ᠯᠢ  ᠾᠦᠩ  ᠵᠠᠩ ᠤᠨ  ᠠᠶᠢᠯᠠᠳᠬᠠᠯ  ᠪᠤᠭᠤᠮᠳᠠ ᠶᠢᠨ ᠭᠠᠳᠠᠨ᠎ᠠ  ᠭᠡᠷᠡᠭ ᠡᠳᠦᠭᠰᠨᠨ ᠱᠠᠰᠢᠨ ᠤ ᠲᠦᠷᠦᠭᠦᠦ  ᠶᠠᠩ ᠶᠤᠸᠠᠢ  ᠴᠦᠨ  ᠵᠡᠷᠭᠡ  ᠬᠦᠮᠦᠰ ᠢ  ᠰᠢᠭᠦᠨ ᠲᠤᠳᠤᠯᠠᠵᠤ ᠶᠠᠯᠠᠯᠠᠨ ᠰᠢᠳᠭᠡᠬᠦ  ᠲᠤᠬᠠᠢ  ᠪᠤᠳ᠋᠊
ᠨᠡᠶᠢᠲᠡᠯᠡᠭᠰᠡᠨ ᠴᠠᠭ᠄
2020-06-15
ᠯᠢ  ᠾᠦᠩ  ᠵᠠᠩ ᠤᠨ  ᠠᠶᠢᠯᠠᠳᠬᠠᠯ   ᠪᠤᠭᠤᠮᠳᠠ ᠶᠢᠨ ᠭᠠᠳᠠᠨ᠎ᠠ  ᠭᠡᠷᠡᠭ ᠡᠳᠦᠭᠰᠨᠨ ᠱᠠᠰᠢᠨ ᠤ ᠲᠦᠷᠦᠭᠦᠦ  ᠶᠠᠩ ᠶᠤᠸᠠᠢ  ᠴᠦᠨ  ᠵᠡᠷᠭᠡ  ᠬᠦᠮᠦᠰ ᠢ  ᠰᠢᠭᠦᠨ ᠲᠤᠳᠤᠯᠠᠵᠤ ᠶᠠᠯᠠᠯᠠᠨ ᠰᠢᠳᠭᠡᠬᠦ  ᠲᠤᠬᠠᠢ  ᠪᠤᠳᠤᠷᠠᠯ        ᠪᠠᠳᠠᠷᠠᠭᠤᠤᠯᠳᠤ  ᠲᠦᠷᠦ ᠶᠢᠨ ᠠᠷᠪᠠᠨ ᠨᠠᠢᠮᠠᠨ ᠤᠨ ᠤ ᠴᠠᠭᠠᠨ ᠰᠠᠷᠠᠶᠢᠨ ᠬᠤᠷᠢᠨ ᠨᠢᠭᠡᠨ         ᠪᠤᠭᠤᠮᠳᠠ ᠢ  ᠭᠠᠳᠠᠨ᠎ᠠ ᠭᠡᠷᠡᠭ ᠡᠳᠦᠭᠰᠡᠨ ᠭᠠᠵᠢᠭᠤ ᠨᠤᠮᠳᠠᠨ   ᠤ ᠲᠦᠷᠦᠭᠦᠦ   ᠶᠢ ᠬᠠᠦᠯᠢ ᠪᠠᠷ  ᠶᠠᠯᠠᠯᠠᠨ  ᠰᠡᠢᠳᠪᠤᠷᠢᠯᠡᠬᠦ  ᠠᠶᠢᠯᠠᠳᠬᠠᠯ  ᠃  ᠪᠠᠶᠢᠴᠠᠭᠠᠭᠴᠢ ᠲᠦᠰᠢᠮᠡᠯ  ᠂  ᠳ᠋ᠠ ᠰᠢᠦᠸᠠᠢ ᠱᠢ᠂ ᡁᠢ ᠯᠢ ᠶᠢᠨ ᠪᠦᠬᠦᠳᠡ ᠶᠢ ᠵᠠᠬᠢᠷᠦᠭ᠌ᠴᠢ  ᠂ ᠨᠢᠭᠡᠳᠦᠭᠡᠷ ᠵᠡᠷᠭᠡ ᠶᠢᠨ   ᠪᠠᠶᠢᠯᠠ ᠯᠢ ᠾᠦᠩ ᠵᠠᠩ   ᠪᠤᠭᠳᠠ ᠡᠵᠡᠨ ᠳᠤ  ᠨᠠᠮᠠᠨᠴᠢᠯᠠᠨ  ᠮᠦᠷᠭᠦᠨ  ᠬᠢᠴᠢᠶᠠᠩᠭᠦᠶᠢᠯᠡᠪᠡ᠃   ᠪᠤᠭᠳᠠ ᠡᠵᠨᠨ ᠭᠡᠭᠡᠨ ᠳᠡᠭᠡᠨ ᠲᠤᠯᠢᠳᠠᠮᠦ  ᠃        ᠲᠤᠤᠷᠠᠳᠤ   ᠶᠢᠨ  ᠪᠠᠶᠢᠴᠠᠭᠠᠭᠰᠠᠨ   ᠢᠶᠠᠷ   ᠪᠤᠭᠤᠮᠳᠠ ᠶᠢᠨ  ᠭᠠᠳᠠᠨᠠᠬᠢ ᠱᠠᠰᠢᠨ ᠤ ᠲᠡᠭᠡᠷᠡᠮ  ᠲᠡᠭᠡᠷ᠎ᠡ ᠵᠢᠯ ᠤᠨ  ᠠᠷᠪᠠᠨ ᠰᠠᠷ᠎ᠠ ᠳᠤ  ᠠᠤᠬᠠᠨ ᠤ ᠪᠠᠶᠢᠰᠠ ᠶᠢᠨ  ᠬᠤᠷᠢᠶ᠎ᠠ ᠶᠢ ᠲᠠᠭᠠᠷᠢᠨ ᠡᠪᠳᠡᠯᠡᠵᠤ᠂  ᠢᠵᠠᠭᠤᠷ ᠤᠩᠭᠤᠨ   ᠢ   ᠨᠢ ᠠᠭᠤᠳᠠᠯᠠᠵᠤ  ᠂  ᠪᠠᠰᠠ ᠴᠤᠤᠶᠠᠩ   ᠰᠢᠶᠠᠨ ᠤ ᠵᠡᠭᠡᠯᠢ   ᠶᠢ ᠲᠠᠭᠠᠷᠢᠨ  ᠲᠦᠷᠢᠮᠭᠡᠶᠢᠯᠡᠵᠤ  ᠶᠠᠮᠤᠨ   ᠢ   ᠨᠢ  ᠭᠠᠯᠳᠠᠨ ᠬᠢᠨᠳᠡᠨ ᠢ ᠨᠢ  ᠪᠤᠯᠢᠶᠠᠭᠰᠠᠨ   ᠢᠶᠠᠨ  ᠠᠭᠠᠵᠢᠮ ᠢᠶᠠᠷ  ᠵᠢᠶᠠᠨ ᠴᠠᠩ᠂  ᠫᠢᠩ ᠴᠢᠦᠸᠠᠨ᠂  ᡂᠢ ᠹᠧᠩ  ᠵᠡᠷᠭᠡ ᠭᠠᠵᠠᠷ   ᠲᠤ  ᠲᠠᠷᠬᠠᠵᠤ ᠮᠤᠩᠭᠤᠯ  ᠤᠪᠤᠭᠳᠠᠨ ᠢ ᠠᠯᠠᠵᠤ᠂  ᠺᠠᠲ᠋ᠥᠯᠢᠭ᠋ ᠱᠠᠰᠢᠨ ᠤ ᠲᠤᠭᠠᠩ ᠢ   ᠲᠦᠢᠮᠡᠷᠳᠡᠵᠤ  ᠂ ᠫᠢᠩ ᠴᠢᠦᠸᠠᠨ ᠵᠧᠦ   ᠶᠢᠨ ᠰᠢᠭᠦᠭᠴᠢ ᠶᠢ ᠬᠤᠤᠷᠯᠠᠵᠠᠢ᠃  ᠰᠠᠶᠢᠳ  ᠪᠢ  ᠠᠶᠢᠯᠠᠳᠬᠠᠯ ᠡᠷᠭᠦᠨ  ᠂ ᡁᠢ ᠯᠢ   ᠲᠢ  ᠳ᠋ᠦ᠋ ᠲᠦᠰᠢᠮᠡᠯ  ᠶᠧ ᡁᠢ ᠴᠤᠤ   ᠪᠠᠷ  ᠤᠳᠤᠳᠤ ᠰᠦᠨᠢ ᠪᠠᠷ ᠴᠡᠷᠢᠭ ᠲᠠᠭᠠᠭᠤᠯᠤᠨ  ᠤᠰᠠᠳᠬᠠᠪᠠ᠃  ᠲᠠᠷᠠᠭ᠎ᠠ   ᠨᠢ ᠪᠠᠰᠠ ᠬᠤᠸᠠᠢ ᠯᠢᠶᠠᠨ   ᠤ  ᠮᠤᠷᠢᠳᠤ᠂ ᠶᠠᠪᠠᠭᠠᠨ ᠡᠯ᠎ᠡ  ᠬᠤᠷᠢᠶ᠎ᠠ ᠪᠦᠬᠦᠨ ᠢᠶᠠᠷ ᠨᠢ ᠤᠷᠢᠳ ᠬᠤᠵᠢᠳ  ᠪᠤᠭᠤᠮᠳᠠ ᠭᠠᠷᠴᠦ ᠬᠠᠪᠰᠤᠷᠤᠨ ᠤᠰᠠᠳᠬᠠᠵᠤ᠂  ᠪᠠᠶᠢᠯᠳᠤᠬᠤ ᠪᠤᠯᠭᠠᠨ ᠢᠯᠡᠯᠳᠡ ᠤᠯᠵᠤ ᠲᠡᠭᠡᠷᠡᠮ ᠤᠨ  ᠲᠦᠷᠦᠭᠦᠦ ᠶᠢ ᠦᠨᠳᠤᠰᠤᠨ ᠳᠤ ᠨᠢ  ᠠᠷᠢᠯᠭᠠᠵᠤ   ᠲᠠᠭᠠᠨ  ᠪᠤᠰᠤᠭᠴᠢᠳ ᠢ ᠲᠠᠷᠬᠠᠭᠠᠪᠠ  ᠃ ᠰᠠᠮᠠᠭᠤᠨ   ᠤ ᠲᠦᠷᠦᠭᠦᠦ  ᠬᠠᠭᠤᠷᠮᠠᠭ  ᠤᠯᠤᠰ  ᠨᠡᠭᠡᠭᠡᠭᠰᠡᠨ  ᠡᠵᠡᠨ   ᠶᠠᠩ ᠶᠤᠸᠠᠢ ᠴᠦᠨ  ᠦᠭᠡᠰᠢᠨ ᠠᠴᠠ  ᠮᠤᠯᠳᠤᠷᠠᠵᠤ  ᠡᠰᠡ  ᠪᠠᠷᠢᠭᠳᠠᠭᠰᠠᠨ ᠲᠤᠯᠠ  ᠱᠠᠩᠨᠠᠯ ᠭᠠᠷᠭᠠᠵᠤ   ᠤᠴᠠᠭ ᠰᠦᠪᠡᠭᠴᠢ ᠬᠠᠩᠭᠠᠬᠤ ᠶᠢ  ᠬᠦᠰᠡᠵᠤ᠂  ᠶᠠᠩ ᠶᠤᠸᠠᠢ ᠴᠦᠨ ᠤ  ᠡᠴᠢᠭᠡ ᠬᠦᠪᠡᠭᠦᠨ ᠠᠪᠠᠭ᠎ᠠ ᠠᠴᠢ ᠵᠢᠷᠭᠤᠭᠠᠨ ᠬᠦᠮᠦᠨ ᠢ  ᠪᠠᠷᠢᠪᠴᠢᠯᠠᠵᠤ ᠠᠮᠠᠨ ᠦᠴᠢᠭ ᠨᠢ  