠢᠮᠡᠭᠡ ᠦᠭᠡᠶᠢᠬᠡᠨ ᠣᠷᠤᠨ ᠪᠠᠶᠢᠷᠢ ᠪᠠᠨ ᠰᠠᠬᠢᠵᠤ᠂ ᠲᠣᠬᠠᠢ ᠶᠢᠨ ᠦᠶ᠎ᠡ ᠶᠢᠨ ᠲᠡᠣᠬᠡ  ᠪᠠᠨ ᠬᠦᠣᠷᠨᠢᠨᠡᠮ ᠪᠦᠯᠦᠭᠡ᠃ ᠲᠣᠬᠠᠢ ᠶᠢᠨ ᠦᠶ᠎ᠡ ᠶᠢᠨ ᠬᠠᠳᠠ ᠴᠢᠯᠠᠭᠤ ᠶᠢ ᠴᠠᠪᠴᠢᠨ ᠵᠠᠮ ᠭᠠᠷᠭᠠᠵᠤ᠂ ᠶᠤᠸᠠᠨ ᠣᠯᠤᠰ ᠤᠨ ᠲᠦᠷᠦ ᠠᠴᠠ ᠶᠡᠭᠡ ᠬᠦᠴᠦᠨ᠂ ᠡᠳ᠋ ᠮᠦᠩᠭᠦ ᠭᠠᠷᠭᠠᠨ ᠪᠠᠶᠢᠭᠤᠯᠤᠭᠰᠠᠨ᠂ ᠶᠡᠭᠡ ᠴᠡᠷᠢᠭ ᠰᠠᠭᠤᠯᠭᠠᠨ ᠪᠠᠲᠤᠯᠠᠨ ᠰᠠᠬᠢᠵᠤ ᠪᠠᠶᠢᠭᠰᠠᠨ᠂ ᠪᠡᠷᠭᠡ ᠶᠢ ᠰᠠᠬᠢᠨ ᠰᠦᠨᠳᠡᠷᠯᠡᠭᠰᠡᠨ ᠭᠦᠷᠦᠨ ᠬᠠᠮᠠᠭᠠᠯᠠᠬᠤ ᠰᠦᠮ᠎ᠡ ᠶᠢᠨ ᠣᠷᠤᠮ ᠨᠢ ᠡᠬᠢᠯᠡᠨ ᠬᠦᠮᠦᠰ ᠤᠨ ᠨᠢᠳᠤᠨ ᠳᠤ ᠦᠷᠲᠦᠵᠦ ᠪᠠᠶᠢᠨ᠎ᠠ᠃       ᠲᠦᠷᠦ ᠪᠠᠨ ᠠᠯᠳᠠᠭᠰᠠᠨ ᠣᠬᠠᠭᠠᠨᠲᠣ ᠬᠠᠭᠠᠨ ᠲᠣᠭᠤᠭ᠎ᠠ ᠪᠠᠨ ᠡᠭᠦᠷᠦᠨ ᠣᠮᠠᠷᠠᠰᠢᠯᠠᠪᠠᠢ    ᠲᠣᠷᠭᠤᠨ ᠭᠡᠮᠰᠢᠭᠦᠯᠡᠩ ᠰᠣᠭᠤᠯᠳᠣᠷ ᠮᠣᠷᠢᠨ ᠢᠶᠠᠷ ᠭᠡᠮᠰᠢᠯ ᠡᠪᠦᠷᠯᠡᠨ ᠳᠣᠲᠠᠭᠠᠵᠣᠬᠤᠢ    ᠲᠤᠭ᠎ᠠ ᠬᠡᠮᠵᠢᠶᠡᠨ ᠢᠶᠠᠷ ᠰᠢᠯᠲᠠᠵᠣ ᠪᠣᠳᠣᠬᠤᠶ᠎ᠠ ᠡᠮᠭᠡᠨᠢᠯ ᠤᠨ ᠰᠢᠯᠦᠭ ᠣᠶᠠᠩᠭᠠᠯᠠᠵᠣ    ᠲᠣᠭᠲᠠᠪᠣᠷᠢ ᠦᠭᠡᠢ ᠨᠡᠶᠢᠰᠯᠡᠯ ᠤᠨ ᠰᠢᠯᠵᠢᠯ ᠢᠶᠠᠷ ᠮᠣᠩᠭᠤᠯ ᠲᠦᠮᠡᠨ ᠮᠣᠬᠤᠷᠳᠠᠵᠣᠬᠤᠢ᠃    ᠪᠠᠷᠰ ᠬᠤᠲᠠ᠂ ᠣᠯᠠᠭᠠᠨ ᠠᠭᠤᠯᠠᠨ᠎ᠠ ᠳᠠᠶᠢᠨ ᠤ ᠣᠲᠤᠭ᠎ᠠ ᠰᠣᠨᠣᠯᠵᠠᠵᠣ    ᠪᠠᠷᠠᠭᠤᠨ ᠵᠦᠭ ᠠᠴᠠ ᠴᠡᠷᠢᠭ ᠵᠢᠭᠡᠯᠡᠬᠦᠶ᠎ᠡ ᠪᠠᠰᠠ ᠴᠠᠰᠢ ᠰᠡᠵᠢᠭᠯᠡᠮᠣᠢ    ᠪᠡᠴᠢᠨ ᠵᠢᠷᠵᠢᠭᠢᠨᠡᠵᠦ ᠬᠡᠷᠢᠶ᠎ᠡ ᠭᠤᠸᠠᠯᠠᠬᠤᠶ᠎ᠠ ᠭᠤᠴᠢᠨ ᠵᠢᠷᠭᠤᠭᠠᠨ ᠣᠨ    ᠭᠠᠣᠯᠢ ᠬᠠᠷᠴᠢᠬᠢᠨᠠᠵᠣ ᠴᠢᠯᠠᠭᠤ ᠳᠦᠩᠭᠢᠨᠡᠬᠦᠶ᠎ᠡ ᠨᠢᠭᠡᠨ ᠵᠠᠭᠤᠨ ᠳᠠᠭᠤᠰᠪᠠᠢ᠃    ᠬᠠᠷᠠᠰᠠᠯᠲᠠᠢ ᠪᠣᠯᠠᠢ᠂ ᠬᠤᠭᠤᠷᠣᠨᠳᠣ ᠪᠠᠨ ᠲᠡᠮᠡᠴᠡᠭᠰᠡᠭᠡᠷ ᠲᠣᠯᠭᠤᠷ ᠲᠦᠷᠦ ᠪᠠᠨ ᠡᠷᠭᠦᠪᠠᠢ᠂     ᠬᠢᠲᠠᠳ ᠢ ᠢᠲᠡᠭᠡᠵᠦ ᠰᠠᠷᠳᠠᠭᠤᠯ ᠢ ᠳᠦᠰᠢᠭᠡᠳ ᠬᠠᠮᠤᠭ ᠪᠦᠬᠦᠨ ᠢᠶᠠᠨ ᠣᠭᠤᠷᠴᠣᠬᠤᠢ᠃               ᠡᠷᠢᠶᠡᠨ ᠨᠢᠳᠦᠲᠦ ᠮᠠᠮᠣᠱᠠ ᠸᠠᠩ ᠡᠮᠦᠨ᠎ᠡ ᠠᠭᠤᠯᠠᠨ᠎ᠠ ᠴᠠᠪᠴᠢᠭᠳᠠᠪᠠᠢ    ᠡᠷᠲᠡᠨ ᠤ ᠴᠠᠶᠢᠵᠠ᠂ ᠭᠦᠷᠦᠨ ᠤ ᠰᠦᠮ᠎ᠡ ᠲᠣᠪᠷᠤᠭ ᠪᠣᠯᠲᠠᠯ᠎ᠠ ᠬᠢᠲᠣᠭᠳᠠᠪᠠᠢ᠂    ᠡᠯᠦᠢ ᠬᠤᠯᠣᠢ ᠡᠵᠡᠭᠦᠢ ᠬᠡᠭᠡᠷ᠎ᠡ ᠲᠡᠨᠦᠭᠦᠯ ᠰᠦᠨᠡᠰᠦ ᠬᠤᠶᠢᠯᠠᠷᠠᠨ    ᠡᠪᠦᠭᠡᠳ ᠤᠨ ᠰᠣᠷᠭᠠᠯ ᠪᠣᠭᠳᠠᠰ ᠤᠨ ᠪᠢᠴᠢᠭ ᠣᠯᠠᠭᠠᠨ ᠭᠠᠯ ᠳᠤ ᠳᠠᠭᠤᠰᠴᠣᠬᠤᠢ᠃    ᠵᠢᠷᠣᠪ ᠵᠠᠷᠣᠪ ᠦᠩᠭᠡᠷᠡᠭᠰᠡᠨ ᠲᠡᠣᠬᠡ ᠨᠠᠢᠮᠠᠨ ᠵᠠᠭᠤᠨ ᠣᠨ    ᠵᠢᠲᠦᠪ ᠵᠠᠲᠣᠪ ᠪᠠᠭᠤᠷᠠᠭᠰᠠᠨ ᠵᠠᠶᠠᠭ᠎ᠠ ᠨᠠᠢᠮᠠᠨ ᠦᠶ᠎ᠡ ᠶᠢᠨ ᠴᠠᠭᠠᠨ᠎ᠠ    ᠣᠮᠠᠷᠠᠰᠢᠯᠠᠨ ᠠᠵᠢᠭᠯᠠᠬᠤᠶ᠎ᠠ ᠴᠢᠣᠸᠠᠨ ᠨᠢᠩ ᠴᠦᠯᠭᠡ ᠲᠣᠭᠤᠰᠣ ᠣᠲᠣᠭᠠᠨ ᠤ ᠲᠣᠲᠣᠷ᠎ᠠ    ᠣᠯᠵᠣ ᠠᠯᠳᠠᠬᠤ ᠨᠢᠭᠡᠨ ᠴᠠᠭ ᠡᠪᠳᠡᠷᠬᠡᠢ ᠰᠢᠷᠡᠭᠡᠨ᠎ᠡ ᠣᠬᠢᠯᠠᠮᠣᠢ᠃       