ᠦᠬᠡᠷ ᠬᠦᠯᠦᠭᠰᠡᠨ ᠦᠯᠢᠭᠡᠷ ᠤᠨ ᠴᠦᠷᠬᠡᠯᠡᠭᠡ | | ᠲᠦᠷᠪᠡᠨ ᠤᠯᠠᠷᠢᠯ ᠢᠶᠠᠷ ᠵᠢᠯ ᠢᠶᠠᠨ ᠬᠤᠪᠢᠶᠠᠭᠰᠠᠨ ᠮᠤᠩᠭᠤᠯ ᠤᠨ ᠶᠡᠭᠡ ᠬᠡᠭᠡᠷ᠎ᠡ ᠲᠠᠯ᠎ᠠ ᠪᠤᠷᠬᠠᠨ ᠤ | ᠪᠡᠯᠡᠭ ᠪᠦᠭᠡᠳ ᠲᠦᠷᠦᠭᠡᠨ ᠳᠡᠭᠡᠨ ᠦᠨᠳᠡᠶᠢᠭᠰᠡᠨ ᠢᠰᠡᠭᠡᠢ ᠲᠤᠭᠤᠷᠭᠠᠲᠠᠳ ᠲᠡᠦᠬᠡ ᠶᠢ ᠡᠵᠡᠩᠨᠡᠭᠰᠡᠨ ᠬᠦᠮᠦᠰ | ᠪᠦᠯᠦᠭᠡ᠃ ᠨᠠᠷᠠᠨ ᠮᠠᠨᠳᠤᠬᠤ ᠠᠴᠠ ᠨᠠᠷᠠᠨ ᠰᠢᠩᠭᠡᠬᠦ ᠶᠡᠭᠡ ᠳᠠᠯᠠᠢ ᠲᠤ ᠬᠦᠷᠲᠡᠯ᠎ᠡ ᠲᠤᠭᠤᠷᠠᠢ ᠪᠠᠨ ᠤᠬᠢᠶᠠᠭᠰᠠᠨ | ᠮᠣᠩᠭᠤᠯ ᠤᠨ ᠤᠮᠤᠭᠯᠠᠩ ᠬᠦᠯᠦᠭ ᠤᠶᠠᠩᠭ᠎ᠠ ᠳᠠᠭᠤᠨ ᠳᠤ ᠨᠢᠭᠡᠨᠳᠡ ᠮᠦᠩᠬᠡᠷᠡᠨ᠂ ᠴᠠᠭ ᠤᠨ ᠤᠷᠤᠰᠬᠠᠯ ᠳᠤ | ᠦᠯᠦ ᠡᠯᠡᠬᠦ ᠪᠤᠯᠤᠭᠰᠠᠨ ᠪᠤᠯᠪᠠᠴᠦ ᠬᠠᠯᠠᠭᠤᠨ ᠬᠦᠢᠲᠠᠨ ᠪᠦᠰᠡ ᠬᠡᠮᠡᠨ ᠢᠯᠭᠠᠯ ᠦᠭᠡᠢ ᠭᠤᠷᠪᠠᠨ ᠲᠢᠪ ᠤᠨ | ᠨᠤᠲᠤᠭ ᠢ ᠡᠷᠡᠮᠡᠬᠡᠢ ᠬᠤᠷᠲᠤ ᠪᠠᠷ ᠪᠤᠰᠤ ᠡᠷ᠎ᠡ ᠵᠤᠷᠢᠭ ᠢᠶᠠᠷ ᠲᠤᠭᠤᠯᠤᠭᠰᠠᠨ ᠨᠢᠭᠡᠨ ᠲᠤᠮᠤᠭ ᠪᠤᠢ ᠶᠢ | ᠨᠡᠭᠦᠳᠡᠯᠴᠢᠳ ᠮᠠᠷᠳᠠᠵᠦ ᠦᠯᠦ ᠪᠤᠯᠤᠨᠠᠮ᠃ | ᠨᠡᠭᠦᠳᠡᠯᠴᠢᠳ ᠤᠨ ᠲᠡᠦᠬᠡ ᠶᠢ ᠴᠢᠷᠦᠭᠰᠡᠨ ᠦᠰᠦᠲᠡᠢ ᠪᠤᠷᠬᠠᠳ ᠤᠨ ᠲᠤᠮᠤᠭ | ᠠᠽᠢᠶ᠎ᠠ ᠶᠢᠨ ᠬᠦᠬᠡ ᠴᠡᠭᠡᠵᠢᠨ᠎ᠡ ᠤᠷᠤᠰᠢᠨ ᠰᠠᠭᠤᠭᠴᠢ ᠨᠡᠭᠦᠳᠡᠯᠴᠢᠳ ᠬᠡᠵᠢᠶ᠎ᠡ ᠠᠴᠠ ᠬᠦᠬᠡ ᠲᠡᠭᠷᠢ | ᠶᠢᠨ ᠤᠷᠤᠨ ᠢ ᠡᠵᠡᠩᠨᠡᠩᠬᠡᠨ ᠰᠠᠭᠤᠭᠰᠠᠨ ᠲᠤᠬᠠᠢ ᠡᠷᠳᠡᠮᠲᠠᠳ ᠶᠠᠩᠵᠦ ᠪᠠᠷ ᠰᠤᠳᠤᠯᠵᠦ ᠳ᠋ᠦᠩ ᠦᠭᠭᠦᠭᠰᠡᠨ | ᠪᠤᠯᠪᠠᠴᠦ ᠠᠯᠢ ᠡᠷᠲᠡ ᠬᠠᠭᠤᠴᠢᠨ ᠴᠢᠯᠠᠭᠤᠨ ᠵᠡᠪᠰᠠᠩ ᠤᠨ ᠦᠶ᠎ᠡ ᠠᠴᠠ ᠠᠳᠡ ᠬᠦᠮᠦᠨ ᠲᠦᠷᠦᠯᠬᠢᠲᠡᠨ | ᠤᠷᠤᠰᠢᠨ ᠠᠮᠢᠳᠤᠷᠠᠵᠦ᠂ ᠬᠦᠬᠡ ᠲᠡᠭᠷᠢ ᠪᠠᠨ ᠳᠠᠭᠤᠳᠠᠨ ᠪᠦᠭᠡᠯᠡᠵᠦ ᠠᠭᠰᠠᠨ ᠢ ᠠᠳᠡᠬᠢ ᠠᠷᠭᠢᠯᠤᠭᠢ ᠶᠢᠨ | ᠤᠯᠳᠠᠪᠤᠷᠢ ᠤᠳ ᠭᠡᠷᠡᠴᠢᠯᠡᠨᠡᠮ ᠃ ᠡᠭᠦᠨ ᠤ ᠨᠢᠭᠡᠨ ᠬᠦᠴᠦᠲᠡᠢ ᠭᠡᠷᠡᠴᠢ ᠪᠤᠯᠪᠠᠰᠦ ᠮᠤᠩᠭᠤᠯ ᠤᠨ ᠠᠭᠤᠳᠠᠮ | ᠨᠤᠲᠤᠭ ᠤᠨ ᠡᠯᠢᠭᠡᠨᠡ ᠲᠠᠷᠬᠠᠭᠰᠠᠨ ᠬᠠᠳᠠᠨ ᠵᠢᠷᠤᠭ ᠤᠨ ᠤᠯᠳᠠᠪᠤᠷᠢ ᠶᠤᠮ᠃ ᠠᠩ ᠠᠩᠨᠠᠯ᠂ ᠨᠡᠭᠦᠳᠡᠯ ᠪᠠᠭᠤᠳᠠᠯ | ᠂ ᠲᠠᠶᠢᠨ ᠳᠠᠵᠢᠨ ᠤ ᠲᠤᠬᠠᠢ ᠨᠡᠭᠦᠳᠡᠯᠴᠢᠳ ᠤᠨ ᠳᠡᠭᠡᠳᠦᠰ ᠤᠨ ᠤᠷᠠᠯᠠᠨ ᠲᠦᠷᠰᠦᠯᠡᠭᠰᠡᠨ ᠲᠡᠳᠡᠭᠡᠷ ᠵᠢᠷᠤᠭ | ᠤᠳ ᠲᠡᠦᠬᠡ ᠶᠢᠨ ᠬᠠᠳᠠᠨ ᠭᠡᠷᠡᠴᠢ᠂ ᠨᠡᠭᠦᠳᠡᠯᠴᠢᠳ ᠤᠨ ᠮᠦᠩᠬᠡ ᠲᠠᠮᠠᠭ᠎ᠠ ᠪᠤᠯᠵᠦ ᠬᠠᠳᠠ ᠴᠢᠯᠠᠭᠤ ᠲᠠᠢ ᠪᠠᠨ | ᠬᠠᠮᠲᠦ ᠮᠦᠩᠬᠡᠷᠡᠭᠰᠡᠨ ᠶᠤᠮ᠃ | ᠡᠯᠢᠭᠡᠨ ᠶᠡᠭᠡ ᠬᠠᠲᠠᠨ ᠳᠤ ᠠᠮᠢᠲᠦ ᠠᠮᠢᠰᠬᠤᠭ᠎ᠠ ᠲᠠᠢ ᠦᠯᠡᠳᠡᠬᠦ ᠬᠠᠲᠠᠨ ᠵᠢᠷᠤᠭ ᠤᠨ ᠴᠢᠬᠤᠯᠠ | ᠨᠢᠭᠡ ᠠᠭᠤᠯᠭ᠎ᠠ ᠪᠤᠯ ᠲᠡᠷᠭᠡᠨ ᠤ ᠵᠢᠷᠤᠭ ᠪᠤᠯᠤᠨ᠎ᠠ᠃ ᠠᠯᠳᠠᠷᠲᠦ ᠪᠤᠳᠠᠷ ᠤᠨ ᠬᠠᠳᠠᠨ ᠵᠢᠷᠤᠭ᠂ ᠮᠤᠨᠢ ᠠᠭᠤᠯᠠ | ᠶᠢᠨ ᠬᠠᠳᠠᠨ ᠵᠢᠷᠤᠭ᠂ ᠠᠪᠠ ᠬᠠᠳᠠᠨ ᠵᠢᠷᠤᠭ ᠁ ᠤᠨ ᠤᠯᠳᠠᠪᠤᠷᠢ ᠳᠤ ᠲᠡᠷᠭᠡᠨ ᠤ ᠵᠢᠷᠤᠭ ᠤᠯᠠᠨ ᠲᠤᠭ᠎ᠠ | ᠪᠠᠷ ᠤᠯᠳᠠᠭᠰᠠᠨ ᠪᠠᠶᠢᠨ᠎ᠠ᠃ ᠲᠡᠦᠬᠡ ᠰᠤᠳᠤᠯᠤᠯ ᠤᠨ ᠮᠠᠲ᠋ᠧᠷᠢᠶᠠᠯ ᠳᠤ ᠦᠨᠳᠦᠰᠦᠯᠡᠪᠡᠯ ᠲᠡᠷᠭᠡᠨ ᠤ ᠬᠦᠭᠵᠢᠯᠲᠡ | ᠶᠢ ᠣᠨ ᠲᠤᠭᠠᠯᠠᠯ ᠤᠨ ᠡᠮᠦᠨᠡᠬᠢ 3500 ᠤᠨ ᠠᠴᠠ ᠲᠤᠭᠠᠴᠠᠳᠠᠭ᠃ ᠡᠷᠳᠡᠨ ᠤ ᠰᠦᠮᠧᠷ ᠬᠦᠮᠦᠨ ᠠᠩᠬᠠᠨ | ᠤ ᠬᠦᠷᠲᠦ ᠲᠠᠢ ᠲᠡᠷᠭᠡ ᠶᠢ ᠡᠭᠦᠳᠦᠭᠰᠡᠨ ᠭᠡᠳᠡᠭ ᠪᠤᠯ ᠨᠡᠭᠦᠳᠡᠯᠴᠢᠳ ᠤᠨ ᠲᠡᠦᠬᠡ ᠴᠦ ᠲᠡᠭᠦᠨ ᠲᠠᠢ ᠨᠠᠰᠤ | ᠴᠢᠴᠠᠤ ᠭᠡᠬᠦ ᠳᠤ ᠢᠯᠡᠭᠦᠳᠡᠬᠦ ᠦᠭᠡᠢ᠃ ᠠᠯᠳᠠᠷᠲᠦ ᠶᠡᠭᠡ ᠮᠤᠨᠢ ᠠᠭᠤᠯᠠ᠂ ᠪᠤᠳᠠᠷ ᠤᠨ ᠴᠢᠯᠠᠭᠤᠳ ᠪᠤᠯ | ᠨᠡᠭᠦᠳᠡᠯᠴᠢᠳ ᠤᠨ ᠦᠯᠦᠭᠡᠢ᠂ ᠡᠷᠲᠡᠨ ᠤ ᠡᠾᠦ᠋ᠩᠨᠤ ᠶᠢᠨ ᠨᠤᠲᠤᠭ ᠪᠦᠯᠦᠭᠡ᠃ ᠠᠳᠡ ᠤᠷᠤᠰᠢᠨ ᠠᠮᠢᠳᠤᠷᠠᠵᠦ | ᠠᠭᠰᠠᠨ ᠡᠷᠳᠡᠨ ᠤ ᠶᠡᠭᠡ ᠡᠾᠦ᠋ᠨ ᠬᠦᠷᠦᠨ ᠤ ᠲᠤᠬᠠᠢ ᠲᠡᠦᠬᠡ ᠰᠤᠳᠤᠷ ᠳᠤ ᠤᠯᠠᠨᠲᠠ ᠲᠡᠮᠳᠡᠭᠯᠡᠨ | ᠦᠯᠡᠳᠡᠭᠡᠭᠰᠡᠨ ᠪᠢᠴᠢᠭ ᠲᠤᠷᠠᠰᠬᠠᠯ ᠤᠨ ᠵᠦᠢᠯ ᠪᠤᠢ ᠪᠦᠭᠡᠳ ᠲᠡᠳᠡᠨ ᠤ ᠤᠯᠠ ᠮᠦᠷ ᠠᠽᠢᠶ᠎ᠠ ᠡᠸᠦᠷᠦ᠋ᠫᠡ ᠶᠢᠨ | ᠠᠭᠤᠳᠠᠮ ᠨᠤᠲᠤᠭ ᠲᠤ ᠲᠠᠮᠠᠭᠠᠯᠠᠭᠳᠠᠭᠰᠠᠨ ᠦᠯᠡᠳᠡᠵᠡᠢ᠃ ᠲᠡᠭᠡᠳᠦᠰ ᠤᠨ ᠮᠠᠨᠢ ᠦᠯᠡᠳᠡᠭᠡᠭᠰᠡᠨ ᠠᠮᠢᠳᠦ ᠲᠡᠦᠬᠡ | ᠶᠢᠨ ᠨᠢᠭᠡ ᠬᠠᠭᠤᠳᠠᠰᠤ ᠪᠤᠯᠪᠠᠰᠦ ᠮᠤᠨᠢ ᠠᠭᠤᠯᠠ ᠶᠢᠨ ᠠᠷᠤ ᠦᠪᠦᠷ᠂ ᠪᠤᠳᠠᠷ ᠤᠨ ᠤᠨ ᠦᠢ ᠲᠦᠮᠡᠨ ᠬᠠᠳᠠᠨ | ᠳᠤ ᠬᠤᠴᠤᠷᠠᠭᠰᠠᠨ ᠲᠡᠷᠭᠡᠨ ᠤ ᠵᠢᠷᠤᠭ ᠶᠤᠮ᠃ ᠡᠾᠦ᠋ᠩᠨᠤ ᠬᠦᠮᠦᠨ ᠲᠡᠷᠭᠡ ᠬᠡᠷᠡᠭᠯᠡᠵᠦ ᠪᠠᠶᠢᠭᠰᠠᠨ ᠲᠤᠬᠠᠢ | ᠡᠷᠳᠡᠮᠲᠡᠳ ᠬᠠᠳᠠ ᠴᠢᠯᠠᠭᠤᠨ ᠠᠴᠠ ᠭᠡᠷᠡᠴᠢ ᠠᠪᠴᠦ ᠦᠭᠦᠯᠡᠵᠦ ᠪᠤᠢ᠃ ᠰᠢᠯᠢ ᠶᠢᠨ ᠭᠤᠤᠯ ᠤᠨ ᠠᠪᠠᠭ᠎ᠠ | ᠰᠦᠨᠢᠳ ᠤᠨ ᠬᠠᠳᠠᠨ ᠵᠢᠷᠤᠭ ᠲᠤ ᠭᠠᠭᠴᠠ ᠠᠷᠠᠯ᠂ ᠬᠤᠤᠰ ᠬᠦᠷᠲᠦ ᠲᠠᠢ ᠲᠡᠷᠭᠡᠨ ᠤᠨ ᠵᠢᠷᠤᠭ ᠪᠤᠢ ᠨᠢ | ᠵᠢᠩᠬᠢᠨᠢ ᠤᠳᠬ᠎ᠠ ᠠᠭᠤᠯᠭ᠎ᠠ ᠳᠡᠭᠡᠷᠡᠬᠢ ᠲᠡᠷᠭᠡᠨ ᠤ ᠠᠩᠬᠠᠨ ᠤ ᠬᠡᠪ ᠪᠦᠭᠡᠳ ᠬᠦᠷᠡᠯ ᠵᠡᠪᠰᠡᠭ ᠤᠨ ᠦᠶ᠎ᠡ ᠳᠤ | ᠬᠤᠯᠪᠤᠭᠳᠠᠳᠠᠭ ᠭᠡᠵᠦ ᠡᠷᠳᠡᠮᠲᠡᠳ ᠦᠵᠡᠵᠦ ᠪᠤᠢ᠃ ᠳᠠᠷᠤᠢ ᠡᠷᠲᠡᠨ ᠤ ᠡᠾᠦ᠋ᠨ ᠬᠦᠷᠦᠨ ᠲᠠᠢ ᠬᠤᠯᠪᠤᠭᠳᠠᠨ᠎ᠠ᠃ | ᠤᠯᠠᠭᠠᠨᠴᠠᠪ ᠤᠨ ᠬᠠᠳᠠᠨ ᠵᠢᠷᠤᠭ ᠲᠤ ᠬᠤᠤᠰ ᠮᠤᠷᠢ ᠬᠦᠯᠦᠭᠰᠡᠨ ᠲᠡᠷᠭᠡ ᠢᠯᠡᠷᠡᠭᠰᠡᠨ ᠪᠦᠭᠡᠳ ᠵᠢᠭᠠᠬᠠᠨ | ᠬᠤᠵᠢᠭᠤ ᠦᠶ᠎ᠡ ᠪᠤᠯᠬᠤ ᠲᠦᠷᠪᠡᠨ ᠬᠦᠷᠲᠦ ᠲᠠᠢ ᠲᠡᠷᠭᠡ᠂ ᠬᠤᠤᠰ ᠠᠷᠠᠯ ᠲᠠᠢ ᠲᠡᠷᠭᠡ ᠬᠠᠳᠠᠨ ᠵᠢᠷᠤᠭ ᠲᠤ | ᠢᠯᠡᠷᠡᠭᠰᠡᠨ ᠨᠢ ᠦᠰᠦᠭ ᠪᠢᠴᠢᠭ ᠤᠨ ᠲᠡᠮᠳᠡᠭᠯᠡᠯ ᠪᠤᠢ ᠪᠤᠯᠬᠤ ᠠᠴᠠ ᠡᠮᠦᠨ᠎ᠡ ᠠᠽᠢᠶ᠎ᠠ ᠶᠢᠨ ᠨᠡᠭᠦᠳᠡᠯᠴᠢᠳ | ᠲᠡᠷᠭᠡ ᠶᠢ ᠡᠭᠦᠳᠦᠨ ᠬᠡᠷᠡᠭᠯᠡᠵᠦ ᠠᠭᠰᠠᠨ ᠤ ᠭᠡᠷᠡᠴᠢ ᠲᠡᠷᠡ ᠪᠠᠶᠢᠵᠠᠢ᠃ ᠮᠠᠭᠠᠳ ᠦᠭᠡᠢ ᠤᠨ ᠲᠤᠭᠠᠯᠠᠯ ᠤᠨ | ᠡᠮᠦᠨᠡᠬᠢ ᠲᠡᠷᠡ ᠵᠢᠯ ᠲᠠᠶᠢᠨ ᠤ ᠬᠦᠯ ᠠᠴᠠ ᠵᠠᠶᠢᠯᠠᠨ ᠡᠪᠡᠰᠦᠨ ᠤ ᠰᠤᠷᠭᠤᠭ᠂ ᠤᠰᠤᠨ ᠤ ᠲᠤᠩᠭᠠᠯᠠᠭ ᠢ | ᠬᠦᠭᠡᠭᠡᠨ ᠲᠦᠪ ᠠᠽᠢᠶ᠎ᠠ᠂ ᠡᠸᠥᠷᠦ᠋ᠫᠡ ᠶᠢ ᠵᠤᠷᠢᠭᠰᠠᠨ ᠲᠡᠷᠡ ᠦᠷᠨᠢᠭᠦᠨ ᠵᠢᠪᠬᠤᠭᠠᠯᠢᠭ ᠲᠡᠦᠬᠡ ᠶᠢᠨ ᠶᠡᠭᠡ | ᠨᠡᠭᠦᠳᠡᠯ ᠲᠤᠮᠳᠠ ᠮᠤᠩᠭᠤᠯ ᠭᠡᠷ ᠠᠴᠢᠭᠰᠠᠨ ᠲᠡᠷᠭᠡᠨ ᠤ ᠴᠤᠪᠤᠭ᠎ᠠ ᠵᠠᠭᠤᠨ ᠪᠡᠷ᠎ᠡ ᠶᠢᠨ ᠭᠠᠵᠠᠷ ᠢᠶᠠᠷ ᠴᠦᠷᠭᠡᠯᠡᠨ | ᠂ ᠨᠠᠷᠠᠨ ᠮᠠᠨᠳᠤᠬᠤ ᠠᠴᠠ ᠰᠢᠩᠭᠡᠬᠦ ᠶᠢ ᠴᠢᠭᠯᠡᠵᠦ ᠪᠠᠶᠢᠭᠰᠠᠨ ᠪᠠᠶᠢᠬᠤ᠃ | ︽ᠮᠤᠩᠭᠤᠯ ᠤᠨ ᠨᠢᠭᠤᠴᠠ ᠲᠤᠪᠴᠢᠶᠠᠨ︾ ᠳᠤ ︽ᠬᠠᠷᠠᠭᠤᠳᠠᠢ ᠲᠡᠷᠭᠡ︾᠂ ︽ᠬᠠᠰᠠᠭ ᠲᠡᠷᠭᠡ︾᠂ | ︽ᠦᠯᠵᠢᠢᠭᠡᠲᠡᠢ ᠲᠡᠷᠭᠡ︾᠂ ︽ᠣᠩᠭᠠᠰᠤᠲᠤ ᠲᠡᠷᠭᠡ︾᠂ ︽ᠴᠠᠭᠤᠷᠭᠠᠲᠠᠢ ᠲᠡᠷᠭᠡ︾᠂ ︽ᠲᠡᠩᠭᠢᠰᠭᠡᠲᠡᠢ ᠲᠡᠷᠭᠡ | ︾᠂ ︽ᠬᠠᠭᠠᠲᠠᠢ ᠲᠡᠷᠭᠡ︾᠂ ︽ᠲᠠᠮᠤᠷ ᠲᠡᠷᠭᠡ︾᠂ ︽ᠭᠡᠷ ᠲᠡᠷᠭᠡ︾ ᠭᠡᠬᠦᠴᠢᠯᠡᠨ ᠤᠯᠠᠨ ᠲᠡᠷᠭᠡᠨ ᠤ | ᠨᠡᠷᠡᠶᠢᠳᠦᠯ ᠭᠠᠷᠳᠠᠭ ᠨᠢ 12 —13 ᠳ᠋ᠤᠭᠠᠷ ᠵᠠᠭᠤᠨ ᠤ ᠦᠶ᠎ᠡ ᠳᠤ ᠮᠣᠩᠭᠤᠯᠴᠤᠳ ᠤᠨ ᠲᠡᠷᠭᠡ ᠨᠢᠭᠡᠨᠳᠠ | ᠮᠠᠰᠢ ᠲᠠᠪᠰᠢᠭᠰᠠᠨ ᠴᠠᠭ ᠦᠶ᠎ᠡ ᠳᠤ ᠤᠷᠤᠭᠰᠠᠨ ᠪᠦᠭᠡᠳ ᠬᠡᠷᠡᠭᠴᠡᠭᠡ ᠱᠠᠭᠠᠷᠳᠠᠯᠭ᠎ᠠ ᠳᠠᠭᠠᠨ ᠵᠤᠬᠢᠴᠠᠭᠰᠠᠨ ᠤᠯᠠᠨ | ᠲᠦᠷᠦᠯ ᠤᠨ ᠲᠡᠷᠭᠡ ᠲᠠᠢ ᠪᠠᠶᠢᠭᠰᠠᠨ ᠤ ᠭᠡᠷᠡᠴᠢ ᠪᠣᠯᠵᠦ ᠦᠯᠡᠳᠡᠵᠡᠢ᠃ ︽ᠨᠢᠭᠤᠴᠠ ᠲᠤᠪᠴᠢᠶᠠᠨ︾ ᠤ | ᠲᠡᠮᠳᠡᠭᠯᠡᠯ ᠢ ᠦᠨᠳᠦᠰᠦᠯᠡᠪᠡᠯ ᠠᠮᠤᠷ ᠠᠮᠤᠭᠤᠯᠠᠩ ᠤᠨ ᠲᠤᠮᠳᠠ ᠲᠤᠭᠵᠢᠷᠠᠵᠦ ᠠᠭᠰᠠᠨ ᠲᠡᠷᠡ ᠡᠳᠦᠷ ᠤᠨ | ᠦᠷᠯᠦᠭᠡ ᠭᠠᠵᠠᠷ ᠤᠨ ᠬᠦᠷᠦᠰᠦ ᠶᠢ ᠲᠡᠯᠡᠳᠦᠭᠰᠡᠨ ᠮᠤᠷᠢᠨ ᠲᠦᠪᠡᠷᠭᠡᠨ ᠢᠶᠠᠷ ᠰᠤᠴᠢᠨ ᠰᠡᠷᠡᠭᠰᠡᠨ ᠲᠡᠮᠦᠵᠢᠨ ᠤ | ᠬᠤᠳᠠ ᠶᠢᠨ ᠬᠢᠨ ᠮᠡᠷᠭᠢᠳ ᠤᠨ ᠲᠤᠪᠳᠤᠯᠭᠠᠨ ᠠᠴᠠ ᠲᠤᠲᠠᠭᠠᠨ ᠵᠠᠶᠢᠯᠠᠬᠤ ᠳᠠᠭᠠᠨ ᠬᠤᠸᠠᠭᠴᠢᠨ ᠡᠮᠡᠭᠡ | ᠪᠦᠭᠡᠷ᠎ᠡ ᠠᠯᠠᠭ ᠦᠬᠡᠷ ᠬᠦᠯᠦᠭᠰᠡᠨ ᠮᠤᠬᠤᠯᠠᠭ ᠲᠡᠷᠭᠡᠨ ᠳᠤ ᠪᠦᠷᠲᠡ ᠦᠵᠢᠨ ᠢ ᠲᠡᠭᠡᠭᠡᠵᠦ ᠲᠤᠲᠠᠭᠠᠭᠰᠠᠨ | ᠪᠦᠯᠦᠭᠡ᠃ ᠬᠤᠵᠢᠮ ᠨᠢ ᠴᠢᠩᠬᠢᠰ ᠬᠠᠭᠠᠨ ᠮᠣᠩᠭᠤᠯ ᠠᠶᠢᠮᠠᠭ ᠢ ᠨᠢᠭᠡᠳᠬᠡᠭᠰᠡᠨ ᠤ ᠳᠠᠷᠠᠭ᠎ᠠ ᠰᠦᠪᠡᠭᠡᠲᠡᠢ ᠳᠤ | ᠲᠡᠮᠦᠷ ᠲᠡᠷᠭᠡᠲᠦ ᠴᠡᠷᠢᠭ ᠦᠭᠴᠦ ᠮᠡᠷᠭᠢᠳ ᠤᠨ ᠲᠤᠭᠲᠤᠭ᠎ᠠ ᠶᠢᠨ ᠬᠤᠲᠤ᠂ ᠴᠢᠯᠠᠭᠤᠨ ᠬᠤᠶᠠᠷ ᠬᠦᠦ ᠶᠢ | ᠨᠡᠬᠡᠭᠦᠯᠦᠭᠰᠡᠨ ᠪᠦᠯᠦᠭᠡ᠃ ᠪᠢᠴᠢᠭ ᠲᠤᠷᠠᠰᠬᠠᠯ ᠤᠨ ᠤᠯᠳᠠᠪᠤᠷᠢ ᠶᠢ ᠦᠨᠳᠦᠰᠦᠯᠡᠪᠡᠯ ᠴᠢᠩᠬᠢᠰ ᠬᠠᠭᠠᠨ ᠤᠨ | ᠶᠡᠭᠡ ᠭᠡᠷ ᠲᠡᠷᠭᠡ ᠨᠢ ᠬᠤᠷᠢᠨ ᠬᠤᠶᠠᠷ ᠦᠬᠡᠷ ᠬᠦᠯᠦᠭᠰᠡᠨ ᠶᠡᠭᠡ ᠤᠷᠳᠤ ᠪᠠᠶᠢᠭᠰᠠᠨ ᠪᠦᠭᠡᠳ ᠠᠶᠠᠨ ᠳᠠᠶᠢᠨ ᠤ | ᠶᠠᠪᠤᠴᠠ ᠳᠤ ᠠᠭᠤᠯᠠ ᠦᠵᠡᠪᠡᠯ ᠵᠠᠮ ᠵᠠᠰᠠᠨ᠂ ᠤᠰᠤ ᠦᠵᠡᠪᠡᠯ ᠬᠦᠬᠦᠷᠭᠡ ᠲᠠᠯᠪᠢᠨ ᠶᠡᠭᠡ ᠬᠠᠭᠠᠨ ᠤ ᠤᠷᠲᠤ | ᠦᠩᠭᠡᠷᠡᠵᠦ ᠪᠠᠶᠢᠭᠰᠠᠨ ᠪᠠᠶᠢᠨ᠎ᠠ᠃ ᠭᠡᠲᠡᠯ᠎ᠡ ᠬᠠᠷᠠᠮᠰᠠᠯᠲᠡᠢ ᠨᠢ ᠲᠠᠩᠭᠤᠳ ᠢ ᠲᠠᠶᠢᠯᠬᠤ ᠳᠠᠶᠢᠨ ᠳᠤ ᠶᠡᠭᠡ ᠬᠠᠭᠠᠨ | ᠲᠡᠭᠷᠢ ᠳᠤ ᠬᠠᠯᠢᠭᠰᠠᠨ᠎ᠠ ᠡᠵᠡᠨ ᠤ ᠠᠯᠲᠠᠨ ᠬᠡᠭᠦᠷ ᠢ ᠬᠠᠰᠠᠭ ᠲᠡᠷᠭᠡᠨ᠎ᠡ ᠲᠡᠭᠡᠭᠡᠵᠦ ᠬᠠᠷᠢᠨ ᠦᠭᠡᠳᠡ ᠢᠷᠡᠬᠦ ᠳᠤ | ᠰᠦᠨᠢᠳ ᠤᠨ ᠭᠢᠯᠦᠭᠡᠲᠡᠢ ᠪᠠᠭᠠᠲᠤᠷ᠄ ︽ᠬᠠᠮᠤᠭ ᠤᠨ ᠬᠠᠭᠠᠨ᠂ ᠤᠯᠤᠰ ᠤᠨ ᠡᠵᠡᠨ ᠮᠢᠨᠢ ᠬᠠᠷᠴᠠᠭᠠᠢ | ᠰᠢᠪᠠᠭᠤᠨ ᠤ ᠵᠢᠭᠦᠷ ᠪᠤᠯᠤᠨ ᠤᠳᠪᠠ᠃ ᠬᠠᠩᠭᠢᠨᠠᠬᠤ ᠲᠡᠷᠭᠡᠨ ᠤ ᠲᠡᠭᠡᠭᠡᠰᠢ ᠪᠤᠯᠤᠨ ᠤᠳᠪᠠ᠃ ᠵᠢᠷᠭᠢᠬᠦ | ᠰᠢᠪᠠᠭᠤᠨ ᠤ ᠵᠢᠭᠦᠷ ᠪᠤᠯᠤᠨ ᠤᠳᠪᠠ᠃ ᠵᠢᠭᠳᠡᠷᠡᠬᠦ ᠲᠡᠷᠭᠡᠨ ᠤ ᠠᠴᠢᠶ᠎ᠠ ᠪᠤᠯᠤᠨ ᠤᠳᠪᠠ︾ ᠬᠡᠮᠡᠨ ᠰᠢᠯᠦᠭᠯᠡᠭᠰᠡᠨ | ᠪᠤᠢ᠃ ᠣᠨ ᠤ ᠬᠦᠷᠲᠦ ᠡᠷᠬᠢᠨ ᠬᠡᠳᠦᠨ ᠵᠠᠭᠤᠨ ᠦᠩᠭᠡᠷᠡᠪᠡ᠂ ᠦᠭᠡᠳᠡᠯᠡᠬᠦ ᠤᠷᠤᠭᠤᠳᠠᠬᠤ ᠶᠢᠨ ᠲᠠᠪᠢᠯᠠᠩ ᠳᠤ | ᠤᠮᠠᠷᠠᠲᠦ ᠶᠤᠸᠠᠨ ᠲᠡᠯᠴᠢᠯᠡᠪᠡ᠃ ᠡᠨᠡ ᠲᠡᠦᠬᠡ ᠶᠢᠨ ᠡᠭᠡᠳᠡᠷᠡᠭᠡᠨᠲᠦ ᠲᠠᠪᠢᠯᠠᠩ ᠲᠤᠮᠳᠠ ᠪᠤᠳᠠᠷᠠᠭᠰᠠᠨ ᠮᠤᠩᠭᠤᠯ ᠢ | ᠳᠠᠬᠢᠨ ᠨᠢᠭᠡᠳᠬᠡᠬᠦ ᠡᠭᠦᠷᠭᠡ ᠶᠢ ᠮᠠᠨᠳᠤᠬᠠᠢ ᠰᠡᠴᠡᠨ ᠬᠠᠲᠤᠨ ᠡᠭᠦᠷᠭᠡᠯᠡᠨ ︽ᠡᠷᠲᠡᠨ ᠤ ᠦᠰᠢᠶ᠎ᠡ ᠶᠢ ᠳᠤᠷᠠᠳᠴᠦ | ᠴᠡᠷᠢᠭ ᠠᠪᠴᠦ ᠮᠤᠷᠳᠠᠷᠤᠨ᠂ ᠶᠠᠪᠠᠭᠠᠨ ᠴᠡᠷᠢᠭ᠂ ᠦᠬᠡᠷᠲᠦ ᠴᠡᠷᠢᠭ ᠶᠠᠪᠤᠭᠤᠯᠵᠦ᠂ ᠭᠤᠷᠪᠠ ᠬᠤᠨᠤᠭᠰᠠᠨ ᠤ | ᠬᠤᠶᠢᠨ᠎ᠠ ᠮᠤᠷᠢ ᠲᠤ ᠴᠡᠷᠢᠭ ᠠᠪᠴᠦ ᠮᠤᠷᠳᠠᠨ︾ ᠲᠦᠷᠪᠡᠨ ᠤᠶᠢᠷᠠᠳ ᠢ ᠨᠢᠭᠡᠳᠬᠡᠨ ᠨᠢᠭᠡᠨ ᠵᠢᠯᠤᠭᠤᠨᠠ | ᠠᠳᠬᠤᠪᠠ᠃ ᠮᠢᠩᠭᠠᠨ ᠤ ᠭᠠᠵᠠᠷ ᠢ ᠡᠪᠬᠡᠨ᠂ ᠲᠦᠷᠦᠭᠦᠨ ᠠᠴᠠ ᠲᠦᠷᠦᠭᠦᠨ ᠳᠤ ᠮᠤᠷᠳᠠᠭᠰᠠᠨ ᠨᠢ ᠦᠬᠡᠷ | ᠲᠡᠷᠭᠡᠲᠦ ᠴᠡᠷᠢᠭ ᠪᠦᠯᠦᠭᠡ᠃ ᠲᠡᠭᠦᠨᠴᠠ ᠬᠤᠶᠢᠨ᠎ᠠ ᠯᠢᠭᠳᠡᠨ ᠬᠤᠲᠤᠭᠳᠦ ᠬᠠᠭᠠᠨ ᠬᠦᠬᠡᠨᠠᠭᠤᠷ ᠤᠨ ᠰᠢᠷ᠎ᠠ ᠲᠠᠯ᠎ᠠ | ᠳᠤ ᠨᠠᠰᠤ ᠪᠤᠯᠤᠭᠰᠠᠨ᠎ᠠ ᠮᠦᠨ ᠬᠠᠰᠠᠭ ᠲᠡᠷᠭᠡᠨ᠎ᠡ ᠠᠴᠢᠵᠦ ᠡᠵᠡᠨ ᠤ ᠨᠠᠢᠮᠠᠨ ᠴᠠᠭᠠᠨ ᠤᠷᠳᠤ ᠪᠦᠬᠦᠢ ᠤᠷᠳᠤᠰ | ᠨᠤᠲᠤᠭ ᠲᠤ ᠵᠠᠯᠠᠵᠦ ᠠᠪᠴᠢᠷᠠᠨ ᠤᠩᠭᠤᠯᠠᠭᠰᠠᠨ ᠪᠦᠯᠦᠭᠡ᠃ ᠠᠤᠭ᠎ᠠ ᠡᠵᠡᠨ᠂ ᠲᠡᠦᠬᠡᠨ ᠠᠯᠲᠠᠷᠲᠠᠳ ᠤᠨ | ᠠᠯᠲᠠᠷ ᠭᠠᠪᠢᠶ᠎ᠠ᠂ ᠠᠯᠳᠠᠵᠦ ᠤᠨᠤᠭᠰᠠᠨ ᠪᠦᠬᠦᠨ ᠳᠤ ᠬᠦᠵᠦᠭᠦᠦ ᠰᠤᠩᠭᠠᠨ ᠵᠢᠳᠬᠦᠵᠦ ᠂ ᠡᠷᠬᠡᠲᠦ ᠬᠦᠬᠡ ᠲᠡᠭᠷᠢ | ᠳᠡᠭᠡᠨ ᠪᠤᠴᠠᠬᠤ ᠳᠤᠨᠢ ᠠᠯᠲᠠᠨ ᠬᠡᠬᠦᠷ ᠢ ᠲᠡᠭᠡᠭᠡᠵᠦ ᠶᠠᠪᠤᠭᠰᠠᠨ ᠦᠬᠡᠷ ᠲᠡᠷᠭᠡᠨ ᠤ ᠨᠢᠭᠡᠨ ᠭᠠᠪᠢᠶ᠎ᠠ ᠲᠡᠷᠡ | ᠪᠠᠶᠢᠯᠤᠭ᠎ᠠ᠃ | ᠠᠶᠠᠨ ᠤ ᠰᠢᠷ᠎ᠠ ᠵᠠᠮ ᠢᠶᠠᠷ ᠦᠯᠢᠭᠡᠷ ᠴᠦᠷᠬᠡᠯᠡᠨᠡ | ᠴᠠᠩ ᠬᠦᠦᠷᠭᠡ ᠰᠠᠪᠰᠠᠭᠤᠯᠵᠦ᠂ ᠴᠠᠰᠦ ᠮᠦᠰᠦᠨ ᠳᠡᠭᠡᠨ ᠲᠠᠷᠤᠭᠳᠠᠭᠰᠠᠨ ᠬᠦᠢᠲᠡᠨ ᠤ ᠤᠯᠠᠷᠢᠯ ᠮᠠᠨ | ᠤ ᠨᠤᠲᠤᠭ ᠲᠤ ᠰᠠᠭᠠᠳᠠᠬᠤ ᠪᠠᠷ ᠦᠯᠢᠭᠡᠷ ᠤᠨ ᠡᠪᠦᠯ ᠡᠬᠢᠯᠡᠨ᠎ᠡ᠃ ᠬᠠᠪᠤᠷ ᠤᠨ ᠬᠠᠪᠰᠠᠷᠭᠠᠨ᠂ ᠵᠤᠨ ᠤ ᠵᠤᠭ᠎ᠠ | ᠂ ᠨᠠᠮᠤᠷ ᠤᠨ ᠬᠠᠳᠤᠯᠠᠩ ᠬᠡᠮᠡᠨ ᠪᠤᠵᠢᠭᠢᠨᠠᠭᠰᠠᠨ ᠬᠦᠮᠦᠰ ᠲᠤ ᠡᠪᠦᠯ ᠡ ᠭᠡᠳᠡᠭ ᠬᠠᠯᠠᠭᠤᠨ ᠬᠠᠨᠵᠤᠨ ᠳᠤ | ᠨᠢᠷᠤᠭᠤ ᠰᠢᠷᠠᠵᠦ᠂ ᠬᠤᠶᠠᠷ ᠯᠠᠩ ᠢᠶᠠᠷ ᠬᠤᠳᠤᠭᠠᠳᠤ ᠬᠠᠯᠠᠰᠬᠠᠨ᠂ ᠬᠠᠭᠤᠴᠢ ᠦᠯᠢᠭᠡᠷ ᠢᠶᠠᠷ ᠬᠤᠶᠠᠷ ᠨᠠᠪᠴᠢ | ᠪᠠᠨ ᠪᠠᠶᠠᠰᠬᠠᠬᠤ ᠠᠷᠭ᠎ᠠ ᠦᠭᠡᠢ ᠵᠢᠷᠭᠠᠯᠲᠠᠢ ᠤᠯᠠᠷᠢᠯ ᠤᠨ ᠨᠢᠭᠡ ᠪᠠᠶᠢᠵᠦ ᠲᠠᠭᠠᠷᠠᠨ᠎ᠠ᠃ ᠠᠪᠤ ᠮᠠᠨᠢ ᠬᠠᠭᠤᠴᠢ | ᠬᠦᠭᠡᠷᠬᠦ ᠲᠤᠷᠠᠲᠠᠢ᠂ ᠲᠧᠯᠸᠢᠰ᠂ ᠭᠠᠷ ᠤᠲᠠᠰᠦ ᠭᠡᠬᠦᠴᠢᠯᠡᠨ ᠡᠨᠡ ᠲᠡᠷᠡ ᠰᠤᠨᠢᠨ ᠰᠠᠶᠢᠬᠠᠨ ᠶᠠᠭᠤᠮ᠎ᠠ ᠬᠤᠪᠤᠷ | ᠲᠡᠷᠡ ᠦᠶ᠎ᠡ ᠳᠤ ᠬᠠᠭᠤᠴᠢ ᠬᠦᠭᠡᠷᠬᠦ ᠨᠢ ᠡᠪᠦᠯ ᠤᠨ ᠤᠷᠲᠤ ᠰᠦᠨᠢ ᠶᠢ ᠦᠩᠭᠡᠷᠡᠭᠡᠬᠦ ᠵᠤᠭ᠎ᠠ ᠴᠡᠩᠬᠡᠯ ᠤᠨ | ᠨᠢᠭᠡ ᠪᠤᠯᠤᠭᠠᠳ ᠲᠡᠷᠡ ᠪᠢᠵᠡ᠃ ᠦᠬᠡᠷ ᠮᠠᠯ ᠢᠶᠠᠨ ᠬᠤᠲᠠᠯᠠᠭᠠᠳ᠂ ᠡᠪᠡᠰᠦ ᠲᠤᠭᠤᠰᠦ ᠪᠠᠨ ᠬᠠᠶᠠᠵᠦ | ᠦᠭᠴᠢᠬᠡᠪᠡᠯ᠂ ᠬᠠᠨᠵᠦ ᠪᠠᠨ ᠰᠠᠶᠢᠨ ᠬᠠᠯᠠᠭᠤᠯᠵᠦ᠂ ᠰᠦ ᠲᠠᠢ ᠴᠠᠢ ᠪᠠᠨ ᠴᠢᠨᠠᠴᠢᠬᠠᠭᠠᠳ ᠬᠡᠶᠢᠴᠢᠨ ᠢᠷᠡᠬᠦ ᠶᠢ | ᠬᠦᠯᠢᠶᠡᠨ᠎ᠡ᠃ ᠣᠨ ᠴᠠᠭ ᠤᠨ ᠰᠠᠯᠬᠢᠨ ᠳᠤ ᠵᠢᠷᠤᠭᠤᠯᠵᠦ ᠮᠠᠩᠨᠠᠢ ᠳᠤᠨᠢ ᠠᠲᠤᠷᠢᠶ᠎ᠠ ᠰᠠᠭᠤᠭᠰᠠᠨ ᠬᠡᠳᠦᠨ ᠬᠦᠬᠡ | ᠡᠪᠦᠭᠡᠳ ᠮᠠᠨ ᠤ ᠳᠤ ᠴᠤᠭᠯᠠᠷᠠᠵᠦ ᠵᠤᠭᠤᠭ ᠲᠡᠯᠭᠡᠨ᠎ᠡ᠃ ︽ ᠲᠡ᠊ — ᠷᠡ ᠵᠢᠯ ᠤᠨ ᠬᠠᠪᠤᠷ ᠷᠠᠪᠵᠢ᠂ ᠴᠤᠭᠵᠢᠯ | ᠮᠠᠨ ᠤ ᠬᠡᠳᠦᠭᠦᠯᠡ ᠡᠵᠢ ᠶᠢᠨ ᠠᠶᠠᠨ ᠳᠤ ᠶᠠᠪᠤᠭᠰᠠᠨ ᠲᠡᠷᠡ ᠤᠳᠠᠭ᠎ᠠ ᠤᠯᠵᠠ ᠤᠮᠤᠭ ᠰᠠᠶᠢᠲᠠᠢ ᠠᠶᠠᠨ | ᠪᠤᠯᠤᠭᠰᠠᠨ ᠰᠢᠦ᠃ ᠰᠠᠮᠪᠠᠯ ᠮᠤᠳᠤᠴᠢᠨ ᠤ ᠰᠢᠭᠠᠭᠰᠠᠨ ᠲᠦᠷᠪᠡᠨ ᠬᠤᠷᠤᠭᠤ ᠦᠷᠭᠡᠨ ᠬᠠᠶᠢᠯᠠᠰᠤᠨ ᠮᠦᠭᠡᠷ ᠲᠠᠢ | ᠲᠡᠷᠭᠡᠨ ᠳᠤ ᠮᠢᠩᠭᠠᠨ ᠵᠢᠩ ᠲᠠᠪᠤᠰᠤ ᠲᠡᠭᠡᠭᠡᠴᠢᠬᠡᠬᠦ ᠳᠤ ᠠᠵᠢᠭ ᠴᠦ ᠦᠭᠡᠢ ᠶᠠᠪᠤᠭᠠᠳ ᠪᠠᠶᠢᠳᠠᠭ᠂ ᠦᠨᠦ ᠶᠢᠨ | ᠲᠡᠮᠦᠷ ᠬᠦᠷᠲᠦ ᠲᠠᠢ ᠲᠡᠷᠭᠡᠨ ᠠᠴᠠ ᠲᠤᠲᠠᠭᠤ ᠦᠭᠡᠢ ᠲᠡᠭᠡᠭᠡᠵᠦ ᠪᠠᠶᠢᠯ᠎ᠠ ᠰᠢᠦ᠃ ᠲᠡᠷᠡ ᠦᠶ᠎ᠡ ᠶᠢᠨ ᠦᠬᠡᠷ ᠴᠦ | ᠭᠡᠵᠦ ᠵᠠᠭᠠᠨ ᠡ ᠵᠠᠭᠠᠨ ᠁︾ ᠭᠡᠵᠦ ᠠᠯᠢ ᠤᠵᠤᠭᠤᠷ ᠤᠨ ᠵᠠᠯᠠᠭᠤ ᠤᠨ ᠤᠴᠢᠷ ᠤᠳ ᠨᠢ ᠤᠷᠢᠶᠠᠭᠰᠠᠨ | ᠲᠠᠮᠠᠬᠢ ᠶᠢᠨ ᠤᠳᠤᠭ᠎ᠠ ᠲᠠᠢ ᠨᠢ ᠬᠠᠮᠲᠦ ᠦᠷᠦᠭᠡ ᠲᠦᠭᠦᠷᠡᠩ ᠮᠠᠨᠠᠷᠠᠨ᠎ᠠ᠃ ᠠᠷᠭ᠎ᠠ ᠦᠭᠡᠢ ᠡ᠂ ᠨᠠᠰᠦ ᠪᠠᠷ | ᠢᠶᠠᠨ ᠠᠶᠠᠨ ᠵᠢᠩ ᠬᠦᠭᠡᠭᠡᠵᠦ ᠂ ᠬᠠᠯᠠᠭᠤᠨ ᠳᠤ ᠬᠠᠯᠠᠵᠦ᠂ ᠬᠦᠢᠲᠡᠨ ᠳᠤ ᠬᠦᠷᠦᠵᠦ ᠶᠠᠪᠤᠭᠰᠠᠨ ᠪᠤᠯᠤᠭᠠᠳ | ᠲᠡᠷᠡ ᠦᠦ᠂ ᠡᠷ᠎ᠡ ᠬᠦᠮᠦᠨ ᠤ ᠰᠢᠨᠳᠠᠰᠦ ᠵᠢᠭᠠᠭᠰᠠᠨ ᠡᠵᠢ ᠶᠢᠨ ᠠᠶᠠᠨ ᠤ ᠬᠦᠭ ᠲᠠᠢ ᠦᠯᠢᠭᠡᠷ ᠢᠶᠠᠨ ᠬᠡᠳᠦᠨ | ᠡᠪᠦᠭᠡᠳ ᠶᠠᠷᠢᠬᠤ ᠲᠤᠷᠠᠲᠠᠢ᠂ ᠰᠠᠶᠢᠨ ᠡᠷ᠎ᠡ ᠪᠤᠯᠬᠤ ᠶᠢᠨ ᠨᠢᠯᠬ᠎ᠠ ᠬᠦᠰᠡᠯᠡᠩ ᠢᠶᠠᠷ ᠰᠡᠷᠪᠡᠯᠵᠡᠵᠦ ᠪᠠᠶᠢᠭᠰᠠᠨ | ᠪᠢᠳᠡᠨ ᠤ ᠬᠡᠳᠦᠨ ᠪᠤᠷᠦ ᠪᠠᠨᠳᠢ ᠴᠦ ᠰᠤᠨᠤᠰᠬᠤ ᠲᠤᠷᠠᠲᠠᠢ᠃ | ᠬᠠᠪᠤᠷ ᠪᠤᠯᠵᠦ ᠬᠠᠭᠳᠠ ᠨᠤᠭᠤᠭᠠᠷᠠᠬᠤ ᠦᠶ᠎ᠡ ᠪᠠᠷ ᠮᠠᠨ ᠤ ᠨᠤᠲᠤᠭ ᠤᠨ ᠬᠢᠨ ᠡᠵᠢ ᠶᠢᠨ ᠠᠶᠠᠨ ᠳᠤ | ᠶᠠᠪᠤᠳᠠᠭ ᠭᠡᠨ᠎ᠡ ᠯᠠᠢ᠃ ᠦᠵᠦᠮᠦᠴᠢᠨ ᠨᠤᠲᠤᠭ ᠤᠨ ᠡᠨᠡ ᠨᠠᠭᠤᠷ ᠲᠤ ᠤᠤᠯ ᠨᠢ ᠲᠠᠪᠤᠰᠦ ᠭᠠᠷᠳᠠᠭ ᠦᠭᠡᠢ᠂ | ᠱᠤᠩᠬᠤᠷ ᠨᠡᠷ᠎ᠡ ᠲᠠᠢ ᠬᠦᠮᠦᠨ ᠤ ᠭᠠᠭᠴᠠ ᠬᠦᠦ ᠠᠶᠠᠨ ᠵᠢᠩ ᠳᠤ ᠶᠠᠪᠤᠬᠤ ᠳᠠᠭᠠᠨ ᠲᠡᠷᠡ ᠨᠠᠭᠤᠷ ᠤᠨ ᠬᠠᠪᠢ | ᠳᠤ ᠮᠠᠭᠤ ᠬᠦᠮᠦᠨ ᠳᠤ ᠬᠤᠤᠷᠯᠠᠭᠳᠠᠨ ᠦᠷ᠎ᠡ ᠪᠠᠨ ᠡᠷᠢᠭᠰᠡᠨ ᠡᠬᠡ ᠨᠢ ᠬᠦᠬᠡ ᠴᠠᠮᠴᠠ ᠶᠢ ᠨᠢ ᠤᠯᠤᠭᠰᠠᠨ | ᠭᠡᠨ᠎ᠡ᠃ ᠲᠡᠭᠡᠭᠡᠳ ᠭᠠᠰᠢᠭᠤᠳᠠᠨ ᠤᠬᠢᠯᠠᠭᠰᠠᠨ ᠡᠬᠡ ᠨᠢ ᠨᠠᠭᠤᠷ ᠲᠤ ᠬᠠᠷᠠᠶᠢᠨ ᠪᠡᠶ᠎ᠡ ᠪᠠᠨ ᠬᠤᠤᠷᠯᠠᠵᠦ᠂ | ᠤᠬᠢᠯᠠᠭᠰᠠᠨ ᠭᠠᠰᠢᠭᠤᠨ ᠨᠢᠯᠪᠤᠰᠤ ᠨᠢ ᠲᠠᠪᠤᠰᠤ ᠪᠤᠯᠤᠨ ᠲᠤᠭᠳᠠᠵᠦ᠂ ᠬᠦᠮᠦᠨ ᠠᠷᠠᠳ ᠲᠠᠭᠠᠨ ᠲᠡᠵᠢᠭᠡᠯ | ᠪᠤᠯᠤᠭᠰᠠᠨ ᠠᠴᠠ ᠤᠨᠳᠤᠷᠠᠭᠠᠳ ᠪᠠᠷᠠᠰᠢ ᠦᠭᠡᠢ ᠤᠨᠳᠤᠷᠠᠭ᠎ᠠ ᠰᠠᠶᠢᠲᠠᠢ ᠪᠦᠭᠡᠳ ᠬᠡᠰᠢᠭ ᠢ ᠨᠢ ᠬᠦᠷᠲᠡᠭᠰᠡᠨ | ᠲᠦᠮᠡᠨ ᠨᠢ ︽ᠡᠵᠢ ᠨᠠᠭᠤᠷ︾ ᠭᠡᠵᠦ ᠬᠦᠨᠳᠦᠳᠬᠡᠨ ᠳᠠᠭᠤᠳᠠᠬᠤ ᠪᠤᠯᠤᠯ᠎ᠠ ᠭᠡᠳᠡᠭ ᠭᠡᠵᠦ ᠡᠵᠢ ᠮᠢᠨᠢ ᠦᠯᠢᠭᠡᠷ | ᠪᠤᠯᠭᠠᠨ ᠶᠠᠷᠢᠵᠦ ᠦᠭᠳᠡᠭ᠃ ᠡᠵᠢ ᠶᠢᠨ ᠠᠶᠠᠨ ᠭᠡᠵᠦ ᠰᠠᠷ᠎ᠠ᠂ ᠳᠦᠴᠢ ᠬᠤᠨᠤᠭ ᠢᠶᠠᠷ ᠶᠠᠪᠤᠳᠠᠭ ᠪᠦᠭᠡᠳ ︽ | ᠬᠠᠯᠠ ᠦᠵᠡᠵᠦ᠂ ᠬᠠᠯᠠᠭᠤᠨ ᠴᠢᠯᠠᠭᠤ ᠲᠤᠯᠢᠶᠠᠬᠤ︾ ᠰᠠᠶᠢᠨ ᠡᠷ᠎ᠡ ᠶᠢᠨ ᠠᠵᠦ ᠲᠤᠯᠠ ᠨᠤᠲᠤᠭ ᠨᠤᠭᠤ ᠶᠢᠨ | ᠪᠢᠷ᠎ᠡ ᠲᠠᠢ ᠰᠢᠨᠳᠠᠰᠦ ᠲᠠᠢ ᠡᠷᠡᠴᠦᠳ ᠬᠡᠳᠦᠨ ᠭᠠᠯ ᠠᠶᠠᠨ ᠪᠤᠯᠵᠦ ᠶᠠᠪᠤᠳᠠᠭ ᠭᠡᠨ᠎ᠡ᠃ ᠬᠠᠭᠠᠰ ᠰᠠᠷ᠎ᠠ ᠶᠢᠨ | ᠡᠮᠦᠨ᠎ᠡ ᠠᠴᠠ ᠲᠡᠷᠭᠡ ᠬᠦᠰᠭᠡ ᠂ ᠲᠡᠭᠡᠰᠦ ᠲᠦᠷᠦ᠂ ᠮᠠᠶᠢᠬᠠᠨ ᠲᠤᠪᠤ᠂ ᠮᠦᠬᠡᠷ ᠭᠡᠭᠡᠰᠦ᠂ ᠰᠦᠬᠡ ᠤᠭᠤᠯᠢ᠂ | ᠢᠳᠡᠭᠡ ᠪᠤᠳᠠᠭ᠎ᠠ ᠭᠡᠬᠦᠴᠢᠯᠡᠨ ᠬᠡᠷᠡᠭᠴᠡᠭᠡ ᠲᠠᠢ ᠵᠦᠢᠯ ᠢᠶᠠᠨ ᠪᠡᠯᠡᠳᠬᠡᠳᠡᠭ ᠪᠦᠭᠡᠳ ᠬᠦᠮᠦᠨ ᠪᠦᠷᠢ ᠭᠤᠷᠪᠠ | ᠠᠴᠠ ᠲᠠᠪᠤᠨ ᠲᠡᠷᠬᠡ ᠬᠦᠲᠦᠯᠵᠦ᠂ ᠨᠢᠭᠡ ᠭᠠᠯ ᠠᠶᠠᠨ ᠭᠤᠴᠢ ᠲᠦᠴᠢᠨ ᠲᠡᠷᠭᠡ ᠪᠠᠷ ᠪᠦᠷᠢᠯᠳᠦᠳᠡᠭ ᠭᠡᠨ᠎ᠡ᠃ | ᠬᠠᠪᠤᠷ ᠤᠨ ᠬᠦᠬᠡ ᠵᠡᠷᠭᠡᠯᠭᠡᠨ ᠬᠤᠷᠮᠤᠢ ᠬᠤᠱᠢ ᠲᠠᠢ ᠤᠷᠢᠶᠠᠴᠠᠯᠳᠤᠭᠰᠠᠨ ᠤᠨᠢᠶᠠᠷᠲᠦ ᠶᠡᠭᠡ ᠬᠦᠨᠳᠡᠢ ᠶᠢ | ᠵᠦᠰᠦᠨ ᠰᠦᠷᠲᠦ ᠶᠡᠭᠡ ᠲᠡᠦᠬᠡ ᠶᠢᠨ ᠨᠡᠭᠦᠳᠡᠯ ᠮᠡᠲᠦ ᠡᠵᠢ ᠶᠢᠨ ᠠᠶᠠᠨ ᠲᠡᠭᠡᠵᠦ ᠡᠬᠢᠯᠡᠨ᠎ᠡ᠃ ᠵᠠᠮ ᠵᠠᠭᠤᠷ᠎ᠠ | ᠲᠡᠷᠭᠡ ᠬᠦᠰᠭᠡ ᠰᠠᠭᠠᠲᠤᠯ ᠭᠠᠷᠪᠠᠯ ᠪᠡᠯᠡᠳᠬᠡᠵᠦ ᠢᠷᠡᠭᠰᠡᠨ ᠲᠤᠨᠤᠭ ᠢᠶᠠᠷ ᠵᠠᠰᠠᠵᠦ ᠰᠡᠯᠪᠢᠬᠦ ᠪᠤᠶᠤ ᠮᠤᠲᠤ ᠲᠠᠢ | ᠤᠰᠤ ᠲᠠᠢ ᠭᠠᠵᠠᠷ ᠲᠠᠭᠠᠷᠠᠪᠠᠯ ᠲᠡᠨᠳᠡ ᠠᠴᠠ ᠨᠢ ᠮᠤᠲᠤ ᠠᠪᠴᠦ ᠴᠠᠢ ᠪᠤᠳᠠᠭᠠᠨ ᠤ ᠬᠤᠭᠤᠷᠤᠨᠳᠦ᠂ ᠠᠮᠠᠷᠠᠵᠦ | ᠠᠮᠤᠰᠬᠢᠬᠤ ᠵᠠᠪ ᠢᠶᠠᠷ ᠢᠶᠠᠨ ᠵᠠᠰᠠᠵᠦ ᠰᠡᠯᠪᠢᠴᠢᠬᠡᠳᠡᠭ ᠲᠤᠯᠠ ᠰᠠᠭᠠᠳᠤᠯ ᠲᠦᠪᠡᠭ ᠴᠦ ᠪᠤᠯᠳᠠᠭ ᠦᠭᠡᠢ᠂ | ᠰᠢᠯᠤᠭᠤᠬᠠᠨ ᠶᠠᠪᠤᠭᠰᠠᠭᠠᠷ ᠡᠵᠢ ᠳᠤ ᠬᠦᠷᠦᠨ᠎ᠡ᠃ ᠨᠤᠲᠤᠭ ᠤᠨ ᠲᠤᠮᠤᠭᠠᠲᠠᠳ ᠤᠨ ᠬᠡᠯᠡᠬᠦ ᠪᠠᠷ ᠰᠠᠶᠢᠨ | ᠮᠤᠵᠢᠩ ᠤᠨ ᠰᠢᠭᠠᠭᠰᠠᠨ ᠲᠡᠷᠭᠡ ᠮᠢᠩᠭᠠᠨ ᠵᠢᠩ ᠠᠴᠢᠴᠢᠬᠠᠭᠠᠳ ᠠᠵᠢᠭ ᠴᠦ ᠦᠭᠡᠢ ᠨᠤᠲᠤᠭ ᠪᠤᠴᠠᠳᠠᠭ ᠭᠡᠨ᠎ᠡ | ᠯᠠᠢ᠃ ᠦᠬᠡᠷ ᠤᠨ ᠬᠦᠴᠦ᠂ ᠲᠡᠷᠭᠡᠨ ᠤ ᠰᠠᠶᠢᠨ ᠢᠶᠠᠷ ᠭᠠᠨᠵᠤᠭ᠎ᠠ ᠲᠦᠭᠦᠷᠡᠩ ᠪᠤᠴᠠᠬᠤ ᠠᠶᠠᠨᠴᠢᠳ ᠬᠤᠶᠠᠷ | ᠭᠤᠷᠪᠠᠨ ᠡᠳᠦᠷ ᠠᠶᠠᠯᠠᠪᠠᠯ ᠪᠡᠯᠴᠢᠬᠡᠷ ᠤᠰᠤ ᠰᠠᠶᠢᠨ ᠭᠠᠵᠠᠷ ᠢ ᠰᠤᠩᠭᠤᠨ ᠦᠬᠡᠷ ᠤᠨ ᠬᠦᠵᠦᠬᠦᠦ ᠠᠮᠠᠷᠠᠭᠠᠨ᠎ᠠ᠃ | ᠮᠠᠯᠴᠢᠨ ᠤᠳᠤᠮ ᠤᠨ ᠬᠢᠨ ᠤ ᠲᠤᠲᠤᠷ᠎ᠠ ᠠᠴᠠ ᠪᠠᠨ ᠭᠡᠷᠡᠯᠳᠦᠭᠰᠡᠨ ᠠᠷᠢᠭᠤᠨ ᠴᠢᠨᠠᠷ ᠲᠡᠷᠡ ᠡ᠃ ᠡᠵᠢ | ᠳᠤ ᠬᠦᠷᠬᠦ ᠲᠡᠷᠡ ᠰᠢᠷ᠎ᠠ ᠵᠠᠮ ᠢᠶᠠᠷ ᠬᠦᠬᠡ ᠨᠤᠭᠤᠭᠠᠨ ᠤ ᠤᠨᠢᠶᠠᠷ ᠬᠦᠭᠯᠡᠷᠡᠭᠦᠯᠵᠦ᠂ ᠬᠡᠴᠢᠨᠡᠬᠡᠨ ᠴᠦ | ᠠᠶᠠᠨᠴᠢᠨ᠂ ᠬᠡᠴᠢᠨᠡᠬᠡᠨ ᠴᠦ ᠦᠬᠡᠷ ᠤᠯᠠᠨ ᠵᠠᠭᠤᠨ ᠤ ᠲᠤᠷᠰᠢ ᠨᠢᠭᠡ ᠯᠡ ᠬᠡᠪ ᠤᠨ ᠲᠤᠷᠪᠢᠯᠢᠭ ᠠᠯᠬᠤᠭ᠎ᠠ | ᠪᠠᠷ ᠠᠯᠬᠤᠯᠠᠨ᠂ ᠲᠡᠦᠬᠡ ᠶᠢᠨ ᠬᠦᠷᠲᠦ ᠶᠢ ᠴᠢᠩᠭᠠᠭᠠᠨ ᠦᠨᠦᠳᠦᠷ ᠬᠦᠷᠪᠡ ᠳ᠋ᠠ᠃ ᠪᠢ ᠴᠦ ᠠᠷᠪᠠ ᠭᠠᠷᠲᠠᠯ᠎ᠠ | ᠪᠠᠨ ᠡᠵᠢ ᠶᠢᠨ ᠬᠡᠰᠢᠭ ᠬᠡᠮᠡᠭᠳᠡᠭᠰᠡᠨ ᠴᠢᠯᠳᠡᠩ ᠬᠦᠬᠡ ᠰᠢᠳᠦ ᠲᠠᠪᠤᠰᠤ ᠶᠢ ᠢᠳᠡᠵᠦ ᠦᠰᠦᠭᠰᠡᠨ ᠶᠤᠮ᠃ | ᠦᠨᠡᠨ ᠳᠡᠭᠡᠨ ᠲᠡᠷᠠ ᠮᠠᠨᠢ ᠡᠵᠢ ᠶᠢᠨ ᠬᠡᠰᠢᠭ᠂ ᠡᠵᠢ ᠶᠢᠨ ᠬᠡᠰᠢᠭ ᠢ ᠵᠠᠯᠠᠵᠦ ᠠᠪᠴᠢᠷᠠᠭᠰᠠᠨ ᠦᠬᠡᠷ ᠲᠡᠷᠭᠡᠨ | ᠤ ᠠᠴᠢ ᠭᠠᠪᠢᠶ᠎ᠠ ᠪᠠᠶᠢᠭᠰᠠᠨ ᠰᠢᠦ ᠃ ᠲᠡᠶᠢᠮᠦ ᠴᠦ ᠪᠤᠯᠤᠭᠠᠳ ᠲᠠᠷᠠ ᠦᠦ᠂ ᠨᠤᠲᠤᠭ ᠤᠨ ᠮᠠᠨᠢ ᠬᠡᠳᠦᠨ ᠬᠦᠬᠡ | ᠡᠪᠦᠭᠡᠳ ᠡᠷ᠎ᠡ ᠶᠢᠨ ᠰᠢᠨᠳᠠᠰᠦ ᠰᠢᠯᠭᠠᠭᠰᠠᠨ ᠡᠵᠢ ᠶᠢᠨ ᠠᠶᠠᠨ ᠢᠶᠠᠨ ᠲᠤᠷᠠᠰᠬᠤ ᠲᠤᠷᠠᠲᠠᠢ᠂ ᠡᠵᠢ ᠶᠢᠨ ᠠᠶᠠᠨ | ᠳᠤ ᠲᠦᠰᠢᠭ ᠪᠤᠯᠤᠭᠰᠠᠨ ᠦᠬᠡᠷ ᠲᠡᠷᠭᠡ ᠪᠠᠨ ᠴᠦ ᠦᠭᠡᠶᠢᠯᠡᠬᠦ ᠲᠤᠷᠠᠲᠠᠢ᠃ | ᠡᠭᠦᠨ ᠢ ᠦᠯᠦ ᠦᠭᠦᠯᠡᠨ ᠤᠨ ᠴᠠᠭ ᠤᠨ ᠲᠤᠭᠤᠴᠢᠨ ᠮᠢᠨᠤ ᠪᠠᠭ᠎ᠠ ᠨᠠᠰᠤᠨ ᠤ ᠲᠡᠷᠡ ᠭᠡᠭᠡᠨ | ᠲᠤᠷᠠᠳᠬᠠᠯ ᠳᠤ ᠤᠴᠢᠰᠤ᠃ ᠵᠢᠯ ᠪᠦᠷᠢ ᠶᠢᠨ ᠳᠠᠪᠤᠨ ᠰᠠᠷ᠎ᠠ ᠶᠢᠨ ᠡᠬᠢ ᠪᠤᠯᠪᠠᠯ ᠮᠠᠨ ᠤ ᠨᠤᠲᠤᠭ ᠢᠶᠠᠷ | ᠵᠣᠰᠠᠭᠠᠯ ᠳᠤ ᠭᠠᠷᠤᠨ᠎ᠠ ᠭᠡᠳ ᠬᠦᠯ ᠬᠦᠭᠡᠷᠴᠦᠭ ᠪᠤᠯᠳᠠᠭ᠃ ᠵᠤᠰᠠᠭᠠᠯ ᠳᠤ ᠬᠦᠷᠲᠡᠯ᠎ᠡ ᠭᠤᠷᠪᠠᠨ ᠵᠠᠭᠤ ᠰᠢᠬᠠᠮ | ᠭᠠᠵᠠᠷ ᠪᠠᠶᠢᠳᠠᠭ ᠲᠤᠯᠠ ᠭᠤᠷᠪᠠ ᠲᠦᠷᠪᠡ ᠬᠤᠨᠤᠵᠦ ᠬᠦᠷᠦᠨ᠎ᠡ᠃ ᠭᠡᠷ ᠲᠡᠷᠭᠡ᠂ ᠪᠦᠷᠢᠶᠡᠰᠦ ᠲᠠᠲᠠᠯᠭ᠎ᠠ᠂ ᠡᠳ᠋ᠯᠡᠯ | ᠬᠡᠷᠡᠭᠰᠡᠯ ᠭᠡᠳ ᠠᠮᠢᠳᠤᠷᠠᠯ ᠤᠨ ᠪᠦᠬᠦ ᠵᠦᠢᠯ ᠬᠡᠷᠡᠭᠲᠡᠢ ᠲᠤᠯᠠ ᠨᠡᠭᠦᠵᠦ ᠪᠠᠭᠤᠬᠤ ᠡᠭᠦᠷᠭᠡ ᠨᠢ ᠪᠠᠰᠠ ᠯᠡ | ᠬᠦᠭᠡᠷᠦᠬᠦᠢ ᠮᠠᠭᠤ ᠦᠬᠡᠷ ᠲᠡᠷᠭᠡᠨ ᠳᠤ ᠤᠨᠤᠭᠳᠠᠨ᠎ᠠ᠃ ᠨᠢᠭᠡ ᠡᠷᠦᠬᠡ ᠶᠢᠨ ᠬᠢᠨ ᠭᠤᠷᠪᠠ ᠠᠴᠠ ᠲᠠᠪᠤᠨ ᠦᠬᠡᠷ | ᠲᠡᠷᠭᠡ ᠬᠡᠷᠡᠭᠰᠡᠵᠦ ᠨᠡᠭᠦᠳᠡᠭ ᠲᠦᠯᠦᠪ ᠲᠠᠢ᠂ ᠨᠢᠭᠡ ᠲᠤᠨᠢ ᠭᠡᠷ ᠲᠡᠷᠭᠡ ᠪᠠᠨ᠂ ᠨᠦᠭᠦᠭᠡ ᠳᠤᠨᠢ ᠢᠳᠡᠰᠢ ᠤᠤᠭᠤᠰᠢ | ᠂ ᠲᠤᠭᠤᠭ᠎ᠠ ᠰᠢᠨᠠᠭ᠎ᠠ ᠭᠡᠳ᠂ ᠪᠠᠰᠠ ᠨᠢᠭᠡ ᠨᠢ ᠠᠮᠠᠷᠠᠵᠦ ᠠᠮᠤᠰᠬᠢᠬᠤ᠂ ᠮᠠᠨᠠᠭᠠᠨ ᠳᠤ ᠭᠠᠷᠬᠤ ᠳᠤ | ᠵᠤᠷᠢᠭᠤᠯᠤᠯᠲᠠ ᠲᠠᠢ ᠮᠤᠬᠤᠯᠠᠭ ᠲᠡᠷᠭᠡ ᠪᠠᠶᠢᠳᠠᠭ᠃ ᠤᠤᠯ ᠨᠢ ᠲᠡᠪᠡᠷᠢ ᠪᠠᠭᠲᠠᠬᠤ ᠦᠭᠡᠢ ᠴᠠᠭᠠᠨ ᠬᠤᠰᠤ ᠮᠤᠲᠤ | ᠶᠢ ᠰᠤᠩᠭᠤᠨ ᠠᠯᠳᠠ ᠢᠯᠡᠭᠦᠦ ᠵᠠᠢ ᠲᠠᠯᠪᠢᠨ ᠣᠶᠢᠰᠤ ᠶᠢ ᠨᠢ ᠲᠡᠭᠡᠭᠦᠷ ᠨᠢ ᠨᠢᠭᠡ ᠲᠤᠭᠤᠶᠢᠯᠠᠵᠦ ᠵᠦᠰᠦᠭᠡᠳ᠂ | ᠲᠤᠤᠭᠤᠷ ᠨᠢ ᠪᠠᠰᠠ ᠨᠢᠭᠡ ᠲᠤᠭᠤᠶᠢᠯᠠᠵᠦ ᠵᠦᠰᠦᠭᠡᠳ᠂ ᠬᠤᠶᠠᠷ ᠵᠦᠰᠦᠭᠡᠰᠦ ᠪᠠᠨ ᠬᠤᠯᠪᠤᠵᠦ ᠵᠦᠰᠦᠭᠡᠳ | ᠱᠠᠭᠠᠯᠠᠵᠦ ᠠᠪᠴᠢᠬᠠᠭᠠᠳ ᠨᠠᠷᠠᠨ ᠳᠤ ᠬᠤᠶᠠᠷ ᠡᠳᠦᠷ ᠬᠠᠲᠠᠭᠠᠪᠠᠯ ᠮᠤᠬᠤᠯᠠᠭ ᠤᠨ ᠬᠡᠯᠪᠡᠷᠢᠲᠠᠢ ᠮᠦᠬᠡᠷᠦᠦ | ᠬᠠᠲᠠᠴᠢᠬᠠᠳᠠᠭ ᠪᠦᠭᠡᠳ ᠪᠤᠷᠤᠭᠠᠨ ᠭᠤᠭᠤᠵᠢᠬᠤ ᠦᠭᠡᠢ ᠲᠤᠯᠠ ᠲᠡᠷᠭᠡᠨ ᠤ ᠮᠤᠬᠤᠯᠠᠭ ᠬᠢᠵᠦ ᠪᠠᠶᠢᠯ᠎ᠠ ᠭᠡᠳᠡᠭ᠃ | ᠦᠨᠦ ᠶᠢᠨ ᠰᠢᠭ ᠰᠦᠯᠢᠶᠦᠦ ᠡᠨᠡ ᠲᠡᠷᠡ ᠭᠡᠬᠦᠴᠢᠯᠡᠨ ᠤᠰᠤ ᠪᠤᠷᠤᠭᠠᠨ ᠬᠠᠯᠬᠠᠯᠠᠬᠤ ᠮᠠᠲ᠋ᠧᠷᠢᠶᠠᠯ ᠦᠭᠡᠢ ᠨᠦᠬᠦᠴᠡᠯ | ᠳᠤ ᠪᠠᠶᠢᠭᠠᠯᠢ ᠠᠴᠠ ᠠᠪᠤᠭᠰᠠᠨ ᠬᠡᠰᠢᠭ ᠨᠢ ᠲᠡᠷᠡ ᠃ | ᠨᠡᠭᠡᠷᠡᠨ ᠨᠡᠭᠦᠳᠡᠯᠴᠢᠨ ᠮᠤᠩᠭᠤᠯᠴᠤᠳ ᠤᠨ ᠠᠮᠢᠳᠤᠷᠠᠯ ᠤᠨ ᠶᠡᠬᠡᠩᠬᠢ ᠬᠡᠷᠡᠭᠰᠡᠯ ᠪᠦᠷ ᠪᠠᠶᠢᠭᠠᠯᠢ ᠶᠢᠨ | ᠪᠡᠯᠡᠨ ᠮᠠᠲ᠋ᠧᠷᠢᠶᠠᠯ ᠢ ᠠᠰᠢᠭᠯᠠᠭᠰᠠᠨ ᠪᠦᠭᠡᠳ ᠶᠡᠭᠡ ᠡᠷᠲᠡᠨ ᠤ ᠲᠡᠦᠬᠡ ᠶᠢᠨ ᠤᠯᠪᠠᠭ᠎ᠠ ᠲᠠᠢ ᠶᠤᠮ ᠪᠠᠶᠢᠨ᠎ᠠ᠃ | ᠭᠠᠭᠴᠠ ᠦᠬᠡᠷ ᠲᠡᠷᠭᠡ ᠪᠠᠷ ᠵᠢᠱᠢᠶᠡᠯᠡᠬᠦ ᠳᠤ ᠮᠤᠨᠢ ᠠᠭᠤᠯᠠ ᠶᠢᠨ ᠬᠠᠲᠠᠨ ᠵᠢᠷᠤᠭ᠂ ᠪᠤᠳᠠᠷ ᠤᠨ ᠬᠠᠳᠠᠨ | ᠵᠢᠷᠤᠭ ᠵᠡᠷᠭᠡ ᠮᠤᠩᠭᠤᠯ ᠤᠨ ᠠᠭᠤᠳᠠᠮ ᠨᠤᠲᠤᠭ ᠲᠤ ᠲᠠᠷᠬᠠᠨ ᠪᠠᠶᠢᠷᠢᠰᠢᠭᠰᠠᠨ ᠬᠠᠳᠠᠨ ᠵᠢᠷᠤᠭ ᠲᠤ ᠪᠦᠷ | ᠲᠡᠷᠭᠡᠨ ᠤ ᠲᠤᠬᠠᠢ ᠵᠢᠷᠤᠭ ᠪᠠᠶᠢᠳᠠᠭ ᠨᠢ ᠬᠡᠳᠦᠨ ᠲᠦᠮᠡᠨ ᠵᠢᠯ ᠤᠨ ᠡᠮᠦᠨ᠎ᠡ ᠨᠡᠭᠦᠳᠡᠯᠴᠢᠨ ᠠᠶᠢᠮᠠᠭ ᠤᠨ ᠬᠢᠨ ︽ | ᠬᠦᠷᠲᠦ︾ ᠶᠢᠨ ᠤᠭ ᠶᠤᠰᠤ ᠶᠢ ᠢᠯᠡᠷᠡᠭᠦᠯᠵᠦ᠂ ᠲᠡᠷᠭᠡ ᠶᠢ ᠡᠭᠦᠳᠦᠨ ᠠᠮᠢᠳᠤᠷᠠᠯ ᠳᠠᠭᠠᠨ ᠠᠰᠢᠭᠯᠠᠵᠦ | ᠪᠠᠶᠢᠭᠰᠠᠨ ᠢ ᠬᠠᠷᠠᠭᠤᠯᠵᠦ ᠪᠠᠶᠢᠨ᠎ᠠ᠃ ᠡᠷᠳᠡᠮᠲᠡᠳ ᠤᠨ ᠰᠤᠳᠤᠯᠭᠠᠨ ᠢ ᠦᠨᠳᠦᠰᠦᠯᠡᠪᠡᠯ ᠲᠡᠷᠭᠡ ᠶᠢᠨ | ᠬᠦᠭᠵᠢᠯᠲᠡ ᠶᠢᠨ ᠠᠩᠬᠠᠨ ᠤ ᠱᠠᠳᠤᠨ ᠳᠤ ᠬᠦᠷᠲᠦ ᠪᠤᠢ ᠪᠤᠯᠵᠦ᠂ ᠬᠦᠷᠲᠦ ᠨᠢ ᠲᠡᠩᠭᠡᠯᠢᠭ ᠲᠠᠢ ᠪᠠᠨ ᠬᠠᠮᠲᠦ | ᠡᠷᠭᠢᠯᠳᠦᠳᠡᠭ ᠪᠠᠶᠢᠭᠰᠠᠨ᠂ ᠬᠦᠷᠲᠦ ᠨᠢ ᠪᠤᠯᠤ ᠦᠭᠡᠢ᠂ ᠮᠦᠭᠡᠷ ᠦᠭᠡᠢ᠂ ᠬᠡᠭᠡᠰᠦ ᠦᠭᠡᠢ ᠴᠤᠯ ᠮᠤᠳᠤᠨ ᠬᠦᠷᠲᠦ | ᠪᠠᠶᠢᠵᠠᠢ᠃ ᠬᠤᠶᠠᠳᠤᠭᠠᠷ ᠱᠠᠲᠤᠨ ᠳᠤ ᠪᠤᠯᠤ ᠶᠢ ᠡᠭᠦᠳᠴᠦ᠂ ᠪᠤᠯᠤ ᠨᠢ ᠲᠡᠩᠭᠡᠯᠢᠭ ᠢᠶᠠᠷ ᠢᠶᠠᠨ ᠡᠷᠭᠢᠯᠳᠦᠬᠦ | ᠬᠡᠮᠵᠢᠶᠡᠨ ᠳᠤ ᠬᠦᠷᠦᠭᠰᠡᠨ ᠪᠠᠶᠢᠨ᠎ᠠ᠃ ᠬᠤᠱᠢ ᠮᠤᠷᠢ ᠬᠦᠯᠳᠡᠭ ᠭᠠᠭᠴᠠ ᠠᠷᠠᠯ ᠲᠠᠢ ᠲᠡᠷᠭᠡ᠂ ᠬᠤᠷᠢᠨ ᠬᠤᠶᠠᠷ | ᠦᠬᠡᠷ ᠬᠦᠯᠳᠡᠭ ᠲᠦᠷᠪᠡᠨ ᠬᠦᠷᠲᠦ ᠲᠠᠢ ᠭᠡᠷ ᠲᠡᠷᠭᠡ ᠨᠢ ᠡᠨᠡ ᠦᠶ᠎ᠡ ᠶᠢᠨ ᠪᠦᠲᠦᠭᠡᠭᠳᠡᠭᠦᠨ ᠶᠤᠮ ᠪᠠᠶᠢᠨ᠎ᠠ᠃ | ᠲᠡᠷᠭᠡᠨ ᠤ ᠬᠦᠭᠵᠢᠯᠲᠠ ᠶᠢᠨ ᠭᠤᠷᠪᠠᠳᠤᠭᠠᠷ ᠱᠠᠲᠤᠨ ᠳᠤ ᠮᠦᠭᠡᠷ ᠡᠭᠦᠰᠴᠦ᠂ ᠮᠦᠭᠡᠷ ᠪᠤᠯᠤᠨ ᠪᠤᠯᠤ ᠶᠢ | ᠬᠤᠯᠪᠤᠭᠰᠠᠨ ᠬᠡᠭᠡᠰᠦ ᠶᠢ ᠡᠭᠦᠳᠴᠦ᠂ ᠲᠡᠷᠭᠡ ᠤᠯᠠᠮ ᠬᠦᠩᠭᠡᠨ ᠠᠪᠰᠠᠷ ᠪᠤᠯᠵᠠᠢ᠃ ᠪᠤᠯᠤ᠂ ᠮᠦᠭᠡᠷ᠂ ᠭᠡᠭᠡᠰᠦ᠂ | ᠴᠦᠩ᠂ ᠴᠦ᠋ ᠵᠡᠷᠭᠡ ᠶᠢᠨ ᠡᠭᠦᠳᠦᠯᠲᠡ ᠨᠢ ᠤᠳᠤ ᠦᠶ᠎ᠡ ᠶᠢᠨ ᠠᠦ᠋ᠲ᠋ᠣ᠋ ᠬᠦᠩᠭᠡᠨ ᠮᠠᠰᠢᠨ ᠤ ᠪᠦᠲᠦᠴᠡ ᠶᠢᠨ | ᠡᠬᠢ ᠡᠭᠦᠰᠦᠯ ᠤᠨ ᠨᠢᠭᠡ ᠪᠤᠯᠤᠭᠰᠠᠨ ᠪᠠᠶᠢᠨ᠎ᠠ᠃ ᠪᠠᠭ᠋ᠠᠷᠬᠠᠭᠤᠰᠢᠲᠠᠢ ᠨᠢ ᠨᠡᠭᠦᠳᠡᠯᠴᠢᠨ ᠲᠡᠭᠡᠳᠦᠰ ᠮᠠᠨᠢ ᠬᠦᠷᠲᠦ᠂ | ᠪᠤᠯᠤ᠂ ᠲᠡᠩᠭᠡᠯᠢᠭ᠂ ᠭᠡᠭᠡᠰᠦ ᠶᠢᠨ ᠤᠭ ᠶᠤᠰᠤ ᠶᠢ ᠠᠯᠢ ᠡᠷᠲᠡ ᠠᠴᠠ ᠲᠠᠨᠢᠵᠦ ᠲᠡᠷᠭᠡ ᠶᠢ ᠡᠭᠦᠳᠦᠨ ᠠᠳᠠᠯ | ᠠᠮᠢᠳᠤᠷᠠᠯ ᠳᠠᠭᠠᠨ ᠠᠰᠢᠭᠯᠠᠭᠰᠠᠨ ᠲᠡᠳᠦᠢ ᠦᠭᠡᠢ ᠬᠦᠮᠦᠨ ᠲᠦᠷᠦᠯᠬᠢᠲᠡᠨ ᠤ ᠰᠢᠨᠵᠢᠯᠡᠬᠦ ᠤᠬᠠᠭᠠᠨ ᠤ | ᠬᠦᠭᠵᠢᠯᠲᠡ ᠳᠤ ᠬᠤᠪᠢ ᠨᠡᠮᠡᠭᠦᠷᠢ ᠦᠵᠡᠭᠦᠯᠦᠭᠰᠡᠨ ᠪᠠᠶᠢᠨ᠎ᠠ᠃ | ᠦᠬᠡᠷ ᠲᠡᠷᠭᠡ ᠭᠡᠳᠡᠭ ᠦᠨᠡᠬᠡᠷ ᠮᠡᠳᠡᠬᠦ ᠦᠭᠡᠢ ᠬᠦᠮᠦᠨ ᠳᠤ ᠪᠦᠲᠦᠭᠦᠯᠢᠭ᠂ ᠲᠦᠭᠦᠮ ᠬᠢᠴᠢᠲᠠᠢ ᠵᠦᠢᠯ | ᠪᠠᠶᠢᠭᠰᠠᠨ ᠴᠦ ᠨᠠᠷᠢᠨ ᠠᠵᠢᠵᠦ ᠰᠤᠷᠠᠪᠠᠯ ᠶᠡᠭᠡ ᠤᠷᠠᠨ ᠨᠠᠷᠢᠨ ᠪᠦᠲᠦᠴᠡ ᠲᠠᠢ᠂ ᠰᠢᠨᠵᠢᠯᠡᠬᠦ ᠤᠬᠠᠭᠠᠨ ᠤ ᠵᠢᠮ᠎ᠠ | ᠶᠤᠰᠤ ᠲᠠᠢ ᠵᠦᠢ ᠪᠠᠶᠢᠳᠠᠭ ᠪᠠᠶᠢᠨ᠎ᠠ ᠃ ᠦᠬᠡᠷ ᠲᠡᠷᠭᠡ ᠶᠢ ᠮᠤᠩᠭᠤᠯ ᠨᠤᠲᠤᠭ ᠤᠨ ᠤᠯᠠᠨ ᠭᠠᠵᠠᠷ ᠬᠠᠩᠭᠠᠢ | ᠲᠡᠷᠭᠡ᠂ ᠭᠤᠭᠤᠵᠢᠭᠤᠷ ᠲᠡᠷᠭᠡ᠂ ᠦᠬᠡᠷ ᠲᠡᠷᠭᠡ᠂ ᠮᠤᠲᠤᠨ ᠲᠡᠷᠭᠡ᠂ ᠦᠬᠡᠷ ᠬᠠᠰᠠᠭ ᠭᠡᠬᠦᠴᠢᠯᠡᠨ ᠢᠯᠭᠠᠨ | ᠰᠠᠯᠭᠠᠵᠦ ᠨᠡᠷᠡᠯᠡᠵᠦ ᠪᠠᠶᠢᠭᠰᠠᠨ ᠴᠦ ᠦᠨᠳᠦᠰᠦᠨ ᠪᠦᠲᠦᠴᠡ ᠶᠢᠨ ᠬᠤᠪᠢ ᠳᠤ ᠪᠠᠷᠤᠭ ᠠᠳᠠᠯᠢ ᠪᠠᠶᠢᠵᠦ᠂ ᠠᠷᠠᠯ | ᠤᠨ ᠬᠡᠰᠡᠭ᠂ ᠬᠦᠷᠳᠤᠨ ᠤ ᠬᠡᠰᠡᠭ ᠢᠶᠠᠷ ᠪᠦᠷᠢᠯᠳᠦᠳᠡᠭ᠃ ᠮᠠᠨ ᠤ ᠨᠤᠲᠤᠭ ᠤᠨ ᠮᠤᠲᠤᠨ ᠲᠡᠷᠭᠡ ᠨᠢ ᠠᠷᠠᠯ | ᠤᠨ ᠬᠡᠰᠡᠭ ᠨᠢ ᠠᠷᠠᠯ᠂ ᠢᠯᠠᠤ᠂ ᠶᠠᠱᠢᠩ᠂ ᠪᠤᠭᠤᠯᠠᠭ᠎ᠠ᠂ ᠪᠤᠭᠤᠷᠭᠢᠯᠵᠢ᠂ ᠪᠤᠢ᠂ ᠵᠦᠯᠡᠭᠡ᠂ ᠴᠦ᠋᠂ ᠠᠳᠠᠭᠠᠷ᠂ | ᠲᠠᠭ ᠵᠡᠷᠭᠡ ᠢᠶᠠᠷ ᠪᠦᠷᠢᠯᠳᠦᠨ᠂ ᠬᠦᠷᠲᠦ ᠶᠢᠨ ᠬᠡᠰᠡᠭ ᠨᠢ ᠂ ᠪᠤᠯᠤ᠂ ᠮᠦᠭᠡᠷ᠂ ᠭᠡᠬᠡᠰᠦ᠂ ᠰᠢᠭᠠᠨᠲᠠᠭ᠂ | ᠲᠡᠩᠭᠡᠯᠢᠭ᠂ ᠡᠮᠡᠭᠡᠯ᠂ ᠬᠤᠯᠪᠤᠭᠤᠷ᠂ ᠴᠦ᠋ ᠵᠡᠷᠭᠡ ᠠᠴᠠ ᠪᠦᠷᠢᠯᠳᠦᠳᠡᠭ᠃ ᠮᠦᠭᠡᠷ ᠤᠨ ᠨᠦᠭᠡ ᠴᠣᠭᠤᠯᠬᠤ ᠪᠠᠷ | ᠵᠢᠱᠢᠶᠡᠯᠡᠬᠦ ᠳᠤ ᠨᠦᠬᠡ ᠴᠣᠭᠤᠯᠬᠤ᠂ ᠠᠮᠠ ᠰᠡᠭᠡᠷ ᠵᠣᠯᠭᠠᠭᠤᠯᠬᠤ ᠭᠡᠳ ᠤᠷᠠᠨ ᠨᠠᠷᠢᠨ ᠠᠵᠤ ᠪᠤᠢ᠃ ᠲᠡᠭᠡᠬᠦ | ᠪᠠᠷ ︽ᠮᠡᠳᠡᠨ᠎ᠡ ᠮᠡᠳᠡᠨ᠎ᠡ ᠭᠡᠳ ᠮᠦᠭᠡᠷ ᠤᠨ ᠨᠦᠬᠡ ᠶᠢ ᠲᠦᠷᠪᠡ ᠴᠣᠭᠤᠯᠬᠤ︾᠂ ︽ᠠᠮᠠ ᠰᠡᠭᠡᠷ ᠢ ᠨᠢ | ᠵᠤᠯᠭᠠᠭᠤᠯᠬᠤ︾ ᠮᠡᠳᠦ ᠶᠢᠨ ᠠᠷᠠᠳ ᠤᠨ ᠰᠡᠴᠡᠨ ᠦᠭᠡ ᠪᠤᠢ ᠪᠣᠯᠣᠭᠰᠠᠨ ᠪᠢᠵᠡ᠃ ᠮᠤᠩᠭᠤᠯᠴᠤᠳ ᠮᠠᠨᠢ ᠡᠬᠡ | ᠪᠠᠶᠢᠭᠠᠯᠢ ᠠᠴᠠ ᠪᠠᠨ ᠮᠠᠲ᠋ᠧᠷᠢᠶᠠᠯ ᠠᠪᠴᠦ ᠮᠤᠲᠤᠨ ᠲᠡᠷᠭᠡ ᠬᠢᠬᠦ ᠳᠤ ᠬᠦᠷᠲᠡᠯ᠎ᠡ ᠰᠢᠭᠤᠢ ᠮᠤᠲᠤ ᠪᠠᠨ | ᠬᠠᠶᠢᠷᠠᠯᠠᠨ ᠭᠠᠮᠨᠠᠬᠤ ᠤᠬᠠᠮᠰᠠᠷ ᠲᠠᠢ ᠪᠠᠶᠢᠵᠦ᠂ ᠮᠤᠲᠤ ᠤᠨᠠᠭᠠᠬᠤ ᠳᠠᠭᠠᠨ ᠨᠠᠷᠢᠨ ᠰᠢᠨᠵᠢᠵᠦ ᠤᠯᠠᠨ ᠬᠡᠷᠡᠭᠴᠡᠭᠡ | ᠲᠠᠢ ᠮᠤᠳᠤ ᠶᠢ ᠰᠢᠯᠢᠵᠦ ᠠᠪᠳᠠᠭ᠃ ᠠᠷᠠᠯ ᠬᠢᠭᠡᠳ ᠦᠯᠡᠳᠡᠭᠰᠡᠨ ᠬᠡᠰᠡᠭ ᠢᠶᠠᠷ ᠨᠢ ᠢᠯᠠᠤ ᠬᠢᠬᠦ᠂ ᠪᠦᠭᠲᠦᠷ | ᠬᠡᠰᠡᠭ ᠢᠶᠠᠷ ᠨᠢ ᠡᠮᠡᠭᠡᠯ ᠬᠢᠬᠦ᠂ ᠦᠯᠡᠳᠡᠵᠦ ᠲᠤᠰᠤᠭᠰᠠᠨ ᠢᠶᠠᠷ ᠨᠢ ᠭᠡᠭᠡᠰᠦ ᠬᠢᠬᠦ ᠭᠡᠬᠦᠴᠢᠯᠡᠨ ᠨᠠᠷᠢᠨ ᠨᠢᠮᠪᠠᠢ | ᠲᠦᠯᠦᠪᠯᠡᠵᠦ ᠤᠭᠲᠤᠯᠳᠠᠭ᠃ ᠰᠢᠭᠤᠢ ᠮᠤᠲᠤ ᠡᠯᠪᠡᠭ ᠡᠷᠲᠡ ᠴᠠᠭ ᠲᠤ ᠨᠢᠭᠡ ᠬᠤᠶᠠᠷ ᠮᠤᠲᠤ ᠢᠯᠡᠬᠦᠦ | ᠣᠭᠲᠣᠯᠬᠤ ᠨᠢ ᠲᠡᠳᠦᠢ ᠯᠡ ᠶᠡᠭᠡ ᠶᠠᠪᠤᠳᠠᠯ ᠪᠢᠰᠢ ᠴᠦ ᠬᠦᠮᠦᠨ ᠪᠠᠶᠢᠭᠠᠯᠢ ᠶᠢᠨ ᠬᠠᠷᠢᠴᠠᠭ᠎ᠠ ᠶᠢ ᠡᠷᠬᠢᠮᠨᠠᠨ | ᠰᠢᠳᠦᠲᠡᠭ ᠮᠤᠩᠭᠤᠯᠴᠤᠳ ᠡᠬᠡ ᠪᠠᠶᠢᠭᠠᠯᠢ ᠪᠠᠨ ᠬᠠᠶᠢᠷᠠᠯᠠᠨ ᠬᠠᠮᠠᠭᠠᠯᠠᠬᠤ ᠶᠢ ᠮᠡᠳᠡᠵᠦ᠂ ᠬᠡᠷᠡᠭᠴᠡᠭᠡᠨ ᠤ ᠪᠠᠨ | ᠬᠢᠷᠢ ᠪᠠᠷ ᠠᠪᠴᠦ᠂ ᠠᠪᠤᠭᠰᠠᠨ ᠠᠴᠠ ᠪᠠᠨ ᠢᠯᠡᠭᠦᠲᠡᠢ ᠪᠤᠴᠠᠭᠠᠳᠠᠭ ᠨᠢ ᠦᠨᠡᠬᠡᠷ ᠭᠠᠶᠢᠬᠠᠮᠰᠢᠭ ᠶᠤᠮ ᠳ᠋ᠠ᠃ | ᠰᠢᠪᠠᠭᠤᠳ ᠤᠨ ᠴᠤᠪᠤᠭ᠎ᠠ ᠵᠡᠯᠡᠯᠡᠭᠰᠡᠨ ᠬᠦᠬᠡ ᠲᠡᠭᠷᠢ ᠶᠢᠨ ᠲᠤᠤᠷ᠎ᠠ | | ᠬᠠᠯᠠᠭᠤᠨ ᠨᠠᠮᠤᠷ ᠤᠨ ᠬᠤᠩᠭᠤᠷ ᠰᠠᠯᠬᠢ ᠰᠡᠳᠬᠢᠯ ᠭᠡᠭᠢᠯᠵᠡᠭᠦᠯᠦᠭᠰᠡᠨ᠂ ᠬᠦᠯᠦᠭ ᠡᠵᠡᠨ ᠬᠤᠶᠠᠷ ᠨᠤᠲᠤᠭ | ᠢᠶᠠᠨ ᠦᠭᠡᠶᠢᠯᠡᠬᠦ ᠨᠠᠮᠤᠷ ᠡ ᠭᠡᠳᠡᠭ ᠠᠷᠭ᠎ᠠ ᠦᠭᠡᠢ ᠯᠡ ᠦᠭᠡᠶᠢᠯᠡᠨ ᠬᠦᠯᠢᠶᠡᠬᠦ ᠠᠳᠠᠯ᠎ᠠ ᠦᠷᠦ ᠵᠢᠷᠦᠭᠡ | ᠤᠶᠠᠷᠠᠭᠤᠯᠤᠭᠰᠠᠨ ᠤᠯᠠᠷᠢᠯ ᠶᠤᠮ ᠳ᠋ᠠ᠃ ᠪᠤᠴᠠᠬᠤ ᠭᠠᠯᠠᠭᠤᠳ ᠤᠨ ᠢᠶᠠᠨ ᠴᠤᠪᠤᠭ᠎ᠠ ᠰᠢᠭ᠋ ᠵᠡᠯᠡᠯᠡᠭᠰᠡᠨ ᠠᠩᠭᠢᠷ | ᠰᠢᠷᠭᠠᠯ ᠡᠳᠦᠷ ᠤᠳ ᠠᠷᠤ ᠠᠷᠤ ᠠᠴᠠ ᠪᠠᠨ ᠴᠦᠷᠬᠡᠯᠡᠬᠦ ᠳᠤ᠂ ᠠᠯᠲᠠᠨ ᠰᠢᠷᠭᠠᠯ ᠨᠠᠮᠤᠷ ᠬᠠᠶᠠᠭᠠᠨ ᠳᠤ ᠴᠢᠨᠢ | ᠰᠠᠭᠠᠲᠠᠵᠦ ᠳ᠋ᠠ ᠭᠡᠵᠦ ᠨᠠᠷᠠ ᠰᠠᠯᠬᠢ ᠬᠤᠶᠠᠷ ᠰᠡᠳᠬᠢᠯ ᠳᠤ ᠮᠢᠨᠢ ᠰᠢᠪᠡᠨᠡᠨᠡᠮ᠃ ᠠᠢ ᠳ᠋ᠠ᠂ ᠨᠠᠮᠤᠷ ᠡ ᠴᠢ᠂ | ᠪᠠᠯᠴᠢᠷ ᠪᠠᠭ᠎ᠠ ᠶᠢᠨ ᠮᠢᠨᠢ ᠤᠶᠤᠨ ᠳᠤ ᠰᠠᠶᠢᠬᠠᠨ ᠪᠦᠬᠦᠨ ᠢᠶᠠᠷ ᠢᠶᠠᠨ ᠦᠪᠡᠷ ᠢ ᠪᠠᠨ ᠰᠡᠶᠢᠯᠵᠦ ᠦᠯᠡᠳᠡᠭᠡᠵᠡᠢ | ᠃ ᠠᠶᠢᠷᠠᠭ ᠨᠠᠶᠢᠷᠠᠭ ᠢᠶᠠᠷ ᠴᠠᠯᠬᠢᠭᠰᠠᠨ ᠠᠯᠲᠠᠨ ᠨᠠᠮᠤᠷ ᠤᠨ ᠲᠤᠬᠠᠢ ᠲᠤᠷᠠᠰᠬᠤ ᠳᠤ ᠠᠴᠢᠲᠦ ᠠᠪᠤ ᠮᠢᠨᠢ ᠦᠭᠡᠷ | ᠲᠡᠷᠭᠡ ᠲᠠᠢ ᠪᠠᠨ ᠰᠡᠳᠬᠢᠯ ᠳᠤ ᠬᠠᠮᠤᠭ ᠤᠨ ᠰᠤᠳᠤᠬᠠᠨ ᠲᠦᠷᠢ ᠵᠢᠷᠤᠭ ᠪᠤᠯᠵᠦ ᠪᠠᠭᠤᠨ᠎ᠠ᠃ ᠤᠶᠠᠩᠭ᠎ᠠ ᠶᠢᠨ | ᠰᠠᠶᠢᠬᠠᠨ ᠳᠠᠭᠤᠨ ᠤ ᠨᠤᠭᠤᠯᠤᠭ᠎ᠠ ᠰᠢᠭ᠋ ᠮᠡᠯᠮᠡᠷᠡᠭᠰᠡᠨ ᠤᠷᠲᠤ ᠨᠠᠮᠤᠷ ᠤᠨ ᠭᠤᠤᠯ ᠢ ᠠᠪᠳᠠᠭ ᠬᠠᠳᠤᠯᠠᠩ | ᠡᠪᠡᠰᠦᠨ ᠤ ᠠᠵᠢᠯ ᠭᠡᠵᠦ ᠪᠤᠷᠬᠢ ᠪᠤᠬᠢᠰᠬᠢᠯ ᠦᠭᠡᠢ ᠵᠢᠳᠬᠦᠳᠡᠭ ᠠᠪᠤ᠂ ᠦᠬᠡᠷ ᠲᠡᠷᠭᠡ ᠬᠤᠶᠠᠷ ᠮᠠᠨᠢ ᠦᠦᠷ | ᠤᠨ ᠰᠢᠪᠠᠭᠤᠳ ᠲᠠᠢ ᠤᠷᠤᠯᠳᠤᠨ ᠮᠤᠷᠳᠠᠵᠦ᠂ ᠦᠳᠡᠰᠢ ᠶᠢᠨ ᠲᠤᠯᠤᠩ ᠠᠴᠠ ᠨᠦᠮᠦᠷᠦᠨ ᠢᠷᠡᠳᠡᠭ ᠲᠡᠷᠡ ᠯᠡ | ᠲᠦᠷᠢ ᠵᠢᠷᠤᠭ ᠤᠯᠠᠨ ᠵᠢᠯ ᠤᠨ ᠠᠩᠬᠢᠷ ᠰᠢᠷᠭᠠᠯ ᠨᠠᠮᠤᠷ ᠢ ᠴᠢᠮᠡᠭᠰᠡᠨ ᠪᠤᠯᠤᠭᠠᠳ ᠲᠡᠷᠡ ᠪᠢᠵᠡ᠃ | ᠨᠠᠢᠮᠠᠨ ᠰᠠᠷ᠎ᠡ ᠶᠢᠨ ᠠᠷᠪᠠᠳ ᠪᠤᠯᠬᠤ ᠬᠢᠷᠢ ᠳᠤ ᠮᠠᠨ ᠤ ᠨᠤᠲᠤᠭ ᠲᠤ ᠬᠠᠳᠤᠯᠠᠩ ᠤᠨ ᠪᠡᠯᠡᠳᠬᠡᠯ ᠭᠡᠵᠦ | ᠪᠤᠵᠢᠭᠢᠨᠠᠵᠦ ᠭᠠᠷᠳᠠᠭ᠃ ᠨᠠᠶᠢᠷ ᠨᠠᠭᠠᠳᠤᠮ ᠳᠤ ᠰᠡᠳᠬᠢᠯ ᠰᠡᠷᠭᠦᠭᠰᠡᠨ ᠴᠡᠩᠭᠡᠯᠲᠦ ᠵᠤᠨ ᠢᠶᠠᠨ ᠦᠳᠡᠭᠰᠡᠨ ᠮᠠᠯᠴᠢᠳ | ᠮᠠᠨᠢ ᠡᠪᠦᠯ ᠬᠠᠪᠤᠷ ᠤᠨ ᠵᠢᠷᠭᠤᠭᠠᠨ ᠰᠠᠷ᠎ᠠ ᠶᠢ ᠦᠳᠡᠬᠦ ᠪᠡᠯᠡᠳᠬᠡᠯ ᠢᠶᠠᠨ ᠡᠷᠲᠡ ᠠᠴᠠ ᠡᠬᠢᠯᠡᠨ᠎ᠡ᠃ | ᠰᠤᠭᠤᠶᠢᠭᠰᠠᠨ ᠰᠠᠶᠢᠬᠠᠨ ᠪᠤᠷᠭᠠᠰᠦ ᠶᠢ ᠰᠤᠩᠭᠤᠨ᠂ ᠠᠷᠭᠠᠯ ᠤᠨ ᠭᠠᠯ ᠳᠤ ᠰᠢᠷᠠᠵᠦ᠂ ᠰᠦᠮᠪᠦ ᠰᠢᠭ | ᠰᠢᠯᠤᠭᠤᠨ᠂ ᠰᠤᠮᠤ ᠰᠢᠭ᠋ ᠠᠰᠬᠠᠨ ᠵᠠᠰᠠᠵᠦ ᠵᠠᠯᠠᠵᠦ ᠭᠠᠷᠳᠠᠭ ᠨᠢ ᠬᠠᠳᠤᠭᠤᠷ ᠰᠠᠨᠳᠤᠤ ᠡᠰᠢᠯᠡᠬᠦ ᠶᠢᠨ | ᠠᠩᠬᠠᠨ ᠤ ᠠᠵᠢᠯ᠃ ᠬᠠᠯᠠᠭᠤᠨ ᠳᠤ ᠬᠠᠯᠠᠵᠦ᠂ ᠬᠦᠢᠲᠡᠨ ᠳᠤ ᠬᠦᠷᠦᠵᠦ᠂ ᠵᠠᠰᠠᠵᠦ ᠵᠠᠯᠠᠭᠳᠠᠭᠰᠠᠭᠠᠷ | ᠬᠡᠷᠡᠭᠴᠡᠭᠡ ᠲᠠᠢ ᠶᠠᠭᠤᠮ᠎ᠠ ᠪᠤᠯᠳᠠᠭ ᠨᠢ ᠮᠤᠳᠤᠨ ᠳᠤ ᠪᠠᠶᠢᠲᠤᠭᠠᠢ ᠬᠦᠮᠦᠨ ᠳᠤ ᠴᠦ ᠢᠵᠢᠯᠢᠬᠡᠨ ᠲᠠᠪᠢᠯᠠᠩ ᠶᠤᠮ | ᠳ᠋ᠠ᠃ ᠬᠠᠪᠤᠷ ᠵᠤᠨ ᠤ ᠲᠤᠷᠰᠢ ᠨᠠᠷᠠᠨ ᠳᠤ ᠰᠢᠷᠠᠭᠳᠠᠵᠦ᠂ ᠪᠤᠷᠤᠭᠠᠨ ᠳᠤ ᠴᠤᠬᠢᠭᠳᠠᠨ ᠬᠦᠭᠡᠴᠦ ᠰᠠᠭᠤᠭᠰᠠᠨ | ᠲᠡᠷᠭᠡ ᠬᠦᠰᠭᠡ ᠪᠠᠨ ᠵᠠᠰᠠᠵᠦ ᠰᠡᠯᠪᠢᠨ᠂ ᠠᠷᠠᠯ ᠤᠨ ᠬᠦᠷᠡᠭ ᠢᠶᠠᠨ ᠭᠠᠷ ᠲᠤ ᠲᠠᠰᠬᠠᠨᠠ ᠭᠡᠳᠡᠭ ᠴᠦ ᠭᠡᠴᠡᠭᠦᠦ | ᠠᠵᠦ ᠡ᠂ ᠬᠠᠪᠤᠷᠵᠢᠶ᠎ᠠ ᠵᠤᠰᠠᠯᠠᠩ ᠢᠶᠠᠷ ᠲᠤᠷ᠎ᠠ ᠪᠠᠷ ᠢᠶᠠᠨ ︽ᠰᠡᠯᠡᠭᠦᠴᠡᠨ︾᠂ ᠬᠤᠷ ᠵᠠᠳᠠᠭᠠᠢ ᠪᠡᠯᠴᠢᠭᠡᠷ ᠲᠤ | ᠢᠵᠠᠷᠠᠲᠠᠯ᠎ᠠ ᠪᠠᠨ ᠲᠠᠷᠭᠤᠯᠠᠭᠰᠠᠨ ᠬᠦᠷᠡᠩ ᠦᠬᠡᠷ ᠴᠦ ᠤᠶᠠᠬᠠᠨ ᠨᠠᠮᠤᠷ ᠤᠨ ᠰᠡᠪᠰᠢᠶ᠎ᠡ ᠰᠠᠯᠬᠢᠨ ᠢᠶᠠᠷ ᠡᠪᠡᠰᠦᠨ | ᠤ ᠠᠵᠢᠯ ᠡᠬᠢᠯᠡᠬᠦ ᠨᠢ ᠭᠡᠵᠦ ᠤᠯᠠᠨ ᠵᠢᠯ ᠤᠨ ︽ᠲᠤᠷᠰᠢᠯᠭ᠎ᠠ︾ ᠪᠠᠷ ᠢᠶᠠᠨ ᠮᠡᠳᠡᠳᠡᠭ ᠪᠤᠯᠤᠯᠳᠠᠢ᠂ ᠭᠡᠷ ᠤᠨ | ᠤᠶᠢᠷ᠎ᠠ ᠬᠠᠪᠢ ᠪᠠᠷ ᠪᠡᠯᠴᠢᠭᠡᠳ ᠦᠭᠭᠦᠨ᠎ᠡ᠃ ᠬᠦᠭᠡᠷᠦᠬᠦᠢ ᠮᠠᠭᠤ ᠬᠦᠷᠡᠩ ᠦᠭᠡᠷ ᠢ ᠠᠪᠤ ᠮᠢᠨᠢ ᠰᠢᠳᠦᠯᠡᠩ | ᠠᠴᠠ ᠨᠢ ᠤᠨᠤᠭ᠎ᠠ ᠬᠦᠯᠦᠰᠢᠨ ᠳᠤ ᠰᠤᠷᠭᠠᠯ᠎ᠠ ᠭᠡᠳᠡᠭ᠃ ᠦᠬᠡᠷ ᠢ ᠬᠡᠲᠦᠷᠬᠡᠢ ᠪᠠᠭ᠎ᠠ ᠳᠤᠨᠢ ᠰᠤᠷᠭᠠᠪᠠᠯ ᠲᠠᠷ | ᠴᠢᠳᠠᠯ ᠪᠠᠷᠤᠭᠲᠠᠢ᠂ ᠰᠤᠷᠭᠠᠬᠤ ᠨᠠᠰᠤᠨ ᠠᠴᠠ ᠬᠡᠲᠦᠷᠡᠪᠡᠯ ᠡᠳ᠋ᠯᠡᠵᠦ ᠰᠤᠷᠭᠠᠬᠤ ᠳᠤ ᠬᠦᠴᠢᠷ ᠪᠤᠯᠴᠢᠬᠠᠳᠠᠭ ᠭᠡᠳ | ᠶᠡᠬᠡᠩᠬᠢ ᠳᠡᠭᠡᠨ ᠬᠢᠵᠠᠭᠠᠯᠠᠩ ᠬᠦᠷᠦᠭᠡᠳ ᠰᠤᠷᠭᠠᠳᠠᠭ ᠴᠦ ᠮᠠᠭᠤ ᠬᠦᠷᠡᠩ ᠢᠶᠠᠨ ᠰᠢᠳᠦᠯᠡᠩ ᠳᠤᠨᠢ | ᠰᠤᠷᠭᠠᠴᠢᠬᠠᠭᠰᠠᠨ ᠶᠤᠮ᠂ ᠬᠦᠭᠡᠷᠦᠬᠦᠢ᠂ ᠨᠤᠮᠤᠬᠠᠨ ᠵᠠᠩ ᠵᠦᠭᠡᠯᠡᠨ ᠠᠭᠠᠰᠢ ᠲᠠᠢ᠂ ᠲᠠᠷ ᠬᠦᠴᠦ ᠰᠠᠶᠢᠲᠠᠢ᠂ | ᠬᠦᠮᠦᠨ ᠤ ᠤᠬᠠᠭᠠᠨ ᠲᠠᠢ ᠠᠳᠤᠭᠤᠰᠦ ᠶᠤᠮ ᠳ᠋ᠠ᠃ ᠮᠠᠨ ᠤ ᠬᠢᠨ ᠳᠤ ᠤᠯᠠᠨ ᠵᠢᠯ ᠬᠦᠴᠦ ᠪᠠᠨ | ᠦᠭᠭᠦᠭᠰᠡᠨ ᠪᠤᠶᠠᠨᠲᠠᠢ ᠮᠠᠯ ᠶᠤᠮ ᠰᠢᠦ ᠭᠡᠵᠦ ᠠᠪᠤ ᠮᠢᠨᠢ ᠲᠤᠷᠠᠰᠤᠨ ᠶᠠᠷᠢᠳᠠᠭ ᠨᠢ ᠬᠤᠳᠠᠯ ᠪᠢᠰᠢ ᠡ᠃ | ᠬᠦᠯᠦᠯᠭᠡ ᠶᠢᠨ ᠦᠬᠡᠷ ᠰᠤᠷᠭᠠᠨ᠎ᠠ ᠭᠡᠳᠡᠭ ᠦᠨᠡᠬᠡᠷ ᠮᠤᠩᠭᠤᠯ ᠬᠦᠮᠦᠨ ᠤ ᠤᠷ᠎ᠠ ᠤᠬᠠᠭᠠᠨ ᠢ | ᠭᠠᠶᠢᠬᠠᠭᠤᠯᠤᠭᠰᠠᠨ ᠠᠵᠦ ᠶᠢᠨ ᠨᠢᠭᠡ ᠶᠤᠮ ᠪᠠᠶᠢᠨ᠎ᠠ᠃ ᠬᠠᠷ᠎ᠠ ᠪᠠᠭ᠎ᠠ ᠠᠴᠠ ᠪᠠᠨ ᠰᠠᠭᠠᠯᠢᠴᠢᠨ ᠪᠦᠰᠡᠭᠦᠶᠢᠴᠦᠳ | ᠢᠶᠠᠷ ᠬᠦᠵᠦᠭᠦᠪᠴᠢᠯᠡᠭᠳᠡᠵᠦ᠂ ᠠᠷᠦ ᠠᠴᠠ ᠪᠠᠨ ᠲᠦᠯᠬᠢᠭᠦᠯᠦᠨ᠂ ᠴᠢᠬᠢᠨ ᠠᠴᠠ ᠪᠠᠨ ᠴᠢᠩᠭᠠᠭᠠᠯᠭᠠᠵᠦ᠂ | ᠢᠪᠢᠯᠭᠡᠬᠦ ᠳᠤᠨᠢ ᠲᠠᠯᠪᠢᠭᠤᠯᠵᠦ᠂ ᠰᠠᠭᠠᠬᠤ ᠳᠤᠨᠢ ᠤᠶᠠᠭᠤᠯᠵᠦ ᠦᠰᠦᠭᠰᠡᠨ ᠮᠣᠩᠭᠤᠯ ᠦᠬᠡᠷ ᠭᠡᠳᠡᠭ ᠬᠦᠮᠦᠨ | ᠳᠤ ᠢᠯᠡᠭᠦᠦ ᠳᠠᠰᠤᠯ᠂ ᠬᠥᠯᠵᠦ ᠡᠳ᠋ᠯᠡᠬᠦ ᠳᠤ ᠬᠢᠯᠪᠠᠷ ᠪᠤᠯᠴᠢᠬᠠᠳᠠᠭ ᠪᠠᠶᠢᠨ᠎ᠠ ᠯᠠᠢ᠃ ᠬᠦᠯᠦᠯᠭᠡᠨ ᠳᠤ ᠰᠤᠷᠭᠠᠬᠤ | ᠦᠬᠡᠷ ᠢ ᠪᠡᠶ᠎ᠡ ᠪᠢᠷ᠎ᠡ᠂ ᠲᠡᠩᠬᠡᠭᠡ ᠴᠢᠳᠠᠯ᠂ ᠦᠩᠬᠡ ᠵᠢᠰᠦᠮ ᠢ ᠨᠢ ᠦᠵᠡᠨ ᠰᠤᠩᠭᠤᠵᠦ᠂ ᠤᠶᠠᠵᠦ ᠬᠦᠲᠦᠯᠵᠦ | ᠰᠤᠷᠭᠠᠨ᠎ᠠ᠂ ᠰᠠᠶᠢᠨ ᠰᠤᠷᠭᠠᠭᠰᠠᠨ ᠦᠬᠡᠷ ᠲᠦᠷᠦ ᠪᠠᠨ ᠦᠵᠡᠭᠦᠯᠪᠡᠯ ᠠᠮᠠᠷᠬᠠᠨ ᠪᠠᠷᠢᠭᠳᠠᠴᠢᠬᠠᠳᠠᠭ᠃ ᠮᠠᠨ ᠤ | ᠬᠦᠷᠡᠩ ᠦᠬᠡᠷ ᠴᠦ ᠪᠡᠯᠴᠢᠬᠡᠷ ᠲᠤᠨᠢ ᠤᠴᠢᠭᠠᠳ ᠲᠦᠷᠦ ᠪᠠᠨ ᠦᠵᠡᠭᠦᠯᠪᠡᠯ ᠵᠤᠭᠰᠤᠭᠠᠳ ᠦᠭᠴᠢᠬᠡᠳᠡᠭ ᠪᠠᠶᠢᠯ᠎ᠠ᠃ | ︽ᠤᠶᠠᠵᠦ ᠬᠦᠲᠦᠯᠵᠦ ᠰᠤᠷᠭᠠᠬᠤ ᠳᠠᠭᠠᠨ ᠬᠢᠴᠢᠶᠡᠬᠦ ᠵᠦᠢᠯ ᠤᠯᠠᠨ ᠪᠠᠶᠢᠨ᠎ᠠ ᠰᠢᠦ᠃ ᠡᠪ ᠨᠢ ᠲᠠᠭᠠᠷᠠᠬᠤ | ᠦᠭᠡᠢ ᠪᠤᠯ ᠦᠭᠡᠷ ᠮᠠᠭᠤ ᠰᠤᠷᠬᠤ᠂ ᠰᠢᠷᠬᠠᠳᠠᠵᠦ ᠠᠳᠡᠬᠦ ᠶᠠᠪᠤᠳᠠᠯ ᠴᠦ ᠭᠠᠷᠳᠠᠭ︾ ᠭᠡᠵᠦ ᠠᠪᠤ ᠮᠢᠨᠢ ᠬᠡᠯᠡᠳᠡᠭ᠃ | ᠬᠠᠷᠢᠨ ᠬᠦᠯᠵᠦ ᠰᠤᠷᠭᠠᠬᠤ ᠪᠤᠯᠬᠤ ᠳᠤ ᠰᠤᠷᠭᠠᠯ ᠰᠠᠶᠢᠲᠠᠢ ᠠᠷᠠᠯ ᠤᠨ ᠦᠬᠡᠷ ᠲᠠᠢ ᠲᠡᠷᠭᠡᠨ ᠳᠤ ᠬᠤᠱᠢᠯᠠᠵᠦ᠂ | ᠠᠷᠠᠯ ᠤᠨ ᠦᠬᠡᠷ ᠢ ᠲᠠᠭᠠᠭᠤᠯᠵᠦ ᠬᠤᠶᠠᠷ ᠭᠤᠷᠪᠠᠨ ᠡᠳᠦᠷ ᠲᠤᠲᠤᠮᠳᠠᠵᠦ ᠰᠤᠷᠭᠠᠬᠤ ᠳᠤ ᠠᠴᠢᠶ᠎ᠡ ᠬᠦᠯᠦᠯᠭᠡ | ᠳᠤ ᠲᠠᠰᠴᠦ ᠢᠷᠡᠳᠡᠭ ᠪᠠᠶᠢᠨ᠎ᠠ᠃ ᠬᠠᠷᠢᠨ ᠬᠦᠯᠦᠯᠭᠡᠨ ᠤ ᠦᠬᠡᠷ ᠵᠠᠮ ᠠᠴᠠ ᠭᠠᠷᠴᠦ ᠡᠪᠡᠰᠦ ᠪᠤᠯᠢᠶᠠᠵᠦ ᠢᠳᠡᠬᠦ | ᠂ ᠵᠠᠮ ᠤᠨ ᠳᠠᠯᠠᠩ ᠤᠨ ᠡᠪᠡᠰᠦ ᠶᠢ ᠡᠮᠬᠦᠯᠡᠬᠦ᠂ ᠳᠠᠰᠢᠭᠤᠷ ᠡᠷᠭᠦᠮᠡᠭᠴᠡ ᠬᠦᠶᠦᠬᠦ᠂ ᠠᠶᠢᠯ ᠦᠵᠡᠪᠡᠯ ᠵᠠᠮ | ᠪᠤᠯᠢᠶᠠᠯᠳᠤᠵᠦ ᠤᠷᠤᠬᠤ᠂ ᠳᠠᠪᠭᠠ ᠦᠵᠡᠪᠡᠯ ᠵᠤᠭᠰᠤᠬᠤ ᠮᠡᠲᠦ ᠶᠢᠨ ᠮᠠᠭᠤ ᠵᠠᠩ ᠰᠤᠷᠪᠠᠯ ᠬᠠᠯᠳᠠᠭ ᠦᠭᠡᠢ ᠶᠤᠮ | ᠭᠡᠨ᠎ᠡ᠃ ᠲᠡᠭᠡᠬᠦ ᠪᠠᠷ ᠠᠷᠠᠳ ᠤᠨ ᠦᠭᠡᠨ ᠳᠤ ︽ᠦᠬᠡᠷ ᠬᠦᠭᠯᠡᠪᠡᠯ ᠮᠤᠷᠢᠨ ᠠᠴᠠ ᠲᠠᠪᠤᠨ ᠴᠠᠭᠠᠰᠢ︾ ᠬᠡᠮᠡᠨ | ᠬᠦᠯᠦᠯᠭᠡᠨ ᠳᠤ ᠰᠤᠷᠭᠠᠬᠤ ᠦᠬᠡᠷ ᠢᠶᠠᠨ ᠡᠪ ᠲᠠᠮᠲᠠᠢ ᠰᠤᠷᠭᠠᠬᠤ ᠶᠢ ᠬᠢᠴᠢᠶᠡᠨ᠂ ᠶᠠᠭᠤ ᠲᠠᠭᠠᠷᠠᠭᠰᠠᠨ ᠢᠶᠠᠷ | ᠢᠶᠠᠨ ᠴᠤᠬᠢᠵᠦ ᠵᠤᠳᠤᠳᠠᠭ ᠦᠭᠡᠢ ᠶᠤᠮ᠃ ᠦᠬᠡᠷ ᠰᠤᠷᠭᠠᠨ᠎ᠠ ᠭᠡᠳᠡᠭ ᠦᠨᠡᠨ ᠳᠡᠭᠡᠨ ᠮᠠᠯᠴᠢᠨ ᠮᠤᠩᠭᠤᠯᠴᠤᠳ | ᠤᠨ ᠠᠮᠢᠳᠤᠷᠠᠯ ᠤᠨ ᠨᠠᠷᠢᠨ ᠰᠢᠷᠢᠨ ᠤᠬᠠᠭᠠᠨ ᠢ ᠬᠠᠷᠠᠭᠤᠯᠤᠭᠰᠠᠨ ᠤᠴᠢᠷ ᠲᠠᠢ ᠠᠵᠦ ᠭᠡᠳᠡᠭ ᠢ ᠬᠤᠵᠢᠮ ᠨᠢ | ᠤᠬᠠᠭᠠᠷᠠᠭᠰᠠᠨ ᠰᠠᠨ ᠃ | ᠬᠠᠳᠤᠯᠠᠩ ᠳᠤ ᠭᠠᠷᠬᠤ ᠠᠩᠬᠠᠨ ᠤᠨ ᠦᠷᠯᠦᠭᠡ ᠭᠡᠵᠦ ᠶᠡᠭᠡ ᠯᠡ ᠶᠤᠰᠤ ᠲᠦᠷᠦ ᠲᠠᠢ ᠪᠤᠯᠵᠦ ᠭᠠᠷᠳᠠᠭ᠃ | ᠡᠵᠢ ᠮᠢᠨᠢ ᠡᠷᠲᠡᠯᠡᠨ ᠪᠤᠰᠴᠦ ᠦᠨᠢᠶ᠎ᠡ ᠲᠤᠭᠤᠯ ᠢᠶᠠᠨ ᠰᠠᠭᠠᠵᠦ᠂ ᠪᠡᠯᠴᠢᠭᠡᠷ ᠲᠤᠨᠢ ᠵᠠᠯᠠᠴᠢᠬᠠᠭᠠᠳ᠂ ᠠᠭᠠᠭ ᠲᠠᠢ | ᠰᠢᠷᠭᠠᠯ ᠴᠠᠢ ᠪᠠᠨ ᠴᠢᠨᠠᠵᠦ ᠪᠠᠶᠢᠬᠤ ᠳᠤ ᠦᠦᠷ ᠤᠨ ᠴᠠᠭᠠᠨ ᠭᠡᠭᠡ ᠡᠷᠦᠬᠡᠨ ᠤ ᠮᠢᠨᠢ ᠴᠤᠩᠬᠤ ᠪᠠᠷ ᠮᠦᠯᠬᠦᠨ | ᠤᠷᠤᠵᠦ ᠢᠷᠡᠵᠦ ᠪᠠᠶᠢᠨ᠎ᠠ᠃ ᠬᠦᠷᠡᠩ ᠦᠬᠡᠷ ᠮᠠᠨᠢ ᠤᠶᠠᠭᠠᠨ ᠳᠠᠭᠠᠨ ᠲᠤᠯᠤᠭᠠᠢ ᠳᠠᠮᠪᠠᠷᠳᠠᠭᠤᠯᠤᠨ ᠬᠡᠪᠢᠵᠦ | ᠲᠠᠶᠢᠪᠤᠭᠤᠬᠠᠨ ᠵᠤᠭᠰᠤᠬᠤ ᠨᠢ ᠡᠨᠡ ᠨᠠᠮᠤᠷ ᠤᠨ ᠠᠵᠢᠯ ᠦᠨᠦᠳᠦᠷ ᠡᠬᠢᠯᠡᠬᠦ ᠨᠢ ᠳ᠋ᠠ ᠭᠡᠵᠦ ᠢᠷᠡᠵᠦ ᠪᠤᠢ ᠵᠦᠢᠯ ᠢ | ᠨᠠᠮ ᠲᠠᠶᠢᠪᠤᠭᠤ ᠬᠦᠯᠢᠶᠡᠬᠦ ᠮᠡᠲᠦ᠃ ᠤᠷᠤᠯᠳᠤᠭᠠᠨ ᠤ ᠴᠠᠪᠢᠳᠠᠷ ᠰᠢᠭ᠋ ᠠᠮᠠᠭᠠᠢ ᠪᠤᠯᠢᠶᠠᠨ ᠬᠦᠭᠡᠷᠬᠦ ᠦᠭᠡᠢ᠂ | ᠬᠤᠨᠢᠨ ᠤ ᠵᠡᠭᠡᠷᠲᠡ ᠰᠢᠭ ᠰᠡᠭᠦᠯ ᠰᠢᠷᠪᠢᠨ ᠬᠠᠱᠠᠩᠨᠠᠬᠤ ᠦᠭᠡᠢ᠂ ᠬᠢᠳᠡᠭ ᠵᠦᠢᠯ ᠢᠶᠠᠨ ᠨᠢᠭᠡ ᠯᠡ ᠬᠡᠪ ᠤᠨ | ᠲᠠᠶᠢᠪᠤᠭᠤ ᠢᠶᠠᠷ ᠬᠢᠵᠦ᠂ ᠴᠠᠭ ᠬᠤᠭᠤᠴᠠᠭ᠎ᠠ ᠭᠡᠳᠡᠭ ᠢ ᠨᠢᠳᠤᠨ ᠳᠡᠭᠡᠨ ᠬᠠᠪᠴᠢᠳᠠᠭ ᠦᠭᠡᠢ᠂ ᠬᠠᠷᠠᠯᠳᠠ | ᠵᠤᠷᠢᠯᠲᠠ ᠪᠠᠨ ᠭᠡᠵᠦ ᠯᠡ ᠵᠢᠳᠬᠦᠳᠡᠭ ᠳᠤᠨᠢ ᠬᠦᠷᠡᠩ ᠦᠭᠡᠷ ᠢ ᠪᠢᠰᠢᠷᠡᠳᠡᠭ ᠃ ᠦᠨᠡᠬᠡᠷ ᠰᠢᠦ ᠂ ᠦᠵᠡᠬᠦ | ᠳᠤ ᠨᠢᠭᠡ ᠯᠡ ᠬᠡᠪ ᠢᠶᠠᠷ ᠬᠦᠵᠦᠭᠦᠦ ᠰᠤᠩᠭᠠᠨ ᠨᠢᠭᠡ ᠬᠤᠶᠠᠷ ᠢᠶᠠᠷ ᠠᠶᠢᠵᠠᠮ ᠲᠠᠢ ᠠᠯᠬᠤᠵᠤ᠂ ᠮᠦᠯᠬᠦᠭᠡᠳ | ᠪᠠᠶᠢᠨ᠎ᠠ ᠦᠦ ᠳ᠋ᠠ ᠭᠡᠵᠦ ᠠᠭᠤᠷ ᠬᠦᠷᠭᠡᠳᠡᠭ ᠴᠦ ᠬᠠᠳᠤᠯᠠᠩ ᠤᠨ ᠠᠵᠢᠯ ᠲᠠᠭᠤᠰᠬᠤ ᠪᠠᠷ ᠠᠭᠤᠯᠠ ᠤᠪᠤᠭ᠎ᠠ ᠰᠢᠭ᠋ | ᠪᠤᠰᠤᠭᠰᠠᠨ ᠡᠪᠡᠰᠦ ᠶᠢ ᠦᠵᠡᠪᠡᠯ ᠬᠦᠷᠡᠩ ᠦᠬᠡᠷ ᠤᠨ ᠲᠠᠰᠪᠦᠷᠢ ᠲᠠᠭᠠᠭᠠᠮᠠᠭᠠᠢ ᠶᠢ ᠪᠢᠰᠢᠷᠡᠬᠦ ᠰᠡᠳᠬᠢᠯ ᠠᠷᠭ᠎ᠠ | ᠦᠭᠡᠢ ᠲᠦᠷᠦᠨ᠎ᠡ᠃ ᠴᠠᠢ ᠴᠦ᠋ ᠪᠠᠨ ᠲᠠᠪᠠᠲᠠᠢ ᠤᠤᠭᠤᠴᠢᠬᠠᠭᠠᠳ᠂ ᠬᠦᠨᠡᠰᠦ ᠲᠤᠭᠤᠰᠦ᠂ ᠬᠠᠳᠤᠭᠤᠷ ᠰᠦᠭᠡ | ᠪᠠᠨ ᠠᠬᠤᠶᠢᠯᠠᠴᠢᠬᠠᠭᠰᠠᠨ ᠠᠪᠤ ᠮᠢᠨᠢ ᠬᠦᠷᠡᠩ ᠦᠬᠡᠷ ᠢᠶᠠᠨ ᠬᠦᠲᠦᠯᠵᠦ ᠠᠪᠴᠢᠷᠠᠭᠠᠳ ᠠᠷᠠᠯ ᠢᠶᠠᠨ ᠡᠷᠬᠦᠵᠦ | ᠦᠭᠭᠦ ᠳᠤ ᠯᠡ ᠰᠤᠷᠭᠠᠯ ᠰᠠᠶᠢᠲᠠᠢ ᠦᠬᠡᠷ ᠭᠡᠳᠡᠭ ᠤᠬᠤᠷᠢᠵᠦ ᠤᠬᠤᠷᠢᠵᠦ ᠠᠷᠠᠯ ᠳᠠᠭᠠᠨ ᠤᠷᠤᠭᠠᠳ ᠵᠤᠭᠰᠤᠭᠠᠳ | ᠦᠭᠭᠦᠨ᠎ᠡ᠃ ᠠᠷᠠᠯ ᠲᠦᠭᠦᠷᠡᠭᠰᠡᠨ ᠬᠦᠯᠬᠦᠭᠡᠷ ᠭᠡᠳᠡᠰᠦ᠂ ᠭᠤᠶ᠎ᠠ ᠶᠠᠰᠤ ᠨᠢ ᠬᠠᠷᠠᠬᠤ ᠳᠤ ᠠᠷᠰᠯᠠᠨ ᠵᠠᠭᠠᠨ ᠭᠡᠳᠡᠭ | ᠴᠢᠨᠢ ᠠᠷᠭ᠎ᠠ ᠦᠭᠡᠢ ᠡᠶᠢᠮᠦ ᠬᠦᠴᠦᠲᠡᠨ ᠶᠤᠮ ᠦᠦ ᠳ᠋ᠠ ᠭᠡᠵᠦ ᠰᠠᠨᠠᠭᠳᠠᠳᠠᠭ ᠪᠠᠶᠢᠭᠰᠠᠨ ᠳ᠋ᠠ᠂ ᠲᠡᠷᠡ ᠦᠶ᠎ᠡ ᠳᠤ᠃ | ᠤᠳᠤ ᠪᠤᠳᠤᠬᠤ ᠳᠤ ᠤᠯᠠᠨ ᠤᠯᠠᠨ ᠠᠪᠤ ᠤᠳ ᠦᠦᠷ ᠤᠨ ᠴᠠᠭᠠᠨ ᠭᠡᠭᠡ ᠲᠠᠢ ᠤᠷᠤᠯᠳᠤᠨ ᠨᠤᠲᠤᠭ ᠤᠨ | ᠢᠶᠠᠨ ᠰᠢᠷᠭᠠᠯ ᠵᠠᠮ ᠢᠶᠠᠷ ᠦᠬᠡᠷ ᠲᠡᠷᠭᠡ ᠪᠠᠨ ᠬᠥᠲᠥᠯᠥᠨ ᠬᠠᠳᠤᠯᠠᠩ ᠳᠤ ᠭᠠᠷᠳᠠᠭ ᠪᠠᠶᠢᠭᠰᠠᠨ ᠪᠦᠭᠡᠳ ᠵᠠᠮ | ᠨᠡᠶᠢᠯᠡᠪᠡᠯ ᠨᠤᠲᠤᠭ ᠨᠤᠭᠤ ᠶᠢᠨ ᠰᠤᠨᠢᠨ᠂ ᠷᠠᠳᠢᠤ᠋ ᠠᠴᠠ ᠰᠤᠨᠤᠰᠤᠭᠰᠠᠨ ᠮᠡᠳᠡᠭᠡ᠂ ᠭᠠᠷ ᠤᠨ ᠦᠭᠡᠷ ᠤᠨ ᠢᠶᠠᠨ | ᠲᠠᠷ ᠴᠢᠳᠠᠯ ᠢ ᠰᠤᠨᠢᠨ ᠪᠤᠯᠭᠠᠵᠦ ᠬᠦᠦᠷᠨᠢᠯᠳᠦᠨ᠎ᠡ᠃ ᠠᠷᠭ᠎ᠠ ᠦᠭᠡᠢ᠂ ᠬᠠᠳᠤᠯᠠᠩ ᠤᠨ ᠰᠢᠷᠭᠠᠯ ᠵᠠᠮ ᠭᠡᠳᠡᠭ | ᠦᠭᠡᠷ ᠲᠡᠷᠭᠡᠨ ᠳᠡᠭᠡᠨ ᠡᠪᠬᠡᠭᠡᠳ ᠡᠪᠬᠡᠭᠡᠳ ᠳᠠᠭᠤᠰᠤᠰᠢ ᠦᠭᠡᠢ ᠤᠷᠲᠤ ᠶᠢᠨ ᠤᠷᠲᠤ ᠬᠠᠷᠭᠤᠢ ᠶᠤᠮ ᠴᠢᠨᠢ ᠳ᠋ᠠ | ᠃ | ᠰᠢᠪᠠᠭᠤᠳ ᠤᠨ ᠴᠤᠪᠤᠭ᠎ᠠ ᠵᠡᠯᠡᠯᠡᠭᠰᠡᠨ ᠬᠦᠭᠡ ᠲᠡᠭᠷᠢ ᠶᠢᠨ ᠲᠤᠤᠷ᠎ᠠ᠂ ᠨᠠᠮᠤᠷ ᠤᠨ ᠡᠮᠡᠭᠡᠨ ᠰᠢᠷ᠎ᠠ | ᠨᠠᠷᠠᠨ ᠳᠤ ᠰᠢᠷᠠᠭᠤᠯᠵᠦ᠂ ᠠᠭᠠᠭ ᠲᠠᠢ ᠰᠢᠷᠭᠠᠯ ᠴᠠᠢ ᠪᠠᠷ ᠰᠦᠯᠡᠭᠰᠡᠨ ᠬᠠᠳᠤᠯᠠᠩ ᠤᠨ ᠤᠷᠲᠤ ᠨᠠᠮᠤᠷ ᠭᠡᠳᠡᠭ | ᠦᠯᠢᠭᠡᠷ ᠲᠠᠢ ᠲᠤᠮᠤᠭ ᠲᠠᠢ᠂ ᠡᠪᠦᠭᠡᠳ ᠤᠨ ᠬᠠᠭᠤᠴᠢ ᠲᠠᠢ ᠦᠷᠭᠦᠯᠵᠢᠯᠡᠭᠰᠡᠷ ᠡᠪᠡᠰᠦ ᠲᠡᠭᠡᠭᠡᠬᠦ ᠠᠵᠢᠯ ᠳᠤ | ᠵᠠᠯᠭᠠᠨ᠎ᠠ᠃ ᠠᠭᠤᠯᠠᠰ ᠤᠷᠤᠢ ᠠᠴᠠ ᠪᠠᠨ ᠤᠷᠤᠰᠢᠯᠠ ︵ᠪᠤᠭᠤᠷᠤᠯᠲᠤᠯᠠ︶᠂ ᠵᠤᠳ ᠲᠠᠢ ᠡᠪᠦᠯ ᠪᠤᠯᠵᠦ ᠮᠠᠭᠠᠳ | ᠳ᠋ᠠ ᠭᠡᠭᠰᠡᠭᠡᠷ ᠠᠪᠤ ᠮᠢᠨᠢ ᠪᠤᠬᠠᠯ ᠤᠨ ᠬᠠᠵᠠᠭᠤ ᠳᠤ ᠲᠡᠷᠭᠡ ᠪᠠᠨ ᠵᠤᠭᠰᠤᠭᠠᠴᠢᠬᠠᠭᠠᠳ ᠂ ᠠᠴᠠ ᠠᠴᠠ ᠪᠠᠷ | ᠬᠠᠶᠠᠯᠠᠨ ᠲᠦᠷᠪᠡᠨ ᠮᠦᠷ ᠲᠡᠭᠡᠭᠡᠰᠢ ᠲᠡᠭᠡᠭᠡᠭᠡᠳ ᠢᠷᠡᠬᠦ ᠳᠤ ᠡᠪᠡᠰᠦᠨ ᠲᠡᠷᠭᠡ ᠪᠠᠷ᠎ᠠ ᠰᠦᠷ ᠭᠠᠷᠤᠭᠠᠳ ᠢᠷᠡᠬᠦ | ᠪᠠᠷ ᠳᠠᠷᠤᠭᠤᠯᠭ᠎ᠠ ᠲᠠᠷᠤᠭᠤᠯᠵᠦ ᠡᠷ᠎ᠡ ᠵᠢᠭᠠᠨ ᠵᠤᠭᠤᠩᠳᠠᠵᠦ ᠴᠢᠩᠭᠠᠯᠠᠬᠤ ᠳᠤ ᠬᠦᠷᠡᠩ ᠦᠬᠡᠷ ᠮᠠᠨᠢ ᠲᠡᠨᠳᠡ | ᠪᠠᠨ ᠬᠡᠪᠢᠴᠢᠬᠡᠭᠰᠡᠨ ᠲᠤᠭᠤᠮᠵᠢᠷ ᠦᠭᠡᠢ ᠵᠤᠭᠰᠤᠨ᠎ᠠ᠃ ᠲᠡᠭᠡᠭᠡᠳ ᠯᠡ ᠴᠠᠷᠴᠠ ᠴᠠᠷᠭᠢᠵᠦ᠂ ᠭᠤᠯᠢᠶ᠎ᠠ ᠵᠢᠷᠭᠢᠭᠰᠡᠨ | ᠬᠠᠳᠤᠯᠠᠩ ᠤᠨ ᠰᠢᠷᠭᠠᠯ ᠵᠠᠮ ᠢᠶᠠᠷ ᠡᠮᠦᠨ᠎ᠡ ᠨᠢ ᠠᠪᠤ᠂ ᠳᠠᠷᠠᠭ᠎ᠠ ᠨᠢ ᠬᠦᠷᠡᠩ ᠦᠬᠡᠷ᠂ ᠰᠡᠭᠦᠯ ᠳᠤᠨᠢ ᠲᠡᠭᠡᠭᠡᠰᠢ | ᠲᠠᠢ ᠲᠡᠷᠭᠡ ᠴᠤᠪᠤᠭᠰᠠᠨ ᠴᠥᠷᠬᠡᠯᠡᠭᠡ ᠵᠢᠷᠤᠭ ᠶᠤᠭᠤᠭᠰᠠᠭᠠᠷ ᠵᠡᠭᠦᠳᠦᠨ ᠤ ᠠᠯᠤᠰ ᠳᠤ ᠠᠭᠠᠵᠢᠮᠬᠠᠨ | ᠠᠭᠤᠰᠴᠢᠬᠠᠨᠠ᠃ ᠵᠠᠷᠢᠮ ᠳᠠᠭᠠᠨ ᠪᠢ ᠴᠦ ᠲᠡᠭᠡᠭᠡᠰᠢ ᠲᠠᠢ ᠲᠡᠷᠭᠡᠨ ᠳᠤᠨᠢ ᠲᠡᠭᠡᠭᠡᠭᠳᠡᠵᠦ ᠬᠠᠷᠢᠳᠠᠭ᠃ ᠶᠠᠭᠤᠮᠠᠨ | ᠤ ᠶᠡᠭᠡ ᠶᠢ ᠦᠵᠡᠭᠡ ᠦᠭᠡᠢ ᠪᠠᠯᠴᠢᠷ ᠤᠶᠤᠨ ᠳᠤ ᠮᠠᠨᠢ ᠲᠡᠭᠡᠭᠡᠰᠢ ᠶᠡᠬᠡᠲᠡᠢ ᠦᠭᠡᠷ ᠲᠡᠷᠭᠡ ᠭᠡᠳᠡᠭ ᠠᠷᠠᠯ | ᠬᠤᠶᠢᠭ ᠰᠢᠭ᠋ ᠲᠤᠮᠤ ᠰᠠᠨᠠᠭᠳᠠᠳᠠᠭ ᠪᠠᠶᠢᠯ᠎ᠠ ᠰᠢᠦ ᠳ᠋ᠠ᠂ ᠪᠤᠷᠬᠠᠨ ᠡ᠃ ᠲᠡᠭᠡᠵᠦ ᠯᠡ ᠬᠦᠷᠡᠩ ᠦᠭᠡᠷ ᠤᠨ ᠢᠶᠠᠨ | ᠲᠡᠩᠭᠡᠬᠡ ᠴᠢᠳᠠᠯ ᠢ ᠭᠠᠶᠢᠬᠠᠵᠦ ᠤᠷᠲᠤ ᠶᠢᠨ ᠤᠷᠳᠤ ᠵᠠᠮ ᠢ ᠤᠶᠢᠳᠬᠠᠷ ᠦᠭᠡᠢ ᠲᠤᠭᠤᠯᠳᠠᠭ ᠪᠦᠭᠡᠳ ᠵᠠᠷᠢᠮ | ᠳᠠᠭᠠᠨ ᠲᠡᠭᠡᠭᠡᠰᠢ ᠲᠠᠢ ᠲᠡᠷᠭᠡᠨ ᠳᠤ ᠦᠯᠦᠭᠡᠶᠢᠳᠠᠭᠦᠯᠵᠦ᠂ ᠡᠮᠡᠭᠡᠨ ᠨᠠᠷᠠᠨ ᠳᠤ ᠤᠭᠤᠴᠠ ᠨᠢᠷᠤᠭᠤ ᠪᠠᠨ | ᠰᠢᠷᠠᠭᠤᠯᠤᠭᠰᠠᠭᠠᠷ ᠤᠨᠳᠠᠭᠠᠳ ᠦᠭᠭᠦᠨ᠎ᠡ᠃ | ᠮᠠᠨ ᠤ ᠪᠠᠭ᠎ᠠ ᠪᠠᠶᠢᠬᠤ ᠳᠤ ᠮᠤᠲᠤᠨ ᠲᠡᠷᠭᠡ ᠨᠢᠭᠡᠨᠳᠠ ᠠᠶᠢᠯ ᠤᠨ ᠡᠭᠦᠳᠡᠨ ᠳᠤ ᠦᠬᠢᠷᠡᠨ | ᠬᠡᠪᠲᠡᠵᠦ᠂ ᠲᠡᠮᠦᠷ ᠬᠦᠷᠲᠦ ᠲᠠᠢ ᠦᠬᠡᠷ ᠲᠡᠷᠭᠡ ᠲᠦᠭᠡᠮᠵᠢᠯᠡᠴᠢᠬᠡᠭᠰᠡᠨ ᠴᠠᠭ᠃ ᠭᠡᠪᠡᠴᠦ ᠪᠤᠭᠤᠯᠠᠭ᠎ᠠ ᠪᠤᠭᠤᠷᠭᠢᠯᠵᠢ | ᠬᠤᠶᠠᠷ ᠢᠶᠠᠷ ᠲᠡᠷᠭᠡ ᠲᠠᠲᠠᠬᠤ ᠦᠬᠡᠷ ᠤᠨ ᠲᠠᠪᠢᠯᠠᠩ ᠬᠤᠪᠢᠷᠠᠭ᠎ᠠ ᠦᠭᠡᠢ ᠪᠠᠶᠢᠵᠠᠢ᠃ ᠬᠦᠭᠡᠷᠦᠬᠦᠢ ᠦᠬᠡᠷ ᠮᠠᠨᠢ | ᠠᠴᠢᠶᠠᠨ ᠤ ᠬᠦᠨᠳᠦ ᠶᠢ ᠲᠠᠲᠠᠵᠦ᠂ ᠠᠶᠠᠨ ᠤ ᠬᠤᠯᠠ ᠶᠢ ᠬᠤᠷᠤᠭᠠᠳᠠᠭ ᠴᠦ ᠡᠮᠡᠭᠡᠯ ᠲᠤᠬᠤᠮ᠂ ᠬᠤᠳᠠᠷᠭ᠎ᠠ | ᠲᠤᠤᠱᠢᠩ ᠵᠡᠷᠭᠡ ᠡᠯᠵᠢᠭᠡ ᠮᠤᠷᠢᠨ ᠤ ᠡᠳ᠋ᠯᠡᠳᠡᠭ ᠡᠪ ᠲᠠᠢ ᠵᠦᠭᠡᠯᠡᠨ ᠡᠳ᠋ᠯᠡᠯ ᠢ ᠡᠳ᠋ᠯᠡᠬᠦ ᠲᠠᠪᠢᠯᠠᠩ ᠪᠠᠶᠢᠭ᠎ᠠ ᠦᠭᠡᠢ᠂ | ᠬᠦᠴᠦᠲᠦ ᠬᠦᠵᠦᠬᠦᠨ ᠳᠡᠭᠡᠨ ᠪᠤᠭᠤᠯᠠᠭ᠎ᠠ ᠲᠤᠬᠤᠳᠠᠭᠤᠯᠵᠦ᠂ ᠡᠪᠡᠷᠰᠢᠨ ᠡᠪᠡᠳᠬᠦ ᠶᠢ ᠬᠠᠶᠢᠬᠤᠷᠤᠯ ᠦᠭᠡᠢ | ᠵᠢᠳᠬᠦᠵᠦ ᠶᠠᠪᠤᠳᠠᠭ ᠂ ᠠᠮᠢᠳᠦ ᠯᠡ ᠮᠢᠬ᠎ᠠ ᠴᠢᠰᠤᠨ ᠳᠤ ᠲᠦᠷᠦᠭᠰᠡᠨ ᠬᠤᠶᠢᠨ᠎ᠠ ᠡᠪᠡᠳᠴᠦ ᠵᠤᠪᠠᠳᠠᠭ ᠪᠡᠶᠢᠯᠭᠦᠢ | ᠶᠠᠭᠠᠬᠢᠬᠤ ᠪᠤᠢ᠃ ᠭᠡᠪᠡᠴᠦ ᠮᠤᠩᠭᠤᠯᠴᠤᠳ ᠮᠠᠨᠢ ᠪᠤᠭᠤᠯᠠᠭ᠎ᠠ ᠶᠢ ᠬᠠᠪᠤᠷ ᠵᠤᠨ ᠤ ᠬᠠᠯᠠᠭᠤᠨ ᠴᠠᠭ ᠲᠤ ᠴᠠᠭᠠᠨ | ᠬᠤᠰᠤ᠂ ᠰᠢᠷ᠎ᠠ ᠬᠠᠶᠢᠯᠠᠰᠦ᠂ ᠡᠪᠦᠯ ᠪᠤᠯ ᠲᠤᠮᠤ᠂ ᠤᠳᠠ ᠵᠡᠷᠭᠡ ᠶᠢᠨ ᠨᠠᠷᠢᠨ ᠰᠢᠷᠬᠡᠭ ᠲᠠᠢ ᠦᠶ᠎ᠡ ᠭᠡᠰᠢᠬᠦᠦ | ᠦᠭᠡᠢ ᠮᠤᠲᠤ ᠶᠢ ᠰᠤᠩᠭᠤᠨ ᠬᠢᠳᠡᠭ ᠨᠢ ᠦᠬᠡᠷ ᠤᠨ ᠬᠦᠵᠦᠭᠦᠨ ᠳᠤ ᠬᠠᠯᠠ ᠦᠭᠡᠢ ᠬᠦᠩᠬᠡᠨ ᠪᠠᠶᠢᠳᠠᠭ ᠢ | ᠪᠤᠳᠤᠵᠦ ᠳ᠋ᠠ᠃ ᠪᠤᠭᠤᠷᠬᠢᠯᠵᠢ ᠪᠤᠯ ᠬᠠᠷᠢᠨ ᠦᠬᠡᠷ ᠤᠨ ᠬᠦᠵᠦᠭᠦᠨ ᠲᠤᠤᠷ᠎ᠠ ᠲᠡᠭᠦᠵᠢᠯᠡᠭᠳᠡᠵᠦ᠂ ᠲᠡᠭᠡᠭᠡᠰᠢ | ᠭᠡᠳᠡᠷᠬᠦᠳᠡᠪᠡᠯ ᠲᠡᠷᠭᠡ ᠭᠤᠯᠠᠰᠬᠤ ᠠᠴᠠ ᠰᠡᠷᠬᠡᠶᠢᠯᠡᠵᠦ ᠪᠠᠶᠢᠳᠠᠭ ᠲᠤᠯᠠ ᠬᠠᠲᠠᠭᠤ ᠵᠦᠭᠡᠯᠡᠨ ᠮᠤᠲᠤ ᠭᠡᠵᠦ | ᠢᠯᠭᠠᠳᠠᠭ ᠦᠭᠡᠢ᠃ ᠡᠪᠡᠰᠦ ᠲᠡᠭᠡᠭᠡᠬᠦ ᠳᠡᠭᠡᠨ ᠴᠦ ᠠᠴᠢᠶ᠎ᠠ ᠲᠡᠭᠡᠭᠡᠰᠢ ᠪᠠᠨ ᠲᠡᠩᠴᠡᠭᠦᠯᠵᠦ᠂ ᠶᠡᠭᠡ ᠴᠢᠬᠢᠭ | ᠵᠠᠭᠤᠭᠰᠠᠨ ᠡᠪᠡᠰᠦ ᠶᠢ ᠪᠠᠭ᠎ᠠ ᠰᠢᠭ᠋᠂ ᠬᠠᠭᠤᠷᠠᠢ ᠰᠡᠪᠰᠡᠭᠡᠷ ᠡᠪᠡᠰᠦ ᠶᠢ ᠢᠯᠡᠭᠦᠬᠡᠨ ᠲᠡᠭᠡᠭᠡᠵᠦ᠂ ᠵᠢᠭᠠᠬᠠᠨ | ᠳᠠᠷᠤᠭᠤ ᠰᠢᠭ᠋ ᠲᠡᠭᠡᠭᠡᠳᠡᠭ ᠨᠢ ᠲᠡᠭᠡᠭᠡᠰᠢ ᠬᠡᠳᠦᠷᠡᠬᠦ ᠪᠤᠶᠤ ᠬᠡᠲᠦ ᠭᠡᠳᠡᠷᠬᠦ ᠲᠡᠭᠡᠭᠡᠪᠡᠯ ᠠᠷᠠᠯ ᠤᠨ ᠦᠬᠡᠷ ᠲᠤ | ᠵᠤᠪᠠᠯᠠᠩ ᠪᠤᠯᠬᠤ ᠠᠴᠠ ᠬᠢᠴᠢᠶᠡᠭᠰᠡᠨ ᠰᠠᠨᠠᠭ᠎ᠠ ᠶᠤᠮ᠃ ᠠᠵᠢᠯ ᠠᠬᠤᠢ ᠳᠤᠨᠢ ᠬᠦᠵᠦᠬᠦᠦ ᠰᠤᠩᠭᠠᠨ ᠵᠢᠳᠬᠦᠵᠦ ᠂ | ᠠᠮᠢᠳᠤᠷᠠᠯ ᠢ ᠨᠢ ᠲᠡᠳᠬᠦᠵᠦ ᠶᠠᠪᠤᠭᠰᠠᠨ ᠦᠬᠡᠷ ᠲᠡᠭᠡᠨ ᠮᠤᠩᠭᠤᠯᠴᠤᠳ ᠮᠠᠨᠢ ᠬᠢᠷᠢ ᠬᠠᠶᠢᠷᠠᠲᠠᠢ ᠪᠠᠶᠢᠭᠰᠠᠨ ᠤ | ᠬᠡᠷᠡᠴᠢ ᠲᠡᠷᠡ ᠪᠢᠵᠡ᠃ | ᠨᠠᠪᠴᠢᠰ ᠢᠶᠠᠨ ᠰᠡᠭᠰᠦᠷᠡᠭᠰᠡᠨ ᠮᠤᠳᠤᠳ ᠤᠨ ᠦᠨᠳᠦᠰᠦ ᠨᠢ ᠭᠠᠵᠠᠷ ᠲᠤ | | ᠲᠡᠦᠬᠡ ᠤᠷᠤᠭᠰᠢᠯᠠᠳᠠᠭ᠂ ︽ᠰᠢᠨ᠎ᠡ ᠶᠠᠭᠤᠮ᠎ᠠ ᠤᠯᠠ ᠪᠤᠯᠵᠦ᠂ ᠬᠠᠭᠤᠴᠢᠨ ᠶᠠᠭᠤᠮ᠎ᠠ ᠵᠤᠯᠠ ᠪᠤᠯᠳᠠᠭ︾ | ᠲᠡᠷᠡ ᠵᠢᠮ᠎ᠠ ᠬᠠᠤᠯᠢ ᠦᠬᠡᠷ ᠲᠡᠷᠭᠡ ᠶᠢ ᠮᠠᠨᠢ ᠴᠦ ᠲᠤᠭᠤᠷᠢᠵᠦ ᠭᠠᠷᠤᠭ᠎ᠠ ᠦᠭᠡᠢ ᠲᠠᠭᠠᠷᠢᠵᠦ ᠭᠠᠷᠤᠭᠰᠠᠨ ᠶᠤᠮ᠃ | ᠬᠡᠵᠢᠶ᠎ᠡ ᠠᠴᠠ ᠶᠤᠮ ᠪᠤᠤ ᠮᠡᠳᠡ᠂ ᠬᠦᠳᠡᠭᠡ ᠨᠤᠲᠤᠭ ᠢᠶᠠᠷ ᠮᠠᠰᠢᠨ ᠮᠤᠲ᠋ᠤᠷ ᠠᠷᠪᠢᠳᠤᠨ ᠦᠭᠡᠷ ᠲᠡᠷᠭᠡ | ᠴᠦᠬᠡᠷᠡᠭᠰᠡᠭᠡᠷ ᠦᠨᠦ ᠪᠤᠯᠬᠤ ᠳᠤ ᠮᠦᠽᠸᠢ ᠂ ᠵᠤᠭᠠᠴᠠᠯ ᠤᠨ ᠭᠠᠵᠠᠷ ᠤᠨ ᠡᠭᠦᠳᠡᠨ ᠳᠤ ᠲᠡᠦᠬᠡ ᠶᠢᠨ | ᠬᠡᠷᠡᠴᠢ ᠪᠣᠯᠵᠦ ᠲᠦᠮᠡᠨ ᠤ ᠨᠢᠳᠦ ᠶᠢ ᠬᠤᠵᠢᠷᠯᠠᠵᠦ ᠬᠡᠪᠲᠡᠬᠦ ᠪᠤᠯᠵᠠᠢ᠃ ᠠᠷᠭ᠎ᠠ ᠦᠭᠡᠢ ᠯᠡ ᠳ᠋ᠠ᠂ ᠡᠪᠡᠰᠦ | ᠨᠤᠭᠤᠭ᠎ᠠ ᠪᠠᠷ ᠬᠦᠴᠦ ᠵᠠᠯᠭᠠᠳᠠᠭ ᠦᠬᠡᠷ ᠮᠠᠨᠢ ᠬᠡᠴᠢᠨᠡᠬᠡᠨ ᠲᠠᠩᠬᠡᠬᠡ ᠴᠢᠳᠠᠯ ᠲᠠᠢ ᠪᠤᠯᠤᠭᠰᠠᠨ ᠴᠦ ᠲᠤᠰᠤ | ᠢᠳᠡᠵᠦ ᠲᠤᠭᠤᠰᠤ ᠪᠠᠷ ᠪᠦᠭᠡᠯᠵᠢᠳᠡᠭ ᠲᠡᠮᠦᠷ ᠭᠤᠤᠯ ᠲᠠᠢ ᠮᠠᠰᠢᠨ ᠢ ᠶᠠᠭᠠᠬᠢᠵᠦ ᠲᠡᠶᠢᠯᠬᠦ ᠪᠤᠢ᠃ ᠨᠡᠩ ᠴᠦ | ᠬᠤᠷᠳᠤ ᠬᠦᠴᠦ᠂ ᠦᠷ᠎ᠡ ᠠᠰᠢᠭ ᠢ ᠬᠦᠭᠡᠭᠡᠴᠡᠯᠳᠦᠳᠡᠭ ᠨᠢ ᠨᠡᠶᠢᠭᠡᠮ ᠤᠨ ᠬᠦᠭᠵᠢᠯ ᠤᠨ ᠵᠢᠮ᠎ᠡ ᠬᠠᠤᠯᠢ | ᠬᠤᠶᠢᠨ᠎ᠠ ᠪᠢᠳᠡ ᠦᠬᠡᠷ ᠲᠡᠷᠭᠡᠨ ᠳᠡᠭᠡᠨ ᠬᠡᠴᠢᠨᠡᠬᠡᠨ ᠬᠤᠷᠭᠤᠳᠠᠯᠠ ᠴᠦ ᠲᠡᠦᠬᠡ ᠶᠢᠨ ᠬᠦᠷᠲᠦ ᠶᠢ ᠬᠤᠷᠢᠭᠯᠠᠨ | ᠵᠤᠭᠰᠤᠭᠠᠵᠦ ᠬᠡᠷᠬᠢᠨ ᠴᠢᠳᠠᠬᠤ ᠠᠵᠢ᠃ ᠰᠤᠶᠤᠯ ᠭᠡᠳᠡᠭ ᠤᠨᠴᠠᠭᠠᠢ ᠲᠡᠦᠬᠡᠨ ᠴᠠᠭ ᠦᠶ᠎ᠡ ᠳᠤ᠂ ᠤᠨᠴᠠᠭᠠᠢ | ᠦᠢᠯᠡᠳᠪᠦᠷᠢᠯᠡᠯ ᠠᠮᠢᠳᠤᠷᠠᠯ ᠤᠨ ᠱᠠᠭᠠᠷᠳᠠᠯᠭ᠎ᠠ ᠠᠴᠠ ᠪᠤᠢ ᠪᠤᠯᠵᠦ᠂ ᠲᠠᠷᠠ ᠴᠠᠭ ᠨᠢ ᠦᠩᠭᠡᠷᠡᠬᠦ ᠪᠠᠷ | ᠠᠶᠠᠨᠳᠠᠭᠠᠨ ᠤᠷᠬᠢᠭᠳᠠᠨ ᠬᠡᠭᠡᠭᠳᠡᠬᠦ ᠨᠢ ᠦᠨᠡᠨ ᠴᠦ ᠶᠤᠮ ᠦᠦ᠂ ᠮᠤᠷᠢ ᠲᠠᠢ ᠮᠤᠩᠭᠤᠯ ᠳᠤ ᠳᠡᠪᠡᠯ ᠭᠤᠳᠤᠯ᠂ | ᠡᠮᠡᠭᠡᠯ ᠬᠠᠵᠠᠭᠠᠷ ᠵᠤᠬᠢᠷᠠᠳᠠᠭ ᠪᠤᠯ ᠮᠠᠰᠢᠨ ᠲᠠᠢ ᠮᠣᠩᠭᠤᠯ ᠳᠤ ᠬᠡᠷᠬᠢᠨ ᠵᠤᠬᠢᠬᠤ ᠪᠤᠢ ᠳ᠋ᠠ᠂ ᠵᠣᠬᠢᠷᠠᠭᠠᠶᠠ ᠭᠡᠪᠡᠯ | ᠭᠠᠭᠴᠠ ᠠᠷᠭ᠎ᠠ ᠪᠤᠢ᠃ ᠲᠡᠷᠡ ᠨᠢ ᠰᠢᠨ᠎ᠡ ᠶᠢ ᠡᠭᠦᠳᠬᠦ᠃ ᠤᠷᠳᠤ ᠬᠤᠷᠮᠤᠢ ᠲᠠᠢ ᠪᠤᠯ ᠮᠣᠩᠭᠤᠯ ᠲᠡᠪᠡᠯ | ᠪᠤᠯᠤᠭᠠᠳ᠂ ᠤᠬᠤᠷ ᠬᠤᠷᠮᠤᠢ ᠲᠠᠢ ᠪᠤᠯᠪᠠᠯ ᠡᠸᠦ᠋ᠷᠦᠫᠡ ᠲᠡᠪᠡᠯ ᠪᠤᠯᠴᠢᠬᠠᠳᠠᠭ ᠭᠡᠵᠦ ᠦᠦ︖ ᠰᠤᠶᠤᠯ ᠤᠨ | ᠮᠤᠵᠢᠭᠤᠳᠠ ᠪᠠᠷᠢᠮᠳᠠᠯᠠᠯ ᠪᠤᠯ ᠦᠨᠡᠨ ᠳᠡᠭᠡᠨ ᠨᠢᠭᠡ ᠵᠦᠢᠯ ᠤᠨ ᠪᠤᠴᠠᠨ ᠬᠠᠷᠠᠯᠲᠠ ᠪᠤᠶᠤ ᠬᠠᠷᠠᠭᠤᠰᠠᠯ ᠶᠤᠮ᠃ | ᠮᠠᠨ ᠤᠨ ᠦᠨᠦᠳᠦᠷ ᠤᠨ ᠡᠳ᠋ᠯᠡᠵᠦ ᠬᠡᠷᠡᠭᠯᠡᠵᠦ ᠪᠤᠢ ᠰᠤᠶᠤᠯ ᠤᠨ ᠪᠦᠲᠦᠭᠡᠭᠳᠡᠭᠦᠨ ᠴᠦ ᠮᠠᠰᠢ ᠤᠷᠲᠤ | ᠬᠤᠭᠤᠴᠠᠭᠠᠨ ᠤ ᠳᠠᠬᠢᠨ ᠳᠠᠪᠲᠠᠨ ᠰᠢᠨᠡᠴᠢᠯᠡᠭᠳᠡᠬᠦ ᠶᠢ ᠲᠠᠮᠵᠢᠭᠰᠠᠨ ᠶᠤᠮ᠃ ᠡᠭᠦᠰᠦᠭᠰᠡᠨ ᠲᠡᠷᠡ ᠯᠡ ᠴᠠᠭ ᠠᠴᠠ | ᠪᠠᠨ ᠬᠤᠪᠢᠷᠠᠭ᠎ᠠ ᠦᠭᠡᠢ ᠵᠦᠢᠯ ᠠᠯᠠᠭ᠎ᠠ ᠪᠦᠭᠡᠳ ᠬᠤᠪᠢᠷᠠᠨ ᠰᠢᠨᠡᠴᠢᠯᠡᠭᠳᠡᠭᠰᠡᠨ ᠠᠴᠠ ᠪᠤᠯᠵᠦ ᠬᠠᠷᠢ ᠶᠢᠨ | ᠪᠤᠯᠴᠢᠬᠠᠯ᠎ᠠ ᠭᠡᠰᠡᠨ ᠵᠦᠢᠯ ᠴᠦ ᠠᠯᠠᠭ᠎ᠠ ᠪᠠᠶᠢᠨ᠎ᠠ᠃ ᠰᠢᠨ᠎ᠡ ᠶᠢ ᠡᠭᠦᠳᠬᠦ ᠪᠤᠯ ᠰᠠᠶ᠋ᠢ ᠰᠤᠶᠤᠯ ᠤᠨ ᠴᠦᠮ᠎ᠡ | ᠪᠠᠶᠢᠵᠦ ᠳᠠᠭᠠᠷᠠᠨ᠎ᠠ᠃ ᠵᠢᠩᠬᠢᠨᠢ ᠤᠯᠠᠮᠵᠢᠯᠠᠨ ᠵᠠᠯᠭᠠᠮᠵᠢᠯᠠᠭᠤᠰᠢᠲᠠᠢ ᠨᠢ ᠰᠤᠶᠤᠯ ᠤᠨ ᠡᠨᠡ ᠵᠤᠷᠢᠭ ᠰᠠᠨᠠᠭ᠎ᠠ ᠶᠤᠮ᠃ | | ᠮᠠᠭᠢᠰᠲ᠋ᠧᠷ ᠤᠩᠰᠢᠵᠦ ᠪᠠᠶᠢᠬᠤ ᠳᠠᠭᠠᠨ ᠨᠤᠲᠤᠭ ᠲᠠᠭᠠᠨ ᠪᠤᠴᠠᠵᠦ ᠬᠠᠳᠤᠯᠠᠩ ᠳᠤ ᠭᠠᠷᠴᠦ ᠲᠤᠰᠠ | ᠲᠠᠮ ᠪᠤᠯᠤᠯ᠎ᠠ᠃ ᠲᠡᠷᠡ ᠯᠡ ᠬᠦᠬᠡ ᠠᠭᠤᠯᠠᠰ᠂ ᠲᠡᠷᠡ ᠯᠡ ᠵᠡᠯᠡᠯᠡᠭᠰᠡᠨ ᠭᠠᠯᠠᠭᠠᠳ ᠤᠨ ᠴᠤᠪᠤᠭ᠎ᠠ᠂ ᠰᠡᠳᠬᠢᠯ | ᠭᠡᠭᠢᠯᠵᠡᠭᠦᠯᠦᠭᠰᠡᠨ ᠨᠤᠲᠤᠭ ᠤᠨ ᠤᠶᠠᠬᠠᠨ ᠰᠠᠯᠬᠢ ᠁ ᠭᠡᠳ ᠯᠡ ᠠᠩᠬᠢᠷᠬᠠᠨ ᠪᠠᠭ᠎ᠠ ᠨᠠᠰᠤᠨ ᠤ ᠲᠤᠷᠠᠳᠬᠠᠯ | ᠢ ᠨᠡᠬᠡᠭᠦᠯᠦᠭᠰᠡᠨ ᠵᠦᠢᠯ ᠤᠳ ᠬᠡᠪ ᠢᠶᠠᠷ ᠢᠶᠠᠨ ᠪᠤᠯᠪᠠᠴᠦ ᠰᠡᠳᠬᠢᠯ ᠳᠤ ᠶᠠᠭᠤ ᠨᠢᠭᠡ ᠲᠤᠲᠠᠭᠠᠳ᠂ | ᠦᠭᠡᠶᠢᠯᠡᠭᠳᠡᠨ ᠰᠠᠨᠠᠭᠳᠠᠭᠠᠳ ᠪᠠᠶᠢᠬᠤᠯᠠᠷ ᠤᠯᠠᠨ ᠵᠢᠯ ᠤᠨ ᠡᠮᠦᠨᠡᠬᠢ ᠰᠡᠳᠬᠢᠯ ᠳᠤ ᠮᠦᠩᠬᠡᠷᠡᠭᠰᠡᠨ ᠲᠡᠷᠡ ᠯᠡ | ᠵᠦᠢᠯ ᠤᠳ ᠢ ᠡᠷᠬᠢᠨ ᠰᠠᠨᠠᠯ᠎ᠠ᠃ ᠲᠡᠶᠢᠮᠦ ᠡ᠂ ᠬᠤᠪᠢᠷᠠᠭᠰᠠᠨ ᠭᠡᠪᠡᠯ ᠦᠰᠦᠨ ᠲᠤᠨᠢ ᠮᠦᠩᠭᠦᠨ ᠬᠢᠷᠠᠭᠤ | ᠤᠨᠠᠭᠰᠠᠨ ᠡᠪᠦᠭᠡᠨ ᠪᠤᠭᠤᠷᠤᠯ ᠡᠴᠢᠭᠡ ᠮᠢᠨᠢ᠂ ᠦᠬᠡᠷ ᠲᠡᠷᠭᠡ ᠶᠢ ᠤᠷᠤᠯᠠᠭᠰᠠᠨ ᠮᠠᠰᠢᠨ ᠮᠤᠲ᠋ᠤᠷ ᠬᠤᠶᠠᠷ ᠯᠡ ᠶᠤᠮ | ᠪᠠᠶᠢᠨ᠎ᠠ᠃ ᠤᠨ ᠴᠠᠭ ᠤᠨ ᠲᠤᠭᠤᠰᠤ ᠤᠯᠠᠨ ᠤᠯᠠᠨ ᠲᠤᠷᠠᠳᠬᠠᠯ ᠢ ᠮᠢᠨᠢ ᠪᠦᠳᠡᠭᠢᠷᠡᠭᠦᠯᠵᠦ ᠠᠭᠰᠠᠨ ᠴᠦ ᠦᠰᠬᠦ | ᠲᠦᠯᠵᠢᠬᠦ ᠨᠠᠰᠤᠨ ᠳᠤ ᠮᠢᠨᠢ ᠦᠮᠦᠭ ᠲᠦᠰᠢᠭ ᠪᠤᠯᠤᠭᠰᠠᠨ ᠲᠡᠷᠡ ᠯᠡ ᠵᠦᠢᠯ ᠤᠳ ᠬᠡᠵᠢᠶ᠎ᠡ ᠴᠦ ᠰᠡᠳᠬᠢᠯ ᠳᠤ | ᠮᠦᠩᠬᠡᠷᠡᠭᠡᠳ᠂ ᠦᠶ᠎ᠡ ᠦᠶᠡᠬᠡᠨ ᠴᠤᠬᠤᠯᠵᠠᠵᠦ ᠪᠠᠶᠢᠳᠠᠭ ᠠᠵᠢ᠃ ᠬᠤᠳᠠ ᠰᠠᠭᠤᠷᠢᠨ ᠳᠤ ᠰᠠᠭᠤᠷᠢᠰᠢᠨ ᠠᠵᠢᠯ | ᠠᠯᠪᠠᠨ ᠳᠤ ᠶᠠᠭᠠᠷᠠᠭᠰᠠᠨ ᠴᠦ ᠬᠠᠶᠠ ᠨᠠᠮᠤᠷ ᠤᠨ ᠬᠦᠨ ᠴᠡᠩᠬᠡᠷ ᠲᠡᠭᠷᠢ᠂ ᠰᠢᠷᠭᠠᠯ ᠨᠠᠪᠴᠢᠰ ᠢ ᠬᠠᠷᠠᠵᠦ | ᠰᠡᠳᠬᠢᠯ ᠦᠯᠦ ᠮᠡᠳᠡᠭ ᠡᠪᠡᠳᠬᠦ ᠶᠢᠨ ᠰᠢᠯᠲᠠᠭᠠᠨ ᠢ ᠲᠡᠭᠡᠵᠦ ᠮᠡᠳᠡᠷᠡᠯ᠎ᠡ᠃ ᠠᠪᠤ ᠮᠢᠨᠢ ᠦᠬᠡᠷ ᠲᠡᠷᠭᠡ ᠪᠠᠨ ᠪᠠᠰᠠ | ᠯᠡ ᠲᠤᠷᠠᠰᠤᠨ ᠶᠠᠷᠢᠵᠦ ᠪᠠᠶᠢᠨ᠎ᠠ᠄ ︽ᠬᠦᠷᠡᠩ ᠦᠬᠡᠷ ᠮᠠᠨᠢ ᠬᠦᠮᠦᠨ ᠤ ᠤᠬᠠᠭᠠᠨ ᠲᠠᠢ ᠠᠳᠤᠭᠤᠰᠤ ᠪᠠᠶᠢᠭᠰᠠᠨ | ᠶᠤᠮ ᠳ᠋ᠠ᠂ ᠬᠦᠭᠡᠷᠦᠬᠦᠢ᠂ ᠬᠠᠳᠠᠮᠴᠢᠯᠠᠭᠠᠳ ᠬᠠᠶᠠ ᠬᠠᠯᠠᠮᠴᠠᠭᠤᠬᠠᠨ ᠪᠤᠴᠠᠬᠤ ᠳᠠᠭᠠᠨ ᠲᠡᠷᠭᠡᠨ ᠳᠡᠭᠡᠨ ᠭᠠᠷᠤᠭᠠᠳ | ᠤᠨᠲᠠᠴᠢᠬᠠᠪᠠᠯ ᠮᠠᠭᠤ ᠬᠦᠷᠡᠩ ᠮᠢᠨᠢ ᠰᠢᠭᠤᠳ ᠯᠡ ᠨᠠᠭᠠᠴᠦ ᠶᠢᠨ ᠡᠭᠦᠳᠡᠨ ᠳᠤ ᠬᠦᠷᠭᠡᠴᠢᠬᠡᠭᠡᠳ | ᠮᠦᠭᠡᠷᠡᠴᠢᠬᠡᠭᠰᠡᠨ ᠵᠤᠭᠰᠤᠳᠠᠭ ᠶᠤᠮ᠃ ᠬᠡᠳᠦᠢ ᠴᠦ ᠵᠢᠯ ᠬᠡᠰᠢᠭ ᠢᠶᠠᠨ ᠦᠭᠭᠦᠯ᠎ᠡ ᠳ᠋ᠡ᠂ ᠶᠠᠭᠠᠬᠢᠶ᠎ᠠ ᠭᠡᠬᠦ ᠪᠤᠢ᠃ | ᠮᠠᠭᠤ ᠬᠦᠷᠡᠩ ᠢᠶᠠᠨ ᠦᠭᠡᠶᠢᠯᠡᠭᠡᠳ ᠪᠠᠶᠢᠬᠤ ᠶᠤᠮ᠂ ᠠᠢ᠂ ᠦᠳᠡᠯᠵᠦ ᠳ᠋ᠠ ︾ ᠭᠡᠵᠦ ᠨᠠᠮᠬᠠᠨ ᠰᠡᠭᠦᠷᠡᠰᠦᠯᠡᠪᠡ ᠃ | ᠬᠦᠮᠦᠨ ᠠᠮᠢᠲᠠᠨ ᠤ ᠬᠤᠭᠤᠷᠤᠨᠳᠦ ᠤᠶᠤᠨ ᠰᠦᠨᠡᠰᠦᠨ ᠤ ᠬᠠᠶᠢᠷ᠎ᠠ ᠪᠠ ᠤᠶᠢᠯᠠᠭᠠᠯᠴᠠᠭ᠎ᠠ ᠭᠡᠵᠦ ᠪᠠᠶᠢᠳᠠᠭ ᠲᠤ | ᠬᠦᠷᠪᠡᠯ ᠲᠡᠷᠡ ᠬᠠᠶᠢᠷ᠎ᠠ ᠤᠶᠢᠯᠠᠭᠠᠯᠴᠠᠭ᠎ᠠ ᠶᠢ ᠨᠡᠭᠦᠳᠡᠯᠴᠢᠨ ᠮᠣᠩᠭᠤᠯᠴᠤᠳ ᠪᠦᠷ ᠢᠯᠡᠭᠦᠦ ᠮᠡᠳᠡᠷᠡᠵᠦ ᠴᠢᠳᠠᠳᠠᠭ | ᠪᠠᠶᠢᠬᠤ ᠳ᠋ᠡ᠃ ᠠᠷᠭᠤᠮᠠᠭ ᠬᠦᠯᠦᠭ ᠰᠢᠭ ᠳᠠᠭᠤᠨ ᠳᠤ ᠮᠦᠩᠬᠡᠷᠡᠭᠡ ᠦᠭᠡᠢ ᠴᠦ ᠠᠰᠠᠬᠠ ᠬᠠᠳᠠᠨ ᠤ ᠪᠠᠨ | ᠰᠦᠭ ᠵᠢᠷᠤᠭ᠂ ᠠᠷᠠᠳ ᠲᠦᠮᠡᠨ ᠤ ᠪᠠᠨ ᠲᠤᠷᠠᠰᠤᠮᠵᠢ ᠳᠤ ᠮᠦᠩᠬᠡᠷᠡᠭᠰᠡᠨ ᠬᠦᠭᠡᠷᠦᠬᠦᠢ ᠮᠠᠭᠤ ᠦᠬᠡᠷ ᠲᠡᠷᠭᠡ | ᠳᠡᠭᠡᠨ ᠬᠤᠷᠭᠤᠳᠠᠬᠤ ᠶᠢᠨ ᠰᠡᠭᠦᠯᠴᠢ ᠶᠢᠨ ᠰᠢᠯᠲᠠᠭᠠᠨ ᠡᠨᠡ ᠪᠦᠭᠡᠳ ᠦᠪᠯᠡᠵᠦ ᠦᠯᠡᠳᠡᠭᠡᠬᠦ ᠨᠢ ︽ᠦᠨᠡᠨ︾ ᠢ | ᠬᠦᠬᠡᠬᠡᠵᠦ ︽ᠲᠠᠤᠯᠠᠢ︾ ᠬᠦᠢᠴᠡᠬᠦ ᠶᠢᠨ ᠵᠤᠷᠢᠭ ᠰᠠᠨᠠᠭ᠎ᠠ ᠯᠡ ᠪᠠᠶᠢᠵᠦ ᠲᠠᠭᠠᠷᠠᠨ᠎ᠠ︕ | | ᠦᠭᠡᠯᠡᠳ ᠪᠠᠭᠠᠲᠤᠷ ᠦᠪᠦᠷ ᠮᠤᠩᠭᠤᠯ ᠤᠨ ᠦᠪᠡᠷᠲᠡᠭᠡᠨ ᠵᠠᠰᠠᠬᠤ ᠤᠷᠤᠨ | ᠤ ᠤᠳᠬ᠎ᠠ ᠤᠷᠠᠯᠢᠭ ᠤᠨ ᠬᠢᠨ ᠤ ᠬᠤᠯᠪᠤᠭ᠎ᠠ ᠶᠢᠨ ︽ᠦᠨᠢᠷ ᠴᠡᠴᠡᠭ︾ ᠰᠡᠳᠬᠦᠯ ᠤᠨ ᠬᠤᠷᠢᠶ᠎ᠠ | | | | | | | | | | |