ᠲᠤᠳᠤᠷᠬᠠᠶᠢᠯᠠᠪᠠ  ᠃ ᠲᠦᠰᠢᠮᠡᠯ ᠬᠢᠭᠡᠳ ᠶᠧ ᡁᠢ ᠴᠤᠤ   ᠲᠠᠷᠠᠭᠠᠯᠠᠨ  ᠠᠶᠢᠯᠠᠳᠬᠠᠨ  ᠡᠷᠭᠦᠪᠡ  ᠃   ᠡᠪᠬᠡᠮᠡᠯ  ᠃         ᠶᠧ ᡁᠢ ᠴᠤᠤ    ᠪᠠᠷ  ᠶᠠᠩ ᠶᠤᠸᠠᠢ ᠴᠦᠨ ᠤ  ᠦᠶᠡᠯᠢᠳ ᠲᠡᠭᠦᠦ ᠶᠠᠩ ᠽᠤᠤ ᠴᠦᠨ  ᠦᠨᠡᠩᠬᠦ  ᠬᠠᠮᠳᠤ ᠪᠠᠷ  ᠬᠤᠤᠪᠢᠯᠳᠤᠭᠰᠠᠨ ᠦᠭᠡᠢ ᠶᠢ ᠰᠢᠭᠦᠨ ᠲᠤᠳᠤᠯᠠᠵᠤ ᠲᠠᠷᠦᠶᠢᠬᠠᠨ  ᠰᠤᠯᠠᠯᠠᠵᠠᠢ᠃   ᠲᠡᠭᠦᠨ ᠠᠴᠠ ᠪᠤᠰᠤᠳ   ᠶᠠᠩ ᠶᠤᠸᠠᠢ ᠴᠦᠨ   ᠤ ᠠᠬ᠎ᠠ  ᠶᠠᠩ ᠬᠤᠸᠠᠢ ᠴᠦᠨ᠂  ᠲᠡᠭᠦᠦ  ᠶᠠᠩ ᠴᠢᠩ ᠴᠦᠨ᠂  ᠲᠦᠷᠦᠯ ᠤᠨ ᠠᠴᠢ  ᠶᠠᠩ ᠵᠠᠨ ᠰᠢᠶᠠᠨ  ᠵᠢᠴᠢ ᠲᠡᠭᠦᠨ ᠤ ᠤᠭᠰᠠᠭ᠎ᠠ   ᠶᠢᠨ  ᠠᠮᠠᠯᠠᠭᠰᠠᠨ  ᠬᠦᠪᠡᠭᠦᠨ  ᠶᠠᠩ ᠵᠠᠨ ᠢ  ᠬᠢᠭᠡᠳ ᠨᠢᠭᠡᠨᠳᠡ ᠪᠠᠷᠢᠪᠴᠢᠯᠠᠭᠰᠠᠨ ᠬᠠᠭᠤᠷᠮᠠᠭ  ᠴᠡᠷᠢᠭ ᠤᠨ  ᠪᠠᠭᠰᠢ  ᠺᠦᠩ ᠴᠢᠩ ᠬᠤᠸᠠ ᠵᠡᠷᠭᠡ ᠲᠠᠪᠤᠨ ᠬᠦᠮᠦᠨ   ᠢ  ᠵᠠᠷᠯᠢᠭ ᠢᠶᠠᠷ  ᠲᠢ  ᠳ᠋ᠦ᠋  ᠲᠦᠰᠢᠮᠡᠯ  ᠨᠢᠶᠧ ᠱᠢ ᠴᠧᠩ   ᠳᠤ   ᠲᠤᠰᠢᠶᠠᠨ  ᠲᠤᠰ ᠰᠡᠷᠭᠡᠶᠢᠯᠡᠯᠳᠡ ᠶᠢᠨ  ᠬᠤᠷᠢᠶᠠᠨ ᠳᠤ  ᠲᠦᠷ ᠬᠤᠷᠢᠵᠤ᠂  ᠠᠤᠬᠠᠨ ᠪᠠᠶᠢᠰᠠ  ᠤᠷᠳᠤᠨ ᠳᠠᠭᠠᠨ ᠪᠤᠴᠠᠭᠰᠠᠨ  ᠲᠠᠷᠠᠭ᠎ᠠ ᠪᠦᠬᠦᠨ   ᠢ  ᠴᠡᠷᠢᠭ ᠤᠨ  ᠡᠮᠦᠨ᠎ᠡ  ᠶᠠᠯᠠᠯᠠᠨ  ᠰᠢᠳᠬᠡᠨ᠎ᠡ᠃  ᠶᠧ ᡁᠢ ᠴᠤᠤ  ᠤᠷᠢᠳᠠᠪᠡᠷ   ᠬᠦᠮᠦᠨ ᠲᠤᠮᠢᠯᠠᠨ  ᠶᠠᠩ ᠶᠤᠸᠠᠢ  ᠴᠦᠨ ᠬᠢᠭᠡᠳ  ᠴᠤᠤᠶᠠᠩ ᠬᠤᠳᠠ ᠶᠢ  ᠲᠠᠭᠠᠷᠢᠨ ᠡᠵᠡᠯᠡᠭᠰᠡᠨ  ᠲᠡᠭᠡᠷᠡᠮ ᠤᠨ  ᠲᠦᠷᠦᠭᠦᠦ  ᠯᠢ ᠭᠤᠸᠠᠩ   ᠢ  ᠬᠦᠮᠦᠨ ᠲᠤᠮᠢᠯᠠᠨ  ᠲᠠᠷᠤᠵᠤ ᠠᠪᠴᠢᠷᠠᠯ᠎ᠠ  ᠃  ᡁᠢ  ᠯᠢ ᠶᠢᠨ  ᠬᠠᠤᠯᠢ  ᠬᠡᠷᠡᠭᠵᠢᠭᠦᠯᠦᠭᠴᠢ ᠲᠦᠰᠢᠮᠡᠯ  ᠵᠧᠦ  ᠹᠦ᠋  ᠲᠢᠶᠠᠨᠵᠢᠨ ᠳᠤ ᠠᠯᠪᠠᠨ ᠤᠴᠠᠷ ᠢᠶᠠᠷ  ᠶᠠᠪᠤᠭᠰᠠᠨ ᠲᠠᠢ  ᠲᠤᠬᠢᠶᠠᠯᠳᠤᠭᠰᠠᠨ ᠪᠤᠯᠬᠤᠷ ᠲᠦᠰᠢᠮᠡᠯ ᠪᠢ  ᠵᠠᠷᠯᠢᠭ ᠢᠶᠠᠷ  ᠰᠢᠭᠦᠨ   ᠰᠡᠢᠪᠤᠷᠢᠯᠡᠬᠦᠯᠵᠠᠢ᠃        ᠲᠤᠰ ᠵᠤᠷᠭᠠᠨ ᠤ  ᠶᠠᠩ ᠶᠤᠸᠠᠢ ᠴᠦᠨ ᠤ  ᠦᠴᠢᠭ ᠢ  ᠦᠨᠳᠤᠰᠤᠯᠡᠨ  ᠦᠭᠦᠯᠡᠭᠰᠡᠨ ᠠᠨᠤ᠂  ᠶᠠᠩ ᠶᠤᠸᠠᠢ ᠴᠦᠨ ᠠᠨᠤ  ᠵᠢᠶᠠᠨ ᠴᠠᠩ  ᠰᠢᠶᠠᠨ ᠤ ᠬᠦᠮᠦᠨ᠂  ᠲᠠᠪᠢᠨ   ᠨᠢᠭᠡᠨ ᠨᠠᠰᠤᠳᠠᠢ᠂  ᠡᠷᠳᠡ ᠳᠤ    ᠵᠢᠶᠠᠩ  ᠨᠠᠨ ᠤ  ᠭᠦᠸᠧ ᠤᠪᠤᠭᠳᠤ ᠳ᠋ᠤᠤᠱᠢ   ᠮᠢᠨᠦ  ᠰᠠᠭᠤᠴᠠᠨ ᠳᠤ ᠢᠷᠡᠵᠤ  ᠪᠠᠳᠠᠷᠢᠴᠯᠠᠬᠤ ᠶᠢᠨ  ᠬᠠᠮᠳᠤ  ︽ᠮᠧᠩ ᠱᠸᠦ  ᠵᠢᠩ  ︾  ᠵᠡᠷᠭᠡ ᠵᠢᠷᠭᠤᠭᠠᠨ ᠨᠤᠮ ᠢ   ᠤᠯᠠᠮᠵᠢᠯᠠᠭᠰᠠᠨ ᠳᠤ  ᠪᠢ  ᠴᠢ  ᠬᠤᠤ  ᠂  ᠸᠠᠩ ᠹᠦ᠋  ᠂  ᠶᠠᠩ ᠯᠢᠶᠠᠨ ᠶᠤᠸᠠᠨ᠂  ᠭᠦᠸᠧ ᠯᠥᠸᠧ   ᠵᠢᠦ   ᠵᠡᠷᠭᠡ   ᠳᠤ ᠲᠠᠬᠢᠨ ᠤᠯᠠᠮᠵᠢᠯᠠᠵᠤ᠂  ᠲᠡᠭᠦᠨ ᠢ   ᠪᠠᠨ ᠱᠧᠩ ᠳ᠋ᠤᠤ ᠮᠧᠨ   ᠬᠡᠮᠡᠨ ᠨᠡᠷᠡᠶᠢᠳᠴᠦ   ᠪᠠᠰᠠ   ᠶᠢᠨ ᠳ᠋ᠠᠨ ᠵᠢᠶᠤᠤ   ᠭᠡᠵᠠᠢ  ᠃  ᠴᠢ  ᠬᠤᠤ  ᠵᠡᠷᠭᠡ ᠪᠠᠰᠠ   ᠴᠤᠤ ᠶᠠᠩ  ᠰᠢᠶᠠᠨ ᠤ  ᠯᠢ  ᠭᠤᠸᠠᠩ  ᠂  ᠯᠢ ᠪᠢᠨ᠂  ᠵᠠᠩ ᠹᠦ᠋᠂   ᠨᠡᠶᠧ ᠾᠧᠩ  ᠂ ᠭᠦᠸᠧ  ᠬᠠᠢ  ᠂ ᠳ᠋ᠢᠩ  ᠢ ᠾᠧ  ᠂ ᠵᠤᠤ ᠢᠦᠢ  ᠰᠢ  ᠵᠡᠷᠭᠡ ᠳᠤ ᠤᠯᠠᠮᠵᠢᠯᠠᠵᠤ  ᠂ ᠵᠢᠶᠠᠨ ᠴᠠᠩ ᠰᠢᠶᠠᠨ   ᠤ ᠬᠦᠮᠦᠨ  ᠰᠢᠦᠢ  ᠯᠢ  ᠂ ᠶᠠᠩ ᠺᠦᠨ᠂  ᠯᠢ ᠴᠢᠩ ᠱᠠᠨ  ᠂ ᠲᠥᠩ ᠵᠢᠶᠧ  ᠂ ᠫᠢᠩ ᠴᠢᠦᠸᠠᠨ  ᠵᠧᠦ   ᠶᠢᠨ    ᠾᠦᠢ  ᠳ᠋ᠠᠢ ᠳ᠋ᠦᠸᠧ᠂  ᠾᠦᠢ ᠳ᠋ᠠᠢ  ᠶᠤᠤ  ᠵᠡᠷᠭᠡ ᠬᠦᠮᠦᠨ ᠳᠤ  ᠤᠯᠠᠮᠵᠢᠯᠠᠪᠠ᠃ ᠲᠤᠰ ᠱᠠᠰᠢᠨ  ᠬᠦᠮᠦᠰ ᠢ  ᠰᠠᠶᠢᠨ ᠵᠦᠭ ᠲᠤ  ᠤᠳᠤᠷᠢᠳᠴᠦ᠂ ᠢᠳᠡᠭᠡᠯ ᠢᠶᠠᠷ  ᠤᠯᠠᠨ ᠢ ᠲᠠᠭᠠᠭᠤᠯᠬᠤ ᠳᠤ  ᠪᠤᠢ  ᠂ ᠭᠠᠵᠢᠭᠤ ᠱᠠᠰᠢᠨ ᠪᠤᠰᠤ  ᠃ ᠪᠢ ᠪᠠᠰᠠ  ᠡᠮ  ᠡᠮᠨᠡᠯᠭᠡ   ᠪᠠᠷ  ᠬᠠᠪᠰᠤᠷᠭᠠᠭᠰᠠᠨ ᠠᠴᠠ  ᠬᠦᠮᠦᠰ ᠨᠠᠳᠠ   ᠶᠢ ᠶᠠᠩ ᠲᠦᠷᠪᠡᠳᠤᠭᠡᠷ ᠪᠠᠭᠰᠢ  ᠬᠡᠮᠡᠳᠡᠭ᠃  ᠲᠡᠷᠨ ᠲᠤᠬᠠᠢ  ᠪᠢᠳᠡᠨᠡᠷ ᠠᠤᠬᠠᠨ ᠤ ᠪᠠᠶᠢᠰᠠ ᠶᠢᠨ  ᠬᠤᠷᠢᠶ᠎ᠠ  ᠤᠷᠴᠢᠮ ᠲᠠᠷᠢᠶᠠᠯᠠᠬᠤ   ᠶᠢ  ᠰᠠᠨᠠᠪᠠ᠃  ᠲᠤᠰ  ᠪᠠᠶᠢᠰᠠ ᠶᠢᠨ  ᠬᠤᠷᠢᠶ᠎ᠠ  ᠨᠢ  ᠵᠤᠤ ᠤᠳᠠ ᠶᠢᠨ  ᠠᠷᠪᠠᠨ ᠨᠢᠭᠡᠨ ᠬᠤᠰᠢᠭᠤᠨ ᠤ  ᠠᠶᠢᠮᠠᠭ ᠤᠨ  ᠲᠠᠷᠤᠭ᠎ᠠ ᠪᠤᠯᠤᠭᠰᠠᠨ ᠤ ᠲᠠᠷᠠᠭ᠎ᠠ  ᠭᠠᠵᠠᠷ  ᠤᠨ  ᠲᠦᠷᠢᠶᠡᠰᠤ ᠮᠦᠩᠬᠦ   ᠨᠢ  ᠲᠠᠬᠢᠨ ᠲᠠᠪᠳᠠᠨ ᠦᠰᠴᠦ᠂  ᠲᠠᠬᠢᠨ ᠲᠡᠭᠦᠨ ᠤ  ᠬᠤᠶᠠᠳᠤᠭᠠᠷ  ᠡᠩᠡ  ︵  ᠰᠧᠳᠡᠩᠨᠤᠮᠳᠠᠭ  ︶  ᠂  ᠯᠠᠮᠠ   ᠡᠩᠡ   ︵ᠠᠸᠠᠩ  ︶ ᠨᠠᠷ  ᠰᠦᠷ ᠬᠦᠴᠦᠨ   ᠪᠠᠷ ᠬᠦᠨᠳᠡᠯᠢᠰᠴᠦ᠂  ᠮᠡᠭᠡᠯᠡᠨ  ᠪᠤᠯᠢᠶᠠᠨ  ᠤᠵᠠᠳᠯᠠᠨ ᠪᠤᠵᠠᠷᠯᠠᠵᠤ  ᠂ ᠵᠤᠳᠤᠵᠤ ᠴᠤᠬᠢᠨ  ᠠᠯᠠᠵᠤ  ᠬᠤᠤᠷᠯᠠᠨ ᠮᠠᠭᠤ ᠪᠦᠬᠦᠨ ᠢ  ᠦᠢᠯᠡᠳᠴᠦ  ᠂  ᠬᠤᠯᠪᠤᠭᠳᠠᠭᠰᠠᠨ ᠬᠦᠮᠦᠰ ᠨᠢ  ᠠᠯᠪᠠᠨ ᠳᠤ ᠵᠠᠭᠠᠯᠳᠤᠭᠰᠠᠨ ᠴᠦ  ᠦᠢᠰᠢᠶᠠᠬᠤ ᠬᠦᠮᠦᠨ ᠦᠭᠡᠢ᠂  ᠬᠤᠷᠤᠰᠤᠯ ᠵᠠᠨᠤᠯ ᠨᠢ  ᠬᠦᠨ ᠵᠤᠵᠠᠭᠠᠨ ᠪᠤᠯᠵᠤ  ᠦᠰᠢᠶ᠎ᠡ  ᠬᠤᠷᠤᠰᠤᠯ   ᠢᠶᠠᠨ ᠠᠪᠴᠦ  ᠠᠭᠤᠷ ᠬᠢᠯᠢᠩ ᠢᠶᠠᠨ  ᠲᠠᠶᠢᠳᠬᠠᠷᠠᠭᠤᠯᠬᠤ   ᠶᠢ   ᠰᠠᠨᠠᠭ᠎ᠠ ᠤᠷᠤᠵᠠᠢ  ᠃ ᠪᠢ  ᠲᠡᠭᠡᠷ᠎ᠡ ᠵᠢᠯ ᠤᠨ  ᠠᠷᠪᠠᠨ  ᠰᠠᠷ᠎ᠠ ᠶᠢᠨ  ᠡᠬᠢᠨ ᠳᠤ  ᠲᠤᠰ ᠪᠠᠶᠢᠰᠠ ᠮᠤᠩᠭᠤᠯ ᠴᠡᠷᠢᠭ  ᠬᠦᠳᠡᠯᠭᠡᠵᠤ ᠢᠷᠭᠡᠨ   ᠢ  ᠠᠯᠠᠵᠤ ᠭᠠᠵᠠᠷ ᠰᠤᠯᠠᠯᠠᠬᠤ ᠭᠡᠰᠡᠨ ᠴᠢᠮᠡᠭᠡ ᠶᠢ ᠤᠯᠵᠤ ᠰᠤᠨᠤᠰᠤᠭᠠᠳ  ᠸᠠᠩ  ᠽᠧᠩ   ᠵᠡᠷᠭᠡ  ᠬᠦᠮᠦᠰ ᠲᠠᠢ  ᠵᠦᠪᠯᠡᠵᠤ  ᠤᠷᠢᠳᠠᠪᠠᠷ ᠭᠠᠷ ᠬᠦᠳᠡᠯᠬᠦ ᠳᠤ ᠬᠦᠷᠬᠦ ᠦᠭᠡᠢ ᠭᠡᠵᠦ  ᠲᠠᠷᠦᠢ  ᠸᠠᠩ   ᠽᠧᠩ  ᠂  ᠸᠠᠩ ᠹᠦ᠋   ᠶᠢ  ᠵᠠᠷᠯᠢᠭᠳᠠᠵᠤ  ᠂ ᠴᠢ   ᠬᠤᠤ  ᠂  ᠶᠠᠩ ᠯᠢᠶᠠᠨ ᠶᠤᠸᠠᠨ᠂  ᠶᠠᠩ ᠺᠦᠨ᠂  ᠭᠦᠸᠧ ᠯᠥᠸᠧ  ᠵᠢᠦ  ᠂  ᠯᠢ ᠪᠢᠨ ᠵᠡᠷᠭᠡ ᠬᠦᠮᠦᠰ ᠢ  ᠤᠷᠢᠨ ᠴᠤᠭᠯᠠᠭᠤᠯᠵᠤ᠂   ᠨᠠᠢᠮᠠᠨ ᠵᠠᠭᠤ ᠢᠯᠡᠭᠦᠦ ᠬᠦᠮᠦᠨ  ᠬᠤᠷᠠᠭᠤᠯᠪᠠ  ᠂ ᠤᠷᠴᠢᠮ ᠤᠨ  ᠬᠦᠮᠦᠨ ᠪᠦᠬᠦᠨ  ᠲᠠᠭᠠᠬᠤ ᠲᠤᠷᠠᠳᠠᠢ  ᠃  ᠶᠢᠰᠦᠨ ᠰᠠᠷ᠎ᠠ ᠢ  ᠡᠬᠢᠨ ᠢᠶᠠᠷ  ᠪᠠᠶᠢᠰᠠ ᠶᠢᠨ  ᠤᠷᠳᠤᠨ ᠳᠤ  ᠠᠯᠠᠨ ᠤᠷᠤᠵᠤ  ᠂  ᠲᠤᠰ ᠤᠷᠳᠤᠨ   ᠫᠤᠤ  ᠵᠡᠪᠰᠡᠭ ᠢᠶᠠᠷ  ᠡᠰᠡᠷᠭᠦᠴᠡᠭᠰᠡᠨ ᠴᠦ ᠲᠤᠰᠠ ᠪᠤᠯᠤᠭᠰᠠᠨ ᠦᠭᠡᠢ  ᠂  ᠪᠠᠶᠢᠰᠠ ᠶᠢᠨ  ᠬᠤᠷᠢᠶ᠎ᠠ   ᠶᠢᠨ  ᠰᠧᠳᠡᠩᠨᠤᠮᠳᠠᠭ  ᠡᠩᠡ ᠬᠢᠭᠡᠳ ᠠᠸᠠᠩ ᠯᠠᠮᠠ  ᠲᠤᠳᠠᠭᠠᠭᠰᠠᠨ   ᠠᠴᠠ  ᠭᠠᠳᠠᠨ᠎ᠠ  ᠪᠤᠰᠤᠳ   ᠢ   ᠨᠢ  ᠡᠷ᠎ᠡ ᠡᠮ᠎ᠡ ᠢᠯᠭᠠᠯ ᠦᠭᠡᠢ  ᠪᠦᠬᠦᠨ   ᠢ  ᠬᠢᠳᠤᠵᠤ  ᠂  ᠲᠡᠭᠡᠳᠦᠰ ᠤᠨ  ᠬᠢᠨᠢ ᠤᠩᠭᠤᠨ ᠢ  ᠠᠭᠤᠳᠠᠯᠯᠠᠨ ᠡᠪᠳᠡᠪᠡ  ᠃   ᠲᠠᠷᠠᠭ᠎ᠠ ᠦᠷᠯᠦᠭᠡ  ᠨᠢ  ᠴᠦᠯᠭᠡᠷ ᠤᠨ  ᠠᠶᠢᠯ ᠤᠨ  ᠵᠠᠭᠤᠨ ᠢᠯᠡᠭᠦᠦ ᠮᠤᠩᠭᠤᠯ  ᠨᠡᠶᠢᠯᠡᠵᠤ ᠢᠷᠡᠭᠡᠳ ᠪᠠᠰᠠ ᠪᠦᠬᠦᠨ ᠢᠶᠠᠷ   ᠢᠶᠠᠨ ᠬᠢᠳᠤᠭᠳᠠᠪᠠ᠃  ᠡᠭᠦᠨ   ᠢᠶᠠᠷ  ᠪᠠᠶᠢᠰᠠ ᠶᠢᠨ  ᠤᠷᠳᠤᠨ ᠢ  ᠡᠵᠡᠯᠡᠨ  ᠤᠯᠤᠰ ᠨᠡᠭᠡᠭᠡᠭᠦ  ᠤᠷᠳᠤᠨ ᠭᠡᠮᠡᠵᠤ  ᠤᠯᠠᠨ ᠢᠶᠠᠷ   ᠢᠶᠠᠨ ᠨᠠᠳᠠ ᠶᠢ ᠲᠦᠷᠦᠭᠦᠦ  ᠪᠤᠯᠭᠠᠨ᠂ ᠢᠯᠡᠷᠭᠡᠶᠢᠯᠡᠯ ᠭᠠᠷᠭᠠᠨ ᠢᠷᠭᠡᠨ ᠢ  ᠠᠮᠦᠷᠵᠢᠭᠤᠯᠵᠤ  ᠂ ᠨᠢᠭᠡ ᠲᠠᠯ᠎ᠠ   ᠪᠠᠷ  ᠪᠠᠭᠠᠵᠢ ᠭᠡᠷᠡᠭᠰᠡᠯ ᠲᠤᠭ  ᠭᠭᠢᠷᠢ  ᠦᠢᠯᠡᠳᠴᠦ  ᠴᠡᠷᠢᠭ ᠤᠨ  ᠠᠭᠳᠠ  ᠵᠠᠷ ᠵᠡᠪᠰᠡᠭ  ᠪᠤᠯᠢᠶᠠᠨ  ᠲᠤᠨᠤᠨ  ᠮᠤᠩᠭᠤᠯ ᠢ  ᠲᠠᠭᠠᠷᠢᠨ ᠴᠤᠬᠢᠵᠤ᠂  ᠠᠯᠪᠠᠨ ᠴᠡᠷᠢᠭ ᠢ  ᠡᠰᠡᠷᠭᠦᠴᠡᠨ  ᠂ ᠫᠢᠩ ᠴᠢᠤᠸᠠᠨ᠂  ᠴᠤᠤᠶ᠋ᠨᠩ  ᠂  ᡂᠢ  ᠹᠧᠩ  ᠂   ᠵᠢᠶᠠᠨ ᠫᠢᠩ  ᠲᠦᠷᠪᠡᠨ  ᠰᠢᠶᠠᠨ ᠢ  ᠡᠵᠡᠯᠡᠬᠦ ᠪᠠᠷ ᠪᠡᠯᠡᠳᠭᠡᠵᠤ  ᠂ ᠸᠠᠩ ᠽᠧᠩ᠂  ᠸᠠᠩ ᠹᠦ᠋   ᠵᠡᠷᠭᠡ   ᠶᠢ ᠲᠤᠮᠢᠯᠠᠨ  ᠲᠠᠪᠤᠨ  ᠮᠢᠩᠭᠠᠨ ᠬᠦᠮᠦᠨ ᠡᠯᠰᠡᠵᠤ  ᠵᠡᠭᠦᠨ ᠵᠠᠮ  ᠲᠦᠮᠡᠳ ᠬᠤᠰᠢᠭᠤ ᠤᠷᠴᠢᠮ ᠢ  ᠲᠠᠭᠤᠰᠬᠠᠨ ᠠᠯᠠᠪᠠ᠃   ᠤᠷᠳᠤ  ᠪᠠᠯ ᠬᠦᠷᠦᠮᠡᠭᠴᠨ ᠠᠯᠪᠠᠨ ᠴᠡᠷᠢᠭ ᠲᠠᠢ  ᠭᠠᠯ ᠵᠤᠯᠭᠠᠪᠠ  ᠃  ᠪᠠᠰᠠ  ᠯᠢ  ᠴᠢᠩ ᠱᠠᠨ ᠵᠡᠷᠭᠡ ᠶᠢ ᠲᠤᠮᠢᠯᠠᠨ ᠪᠠᠷᠠᠭᠤᠨ ᠵᠠᠮ  ᠬᠠᠷᠠᠴᠢᠨ ᠵᠡᠷᠭᠡ ᠬᠤᠰᠢᠭᠤ ᠪᠠᠷ   ᠴᠦᠯᠪᠡᠨ ᠠᠯᠠᠵᠤ  ᠂ ᠾᠦᠢ ᠵᠢᠶᠠ ᠭᠧᠦ   ᠳᠤ ᠾᠦᠢ ᠳ᠋ᠠᠢ  ᠳ᠋ᠥᠸᠧ   ᠲᠠᠢ  ᠨᠠᠶᠢᠯᠠᠵᠤ  ᠨᠡᠶᠢᠳᠡ  ᠲᠠᠪᠤ  ᠂ ᠵᠢᠷᠭᠤᠭᠠᠨ ᠮᠢᠩᠭᠠᠨ ᠬᠦᠮᠦᠨ ᠪᠤᠯᠵᠤ ᠵᠢᠷᠦᠭᠡ   ᠶᠢᠨ ᠠᠶᠢᠯ᠂  ᠵᠠᠰᠠᠭ ᠤᠨ  ᠠᠶᠢᠯ  ᠤᠷᠴᠢᠮ ᠢᠶᠠᠷ ᠠᠯᠪᠠᠨ ᠴᠡᠷᠢᠭ ᠲᠠᠢ ᠲᠤᠯᠤᠯᠳᠤᠪᠠ  ᠃ ᠬᠤᠶᠢᠳᠤ ᠵᠠᠮ  ᡂᠢ ᠹᠧᠩ  ᠰᠢᠶᠠᠨ ᠢ  ᠯᠢ ᠭᠦᠸᠧ ᠵᠧᠨ᠂  ᠹᠧᠩ ᠱᠠᠨ  ᠵᠧᠩ ᠵᠡᠷᠭᠡ  ᠲᠤᠯᠤᠭ᠎ᠠ  ᠂ ᠨᠠᠢᠮᠠᠨ  ᠮᠢᠩᠭᠠᠨ ᠬᠦᠮᠦᠨ ᠡᠯᠰᠡᠵᠤ  ᠂ ᠵᠠᠮ  ᠬᠤᠪᠢᠶᠠᠨ  ᠵᠠᠰᠠᠭ  ᠸᠠᠩ ᠬᠤᠰᠢᠭᠤ᠂  ᠨᠠᠢᠮᠠᠨ ᠸᠠᠩ ᠤᠨ  ᠬᠤᠰᠢᠭᠤ᠂  ᠬᠠᠶᠢᠷ᠎ᠠ ᠶᠢᠨ ᠸᠠᠩ ᠤᠨ  ᠬᠤᠰᠢᠭᠤ ᠤᠷᠴᠢᠮ ᠢᠶᠠᠷ   ᠠᠯᠠᠵᠤ ᠴᠦᠯᠪᠡᠪᠡ  ᠃  ᠡᠦ ᠳ᠋ᠠᠨ  ᠬᠤᠳᠠ ᠶᠢᠨ ᠤᠷᠴᠢᠮ ᠬᠦᠷᠬᠦ ᠳᠤ  ᠠᠯᠪᠠᠨ ᠴᠡᠷᠢᠭ   ᠲᠤ ᠴᠤᠬᠢᠭᠳᠠᠨ    ᠰᠠᠷᠨᠢᠪᠡ  ᠃ ᠨᠠᠳᠠ ᠶᠢ  ᠡᠮᠢᠶᠡᠨ ᠲᠠᠭᠠᠯᠳᠤᠭᠰᠠᠨ ᠬᠦᠮᠦᠨ ᠤ ᠲᠤᠭ᠎ᠠ  ᠪᠠᠷᠤᠭ   ᠬᠤᠶᠠᠷ᠂ ᠭᠤᠷᠪᠠᠨ ᠲᠦᠮᠡ   ᠳᠤ ᠬᠦᠷᠴᠠᠢ᠃  ᠲᠤᠰ ᠵᠢᠯᠤᠨ  ᠠᠷᠪᠠᠨ ᠰᠠᠷᠠᠶᠢᠨ ᠠᠷᠪᠠᠨ ᠬᠤᠶᠠᠷ ᠤᠨ  ᠡᠳᠦᠷ  ᠴᠤᠤᠶᠠᠩ ᠢ  ᠲᠠᠭᠠᠷᠢᠬᠤ ᠦᠶᠡᠰ  ᠯᠢ ᠭᠤᠸᠠᠩ᠂  ᠴᠢ ᠬᠤᠤ᠂  ᠯᠢ ᠪᠢᠨ᠂  ᠵᠠᠩ ᠹᠦ᠋᠂  ᠨᠢᠶᠧ  ᠾᠧᠩ  ᠂  ᠭᠦᠸᠧ ᠬᠠᠢ᠂  ᠭᠦᠸᠧ ᠯᠦᠸᠧ ᠵᠢᠦ  ᠵᠡᠷᠭ ᠡᠯ᠎ᠡ  ᠲᠦᠷᠦᠭᠦᠦ  ᠤᠴᠢᠵᠤ  ᠤᠳᠠᠯ  ᠦᠭᠡᠢ   ᠡᠯ᠎ᠡ ᠵᠠᠮ ᠤᠨ  ᠴᠡᠷᠢᠭ ᠴᠦᠮ ᠢᠶᠠᠷ   ᠢᠶᠠᠨ ᠠᠯᠪᠠᠨ ᠴᠡᠷᠢᠭ ᠲᠤ   ᠢᠯᠠᠭᠳᠠᠭᠰᠠᠨ ᠴᠢᠮᠡᠭᠡ ᠶᠢ ᠤᠯᠵᠤ  ᠰᠤᠨᠤᠰᠪᠠ ᠃  ᠪᠢ ᠠᠷᠪᠠᠨ ᠨᠢᠭᠡᠨ ᠰᠠᠷ᠎ᠠ ᠶᠢᠨ  ᠨᠢᠭᠡᠨ ᠳᠤ   ᠵᠠᠩᠭᠤᠤ ᠳᠤ  ᠬᠦᠷᠴᠦ  ᠨᠡᠷᠡᠮᠡᠯ ᠤᠨ  ᠴᠠᠶᠢᠵᠠ ᠶᠢ ᠡᠵᠡᠯᠡᠪᠡ᠃  ᠯᠢ ᠭᠤᠸᠠᠩ ᠵᠡᠷᠭᠡ ᠲᠦᠷᠦᠭᠦᠦ ᠬᠤᠶᠢᠨ᠎ᠠ  ᠬᠤᠶᠢᠨ᠎ᠠ ᠠᠴᠠ   ᠪᠠᠨ ᠡᠭᠡᠵᠤ ᠢᠷᠡᠭᠰᠡᠨ  ᠪᠤᠯᠪᠠᠴᠦ ᠠᠷᠠᠶᠢᠬᠠᠨ  ᠭᠤᠷᠪᠠᠨ  ᠮᠢᠩᠭᠠᠨ ᠢᠯᠡᠭᠦᠦ ᠬᠦᠮᠦᠨ  ᠦᠯᠡᠳᠡᠵᠠᠢ᠃  ᠵᠠᠰᠠᠭ ᠲᠦᠷᠦ   ᠠᠴᠠ   ᠪᠠᠶᠢᠴᠠᠭᠠᠭᠴᠢ ᠨᠤᠶᠠᠨ  ᠲᠤᠮᠢᠯᠠᠵᠤ  ᠪᠠᠭᠤᠵᠤ ᠦᠭᠬᠦ ᠶᠢ ᠢᠳᠬᠠᠭᠰᠠᠨ ᠴᠦ  ᠪᠢᠳᠡ  ᠦᠯᠦ ᠵᠦᠪᠰᠢᠶᠡᠷᠡᠵᠠᠢ᠃  ᠠᠯᠪᠠᠨ  ᠴᠡᠷᠢᠭ  ᠫᠤᠤ  ᠬᠦᠳᠡᠯᠭᠡᠨ ᠲᠠᠭᠠᠷᠢᠨ ᠴᠤᠬᠢᠭᠰᠠᠨ ᠳᠤ  ᠪᠢ ᠲᠠᠷᠦᠢ  ᠲᠤᠳᠠᠭᠠᠨ ᠶᠠᠪᠤᠪᠠ  ᠂ ᠡᠮᠦᠨ᠎ᠡ ᠮᠢᠨᠦ ᠤᠭᠰᠠᠭᠠᠨ ᠤ  ᠠᠮᠠᠯᠠᠭᠰᠠᠨ ᠬᠦᠪᠡᠭᠦᠨ  ᠶᠠᠩ ᠵᠠᠨ ᠢ   ᠶᠢᠨ  ᠳ᠋ᠦᠩ ᠠᠭᠤᠢ ᠳᠤ ᠰᠢᠷᠭᠤᠨ  ᠨᠢᠭᠤᠭᠳᠠᠭᠰᠠᠨ ᠢ  ᠮᠡᠳᠡᠬᠦ ᠪᠤᠯᠬᠤᠷ  ᠪᠢ  ᠪᠠᠰᠠ ᠲᠡᠭᠦᠨ ᠤ ᠲᠡᠨᠳᠡ ᠤᠴᠢᠵᠤ  ᠲᠠᠯᠳᠠᠯᠭᠠᠭᠠᠳ ᠤᠳᠠᠯ ᠦᠭᠡᠢ ᠨᠡᠩᠵᠢᠭᠳᠡᠨ ᠪᠠᠷᠢᠪᠴᠢᠯᠠᠭᠳᠠᠪᠠ᠃  ᠰᠤᠨᠤᠰᠤᠬᠤᠯ᠎ᠠ  ᠺᠠᠲ᠋ᠥᠯᠢᠭ᠋ ᠱᠠᠰᠢᠨ ᠤ ᠲᠤᠭᠠᠩ ᠢ ᠰᠢᠳᠠᠭᠠᠭᠰᠠᠨ  ᠠᠨᠤ  ᠵᠢᠶᠠᠨ ᠴᠠᠩ ᠰᠢᠶᠠᠨ ᠤ  ᠭᠤᠴᠢᠨ ᠭᠡᠷ   ᠤᠨ  ᠭᠡᠷᠦᠭᠡ ᠶᠢᠨ ᠲᠠᠷᠤᠭ᠎ᠠ  ᠯᠢᠨ ᠢᠦᠢ ᠱᠠᠨ  ᠵᠡᠷᠭᠡ  ᠤᠳᠤᠷᠢᠳᠤᠭᠰᠠᠨ ᠭᠡᠨᠡᠮ᠃  ᠤᠷᠢᠳᠠ ᠨᠢ   ᠲᠤᠭᠠᠩ  ᠤᠨ  ᠬᠠᠨ ᠤᠪᠤᠭᠳᠤ  ᠠᠮᠤ ᠪᠤᠯᠢᠶᠠᠨ ᠭᠡᠷᠡᠭ ᠡᠳᠦᠵᠤ  ᠂ ᠲᠠᠷᠠᠭ᠎ᠠ ᠨᠢ  ᠭᠡᠷᠡᠭ ᠢ  ᠯᠡᠪᠯᠡᠷᠡᠭᠦᠯᠦᠭᠰᠡᠨ  ᠰᠢᠦᠢ ᠷᠦᠩ ᠢ  ᠫᠤᠤᠳᠠᠵᠤ ᠠᠯᠠᠭᠠᠳ  ᠲᠡᠭᠦᠨ ᠤ  ᠡᠯᠳᠡᠪ  ᠵᠦᠢᠯ ᠤᠨ  ᠭᠡᠷᠡᠭᠯᠡᠭᠡᠨ ᠤ ᠲᠡᠯᠭᠡᠭᠦᠷ   ᠢ ᠨᠢ  ᠲᠡᠭᠡᠷᠡᠮᠳᠡᠭᠰᠡᠨ ᠳᠤ ᠯᠢᠨ ᠢᠦᠢ ᠱᠠᠨ  ᠦᠰᠢᠶ᠎ᠡ ᠠᠪᠬᠤ ᠰᠠᠨᠠᠭ᠎ᠠ  ᠤᠷᠤᠵᠤ  ᠪᠠᠶᠢᠳᠠᠯ᠎ᠠ ᠪᠠᠰᠠ  ᠫᠢᠩ ᠴᠢᠦᠸᠠᠨ  ᠨᠢᠭᠡ  ᠺᠠᠲ᠋ᠤᠯᠢᠭ ᠱᠠᠰᠢᠨ   ᠤ  ᠰᠤᠷᠭᠠᠯᠳᠠᠨ  ᠮᠤᠷᠢᠳᠤ ᠬᠤᠯᠠᠭᠠᠢ ᠶᠢ  ᠪᠠᠷᠢᠪᠴᠢᠯᠠᠭᠰᠠᠨ ᠳᠤ  ᠤᠯᠠᠨ ᠰᠤᠷᠭᠠᠯᠳᠠᠳ ᠲᠡᠭᠦᠨ ᠢ  ᠠᠯᠪᠠᠳᠠᠨ ᠪᠠᠳᠤᠯᠠᠵᠤ  ᠭᠠᠷᠭᠠᠵᠠᠢ᠃  ᠲᠡᠷᠡ ᠲᠤᠬᠠᠢ ᠤᠯᠠᠨ ᠬᠦᠮᠦᠨ  ᠪᠢᠳᠡᠨᠡᠷ ᠨᠢᠭᠡᠨᠳᠡ ᠪᠠᠶᠢᠰᠠ ᠢ  ᠬᠤᠷᠢᠶᠠᠨ ᠳᠤ  ᠭᠡᠷᠡᠭ ᠦᠢᠯᠡᠳᠤᠭ᠍ᠰᠡᠨ ᠢ  ᠮᠡᠳᠡᠬᠦ ᠦᠭᠡᠢ  ᠂  ᠯᠢᠨ ᠢᠦᠢ ᠱᠠᠨ  ᠮᠠᠨ ᠤ ᠬᠠᠮᠰᠠᠭᠠᠳᠠᠨ  ᠲᠥᠩ ᠵᠢᠶᠧ ᠵᠡᠷᠭᠡ   ᠶᠢ  ᠵᠢᠭᠤᠷᠠᠨ  ᠵᠠᠯᠠᠵᠤ  ᠭᠤᠴᠢᠨ ᠭᠡᠷ᠂  ᠫᠢᠩ ᠴᠢᠤᠸᠠᠨ  ᠵᠧᠦ  ᠂  ᠨᠡᠶᠧ  ᠮᠧᠨ ᠽᠢ  ᠵᠡᠷᠭᠡ ᠭᠠᠵᠠᠷ ᠤᠨ  ᠱᠠᠰᠢᠨ ᠤ  ᠲᠤᠭᠠᠩ ᠢ  ᠭᠠᠯᠳᠠᠵᠠᠢ᠃  ᠫᠢᠩ ᠴᠢᠤᠸᠠᠨ  ᠵᠧᠦ ᠢ  ᠰᠢᠭᠦᠭᠴᠢ  ᠨᠤᠶᠠᠨ ᠢ  ᠢᠦᠢ  ᠫᠦ᠋ ᠵᠢᠶᠦ᠋ᠨ ᠢ  ᠠᠯᠠᠭᠰᠠᠨ ᠨᠢ  ᠯᠢᠨ ᠢᠦᠢ ᠱᠠᠨ ᠵᠡᠷᠭᠡ ᠬᠦᠮᠦᠰ ᠤᠨ  ᠦᠢᠯᠡᠳᠦᠭᠰᠡᠨ  ᠶᠠᠪᠤᠳᠠᠯ  ᠪᠤᠯᠤᠨ᠎ᠠ  ᠃  ᠡᠳᠡᠭᠡᠷ ᠪᠦᠯᠦᠭ ᠬᠦᠮᠦᠨ  ᠬᠤᠵᠢᠮ ᠨᠢ  ᠲᠠᠪᠤᠨ ᠨᠤᠶᠠᠨ ᠠᠶᠢᠯ  ᠂  ᠬᠠᠶᠢᠯᠠᠰᠤᠳᠤ  ᠵᠡᠷᠭᠡ ᠭᠠᠵᠠᠷ   ᠲᠤ ᠤᠷᠤᠭᠠᠳ ᠪᠦᠬᠦᠨ ᠢᠶᠠᠷ   ᠢᠶᠠᠨ  ᠠᠯᠪᠠᠨ ᠴᠡᠷᠢᠭ ᠲᠤ ᠰᠦᠨᠦᠭᠡᠭᠳᠡᠵᠠᠠᠢ᠃  ᠲᠡᠭᠦᠨ ᠲᠤᠮᠳᠠ  ᠭᠦᠸᠧ ᠪᠠᠭᠰᠢᠳᠠᠨ  ᠠᠨᠤ  ᠢ ᠵᠧᠦ᠂  ᠭᠤᠸᠠᠩ ᠨᠢᠩ  ᠵᠡᠷᠭᠡ ᠭᠠᠵᠠᠷ ᠠᠴᠠ  ᠢᠷᠡᠵᠠᠢ᠃  ᠯᠢ ᠬᠦᠸᠧ ᠵᠧᠨ  ᠡᠦ ᠱᠧᠩ ᠮᠧᠨ ᠢ  ᠵᠡᠷᠭᠡᠪᠡᠷ ᠰᠤᠷᠤᠯᠴᠠᠳᠠᠭ ᠠᠴᠠ  ᠡᠯ᠎ᠡ ᠪᠦᠯᠦᠭ ᠬᠦᠮᠦᠨ ᠮᠤᠷᠢ ᠪᠦᠬᠦᠨ ᠢᠶᠠᠷ   ᠢᠶᠠᠨ ᠡᠦ ᠱᠧᠩ ᠮᠧᠨ   ᠤ ᠬᠦᠮᠦᠨ ᠪᠠᠶᠢᠵᠤ ᠠᠯᠪᠠᠨ ᠴᠡᠷᠢᠭ ᠲᠤ ᠤᠳᠠᠭ᠎ᠠ ᠲᠠᠷᠠᠭᠠᠯᠠᠨ  ᠢᠯᠠᠭᠳᠠᠵᠤ ᠠᠰ ᠠᠰᠳᠠᠭᠠᠨ ᠰᠠᠷᠨᠢᠨ ᠲᠤᠳᠠᠭᠠᠵᠠᠢ᠃ ᠭᠡᠷᠡᠭ ᠡᠳᠦᠬᠦ ᠦᠶᠡᠰ  ᠲᠠᠷᠨᠢ ᠨᠢ ᠬᠦᠴᠦᠨ ᠨᠢ ᠫᠤᠤ ᠰᠤᠮᠤ ᠠᠴᠠ  ᠵᠠᠶᠢᠯᠠᠭᠤᠯᠵᠤ ᠴᠢᠳᠠᠨ᠎ᠠ ᠭᠡᠰᠡᠨ ᠴᠦᠮ ᠢᠶᠠᠷ  ᠬᠦᠮᠦᠨ ᠢ  ᠮᠡᠭᠡᠯᠡᠭᠰᠡᠨ ᠭᠡᠷᠡᠭ ᠶᠤᠮ  ᠃ ᠪᠢ  ᠸᠠᠩ ᠽᠧᠩ  ᠵᠡᠷᠭᠡ ᠬᠦᠮᠦᠨ ᠲᠠᠢ ᠬᠠᠮᠳᠤ ᠪᠡ ᠬᠤᠤᠪᠢᠯᠳᠤᠵᠤ ᠲᠤᠰ ᠭᠡᠷᠡᠭ ᠢ  ᠡᠳᠦᠪᠡ᠂  ᠶᠠᠩ ᠵᠠᠨ ᠢ ᠦᠨᠡᠩᠬᠦ  ᠪᠠᠶᠢᠳᠠᠯ ᠢ  ᠮᠡᠳᠡᠬᠦ ᠦᠭᠡᠢ᠃         ᠪᠠᠰᠠ ᠯᠢ ᠭᠤᠸᠠᠩ   ᠤᠨ  ᠦᠴᠢᠭ ᠠᠴᠠ  ᠰᠤᠨᠤᠰᠬᠤ   ᠳᠤ ᠲᠡᠷᠡ ᠨᠢ ᠴᠤᠤᠶᠠᠩ ᠰᠢᠶᠠᠨ   ᠤ ᠬᠦᠮᠦᠨ  ᠂ ᠭᠤᠴᠢᠨ ᠲᠠᠪᠤᠨ ᠨᠠᠰᠤᠳᠠᠢ  ᠂ ᠪᠢ   ᠶᠢᠨ ᠳ᠋ᠠᠨ ᠳ᠋ᠤᠤ ᠳᠤ ᠤᠷᠤᠭᠰᠠᠨ   ᠤ ᠲᠠᠷᠠᠭ᠎ᠠ  ᠯᠢ ᠪᠢᠨ ᠢ ᠪᠠᠭᠰᠢ ᠪᠤᠯᠭᠠᠪᠠ᠃ ᠶᠠᠩ ᠶᠤᠸᠠᠢ ᠴᠦᠨ ᠵᠡᠷᠭᠡ ᠬᠦᠮᠦᠰ ᠲᠡᠭᠡᠷ᠎ᠡ  ᠵᠢᠯ ᠤᠨ  ᠠᠷᠪᠠᠨ ᠰᠠᠷ᠎ᠠ ᠢ  ᠰᠢᠨ᠎ᠡ ᠶᠢᠨ ᠶᠢᠰᠦᠨ ᠳᠤ ᠠᠤᠬᠠᠨ ᠤ ᠪᠠᠶᠢᠰᠠ ᠢ  ᠬᠤᠷᠢᠶ᠎ᠠ ᠶᠢ ᠲᠠᠭᠠᠷᠢᠨ ᠡᠪᠳᠡᠵᠤ ᠠᠯᠠᠵᠤ  ᠬᠤᠤᠷᠯᠠᠭᠰᠠᠨ ᠢ  ᠪᠢ ᠤᠷᠢᠳᠠᠪᠡᠷ ᠮᠡᠳᠡᠬᠦ ᠦᠭᠡᠢ᠃  ᠯᠢ ᠪᠢᠨ ᠠᠷᠪᠨ ᠨᠢᠭᠡᠨ  ᠨᠢᠭᠡᠨ ᠤ ᠡᠳᠦᠷ  ᠯᠢ ᠾᠧᠩ ᠪᠢᠳᠡ ᠬᠤᠶᠠᠭᠤᠯᠠ ᠳᠤ ᠬᠡᠯᠡᠵᠦ ᠦᠭᠭᠦᠭᠡᠳ   ᠪᠤᠰᠤᠳ   ᠲᠠᠢ ᠬᠠᠷᠢᠯᠴᠠᠨ  ᠴᠤᠤᠶᠠᠩ ᠢ  ᠴᠤᠬᠢᠬᠤ ᠶᠢ ᠵᠦᠪᠯᠡᠵᠤ  ᠂ ᠵᠠᠩ ᠹᠦ᠋  ᠂  ᠳ᠋ᠢᠩ ᠢ   ᠾᠧ  ᠂ ᠵᠤᠤ ᠢᠦᠢ  ᠰᠢ ᠵᠡᠷᠭᠡ ᠬᠦᠮᠦᠰ ᠲᠠᠶᠢᠨ ᠨᠡᠶᠢᠳᠡ ᠭᠤᠷᠪᠠᠨ  ᠵᠠᠭᠤᠨ ᠬᠦᠮᠦᠨ ᠢ ᠴᠤᠭᠯᠠᠭᠤᠯᠵᠠᠢ᠃  ᠠᠷᠪᠨ ᠬᠤᠶᠠᠷ ᠤᠨ   ᠰᠦᠨᠢ  ᠴᠤᠤᠶᠠᠩ ᠰᠢᠶᠠᠨ ᠤ ᠵᠡᠭᠡᠯᠢ ᠶᠢᠨ ᠭᠠᠳᠠᠨ᠎ᠠ ᠬᠠᠮᠳᠤᠪᠡᠷ ᠬᠦᠷᠴᠦ  ᠨᠢᠶᠧ ᠾᠧᠩ  ᠂  ᠭᠦᠸᠧ ᠬᠠᠢ ᠵᠡᠭᠡᠯᠢ ᠳᠤ ᠤᠷᠤᠵᠤ  ᠂   ᠲᠤᠯᠤᠳᠤᠭᠠᠷ ᠵᠡᠭᠡᠯᠢ ᠶᠢᠨ  ᠴᠢᠦᠸᠠᠨ ᠽᠢ ᠮᠢᠶᠤᠤ   ᠳᠤ ᠭᠠᠯ ᠲᠠᠯᠪᠢᠨ ᠬᠠᠮᠳᠤᠪᠡᠷ ᠭᠠᠷ ᠬᠦᠳᠡᠯᠬᠦ ᠪᠠᠷ ᠵᠦᠪᠳᠡᠪᠡ  ᠃  ᠰᠦᠨᠢ  ᠲᠤᠮᠳᠠ  ᠭᠠᠯ ᠤᠨ  ᠭᠡᠷᠡᠯ ᠦᠵᠡᠮᠡᠭᠴᠨ  ᠪᠢᠳᠡᠨᠡᠷ  ᠬᠤᠶᠢᠳᠤ  ᠡᠭᠦᠳᠡ  ᠪᠠᠷ ᠤᠷᠤᠬᠤ ᠭᠡᠳᠡᠯ᠎ᠡ ᠠᠯᠪᠠᠨ ᠴᠡᠷᠢᠭ ᠲᠤ  ᠲᠤᠰᠤᠭᠳᠠᠵᠤ  ᠯᠢ ᠪᠢᠨ ᠢ  ᠫᠤᠤᠳᠠᠵᠤ ᠠᠯᠠᠪᠠ᠃  ᠪᠢᠳᠠᠨᠠᠷ ᠪᠠᠰᠠ ᠪᠠᠷᠠᠭᠤᠨ ᠡᠭᠦᠳᠡᠨ ᠵᠦᠭ ᠲᠤᠭᠤᠷᠢᠨ  ᠬᠦᠷᠦᠭᠰᠡᠨ ᠳᠤ ᠠᠯᠪᠠᠨ  ᠴᠡᠷᠢᠭ ᠪᠢᠳᠡᠨ   ᠤ  ᠬᠦᠮᠦᠨ ᠤᠯᠠᠨ   ᠢ ᠬᠠᠷᠠᠭᠠᠳ ᠲᠤᠳᠠᠭᠠᠨ  ᠶᠠᠪᠤᠪᠠ  ᠃ ᠠᠷᠪᠠᠨ ᠭᠤᠷᠪᠠᠨ ᠳᠤ  ᠰᠢᠶᠠᠨ ᠤ ᠶᠠᠮᠤᠨ ᠬᠢᠨᠳᠠᠨ ᠢ  ᠪᠦᠬᠦᠨ ᠢ ᠰᠢᠳᠠᠭᠠᠨ  ᠰᠦᠢᠳᠭᠡᠵᠤ   ᠶᠠᠯᠠᠳᠠᠨ ᠢ  ᠲᠠᠯᠪᠢᠵᠤ  ᠲᠡᠨᠵᠢ ᠶᠢᠨ  ᠫᠦᠰᠠ ᠶᠢ ᠲᠡᠭᠡᠷᠡᠮᠳᠡᠵᠤ  ᠂ ᠨᠡᠶᠧ ᠾᠧᠩ  ᠂ ᠬᠦᠸᠧ ᠬᠠᠢ ᠪᠠᠰᠠ ᠯᠠᠮᠠ ᠶᠢᠨ ᠰᠦᠮ᠎ᠡ ᠶᠢ ᠬᠡᠳᠦᠨ ᠲᠠᠰᠤᠯᠭ᠎ᠠ  ᠰᠢᠳᠠᠭᠠᠨ ᠭᠡᠳᠦᠨ  ᠯᠠᠮᠠ ᠶᠢ ᠠᠯᠠᠵᠠᠢ᠃  ᠤᠳᠠᠯ ᠦᠭᠡᠢ  ᠭᠤᠷᠪᠠ᠂ ᠲᠦᠷᠪᠡᠨ ᠮᠢᠩᠭᠠᠨ ᠬᠦᠮᠦᠨ ᠬᠤᠷᠠᠭᠤᠯᠵᠤ  ᠪᠦᠯᠦᠭ ᠬᠤᠪᠢᠶᠠᠨ ᠴᠡᠷᠢᠭ ᠪᠠᠭᠤᠪᠠ  ᠃  ᠠᠷᠪᠠᠨ ᠲᠦᠷᠪᠡᠨ ᠳᠤ  ᠠᠯᠪᠠᠨ ᠴᠡᠷᠢᠭ ᠤᠨ  ᠬᠤᠷᠢᠶᠠᠨ ᠢ  ᠰᠢᠳᠠᠭᠠᠭᠰᠠᠨ ᠤ ᠲᠠᠷᠠᠭ᠎ᠠ  ᠪᠠᠷᠠᠭᠤᠨ ᠨᠤᠶᠠᠨ ᠠᠶᠢᠯ ᠳᠤ   ᠬᠤᠨᠤᠭᠠᠳ  ᠴᠤᠤᠶᠠᠩ  ᠨᠢᠭᠡᠨᠳᠡ ᠠᠯᠪᠠᠨ ᠴᠡᠷᠢᠭ ᠲᠤ  ᠡᠭᠡᠭᠦᠯᠦᠭᠳᠡᠭᠰᠡᠨ ᠢ  ᠰᠤᠨᠤᠰᠪᠠ᠃  ᠪᠢ ᠦᠪᠡᠷ ᠢ   ᠪᠠᠨ ᠲᠦᠷᠦᠭᠦᠦ ᠡᠷᠭᠦᠮᠵᠢᠯᠡᠵᠤ  ᠮᠢᠩᠭᠠᠨ ᠢᠯᠡᠬᠦᠦ ᠬᠦᠮᠦᠨ ᠴᠤᠭᠯᠠᠭᠤᠯᠵᠤ  ᠲᠦᠮᠡᠳ ᠬᠤᠰᠢᠭᠤᠨ ᠤ   ᠪᠤᠶᠠᠨ  ᠂   ᠱᠠᠷᠢᠯ ᠤᠨ ᠲᠤᠤᠷ᠎ᠠ  ᠨᠠᠮᠤᠭ ᠲᠤ ᠠᠯᠪᠠᠨ ᠴᠡᠷᠢᠭ ᠲᠠᠢ ᠬᠡᠳᠦᠨᠳᠡ  ᠪᠠᠶᠢᠯᠳᠤᠪᠠ᠃  ᠴᠡᠷᠢᠭ ᠤᠨ  ᠵᠡᠪᠰᠡᠭ  ᠯᠠᠭᠤᠰᠠ ᠮᠤᠷᠢ ᠶᠢ ᠨᠡᠩᠵᠢᠨ ᠪᠤᠯᠢᠶᠠᠨ  ᠠᠷᠠᠳ ᠢ  ᠠᠯᠪᠠᠳᠠᠨ  ᠠᠩᠬᠢ ᠳᠠᠭᠠᠨ ᠤᠷᠤᠭᠤᠯᠵᠤ  ᠪᠠᠶᠢᠯᠳᠤᠭᠠᠨ ᠬᠢᠯᠭᠡᠪᠡ᠃  ᠲᠠᠷᠠᠭ᠎ᠠ   ᠨᠢ ᠨᠢ ᠶᠠᠩ ᠶᠤᠸᠠᠢ ᠴᠦᠨ  ᠢᠯᠠᠭᠳᠠᠨ ᠵᠩᠭᠤᠤ  ᠵᠦᠭ  ᠲᠤᠳᠠᠭᠠᠭᠰᠠᠨ ᠢ  ᠰᠤᠨᠤᠰᠴᠦ  ᠪᠢ ᠴᠢ ᠬᠤᠤ  ᠂  ᠸᠠᠩ ᠽᠧᠩ  ᠂ ᠸᠠᠩ ᠹᠦ᠋᠂  ᠰᠢᠦᠢ ᠯᠢ  ᠾᠦᠢ ᠳ᠋ᠠᠢ  ᠳ᠋ᠥᠸᠧ  ᠵᠡᠷᠭᠡ  ᠲᠦᠷᠦᠭᠦᠦ ᠲᠠᠢ   ᠬᠠᠮᠳᠤ ᠪᠠᠰᠠ  ᠵᠠᠩᠭᠤᠤ   ᠳᠤ ᠢᠷᠡᠪᠡ᠂  ᠲᠡᠷᠡ ᠲᠤᠬᠠᠢ ᠠᠷᠠᠶᠢᠬᠠᠨ ᠭᠤᠷᠪᠠᠨ ᠮᠢᠩᠭᠠᠨ ᠬᠦᠮᠦᠨ ᠦᠯᠡᠳᠡᠵᠠᠢ᠃  ᠡᠳᠦᠷ ᠲᠠᠷᠠᠭᠠᠯᠠᠨ ᠪᠠᠶᠢᠯᠳᠤᠵᠤ  ᠪᠠᠶᠢᠳᠠᠯ  ᠤᠯᠠᠮ ᠬᠦᠴᠢᠷᠳᠠᠢ ᠪᠤᠯᠵᠠᠢ᠃  ᠪᠢ  ᠵᠢᠶᠠᠨ ᠽᠤᠤ ᠭᠧᠦ ᠳᠤ  ᠲᠤᠳᠠᠭᠠᠨ ᠤᠴᠢᠭᠠᠳ ᠲᠠᠷᠦᠶᠢᠬᠠᠨ  ᠪᠠᠷᠢᠭᠳᠠᠪᠠ᠃   ᠡᠨᠡ   ᠨᠢ ᠶᠠᠩ  ᠶᠤᠸᠠᠢ ᠴᠦᠨ ᠤ ᠦᠴᠢᠭ ᠲᠠᠢ  ᠨᠡᠶᠢᠴᠡᠪᠡ᠂  ᠲᠤᠰ ᠶᠠᠯᠠᠳᠠᠳ ᠪᠠᠰᠠ ᠬᠠᠮᠳᠤᠪᠡᠷ   ᠦᠭᠦᠯᠡᠭᠰᠡᠨ᠄ ᠠᠤᠬᠠᠨ ᠪᠠᠶᠢᠰᠠ  ᠢᠷᠭᠡᠳ ᠢ  ᠲᠠᠷᠤᠯᠠᠨ  ᠬᠢᠬᠠᠬᠤ   ᠨᠢ ᠲᠤᠩ ᠭᠡᠴᠡᠭᠦᠦ   ᠠᠴᠠ   ᠪᠤᠯᠵᠤ ᠤᠯᠠᠨ ᠬᠤᠷᠤᠰᠤᠯ ᠡᠪᠦᠷᠯᠡᠵᠤ  ᠲᠡᠳᠡᠨᠡᠷ ᠢ  ᠠᠯᠠᠵᠤ ᠦᠰᠢᠶ᠎ᠡ ᠠᠪᠬᠤ ᠰᠡᠳᠬᠢᠯ ᠡᠪᠦᠷᠯᠡᠭᠰᠡᠨ ᠠᠴᠠ  ᠪᠤᠰᠤ  ᠤᠷᠪᠠᠯᠭᠠᠨ ᠭᠠᠷᠭᠠᠵᠤ ᠤᠷᠪᠠᠨ ᠲᠡᠷᠰᠡᠯᠡᠬᠦ ᠵᠤᠷᠢᠭ ᠦᠭᠡᠢ  ᠂  ᠵᠡᠷᠭᠡ ᠦᠭᠦᠯᠡᠯ ᠪᠤᠢ᠂  ᠲᠦᠰᠢᠮᠡᠯ ᠪᠢ ᠪᠠᠶᠡᠪᠡᠷ  ᠲᠠᠪᠳᠠᠨ  ᠰᠢᠭᠦᠭᠡᠳ ᠪᠦᠷᠢᠮᠦᠰᠤᠨ ᠠᠳᠠᠯᠢ  ᠳ᠋ᠦᠩ ᠭᠠᠷᠴᠠᠢ᠂  ᠲᠠᠬᠢᠨ ᠲᠠᠪᠳᠠᠨ  ᠯᠠᠪᠯᠠᠭᠰᠠᠨ ᠴᠦ  ᠬᠠᠷᠢᠯᠴᠠᠨ ᠵᠦᠷᠢᠶ᠎ᠡ ᠦᠭᠡᠢ᠂  ᠬᠠᠤᠯᠢ ᠶᠤᠰᠤᠭᠠᠷ  ᠶᠠᠯᠠᠳᠠᠨ ᠰᠢᠳᠭᠡᠬᠦ ᠭᠡᠷᠡᠭᠳᠠᠢ᠃       ᠲᠤᠰ ᠶᠠᠯᠠᠳᠠᠨ ᠶᠠᠩ ᠶᠤᠸᠠᠢ ᠴᠦᠨ   ᠢ  ᠪᠠᠶᠢᠴᠠᠭᠠᠬᠤ ᠳᠤ  ᠱᠠᠰᠢᠨ  ᠤᠯᠠᠮᠵᠢᠯᠠᠨ ᠰᠤᠷᠳᠠᠯᠴᠢᠯᠠᠵᠤ ᠤᠯᠠᠨ ᠢ   ᠮᠤᠩᠬᠠᠷᠠᠭᠤᠯᠵᠠᠢ᠃  ᠪᠠᠶᠢᠰᠠ   ᠶᠢᠨ ᠬᠤᠷᠢᠶ᠎ᠠ ᠬᠢᠭᠡᠳ   ᠮᠤᠩᠭᠤᠯ ᠳᠤ ᠦᠰᠢᠶ᠎ᠡ ᠲᠠᠢ ᠪᠤᠯᠬᠤᠷ   ᠦᠪᠡᠷ ᠤᠨ  ᠪᠤᠳᠤᠯ ᠤᠷᠭᠤᠵᠤ  ᠸᠠᠩ ᠽᠧᠩ ᠵᠡᠷᠭᠡ ᠬᠦᠮᠦᠰ ᠲᠠᠢ ᠵᠦᠪᠰᠢᠯᠳᠤᠨ  ᠨᠤᠤᠷᠠᠨ ᠤᠷᠢᠬᠤ  ᠂  ᠠᠶᠤᠯᠭᠠᠨ ᠰᠦᠷᠳᠡᠬᠦᠯᠬᠦ  ᠵᠡᠷᠭᠡ ᠠᠷᠭ᠎ᠠ ᠪᠠᠷ ᠬᠤᠶᠠᠷ᠂ ᠭᠤᠷᠪᠠᠨ ᠲᠦᠮᠡᠨ ᠬᠦᠮᠦᠨ  ᠬᠤᠷᠠᠭᠤᠯᠵᠤ  ᠪᠠᠶᠢᠰᠠ   ᠶᠢᠨ ᠬᠤᠷᠢᠶ᠎ᠠ ᠵᠢᠴᠢ  ᠡᠯ᠎ᠡ ᠮᠤᠩᠭᠤᠯ  ᠸᠠᠩ ᠤᠨ  ᠬᠤᠰᠢᠭᠤᠨ ᠵᠢᠴᠢ ᠴᠤᠤᠶᠠᠩ ᠵᠡᠷᠭᠡ ᠭᠠᠵᠠᠷ ᠢ  ᠭᠠᠯᠳᠠᠨ ᠲᠦᠢᠮᠡᠷᠳᠡᠵᠤ᠂ ᠠᠯᠪᠠᠨ ᠴᠡᠷᠢᠭ   ᠢ  ᠡᠰᠡᠷᠭᠦᠴᠡᠵᠤ  ᠂ ᠬᠢᠨᠳᠠᠨ ᠢ   ᠪᠤᠯᠢᠶᠠᠨ  ᠶᠠᠮᠤᠨ ᠢ   ᠰᠢᠳᠠᠭᠠᠵᠠᠢ᠃  ᠨᠦᠭᠦᠭᠡ ᠪᠦᠯᠦᠭ   ᠺᠠᠲ᠋ᠦᠯᠢᠭ᠋ ᠱᠠᠰᠢᠨ ᠲᠠᠢ ᠵᠠᠪᠰᠠᠷ ᠲᠠᠢ  ᠯᠢᠨ  ᠢᠦᠢ ᠱᠠᠨ ᠵᠡᠷᠭᠡ ᠬᠦᠮᠦᠨ  ᠨᠤᠤᠷᠠᠨ  ᠵᠠᠯᠠᠬᠤ ᠠᠷᠭ᠎ᠠ ᠪᠠᠷ  ᠲᠤᠰ ᠪᠦᠯᠦᠭ ᠲᠡᠭᠡᠷᠡᠮ ᠢ  ᠴᠤᠭᠯᠠᠭᠤᠯᠵᠤ  ᠱᠠᠰᠢᠨ ᠤ ᠲᠤᠭᠠᠩ ᠢ  ᠤᠯᠠᠨ ᠭᠠᠯᠳᠠᠵᠤ᠂  ᠱᠠᠰᠢᠨᠳᠠᠨ  ᠢ  ᠠᠯᠠᠵᠤ ᠲᠤᠨᠤᠨ  ᠂ ᠬᠤᠪᠢ   ᠶᠢᠨ ᠬᠤᠷᠤᠰᠤᠯ ᠢᠶᠠᠨ ᠭᠠᠷᠭᠠᠵᠤ  ᠂ ᠪᠠᠰᠠ ᠠᠯᠪᠠᠨ  ᠨᠤᠶᠠᠳ ᠢ ᠬᠢᠬᠠᠨ ᠬᠤᠤᠷᠯᠠᠵᠤ  ᠦᠨᠡᠩᠬᠦ  ᠶᠠᠯ᠎ᠠ  ᠬᠢᠯᠢᠨᠴᠨ  ᠢᠨᠤ ᠲᠦᠢᠯ   ᠳᠤᠷ ᠲᠤᠯᠵᠤ  ᠠᠯᠠᠪᠠᠴᠦ ᠪᠠᠭᠠᠳᠠᠨ᠎ᠠ  ᠃ ᠲᠡᠳᠡᠨᠦᠰ ᠬᠡᠳᠦᠶᠢᠪᠡᠷ  ᠦᠪᠡᠷ ᠢ   ᠪᠠᠨ ᠤᠷᠪᠠᠭᠰᠠᠨ ᠦᠭᠡᠢ  ᠬᠡᠮᠡᠪᠡᠴᠦ  ᠂  ᠦᠪᠡᠷ ᠢ ᠪᠠᠨ ᠤᠯᠤᠰ ᠨᠡᠭᠡᠭᠡᠭᠰᠡᠨ  ᠤᠷᠳᠤᠨ ᠬᠡᠮᠡᠵᠤ  ᠂ ᠵᠠᠷ ᠢᠯᠡᠷᠭᠡᠶᠢᠯᠡᠯ  ᠨᠠᠭᠠᠵᠤ᠂ ᠮᠤᠩᠭᠤᠯ ᠠᠶᠢᠮᠠᠭ ᠢ  ᠬᠤᠤᠷᠯᠠᠨ ᠲᠦᠢᠪᠡᠭᠡᠵᠤ᠂  ᠠᠯᠪᠠᠨ ᠴᠡᠷᠢᠭ ᠢ  ᠡᠰᠡᠷᠭᠦᠴᠡᠨ  ᠂  ᠬᠡᠳᠦᠨ  ᠲᠦᠮᠡᠨ ᠠᠮᠢ ᠨᠠᠰᠤ  ᠪᠦᠬᠦᠨ ᠢᠶᠠᠷ   ᠠᠯᠠᠨ ᠬᠤᠤᠷᠯᠠᠭᠳᠠᠵᠤ᠂  ᠬᠠᠯᠠᠭᠤᠨ ᠮᠤᠵᠢ   ᠶᠢᠨ ᠪᠠᠶᠢᠳᠠᠯ  ᠲᠤᠯᠬᠢᠰᠤᠨ  ᠬᠦᠳᠡᠯᠵᠤ  ᠂ ᠦᠨᠡᠨ  ᠤᠷᠪᠠᠭᠰᠠᠨ ᠨᠢ ᠮᠠᠷᠭᠤᠰᠢ ᠦᠭᠡᠢ᠂ ᠲᠤᠰ ᠶᠠᠯᠠᠳᠠᠨ  ᠶᠠᠩ ᠶᠤᠸᠠᠢ ᠴᠦᠨ  ᠪᠤᠯᠪᠠᠰᠤ  ᠬᠡᠷᠡᠭ   ᠤᠨ  ᠶᠡᠷᠦᠩᠬᠢ ᠲᠦᠷᠦᠬᠦᠦ ᠪᠤᠯᠠᠢ᠃  ᠲᠤᠰ ᠶᠠᠯᠠᠳᠠᠨ ᠯᠢ ᠭᠤᠸᠠᠩ  ᠲᠡᠭᠦᠨ  ᠤ ᠵᠢᠭᠤᠷᠠᠯᠳᠤᠨ  ᠲᠠᠳᠠᠬᠤ ᠶᠢ ᠡᠶᠡᠳᠡᠨ ᠲᠠᠭᠠᠵᠤ  ᠮᠢᠩᠭᠠᠨ ᠢᠯᠡᠭᠦᠦ ᠬᠦᠮᠦᠨ ᠴᠤᠭᠯᠠᠭᠤᠯᠵᠤ  ᠦᠪᠡᠷ ᠢ   