ᠠᠰᠢᠭᠯᠠᠭᠰᠠᠨ ᠮᠠᠲ᠋ᠧᠷᠢᠶᠠᠯ᠄   1᠂ ︽ᠲᠣᠭᠤᠨᠲᠡᠮᠦᠷ ᠬᠠᠭᠠᠨ ᠤ ᠲᠡᠣᠬᠡ︾ ︵ᠬᠢᠲᠠᠳ ᠨᠡᠷ᠎ᠡ ᠨᠢ ︿ᠴᠠᠭᠠᠨ ᠪᠡᠴᠢᠨ ᠬᠠᠭᠠᠨ ᠤ ᠰᠣᠯᠠ ᠲᠡᠣᠬᠡ﹀ ᠭᠡᠳᠡᠭ︶᠂ ᠴᠢᠣᠸᠠᠨ ᠾᠧᠩ ᠵᠣᠬᠢᠶᠠᠪᠠ᠃ ᠪᠠᠯᠵᠣᠣᠷ ᠮᠣᠩᠭᠤᠯᠴᠢᠯᠠᠪᠠ᠃ 2005 ᠣᠨ ᠤ ᠬᠡᠪᠯᠡᠯ᠃   2᠂ ︽ᠲᠣᠭᠤᠨᠲᠡᠮᠦᠷ ᠣᠬᠠᠭᠠᠨᠲᠣ ᠬᠠᠭᠠᠨ︾᠂ ᠭᠦᠴᠢᠭᠢᠨ ᠵᠣᠬᠢᠶᠠᠪᠠ᠃ 2012᠂ ᠣᠨ ᠤ ᠬᠡᠪᠯᠡᠯ᠃   3᠂ ︽ᠣᠮᠠᠷᠠᠰᠢ ᠴᠠᠭᠳᠠᠭᠰᠠᠨ ᠦᠪᠡᠷ ᠤᠨ ᠲᠡᠮᠳᠡᠭᠯᠡᠯ︾  ᠂ ᠯᠢᠣ ᠵᠢᠢ ᠵᠣᠬᠢᠶᠠᠪᠠ᠃ ᠰᠣᠳᠣᠷ ᠣᠷᠴᠢᠭᠤᠯᠪᠠ᠃   4᠂ ︽ᠬᠤᠩ ᠯᠦᠸᠧ ᠱᠠᠨ ᠪᠠ ᠶᠣᠸᠠᠨ ᠮᠢᠩ ᠤᠨ ᠳᠠᠶᠢᠨ︾᠂ ᠯᠢ ᠰᠢᠨ ᠹᠧᠩ ᠵᠣᠬᠢᠶᠠᠪᠠ᠃   5᠂ ︽ᠣᠩᠨᠢᠭᠤᠳ ᠤᠨ ᠬᠢᠯᠢ ᠳᠣᠲᠣᠷᠠᠬᠢ ᠬᠡᠳᠦ ᠣᠳᠠᠭᠠᠨ ᠤ ᠳᠠᠶᠢᠨ︾᠂ ᠸᠠᠩ ᠱᠢ ᠵᠣᠸᠠᠩ ᠵᠣᠬᠢᠶᠠᠪᠠ᠃   6᠂ ︽ᠴᠢᠣᠸᠠᠨ ᠨᠢᠩ ᠴᠦᠯᠭᠡ ᠪᠣᠯᠣᠨ ᠣᠩᠨᠢᠭᠤᠳ ᠠᠶᠢᠮᠠᠭ︾᠂ ᠯᠢᠣ ᠰᠧᠩ ᠵᠢᠶᠦ᠋ᠨ᠂ ᠵᠠᠩ ᠵᠦᠩ ᠷᠧᠨ ᠨᠠᠷ ᠨᠠᠶᠢᠷᠠᠭᠤᠯᠪᠠ᠃ 2011 ᠣᠨ ᠤ ᠬᠡᠪᠯᠡᠯ᠃   7᠂ ︽ᠣᠩᠨᠢᠭᠤᠳ ᠤᠨ ᠰᠣᠶᠣᠯ ᠲᠡᠣᠬᠡ︾᠂ ᠨᠢᠭᠡᠳᠦᠭᠡᠷ ᠡᠮᠭᠢᠳᠭᠡᠯ᠃ 2008 ᠣᠨ ᠤ 9 ᠰᠠᠷ᠎ᠠ ᠳᠤ ᠬᠡᠪᠯᠡᠪᠡ᠃
 
ᠢᠷᠡᠯᠲᠡ᠄ ᠰᠠᠯᠬᠢᠨ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备07002090号