ᠪᠠᠨ ᠲᠦᠷᠦᠭᠦᠦ ᠡᠷᠭᠦᠮᠵᠢᠯᠡᠨ  ᠂ ᠵᠠᠮ ᠬᠤᠪᠢᠶᠠᠨ ᠠᠯᠠᠵᠤ ᠰᠢᠳᠠᠭᠠᠨ᠂    ᠴᠤᠤᠶᠠᠩ  ᠰᠢᠶᠠᠨ ᠤ ᠵᠡᠭᠡᠯᠢ ᠶᠢ ᠲᠠᠭᠠᠷᠢᠨ ᠡᠵᠡᠯᠡᠵᠦ  ᠂  ᠠᠯᠪᠠᠨ ᠴᠡᠷᠢᠭ ᠲᠠᠢ ᠤᠯᠠᠨᠳᠠ ᠲᠤᠯᠤᠯᠳᠤᠨ  ᠲᠡᠭᠦᠨ ᠤ ᠶᠠᠯ᠎ᠠ ᠠᠨᠤ ᠲᠡᠭᠷᠢ ᠲᠤᠯᠤᠮ᠎ᠠ ᠪᠤᠯᠵᠠᠢ᠂  ᠬᠡᠷᠪᠡ ᠲᠡᠭᠦᠨ ᠢ ᠠᠭᠤᠴᠢᠯᠠᠪᠠᠰᠤ ᠪᠢᠳᠡᠨ ᠤ   ᠶᠠᠯ᠎ᠠ ᠴᠦ ᠠᠭᠤᠴᠢᠯᠠᠵᠤ ᠪᠤᠯᠤᠰᠢ  ᠦᠭᠡᠢ ᠪᠤᠯᠤᠮᠦᠢ᠂  ᠡᠶᠢᠮᠦ  ᠠᠴᠠ ᠲᠡᠭᠦᠨ ᠢ  ᠵᠢᠭᠠᠬᠠᠨ ᠴᠦ ᠠᠭᠤᠴᠢᠯᠠᠵᠤ ᠪᠤᠯᠬᠤ ᠦᠭᠡᠢ᠂  ᠪᠠᠶᠢᠴᠠᠭᠠᠨ ᠲᠤᠳᠤᠯᠠᠭᠰᠠᠨ ᠤ ᠲᠠᠷᠠᠭ᠎ᠠ ᠲᠤᠰ ᠬᠤᠶᠠᠷ ᠶᠠᠯᠠᠳᠠᠨ ᠢ  ᠠᠷᠠᠯᠵᠢᠶ᠎ᠠ  ᠬᠤᠷᠠᠬᠤ ᠳᠤ ᠤᠶᠠᠵᠤ  ᠠᠪᠠᠴᠢᠨ  ᠬᠠᠦᠯᠢ ᠪᠠᠷ ᠮᠦᠴᠢᠯᠡᠨ  ᠠᠯᠠᠵᠤ᠂ ᠲᠡᠷᠢᠭᠦᠨ  ᠢ  ᠠᠨᠤ  ᠭᠡᠷᠡᠭ ᠲᠠᠳᠠᠭᠰᠠ ᠭᠠᠵᠠᠷ ᠲᠤ   ᠨᠢ  ᠠᠪᠠᠴᠢᠵᠤ   ᠱᠤᠷᠠᠭ ᠲᠤ ᠡᠯᠭᠦᠨ  ᠴᠡᠭᠡᠷᠯᠡᠨ  ᠪᠤᠯᠭᠠᠨ ᠤᠯᠤᠰ  ᠤᠨ  ᠬᠠᠦᠯᠢ   ᠶᠢᠨ ᠰᠦᠷ ᠢ  ᠮᠠᠨᠳᠤᠭᠤᠯᠤᠨ  ᠤᠯᠠᠨ ᠤ ᠰᠡᠳᠬᠢᠯ ᠢ   ᠠᠮᠦᠷᠵᠢᠭᠤᠯᠤᠮᠤ  ᠃ ᠶᠠᠩ ᠶᠤᠸᠠᠢ ᠴᠦᠨ  ᠤ ᠡᠭᠡ  ᠭᠦᠩ ᠤᠪᠤᠭᠳᠤ ᠨᠢ  ᠯᠢ ᠭᠤᠸᠠᠩ  ᠂ ᠯᠢᠦᠢ  ᠶᠢᠩ ᠶᠤᠸᠠᠨ   ᠶᠢᠨ ᠰᠠᠳᠤᠨ  ᠪᠤᠯᠤᠨ᠎ᠠ᠂  ᠤᠳᠤᠬᠠᠨ  ᠳᠤ ᠦᠭᠦᠭᠰᠡᠨ ᠠᠮᠢᠳᠤ ᠶᠢ ᠮᠡᠳᠡᠬᠦ ᠦᠭᠡᠢ᠂ ᠪᠠᠶᠢᠴᠠᠭᠠᠨ ᠲᠤᠳᠤᠯᠠᠭᠰᠠᠨ ᠤ ᠲᠠᠷᠠᠭ᠎ᠠ  ᠬᠠᠥᠯᠢ ᠵᠤᠷᠪᠤᠰ ᠢᠶᠠᠷ  ᠰᠡᠢᠳᠪᠤᠷᠢᠯᠡᠮᠦ᠂  ᠲᠤᠰ ᠶᠠᠯᠠᠳᠠᠨ ᠤ ᠡᠳ᠋ ᠬᠦᠷᠦᠩᠭᠡ ᠶᠢ  ᠪᠠᠶᠢᠴᠠᠭᠠᠨ  ᠪᠢᠳᠡᠭᠦᠮᠵᠢᠯᠡᠵᠤ ᠠᠯᠪᠠᠨ ᠰᠠᠩ ᠳᠤ  ᠤᠷᠤᠭᠤᠯᠪᠠ᠃  ᠶᠠᠩ ᠶᠤᠸᠠᠢ ᠴᠦᠨ ᠤ ᠬᠦᠪᠡᠭᠦᠨ ᠢ  ᠨᠢᠭᠡᠨᠳᠡ  ᠰᠢᠭᠦᠨ  ᠦᠩᠭᠡᠷᠡᠪᠡ᠂  ᠲᠠᠷᠠᠭ᠎ᠠ ᠪᠠᠨ  ᠰᠢᠭᠦᠨ  ᠲᠤᠳᠤᠯᠠᠵᠤ  ᠦᠨᠡᠭᠡᠷ  ᠬᠠᠮᠳᠤ ᠪᠠᠷ ᠬᠤᠤᠪᠢᠯᠳᠤᠨ ᠭᠡᠷᠡᠭ ᠡᠳᠦᠭᠰᠡᠨ ᠦᠭᠡᠢ ᠪᠤᠯᠪᠠᠯ  ᠬᠠᠦᠯᠢ ᠪᠠᠷ ᠲᠡᠭᠦᠨ ᠢ  ᠬᠤᠯᠪᠤᠭᠳᠠᠭᠤᠯᠤᠨ ᠶᠠᠯᠠᠯᠠᠬᠤ ᠠᠴᠠ  ᠬᠡᠯᠳᠦᠷᠢᠭᠦᠯᠦᠰᠤ  ᠃ ᠲᠠᠷᠠᠭ᠎ᠠ ᠳᠤ ᠨᠢ ᠶᠠᠩ ᠬᠤᠸᠠᠢ ᠴᠦᠨ᠂  ᠶᠠᠩ ᠴᠢᠩ ᠴᠦᠨ᠂  ᠶᠠᠩ  ᠵᠠᠨ ᠰᠢᠶᠠᠨ᠂  ᠺᠦᠩ ᠴᠢᠩ ᠭᠤᠸᠠᠩ  ᠲᠦᠷᠪᠡᠨ ᠶᠠᠯᠠᠳᠠᠨ   ᠢ ᠠᠤᠬᠠᠨ ᠤ ᠪᠠᠶᠢᠰᠠ ᠤᠷᠳᠤᠨ ᠳᠠᠭᠠᠨ  ᠪᠤᠴᠠᠭᠰᠠᠨ ᠤ ᠲᠠᠷᠠᠭ᠎ᠠ  ᠂ ᠬᠠᠤᠯᠢ ᠪᠠᠷ  ᠰᠢᠳᠭᠡᠨ  ᠰᠡᠢᠳᠪᠤᠷᠢᠯᠡᠨ  ᠬᠢᠯᠢᠰ ᠢ ᠴᠠᠭᠠᠳᠬᠠᠨ ᠭᠡᠭᠡᠷᠡᠭᠦᠯᠦᠨ ᠴᠡᠭᠡᠷᠡᠯᠡᠭᠦᠯᠦᠰᠤ  ᠃       ᠨᠠᠷᠢᠨ   ᠨᠡᠷᠡᠰ ᠤᠨ  ᠪᠦᠷᠢᠳᠭᠡᠯ ᠢ  ᠴᠡᠷᠢᠭ ᠤᠨ  ᠨᠢᠭᠤᠴᠨ ᠶᠢ ᠬᠠᠮᠠᠭᠠᠯᠠᠬᠤ ᠭᠠᠵᠠᠷ᠂  ᠡᠯ᠎ᠡ  ᠰᠢᠭᠦᠨ ᠲᠤᠳᠤᠯᠠᠬᠤ ᠶᠠᠮᠤᠨ   ᠳᠤ  ᠬᠦᠷᠭᠡᠪᠡ  ᠂  ᠶᠤᠰᠤᠨ᠎ᠠ ᠨᠡᠶᠢᠴᠡᠭᠦᠯᠦᠨ ᠬᠡᠴᠢᠶᠡᠩᠭᠦᠶᠢᠯᠡᠨ ᠪᠦᠷᠢᠨ  ᠲᠤᠭᠠᠴᠢᠢᠪᠠ᠂  ᠬᠠᠭᠠᠨ ᠡᠵᠡᠨ  ᠭᠡᠭᠡᠨ ᠳᠡᠭᠡᠨ ᠲᠤᠯᠢᠳᠠᠬᠤ ᠶᠢ ᠮᠦᠷᠭᠦᠨ  ᠭᠤᠶᠤᠮᠦᠢ᠂   ᠬᠢᠴᠢᠶᠡᠩᠭᠦᠢ ᠠᠶᠢᠯᠠᠳᠬᠠᠯ  ᠃       ᠪᠠᠳᠠᠷᠠᠭᠤᠯᠳᠤ ᠲᠦᠷᠦ ᠶᠢᠨ  ᠭᠤᠴᠢᠨ ᠨᠠᠢᠮᠠᠨ ᠤᠨ ᠤ  ᠴᠠᠭᠠᠨ ᠰᠠᠷᠠᠶᠢᠨ  ᠬᠤᠷᠢᠨ ᠭᠤᠷᠪᠠᠨ   ᠤ ᠡᠳᠦᠷ  ᠂ ᠬᠠᠭᠠᠨ ᠤ  ᠰᠢᠩᠬᠤᠨ ᠴᠤᠬᠤᠯᠠᠪᠤᠷᠢ   ᠭᠠᠷᠴᠠᠢ  ᠃  ᠡᠷᠡᠭᠦᠦ ᠢ  ᠶᠠᠮᠤᠨ ᠮᠡᠳᠡᠮᠦᠢ᠃                   ᠡᠵᠡᠨ  ᠠᠴᠠ          ︵ᠴᠡᠷᠢᠭ ᠤᠨ  ᠨᠢᠭᠤᠴᠨ ᠶᠢ ᠬᠠᠮᠠᠭᠠᠯᠠᠬᠤ ᠭᠠᠵᠠᠷ ᠤᠨ  ᠬᠠᠭᠤᠯᠠᠪᠤᠷᠢ  ︶
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备07002090号